| ᠰᠤᠷᠪᠤᠯᠵᠢᠯᠠᠭᠰᠠᠨ ᠴᠠᠭ᠄ 2018-12-17 09᠄ 00 | ᠰᠤᠷᠪᠤᠯᠵᠢᠯᠠᠭ᠎ᠠ ᠬᠥᠯᠢᠶᠡᠭᠴᠢ᠄ ᠬᠤᠷᠴᠢᠨ ᠲᠤᠭᠤᠷᠢᠭ ᠤᠨ ᠠᠷᠠᠳ ᠤᠨ ᠵᠠᠰᠠᠭ ᠤᠨ ᠤᠷᠲᠤᠨ ᠤ ᠳᠡᠳ᠋ ᠲᠤᠭᠤᠷᠢᠭ ᠤᠨ ᠲᠠᠷᠤᠭ᠎ᠠ ᠶᠠᠩ ᠢᠤᠢ ᠴᠢ | ᠰᠤᠷᠪᠤᠯᠵᠢᠯᠠᠭ᠎ᠠ ᠶᠢᠨ ᠪᠠᠶᠢᠲᠠᠯ᠄ ᠰᠤᠷᠪᠤᠯᠵᠢᠯᠠᠯ ᠲᠡᠭᠦᠰᠪᠡ | ᠭᠤᠤᠯ ᠠᠭᠤᠯᠭ᠎ᠠ᠄ 2019 ᠤᠨ ᠤ ᠰᠢᠨ᠎ᠡ ᠵᠢᠯ ᠪᠠ ᠴᠠᠭᠠᠨ ᠰᠠᠷ᠎ᠠ ︵ᠲᠤᠷᠤᠭᠰᠢ《ᠬᠤᠶᠠᠷ ᠪᠠᠶᠠᠷ》 ᠭᠡᠵᠤ ᠲᠥᠬᠦᠮᠴᠢᠯᠡᠨᠡ︶ ᠬᠥᠷᠴᠤ ᠢᠷᠡᠬᠦ | ᠪᠤᠯᠤᠯ᠎ᠠ᠂《ᠬᠤᠶᠠᠷ ᠪᠠᠶᠠᠷ》 ᠤᠨ ᠬᠤᠭᠤᠴᠠᠭᠠᠨ ᠳᠠᠬᠢ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠬᠢᠨᠡᠯᠲᠡ ᠬᠠᠮᠢᠶᠠᠷᠤᠯᠲᠠ ᠶᠢᠨ ᠠᠵᠢᠯ ᠢ ᠪᠥᠬᠦ | ᠲᠠᠯ᠎ᠠ ᠪᠠᠷ ᠰᠠᠶᠢᠲᠤᠷ ᠬᠢᠵᠤ᠂ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠲᠥᠭᠰᠢᠭᠦᠷᠢ ᠶᠢ ᠰᠡᠷᠭᠡᠶᠢᠯᠡᠨ᠂ ᠪᠠᠶᠠᠷ ᠪᠠᠶᠠᠰᠬᠤᠯᠠᠩᠲᠤ᠂ ᠥᠯᠵᠡᠢ ᠪᠡᠯᠭᠡ | ᠲᠠᠢ᠂ ᠠᠮᠤᠷ ᠲᠠᠶᠢᠪᠤᠩ ᠨᠡᠶᠢᠭᠡᠮ ᠤᠨ ᠪᠠᠶᠢᠲᠠᠯ ᠪᠠ ᠬᠡᠷᠡᠭᠯᠡᠭᠡ ᠶᠢᠨ ᠤᠷᠴᠢᠨ ᠲᠤᠭᠤᠷᠢᠠ ᠢ ᠡᠬᠦᠲᠤᠬᠦ ᠶᠢᠨ ᠲᠥᠯᠥᠭᠡ᠂ ᠬᠤᠷᠴᠢᠨ ᠲᠤᠭᠤᠷᠢᠭ ᠤᠨ ᠢᠲᠡᠭᠡᠨ ᠤ | ᠵᠥᠢᠯ ᠡᠮ ᠤᠨ ᠵᠥᠢᠯ ᠤᠨ ᠠᠶᠤᠯᠬᠦᠢ ᠶᠢᠨ ᠵᠥᠪᠯᠡᠯ《ᠬᠤᠶᠠᠷ ᠪᠠᠶᠠᠷ》 ᠤᠨ ᠬᠤᠭᠤᠴᠠᠭᠠᠨ ᠳᠤ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠲᠤᠰᠬᠠᠢ | ᠴᠡᠭᠴᠡᠯᠡᠡ ᠵᠠᠰᠠᠯᠲᠠ ᠶᠢᠨ ᠠᠵᠢᠯ ᠢ ᠥᠷᠨᠢᠬᠦᠯᠬᠦ ᠪᠠᠷ ᠶᠠᠷᠢᠯᠴᠠᠨ ᠲᠤᠭᠲᠠᠪᠠ᠃ | ︵ᠶᠠᠩ ᠲᠤᠭᠤᠷᠢᠭ ᠤᠨ ᠲᠠᠷᠤᠭ᠎ᠠ︶ ᠬᠥᠲᠥᠯᠥᠭᠴᠢ᠂ ᠰᠥᠯᠵᠢᠶᠠᠨ ᠤ ᠨᠠᠶᠢᠵᠠ ᠨᠠᠷ ᠲᠠ ᠪᠥᠬᠦᠨ ᠰᠠᠶᠢᠨ ᠪᠠᠶᠢᠨ᠎ᠠ ᠤᠤ︖ ᠲᠥᠩᠯᠢᠶᠤᠤ ᠬᠤᠲᠠ ᠶᠢᠨ | ᠵᠠᠰᠠᠭ ᠤᠨ ᠤᠷᠲᠤᠨ ᠤ ᠡᠭᠦᠲᠡᠴᠢ ᠰᠥᠯᠵᠢᠶ᠎ᠠ ᠪᠠᠷ ᠲᠠᠮᠵᠢᠨ ᠲᠠ ᠪᠥᠬᠦᠨ ᠲᠠᠢ ᠰᠥᠯᠵᠢᠶᠠᠡ ᠲᠡᠭᠡᠷ᠎ᠡ ᠰᠠᠨᠠᠯ ᠢᠶᠠᠨ ᠰᠤᠯᠢᠯᠴᠠᠬᠤ ᠪᠠᠷ ᠪᠤᠯᠤᠭᠰᠠᠨ ᠳᠤ ᠲᠤᠩ | ᠪᠠᠶᠠᠷᠯᠠᠵᠤ ᠪᠠᠶᠢᠨ᠎ᠠ᠃ ᠰᠥᠯᠵᠢᠶᠠᠨ ᠤ ᠨᠠᠶᠢᠵᠠ ᠨᠠᠷ ᠤᠨ ᠮᠠᠨ ᠤ ᠲᠤᠭᠤᠷᠢᠭ ᠤᠨ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠠᠵᠢᠯ ᠤᠨ ᠲᠤᠬᠠᠢ | ᠥᠢᠯᠠᠭᠠᠯᠲᠠ ᠪᠠ ᠲᠠᠮᠵᠢᠯᠭᠡ ᠳᠤ ᠲᠠᠯᠠᠷᠬᠠᠵᠤ ᠪᠠᠶᠢᠨ᠎ᠠ᠃ | ︵ᠶᠠᠩ ᠲᠤᠭᠤᠷᠢᠭ ᠤᠨ ᠲᠠᠷᠤᠭ᠎ᠠ︶《ᠬᠤᠶᠠᠷ ᠪᠠᠶᠠᠷ》 ᠤᠨ ᠬᠤᠭᠤᠴᠠᠭᠠᠨ ᠳᠠᠬᠢ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠬᠢᠨᠠᠯᠲᠠ | ᠬᠠᠮᠢᠶᠠᠷᠤᠯᠲᠠ ᠶᠢᠨ ᠠᠵᠢᠯ ᠢ ᠪᠥᠬᠦ ᠲᠠᠯ᠎ᠠ ᠪᠠᠷ ᠰᠠᠶᠢᠲᠤᠷ ᠬᠢᠵᠤ᠂ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠲᠥᠭᠰᠢᠭᠦᠷᠢ ᠶᠢ ᠰᠡᠷᠭᠡᠶᠢᠯᠡᠨ᠂ ᠪᠠᠶᠠᠷ | ᠪᠠᠶᠠᠰᠬᠤᠯᠠᠩᠲᠤ᠂ ᠥᠯᠵᠡᠢ ᠪᠡᠯᠭᠡ ᠲᠠᠢ᠂ ᠠᠮᠤᠷ ᠲᠠᠶᠢᠪᠤᠩ ᠨᠡᠶᠢᠭᠡᠮ ᠤᠨ ᠪᠠᠶᠢᠲᠠᠯ ᠪᠠ ᠬᠡᠷᠡᠭᠯᠡᠭᠡ ᠶᠢᠨ ᠤᠷᠴᠢᠨ ᠲᠤᠭᠤᠷᠢᠨ ᠢ ᠡᠭᠦᠲᠤᠬᠦ ᠶᠢᠨ ᠲᠥᠯᠥᠭᠡ᠂ | ᠬᠤᠷᠴᠢᠨ ᠲᠤᠭᠤᠷᠢᠭ ᠤᠨ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠵᠥᠪᠯᠡᠯ《ᠬᠤᠶᠠᠷ ᠪᠠᠶᠠᠷ》 ᠤᠨ ᠬᠤᠭᠤᠴᠠᠭᠠᠨ ᠳᠤ ᠢᠲᠡᠭᠡᠨ ᠤ ᠵᠥᠢᠯ | ᠡᠮ ᠤᠨ ᠵᠥᠢᠯ ᠤᠨ ᠠᠶᠤᠯᠬᠦᠢ ᠶᠢᠨ ᠲᠤᠰᠬᠠᠢ ᠴᠡᠭᠴᠡᠯᠡᠨ ᠵᠠᠰᠠᠯᠲᠠ ᠶᠢᠨ ᠠᠵᠢᠯ ᠢ ᠥᠷᠨᠢᠬᠦᠯᠬᠦ ᠪᠠᠷ ᠶᠠᠷᠢᠯᠴᠠᠨ ᠲᠤᠭᠲᠠᠪᠠ᠃《 ᠬᠤᠶᠠᠷ ᠪᠠᠶᠠᠷ》 ᠤᠨ | ᠬᠤᠭᠤᠴᠠᠭᠠᠨ ᠳᠤ ᠢᠲᠡᠭᠡᠨ ᠤ ᠵᠥᠢᠯ ᠡᠮ ᠤᠨ ᠵᠥᠢᠯ ᠤᠨ ᠬᠡᠷᠡᠭᠴᠡᠭᠡ ᠶᠡᠭᠡ᠂ ᠬᠥᠮᠤᠰ ᠤᠨ ᠰᠢᠯᠵᠢᠯᠲᠡ ᠶᠢᠨ ᠬᠡᠮᠵᠢᠶ᠎ᠠ ᠶᠡᠭᠡ᠂ ᠢᠲᠡᠭᠡᠨ ᠤ ᠵᠥᠢᠯ ᠡᠮ ᠤᠨ | ᠵᠥᠢᠯ ᠤᠨ ᠠᠶᠤᠯᠬᠦᠢ ᠶᠢᠨ ᠲᠥᠭᠰᠢᠭᠦᠷᠢ ᠶᠢᠨ ᠲᠠᠯᠲᠠ ᠬᠡᠮ ᠲᠥᠪᠯᠡᠷᠡᠨ᠂ ᠠᠮᠠᠷᠬᠠᠨ ᠡᠭᠦᠰᠬᠦ ᠰᠡᠷᠭᠡᠭ ᠬᠤᠭᠤᠴᠠᠭ᠎ᠠ ᠪᠤᠯᠤᠨ᠎ᠠ᠂《ᠬᠤᠶᠠᠷ ᠪᠠᠶᠠᠷ》 ᠤᠨ | ᠬᠤᠭᠤᠴᠠᠭᠠᠨ ᠳᠠᠬᠢ ᠢᠲᠡᠭᠡᠨ ᠤ ᠵᠥᠢᠯ ᠡᠮ ᠤᠨ ᠵᠥᠢᠯ ᠤᠨ ᠠᠶᠥᠯᠭᠦᠢ ᠶᠢᠨ ᠴᠡᠭᠴᠡᠯᠡᠨ ᠵᠠᠰᠠᠯᠲᠠ ᠶᠢ ᠤᠲᠤᠬᠢ ᠠᠵᠢᠯ ᠤᠨ ᠭᠤᠤᠯᠲᠠᠯᠭ᠎ᠠ ᠪᠤᠯᠭᠠᠵᠤ᠂ ᠪᠤᠲᠠᠲᠤ | ᠠᠵᠢᠯ ᠯᠤᠭ᠎ᠠ ᠤᠶᠠᠯᠲᠤᠭᠤᠯᠵᠤ ᠴᠡᠭᠴᠡᠯᠡᠨ ᠵᠠᠰᠠᠬᠤ ᠲᠥᠰᠤᠯ ᠲᠤᠭᠲᠠᠭᠠᠵᠤ᠂ ᠬᠠᠮᠢᠶ᠎ᠠ ᠪᠥᠬᠦᠢ ᠪᠠᠶᠢᠭᠤᠯᠭ᠎ᠠ ᠶᠢᠨ ᠬᠢᠨᠡᠯᠲᠡ ᠬᠠᠮᠢᠶᠠᠷᠤᠯᠲᠠ ᠶᠢᠨ ᠠᠵᠢᠯᠲᠠᠨ ᠢ | ᠱᠠᠯᠠᠪᠲᠠᠨ ᠠᠵᠢᠯ ᠢᠶᠠᠨ ᠬᠥᠨᠵᠡᠭᠡᠶᠢᠷᠡᠬᠦᠯᠥᠨ ᠥᠷᠨᠢᠬᠦᠯᠵᠤ᠂ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠲᠠᠯᠲᠠ ᠭᠡᠮ ᠢ ᠴᠠᠭ ᠲᠤᠬᠠᠢ ᠳᠤᠨᠢ | ᠠᠷᠢᠯᠭᠠᠨ᠂ ᠪᠠᠶᠠᠷ ᠤᠨ ᠡᠲᠤᠷ ᠤᠨ ᠬᠤᠭᠤᠴᠠᠭᠠᠨ ᠳᠠᠬᠢ ᠤᠯᠠᠨ ᠲᠥᠮᠡᠨ ᠤ ᠢᠲᠡᠭᠡᠨ ᠤ ᠵᠥᠢᠯ ᠡᠮ ᠤᠨ ᠵᠥᠢᠯ ᠤᠨ ᠬᠡᠷᠡᠭᠯᠡᠭᠡᠨ ᠤ ᠠᠶᠤᠯᠬᠦᠢ ᠶᠢ ᠪᠥᠬᠦ | ᠬᠥᠴᠤᠨ ᠢᠶᠠᠷ ᠪᠠᠲᠤᠯᠠᠨ᠎ᠠ᠃ | ︵ᠬᠥᠲᠤᠯᠥᠭᠴᠢ︶ ᠲᠤᠰ ᠤᠲᠠᠭᠠᠨ ᠤ ᠲᠤᠰᠬᠠᠢ ᠵᠥᠢᠯ ᠤᠨ ᠪᠠᠶᠢᠴᠠᠭᠠᠯᠲᠠ ᠲᠤᠮᠲᠠ ᠠᠯᠢ ᠠᠯᠢ ᠬᠥᠷᠢᠶ᠎ᠠ ᠬᠡᠪᠴᠢᠶᠠᠨ ᠳᠤ ᠭᠤᠤᠯᠲᠠᠯᠭ᠎ᠠ ᠲᠠᠢ | ᠪᠠᠶᠢᠴᠠᠭᠠᠯᠲᠠ ᠬᠢᠬᠦ ᠪᠤᠢ︖ | ︵ᠶᠠᠩ ᠲᠤᠭᠤᠷᠢᠭ ᠤᠨ ᠲᠠᠷᠤᠭ᠎ᠠ︶ ᠲᠤᠰ ᠤᠲᠠᠭᠠᠨ ᠤ ᠲᠤᠰᠬᠠᠢ ᠵᠥᠢᠯ ᠤᠨ ᠪᠠᠶᠢᠴᠠᠭᠠᠯᠲᠠ ᠨᠢ《ᠬᠤᠶᠠᠷ ᠪᠠᠶᠠᠷ》 ᠤᠨ ᠭᠤᠤᠯᠲᠠᠯᠭᠠᠲᠤ ᠲᠥᠷᠤᠯ ᠵᠥᠢᠯ | ᠂ ᠭᠤᠤᠯᠲᠠᠯᠭᠠᠲᠤ ᠤᠷᠤᠨ ᠪᠥᠰᠡ ᠪᠠ ᠭᠤᠤᠯᠲᠠᠯᠭᠠᠲᠤ ᠨᠢᠭᠡᠴᠡ ᠶᠢᠨ ᠬᠠᠤᠯᠢ ᠬᠡᠷᠡᠭᠵᠢᠬᠦᠯᠬᠦ ᠪᠠᠶᠢᠴᠠᠭᠠᠯᠲᠠ ᠶᠢ ᠲᠤᠪᠤᠶᠢᠯᠭᠠᠵᠤ᠂ ᠭᠤᠤᠯᠲᠠᠯᠭᠠᠲᠤ ᠲᠥᠷᠤᠯ | ᠵᠥᠢᠯ ᠳᠤ ᠠᠮᠤ ᠪᠤᠲᠠᠭ᠎ᠠ ᠬᠢᠭᠡᠳᠠᠮᠤ ᠪᠤᠲᠠᠭ᠎ᠠ ᠶᠢᠨ ᠪᠥᠲᠤᠭᠡᠭᠲᠡᠬᠦᠨ᠂ ᠮᠢᠬ᠎ᠠ ᠬᠢᠭᠡᠳ ᠮᠢᠬᠠᠨ ᠤ ᠪᠥᠲᠤᠭᠡᠭᠲᠡᠬᠦᠨ᠂ ᠤᠰᠤᠨ ᠤ ᠪᠥᠲᠤᠭᠡᠭᠲᠡᠬᠦᠨ᠂ ᠠᠷᠢᠬᠢᠨ ᠤ | ᠵᠥᠢᠯ᠂ ᠰᠥᠨ ᠤ ᠪᠥᠲᠤᠭᠡᠭᠲᠡᠬᠦᠨ᠂ ᠰᠢᠬᠢᠷ᠂ ᠤᠮᠲᠠᠭᠠᠨ᠂ ᠢᠲᠡᠰᠢᠨ ᠤ ᠲᠠᠷᠢᠶᠠᠯᠠᠩ ᠤᠨ ᠪᠥᠲᠤᠭᠡᠭᠲᠡᠬᠦᠨ ︵ᠬᠠᠲᠠᠭᠠᠭᠰᠠᠨ ᠪᠥᠲᠥᠭᠡᠭᠲᠡᠬᠦᠨ ᠢ ᠪᠠᠭᠲᠠᠭᠠᠨ᠎ᠠ︶᠂ | ᠰᠡᠯᠡᠬᠦᠴᠡᠯ ᠤᠨ ᠢᠲᠡᠭᠡᠨ ᠤ ᠵᠥᠢᠯ᠂ ᠨᠤᠭᠤᠭ᠎ᠠ ᠵᠢᠮᠢᠰ᠂ ᠥᠯᠵᠡᠶᠢᠲᠦ ᠪᠤᠤᠪᠤ ᠪᠠ ᠡᠩ ᠤᠨ ᠬᠡᠷᠡᠭᠯᠡᠭᠡᠨ ᠤ ᠡᠮ ᠤᠨ ᠵᠥᠢᠯ ᠵᠡᠷᠭᠡ ᠪᠠᠭᠲᠠᠨ᠎ᠠ︔ ᠭᠤᠤᠯᠲᠠᠯᠭᠠᠲᠤ | ᠤᠷᠤᠨ ᠪᠥᠰᠡ ᠳᠤ ᠢᠲᠡᠭᠡᠨ ᠤ ᠵᠥᠢᠯ ︵ᠢᠲᠡᠰᠢᠨ ᠤ ᠲᠠᠷᠢᠶᠠᠯᠠᠩ ᠤᠨ ᠪᠥᠲᠥᠭᠡᠭᠲᠡᠬᠦᠨ︶ ᠪᠥᠭᠡᠮ ᠪᠠ ᠵᠢᠵᠢᠭᠯᠡᠡ ᠬᠤᠲᠠᠯᠲᠤᠬᠤ ᠵᠠᠬ᠎ᠠ ᠲᠠᠯᠭᠡᠬᠦᠷ᠂ ᠴᠤᠭᠯᠠᠭ᠎ᠠ | ᠮᠠᠶᠢᠮᠠᠢ ᠶᠢᠨ ᠵᠠᠬ᠎ᠠ ᠲᠡᠯᠭᠡᠬᠦᠷ᠂ ᠬᠤᠲᠠ ᠬᠥᠲᠡᠭᠡ ᠤᠶᠠᠯᠲᠤᠭᠰᠠ ᠭᠠᠵᠠᠷ ᠵᠡᠷᠭᠡ ᠪᠠᠭᠲᠠᠨ᠎ᠠ︔ ᠭᠤᠤᠯᠲᠠᠯᠭᠠᠲᠤ ᠨᠢᠭᠡᠴᠡ ᠳᠤ ᠬᠡᠲᠤ ᠲᠡᠯᠭᠡᠬᠦᠷ᠂ ᠪᠠᠶᠠᠷ ᠤᠨ | ᠡᠲᠤᠷ ᠤᠨ ᠢᠲᠡᠭᠡᠨ ᠤ ᠵᠥᠢᠯ ᠤᠨ ᠥᠢᠯᠡᠳᠪᠤᠷᠢᠯᠠᠯ ᠤᠨ ᠠᠵᠤ ᠠᠬᠤᠶᠢᠯᠠᠯ᠂ ᠢᠲᠡᠭᠡᠨ ᠤ ᠵᠥᠢᠯ ᠤᠨ ᠲᠤᠰᠬᠠᠢ ᠬᠤᠲᠠᠯᠲᠤᠭ᠎ᠠ᠂ ᠰᠥᠯᠵᠢᠶ᠎ᠠ ᠪᠠᠷ ᠪᠤᠷᠤᠯᠠᠭᠤᠯᠬᠤ | ᠢᠲᠡᠭᠡᠨ ᠤ ᠵᠥᠢᠯ ᠤᠨ ᠨᠢᠭᠡᠴᠡ ᠪᠠ ᠡᠮ ᠤᠨ ᠵᠥᠢᠯ ᠢ ᠵᠢᠵᠢᠭᠯᠡᠨ ᠪᠤᠷᠤᠯᠠᠭᠤᠯᠬᠤ ᠠᠵᠤ ᠠᠬᠤᠶᠢᠯᠠᠯ ᠵᠡᠷᠭᠡ ᠪᠠᠭᠲᠠᠨ᠎ᠠ᠃ | ︵ᠬᠥᠲᠥᠯᠥᠭᠴᠢ︶ ᠲᠤᠰ ᠤᠲᠠᠭᠠᠨ ᠤ ᠲᠤᠰᠬᠠᠢ ᠪᠠᠶᠢᠴᠠᠭᠠᠯᠲᠠ ᠳᠤ᠂ ᠵᠤᠷᠰᠢᠯ ᠤᠨ ᠪᠠᠶᠢᠴᠠᠭᠠᠯᠲᠠ ᠠᠴᠠ ᠭᠠᠲᠠᠨ᠎ᠠ ᠪᠠᠰᠠ ᠪᠤᠰᠤᠤᠨ ᠪᠠᠶᠢᠴᠠᠭᠠᠯᠲᠠ ᠶᠢᠨ | ᠠᠷᠭ᠎ᠠ ᠪᠠᠷᠢᠯ ᠪᠠᠶᠢᠨ᠎ᠠ ᠤᠤ︖ | ︵ᠶᠠᠩ ᠲᠤᠭᠤᠷᠢᠭ ᠤᠨ ᠲᠠᠷᠤᠭ᠎ᠠ︶ ᠪᠠᠶᠢᠴᠠᠭᠠᠵᠤ ᠭᠠᠷᠠᠭᠠᠭᠰᠠᠨ ᠢᠲᠡᠭᠡᠨ ᠤ ᠵᠥᠢᠯ ᠤᠨ ᠠᠶᠤᠯᠬᠦᠢ ᠶᠢᠨ ᠲᠠᠯᠲᠠ ᠭᠡᠮ ᠤᠨ ᠴᠡᠭ ᠲᠤ ᠴᠢᠭᠯᠡᠬᠦᠯᠵᠥ᠂《 | ᠬᠤᠶᠠᠷ ᠪᠠᠶᠠᠷ》 ᠤᠨ ᠬᠤᠭᠤᠴᠠᠭᠠᠨ ᠳᠤ ᠪᠤᠷᠤᠯᠠᠭᠤᠯᠤᠯᠲᠠ ᠰᠠᠶᠢᠨ ᠢᠲᠡᠭᠡᠨ ᠤ ᠵᠥᠢᠯ᠂ ᠤᠷᠤᠨ ᠨᠤᠲᠤᠭ ᠤᠨ ᠤᠨᠴᠠᠯᠢᠭᠲᠤ ᠢᠲᠡᠭᠡᠨ ᠤ ᠵᠥᠢᠯ ᠢ ᠬᠢᠨᠡᠨ | ᠱᠠᠭᠠᠷᠲᠠᠵᠤ ᠰᠤᠭᠤᠯᠤᠨ ᠪᠠᠶᠢᠴᠠᠭᠠᠵᠤ ᠴᠢᠨᠠᠭᠰᠢᠯᠠᠨ ᠢᠲᠡᠰᠢᠨ ᠤ ᠲᠠᠷᠢᠶᠠᠯᠠᠩ ᠤᠨ ᠪᠥᠲᠤᠭᠡᠭᠲᠡᠬᠦᠨ ᠢ ᠲᠥᠷᠭᠡᠨ ᠪᠠᠶᠢᠴᠠᠭᠠᠬᠤ ᠠᠵᠢᠯ ᠢ ᠵᠤᠬᠢᠶᠠᠨ ᠪᠠᠶᠢᠭᠤᠯᠤᠨ | ᠥᠷᠨᠢᠬᠦᠯᠥᠨ᠎ᠠ᠂ ᠡᠯ᠎ᠡ ᠲᠥᠷᠤᠯ ᠵᠥᠢᠯ ᠢ ᠪᠠᠭ᠎ᠠ ᠳᠠᠭᠠᠨ 3 ᠪᠥᠯᠥᠭ ᠬᠤᠪᠢᠶᠠᠨ ᠬᠢᠨᠡᠨ ᠱᠠᠭᠠᠷᠲᠠᠵᠤ ᠰᠤᠭᠤᠯᠤᠨ ᠪᠠᠶᠢᠴᠠᠭᠠᠵᠤ᠂ ᠪᠤᠲᠠᠭ᠎ᠠ ᠭᠤᠯᠢᠷ᠂ ᠠᠮᠤ ᠲᠤᠰᠤ᠂ | ᠮᠢᠬᠠᠨ ᠤ ᠲᠥᠷᠤᠯ ︵ᠪᠤᠯᠭᠤᠭᠠᠭᠰᠠᠨ ᠮᠢᠬ᠎ᠠ ᠶᠢᠨ ᠪᠥᠲᠤᠭᠡᠭᠲᠡᠬᠦᠨ︶ ᠤᠰᠤᠨ ᠤ ᠭᠠᠷᠤᠯᠲᠠ᠂ ᠠᠷᠢᠬᠢᠨ ᠤ ᠵᠥᠢᠯ᠂ ᠢᠲᠡᠰᠢᠨ ᠤ ᠲᠠᠷᠢᠶᠠᠯᠠᠩ ᠤᠨ ᠪᠥᠲᠥᠭᠡᠭᠲᠡᠬᠦᠨ | ︵ ᠬᠠᠲᠠᠭᠠᠭᠰᠠᠨ ᠪᠥᠲᠤᠭᠡᠭᠲᠡᠬᠦᠨ ᠪᠠᠭᠲᠠᠨ᠎ᠠ︶᠂ ᠤᠮᠲᠠᠭᠠᠨ᠂ ᠪᠤᠤᠪᠤ ᠪᠤᠭᠤᠷᠰᠠᠭ᠂ ᠥᠯᠵᠡᠶᠢᠲᠦ ᠪᠤᠤᠪᠤ ᠵᠡᠷᠭᠡ 9 ᠲᠥᠷᠤᠯ ᠵᠥᠢᠯ ᠢ ᠬᠠᠮᠤᠷᠴᠤ᠂ 3 ᠰᠠᠷ᠎ᠠ ᠶᠢᠨ | 20 ᠤ ᠡᠲᠤᠷ ᠠᠴᠠ ᠡᠮᠥᠨ᠎ᠡ ᠰᠤᠭᠤᠯᠤᠨ ᠪᠠᠶᠢᠴᠠᠭᠠᠭᠰᠠ ᠥᠷ᠎ᠡ ᠳ᠋ᠦᠩ ᠢ ᠨᠠᠶᠢᠲᠠᠯᠡᠨᠠ︔ ᠬᠤᠷᠴᠢᠨ ᠲᠤᠭᠤᠷᠢᠭ ᠤᠨ ᠡᠮ ᠤᠨ ᠵᠥᠢᠯ ᠤᠨ ᠬᠠᠤᠯᠢ ᠬᠡᠷᠡᠭᠵᠢᠬᠦᠯᠬᠦ | ᠬᠢᠨᠠᠨ ᠪᠠᠶᠢᠴᠠᠭᠠᠯᠲᠠ ᠶᠢᠨ ᠶᠡᠭᠡ ᠠᠩᠬᠢ ᠬᠠᠷᠢᠶ᠎ᠠ ᠤᠷᠤᠨ ᠤ ᠢᠲᠡᠰᠢᠨ ᠨᠤᠭᠤᠭ᠎ᠠ᠂ ᠵᠢᠮᠢᠰ ᠳᠤ ᠡᠲᠤᠷ ᠪᠥᠷᠢ ᠬᠠᠮᠤᠭ ᠪᠠᠭ᠎ᠠ ᠳᠠᠭᠠᠨ 8 ᠲᠥᠷᠤᠯ ᠵᠥᠢᠯ ᠳᠤ | ᠲᠥᠷᠭᠡᠨ ᠪᠠᠶᠢᠴᠠᠭᠠᠯᠲᠠ ᠬᠢᠵᠤ᠂ ᠡᠯ᠎ᠡ ᠪᠠᠯᠭᠠᠰᠤ ᠰᠤᠮᠤ ᠶᠢᠨ ᠬᠢᠨᠠᠯᠲᠠ ᠬᠠᠮᠢᠶᠠᠷᠤᠯᠲᠠ ᠶᠢᠨ ᠭᠠᠵᠠᠷ ᠭᠠᠷᠠᠭ ᠪᠥᠷᠢ ᠬᠠᠮᠤᠭ ᠪᠠᠭ᠎ᠠ ᠳᠠᠭᠠᠨ 8 ᠲᠥᠷᠤᠯ ᠤᠨ | ᠨᠤᠭᠤᠭ᠎ᠠ᠂ ᠵᠢᠮᠢᠰ ᠳᠤ ᠲᠥᠷᠭᠡᠨ ᠪᠠᠶᠢᠴᠠᠭᠠᠯᠲᠠ ᠬᠢᠵᠤ᠂ ᠵᠢᠮᠢᠰ 8 ᠲᠥᠷᠤᠯ ᠵᠥᠢᠯ ᠠᠴᠠ ᠲᠤᠲᠠᠭᠤ ᠥᠭᠡᠢ ᠂ ᠲᠤᠰ ᠡᠲᠤᠷ ᠲᠤ ᠡᠵᠡᠩᠨᠡᠯᠲᠡ ᠶᠢᠨ ᠲᠠᠯᠠᠪᠠᠢ ᠶᠢᠨ | ᠢᠯᠡ ᠪᠠᠶᠢᠷᠢ ᠳᠤ ᠲᠥᠷᠭᠡᠨ ᠪᠠᠶᠢᠴᠠᠭᠠᠯᠲᠠ ᠶᠢᠨ ᠥᠷ᠎ᠡ ᠳ᠋ᠥᠩ ᠢ ᠨᠡᠶᠢᠲᠡᠯᠡᠬᠦ ᠪᠥᠭᠡᠳ ᠬᠢᠷᠢ ᠲᠡᠩᠴᠡᠭᠰᠡᠨ ᠥᠭᠡᠢ ᠢᠲᠡᠭᠡᠨ ᠤ ᠵᠥᠢᠯ ᠤᠨ ᠬᠠᠷᠭᠤᠭᠤᠯᠤᠨ | ᠪᠠᠶᠢᠴᠠᠭᠠᠵᠤ ᠰᠢᠢᠳᠪᠤᠷᠢᠯᠡᠬᠦ ᠠᠵᠢᠯ ᠢ ᠰᠠᠶᠢᠲᠤᠷ ᠬᠢᠵᠤ᠂ ᠪᠠᠶᠢᠴᠠᠭᠠᠨ ᠰᠢᠯᠭᠠᠭᠰᠠᠨ ᠲᠤᠭ᠎ᠠ ᠪᠠᠷᠢᠮᠲᠠ ᠶᠢ ᠭᠠᠷᠠᠭ ᠤᠨ ᠲᠠᠪᠤᠨ ᠪᠥᠷᠢ ᠳᠤ ᠬᠤᠷᠴᠢᠨ ᠲᠤᠭᠤᠷᠢᠭ ᠤᠨ | ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠵᠥᠪᠯᠡᠯ ᠤᠨ ᠠᠯᠪᠠᠨ ᠭᠡᠷ ᠲᠤ ᠮᠡᠲᠡᠬᠦᠯᠥᠨᠡ᠃ | ︵ᠬᠥᠲᠥᠯᠥᠭᠴᠢ︶ ᠲᠤᠰᠬᠠᠢ ᠪᠠᠶᠢᠴᠠᠭᠠᠯᠲᠠ ᠶᠢᠨ ᠶᠠᠪᠤᠴᠠ ᠲᠤᠮᠲᠠ ᠢᠲᠡᠭᠡᠨ ᠤ ᠵᠥᠢᠯ ᠡᠮ ᠤᠨ ᠵᠥᠢᠯ ᠤᠨ ᠥᠢᠯᠡᠳᠪᠤᠷᠢᠯᠠᠯ ᠡᠵᠡᠩᠨᠡᠯᠲᠡ ᠶᠢᠨ | ᠨᠢᠭᠡᠴᠡ ᠶᠢᠨ ᠠᠯᠢ ᠠᠭᠤᠯᠭ᠎ᠠ ᠳᠤ ᠭᠤᠤᠯᠲᠠᠯᠠᠭ᠎ᠠ ᠲᠠᠢ ᠪᠠᠶᠢᠴᠠᠭᠠᠯᠲᠠ ᠬᠢᠬᠦ ᠪᠢᠯᠡ︖ | ︵ᠶᠠᠩ ᠲᠤᠭᠤᠷᠢᠭ ᠤᠨ ᠲᠠᠷᠤᠭ᠎ᠠ︶ ᠢᠲᠡᠭᠡᠨ ᠤ ᠵᠥᠢᠯ ᠤᠨ ᠲᠤᠰᠬᠠᠢ ᠪᠠᠶᠢᠴᠠᠭᠠᠯᠲᠠ ᠲᠤᠮᠲᠠ ᠢᠲᠡᠭᠡᠨ ᠤ ᠵᠥᠢᠯ ᠤᠨ ᠥᠢᠯᠡᠳᠪᠤᠷᠢᠯᠠᠯ ᠡᠵᠡᠩᠨᠡᠭᠴᠢ | ᠬᠠᠤᠯᠢ ᠪᠤᠰᠤ ᠢᠷᠡᠯᠲᠡ ᠲᠠᠢ ᠢᠲᠡᠭᠡᠨ ᠤ ᠵᠥᠢᠯ ᠪᠠ ᠲᠥᠬᠦᠭᠡᠢ ᠡᠳ᠋ ᠢ ᠬᠤᠲᠠᠯᠲᠤᠨ ᠠᠪᠬᠤ ᠪᠠ ᠭᠡᠷᠡᠭᠯᠡᠬᠦ ᠶᠢ ᠴᠢᠩᠭ᠎ᠠ ᠴᠠᠭᠠᠵᠠᠯᠠᠨ᠎ᠠ᠃ ᠢᠲᠡᠭᠡᠨ ᠤ ᠵᠥᠢᠯ ᠤᠨ | ᠥᠢᠯᠡᠳᠪᠤᠷᠢᠯᠡᠯ ᠡᠵᠡᠩᠨᠡᠭᠴᠢ ᠢᠲᠡᠭᠡᠨ ᠤ ᠵᠥᠢᠯ ᠳᠤ ᠬᠠᠤᠯᠢ ᠪᠤᠰᠤ ᠪᠠᠷ ᠢᠲᠡᠰᠢᠨ ᠤ ᠪᠤᠰᠤ ᠪᠤᠲᠠᠰ ᠢ ᠨᠡᠮᠡᠬᠦ ᠪᠤᠶᠤ ᠢᠲᠡᠭᠡᠨ ᠤ ᠵᠥᠢᠯ ᠤᠨ ᠨᠡᠮᠡᠯᠲᠡ ᠡᠳ᠋ ᠢ | ᠬᠡᠪᠴᠢᠶᠡᠨ ᠠᠴᠠ ᠬᠡᠲᠤᠷᠡᠲᠤᠯᠠ ᠵᠠᠷᠤᠬᠤ ᠶᠢ ᠴᠢᠩᠭ᠎ᠠ ᠴᠠᠭᠠᠵᠠᠯᠠᠵᠤ᠂ ᠢᠲᠡᠰᠢᠨ ᠤ ᠵᠥᠢᠯ ᠤᠨ ᠲᠠᠷᠢᠶᠠᠯᠠᠩ ᠤᠨ ᠪᠥᠲᠤᠭᠡᠭᠲᠡᠬᠦᠨ ᠡᠵᠡᠩᠨᠡᠭᠴᠢ ᠬᠠᠤᠯᠢ ᠴᠠᠭᠠᠵᠠ | ᠲᠥᠷᠢᠮ ᠲᠤᠭᠲᠠᠭᠠᠯ ᠠᠴᠠ ᠵᠥᠷᠢᠴᠠᠵᠤ ᠥᠯᠤ ᠢᠯᠵᠡᠷᠡᠬᠦᠯᠥᠭᠴᠢ ᠡᠳ᠋᠂ ᠰᠢᠨ᠎ᠡ ᠰᠤᠷᠭᠤᠭ ᠢᠶᠠᠷ ᠬᠠᠲᠠᠭᠠᠯᠠᠬᠤ ᠡᠳ᠋᠂ ᠢᠰᠭᠡᠬᠦ ᠶᠢ ᠲᠤᠰᠠᠯᠠᠬᠤ ᠡᠳ᠋᠂ | ᠴᠠᠶᠢᠷᠠᠭᠤᠯᠬᠤ ᠡᠳ᠋ ᠵᠡᠷᠭᠡ ᠪᠤᠲᠠᠰ ᠢ ᠬᠡᠷᠡᠭᠯᠡᠬᠦ ᠶᠢ ᠴᠢᠩᠭ᠎ᠠ ᠴᠠᠭᠠᠵᠠᠯᠠᠨ᠎ᠠ᠃ ᠥᠢᠯᠡᠳᠪᠤᠷᠢ ᠶᠢᠨ ᠨᠡᠷ᠎ᠡ ᠥᠭᠡᠢ᠂ ᠥᠢᠯᠡᠳᠪᠤᠷᠢ ᠶᠢᠨ ᠬᠠᠶ᠋ᠢᠭ ᠥᠭᠡᠢ᠂ ᠴᠢᠨᠠᠷ | ᠪᠠᠲᠤᠯᠠᠬᠤ ᠬᠤᠭᠤᠴᠠᠭ᠎ᠠ ᠪᠢᠴᠢᠭᠰᠡᠨ ᠥᠭᠡᠢ᠂ ᠴᠢᠨᠠᠷ ᠪᠠᠲᠤᠯᠠᠬᠤ ᠬᠤᠭᠤᠴᠠᠭ᠎ᠠ ᠠᠴᠠ ᠥᠩᠭᠡᠷᠡᠭᠰᠡᠨ ᠢᠲᠡᠭᠡᠨ ᠤ ᠵᠥᠢᠯ ᠢ ᠡᠵᠡᠩᠨᠡᠨ ᠪᠤᠷᠤᠯᠠᠭᠤᠯᠬᠤ ᠵᠢᠴᠢ | ᠢᠲᠡᠭᠡᠨ ᠤ ᠵᠥᠢᠯ ᠢ ᠬᠠᠲᠠᠭᠠᠯᠠᠬᠤ ᠨᠥᠬᠦᠴᠡᠯ ᠱᠠᠭᠠᠷᠲᠠᠯᠭ᠎ᠠ ᠪᠠᠷ ᠬᠠᠲᠠᠭᠠᠯᠠᠭᠬᠰᠠᠨ ᠥᠭᠡᠢ᠂ ᠪᠤᠷᠤᠯᠠᠭᠤᠯᠤᠨ᠋ ᠬᠤᠲᠠᠯᠲᠤᠬᠤ ᠢᠲᠡᠭᠡᠨ ᠤ ᠵᠥᠢᠯ ᠵᠡᠷᠭᠡ ᠬᠠᠤᠯᠢ ᠶᠢ | ᠵᠥᠷᠢᠴᠡᠭᠰᠡᠨ ᠠᠵᠢᠯᠯᠠᠭ᠎ᠠ ᠶᠢ ᠴᠢᠩᠭ᠎ᠠ ᠴᠠᠭᠠᠵᠠᠯᠠᠨ᠎ᠠ︔ ᠬᠤᠭᠤᠯᠡ ᠤᠮᠲᠠᠭᠠᠨ ᠤ ᠥᠢᠯᠡᠴᠢᠯᠡᠭᠡᠨ ᠤ ᠨᠢᠭᠡᠴᠡ ᠵᠢᠴᠢ ᠬᠡᠲᠤ ᠲᠡᠯᠭᠡᠬᠦᠷ ᠵᠡᠷᠭᠡ ᠢᠲᠡᠭᠡᠨ ᠤ ᠵᠥᠢᠯ | ᠡᠵᠡᠩᠨᠡᠭᠴᠢ ᠶᠢᠨ ᠥᠪᠡᠷᠲᠡᠭᠡᠨ ᠥᠯᠵᠡᠶᠢᠲᠦ ᠪᠤᠤᠪᠤ ᠥᠢᠯᠡᠳᠪᠤᠷᠢᠯᠡᠬᠦ ᠳᠤ ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠲᠤᠬᠠᠢ ᠶᠢᠨ ᠲᠠᠯᠠᠪᠠᠢ ᠳᠤ | ᠪᠤᠯᠪᠠᠰᠤᠷᠠᠭᠤᠯᠤᠨ ᠥᠢᠯᠡᠳᠪᠤᠷᠢᠯᠡᠭᠰᠡᠨ ᠢᠲᠡᠭᠡᠨ ᠤ ᠵᠥᠢᠯ ᠢᠲᠡᠭᠡᠨ ᠵᠥᠢᠯ ᠤᠨ ᠠᠶᠤᠯᠬᠦᠢ ᠶᠢᠨ ᠪᠠᠷᠢᠮᠵᠢᠶ᠎ᠠ ᠱᠠᠭᠠᠷᠲᠠᠯᠭ᠎ᠠ ᠳᠤ ᠨᠡᠶᠢᠴᠡᠬᠦ ᠶᠢ ᠥᠨᠡᠨᠬᠦ ᠪᠠᠲᠤᠯᠠᠨ᠎ᠠ᠃ | ᠡᠮ ᠤᠨ ᠵᠥᠢᠯ ᠤᠨ ᠲᠤᠰᠬᠠᠢ ᠪᠠᠶᠢᠴᠠᠭᠠᠯᠲᠠ ᠲᠤᠮᠲᠠ ᠭᠤᠤᠯᠲᠠᠯᠠᠭ᠎ᠠ ᠲᠠᠢ ᠴᠡᠭᠴᠡᠯᠡᠨ ᠵᠠᠰᠠᠬᠤ ᠨᠢ᠄ ︵1︶ ᠵᠤᠷ ᠤᠨ ᠡᠮ ᠢ ᠵᠤᠷ ᠥᠵᠡᠨ ᠪᠤᠷᠤᠯᠠᠭᠤᠯᠬᠤ᠂ | ᠡᠮ ᠤᠨ ᠵᠤᠷ ᠪᠤᠶᠤ ᠲᠠᠷᠤᠮᠠᠯᠯᠠᠭᠰᠠᠨ ᠮᠠᠲ᠋ᠧᠷᠢᠶᠠᠯ ᠢ ᠥᠯᠡᠲᠡᠭᠡᠨ ᠬᠠᠲᠠᠭᠠᠯᠠᠭᠰᠠ ᠡᠰᠡᠬᠦ᠂ ᠡᠮ ᠤᠨ ᠵᠤᠷ ᠢ ᠲᠤᠬᠠᠶᠢᠯᠠᠭᠰᠠᠨ ᠠᠵᠢᠯ ᠤᠨ ᠡᠮ ᠨᠠᠶᠢᠷᠠᠭᠴᠢ ᠬᠢᠨᠠᠨ | ᠬᠠᠷᠭᠤᠭᠤᠯᠬᠤ ᠶᠢᠨ ᠬᠠᠮᠲᠤ ᠭᠠᠷ ᠤᠨ ᠥᠰᠥᠭ ᠵᠢᠷᠤᠭᠰᠠᠨ ᠡᠰᠡᠬᠦ︔ ︵2︶ ᠵᠢᠵᠢᠭᠯᠡᠨ ᠬᠤᠲᠠᠯᠲᠤᠬᠤ ᠡᠮ ᠤᠨ ᠲᠠᠯᠭᠡᠬᠦᠷ ᠤᠨ ᠲᠤᠬᠠᠶᠢᠯᠠᠭᠰᠠᠨ ᠠᠵᠢᠯ ᠤᠨ ᠡᠮ | ᠨᠠᠶᠢᠷᠠᠭᠴᠢ᠂ ᠠᠵᠢᠯ ᠤᠨᠡᠭᠦᠷᠭᠡ ᠲᠤᠰᠢᠶᠠᠯ ᠢᠶᠠᠨ ᠬᠥᠢᠴᠡᠳᠭᠡᠭᠰᠡᠨ ᠡᠰᠡᠬᠦ᠂ ᠬᠤᠭᠤᠰᠤᠨ ᠥᠨᠡᠮᠯᠡᠯ ᠡᠯᠬᠦᠵᠤ ᠪᠠᠶᠢᠬᠤ ᠡᠰᠡᠬᠦ᠂ ᠵᠢᠵᠢᠭᠯᠡᠨ | ᠬᠤᠲᠠᠯᠲᠤᠬᠤ ᠬᠡᠯᠬᠢᠶ᠎ᠡ ᠶᠢᠨ ᠶᠡᠷᠤᠩᠬᠡᠢ ᠬᠡᠯᠳᠡᠰ ᠤᠨ ᠬᠤᠯᠠ ᠤᠨ ᠠᠯᠤᠰ ᠡᠵᠡᠮᠰᠢᠯ ᠡᠯᠧᠺᠲᠷᠤᠨ ᠢᠶᠠᠷ ᠵᠤᠷ ᠢ ᠬᠢᠨᠠᠬᠤ ᠰᠢᠰᠲ᠋ᠧᠮ ᠬᠡᠪ ᠤᠨ ᠵᠤᠷᠰᠢᠯ ᠢᠶᠠᠷ | ᠠᠵᠢᠯᠯᠠᠵᠤ ᠪᠠᠶᠢᠬᠤ ᠡᠰᠡᠬᠦ︔ ︵3︶ ᠬᠥᠷᠢᠶ᠎ᠠ ᠬᠡᠪᠴᠢᠶᠡᠨ ᠠᠴᠠ ᠬᠡᠲᠤᠷᠡᠵᠤ ᠡᠮ ᠤᠨ ᠵᠥᠢᠯ ᠡᠵᠡᠩᠨᠡᠵᠤ ᠪᠠᠶᠢᠬᠤ ᠡᠰᠡᠬᠦ︔ ︵4︶ ᠡᠮ ᠤᠨ ᠪᠤᠰᠤ ᠵᠥᠢᠯ ᠢ | ᠡᠵᠡᠩᠨᠡᠬᠦ ᠳᠡᠭᠡᠨ ᠲᠤᠤᠷᠠᠬᠢ ᠱᠠᠭᠠᠷᠲᠠᠯᠭ᠎ᠠ ᠳᠤ ᠨᠡᠶᠢᠴᠡᠬᠦ ᠡᠰᠡᠬᠦ᠄《 ᠡᠮ ᠤᠨ ᠪᠤᠰᠤ ᠵᠥᠢᠯ》 ᠢ ᠡᠷᠬᠡᠪᠰᠢ ᠡᠵᠡᠩᠨᠡᠵᠤ ᠪᠠᠶᠢᠬᠤ ᠡᠮ ᠤᠨ ᠵᠥᠢᠯ ᠠᠴᠠ ᠭᠠᠵᠠᠷ | ᠬᠤᠪᠢᠶᠠᠨ ᠠᠰᠲᠠᠭᠠᠨ ᠲᠡᠯᠭᠡᠵᠤ᠂ ᠭᠤᠤᠯ ᠳᠡᠳ᠋ ᠢᠯᠠᠭᠠᠭ᠎ᠠ ᠲᠠᠢ᠂ ᠡᠮ ᠤᠨ ᠵᠥᠢᠯ ᠲᠠᠢ ᠬᠤᠯᠢᠯᠲᠤᠭᠤᠯᠤᠨ ᠲᠠᠯᠪᠢᠵᠤ ᠪᠤᠯᠬᠤ ᠥᠭᠡᠢ᠂ ᠪᠠᠰᠠ ᠪᠥᠲᠤᠮᠵᠢ ᠲᠠᠢ | ᠲᠤᠰᠠᠭᠠᠷᠯᠠᠵᠤ᠂ ᠡᠮ ᠤᠨ ᠵᠥᠢᠯ ᠢ ᠪᠤᠬᠢᠷᠲᠠᠭᠤᠯᠬᠤ ᠪᠠᠶᠢᠲᠠᠯ ᠡᠭᠦᠰᠬᠦ ᠠᠴᠠ ᠰᠡᠷᠭᠡᠶᠢᠯᠡᠵᠤ᠂《 ᠡᠮ ᠤᠨ ᠪᠤᠰᠤ ᠵᠥᠢᠯ》ᠡᠵᠡᠩᠨᠠᠡ ᠪᠤᠷᠤᠯᠠᠭᠤᠯᠬᠤ ᠤᠷᠤᠨ | ᠪᠥᠰᠡ ᠶᠢ ᠡᠮ ᠤᠨ ᠲᠡᠯᠭᠡᠬᠦᠷ ᠤᠨ ᠴᠢᠬᠤᠯᠠ ᠤᠷᠤᠨ ᠳᠤ ᠲᠡᠯᠭᠡᠬᠦ ᠪᠤᠶᠤ ᠬᠤᠪᠢᠶᠠᠷᠠᠯᠠᠵᠤ ᠪᠤᠯᠬᠤ ᠥᠭᠡᠢ ᠪᠥᠭᠡᠳ ᠡᠵᠡᠩᠨᠡᠨ ᠪᠤᠷᠤᠯᠠᠭᠤᠯᠬᠤ ᠤᠷᠤᠨ ᠪᠥᠰᠡ ᠳᠤ | ᠢᠯᠡᠷᠬᠡᠢ ᠲᠡᠮᠲᠡᠭ ᠪᠠ ᠰᠡᠷᠡᠮᠵᠢᠯᠡᠯ ᠰᠠᠨᠠᠭᠤᠯᠤᠮᠵᠢ ᠶᠢᠨ ᠥᠭᠡ ᠪᠠᠶᠢᠯᠭᠠᠨ᠎ᠠ᠃《 ᠡᠮ ᠤᠨ ᠪᠤᠰᠤ ᠵᠥᠢᠯ》 ᠤᠨ ᠤᠷᠤᠨ ᠪᠥᠰᠡ ᠶᠢᠨ ᠲᠠᠯᠠᠪᠠᠢ ᠡᠵᠡᠩᠨᠡᠯᠲᠡ ᠶᠢᠨ | ᠲᠠᠯᠠᠪᠠᠢ ᠶᠢᠨ 20% ᠠᠴᠠ ᠬᠡᠲᠤᠷᠡᠵᠤ ᠪᠤᠯᠬᠤ ᠥᠭᠡᠢ᠂ ᠡᠵᠡᠩᠨᠡᠯᠲᠡ ᠶᠢᠨ ᠬᠢᠨᠡᠨ ᠵᠥᠪᠰᠢᠶᠡᠷᠡᠯᠲᠡ ᠶᠢᠨ ᠪᠢᠴᠢᠭ ᠤᠨ ᠨᠤᠮᠧᠷ ᠢ ᠤᠯᠤᠭᠰᠠ ᠡᠷᠡᠬᠦᠯᠵᠢᠯ ᠤᠨ | ᠢᠲᠡᠭᠡᠨ ᠤ ᠵᠥᠢᠯ ︵ᠰᠢᠶᠤᠤ ᠯᠠᠨ ᠮᠤᠤ︶ ᠵᠢᠴᠢ ᠭᠤᠶᠤᠯᠠᠯ ᠤᠨ ᠵᠥᠢᠯ ᠢ《ᠡᠮ ᠤᠨ ᠪᠤᠰᠤ ᠵᠥᠢᠯ》ᠦᠨᠤᠷᠤᠨ ᠪᠥᠰᠡ ᠳᠤ ᠲᠡᠯᠭᠡᠨ᠂ ᠲᠤᠰᠬᠠᠢ ᠯᠠᠩᠬᠦᠢ | ᠪᠠᠶᠢᠭᠤᠯᠵᠤ᠂ ᠡᠲᠤᠷ ᠲᠤᠲᠤᠮ ᠤᠨ ᠪᠥᠷᠢᠨ ᠪᠠᠷᠠᠭ᠎ᠠ᠂ ᠬᠤᠪᠴᠠᠰᠤ ᠵᠠᠰᠠᠯ᠂ ᠡᠩ ᠤᠨ ᠢᠲᠡᠭᠡᠨ ᠤ ᠵᠥᠢᠯ ᠵᠡᠷᠭᠡ ᠶᠢ ᠡᠵᠡᠩᠨᠡᠵᠦ ᠪᠤᠯᠬᠤ ᠥᠭᠡᠢ︔ ︵5︶ | ᠬᠢᠲᠠᠳ ᠡᠮ ᠤᠨ ᠤᠤᠭᠤᠬᠤ ᠬᠠᠪᠲᠠᠭᠠᠢ ᠶᠢ ᠬᠥᠷᠢᠶ᠎ᠠ ᠬᠡᠪᠴᠢᠶᠡᠨ ᠠᠴᠠ ᠬᠡᠲᠤᠷᠡᠳᠡᠯᠠ ᠡᠵᠡᠩᠨᠡᠵᠤ ᠪᠠᠶᠢᠬᠤ ᠡᠰᠡᠬᠦ᠂ ᠪᠤᠰᠤᠤᠨ ᠲᠤ ᠬᠢᠲᠠᠳ ᠡᠮ ᠤᠨ ᠤᠤᠭᠤᠬᠤ | ᠬᠠᠪᠲᠠᠭᠠᠢ ᠶᠢ ᠬᠠᠤᠯᠢ ᠪᠤᠰᠤ ᠪᠠᠷ ᠡᠵᠡᠩᠨᠡᠬᠦ ᠭᠠᠵᠠᠷ᠂ ᠬᠢᠷᠢ ᠭᠡᠮ ᠤᠨ ᠥᠨᠡᠯᠡᠯᠲᠡ ᠶᠢᠨ ᠮᠠᠲ᠋ᠧᠷᠢᠶᠠᠯ᠂ ᠫᠢᠶᠤᠤ ᠪᠠᠷᠢᠮᠲᠠ ᠵᠡᠷᠭᠡ ᠨᠥᠬᠦᠴᠡᠯ ᠬᠠᠩᠭᠠᠵᠤ ᠪᠠᠶᠢᠬᠤ | ᠡᠰᠡᠬᠦ᠂ ᠪᠠᠷᠠᠭ᠎ᠠ ᠬᠠᠩᠭᠠᠬᠤ ᠡᠲᠡᠭᠡᠳ ᠲᠤ ᠤᠨ ᠬᠢᠷᠢ ᠭᠡᠮ ᠤᠨ ᠬᠢᠨᠠᠨ ᠪᠠᠶᠢᠴᠠᠭᠠᠯᠲᠠ ᠴᠢᠩᠭ᠎ᠠ ᠪᠤᠰᠤ ᠪᠤᠶᠤ ᠬᠠᠤᠯᠢ ᠪᠤᠰᠤ ᠠᠷᠭ᠎ᠠ ᠵᠠᠮ ᠢᠶᠠᠷ ᠬᠢᠲᠠᠳ ᠡᠮ ᠤᠨ | ᠤᠤᠭᠤᠬᠤ ᠬᠠᠪᠲᠠᠭᠠᠢ ᠤᠷᠤᠭᠤᠯᠬᠤ᠂ ᠬᠠᠤᠯᠢ ᠪᠤᠰᠤ ᠪᠠᠷ ᠬᠤᠪᠢᠶᠠᠨ ᠤᠭᠤᠲᠠᠯᠠᠬᠤ ᠂ ᠪᠤᠯᠪᠠᠰᠤᠷᠠᠭᠤᠯᠬᠤ ᠪᠤᠶᠤ ᠭᠠᠲᠠᠨ᠎ᠠ ᠠᠴᠠ ᠤᠷᠤᠭᠤᠯᠤᠭᠰᠠᠨ ᠬᠢᠲᠠᠳ | ᠡᠮ ᠤᠨ ᠤᠤᠭᠤᠬᠤ ᠬᠠᠪᠲᠠᠭᠠᠢ ᠶᠢ ᠬᠠᠪᠴᠢᠭᠤᠯᠭᠠ ᠨᠠᠭᠠᠨ ᠬᠤᠲᠠᠯᠲᠤᠬᠤ ᠵᠡᠷᠭᠡ ᠬᠠᠤᠯᠢ ᠴᠠᠭᠠᠵᠠ ᠬᠠᠤᠯᠢ ᠲᠤᠭᠲᠠᠭᠠᠯ ᠢ ᠵᠥᠷᠢᠴᠡᠭᠰᠡᠨ ᠠᠵᠢᠯᠯᠠᠭ᠎ᠠ︔ ︵6︶ | ᠱᠠᠩᠨᠠᠯᠲᠤ ᠪᠤᠷᠤᠯᠠᠭᠤᠯᠤᠯᠲᠠ᠂ ᠡᠮ ᠤᠨ ᠵᠥᠢᠯ ᠲᠠᠭᠠᠯᠲᠤᠯᠤᠨ ᠥᠭᠬᠦ ᠪᠤᠶᠤ ᠪᠡᠯᠡᠭ ᠥᠭᠴᠦ ᠪᠤᠷᠤᠯᠠᠭᠤᠯᠬᠤ ᠵᠡᠷᠭᠡ ᠠᠷᠭ᠎ᠠ ᠮᠠᠶ᠋ᠢᠭ ᠢ ᠬᠡᠷᠡᠭᠯᠡᠭᠰᠡᠨ ᠡᠰᠡᠬᠦ︔ ︵7︶ | ᠡᠮ ᠤᠨ ᠵᠥᠢᠯ ᠤᠨ ᠪᠤᠷᠤᠯᠠᠭᠤᠯᠬᠤ ᠠᠵᠢᠯᠲᠠᠨ ᠬᠠᠤᠯᠢ ᠴᠠᠭᠠᠵᠠ ᠬᠠᠤᠯᠢ ᠲᠤᠭᠲᠠᠭᠠᠯ ᠪᠠ ᠠᠨᠠᠭᠠᠬᠤ ᠤᠬᠠᠭᠠᠨ ᠤ ᠲᠤᠰᠬᠠᠢ ᠮᠡᠲᠡᠯᠭᠡ ᠶᠢ ᠪᠤᠯᠪᠠᠰᠤᠷᠠᠩᠭᠤᠢ | ᠡᠵᠮᠰᠢᠭᠰᠡᠡ ᠡᠰᠡᠬᠦ︔ ︵8︶ ᠬᠠᠲᠠᠭᠠᠯᠠᠬᠤ ᠬᠤᠭᠤᠴᠠᠭ᠎ᠠ ᠠᠴᠠ ᠲᠠᠪᠠᠭᠰᠠᠨ ᠡᠮ ᠤᠨ ᠵᠥᠢᠯ ᠢ ᠡᠵᠡᠩᠨᠡᠵᠤ ᠪᠠᠶᠢᠬᠤ ᠡᠰᠡᠬᠦ︔ ︵9︶ ᠬᠡᠲᠤᠷᠭᠡᠢ ᠤᠬᠠᠭᠤᠯᠭ᠎ᠠ᠂ | ᠬᠠᠭᠤᠷᠮᠠᠭ ᠤᠬᠠᠭᠤᠯᠭ᠎ᠠ ᠶᠢᠨ ᠠᠵᠢᠯᠯᠠᠭ᠎ᠠ ᠪᠠᠶᠢᠬᠤ ᠡᠰᠡᠬᠦ︔ ︵10︶ 2018 ᠤᠨ ᠤ ᠰᠢᠨ᠎ᠡ ᠨᠡᠭᠡᠭᠡᠨ ᠡᠷᠬᠢᠯᠡᠭᠰᠡᠨ ᠡᠮ ᠤᠨ ᠵᠥᠢᠯ ᠵᠢᠵᠢᠭᠯᠡᠨ ᠬᠤᠲᠠᠯᠲᠤᠬᠤ | ᠠᠵᠤ ᠠᠬᠤᠶᠢᠯᠠᠯ ᠢ ᠵᠥᠪᠰᠢᠶᠡᠷᠡᠭᠰᠡᠨ ᠪᠠᠶᠢᠲᠠᠯ ᠳᠤ ᠰᠤᠭᠤᠯᠤᠨ ᠪᠠᠶᠢᠴᠠᠭᠠᠯᠲᠠ ᠬᠢᠵᠤ᠂《 ᠲᠥᠩᠯᠢᠶᠤᠤ ᠬᠤᠲᠠ ᠶᠢᠨ ᠡᠮ ᠤᠨ ᠵᠥᠢᠯ ᠵᠢᠵᠢᠭᠯᠡᠡ ᠬᠤᠲᠠᠯᠲᠤᠬᠤ | ᠠᠵᠤ ᠠᠬᠤᠶᠢᠯᠠᠯ ᠢ ᠨᠡᠭᠡᠭᠡᠨ ᠡᠷᠬᠢᠯᠡᠬᠦ ᠬᠡᠷᠡᠭᠵᠢᠬᠦᠯᠥᠯᠲᠡ ᠨᠡᠷᠢᠨ ᠲᠥᠷᠢᠮ ︵2014 ᠬᠡᠪᠯᠡᠯ︶》 ᠳᠤ ᠬᠢᠨᠡᠨ ᠵᠥᠪᠰᠢᠶᠡᠷᠡᠨ᠎ᠡ︔ ︵11︶ ᠡᠮ ᠡᠮᠨᠡᠯᠭᠡ ᠶᠢᠨ | ᠪᠠᠲᠤᠯᠠᠭ᠎ᠠ ᠶᠢᠨ ᠰᠠᠯᠠᠭ᠎ᠠ ᠮᠥᠴᠢᠷ ᠤᠨ ᠶᠠᠭ ᠵᠤᠬᠢᠶᠠᠨ ᠪᠠᠶᠢᠭᠤᠯᠤᠨ ᠥᠷᠨᠢᠬᠦᠯᠵᠥ ᠪᠠᠶᠢᠭ᠎ᠠ ᠡᠮ ᠡᠮᠨᠡᠯᠭᠡ ᠶᠢᠨ ᠪᠠᠲᠤᠯᠠᠭ᠎ᠠ ᠶᠢᠨ ᠰᠠᠭᠤᠷᠢ ᠮᠥᠩᠭᠦ ᠶᠢ ᠬᠠᠭᠤᠷᠠᠨ | ᠮᠡᠬᠡᠯᠡᠬᠦ ᠳᠤ ᠲᠤᠰᠬᠠᠢ ᠴᠤᠬᠢᠯᠲᠠ ᠥᠭᠬᠦ ᠠᠵᠢᠯᠯᠠᠭ᠎ᠠ ᠶᠢ ᠬᠠᠮᠵᠢᠵᠤ᠂ ᠵᠢᠵᠢᠭᠯᠡᠨ ᠬᠤᠲᠠᠯᠲᠤᠬᠤ ᠡᠮ ᠤᠨ ᠲᠡᠯᠭᠡᠬᠦᠷ ᠤᠨᠡᠮ ᠤᠨ ᠵᠥᠢᠯ᠂ ᠡᠳ᠋ ᠪᠤᠲᠠᠰ ᠢ | ᠬᠤᠯᠢᠯᠲᠤᠭᠤᠯᠬᠤ᠂ ᠨᠡᠶᠢᠭᠡᠮ ᠨᠡᠶᠢᠲᠡ ᠶᠢᠨ ᠪᠠᠲᠤᠯᠠᠭ᠎ᠠ ᠶᠢᠨ ᠺᠠᠷᠲ ᠢ ᠬᠡᠷᠡᠭᠯᠡᠨ ᠡᠮ ᠡᠮᠨᠡᠯᠭᠡ ᠶᠢᠨ ᠪᠠᠲᠤᠯᠠᠭ᠎ᠠ ᠶᠢᠨ ᠰᠠᠭᠤᠷᠢ ᠮᠥᠩᠬᠦ ᠶᠢ ᠮᠡᠭᠡᠯᠡᠨ ᠠᠪᠬᠤ | ᠠᠵᠢᠯᠯᠠᠭ᠎ᠠ ᠪᠠᠶᠢᠬᠤ ᠡᠰᠡᠬᠦ ᠶᠢ ᠤᠯᠵᠤ ᠮᠡᠲᠡᠪᠡᠯ᠂ ᠡᠮ ᠡᠮᠨᠡᠯᠭᠡ ᠶᠢᠨ ᠪᠠᠲᠤᠯᠠᠭ᠎ᠠ ᠶᠢᠨ ᠴᠡᠭ ᠤᠨ ᠡᠮ ᠤᠨ ᠲᠡᠯᠭᠡᠬᠦᠷ ᠤᠨ ᠬᠢᠷᠢ ᠭᠡᠮ ᠢ ᠥᠭᠡᠶᠢᠰᠭᠡᠬᠦ ᠶᠢ | ᠰᠠᠨᠠᠭᠤᠯᠤᠨ᠎ᠠ᠃ ᠡᠵᠡᠩᠨᠡᠯᠲᠡ ᠶᠢᠨ ᠨᠥᠬᠦᠴᠡᠯ ᠢ ᠥᠷᠬᠦᠯᠵᠢᠯᠡᠨ ᠪᠠᠷᠢᠮᠲᠠᠯᠠᠵᠤ ᠲᠡᠶᠢᠯᠬᠦ ᠥᠭᠡᠢ ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠭᠴᠢ ᠶᠢ ᠬᠠᠤᠯᠢ | ᠶᠤᠰᠤᠭᠠᠷ ᠴᠠᠭ ᠲᠤᠬᠠᠢ ᠳᠤᠨᠢ ᠪᠠᠶᠢᠴᠠᠭᠠᠨ ᠰᠢᠢᠳᠭᠡᠨ᠎ᠠ᠃ ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠬᠦ ᠪᠠᠷᠢᠮᠵᠢᠶ᠎ᠠ ᠪᠠ ᠬᠠᠮᠢᠶ᠎ᠠ ᠪᠥᠬᠦᠢ ᠱᠠᠭᠠᠷᠲᠠᠯᠭ᠎ᠠ ᠳᠤ | ᠨᠡᠶᠢᠴᠡᠬᠦ ᠥᠭᠡᠢ ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠭᠴᠢ ᠶᠢ ᠴᠡᠭᠴᠡᠯᠡᠨ ᠵᠢᠷᠤᠮᠵᠢᠭᠤᠯᠵᠤ᠂ ᠥᠨᠴᠥᠭ ᠪᠤᠯᠤᠩ ᠥᠯᠡᠲᠡᠭᠡᠯ ᠥᠭᠡᠢ ᠪᠥᠬᠦᠨ ᠢ | ᠬᠠᠮᠤᠷᠴᠤ᠂ ᠥᠨᠡᠮᠯᠡᠯ ᠥᠭᠡᠢ ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠯᠲᠡ ᠶᠢ ᠴᠢᠩᠭ᠎ᠠ ᠪᠠᠶᠢᠴᠠᠭᠠᠵᠤ ᠬᠥᠴᠤᠨ ᠥᠭᠡᠢ ᠪᠤᠯᠭᠠᠨ᠎ᠠ᠃ | ︵ᠬᠥᠲᠥᠯᠥᠭᠴᠢ︶ ᠲᠤᠰ ᠤᠲᠠᠭᠠᠨ ᠤ ᠲᠤᠰᠬᠠᠢ ᠪᠠᠶᠢᠴᠠᠭᠠᠯᠲᠠ ᠲᠤᠮᠲᠠ ᠢᠲᠡᠭᠡᠨ ᠤ ᠵᠥᠢᠯ ᠡᠮ ᠤᠨ ᠵᠥᠢᠯ ᠤᠨ ᠥᠢᠯᠡᠳᠪᠤᠷᠢᠯᠠᠯ ᠡᠵᠡᠩᠨᠡᠯᠲᠡ ᠶᠢᠨ | ᠨᠢᠭᠡᠴᠡ ᠶᠢᠨ ᠬᠠᠷᠢᠭᠤᠴᠯᠠᠭᠠᠲᠠᠨ ᠶᠠᠮᠠᠷ ᠶᠠᠮᠠᠷ ᠡᠭᠦᠷᠭᠡ ᠬᠠᠷᠢᠭᠤᠴᠠᠯᠭ᠎ᠠ ᠶᠢ ᠬᠥᠢᠴᠡᠳᠭᠡᠪᠡᠯ ᠵᠤᠬᠢᠬᠤ ᠪᠢᠯᠡ︖ | ︵ᠶᠠᠩ ᠲᠤᠭᠤᠷᠢᠭ ᠤᠨ ᠲᠠᠷᠤᠭ᠎ᠠ︶ ᠲᠤᠰ ᠤᠲᠠᠭᠠᠨ ᠤ ᠲᠤᠰᠬᠠᠢ ᠴᠡᠭᠴᠡᠯᠡᠯᠲᠡ ᠶᠢᠨ ᠠᠵᠢᠯᠯᠠᠭ᠎ᠠ ᠪᠠᠷ ᠲᠠᠮᠵᠢᠨ᠂ ᠢᠲᠡᠭᠡᠨ ᠤ ᠵᠥᠢᠯ ᠡᠮ ᠤᠨ ᠵᠥᠢᠯ | ᠡᠵᠡᠩᠨᠡᠭᠴᠢ ᠶᠢ ᠱᠠᠭᠠᠷᠲᠠᠨ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠬᠠᠤᠯᠢ ᠴᠠᠭᠠᠵᠠ ᠬᠠᠤᠯᠢ ᠲᠤᠭᠲᠠᠭᠠᠯ ᠢ ᠴᠢᠩᠭ᠎ᠠ ᠬᠡᠷᠡᠭᠵᠢᠬᠦᠯᠵᠥ᠂ ᠢᠲᠡᠭᠡᠨ ᠤ | ᠵᠥᠢᠯ ᠡᠮ ᠤᠨ ᠵᠥᠢᠯ ᠤᠨ ᠠᠶᠤᠯᠬᠦᠢ ᠬᠠᠮᠢᠶᠠᠷᠤᠯᠲᠠ ᠶᠢ ᠴᠢᠩᠭᠠᠷᠠᠭᠤᠯᠵᠤ᠂ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠭᠤᠤᠯ ᠴᠤᠭᠴᠠᠲᠤ | ᠬᠠᠷᠢᠭᠤᠴᠠᠯᠭ᠎ᠠ ᠶᠢ ᠨᠠᠶᠢᠲᠠᠪᠤᠷᠢᠵᠢᠭᠤᠯᠵᠤ᠂ ᠬᠠᠤᠯᠢ ᠶᠤᠰᠤᠭᠠᠷ ᠡᠵᠡᠩᠨᠡᠬᠦ᠂ ᠢᠲᠡᠭᠡᠮᠵᠢᠲᠡᠢ ᠪᠠᠶ᠎ᠡ ᠪᠠᠨ ᠱᠠᠭᠠᠷᠲᠠᠬᠤ ᠤᠬᠠᠮᠰᠠᠷ ᠢ ᠪᠤᠢ ᠪᠤᠯᠭᠠᠵᠤ᠂ ᠢᠲᠡᠭᠡᠨ ᠤ | ᠵᠥᠢᠯ ᠡᠮ ᠤᠨ ᠵᠥᠢᠯ ᠤᠨ ᠠᠶᠤᠯᠬᠦᠢ ᠶᠢ ᠥᠪᠡᠷᠲᠡᠭᠡᠨ ᠪᠠᠶᠢᠴᠠᠭᠠᠨ ᠥᠪᠡᠷᠲᠡᠭᠡᠨ ᠵᠠᠯᠠᠷᠠᠭᠤᠯᠬᠤ ᠠᠵᠢᠯᠯᠠᠭ᠎ᠠ ᠶᠢ ᠢᠲᠡᠪᠬᠢᠲᠡᠢ ᠥᠷᠨᠢᠬᠦᠯᠵᠤ᠂ ᠢᠲᠡᠭᠡᠨ ᠤ ᠵᠥᠢᠯ | ᠡᠮ ᠤᠨ ᠵᠥᠢᠯ ᠤᠨ ᠠᠶᠥᠯᠭᠦᠢ ᠶᠢᠨ ᠲᠠᠯᠲᠠ ᠬᠡᠮ ᠢ ᠴᠠᠭ ᠲᠤᠬᠠᠢ ᠳᠤᠨᠢ ᠠᠷᠢᠯᠭᠠᠨ᠎ᠠ᠃ ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠯᠲᠡ ᠶᠢᠨ ᠤᠬᠠᠭᠤᠯᠭ᠎ᠠ | ᠵᠢᠴᠢ ᠵᠠᠬ᠎ᠠ ᠲᠠᠯᠭᠡᠬᠦᠷ ᠭᠤᠤᠯᠯᠠᠨ ᠡᠷᠬᠢᠯᠡᠭᠰᠡᠨ ᠨᠢᠭᠡᠴᠡ ᠶᠢᠨ ᠬᠠᠷᠢᠭᠤᠴᠠᠯᠭᠠᠲᠠᠨ ᠤ ᠤᠬᠠᠭᠤᠯᠭ᠎ᠠ ᠬᠥᠮᠤᠵᠢᠯ ᠢ ᠴᠢᠩᠭᠠᠳᠬᠠᠵᠤ᠂ ᠲᠡᠬᠦᠨ ᠤ ᠬᠠᠤᠯᠢ ᠪᠠᠷ ᠵᠠᠰᠠᠬᠤ | ᠥᠵᠡᠯ ᠤᠬᠠᠮᠰᠠᠷ ᠪᠠ ᠢᠲᠡᠭᠡᠨ ᠤ ᠵᠥᠢᠯ ᠡᠮ ᠤᠨ ᠵᠥᠢᠯ ᠤᠨ ᠠᠶᠤᠯᠬᠦᠢ ᠶᠢᠨ ᠨᠢᠭᠡᠲᠤᠭᠡᠷ ᠬᠠᠷᠢᠭᠤᠴᠠᠯᠭᠠᠲᠤ ᠬᠥᠮᠤᠨ ᠤ ᠥᠵᠡᠯ ᠤᠬᠠᠮᠰᠠᠷ ᠢ ᠴᠢᠩᠭᠠᠷᠠᠭᠤᠯᠵᠤ᠂ | ᠢᠲᠡᠭᠡᠨ ᠤ ᠵᠥᠢᠯ ᠡᠮ ᠤᠨ ᠵᠥᠢᠯ ᠤᠨ ᠡᠵᠡᠩᠨᠡᠭᠴᠢ ᠶᠢᠨ ᠪᠠᠷᠠᠭ᠎ᠠ ᠤᠷᠤᠭᠤᠯᠬᠤ ᠪᠠᠶᠢᠴᠠᠭᠠᠨ ᠬᠢᠨᠠᠬᠤ ᠡᠷᠭᠡ ᠡᠯ᠎ᠡ ᠵᠥᠢᠯ ᠤᠨ ᠡᠭᠦᠷᠭᠡ ᠶᠢ ᠬᠠᠤᠯᠢ ᠶᠤᠰᠤᠭᠠᠷ | ᠭᠥᠢᠴᠡᠳᠭᠡᠬᠦ ᠶᠢ ᠴᠢᠩᠭ᠎ᠠ ᠱᠠᠭᠠᠷᠲᠠᠵᠤ᠂ ᠬᠤᠭᠤᠴᠠᠭ᠎ᠠ ᠥᠭᠭᠡᠷᠡᠭᠰᠡᠨ᠂ ᠴᠢᠨᠰᠠᠭ᠎ᠠ ᠬᠤᠪᠢᠷᠠᠭᠰᠠᠨ ᠢᠲᠡᠭᠡᠨ ᠤ ᠵᠥᠢᠯ ᠢ ᠴᠠᠭ ᠲᠤᠬᠠᠢ ᠳᠤᠨᠢ ᠴᠡᠪᠡᠷᠯᠡᠨ᠎ᠡ᠃ | ᠡᠮ ᠤᠨ ᠵᠥᠢᠯ ᠢ ᠪᠠᠶᠢᠴᠠᠭᠠᠨ ᠤᠰᠠᠳᠬᠠᠨ᠎ᠠ᠃ ᠥᠪᠡᠷᠲᠡᠭᠡᠨ ᠪᠠᠶᠢᠴᠠᠭᠠᠬᠤ ᠴᠢᠲᠠᠪᠬᠢ ᠲᠠᠢ ᠢᠲᠡᠭᠡᠨ ᠤ ᠲᠠᠷᠢᠶᠠᠯᠠᠩ ᠤᠨ ᠪᠥᠲᠤᠭᠡᠭᠲᠡᠬᠦᠨ ᠤ ᠪᠥᠭᠡᠮ ᠢᠶᠠᠷ | ᠬᠤᠲᠠᠯᠲᠤᠬᠤ ᠵᠠᠬ᠎ᠠ ᠲᠡᠯᠭᠡᠬᠦᠷ᠂ ᠥᠢᠯᠡᠳᠪᠤᠷᠢᠯᠠᠯ ᠡᠵᠡᠩᠨᠡᠯᠲᠡ ᠶᠢᠨ ᠠᠵᠤ ᠠᠬᠤᠶᠢᠯᠠᠯ ᠢ ᠱᠠᠯᠠᠪᠲᠠᠨ ᠢᠲᠡᠭᠡᠨ ᠤ ᠵᠥᠢᠯ ᠤᠨ ᠠᠶᠤᠯᠬᠦᠢ ᠬᠢᠨᠠᠨ ᠬᠡᠮᠵᠢᠬᠦ ᠶᠢᠨ ᠠᠵᠢᠯ | ᠥᠷᠨᠢᠬᠦᠯᠥᠨ᠎ᠠ᠃ | ︵ᠬᠥᠲᠥᠯᠥᠭᠴᠢ︶ ᠵᠠ᠂ ᠶᠠᠩ ᠲᠤᠭᠤᠷᠢᠭ ᠤᠨ ᠲᠠᠷᠤᠭ᠎ᠠ ᠶᠢᠨ ᠬᠠᠯᠠᠰᠢᠷᠠᠯ ᠥᠭᠡᠢ ᠬᠠᠷᠢᠭᠤᠯᠤᠭᠰᠠᠨ ᠳᠤ ᠲᠤᠩ ᠪᠠᠶᠡᠷᠯᠠᠵᠤ ᠪᠠᠶᠢᠨ᠎ᠠ᠂ ᠮᠥᠨ | ᠰᠥᠯᠵᠢᠶᠠᠨ ᠤ ᠨᠠᠶᠢᠵᠠ ᠨᠠᠷ ᠤᠨ ᠬᠥᠯᠢᠶᠡᠨ ᠥᠵᠡᠭᠰᠡᠨ ᠳᠤ ᠲᠠᠯᠠᠷᠬᠠᠵᠤ ᠪᠠᠶᠢᠨ᠎ᠠ︕ ᠲᠤᠰ ᠬᠤᠭᠤᠴᠠᠭᠠᠨ ᠤ ᠰᠤᠷᠪᠤᠯᠵᠢᠯᠠᠭ᠎ᠠ ᠠᠲᠡ ᠬᠥᠷᠥᠭᠡᠳ ᠲᠡᠬᠦᠰᠤᠯᠠ᠂ | ᠲᠠᠷᠠᠭᠠᠭᠴᠢ ᠶᠢᠨ ᠫᠷᠥᠭᠷᠡᠮ ᠳᠤ ᠠᠭᠤᠯᠵᠠᠶ᠎ᠠ︕ |