| | ᠰᠤᠷᠪᠤᠯᠵᠢᠯᠠᠭᠰᠠ ᠴᠠᠭ᠄ 2018-12-19 09᠄ 50 | ᠰᠤᠷᠪᠤᠯᠵᠢᠯᠠᠭ᠎ᠠ ᠬᠥᠯᠢᠶᠡᠭᠴᠢ᠄ ᠲᠥᠩᠯᠢᠶᠤᠤ ᠬᠤᠲᠠ ᠶᠢᠨ ᠰᠤᠶᠤᠯ ᠰᠤᠨᠢᠨ ᠮᠡᠲᠡᠭᠡ ᠬᠡᠪᠯᠡᠯ ᠷᠠᠳᠢᠤ᠋ ᠲᠧᠯᠸᠢᠰ ᠤᠨ ᠲᠤᠪᠴᠢᠶ᠎ᠠ ᠶᠢᠨ ᠨᠡᠶᠢᠭᠡᠮ ᠤᠨ | ᠰᠤᠶᠤᠯ ᠤᠨ ᠰᠠᠯᠠᠭ᠎ᠠ ᠶᠢᠨ ᠳᠡᠳ᠋ ᠲᠠᠷᠤᠭ᠎ᠠ ᠯᠢᠤ ᠸᠧᠢ ᠴᠧᠨ | ᠰᠤᠷᠪᠤᠯᠵᠢᠯᠠᠭ᠎ᠠ ᠶᠢᠨ ᠪᠠᠶᠢᠲᠠᠯ᠄ ᠰᠤᠷᠪᠤᠯᠵᠢᠯᠠᠯ ᠲᠡᠭᠦᠰᠪᠡ | ᠭᠤᠤᠯ ᠠᠭᠤᠯᠭ᠎ᠠ᠄ ᠰᠢ ᠶᠢᠨ ᠫᠢᠩ ᠶᠡᠷᠤᠩᠭᠡᠢ ᠱᠥᠵᠢ ᠶᠢᠨ ᠪᠥᠬᠦ ᠤᠯᠤᠰ ᠤᠨ ᠤᠳᠬ᠎ᠠ ᠤᠷᠠᠯᠢᠭ ᠤᠨ ᠠᠵᠢᠯ ᠤᠨ ᠰᠠᠭᠤᠲᠠᠯ ᠤᠨ ᠬᠤᠷᠠᠯ ᠲᠡᠭᠡᠷᠡᠬᠢ | ᠴᠢᠬᠤᠯᠠ ᠶᠠᠷᠢᠶ᠎ᠠ ᠶᠢᠨ ᠥᠵᠡᠯ ᠰᠠᠨᠠᠭ᠎ᠠ ᠵᠢᠴᠢ ᠨᠢᠲᠤᠨᠤᠨ ᠵᠢᠯ ᠰᠥᠨᠢᠳ ᠪᠠᠷᠠᠭᠤᠨ ᠬᠤᠰᠢᠭᠤ ᠶᠢᠨ ᠤᠯᠠᠭᠠᠨᠮᠥ᠋ᠴᠢᠷ ᠤᠨ ᠬᠡᠰᠢᠬᠦᠳ ᠲᠤ ᠬᠠᠷᠢᠭᠤ ᠴᠢᠮᠡᠭᠡ | ᠶᠠᠪᠤᠭᠤᠯᠤᠭᠰᠠᠨ ᠴᠢᠬᠤᠯᠠ ᠵᠢᠯᠤᠭᠤᠲᠤᠯᠭ᠎ᠠ ᠶᠢᠨ ᠥᠵᠡᠯ ᠰᠠᠨᠠᠭ᠎ᠠ ᠶᠢ ᠬᠥᠨᠵᠡᠭᠡᠢ ᠨᠡᠶᠢᠲᠡᠪᠤᠷᠢᠵᠢᠭᠤᠯᠤᠨ ᠲᠤᠤᠱᠠᠯᠠᠭᠤᠯᠵᠤ᠂ ᠥᠭᠡᠷᠡᠴᠢᠯᠡᠯᠲᠡ ᠨᠡᠭᠡᠭᠡᠯᠲᠡ ᠶᠢᠨ 40 | ᠤᠢ ᠶᠢ ᠪᠡᠯᠭᠡᠯᠡᠨ᠂ ᠪᠥᠬᠦ ᠤᠷᠤᠨ ᠤ ᠮᠤᠷᠢᠨ ᠬᠤᠭᠤᠷ ᠤᠨ ᠤᠷᠠᠯᠢᠭ ᠤᠨ ᠰᠤᠯᠢᠯᠴᠠᠭ᠎ᠠ ᠪᠠ ᠬᠠᠮᠠᠭᠠᠯᠠᠯᠲᠠ ᠤᠯᠠᠮᠵᠢᠯᠠᠯ ᠢ ᠠᠬᠢᠭᠤᠯᠬᠤ ᠶᠢᠨ ᠲᠥᠯᠥᠭᠡ᠂ ᠥᠪᠤᠷ | ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠰᠤᠶᠤᠯ ᠵᠢᠭᠤᠯᠴᠢᠯᠠᠯ ᠤᠨ ᠲᠢᠩᠬᠢᠮ᠂ ᠲᠥᠩᠯᠢᠶᠤᠤ ᠬᠤᠲᠠ ᠶᠢᠨ ᠠᠷᠠᠳ ᠤᠨ ᠵᠠᠰᠠᠭ ᠤᠨ ᠤᠷᠲᠤᠨ ᠬᠠᠮᠲᠤ ᠪᠠᠷ | ᠨᠢᠭᠡ ᠪᠥᠰᠡ ᠨᠢᠭᠡ ᠵᠠᠮ·ᠤᠪᠤᠭ᠎ᠠ ᠶᠢᠨ ᠲᠡᠷᠭᠡᠲᠡᠭᠢ ᠠᠭᠤᠯᠵᠠᠯᠲᠠ《ᠬᠤᠷᠴᠢᠨ ᠬᠤᠨᠲᠠᠭᠠᠲᠤ》ᠠᠩᠬᠠᠲᠤᠭᠠᠷ ᠬᠤᠭᠤᠴᠠᠭᠠᠨ ᠤ ᠥᠪᠤᠷ ᠮᠤᠩᠭᠤᠯ ᠤᠨ | ᠥᠪᠡᠷᠲᠡᠭᠡᠨ ᠵᠠᠰᠠᠬᠤ ᠤᠷᠤᠨ ᠤ ᠮᠤᠷᠢᠨ ᠬᠤᠭᠤᠷ ᠤᠨ ᠬᠥᠭᠵᠢᠮ ᠤᠨ ᠤᠷᠤᠯᠲᠤᠭᠠᠨ ᠢ ᠡᠷᠬᠢᠯᠡᠵᠤ᠂ 12 ᠰᠠᠷ᠎ᠠ ᠶᠢᠨ 20 ᠤ ᠡᠲᠤᠷ ᠥᠪᠡᠭᠲᠡᠰᠢ ᠶᠡᠭᠡ ᠪᠠᠷ | ᠡᠬᠢᠯᠡᠬᠦᠯᠬᠦ ᠪᠤᠯᠤᠨ᠎ᠠ᠃ ᠥᠨᠤᠲᠤᠷ ᠪᠢᠲᠠ ᠲᠥᠩᠯᠢᠶᠤᠤ ᠬᠤᠲᠠ ᠶᠢᠨ ᠰᠤᠶᠤᠯ ᠰᠤᠨᠢᠨ ᠮᠡᠲᠡᠭᠡ ᠬᠡᠪᠯᠡᠯ ᠷᠠᠳᠢᠤ᠋ ᠲᠧᠯᠸᠢᠰ ᠤᠨ ᠲᠤᠪᠴᠢᠶ᠎ᠠ ᠶᠢᠨ ᠨᠡᠶᠢᠭᠡᠮ ᠤᠨ | ᠰᠤᠶᠤᠯ ᠤᠨ ᠰᠠᠯᠠᠭ᠎ᠠ ᠶᠢᠨ ᠳᠡᠳ᠋ ᠲᠠᠷᠤᠭ᠎ᠠ ᠯᠢᠤ ᠸᠧᠢ ᠴᠧᠨ ᠢ ᠤᠷᠢᠵᠤ᠂ ᠨᠢᠭᠡ ᠪᠥᠰᠨ ᠨᠢᠭᠡ ᠵᠠᠮ · ᠤᠪᠤᠭ᠎ᠠ ᠶᠢᠨ ᠲᠡᠷᠭᠡᠲᠡᠭᠢ ᠠᠭᠤᠯᠵᠠᠯᠲᠠ《 ᠬᠤᠷᠴᠢᠨ | ᠬᠤᠨᠲᠠᠭᠠᠲᠤ》ᠥᠪᠤᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠩᠬᠠᠲᠤᠭᠠᠷ ᠬᠤᠭᠤᠴᠠᠭᠠᠨ ᠤ ᠮᠤᠷᠢᠨ ᠬᠤᠭᠤᠷ ᠤᠨ ᠬᠥᠭᠵᠢᠮ ᠤᠨ ᠤᠷᠤᠯᠲᠤᠭᠠᠨ ᠤ | ᠪᠡᠯᠡᠳᠭᠡᠯ ᠪᠠᠶᠢᠲᠠᠯ ᠤᠨ ᠲᠤᠬᠠᠢ ᠤᠯᠠᠨ ᠰᠥᠯᠵᠢᠶ᠎ᠠ ᠶᠢᠨ ᠨᠠᠶᠢᠵᠠ ᠨᠠᠷ ᠲᠠᠢ ᠪᠠᠨ ᠰᠥᠯᠵᠢᠶᠠᠨ ᠲᠠᠭᠡᠷ᠎ᠡ ᠰᠠᠨᠠᠯ ᠰᠤᠯᠢᠯᠴᠠᠬᠤ ᠪᠠᠷ ᠪᠠᠶᠢᠨ᠎ᠠ᠃ ᠴᠠᠭ ᠲᠤᠬᠠᠢ ᠳᠤᠨᠢ | ᠰᠥᠯᠵᠢᠶᠠᠨ ᠤ ᠨᠠᠶᠢᠵᠠ ᠨᠠᠷ ᠤᠨ ᠢᠲᠡᠪᠬᠢᠲᠡᠢ ᠤᠷᠤᠯᠴᠠᠬᠤ ᠶᠢ ᠭᠥᠰᠡᠵᠤ ᠪᠠᠶᠢᠨ᠎ᠠ᠃ | ︵ᠬᠥᠲᠤᠯᠥᠭᠴᠢ︶ ᠰᠥᠯᠵᠢᠶ᠎ᠠ ᠶᠢᠨ ᠨᠠᠶᠢᠵᠠ ᠨᠠᠷ ᠰᠠᠶᠢᠨ ᠪᠠᠶᠢᠨ᠎ᠠ ᠤᠤ︖ ᠥᠨᠤᠲᠤᠷ ᠪᠢᠲᠠ ᠵᠠᠪᠰᠢᠶᠠᠨ ᠢᠶᠠᠷ ᠲᠥᠩᠯᠢᠶᠤᠤ ᠬᠤᠲᠠ ᠶᠢᠨ ᠰᠤᠶᠤᠯ | ᠰᠤᠨᠢᠨ ᠮᠠᠲᠡᠭᠡ ᠬᠡᠪᠯᠡᠯ ᠷᠲᠢᠤ᠋ ᠲᠧᠯᠸᠢᠰ ᠤᠨ ᠲᠤᠪᠴᠢᠶ᠎ᠠ ᠶᠢᠨ ᠨᠡᠶᠢᠭᠡᠮ ᠤᠨ ᠰᠤᠶᠤᠯ ᠤᠨ ᠰᠠᠯᠠᠭ᠎ᠠ ᠶᠢᠨ ᠳᠡᠳ᠋ ᠲᠠᠷᠤᠭ᠎ᠠ ᠯᠢᠤ ᠸᠧᠢ ᠴᠧᠨ ᠢ ᠤᠷᠢᠯ᠎ᠠ᠂ ᠲᠡᠷᠨ ᠨᠢᠭᠡ | ᠪᠥᠰᠠ ᠨᠢᠭᠡ ᠵᠠᠮ·ᠤᠪᠤᠭ᠎ᠠ ᠶᠢᠨ ᠲᠡᠷᠭᠡᠲᠡᠬᠢ ᠠᠭᠤᠯᠵᠠᠯᠲᠠ《ᠬᠤᠷᠴᠢᠨ ᠬᠤᠨᠲᠠᠭᠠᠲᠤ》ᠥᠪᠤᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠩᠬᠠᠲᠤᠭᠠᠷ | ᠬᠤᠭᠤᠴᠠᠭᠠᠨ ᠤ ᠮᠤᠷᠢᠨ ᠬᠤᠭᠤᠷ ᠤᠨ ᠭᠥᠭᠵᠢᠮ ᠤᠨ ᠤᠷᠤᠯᠲᠤᠭᠠᠨ ᠤ ᠪᠡᠯᠡᠳᠭᠡᠯ ᠪᠠᠶᠢᠲᠠᠯ ᠢ ᠤᠯᠠᠨ ᠰᠥᠯᠵᠢᠶ᠎ᠠ ᠶᠢᠨ ᠨᠠᠶᠢᠵᠠ ᠨᠠᠷ ᠲᠠᠢ ᠪᠠᠨ ᠰᠥᠯᠵᠢᠶᠡᠨ | ᠲᠡᠭᠡᠷ᠎ᠠ ᠰᠠᠨᠠᠯ ᠰᠤᠯᠢᠯᠴᠠᠬᠤ ᠪᠠᠷ ᠪᠠᠶᠢᠨ᠎ᠠ᠃ ᠯᠢᠤ ᠰᠠᠯᠠᠭ᠎ᠠ ᠶᠢᠨ ᠲᠠᠷᠤᠭ᠎ᠠ ᠡ᠂ ᠲᠠᠨ ᠢ ᠤᠭᠲᠤᠵᠤ ᠪᠠᠶᠢᠨ᠎ᠠ︕ | ︵ᠯᠢᠤ ᠰᠠᠯᠠᠭ᠎ᠠ ᠶᠢᠨ ᠲᠠᠷᠤᠭ᠎ᠠ︶ ᠬᠥᠲᠥᠯᠥᠭᠴᠢ ᠲᠠ ᠰᠠᠶᠢᠨ ᠪᠠᠶᠢᠨ᠎ᠠ ᠤᠤ︖ ᠰᠥᠯᠵᠢᠶ᠎ᠠ ᠶᠢᠨ ᠨᠠᠶᠢᠵᠠ ᠨᠠᠷ ᠰᠠᠶᠢᠨ ᠪᠠᠶᠢᠨ᠎ᠠ ᠤᠤ︖ ᠲᠥᠩᠯᠢᠶᠤᠤ | ᠬᠤᠲᠠ ᠶᠢᠨ ᠵᠠᠰᠠᠭ ᠤᠨ ᠤᠷᠲᠤᠨ ᠤ ᠡᠭᠦᠲᠠᠴᠢ ᠰᠥᠯᠵᠢᠶ᠎ᠠ ᠶᠢᠨ ᠥᠷᠲᠡᠭᠡ ᠶᠢᠨ ᠡᠨᠡᠬᠦ ᠲᠠᠪᠴᠠᠩ ᠢᠶᠠᠷ ᠲᠠ ᠪᠥᠬᠦᠲᠡᠭᠡᠷ ᠲᠠᠢ ᠰᠠᠨᠠᠯ ᠰᠤᠯᠢᠯᠴᠠᠬᠤ ᠳᠤ ᠲᠤᠩ | ᠪᠠᠶᠠᠷᠯᠠᠵᠤ ᠪᠠᠶᠢᠨ᠎ᠠ᠃ ᠰᠥᠯᠵᠢᠶ᠎ᠠ ᠶᠢᠨ ᠨᠠᠶᠢᠵᠠ ᠨᠠᠷ ᠤᠨ ᠲᠥᠩᠯᠢᠶᠤᠤ ᠬᠤᠲᠠ ᠶᠢᠨ ᠰᠤᠶᠤᠯ ᠤᠨ ᠥᠢᠯᠡᠰ ᠲᠤ ᠢᠮᠠᠭᠲᠠ ᠠᠩᠬᠠᠷᠤᠯ ᠲᠥᠪᠯᠡᠷᠡᠬᠦᠯᠥᠭᠰᠡᠨ ᠪᠠ | ᠲᠠᠮᠵᠢᠯᠭᠡ ᠳᠤ ᠲᠠᠯᠠᠷᠬᠠᠵᠤ ᠪᠠᠶᠢᠨ᠎ᠠ᠃ | ︵ᠬᠥᠲᠥᠯᠥᠭᠴᠢ︶ ᠯᠢᠤ ᠰᠠᠯᠠᠭ᠎ᠠ ᠶᠢᠨ ᠲᠠᠷᠤᠭ᠎ᠠ ᠡ︕ ᠪᠥᠬᠦ ᠤᠷᠤᠨ ᠤ ᠠᠩᠬᠠᠲᠤᠭᠠᠷ ᠬᠤᠭᠤᠴᠠᠭᠠᠨ ᠤ ᠮᠤᠷᠢᠨ ᠬᠤᠭᠤᠷ ᠤᠨ ᠤᠷᠤᠯᠲᠤᠭᠠᠨ ᠢ ᠮᠠᠷᠭᠠᠰᠢ | ᠡᠬᠢᠯᠡᠬᠦᠯᠬᠦ ᠪᠤᠯᠤᠨ᠎ᠠ᠂ ᠲᠠ ᠤᠷᠢᠲᠠᠪᠠᠷ ᠡᠨᠡᠬᠦ ᠠᠵᠢᠯᠯᠠᠭ᠎ᠠ ᠶᠢ ᠰᠠᠶᠢᠲᠤᠷ ᠡᠷᠬᠢᠯᠡᠬᠦ ᠳᠤ ᠪᠢᠲᠠ ᠪᠥᠷ ᠠᠯᠢ ᠠᠯᠢ ᠪᠤᠲᠠᠲᠠᠢ ᠠᠵᠢᠯ ᠬᠢᠭᠰᠡᠨ ᠢᠶᠠᠨ | ᠲᠠᠠᠨᠢᠯᠴᠠᠭᠤᠯᠤᠭᠠᠳ ᠥᠭᠬᠦ ᠪᠤᠯᠪᠠᠣ︖ | ︵ᠯᠢᠤ ᠰᠠᠯᠠᠭ᠎ᠠ ᠶᠢᠨ ᠲᠠᠷᠤᠭ᠎ᠠ︶ ᠲᠥᠩᠯᠢᠶᠤᠤ ᠬᠤᠲᠠ ᠥᠢᠷ᠎ᠠ ᠶᠢᠨ ᠵᠢᠯ ᠳᠤ ᠤᠯᠠᠨ ᠵᠥᠢᠯ ᠤᠨ ᠠᠷᠭ᠎ᠠ ᠪᠠᠷᠢᠯ ᠠᠪᠴᠤ᠂ ᠮᠤᠷᠢᠨ ᠬᠤᠭᠤᠷ ᠤᠨ | ᠤᠷᠠᠯᠢᠭ ᠤᠨ ᠬᠠᠮᠠᠭᠠᠯᠠᠯᠲᠠ ᠪᠠ ᠤᠯᠠᠮᠵᠢᠯᠠᠯ ᠢ ᠲᠠᠰᠤᠷᠯᠠᠲᠠ ᠥᠭᠡᠢ ᠴᠢᠩᠭᠠᠳᠬᠠᠪᠠ᠃ ᠮᠤᠷᠢᠨ ᠬᠤᠭᠤᠷ ᠤᠨ ᠤᠷᠠᠯᠢᠭ ᠤᠨ ᠰᠠᠩ ᠪᠠᠶᠢᠭᠤᠯᠵᠤ᠂ ᠨᠢᠭᠡ ᠪᠥᠯᠥᠭ | ᠮᠤᠩᠭᠤᠯ ᠥᠨᠲᠤᠰᠤᠲᠡᠨ ᠤ ᠰᠤᠷᠭᠠᠭᠤᠯᠢ ᠳᠤ《ᠮᠢᠩᠭᠠᠨ ᠰᠤᠷᠭᠠᠭᠤᠯᠢ ᠶᠢᠨ ᠲᠥᠯᠤᠪᠯᠡᠭᠡ》ᠬᠡᠷᠡᠭᠵᠢᠬᠦᠯᠵᠥ᠂ ᠮᠤᠷᠢᠨ ᠬᠤᠭᠤᠷ ᠢ ᠲᠤᠮᠲᠠᠲᠤ ᠪᠠᠭ᠎ᠠ | ᠰᠤᠷᠭᠠᠭᠤᠯᠢ ᠶᠢᠨ ᠬᠢᠴᠢᠶᠡᠯ ᠤᠨ ᠭᠡᠷ ᠲᠤ ᠤᠷᠤᠭᠤᠯᠤᠨ᠂ ᠡᠯ᠎ᠡ ᠱᠠᠲᠤᠨ ᠤ ᠰᠤᠶᠤᠯ ᠤᠨ ᠭᠤᠤᠯ ᠬᠠᠮᠢᠶᠠᠷᠤᠯᠲᠠ ᠶᠢᠨ ᠰᠠᠯᠠᠭ᠎ᠠ ᠮᠥᠴᠢᠷ ᠠᠴᠠ ᠮᠤᠷᠢᠨ ᠬᠤᠭᠤᠷ ᠤᠨ | ᠰᠤᠨᠢᠷᠬᠠᠭᠴᠢ ᠳᠤ ᠪᠤᠯᠪᠠᠰᠤᠷᠠᠯ᠂ ᠵᠢᠯᠤᠭᠤᠲᠤᠯᠭ᠎ᠠ ᠬᠢᠵᠤ᠂ ᠮᠤᠷᠢᠨ ᠬᠤᠭᠤᠷ ᠤᠨ ᠰᠤᠨᠢᠷᠬᠠᠭᠴᠢ ᠳᠤ ᠵᠢᠭᠠᠨ ᠰᠤᠷᠭᠠᠬᠤ᠂ ᠤᠯᠠᠮᠵᠢᠯᠠᠬᠤ ᠠᠵᠢᠯᠯᠠᠭᠠᠨ ᠤ ᠭᠠᠵᠠᠷ | ᠬᠠᠩᠭᠠᠨ᠂ ᠤᠲᠤᠬᠠᠨ᠎ᠠ ᠮᠤᠷᠢᠨ ᠬᠤᠭᠤᠷ ᠨᠢᠭᠡᠨᠲᠡ ᠲᠥᠩᠯᠢᠶᠤᠤ ᠬᠤᠲᠠ ᠶᠢᠨ ᠭᠠᠲᠠᠷ ᠤᠷᠤᠨ ᠲᠠᠢ ᠰᠤᠯᠢᠯᠴᠠᠭ᠎ᠠ ᠬᠢᠭᠦ ᠰᠤᠶᠤᠯ ᠤᠨ ᠨᠡᠷ᠎ᠡ ᠬᠠᠭᠤᠲᠠᠰᠤ ᠪᠤᠯᠪᠠ᠃ | ᠲᠤᠰ ᠤᠲᠠᠭᠠᠨ ᠤ ᠤᠷᠤᠯᠲᠤᠭᠠᠨ ᠤ ᠵᠤᠷᠢᠯᠲᠡ ᠪᠤᠯ ᠮᠤᠷᠢᠨ ᠬᠤᠭᠤᠷ ᠤᠨ ᠤᠷᠠᠯᠢᠭ ᠤᠨ ᠴᠠᠭ ᠥᠶ᠎ᠠ ᠶᠢᠨ ᠲᠥᠷᠰᠤ ᠪᠠᠶᠢᠲᠠᠯ ᠪᠠ ᠡᠯᠪᠡᠭ ᠥᠷ᠎ᠡ ᠪᠥᠲᠥᠭᠡᠯ ᠢ | ᠲᠡᠯᠭᠡᠨ ᠥᠵᠡᠬᠦᠯᠵᠤ᠂ ᠮᠤᠷᠢᠨ ᠬᠤᠭᠤᠷ ᠤᠨ ᠤᠷᠠᠯᠢᠭ ᠤᠨ ᠨᠡᠩ ᠰᠠᠶᠢᠨ ᠤᠯᠠᠮᠵᠢᠯᠠᠯ ᠬᠠᠮᠠᠭᠠᠯᠠᠯᠲᠠ ᠪᠠ ᠰᠢᠨ᠎ᠡ ᠡᠬᠦᠲᠤᠯᠲᠡ ᠬᠥᠭᠵᠢᠯᠲᠡ ᠶᠢ ᠠᠬᠢᠭᠤᠯᠵᠤ᠂ | ᠥᠨᠲᠤᠰᠤᠲᠡᠨ ᠤ ᠰᠢᠯᠢᠲᠡᠭ ᠤᠯᠠᠮᠵᠢᠯᠠᠯᠲᠤ ᠰᠤᠶᠤᠯ ᠢ ᠤᠯᠠᠮ ᠬᠥᠭᠵᠢᠬᠦᠯᠬᠦ ᠪᠤᠯᠤᠨ᠎ᠠ᠃ ᠪᠢᠲᠠ ᠬᠤᠲᠠ ᠶᠢᠨ ᠨᠠᠮ ᠤᠨ ᠬᠤᠷᠢᠶ᠎ᠠ ᠬᠤᠲᠠ ᠶᠢᠨ ᠵᠠᠰᠠᠭ ᠤᠨ | ᠤᠷᠲᠤᠨ ᠤ ᠮᠠᠨ ᠤ ᠬᠤᠲᠠ ᠶᠢᠨ ᠰᠤᠶᠤᠯ ᠤᠨ ᠠᠵᠢᠯ ᠤᠨ ᠶᠠᠷᠤᠩᠭᠡᠢ ᠪᠠᠶᠢᠷᠢᠯᠠᠭᠤᠯᠤᠯᠲᠠ ᠶᠢ ᠥᠨᠲᠤᠰᠤᠯᠡᠵᠤ᠂ ᠬᠤᠲᠠ ᠶᠢᠨ ᠰᠤᠶᠤᠯ ᠰᠤᠨᠢᠨ ᠮᠠᠲᠡᠭᠡ ᠬᠡᠪᠯᠡᠯ | ᠷᠠᠳᠢᠤ᠋ ᠲᠧᠯᠸᠢᠰ ᠤᠨ ᠲᠤᠪᠴᠢᠶ᠎ᠠ ᠤᠯᠠᠨ ᠤᠲᠠᠭ᠎ᠠ ᠬᠤᠷᠠᠯᠲᠤᠵᠤ᠂ ᠨᠢᠭᠡ ᠪᠥᠰᠠ ᠨᠢᠭᠡ ᠵᠠᠮ · ᠤᠪᠤᠭ᠎ᠠ ᠶᠢᠨ ᠲᠡᠷᠭᠡᠲᠡᠭᠢ ᠠᠭᠤᠯᠵᠠᠯᠲᠠ《ᠬᠤᠷᠴᠢᠨ | ᠬᠤᠨᠲᠠᠭᠠᠲᠤ》ᠥᠪᠤᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ ᠠᠩᠬᠠᠲᠤᠭᠠᠷ ᠬᠤᠭᠤᠴᠠᠭᠠᠨ ᠤ ᠮᠤᠷᠢᠨ ᠬᠤᠭᠤᠷ ᠤᠨ ᠬᠥᠭᠵᠢᠮ ᠤᠨ ᠤᠷᠤᠯᠲᠤᠭᠠᠨ ᠢ | ᠬᠡᠷᠬᠢᠨ ᠤᠷᠤᠭᠰᠢᠲᠠᠢ ᠶᠠᠪᠤᠭᠲᠠᠭᠤᠯᠬᠤ ᠶᠢ ᠶᠠᠷᠢᠯᠴᠠᠨ ᠶᠡᠭᠡ ᠬᠡᠮᠵᠢᠶᠠᠨ ᠤ ᠠᠵᠢᠯ ᠬᠢᠪᠡ᠃ ᠲᠤᠰ ᠬᠤᠭᠤᠴᠠᠭᠠᠨ ᠳᠤ ᠤᠷᠲᠤᠷᠢᠲᠤᠯᠭᠠ ᠤᠯᠠᠨ ᠤᠲᠠᠭ᠎ᠠ ᠲᠤᠰᠬᠠᠢ | ᠬᠤᠷᠠᠯ ᠡᠷᠬᠢᠯᠡᠵᠦ᠂ ᠤᠷᠤᠯᠲᠤᠭᠠᠨ ᠶᠠᠪᠤᠭᠲᠠᠬᠤ ᠨᠠᠷᠢᠨ ᠭᠤᠭᠴᠤᠭ᠎ᠠ ᠪᠠ ᠶᠠᠪᠤᠴᠠ ᠶᠢ ᠰᠤᠲᠤᠯᠤᠨ ᠲᠤᠭᠲᠠᠯᠴᠠᠵᠤ᠂ ᠤᠷᠤᠯᠲᠤᠭᠠᠨ ᠤ ᠪᠡᠯᠡᠳᠭᠡᠯ ᠪᠠ | ᠨᠠᠶᠢᠲᠠᠪᠤᠷᠢᠵᠢᠭᠤᠯᠬᠤ ᠠᠵᠢᠯ ᠢ ᠠᠬᠢᠭᠤᠯᠪᠠ᠃ ᠪᠥᠬᠦ ᠲᠤᠪᠴᠢᠶ᠎ᠠ ᠪᠥᠬᠦᠲᠡᠭᠡᠷ ᠬᠤᠯᠪᠤᠭᠠᠯᠴᠠᠵᠤ᠂ ᠡᠯ᠎ᠡ ᠰᠠᠯᠠᠭ᠎ᠠ ᠮᠥᠴᠢᠷ ᠢᠲᠡᠪᠬᠢᠲᠡᠢ ᠬᠠᠮᠵᠢᠯᠴᠠᠨ᠂ ᠲᠤᠰ | ᠤᠲᠠᠭᠠᠨ ᠤ ᠤᠷᠤᠯᠲᠤᠭᠠᠨ ᠢ ᠵᠢᠯ ᠤᠨ ᠡᠴᠥᠰ ᠠᠴᠠ ᠡᠮᠥᠨᠡᠬᠢ ᠴᠢᠬᠤᠯᠠ ᠠᠵᠢᠯ ᠪᠤᠯᠭᠠᠪᠠ᠃ ᠮᠠᠨ ᠤ ᠨᠡᠶᠢᠭᠡᠮ ᠤᠨ ᠰᠤᠶᠤᠯ ᠤᠨ ᠰᠠᠯᠠᠭ᠎ᠠ ᠪᠠᠰᠠ ᠴᠢᠲᠠᠪᠬᠢ ᠪᠠᠨ | ᠢᠲᠡᠪᠬᠢ ᠪᠠᠲᠠᠷᠠᠭᠤᠯᠵᠤ᠂ ᠤᠷᠤᠯᠲᠤᠭᠠᠨ ᠤ ᠲᠥᠯᠥᠪᠯᠡᠭᠡ ᠵᠢᠴᠢ ᠬᠡᠷᠡᠭᠵᠢᠬᠦᠯᠥᠯᠲᠡ ᠳᠤ ᠬᠥᠨᠵᠡᠭᠡᠶᠢᠷᠡᠨ ᠤᠷᠤᠯᠴᠠᠵᠤ᠂ ᠤᠷᠤᠯᠲᠤᠭᠠᠨ ᠤ ᠲᠥᠷᠤᠯ ᠵᠥᠢᠯ ᠤᠨ | ᠯᠠᠪᠲᠠᠭᠤᠨ ᠶᠠᠪᠤᠭᠲᠠᠬᠤ ᠶᠢ ᠪᠠᠲᠤᠯᠠᠪᠠ᠃ | ︵ᠬᠥᠲᠥᠯᠥᠭᠴᠢ︶ ᠯᠢᠤ ᠰᠠᠯᠠᠭ᠎ᠠ ᠶᠢᠨ ᠲᠠᠷᠤᠭ᠎ᠠ ᠡ᠂ ᠲᠤᠰ ᠬᠤᠭᠤᠴᠠᠭᠠᠨ ᠤ ᠤᠷᠤᠯᠲᠤᠭᠠᠨ ᠤ ᠪᠤᠲᠠᠲᠠᠢ ᠡᠲᠤᠷ ᠤᠨ ᠲᠠᠷᠠᠭᠠᠯᠠᠯ ᠢ ᠲᠠᠨᠢᠯᠴᠠᠭᠤᠯᠤᠭᠠᠳ | ᠥᠭᠬᠦᠨᠥ︖ | ︵ᠯᠢᠤ ᠰᠠᠯᠠᠠᠭᠠ ᠶᠢᠨ ᠲᠠᠷᠤᠭ᠎ᠠ︶ ᠲᠤᠰ ᠤᠲᠠᠭᠠᠨ ᠤ ᠪᠥᠬᠦ ᠤᠷᠤᠨ ᠤ ᠠᠩᠬᠠᠲᠤᠭᠠᠷ ᠬᠤᠭᠤᠴᠠᠭᠠᠨ ᠤ ᠮᠤᠷᠢᠨ ᠬᠤᠭᠤᠷ ᠤᠨ ᠤᠷᠤᠯᠲᠤᠭᠠᠨ 12 | ᠰᠠᠷ᠎ᠠ ᠶᠢᠨ 20 ᠤ ᠡᠲᠤᠷ ᠤᠨ ᠥᠳᠡ ᠶᠢᠨ ᠡᠮᠥᠨ᠎ᠡ ᠶᠢᠨ 8 ᠴᠠᠭ ᠬᠠᠭᠠᠰ ᠲᠤ ᠥᠪᠤᠷ ᠮᠤᠩᠭᠤᠯ ᠤᠨ ᠥᠨᠲᠤᠰᠤᠲᠡᠨ ᠤ ᠶᠡᠭᠡ ᠰᠤᠷᠭᠠᠭᠤᠯᠢ ᠶᠢᠨ ᠲᠠᠭᠤᠤ | ᠬᠥᠭᠵᠢᠮ ᠤᠨ ᠲᠡᠭᠡᠲᠤ ᠰᠤᠷᠭᠠᠭᠤᠯᠢ ᠶᠢᠨ ᠲᠠᠭᠤᠤ ᠬᠥᠭᠵᠢᠮ ᠤᠨ ᠲᠢᠩᠬᠢᠮ ᠳᠤ ᠡᠬᠢᠯᠡᠯᠲᠡ ᠶᠢᠨ ᠶᠤᠰᠤᠯᠠᠯ ᠶᠠᠪᠤᠭᠲᠠᠭᠤᠯᠤᠨ᠎ᠠ︔ ᠡᠬᠢᠯᠡᠯᠲᠡ ᠶᠢᠨ ᠶᠤᠰᠤᠯᠠᠯ | ᠲᠡᠬᠦᠰᠤᠭ᠍ᠰᠡᠡ ᠤ ᠲᠠᠷᠠᠭ᠎ᠠ ᠰᠢᠭᠤᠤᠨ ᠲᠠᠬᠢᠨ ᠰᠢᠯᠭᠠᠷᠠᠭᠤᠯᠬᠤ ᠤᠷᠤᠯᠲᠤᠭᠠᠨ ᠤ ᠶᠠᠪᠤᠴᠠ ᠳᠤ ᠤᠷᠤᠭᠤᠯᠤᠨ᠎ᠠ᠃ 12 ᠰᠠᠷ᠎ᠠ ᠶᠢᠨ 20 ᠤ ᠡᠲᠤᠷ ᠠᠴᠠ 21 ᠤ | ᠡᠲᠤᠷ ᠲᠡᠬᠢᠨ ᠰᠢᠯᠠᠭᠠᠷᠠᠭᠤᠯᠬᠤ ᠶᠠᠪᠤᠴᠠ ᠲᠡᠬᠦᠰᠴᠤ᠂ ᠰᠢᠢᠳᠪᠤᠷᠢᠲᠤ ᠤᠷᠤᠯᠲᠤᠭᠠᠨ ᠤ 20 ᠨᠡᠷᠡᠰ ᠢ ᠲᠤᠭᠲᠠᠭᠠᠨ᠎ᠠ︔ 12 ᠰᠠᠷ᠎ᠠ ᠶᠢᠨ22 ᠤ ᠡᠲᠤᠷ ᠤᠨ | ᠥᠲᠡ ᠶᠢᠨ ᠡᠮᠥᠨ᠎ᠡ ᠰᠢᠢᠳᠪᠤᠷᠢᠲᠤ ᠤᠷᠤᠯᠲᠤᠭᠠᠨ ᠶᠠᠪᠤᠭᠤᠯᠤᠨ᠎ᠠ︔12 ᠰᠠᠷ᠎ᠠ ᠶᠢᠨ 22 ᠤ ᠤᠷᠤᠢ ᠶᠢᠨ 19 ᠴᠠᠭ ᠬᠠᠭᠠᠰ ᠲᠤ ᠤᠷᠤᠯᠲᠤᠭᠠᠨ ᠤ | ᠲᠠᠬᠦᠰᠭᠡᠯ ᠤᠨ ᠶᠤᠰᠤᠯᠠᠯ ᠪᠤᠯᠤᠨ ᠱᠠᠩᠨᠠᠯ ᠥᠭᠬᠦ ᠶᠤᠰᠤᠯᠠᠯ ᠶᠠᠪᠤᠭᠲᠠᠭᠤᠯᠤᠨ᠎ᠠ᠃ ᠲᠤᠰ ᠬᠤᠭᠤᠴᠠᠭᠠᠨ ᠳᠤ ᠰᠥᠯᠵᠢᠶᠡᠨ ᠤ ᠨᠠᠶᠢᠵᠠ ᠨᠠᠷ ᠤᠨ ᠬᠥᠷᠴᠤ | ᠰᠤᠨᠢᠷᠬᠠᠬᠤ ᠶᠢ ᠬᠥᠰᠡᠵᠤ ᠪᠠᠶᠢᠨ᠎ᠠ᠃ | ︵ᠬᠥᠲᠥᠯᠥᠭᠴᠢ︶ ᠯᠢᠤ ᠰᠠᠯᠠᠭ᠎ᠠ ᠶᠢᠨ ᠲᠠᠷᠤᠭ᠎ᠠ ᠡ︕ ᠥᠢᠯᠠᠭᠠᠯᠲᠠ ᠪᠠᠷ ᠮᠤᠩᠭᠤᠯ ᠥᠨᠲᠤᠰᠤᠲᠡᠨ ᠤ ᠮᠤᠷᠢᠨ ᠬᠤᠭᠤᠷ ᠤᠨ ᠬᠥᠭᠵᠢᠮ ᠪᠤᠯ ᠮᠠᠨ ᠤ | ᠤᠷᠤᠨ ᠤ ᠤᠯᠤᠰ ᠤᠨ ᠲᠡᠰ ᠤᠨ ᠪᠤᠲᠠᠰ ᠤᠨ ᠪᠤᠰᠤ ᠰᠤᠶᠤᠯ ᠤᠨ ᠥᠯᠡᠲᠡᠭᠲᠡᠯ ᠤᠨ ᠴᠢᠬᠤᠯᠠ ᠲᠥᠯᠥᠭᠡᠯᠡᠬᠦ ᠴᠢᠨᠠᠷᠲᠠᠢ ᠵᠥᠢᠯ ᠪᠤᠯᠤᠨ᠎ᠠ᠂ ᠲᠠ ᠡᠬᠦᠨ ᠢ ᠲᠥᠬᠦᠮᠭᠡᠨ | ᠲᠠᠨᠢᠯᠴᠠᠭᠤᠯᠤᠭᠠᠳ ᠥᠭᠬᠦ ᠪᠤᠯᠪᠠᠤ︖ | ︵ᠯᠢᠤ ᠰᠠᠯᠠᠭ᠎ᠠ ᠶᠢᠨ ᠲᠠᠷᠤᠭ᠎ᠠ︶ 2003 ᠤᠨ ᠳᠤ ᠬᠤᠯᠪᠤᠭᠠᠲᠤ ᠤᠯᠤᠰ ᠤᠨ ᠰᠤᠷᠭᠠᠨ ᠬᠥᠮᠥᠵᠢᠯ ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ | ᠪᠠᠶᠢᠭᠤᠯᠤᠯᠲᠠ ᠠᠴᠠ ᠮᠤᠩᠭᠤᠯ ᠥᠨᠲᠤᠰᠤᠲᠡᠨ ᠤ ᠮᠤᠷᠢᠨ ᠬᠤᠭᠤᠷ ᠤᠨ ᠬᠥᠭᠵᠢᠮ ᠢ《ᠬᠥᠮᠥᠨ ᠲᠥᠷᠤᠯᠬᠢᠲᠡᠨ ᠤ ᠶᠠᠷᠢᠶᠠᠨ ᠤ ᠪᠠ ᠪᠤᠲᠠᠰ ᠤᠨ ᠪᠤᠰᠤ ᠰᠤᠶᠤᠯ ᠤᠨ | ᠥᠯᠡᠲᠡᠭᠲᠡᠯ ᠤᠨ ᠲᠥᠯᠥᠭᠡᠯᠡᠭᠴᠢ ᠪᠥᠲᠤᠭᠡᠯ》 ᠢᠶᠠᠷ ᠨᠡᠷᠡᠶᠢᠲᠤᠵᠤ᠂ 2006 ᠤᠨ ᠳᠤ ᠲᠥᠷᠤ ᠶᠢᠨ ᠶᠠᠪᠤᠲᠠᠯ ᠤᠨ ᠬᠤᠷᠢᠶ᠎ᠠ ᠶᠢᠨ ᠵᠥᠪᠰᠢᠶᠡᠷᠡᠯᠲᠠ ᠪᠠᠷ ᠲᠠᠮᠵᠢᠨ᠂ | ᠮᠤᠩᠭᠤᠯ ᠥᠨᠲᠤᠰᠤᠲᠡᠨ ᠤ ᠮᠤᠷᠢᠨ ᠬᠤᠭᠤᠷ ᠤᠨ ᠬᠥᠭᠵᠢᠮ ᠤᠯᠤᠰ ᠤᠨ ᠲᠡᠰ ᠤᠨ ᠨᠢᠭᠡᠲᠤᠭᠡᠷ ᠪᠥᠯᠥᠭ ᠤᠨ ᠪᠤᠲᠠᠰ ᠤᠨ ᠪᠤᠰᠤ ᠰᠤᠶᠤᠯ ᠤᠨ ᠥᠯᠡᠲᠡᠭᠲᠡᠯ ᠤᠨ | ᠲᠥᠯᠥᠭᠡᠯᠡᠬᠦ ᠴᠢᠨᠠᠷᠲᠠᠢ ᠵᠥᠢᠯ ᠤᠨ ᠨᠡᠷᠡᠰ ᠲᠤ ᠵᠢᠭᠰᠠᠭᠠᠭᠲᠠᠪᠠ᠃ ᠮᠤᠷᠢᠨ ᠬᠤᠭᠤᠷ ᠤᠨ ᠬᠥᠭᠵᠢᠮ ᠬᠥᠨ ᠵᠤᠵᠠᠭᠠᠨ ᠥᠨᠢ ᠤᠲᠠᠭᠠᠨ ᠲᠡᠤᠭᠡ ᠶᠢᠨ ᠤᠯᠠ ᠮᠥᠷ | ᠲᠠᠢ᠂ ᠲᠠᠬᠦᠨ ᠤ ᠥᠪᠡᠷᠮᠢᠴᠡ ᠤᠷᠠᠯᠢᠭ ᠤᠨ ᠢᠯᠡᠷᠡᠬᠦᠯᠬᠦ ᠬᠡᠯᠪᠡᠷᠢ ᠨᠢ ᠮᠤᠩᠭᠤᠯ ᠥᠨᠲᠤᠰᠤᠲᠡᠨ ᠤ ᠰᠤᠶᠤᠯ ᠤᠨ ᠤᠯᠠᠮᠵᠢᠯᠠᠯ ᠪᠠ ᠬᠥᠭᠵᠢᠯᠲᠡ ᠳᠤ ᠤᠨᠴᠠᠭᠠᠢ | ᠪᠠᠶᠢᠬᠤ ᠬᠥᠭᠵᠢᠮ ᠤᠨ ᠥᠢᠯᠡᠰ ᠤᠨ ᠠᠴᠢᠶᠠᠯᠠᠪᠤᠷᠢ ᠪᠤᠯᠤᠨ᠎ᠠ᠂ ᠮᠥᠨ ᠴᠤ ᠬᠥᠲᠡᠯᠮᠥᠷᠢᠴᠢ᠂ ᠪᠠᠭᠠᠲᠤᠷᠯᠢᠭ ᠮᠥᠩᠭᠤᠯ ᠥᠨᠲᠤᠰᠤᠲᠡᠨ ᠤ ᠤᠷᠲᠤ ᠬᠤᠭᠤᠴᠠᠭᠠᠨ ᠤ | ᠥᠢᠯᠡᠳᠪᠤᠷᠢᠯᠠᠯ ᠠᠮᠢᠲᠤᠷᠠᠯ ᠲᠤᠮᠲᠠ ᠡᠬᠦᠲᠤᠨ ᠪᠥᠲᠤᠭᠡᠨ ᠤᠯᠠᠮᠵᠢᠯᠠᠭᠰᠠᠭᠠᠷ ᠢᠷᠡᠭᠰᠡᠨ ᠬᠤᠪᠤᠷ ᠨᠠᠨᠳᠢᠨ ᠤᠶᠤᠨ ᠰᠠᠨᠠᠭᠠᠨ ᠤ ᠡᠳ᠋ ᠪᠠᠶᠠᠯᠢᠭ ᠪᠤᠯᠤᠨ᠎ᠠ᠂ ᠮᠥᠨ | ᠴᠤ ᠮᠤᠩᠭᠤᠯ ᠥᠨᠲᠤᠰᠤᠲᠡᠨ ᠤ ᠬᠥᠭᠵᠢᠮ ᠤᠨ ᠰᠤᠶᠤᠯ ᠤᠨ ᠨᠡᠯᠢᠶᠡᠳ ᠴᠢᠬᠤᠯᠠ ᠪᠥᠷᠢᠯᠲᠤᠬᠦᠨ ᠬᠡᠰᠡᠭ ᠪᠤᠯᠤᠨ᠎ᠠ᠂ ᠮᠤᠩᠭᠤᠯ ᠥᠨᠲᠤᠰᠤᠲᠡᠨ ᠤ ᠰᠢᠯᠢᠲᠡᠭ | ᠤᠯᠠᠮᠵᠢᠯᠠᠯᠲᠤ ᠰᠤᠶᠤᠯ ᠤᠨ ᠨᠡᠶᠢᠲᠡᠯᠢᠭ ᠲᠥᠯᠥᠭᠡᠯᠡᠭᠴᠢ ᠪᠤᠯᠬᠤᠷ ᠥᠷᠭᠡᠨ ᠤᠯᠠᠨ ᠮᠤᠩᠭᠤᠯ ᠤᠯᠠᠨ ᠲᠥᠮᠡᠨ ᠤ ᠬᠠᠶᠢᠷ᠎ᠠ ᠪᠠᠬ᠎ᠠ ᠶᠢ ᠶᠡᠭᠡ ᠯᠡ ᠬᠥᠷᠲᠡᠪᠡ᠃ | ︵ ᠬᠥᠲᠤᠯᠥᠭᠴᠢ︶ ᠯᠢᠤ ᠰᠠᠯᠠᠭ᠎ᠠ ᠶᠢᠨ ᠲᠠᠷᠤᠭ᠎ᠠ ᠡ︕ ᠲᠡᠭᠡᠪᠡᠯ ᠮᠠᠨ ᠤ ᠡᠷᠬᠢᠯᠡᠭᠰᠡᠨ ᠪᠥᠬᠦ ᠤᠷᠤᠨ ᠤ ᠠᠩᠬᠠᠲᠤᠭᠠᠷ ᠬᠤᠭᠤᠴᠠᠭᠠᠨ ᠤ ᠮᠤᠷᠢᠨ | ᠬᠤᠭᠤᠷ ᠤᠨ ᠤᠷᠤᠯᠲᠤᠭᠠᠨ ᠨᠢ ᠮᠤᠷᠢᠨ ᠬᠤᠭᠤᠷ ᠤᠨ ᠬᠥᠭᠵᠢᠮ ᠤᠨ ᠬᠠᠮᠠᠭᠠᠯᠠᠯᠲᠠ ᠬᠡᠷᠡᠭᠯᠡᠯᠲᠡ ᠳᠤ ᠠᠯᠢ ᠠᠯᠢ ᠨᠥᠯᠥᠭᠡ ᠥᠵᠡᠭᠦᠯᠥᠭᠰᠡᠡ ᠪᠤᠢ ︖ | ︵ᠯᠢᠤ ᠰᠠᠯᠠᠭ᠎ᠠ ᠶᠢᠨ ᠲᠠᠷᠤᠭ᠎ᠠ︶ ᠮᠤᠷᠢᠨ ᠬᠤᠭᠤᠷ ᠪᠤᠯ ᠮᠠᠨ ᠤ ᠮᠤᠩᠭᠤᠯ ᠥᠨᠲᠤᠰᠤᠲᠡᠨ ᠤ ᠠᠷᠠᠳ ᠲᠥᠮᠡᠨ ᠤ ᠬᠠᠮᠤᠭ ᠤᠨ ᠲᠥᠯᠥᠭᠡᠯᠡᠬᠦ ᠴᠢᠨᠠᠷᠲᠠᠢ | ᠤᠷᠠᠯᠢᠭ ᠤᠨ ᠬᠡᠯᠪᠡᠷᠢ ᠪᠤᠯᠤᠨ᠎ᠠ᠃ ᠲᠠᠬᠦᠨ ᠤ ᠬᠠᠶᠠ ᠢᠷᠠᠭᠤ ᠰᠠᠶᠢᠬᠠᠨ ᠬᠠᠶᠠ ᠤᠮᠤᠭ ᠲᠡᠬᠦᠯᠲᠡᠷ ᠠᠶᠠᠰ ᠪᠠ ᠪᠠᠶᠢᠭᠠᠯᠢ ᠶᠢᠨ ᠱᠤᠤᠬᠢᠶᠠᠨ ᠮᠡᠲᠤ ᠬᠤᠭᠤᠷ ᠤᠨ | ᠬᠥᠭᠵᠢᠮ ᠨᠢ ᠮᠤᠩᠭᠤᠯ ᠥᠨᠲᠤᠰᠤᠲᠡᠨ ᠤ ᠠᠷᠠᠳ ᠲᠥᠮᠡᠨ ᠤ ᠤᠲᠠᠭᠠᠨ ᠵᠢᠯ ᠤᠨ ᠠᠮᠢᠲᠤᠷᠠᠯ ᠂ ᠠᠵᠠ ᠲᠤᠬᠢᠶᠠᠯ᠂ ᠵᠢᠷᠭᠠᠯ ᠪᠠᠶᠠᠰᠤᠯ ᠤᠨ ᠬᠥᠨ ᠤᠶᠢᠯᠠᠭᠠᠯᠲᠠ ᠶᠢ | ᠠᠭᠤᠯᠵᠤ᠂ ᠲᠡᠳᠡᠨᠤᠰ ᠤᠨ ᠡᠬᠡ ᠤᠯᠤᠰ᠂ ᠲᠠᠯ᠎ᠠ ᠨᠤᠲᠤᠭ᠂ ᠥᠯᠥᠭᠡᠢ ᠨᠤᠲᠤᠭ᠂ ᠲᠥᠷᠤᠯ ᠰᠠᠲᠤᠨ ᠳᠠᠭᠠᠨ ᠬᠢᠵᠠᠭᠠᠯᠠᠰᠢ ᠥᠭᠡᠢ ᠬᠥᠨ ᠰᠡᠳᠬᠢᠯᠭᠡ ᠶᠢ ᠠᠭᠤᠯᠵᠤ | ᠪᠠᠶᠢᠨ᠎ᠠ᠃ ᠲᠤᠰ ᠤᠲᠠᠭᠠᠨ ᠤ ᠤᠷᠤᠯᠲᠤᠭᠠᠨ ᠢ ᠲᠥᠩᠯᠢᠶᠤᠤ ᠬᠤᠲᠠ ᠳᠤ ᠡᠷᠬᠢᠯᠡᠬᠦ ᠨᠢ ᠤᠷᠲᠤᠷᠢᠲᠤᠯᠭᠠ ᠨᠠᠷ ᠤᠨ ᠲᠥᠩᠯᠢᠶᠤᠤ ᠬᠤᠲᠠ ᠶᠢᠨ ᠬᠤᠷᠴᠢᠨ | ᠰᠤᠶᠤᠯ ᠤᠨ ᠬᠠᠮᠠᠭᠠᠯᠠᠯᠲᠠ ᠶᠢᠨ ᠠᠵᠢᠯ ᠳᠠᠬᠢ ᠠᠩᠬᠠᠷᠤᠯ ᠪᠠ ᠵᠥᠪᠰᠢᠶᠡᠷᠡᠯ ᠢ ᠬᠥᠢᠴᠡᠳ ᠢᠯᠡᠷᠡᠬᠦᠯᠵᠤ᠂ ᠲᠥᠩᠯᠢᠶᠤᠤ ᠬᠤᠲᠠ ᠶᠢᠨ ᠬᠤᠷᠴᠢᠨ ᠰᠤᠶᠤᠯ ᠤᠨ | ᠤᠯᠠᠮᠵᠢᠯᠠᠯ᠂ ᠬᠥᠭᠵᠢᠯᠲᠡ ᠲᠤᠮᠲᠠᠬᠢ ᠴᠢᠬᠤᠯᠠ ᠪᠠᠶᠢᠷᠢ ᠪᠠ ᠵᠠᠩᠬᠢᠯᠠᠭ᠎ᠠ ᠶᠢᠨ ᠥᠢᠯᠡᠲᠤᠯ ᠢ ᠨᠡᠩ ᠢᠯᠡᠷᠡᠬᠦᠯᠪᠡ᠃ ᠡᠨᠡᠬᠦ ᠠᠵᠠ ᠵᠠᠪᠰᠢᠶᠠᠨ ᠢᠶᠠᠷ ᠤᠲᠤᠷᠢᠲᠤᠯᠭ᠎ᠠ | ᠨᠠᠷ᠂ ᠨᠠᠶᠢᠵᠠ ᠨᠠᠷ ᠤᠨ ᠲᠥᠩᠯᠢᠶᠤᠤ ᠬᠤᠲᠠ ᠶᠢᠨ ᠰᠤᠶᠤᠯ ᠤᠨ ᠪᠤᠰᠤ ᠥᠯᠡᠲᠡᠭᠲᠡᠯ ᠤᠨ ᠬᠠᠮᠠᠭᠠᠯᠠᠯᠲᠠ ᠶᠢᠨ ᠠᠵᠢᠯ ᠳᠤ ᠲᠠᠮᠵᠢᠯᠭᠡ ᠬᠠᠪᠰᠤᠷᠤᠯᠭ᠎ᠠ | ᠥᠵᠡᠬᠦᠯᠥᠭᠰᠡᠨ ᠳᠤ ᠲᠠᠯᠠᠷᠬᠠᠵᠤ ᠪᠠᠶᠢᠨ᠎ᠠ᠃ ᠲᠤᠰ ᠬᠤᠭᠤᠴᠠᠭᠠᠨ ᠤ ᠤᠷᠤᠯᠲᠤᠭᠠᠨ ᠨᠢ ᠮᠠᠨ ᠤ ᠬᠤᠲᠠ ᠶᠢᠨ ᠮᠤᠷᠢᠨ ᠬᠤᠭᠤᠷ ᠤᠨ ᠤᠷᠠᠯᠢᠭ ᠤᠨ ᠬᠥᠭᠵᠢᠯᠲᠡ ᠶᠢ | ᠯᠠᠪᠲᠠᠢ ᠤᠯᠠᠮ ᠴᠢᠨᠠᠭᠰᠢᠲᠠ ᠠᠬᠢᠭᠤᠯᠤᠨ᠎ᠠ ᠭᠡᠵᠤ ᠪᠢ ᠢᠲᠡᠭᠡᠨ᠎ᠡ᠃ | ︵ᠬᠥᠲᠥᠯᠥᠭᠴᠢ︶ ᠵᠠ᠂ ᠯᠢᠤ ᠰᠠᠯᠠᠭ᠎ᠠ ᠶᠢᠨ ᠲᠠᠷᠤᠭ᠎ᠠ ᠶᠢᠨ ᠰᠠᠶᠢᠬᠠᠨ ᠬᠠᠷᠢᠭᠤᠯᠤᠭᠰᠠᠨ ᠳᠤ ᠲᠤᠩ ᠲᠠᠯᠠᠷᠬᠠᠵᠤ ᠪᠠᠶᠢᠨ᠎ᠠ᠃ ᠪᠠᠰᠠ ᠰᠥᠯᠵᠢᠶᠡᠨ ᠤ ᠨᠠᠶᠢᠵᠠ | ᠨᠡᠷ ᠤᠨ ᠬᠥᠯᠢᠶᠠᠨ ᠥᠵᠡᠭᠰᠡᠨ ᠳᠤ ᠪᠠᠶᠠᠷᠯᠠᠵᠤ ᠪᠠᠶᠢᠨ᠎ᠠ᠃ ᠲᠤᠰ ᠤᠲᠠᠭᠠᠨ ᠤ ᠰᠤᠷᠪᠤᠯᠵᠢᠯᠠᠭ᠎ᠠ ᠠᠲᠡ ᠬᠥᠷᠥᠭᠡᠳ ᠲᠡᠬᠦᠰᠤᠯᠠ᠂ ᠲᠠᠷᠠᠭᠠᠴᠢ ᠶᠢᠨ ᠫᠷᠥᠭᠷᠡᠮ ᠳᠤ | ᠲᠠᠬᠢᠨ ᠠᠭᠤᠯᠵᠠᠶ᠎ᠠ︕ |