ᠬᠥᠷᠢᠶ᠎ᠠ ᠬᠤᠰᠢᠭᠤ ᠤᠷᠤᠨ ᠤ ᠲᠡᠰ ᠤᠨ ᠡᠷᠡᠬᠦᠯᠵᠢᠯ ᠤᠨ ᠠᠬᠢᠭᠤᠯᠤᠯᠲᠠ ᠶᠢᠨ ᠬᠤᠰᠢᠭᠤ ᠶᠢ ᠡᠬᠦᠲᠤᠨ ᠪᠠᠶᠢᠭᠤᠯᠵᠤ ᠤᠯᠠᠨ ᠲᠥᠮᠡᠨ ᠤ ᠡᠷᠡᠬᠦᠯᠵᠢᠯ ᠤᠨ ᠬᠢᠷᠢ ᠲᠥᠪᠰᠢᠨ ᠢ ᠲᠡᠭᠡᠭᠰᠢᠯᠡᠬᠦᠯᠥᠭᠰᠡᠨ ᠨᠢ
ᠨᠡᠶᠢᠲᠡᠯᠡᠭᠰᠡᠨ ᠴᠠᠭ᠄
2019/1/30
       ᠰᠤᠷᠪᠤᠯᠵᠢᠯᠠᠭ᠎ᠠ ᠶᠢᠨ ᠨᠡᠷᠡᠶᠢᠲᠤᠯ᠄ ᠬᠥᠷᠢᠶ᠎ᠠ ᠬᠤᠰᠢᠭᠤ ᠤᠷᠤᠨ ᠤ ᠲᠡᠰ ᠤᠨ ᠡᠷᠡᠬᠦᠯᠵᠢᠯ ᠤᠨ ᠠᠬᠢᠭᠤᠯᠤᠯᠲᠠ ᠶᠢᠨ ᠬᠤᠰᠢᠭᠤ ᠶᠢ ᠡᠬᠦᠲᠤᠨ ᠪᠠᠶᠢᠭᠤᠯᠵᠤ ᠤᠯᠠᠨ ᠲᠥᠮᠡᠨ ᠤ ᠡᠷᠡᠬᠦᠯᠵᠢᠯ ᠤᠨ ᠬᠢᠷᠢ ᠲᠥᠪᠰᠢᠨ ᠢ ᠲᠡᠭᠡᠭᠰᠢᠯᠡᠬᠦᠯᠥᠭᠰᠡᠨ ᠨᠢ        ᠰᠤᠷᠪᠤᠯᠵᠢᠯᠠᠭ᠎ᠠ ᠶᠢᠨ ᠴᠠᠭ᠄ 2018-12-28     09᠄17        ᠰᠤᠷᠪᠤᠯᠵᠢᠯᠠᠭ᠎ᠠ ᠬᠥᠯᠢᠶᠡᠭᠴᠢ᠄ ᠬᠥᠷᠢᠶ᠎ᠠ ᠬᠤᠰᠢᠭᠤᠨ ᠤ ᠡᠷᠡᠬᠦᠯ ᠬᠠᠮᠠᠭᠠᠯᠠᠯ ᠲᠥᠯᠤᠪᠯᠡᠭᠡᠲᠤ ᠥᠷᠡᠵᠢᠯ ᠤᠨ ᠲᠤᠪᠴᠢᠶ᠎ᠠ ᠶᠢᠨ ᠲᠡᠳ᠋ ᠲᠠᠷᠤᠭ᠎ᠠ ᠵᠠᠩ ᠹᠧᠩ ᠬᠥᠸᠧ᠂ ᠬᠥᠷᠢᠶ᠎ᠠ ᠬᠤᠰᠢᠭᠤᠨ ᠤ ᠡᠷᠡᠬᠦᠯ ᠬᠠᠮᠠᠭᠠᠯᠠᠯ ᠲᠥᠯᠤᠪᠯᠡᠭᠡᠲᠤ ᠥᠷᠡᠵᠢᠯ ᠤᠨ ᠲᠤᠪᠴᠢᠶ᠎ᠠ ᠶᠢᠨ ᠲᠡᠳ᠋ ᠲᠠᠷᠤᠭ᠎ᠠ ᠸᠠᠩ ᠴᠥᠨ ᠬᠤᠸ᠋ᠨ᠂ ᠬᠥᠷᠢᠶ᠎ᠠ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠬᠦ ᠲᠥᠪ ᠤᠨ ᠡᠷᠬᠢᠯᠡᠭᠴᠢ ᠹᠠᠨ ᠭᠤᠸᠠᠩ ᠹᠸᠢ        ᠰᠤᠷᠪᠤᠯᠵᠢᠯᠠᠭ᠎ᠠ ᠶᠢᠨ ᠪᠠᠶᠢᠲᠠᠯ᠄ ᠰᠤᠷᠪᠤᠯᠵᠢᠯᠠᠯ ᠲᠡᠭᠦᠰᠪᠡ        ᠭᠤᠤᠯ ᠠᠭᠤᠯᠭ᠎ᠠ᠄ 2017 ᠤᠨ ᠠᠴᠠ ᠨᠠᠰᠢ᠂ ᠤᠯᠤᠰ ᠤᠨ ᠡᠷᠡᠬᠦᠯ ᠬᠠᠮᠠᠭᠠᠯᠠᠯ ᠲᠥᠯᠥᠪᠯᠡᠭᠡᠲᠦ ᠥᠷᠡᠵᠢᠯ ᠤᠨ ᠵᠥᠪᠯᠡᠯ ᠤᠨ《ᠡᠷᠡᠬᠦᠯᠵᠢᠯ ᠤᠨ ᠠᠬᠢᠭᠤᠯᠤᠯᠲᠠ ᠬᠢᠭᠡᠳ ᠬᠥᠮᠥᠵᠢᠯ ᠤᠨ ᠵᠢᠯᠤᠭᠤᠲᠤᠯᠭ᠎ᠠ ᠶᠢ ᠴᠢᠩᠭᠠᠳᠬᠠᠬᠤ ᠲᠤᠬᠠᠢ ᠰᠠᠨᠠᠯ》ᠪᠠ《〈13 ·5〉 ᠶᠢᠨ ᠪᠥᠬᠦ ᠤᠯᠤᠰ ᠤᠨ ᠡᠷᠡᠬᠦᠯᠵᠢᠯ ᠤᠨ ᠠᠬᠢᠭᠤᠯᠤᠯᠲᠠ ᠬᠢᠭᠡᠳ ᠬᠥᠮᠥᠵᠢᠯ ᠤᠨ ᠠᠵᠢᠯ ᠤᠨ ᠲᠥᠯᠥᠪᠵᠢᠬᠦᠯᠭᠡ ᠶᠢ ᠲᠠᠷᠤᠮᠠᠯᠯᠠᠨ ᠲᠠᠷᠬᠠᠭᠠᠬᠤ ᠲᠤᠬᠠᠢ ᠮᠡᠲᠡᠭᠲᠡᠯ》 ᠤᠨ ᠱᠠᠭᠠᠷᠲᠠᠯᠭ᠎ᠠ ᠶᠢ ᠥᠨᠲᠤᠰᠤᠯᠡᠨ᠂ ᠬᠥᠷᠢᠶ᠎ᠠ ᠬᠤᠰᠢᠭᠤ ᠥᠪᠡᠷᠲᠡᠭᠡᠨ ᠵᠠᠰᠠᠬᠤ ᠤᠷᠤᠨ ᠤ ᠲᠡᠰ ᠤᠨ ᠡᠷᠡᠬᠦᠯᠵᠢᠯ ᠤᠨ ᠬᠤᠰᠢᠭᠤ ᠶᠢ ᠡᠭᠦᠲᠤᠨ ᠪᠠᠶᠢᠭᠤᠯᠬᠤ ᠠᠵᠢᠯᠯᠠᠭ᠎ᠠ ᠶᠢ ᠪᠥᠬᠦ ᠬᠥᠴᠤᠨ ᠢᠶᠠᠷ ᠲᠠᠯᠠᠶᠢᠴᠢᠲᠠᠢ ᠥᠷᠨᠢᠬᠦᠯᠵᠤ᠂ ᠵᠠᠰᠠᠭ ᠤᠨ ᠤᠷᠲᠤᠨ ᠤᠲᠤᠷᠢᠲᠤᠨ᠂ ᠰᠠᠯᠠᠭ᠎ᠠ ᠮᠥᠴᠢᠷ ᠬᠠᠮᠵᠢᠯᠴᠠᠬᠤ᠂ ᠨᠡᠶᠢᠭᠡᠮ ᠢᠶᠠᠷ ᠢᠶᠠᠨ ᠤᠷᠤᠯᠴᠠᠬᠤ ᠪᠠ ᠭᠤᠤᠯ ᠰᠡᠲᠤᠪᠲᠤ ᠠᠵᠢᠯᠯᠠᠭ᠎ᠠ ᠵᠡᠷᠭᠡ ᠬᠡᠯᠪᠡᠷᠢ ᠪᠠᠷ ᠲᠠᠮᠵᠢᠨ᠂ ᠡᠷᠡᠬᠦᠯᠵᠢᠯ ᠤᠨ ᠥᠢᠯᠠᠭᠠᠭᠲᠠᠬᠤᠨ ᠪᠠ ᠡᠷᠡᠬᠦᠯ ᠠᠮᠢᠲᠤᠷᠠᠯ ᠤᠨ ᠬᠡᠯᠪᠡᠷᠢ ᠮᠠᠶ᠋ᠢᠭ ᠢ ᠤᠬᠠᠭᠤᠯᠤᠨ ᠰᠠᠨᠠᠭᠠᠴᠢᠯᠠᠵᠤ᠂ ᠬᠥᠮᠤᠨ ᠪᠥᠬᠦᠨ ᠡᠷᠡᠬᠦᠯᠵᠢᠯ ᠳᠤ ᠠᠩᠬᠠᠷᠤᠯ ᠬᠠᠨᠲᠤᠭᠤᠯᠵᠤ᠂ ᠬᠥᠮᠤᠨ ᠪᠥᠷᠢ ᠡᠷᠡᠬᠦᠯᠵᠢᠯ ᠤᠨ ᠬᠥᠮᠥᠵᠢᠯ ᠳᠤ ᠤᠷᠤᠯᠴᠠᠭᠰᠠ ᠰᠢᠨ᠎ᠡ ᠬᠡᠪ ᠰᠤᠷᠲᠠᠯ ᠢ ᠪᠥᠷᠢᠯᠲᠤᠬᠦᠯᠵᠤ᠂ ᠤᠯᠠᠨ ᠲᠥᠮᠡᠨ ᠤ ᠡᠷᠡᠬᠦᠯᠵᠢᠯ ᠤᠨ  ᠬᠡᠪ ᠪᠤᠯᠪᠠᠰᠤᠷᠠᠯ ᠤᠨ ᠬᠢᠷᠢ ᠲᠥᠪᠰᠢᠨ ᠢ ᠲᠠᠰᠤᠷᠠᠯᠲᠠ ᠥᠭᠡᠢ ᠲᠡᠭᠡᠭᠰᠢᠯᠡᠬᠦᠯᠪᠡ᠃       ︵ᠬᠥᠲᠥᠯᠥᠭᠴᠢ︶ ᠰᠥᠯᠵᠢᠶᠡᠨ ᠤ ᠨᠠᠶᠢᠵᠠ ᠨᠠᠷ ᠡ᠂ ᠥᠨᠥᠲᠤᠷ ᠤᠨ ᠰᠥᠯᠵᠢᠶᠡᠨ ᠤ ᠰᠤᠷᠪᠤᠯᠵᠢᠯᠠᠭ᠎ᠠ ᠳᠤ ᠠᠩᠬᠠᠷᠤᠯ ᠬᠠᠨᠲᠤᠭᠤᠯᠤᠭᠠᠷᠠᠢ᠃ ᠥᠨᠤᠲᠤᠷ ᠮᠠᠨ ᠤ ᠤᠷᠢᠭᠰᠠᠨ ᠰᠤᠷᠪᠤᠯᠵᠢᠯᠠᠭ᠎ᠠ ᠬᠥᠯᠢᠶᠡᠭᠴᠢ ᠪᠤᠯ ᠬᠥᠷᠢᠶ᠎ᠠ ᠬᠤᠰᠢᠭᠤᠨ ᠤ ᠡᠷᠡᠬᠦᠯ ᠬᠠᠮᠠᠭᠠᠯᠠᠯ ᠲᠥᠯᠤᠪᠯᠡᠭᠡᠲᠤ ᠥᠷᠡᠵᠢᠯ ᠤᠨ ᠲᠤᠪᠴᠢᠶ᠎ᠠ ᠶᠢᠨ ᠳᠡᠳ᠋ ᠲᠠᠷᠤᠭ᠎ᠠ ᠵᠠᠩ ᠹᠧᠩ ᠬᠥᠸᠧ᠂ ᠬᠥᠷᠢᠶ᠎ᠠ ᠬᠤᠰᠢᠭᠤᠨ ᠤ ᠡᠷᠡᠬᠦᠯ ᠬᠠᠮᠠᠭᠠᠯᠠᠯ ᠲᠥᠯᠤᠪᠯᠡᠭᠡᠲᠤ ᠥᠷᠡᠵᠢᠯ ᠤᠨ ᠲᠤᠪᠴᠢᠶ᠎ᠠ ᠶᠢᠨ ᠳᠡᠳ᠋ ᠲᠠᠷᠤᠭ᠎ᠠ ᠸᠠᠩ ᠴᠥᠨ ᠬᠤᠸ᠋ᠨ᠂ ᠬᠥᠷᠢᠶ᠎ᠠ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠬᠦ ᠲᠥᠪ ᠤᠨ ᠡᠷᠬᠢᠯᠡᠭᠴᠢ ᠹᠠᠨ ᠭᠤᠸᠠᠩ ᠹᠸᠢ ᠪᠤᠯᠤᠨ᠎ᠠ᠂ ᠲᠠᠷᠠᠭᠠᠴᠢ ᠪᠠᠷ ᠥᠨᠥᠲᠤᠷ ᠤᠨ ᠰᠤᠷᠪᠤᠯᠵᠢᠯᠠᠭ᠎ᠠ  ᠪᠠᠨ ᠡᠬᠢᠯᠡᠬᠦᠯᠥᠶ᠎ᠠ᠂ ᠬᠠᠮᠤᠭ ᠤᠨ ᠲᠥᠷᠤᠬᠦᠨ ᠳᠤ ᠡᠷᠡᠬᠦᠯᠵᠢᠯ ᠤᠨ ᠬᠡᠪ ᠪᠤᠯᠪᠠᠰᠤᠷᠠᠯ 66 ᠵᠤᠷᠪᠤᠰ ᠭᠡᠵᠤ ᠲᠤᠷᠠᠲᠤᠭᠰᠠᠨ ᠪᠠᠶᠢᠨ᠎ᠠ᠂ ᠲᠡᠭᠡᠪᠡᠯ ᠡᠷᠡᠭᠦᠯᠵᠢᠯ ᠤᠨ ᠬᠡᠪ ᠪᠤᠯᠪᠠᠰᠤᠷᠠᠯ ᠭᠡᠲᠡᠭ ᠶᠠᠭᠤ ᠪᠤᠯᠬᠤ ᠲᠤᠬᠠᠢ ᠸᠠᠩ ᠲᠤᠪᠴᠢᠶ᠎ᠠ ᠶᠢᠨ ᠲᠠᠷᠤᠭ᠎ᠠ  ᠶᠠᠷᠢᠭᠠᠳ ᠥᠭᠬᠦᠨ᠎ᠡ ᠤᠤ᠃       ︵ᠸᠠᠩ ᠲᠤᠪᠴᠢᠶ᠎ᠠ ᠶᠢᠨ ᠲᠠᠷᠤᠭ᠎ᠠ︶ ᠡᠷᠡᠬᠦᠯᠵᠢᠯ ᠤᠨ ᠬᠡᠪ ᠪᠤᠯᠪᠠᠰᠤᠷᠠᠯ ᠪᠤᠯ ᠬᠤᠪᠢ ᠬᠥᠮᠤᠨ ᠡᠷᠡᠬᠦᠯᠵᠢᠯ ᠤᠨ ᠴᠢᠮᠡᠭᠡ ᠵᠠᠩᠬᠢ ᠶᠢ ᠤᠯᠬᠤ ᠪᠠ ᠥᠢᠯᠠᠭᠠᠬᠤ ᠶᠢᠨ ᠬᠠᠮᠲᠤ ᠡᠲᠡᠭᠡᠷ ᠴᠢᠮᠡᠭᠡ ᠵᠠᠩᠬᠢ ᠶᠢ ᠬᠡᠷᠡᠭᠯᠡᠵᠦ‌‍ᠪᠠ ᠥᠪᠡᠷ ᠤᠨ ᠪᠡᠶ᠎ᠡ ᠶᠢᠨ ᠡᠷᠡᠬᠦᠯ ᠴᠢᠬᠢᠷᠠᠭ ᠢ ᠬᠠᠮᠠᠭᠠᠯᠠᠨ ᠠᠬᠢᠭᠤᠯᠬᠤ ᠴᠢᠲᠠᠪᠤᠷᠢ ᠶᠢ ᠵᠢᠭᠠᠵᠤ ᠪᠠᠶᠢᠨ᠎ᠠ᠃ ᠤᠲᠤᠬᠢᠴᠢ ᠡᠷᠡᠬᠦᠯᠵᠢᠯ ᠤᠨ ᠥᠢᠯᠠᠭᠠᠭᠲᠠᠬᠤᠨ ᠢᠶᠠᠷ ᠪᠤᠯ ᠵᠥᠪᠭᠡᠨ ᠡᠪᠡᠳᠴᠢᠨ ᠡᠮᠬᠡᠭ ᠥᠭᠡᠢ ᠪᠤᠶᠤ ᠲᠠᠮᠢᠷᠲᠠᠬᠤ ᠪᠠᠷ ᠯᠠ ᠬᠢᠵᠠᠭᠠᠷᠯᠠᠭᠲᠠᠬᠤ ᠪᠢᠰᠢ ᠬᠠᠷᠢᠨ ᠪᠠᠰᠠ᠂ ᠪᠡᠶ᠎ᠡ ᠰᠡᠳᠬᠢᠴᠨ ᠬᠢᠭᠡᠳ ᠨᠡᠶᠢᠭᠡᠮ ᠯᠦᠭᠡ ᠵᠤᠬᠢᠴᠠᠬᠤ ᠪᠥᠷᠢᠨ ᠰᠠᠶᠢᠨ ᠪᠠᠶᠢᠲᠠᠯ ᠢ ᠵᠢᠭᠠᠵᠤ ᠪᠠᠶᠢᠨ᠎ᠠ᠂ ᠡᠷᠡᠬᠦᠯᠵᠢᠯ ᠤᠨ ᠬᠡᠪ ᠪᠤᠯᠪᠠᠰᠤᠷᠠᠯ ᠳᠤ ᠭᠤᠷᠪᠠᠨ ᠲᠠᠯ᠎ᠠ ᠶᠢᠨ ᠠᠭᠤᠯᠭ᠎ᠠ ᠳᠤ ᠪᠠᠭᠲᠠᠨ᠎ᠠ᠃       ︵ᠬᠥᠲᠥᠯᠥᠭᠴᠢ︶ ᠲᠡᠭᠡᠪᠡᠯ《 ᠡᠷᠭᠡᠲᠤ ᠠᠷᠠᠳ ᠤ ᠡᠷᠡᠬᠦᠯᠵᠢᠯ ᠤᠨ ᠬᠡᠪ ᠪᠤᠯᠪᠠᠰᠤᠷᠠᠯ ᠤᠨ 66 ᠵᠤᠷᠪᠤᠰ》ᠭᠡᠲᠡᠭ ᠨᠢ ᠶᠠᠭᠤ ᠪᠤᠯᠬᠤ ᠪᠤᠢ︖       ︵ᠸᠠᠩ ᠲᠤᠪᠴᠢᠶ᠎ᠠ ᠶᠢᠨ ᠲᠠᠷᠤᠭ᠎ᠠ︶ 2015 ᠤᠨ ᠳᠤ ᠤᠯᠤᠰ ᠤᠨ ᠤᠤᠯ ᠤᠨ ᠡᠷᠡᠬᠦᠯ ᠬᠠᠮᠠᠭᠠᠯᠠᠯ ᠲᠥᠯᠥᠪᠯᠡᠭᠡᠲᠤ ᠥᠷᠡᠵᠢᠯ ᠤᠨ ᠵᠥᠪᠯᠡᠯ《ᠲᠤᠮᠲᠠᠲᠤ ᠤᠯᠤᠰ ᠤᠨ ᠡᠷᠭᠡᠲᠤ ᠠᠷᠠᠳ ᠤᠨ ᠡᠷᠡᠬᠦᠯᠵᠢᠯ ᠤᠨ ᠬᠡᠪ ᠪᠤᠯᠪᠠᠰᠤᠷᠠᠯ ᠤᠨ ᠥᠨᠲᠤᠰᠤᠨ ᠮᠡᠲᠡᠯᠭᠡ ᠬᠢᠭᠡᠳ ᠴᠢᠲᠠᠪᠤᠷᠢ ᠤᠨ ᠮᠡᠲᠡᠭᠲᠡᠯ》 ᠢ ᠲᠠᠷᠤᠮᠠᠯᠯᠠᠨ ᠲᠠᠷᠬᠠᠭᠠᠵᠤ᠂ ᠥᠨᠲᠤᠰᠤᠨ ᠮᠡᠲᠡᠯᠭᠡ ᠪᠠ ᠥᠢᠯᠠᠭᠠᠭᠲᠠᠬᠤᠨ᠂ ᠡᠷᠡᠬᠦᠯ ᠤᠨ ᠠᠮᠢᠲᠤᠷᠠᠯ ᠤᠨ ᠬᠡᠯᠪᠡᠷᠢ ᠮᠠᠶ᠋ᠢᠭ ᠬᠢᠭᠡᠳ ᠠᠵᠢᠯᠯᠠᠭ᠎ᠠ ᠶᠢᠨ ᠥᠨᠲᠤᠰᠤᠨ ᠴᠢᠲᠠᠪᠤᠷᠢ ᠵᠡᠷᠭᠡ ᠭᠤᠷᠪᠠᠨ ᠲᠠᠯ᠎ᠠ ᠠᠴᠠ ᠠᠷᠠᠳ ᠢᠷᠭᠡᠳ ᠤᠨ ᠡᠵᠡᠮᠰᠢᠪᠡᠯ ᠵᠤᠬᠢᠬᠤ ᠮᠡᠲᠡᠯᠭᠡ ᠪᠠ ᠴᠢᠲᠠᠪᠤᠷᠢ ᠳᠤ ᠲᠤᠲᠤᠷᠬᠠᠶᠢᠯᠠᠨ ᠥᠬᠦᠯᠡᠪᠡ᠃ ᠰᠢᠨᠵᠢᠯᠡᠬᠦ ᠤᠬᠠᠭᠠᠨᠴᠢ ᠴᠢᠨᠠᠷ᠂ ᠮᠡᠲᠡᠯᠭᠡᠲᠤ ᠴᠢᠨᠠᠷ᠂ ᠪᠤᠲᠠᠲᠤ ᠬᠡᠷᠡᠭᠴᠡᠭᠡᠲᠦ ᠴᠢᠨᠠᠷ ᠢ ᠴᠤᠭᠴᠠᠵᠢᠭᠤᠯᠵᠤ᠂ ᠤᠲᠤᠬᠢ ᠬᠤᠭᠤᠴᠠᠭᠠᠨ ᠤ ᠡᠷᠡᠬᠦᠯ ᠤᠨ ᠠᠮᠢᠲᠤᠷᠠᠯ ᠤᠨ ᠬᠡᠯᠪᠠᠷᠢ ᠮᠠᠶ᠋ᠢᠭ ᠪᠠ ᠠᠵᠢᠯᠯᠠᠭ᠎ᠠ ᠶᠢᠨ ᠪᠠᠶᠢᠪᠠᠯ ᠵᠤᠬᠢᠬᠤ ᠥᠨᠲᠤᠰᠤᠨ ᠮᠡᠲᠡᠯᠭᠡ ᠪᠠ ᠴᠢᠲᠠᠪᠤᠷᠢ ᠢ ᠬᠠᠮᠤᠷᠤᠭᠰᠠᠨ ᠪᠠᠶᠢᠨ᠎ᠠ᠃        ︵ᠬᠥᠲᠥᠯᠥᠭᠴᠢ︶ ᠸᠠᠩ ᠲᠤᠪᠴᠢᠶ᠎ᠠ ᠶᠢᠨ ᠲᠠᠷᠤᠭ᠎ᠠ᠂ ᠲᠠ ᠡᠷᠡᠬᠦᠯᠵᠢᠯ ᠤᠨ ᠠᠮᠢᠲᠤᠷᠠᠯ ᠤᠨ ᠬᠡᠯᠪᠡᠷᠢ ᠮᠠᠶ᠋ᠢᠭ ᠤᠨ ᠲᠤᠬᠠᠢ ᠶᠠᠷᠢᠭᠠᠳ ᠥᠭᠬᠦᠨ᠎ᠡ ᠤᠤ᠃        ︵ᠸᠠᠩ ᠲᠤᠪᠴᠢᠶ᠎ᠠ ᠶᠢᠨ ᠲᠠᠷᠤᠭ᠎ᠠ︶ ᠡᠷᠡᠬᠦᠯ ᠠᠮᠢᠲᠤᠷᠠᠯ ᠤᠨ ᠬᠡᠯᠪᠡᠷᠢ ᠮᠠᠶ᠋ᠢᠭ ᠭᠡᠲᠡᠭ ᠨᠢ᠄ ᠵᠤᠬᠢᠴᠠᠩᠭᠤᠢ ᠬᠤᠭᠤᠯᠡ ᠤᠮᠲᠠ᠂ ᠲᠤᠬᠢᠷᠠᠮᠵᠢᠲᠠᠢ ᠬᠥᠲᠡᠯᠭᠡᠭᠡᠨ᠂ ᠲᠠᠮᠠᠬᠢ ᠶᠢ ᠴᠠᠭᠠᠵᠠᠯᠠᠵᠤ ᠠᠷᠢᠬᠢ  ᠪᠠᠭ᠎ᠠ ᠤᠤᠭᠤᠬᠤ᠂ ᠰᠡᠳᠬᠢᠯ ᠤᠨ ᠲᠡᠩᠴᠡᠬᠦᠷᠢ ᠵᠡᠷᠭᠡ ᠲᠥᠷᠪᠠᠨ ᠲᠠᠯ᠎ᠠ ᠶᠢ ᠪᠠᠭᠲᠠᠭᠠᠨ᠎ᠠ᠃ ᠵᠤᠬᠢᠴᠠᠩᠭᠤᠢ ᠬᠤᠭᠤᠯᠡ ᠤᠮᠲᠠ ᠭᠡᠲᠡᠭ ᠨᠢ ᠤᠯᠠᠨ ᠵᠥᠢᠢᠯ ᠤᠨ ᠢᠲᠡᠭᠡᠨ ᠢᠶᠠᠷ ᠬᠥᠮᠤᠨ ᠤ ᠪᠡᠶ᠎ᠡ ᠶᠢᠨ ᠰᠢᠮ᠎ᠡ ᠲᠡᠵᠢᠭᠡᠯ ᠤᠨ ᠱᠠᠭᠠᠷᠲᠠᠯᠭ᠎ᠠ ᠶᠢ ᠬᠠᠩᠭᠠᠨ᠎ᠠ᠃ ᠭᠡᠬᠦ ᠳᠡᠭᠡᠨ ᠡᠷᠲᠡ ᠶᠢᠨ ᠬᠤᠭᠤᠯᠡ ᠪᠠᠨ ᠰᠠᠶᠢᠨ ᠢᠲᠡᠵᠤ᠂  ᠥᠲᠠ ᠶᠢᠨ ᠬᠤᠭᠤᠯᠡ ᠶᠢ ᠴᠠᠳᠲᠠᠯ᠎ᠠ ᠢᠲᠠᠵᠥ᠂ ᠤᠷᠤᠢ ᠶᠢᠨ ᠬᠤᠭᠤᠯᠡ ᠶᠢ ᠪᠠᠭ᠎ᠠ ᠢᠲᠠᠨ᠎ᠡ᠂ ᠲᠠᠭᠠᠨ ᠬᠡᠮᠵᠢᠶ᠎ᠠ  ᠲᠠᠢ ᠢᠲᠡᠵᠤ  ᠂ ᠬᠡᠲᠤᠷᠡᠲᠤᠯ᠎ᠠ ᠢᠲᠡᠵᠤ ᠤᠤᠭᠤᠬᠤ ᠥᠭᠡᠢ᠃ ᠲᠤᠬᠢᠷᠠᠮᠵᠢᠲᠠᠢ ᠬᠥᠲᠡᠯᠭᠡᠭᠡᠨ ᠬᠢᠨ᠎ᠡ ᠭᠡᠲᠡᠭ ᠨᠢ ᠪᠥᠲᠤᠬᠦᠨ ᠬᠥᠮᠤᠨ ᠬᠠᠮᠤᠭ ᠤᠨ ᠰᠠᠶᠢᠨ ᠳᠠᠭᠠᠨ ᠭᠠᠷᠠᠭ ᠪᠥᠷᠢ 5—7 ᠤᠲᠠᠭ᠎ᠠ᠂ ᠤᠲᠠᠭ᠎ᠠ ᠪᠥᠷᠢ 30 ᠮᠢᠨᠥ᠋ᠲ ᠤᠨ ᠲᠤᠮᠲᠠ ᠲᠡᠰ ᠤᠨ ᠬᠥᠴᠤᠯᠡᠴᠨ ᠤᠨ ᠪᠤᠯᠪᠠᠰᠤᠷᠠᠯ ᠬᠢᠨ᠎ᠡ᠃ ᠲᠠᠮᠠᠬᠢ ᠶᠢ ᠴᠠᠭᠠᠵᠠᠯᠠᠵᠤ ᠠᠷᠢᠬᠢ ᠶᠢ ᠪᠠᠭ᠎ᠠ ᠤᠤᠭᠤᠨ᠎ᠠ᠄ ᠲᠠᠮᠠᠬᠢ ᠲᠠᠲᠠᠬᠤ ᠨᠢ ᠪᠡᠶ᠎ᠡ ᠶᠢᠨ ᠡᠷᠠᠬᠦᠯ ᠴᠢᠬᠢᠷᠠᠭ ᠲᠤ ᠬᠥᠨᠥᠭᠡᠯ ᠲᠠᠢ᠂ ᠲᠠᠮᠠᠬᠢ ᠲᠠᠲᠠᠭᠴᠢ ᠨᠢᠭᠡᠪᠤᠷᠢ ᠲᠠᠮᠠᠬᠢ ᠪᠠᠨ ᠵᠤᠭᠰᠤᠪᠠᠯ ᠵᠤᠬᠢᠨ᠎ᠠ᠂ ᠠᠷᠢᠬᠢ ᠶᠢ ᠬᠡᠮᠵᠢᠶᠠᠨ ᠠᠴᠠ ᠭᠡᠲᠤᠷᠡᠲᠥᠯ᠎ᠠ ᠤᠤᠭᠤᠵᠤ ᠪᠤᠯᠬᠤ ᠥᠭᠡᠢ᠂ ᠴᠢᠲᠠᠬᠤ ᠳᠠᠭᠠᠨ   ᠵᠥᠭᠡᠯᠡᠨ ᠠᠷᠢᠬᠢ ᠶᠢ ᠤᠤᠭᠤᠪᠠᠯ ᠵᠤᠬᠢᠨ᠎ᠠ᠃ ᠰᠡᠳᠬᠢᠯ ᠤᠨ ᠲᠡᠩᠴᠡᠭᠦᠷᠢ ᠭᠡᠲᠡᠭ ᠨᠢ ᠰᠡᠳᠬᠢᠯ ᠤᠨ ᠪᠠᠶᠢᠲᠠᠯ ᠲᠤᠭᠲᠠᠭᠤᠨ᠂ ᠬᠥᠮᠥᠰ ᠤᠨ ᠬᠤᠭᠤᠷᠤᠨᠲᠤᠬᠢ ᠬᠠᠷᠢᠴᠠᠭ᠎ᠠ ᠰᠠᠶᠢᠨ ᠪᠠᠶᠢᠬᠤ ᠶᠢ ᠵᠢᠭᠠᠵᠤ ᠪᠠᠶᠢᠨ᠎ᠠ᠃       ︵ᠬᠥᠲᠥᠯᠥᠭᠴᠢ︶ ᠹᠠᠨ ᠡᠷᠬᠢᠯᠡᠭᠴᠢ ᠡ᠂ ᠤᠯᠤᠰ ᠠᠴᠠ ᠤᠲᠠᠭᠠᠨ ᠴᠢᠨᠠᠷᠲᠠᠢ ᠡᠪᠡᠳᠴᠢᠨ ᠢ ᠰᠡᠷᠬᠡᠶᠢᠯᠡᠨ ᠡᠵᠡᠮᠲᠡᠬᠦ ᠵᠢᠱᠢᠶᠡᠴᠢ ᠤᠷᠤᠨ ᠢ ᠬᠡᠵᠢᠶ᠎ᠡ ᠠᠴᠠ ᠡᠬᠢᠯᠡᠵᠤ ᠡᠭᠦᠲᠤᠨ ᠪᠠᠶᠢᠭᠤᠯᠤᠭᠰᠠ ᠪᠤᠢ︖       ︵ᠹᠠᠨ ᠡᠷᠬᠢᠯᠡᠭᠴᠢ︶ ᠤᠯᠤᠰ ᠠᠴᠠ ᠠᠯᠢ ᠡᠷᠲᠡ 2009 ᠤᠨ ᠳᠤ《ᠡᠮ ᠡᠮᠨᠡᠯᠭᠡ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠥᠭᠡᠷᠡᠴᠢᠯᠡᠯᠲᠡ ᠶᠢ ᠭᠥᠨᠵᠡᠭᠡᠶᠢᠷᠡᠬᠦᠯᠬᠦ ᠲᠤᠬᠠᠢ ᠲᠤᠮᠲᠠᠲᠤ ᠤᠯᠤᠰ ᠤᠨ ᠡᠪ ᠬᠠᠮᠲᠤ ᠨᠠᠮ ᠤᠨ ᠲᠥᠪ ᠬᠤᠷᠢᠶ᠎ᠠ᠂ ᠲᠥᠷᠤ ᠶᠢᠨ ᠶᠠᠪᠤᠲᠠᠯ ᠤᠨ ᠬᠤᠷᠢᠶ᠎ᠠ ᠶᠢᠨ ᠰᠠᠨᠠᠯ》 ᠢ ᠲᠤᠤᠱᠯᠠᠭᠤᠯᠤᠨ ᠨᠠᠶᠢᠲᠠᠪᠤᠷᠢᠵᠢᠭᠤᠯᠬᠤ ᠶᠠᠪᠤᠴᠠ ᠳᠤ᠂ ᠤᠲᠠᠭᠠᠨ ᠴᠢᠨᠠᠷᠲᠠᠢ ᠬᠠᠯᠲᠠᠪᠤᠷᠢᠲᠤ ᠪᠤᠰᠤ ᠡᠪᠡᠳᠴᠢᠨ ᠡᠮᠭᠡᠭ ᠢ ᠰᠡᠷᠭᠡᠶᠢᠯᠡᠡ ᠡᠵᠡᠮᠰᠢᠬᠦ ᠠᠵᠢᠯ ᠢ ᠴᠢᠩᠭᠠᠳᠬᠠᠬᠤ ᠶᠢᠨ ᠲᠥᠯᠥᠭᠡ ᠡᠷᠡᠬᠦᠯ ᠬᠠᠮᠠᠭᠠᠯᠠᠯ ᠤᠨ ᠶᠠᠮᠤᠨ ᠠᠴᠠ《ᠤᠲᠠᠭᠠᠨ ᠴᠢᠨᠠᠷᠲᠠᠢ ᠬᠠᠯᠲᠠᠪᠤᠷᠢᠲᠤ ᠪᠤᠰᠤ ᠡᠪᠡᠳᠴᠢᠨ ᠡᠮᠭᠡᠭ ᠢ ᠶᠡᠷᠦᠩᠬᠡᠶᠢᠯᠡᠨ ᠰᠡᠷᠭᠡᠶᠢᠯᠡᠨ ᠡᠵᠡᠮᠲᠡᠬᠦ ᠵᠢᠱᠢᠶᠡᠴᠢ ᠤᠷᠤᠨ》ᠡᠬᠦᠲᠤᠨ ᠪᠠᠶᠢᠭᠤᠯᠬᠤ ᠠᠵᠢᠯ ᠢ ᠪᠥᠬᠦ ᠤᠯᠤᠰ ᠤᠨ ᠬᠡᠪᠴᠢᠶᠡᠨ᠎ᠠ ᠥᠷᠨᠢᠬᠦᠯᠬᠦ ᠪᠠᠷ ᠲᠤᠭᠲᠠᠬᠤ ᠶᠢᠨ ᠬᠠᠮᠲᠤ ᠠᠵᠢᠯ ᠢ ᠵᠢᠯᠤᠭᠤᠳᠬᠤ ᠲᠥᠰᠤᠪ   ᠲᠠᠷᠤᠮᠠᠯᠯᠠᠨ ᠲᠠᠷᠬᠠᠭᠠᠪᠠ  ᠃      ︵ᠬᠥᠲᠤᠯᠥᠭᠴᠢ︶ ᠹᠡᠨ ᠡᠷᠬᠢᠯᠡᠭᠴᠢ ᠡ︕ ᠬᠥᠷᠢᠶ᠎ᠠ ᠬᠤᠰᠢᠭᠤ ᠤᠲᠠᠭᠠᠨ ᠴᠢᠨᠠᠷᠲᠠᠢ ᠡᠪᠡᠳᠴᠢᠨ ᠡᠮᠭᠡᠭ ᠢ ᠰᠡᠷᠭᠡᠶᠢᠯᠡᠨ ᠡᠵᠡᠮᠲᠡᠬᠦ ᠵᠢᠱᠢᠶᠡᠴᠢ ᠤᠷᠤᠨ ᠢ ᠡᠭᠦᠲᠤᠨ ᠪᠠᠶᠢᠭᠤᠯᠬᠤ ᠲᠠᠯ᠎ᠠ ᠪᠠᠷ ᠶᠠᠮᠠᠷ ᠬᠠᠮᠢᠶ᠎ᠠ ᠪᠥᠬᠦᠢ ᠲᠥᠷᠤ ᠶᠢᠨ ᠪᠤᠲᠤᠯᠭ᠎ᠠ ᠲᠤᠭᠲᠠᠭᠠᠭᠰᠠᠨ ᠪᠤᠢ︖       ︵ᠹᠠᠨ ᠡᠷᠬᠢᠯᠡᠭᠴᠢ︶ 2017 ᠤᠨ ᠤ 8 ᠰᠠᠷ᠎ᠠ ᠶᠢᠨ 30 ᠳᠤ᠂ ᠮᠠᠨ ᠤ ᠬᠤᠰᠢᠭᠤ《ᠬᠥᠷᠢᠶ᠎ᠠ ᠬᠤᠰᠢᠭᠤ ᠥᠪᠡᠷᠲᠡᠭᠡᠨ ᠵᠠᠰᠠᠬᠤ ᠤᠷᠤᠨ ᠤ ᠲᠠᠰ ᠤᠨ ᠤᠲᠠᠭᠠᠨ ᠴᠢᠨᠠᠷᠲᠠᠢ ᠬᠠᠯᠲᠠᠪᠤᠷᠢᠲᠤ ᠪᠤᠰᠤ ᠡᠪᠡᠳᠴᠢᠨ ᠢ ᠶᠡᠷᠥᠩᠭᠡᠶᠢᠯᠡᠨ ᠰᠡᠷᠭᠡᠶᠢᠯᠡᠨ ᠡᠵᠡᠮᠲᠡᠬᠦ ᠵᠢᠱᠢᠶᠠᠴᠢ ᠤᠷᠤᠨ ᠢ ᠡᠭᠦᠳᠭᠦ ᠡᠬᠢᠯᠠᠯᠲᠠ ᠶᠢᠨ ᠬᠤᠷᠠᠯ》ᠬᠤᠷᠠᠯᠲᠤᠭᠤᠯᠪᠠ᠃ ᠬᠤᠷᠠᠯ ᠤᠨ ᠲᠠᠷᠠᠭᠠᠴᠢ《ᠬᠥᠷᠢᠶ᠎ᠠ ᠬᠤᠰᠢᠭᠤ ᠤᠲᠠᠭᠠᠨ ᠴᠢᠨᠠᠷᠲᠠᠢ ᠡᠪᠡᠳᠴᠢᠨ ᠢ ᠶᠡᠷᠥᠩᠭᠡᠶᠢᠯᠡᠨ ᠰᠡᠷᠭᠡᠶᠢᠯᠡᠨ ᠡᠵᠡᠮᠲᠡᠬᠦ ᠵᠢᠱᠢᠶᠠᠴᠢ ᠤᠷᠤᠨ ᠶᠢ ᠪᠠᠶᠢᠭᠤᠯᠬᠤ ᠲᠥᠰᠤᠪ》 ᠢ ᠲᠠᠷᠬᠠᠭᠠᠭᠰᠠᠨ ᠤ ᠬᠠᠮᠲᠤ ᠪᠥᠭᠡᠳ 40 ᠭᠠᠷᠤᠢ ᠬᠠᠮᠢᠶ᠎ᠠ ᠪᠥᠬᠦᠢ ᠬᠠᠷᠢᠭᠤᠴᠠᠯᠭᠠᠲᠤ ᠰᠠᠯᠠᠭ᠎ᠠ ᠮᠥᠴᠢᠷ ᠯᠦᠭᠡ ᠬᠠᠷᠢᠭᠤᠴᠯᠠᠭ᠎ᠠ ᠶᠢᠨ ᠪᠢᠴᠢᠭ ᠲᠤ ᠭᠠᠷ ᠤᠨ ᠥᠰᠥᠭ ᠵᠢᠷᠤᠵᠤ᠂ ᠬᠥᠭᠵᠢᠬᠦᠯᠥᠯᠲᠡ ᠥᠭᠡᠷᠡᠴᠢᠯᠡᠯᠲᠡ ᠶᠢᠨ ᠵᠥᠪᠯᠡᠯ ᠤᠲᠠᠭᠠᠨ ᠴᠢᠨᠠᠷᠲᠡᠢ ᠡᠪᠡᠳᠴᠢᠨ ᠢ ᠰᠡᠷᠭᠡᠶᠢᠯᠡᠡ ᠡᠵᠡᠮᠲᠡᠬᠦ ᠠᠵᠢᠯ ᠢ《13·5》 ᠶᠢᠨ ᠠᠵᠤ ᠠᠬᠤᠢ ᠶᠢᠨ ᠬᠥᠭᠵᠢᠬᠦᠯᠥᠯᠲᠡ ᠶᠢᠨ ᠲᠥᠯᠥᠪᠵᠢᠬᠦᠯᠭᠡ ᠳᠤ ᠤᠷᠤᠭᠤᠯᠪᠠ᠂ ᠡᠨᠡᠬᠦ ᠰᠢᠷᠢᠰ ᠠᠷᠭ᠎ᠠ ᠪᠠᠷᠢᠯ ᠮᠠᠨ ᠤ ᠤᠲᠠᠭᠠᠨ ᠴᠢᠨᠠᠷᠲᠠᠢ ᠡᠪᠡᠳᠴᠢᠨ ᠢ ᠰᠡᠷᠭᠡᠶᠢᠯᠡᠨ ᠡᠵᠡᠮᠲᠡᠬᠦ ᠠᠵᠢᠯ ᠤᠨ ᠤᠷᠤᠭᠰᠢᠲᠠᠢ ᠨᠠᠶᠢᠲᠠᠪᠤᠷᠢᠵᠢᠭᠤᠯᠤᠯᠲᠠ ᠶᠢ ᠪᠠᠲᠤᠯᠠᠪᠠ᠃       ︵ᠬᠥᠲᠥᠯᠥᠭᠴᠢ︶ ᠤᠲᠠᠭᠠᠨ ᠴᠢᠨᠠᠷᠲᠠᠢ ᠡᠪᠡᠳᠴᠢᠨ ᠢ ᠰᠡᠷᠭᠡᠶᠢᠯᠡᠨ ᠡᠵᠡᠮᠲᠡᠬᠦ ᠪᠠᠶᠢᠲᠠᠯ ᠨᠢᠭᠡᠨᠲᠡ ᠲᠤᠩ ᠲᠤᠯᠭᠠᠮ᠎ᠠ ᠪᠤᠯᠪᠠ᠂ ᠲᠡᠷᠨ ᠨᠢ ᠶᠠᠮᠠᠷ ᠤᠨᠴᠠᠯᠢᠭ  ᠲᠠᠢ ᠪᠤᠢ︖ ᠲᠡᠷᠨ ᠨᠢ ᠶᠠᠮᠠᠷ ᠬᠢᠷᠢ ᠲᠥᠪᠰᠢᠨ ᠳᠤ ᠬᠥᠷᠴᠤ ᠪᠠᠶᠢᠬᠤ ᠶᠢ ᠹᠠᠨ ᠡᠷᠬᠢᠯᠡᠭᠴᠢ ᠶᠠᠷᠢᠭᠠᠳ ᠥᠭᠬᠦᠨ᠎ᠡ ᠤᠤ᠃       ︵ᠹᠠᠨ ᠡᠷᠬᠢᠯᠡᠭᠴᠢ︶ ᠤᠲᠠᠭᠠᠨ ᠴᠢᠨᠠᠷᠲᠠᠢ ᠡᠪᠡᠳᠴᠢᠨ ᠤ ᠬᠤᠭᠤᠴᠠᠭ᠎ᠠ ᠤᠷᠲᠤ᠂ ᠰᠢᠯᠲᠠᠭᠠᠨ ᠪᠤᠲᠤᠯᠢᠶ᠋ᠨᠲᠠᠢ᠂ ᠤᠲᠠᠭᠠᠰᠢᠷᠠᠬᠤ ᠴᠢᠨᠠᠷ᠂ ᠥᠪᠡᠷᠲᠡᠭᠡᠨ ᠰᠠᠶᠢᠵᠢᠷᠠᠬᠤ ᠥᠭᠡᠢ ᠪᠠ  ᠵᠠᠰᠠᠪᠤᠷᠢ ᠠᠪᠬᠤ ᠥᠭᠡᠢ᠂ ᠡᠷᠡᠬᠦᠯ ᠴᠢᠬᠢᠷᠠᠭ ᠲᠤ ᠬᠤᠬᠢᠷᠠᠯ ᠲᠠᠢ ᠪᠠ ᠨᠡᠶᠢᠭᠡᠮ ᠤᠨ ᠬᠥᠨᠤᠭᠡᠯ ᠬᠥᠨᠲᠤ ᠨᠤᠴᠢᠲᠠᠢ ᠵᠡᠷᠭᠡ ᠤᠨᠴᠠᠯᠢᠭ ᠲᠠᠢ ᠃ ᠤᠲᠠᠭᠠᠨ ᠴᠢᠨᠠᠷᠲᠠᠢ ᠡᠪᠡᠳᠴᠢᠨ ᠪᠤᠯ ᠪᠥᠬᠦ ᠪᠥᠮᠪᠥᠷᠴᠡᠭ ᠤᠨ ᠴᠢᠬᠤᠯᠠ ᠨᠢᠭᠡ ᠤᠯᠡᠨ ᠨᠡᠶᠢᠲᠡ ᠶᠢᠨ ᠡᠷᠠᠬᠦᠯ ᠬᠠᠮᠠᠭᠠᠯᠠᠯ ᠤᠨ ᠠᠰᠠᠭᠤᠲᠠᠯ ᠪᠤᠯᠤᠨ᠎ᠠ᠂ ᠪᠥᠬᠦ ᠪᠥᠮᠪᠤᠷᠴᠡᠭ ᠲᠤ ᠥᠬᠦᠬᠦ ᠪᠠ ᠵᠡᠮᠲᠡᠭ ᠪᠣᠯᠭᠠᠬᠤ ᠲᠥᠷᠤᠬᠦᠨ ᠤ ᠪᠠᠶᠢᠷᠢ ᠳᠤ ᠤᠷᠤᠵᠤ ᠪᠠᠶᠢᠨ᠎ᠠ᠃ ᠮᠠᠨ ᠤ ᠬᠤᠰᠢᠭᠤ ᠶᠢᠨ ᠰᠠᠭᠤᠭᠠᠯᠢ ᠠᠷᠠᠳ ᠤᠨ ᠡᠷᠡᠬᠦᠯ ᠴᠢᠬᠢᠷᠠᠭ ᠮᠥᠨ ᠪᠠᠰᠠ ᠠᠲᠠᠯᠢ ᠪᠠᠷ ᠤᠲᠠᠭᠠᠨ ᠴᠢᠨᠠᠷᠲᠠᠢ ᠡᠪᠡᠳᠴᠢᠨ ᠤ ᠰᠥᠷᠲᠡᠬᠦᠯᠥᠯ ᠳᠤ ᠤᠴᠠᠷᠠᠵᠤ ᠪᠠᠶᠢᠨ᠎ᠠ᠂ ᠰᠠᠭᠤᠭᠠᠯᠢ ᠠᠷᠠᠳ ᠤᠨ ᠥᠬᠦᠭᠰᠡᠨ ᠰᠢᠯᠲᠠᠭᠠᠨ ᠤ ᠡᠮᠥᠨ᠎ᠡ ᠭᠤᠷᠪᠠ ᠪᠤᠯ ᠵᠢᠷᠥᠭᠡ ᠲᠤᠯᠤᠭᠠᠢ ᠶᠢᠨ ᠴᠢᠰᠤᠨ ᠰᠤᠷᠲᠠᠯ ᠤᠨ ᠰᠢᠰᠲ᠋ᠧᠮ ᠤᠨ ᠡᠪᠡᠳᠴᠢᠨ᠂ ᠬᠤᠤᠷᠲᠤ ᠴᠢᠨᠠᠷᠲᠤ ᠬᠠᠪᠤᠲᠠᠷ ᠪᠠ ᠠᠮᠢᠰᠬᠤᠯ ‍ᠤᠨ‌‍ᠰᠢᠰᠲ᠋ᠧᠮ ᠤᠨ ᠡᠪᠡᠳᠴᠢᠨ ᠪᠤᠯᠤᠨ᠎ᠠ᠃ ᠤᠲᠠᠭᠠᠨ ᠴᠢᠨᠠᠷᠲᠠᠢ ᠡᠪᠡᠳᠴᠢᠨ ᠤ ᠬᠤᠤᠷ ᠬᠥᠨᠥᠭᠡᠯ ᠢ ᠭᠤᠯᠤᠲᠠᠭᠤ ᠬᠤᠶᠠᠷ ᠶᠡᠭᠡ ᠲᠥᠷᠤᠯ ᠬᠤᠪᠢᠶᠠᠵᠤ ᠪᠤᠯᠤᠨ᠎ᠠ᠄ 1.ᠡᠷᠬᠢᠯᠲᠡ ᠶᠢᠨ ᠰᠢᠰᠲ᠋ᠧᠮ ᠤᠨ ᠡᠪᠡᠳᠴᠢᠨ ᠪᠠ ᠬᠠᠪᠤᠲᠠᠷ ᠪᠤᠯᠤᠨ᠎ᠠ᠂ ᠤᠲᠤᠬᠠᠨ᠎ᠠ᠂ ᠮᠠᠨ ᠤ ᠤᠯᠤᠰ ᠤᠨ ᠬᠠᠪᠤᠲᠠᠷ ᠤᠨ ᠲᠡᠯᠭᠡᠷᠡᠬᠦ ᠵᠢᠭᠰᠠᠯ ᠬᠤᠪᠢᠷᠠᠯᠲᠠ ᠭᠠᠷᠤᠭᠰᠠ ᠪᠠᠶᠢᠨ᠎ᠠ᠄ ᠠᠮᠢᠲᠤᠷᠠᠯ ᠤᠨ ᠬᠡᠯᠪᠡᠷᠢ ᠮᠠᠶ᠋ᠢᠭ ᠲᠠᠢ ᠨᠢᠭᠲᠠ ᠬᠠᠷᠢᠴᠠᠭ᠎ᠠ ᠲᠠᠢ ᠠᠭᠤᠰᠬᠢᠨ ᠥᠮᠡᠨ᠂ ᠬᠥᠬᠦᠨ ᠤ ᠪᠤᠯᠴᠢᠷᠬᠠᠢ ᠶᠢᠨ ᠥᠮᠡᠨ᠂ ᠥᠮᠡᠨ ᠤ ᠪᠥᠲᠤᠬᠦᠨ ᠭᠡᠲᠡᠰᠤᠨ ᠤ ᠥᠮᠡᠨ ᠨᠡᠮᠡᠭᠲᠡᠪᠡ᠃ ᠲᠠᠷᠬᠠᠭᠠᠬᠤ ᠰᠤᠲᠠᠯ ᠤᠨ ᠥᠭᠡᠬᠦᠯᠢᠭᠵᠢᠬᠦ ᠬᠠᠲᠠᠭᠤᠷᠠᠯ ᠵᠡᠷᠭᠡ ᠬᠠᠮᠢᠶ᠎ᠠ ᠪᠥᠬᠦᠢ ᠴᠢᠰᠤ ᠲᠤᠲᠠᠬᠤ ᠰᠠ ᠲᠠᠭᠠᠷᠢᠬᠤ ᠡᠪᠡᠳᠴᠢᠨ ᠳᠤ ᠨᠡᠷᠪᠡᠭᠲᠡᠬᠦ ᠨᠤᠷᠮ᠎ᠠ ᠲᠠᠭᠡᠭᠰᠢᠯᠡᠬᠦ ᠬᠠᠨᠲᠤᠰᠢ ᠪᠠᠶᠢᠨ᠎ᠠ᠃ ᠤᠲᠠᠭᠠᠨ ᠴᠢᠨᠠᠷᠲᠠᠢ ᠡᠪᠡᠳᠴᠢᠨ ᠪᠤᠯ ᠬᠤᠲᠠ ᠬᠥᠲᠡᠭᠡ ᠶᠢᠨ ᠰᠠᠭᠤᠭᠠᠯᠢ ᠠᠷᠠᠳ ᠤᠨ ᠥᠬᠦᠭᠰᠡᠨ ᠭᠤᠤᠯ ᠰᠢᠯᠲᠠᠭᠠᠨ ᠪᠤᠯᠵᠤ᠂ ᠪᠥᠬᠦ ᠪᠥᠮᠪᠤᠷᠴᠡᠭ ᠤᠨ ᠬᠡᠪᠴᠢᠶᠠᠨ᠎ᠠ ᠤᠲᠠᠭᠠᠨ ᠴᠢᠨᠠᠷᠲᠠᠢ ᠡᠪᠡᠳᠴᠢᠨ ᠢᠶᠠᠷ ᠥᠬᠦᠭᠰᠡᠨ ᠲᠤᠭ᠎ᠠ  ᠪᠥᠬᠦ ᠥᠬᠦᠭᠰᠡᠨ ᠬᠥᠮᠥᠨ ᠤ ᠲᠤᠭ᠎ᠠ ᠶᠢᠨ 80% ᠶᠢ ᠡᠵᠡᠯᠡᠵᠤ ᠪᠠᠶᠢᠬᠤ ᠳᠤ ᠮᠠᠨ ᠤ ᠬᠤᠰᠢᠭᠤ 84.05% ᠶᠢ ᠡᠵᠡᠯᠡᠭᠰᠡᠨ ᠮᠥᠷᠲᠡᠭᠡᠨ ᠡᠨᠡᠬᠦ ᠬᠠᠨᠲᠤᠰᠢ ᠪᠠᠰᠠ ᠨᠡᠮᠡᠭᠲᠡᠵᠥ ᠪᠠᠶᠢᠨ᠎ᠠ᠃ ᠤᠲᠠᠭᠠᠨ ᠴᠢᠨᠠᠷᠲᠠᠢ ᠡᠪᠡᠳᠴᠢᠨ ᠤ ᠶᠡᠷᠦᠩᠬᠡᠢ ᠥᠬᠦᠭᠰᠡᠨ ᠨᠤᠷᠮ᠎ᠠ ᠶᠢᠨ ᠪᠠᠷᠤᠭ 50% ᠨᠢ ᠵᠢᠷᠥᠭᠡ ᠲᠤᠯᠤᠭᠠᠢ ᠶᠢᠨ ᠴᠢᠰᠤᠨ ᠰᠤᠲᠠᠯ ᠤᠨ ᠡᠪᠡᠳᠴᠢᠨ ᠪᠤᠯᠤᠨ᠎ᠠ᠃ ᠤᠲᠠᠭᠠᠨ ᠴᠢᠨᠠᠷᠲᠠᠢ ᠡᠪᠡᠳᠴᠢᠨ ᠡᠪᠡᠳᠴᠢᠨ ᠡᠮᠭᠡᠭ ᠤᠨ ᠭᠤᠤᠯ ᠲᠠᠷᠤᠭᠠᠰᠤ ᠪᠤᠯᠪᠠ᠃ 2.ᠬᠡᠲᠤ ᠬᠥᠨᠲᠤ ᠪᠠ ᠮᠠᠷᠢᠶᠠᠲᠠᠢ ᠪᠤᠯᠤᠨ᠎ᠠ᠂ ᠮᠠᠨ ᠤ ᠤᠯᠤᠰ ᠲᠤ ᠤᠲᠤᠬᠠᠨ᠎ᠠ ᠪᠡᠶ᠎ᠡ ᠶᠢᠨ ᠬᠥᠨᠲᠤ ᠬᠡᠲᠥᠷᠡᠭᠴᠢ ᠨᠢᠭᠡᠨᠲᠡ 22.4% ᠬᠥᠷᠴᠤ᠂ ᠮᠠᠷᠢᠶᠠᠲᠠᠢ ᠬᠥᠮᠤᠨ 3.01% ᠪᠤᠯᠵᠤ ᠪᠠᠶᠢᠨ᠎ᠠ᠃ ᠬᠡᠲᠤ ᠬᠥᠨᠲᠤ ᠪᠠ ᠮᠠᠷᠢᠶᠠᠲᠠᠢ ᠶᠠᠪᠤᠲᠠᠯ ᠤᠯᠠᠨ ᠤᠯᠠᠨ ᠤᠲᠠᠭᠠᠨ ᠴᠢᠨᠠᠷᠲᠠᠢ ᠡᠪᠡᠳᠴᠢᠨ ᠤ ᠴᠢᠬᠤᠯᠠ ᠠᠶᠤᠯᠲᠠᠢ ᠬᠥᠴᠤᠨ ᠵᠥᠢᠯ  ᠪᠤᠯᠬᠤ ᠮᠠᠭᠠᠳ ᠥᠭᠡᠢ᠃ ᠠᠯᠢ ᠡᠷᠲᠡ 1948 ᠤᠨ ᠳᠤ WHO ᠮᠠᠷᠢᠶᠠᠲᠠᠢ ᠶᠢ ᠡᠪᠡᠳᠴᠢᠨ ᠡᠮᠭᠡᠭ ᠤᠨ ᠲᠠᠩᠰᠠᠨ ᠳᠤ ᠵᠢᠭᠰᠠᠭᠠᠬᠤ ᠶᠢᠨ ᠬᠠᠮᠲᠤ 2 ᠳ᠋ᠤᠭᠠᠷ ᠬᠡᠯᠪᠡᠷᠢ ᠶᠢᠨ ᠰᠢᠬᠢᠷ ᠰᠢᠵᠢᠭ  ᠡᠪᠡᠳᠴᠢᠨ᠂ ᠵᠢᠷᠤᠭᠡ ᠴᠢᠰᠤᠨ ᠰᠤᠲᠠᠯ ᠤᠨ ᠡᠪᠡᠳᠴᠢᠨ᠂ ᠴᠢᠰᠤᠨ ᠲᠠᠷᠤᠯᠲᠠ ᠥᠨᠲᠤᠷ ᠡᠪᠡᠳᠴᠢᠨ᠂ ᠰᠡ ᠲᠠᠭᠠᠷᠢᠬᠤ ᠪᠠ ᠤᠯᠠᠨ ᠵᠥᠢᠯ ᠤᠨ ᠥᠮᠡᠨ ᠤ ᠠᠶᠤᠯ  ᠲᠠᠢ ᠬᠥᠴᠤᠨ ᠵᠥᠢᠯ ᠪᠤᠯᠤᠨ᠎ᠠ ᠭᠡᠵᠤ ᠥᠵᠡᠪᠡ᠃      ︵ᠬᠥᠲᠤᠯᠥᠭᠴᠢ︶ ᠵᠠ᠂ ᠵᠠᠯᠭᠠᠭᠠᠳ ᠵᠠᠩ ᠲᠤᠪᠴᠢᠶ᠎ᠠ ᠶᠢᠨ ᠲᠠᠷᠤᠭ᠎ᠠ ᠬᠡᠲᠤᠨ ᠠᠰᠠᠭᠤᠯᠲᠠ  ᠬᠠᠷᠢᠭᠤᠯᠤᠭᠠᠳ ᠥᠭᠬᠦᠨ᠎ᠡ ᠤᠤ᠃      ︵ᠬᠥᠲᠥᠯᠥᠭᠴᠢ︶ ᠵᠠᠩ ᠲᠤᠪᠴᠢᠶ᠎ᠠ ᠶᠢᠨ ᠲᠠᠷᠤᠭ᠎ᠠ ᠡ᠂ ᠡᠷᠡᠬᠦᠯᠵᠢᠯ ᠢᠶᠠᠷ ᠶᠠᠲᠠᠭᠤ ᠶᠢ ᠲᠠᠳᠬᠦᠬᠦ《ᠭᠤᠷᠪᠠᠨ ᠨᠢᠭᠡ ᠪᠥᠯᠥᠭ》ᠠᠵᠢᠯᠯᠠᠭ᠎ᠠ ᠶᠢᠨ ᠲᠥᠯᠪᠯᠯᠡᠭᠡ ᠶᠢ ᠬᠡᠷᠬᠢᠨ ᠨᠠᠶᠢᠲᠠᠪᠤᠷᠢᠵᠢᠭᠤᠯᠤᠭᠰᠠᠨ  ᠪᠤᠢ︖      ︵ᠵᠠᠩ ᠲᠤᠪᠴᠢᠶ᠎ᠠ ᠶᠢᠨ ᠲᠠᠷᠤᠭ᠎ᠠ︶ ᠲᠠᠩᠰᠠ ᠪᠠᠶᠢᠭᠤᠯᠵᠤ ᠺᠠᠷᠲ ᠵᠤᠬᠢᠶᠠᠭᠰᠠᠨ ᠶᠠᠲᠠᠭᠤ ᠬᠥᠴᠢᠷᠲᠠᠯᠲᠠᠢ ᠬᠥᠮᠤᠨ ᠬᠥᠨᠲᠤ ᠡᠪᠡᠳᠴᠢᠨ ᠪᠠ ᠤᠷᠲᠤ ᠬᠤᠭᠤᠴᠠᠭᠠᠨ ᠤ ᠤᠲᠠᠭᠠᠨ ᠴᠢᠨᠠᠷᠲᠠᠢ ᠡᠪᠡᠳᠴᠢᠨ ᠳᠤ ᠨᠡᠷᠪᠡᠭᠲᠡᠭᠰᠡᠨ ᠪᠤᠯ ᠲᠥᠷᠤᠯ ᠬᠤᠪᠢᠶᠠᠨ ᠪᠥᠯᠥᠭ ᠪᠤᠯᠭᠠᠨ ᠠᠪᠤᠷᠠᠨ ᠵᠠᠰᠠᠬᠤ ᠶᠢ ᠬᠡᠷᠡᠭᠵᠢᠬᠦᠯᠵᠥ᠂《 ᠨᠢᠭᠡ ᠪᠥᠯᠥᠭ ᠬᠥᠨᠲᠤ ᠡᠪᠳᠴᠢᠲᠠᠨ ᠢ ᠲᠥᠪᠯᠡᠷᠡᠬᠦᠯᠥᠨ ᠵᠠᠰᠠᠬᠤ᠂ ᠨᠢᠭᠡ ᠪᠥᠯᠥᠭ ᠤᠲᠠᠭᠠᠨ ᠴᠢᠨᠠᠷᠲᠠᠢ ᠡᠪᠡᠳᠴᠢᠲᠡᠨ ᠯᠦᠭᠡ ᠭᠡᠷ᠎ᠡ ᠲᠤᠭᠲᠠᠵᠤ ᠥᠢᠯᠡᠴᠢᠯᠡᠬᠦ᠂ ᠨᠢᠭᠡ ᠪᠥᠯᠥᠭ ᠬᠥᠨᠲᠤ ᠡᠪᠡᠳᠴᠢᠲᠡᠨ ᠤ ᠵᠠᠰᠠᠯᠭ᠎ᠠ ᠶᠢ ᠲᠥᠷᠤ ᠶᠢᠨ ᠪᠤᠲᠤᠯᠭ᠎ᠠ ᠪᠠᠷ ᠪᠠᠲᠤᠯᠠᠭ᠎ᠠ ᠪᠤᠯᠭᠠᠬᠤ》 ᠶᠢ ᠬᠡᠷᠡᠭᠵᠢᠬᠦᠯᠵᠥ᠂ ᠡᠪᠡᠳᠴᠢᠨ ᠠᠴᠠ ᠪᠤᠯᠵᠤ ᠶᠠᠲᠠᠭᠤᠷᠠᠬᠤ ᠂ ᠡᠪᠡᠳᠴᠢᠨ ᠠᠴᠠ ᠪᠤᠯᠵᠤ ᠲᠠᠬᠢᠨ ᠶᠠᠲᠠᠭᠤᠷᠠᠬᠤ ᠠᠰᠠᠭᠤᠲᠠᠯ ᠢ ᠪᠥᠲᠤᠮᠵᠢ ᠲᠠᠢ ᠰᠢᠢᠳᠪᠤᠷᠢᠯᠡᠪᠠ᠃ ᠲᠠᠩᠰᠠ ᠪᠠᠶᠢᠭᠤᠯᠵᠤ ᠺᠠᠷᠲ ᠵᠤᠬᠢᠶᠠᠭᠰᠠᠨ ᠶᠠᠲᠠᠭᠤ ᠬᠥᠴᠢᠷᠲᠠᠯᠲᠠᠢ ᠡᠪᠡᠳᠴᠢᠲᠠᠨ ᠲᠤᠭᠲᠠᠭᠰᠠᠨ ᠴᠡᠭ ᠤᠨ ᠡᠮᠨᠡᠯᠭᠡ ᠶᠢᠨ ᠪᠠᠶᠢᠭᠤᠯᠤᠮᠵᠢ ᠶᠢᠨ ᠡᠮᠨᠡᠯᠭᠡ ᠳᠤ ᠰᠠᠭᠤᠭᠰᠠᠨ ᠰᠥᠢᠳᠭᠡᠯ ᠤᠨ ᠪᠤᠲᠠᠲᠠᠢ ᠲᠠᠩᠰᠠ ᠲᠠᠶᠢᠯᠠᠬᠤ ᠬᠠᠷᠢᠴᠠᠯ 90% ᠬᠥᠷᠭᠡᠪᠡ᠃      ︵ᠬᠥᠲᠤᠯᠥᠭᠴᠢ︶ ᠶᠠᠲᠠᠭᠤ ᠬᠥᠴᠢᠷᠲᠠᠯᠲᠠᠢ ᠬᠥᠮᠤᠨ ᠭᠡᠷ ᠲᠡᠭᠡᠨ ᠭᠡᠷ ᠪᠥᠯᠢ ᠶᠢᠨ ᠡᠪᠡᠳᠴᠢᠲᠡᠨ ᠤ ᠤᠷᠤ ᠭᠠᠷᠭᠠᠭᠠᠳ ᠪᠠᠰᠠ ᠡᠮᠨᠡᠯᠭᠡ ᠳᠤ ᠰᠠᠭᠤᠭᠰᠠᠨ ᠲᠠᠩᠰᠠ ᠲᠠᠶᠢᠯᠠᠬᠤ ᠲᠥᠷᠤ ᠶᠢᠨ ᠪᠤᠲᠤᠯᠭ᠎ᠠ ᠶᠢ  ᠬᠥᠷᠲᠡᠵᠤ ᠪᠤᠯᠤᠨ᠎ᠠ ᠭᠡᠵᠤ ᠰᠤᠨᠤᠰᠤᠯ᠎ᠠ᠂ ᠲᠡᠭᠡᠪᠡᠯ ᠶᠠᠮᠠᠷ ᠬᠥᠮᠥᠰ ᠭᠡᠷ ᠲᠡᠭᠡᠨ ᠭᠡᠷ ᠪᠥᠯᠢ ᠶᠢᠨ ᠡᠪᠳᠴᠢᠲᠠᠨ ᠤ ᠤᠷᠤ ᠭᠠᠷᠭᠠᠵᠤ ᠪᠤᠯᠬᠤ ᠶᠤᠮ ᠪᠢᠯᠡ︖      ︵ᠵᠠᠩ ᠲᠤᠪᠴᠢᠶ᠎ᠠ ᠶᠢᠨ ᠲᠠᠷᠤᠭ᠎ᠠ︶ ᠬᠤᠲᠠ‌‍ᠬᠥ᠋ᠲᠡᠭᠡ ᠵᠢᠨ‌‍ᠰᠠᠭᠤᠭᠠᠯᠠᠢ ᠠᠷᠠᠳ ᠤᠨ ᠡᠮᠨᠡᠯᠭᠡ ᠶᠢᠨ ᠲᠠᠭᠠᠳᠬᠠᠯ ᠤᠨ ᠲᠠᠩᠰᠠ ᠪᠠᠶᠢᠭᠤᠯᠵᠤ ᠺᠠᠷᠲ ᠵᠤᠬᠢᠶᠠᠬᠤ ᠳᠤ ᠤᠷᠤᠯᠴᠠᠭᠰᠠ ᠶᠠᠲᠠᠭᠤ ᠬᠥᠴᠢᠷᠲᠠᠯᠲᠠᠢ ᠬᠥᠮᠤᠨ ᠬᠡᠪᠲᠡᠷᠢ ᠳᠤ ᠤᠷᠤᠭᠰᠠᠨ ᠠᠴᠠ ᠪᠤᠯᠵᠤ ︵ᠡᠪᠡᠳᠴᠢᠨ ᠠᠴᠠ ᠪᠤᠯᠵᠤ ᠬᠡᠪᠲᠡᠷᠢ ᠳᠤ ᠤᠷᠤᠵᠤ ᠪᠠᠶ᠎ᠡ ᠳᠡᠭᠡᠨ ᠵᠥᠪ ᠥᠭᠡᠢ ᠪᠤᠯᠤᠭᠰᠠᠨ ᠵᠡᠮᠲᠡᠭ ᠬᠥᠮᠤᠨ᠂ ᠡᠪᠡᠳᠴᠢᠨ ᠠᠴᠠ ᠪᠤᠯᠵᠤ ᠬᠡᠪᠲᠡᠷᠢ ᠳᠤ ᠤᠷᠤᠭᠰᠠ ᠲᠠᠪᠤᠨ ᠪᠠᠲᠤᠯᠠᠭᠠᠲᠤ ᠡᠷᠤᠭᠡ᠂ ᠬᠠᠮᠤᠭ ᠲᠤᠤᠷ᠎ᠠ ᠪᠠᠲᠤᠯᠠᠭᠠᠲᠤ ᠡᠷᠤᠭᠡ᠂ ᠬᠤᠤᠷᠲᠤ ᠴᠢᠨᠠᠷᠲᠡᠢ ᠥᠮᠡᠨ ᠡᠪᠡᠳᠴᠢᠨ ᠤ ᠰᠡᠭᠦᠯᠴᠢ ᠶᠢᠨ ᠬᠤᠭᠤᠴᠠᠭ᠎ᠠ ᠶᠢᠨ ᠬᠡᠪᠲᠡᠷᠢ ᠳᠤ ᠤᠷᠤᠭᠰᠠ ᠡᠪᠡᠳᠴᠢᠲᠠᠨ ᠵᠢᠴᠢ ᠪᠤᠰᠤᠤᠨ ᠡᠪᠡᠳᠴᠢᠨ ᠠᠴᠠ ᠪᠤᠯᠵᠤ ᠬᠡᠪᠲᠡᠷᠢ ᠳᠤ ᠤᠷᠤᠵᠤ ᠪᠡᠶ᠎ᠠ ᠳᠡᠭᠡᠨ ᠵᠥᠪ ᠥᠭᠡᠢ ᠪᠤᠯᠤᠭᠰᠠᠨ︶ ᠡᠮᠨᠡᠯᠭᠡ ᠳᠤ ᠰᠠᠭᠤᠵᠤ ᠡᠮᠨᠡᠨ ᠵᠠᠰᠠᠬᠤ ᠳᠤ ᠥᠨᠡᠨᠬᠦ ᠬᠥᠴᠢᠷ ᠲᠠᠢ ᠪᠤᠯᠪᠠᠯ᠂ ᠡᠪᠡᠳᠴᠢᠲᠡᠨ ᠤ ᠡᠪᠡᠳᠴᠢᠨ ᠤ ᠪᠠᠶᠢᠲᠠᠯ ᠪᠠ ᠡᠮᠨᠡᠬᠦᠯᠬᠦ ᠱᠠᠭᠠᠷᠲᠠᠯᠭ᠎ᠠ ᠶᠢ ᠥᠨᠲᠤᠰᠤᠯᠡᠨ᠂ ᠭᠡᠷ ᠲᠡᠭᠡᠨ ᠡᠪᠡᠳᠴᠢᠲᠡᠨ ᠤ ᠤᠷᠤ ᠭᠠᠷᠭᠠᠵᠤ ᠡᠮᠨᠡᠬᠦᠯᠵᠤ ᠪᠤᠯᠤᠨ᠎ᠠ᠃      ︵ᠬᠥᠲᠤᠯᠥᠭᠴᠢ︶ ᠭᠡᠷ ᠪᠥᠯᠢ ᠶᠢᠨ ᠡᠪᠡᠳᠴᠢᠲᠡᠨ ᠤ ᠤᠷᠤ ᠳᠤ ᠬᠤᠪᠢ ᠬᠥᠮᠤᠨ ᠪᠠᠰᠠ ᠵᠤᠭᠤᠰ ᠵᠠᠷᠤᠴᠠᠭᠤᠯᠬᠤ ᠤᠤ︖ ᠡᠮᠨᠡᠯᠭᠡ ᠶᠢᠨ ᠵᠠᠷᠤᠲᠠᠯ ᠢᠶᠠᠨ ᠬᠡᠷᠬᠢᠨ ᠬᠠᠷᠭᠤᠭᠤᠯᠤᠨ ᠲᠠᠶᠢᠯᠠᠬᠤ ᠪᠤᠢ︖      ︵ᠵᠠᠩ ᠲᠤᠪᠴᠢᠶ᠎ᠠ ᠶᠢᠨ ᠲᠠᠷᠤᠭ᠎ᠠ︶ ᠭᠡᠷ ᠪᠥᠯᠢ ᠶᠢᠨ ᠡᠪᠳᠴᠢᠲᠠᠨ ᠤ ᠤᠷᠤ ᠶᠢᠨ ᠡᠮᠨᠡᠬᠦ ᠥᠶᠡᠯᠡᠯ ᠶᠢ ᠨᠢᠭᠡ ᠤᠲᠠᠭ᠎ᠠ ᠡᠮᠨᠡᠯᠭᠡ ᠳᠤ ᠰᠠᠭᠤᠭᠰᠠᠨ ᠢᠶᠠᠷ ᠥᠵᠡᠨ᠎ᠡ ︵ᠰᠠᠷ᠎ᠠ ᠪᠥᠷᠢ ᠶᠢᠨ ᠡᠮᠨᠡᠬᠦ  ᠬᠤᠭᠤᠴᠠᠭ᠎ᠠ ᠶᠢ ᠵᠠᠷᠴᠢᠮ ᠲᠡᠭᠡᠷ᠎ᠡ ᠪᠠᠨ 15 ᠬᠤᠨᠤᠭ ᠠᠴᠠ ᠬᠡᠲᠥᠷᠡᠬᠦᠯᠵᠥ ᠪᠤᠯᠬᠤ ᠥᠭᠡᠢ︶︔ ᠭᠡᠷ ᠪᠥᠯᠢ ᠶᠢᠨ ᠡᠪᠡᠳᠴᠢᠲᠡᠨ ᠤ ᠤᠷᠤ ᠶᠢᠨ ᠡᠮᠨᠡᠯᠭᠡ ᠶᠢᠨ ᠵᠠᠷᠤᠲᠠᠯ ᠢ ᠰᠤᠮᠤ ᠪᠠᠯᠭᠠᠰᠤ ᠶᠢᠨ ᠲᠠᠰ ᠤᠨ ᠲᠤᠭᠲᠠᠭᠰᠠᠨ ᠴᠡᠭ ᠤᠨ ᠡᠮᠨᠡᠯᠭᠡ ᠶᠢᠨ ᠪᠠᠶᠢᠭᠤᠯᠤᠮᠵᠢ ᠶᠢᠨ ᠡᠮᠨᠡᠯᠭᠡ ᠳᠤ ᠰᠠᠭᠤᠭᠰᠠᠨ ᠲᠠᠩᠰᠠ ᠲᠠᠶᠢᠯᠠᠬᠤ ᠬᠠᠷᠢᠴᠠᠯ ᠢᠶᠠᠷ ᠬᠠᠷᠠᠭᠤᠯᠤᠨ ᠲᠠᠶᠢᠯᠠᠵᠤ᠂ ᠵᠠᠷᠤᠲᠠᠯ ᠲᠤᠰᠢᠶᠠᠯᠭᠠᠬᠤ ᠥᠭᠡᠢ᠂ ᠰᠠᠷ᠎ᠠ ᠪᠥᠷᠢ ᠶᠢᠨ ᠪᠤᠲᠠᠲᠤ ᠲᠠᠩᠰᠠ ᠲᠠᠶᠢᠯᠠᠬᠤ ᠵᠤᠭᠤᠰ ᠤᠨ ᠲᠤᠭ᠎ᠠ ᠬᠥᠮᠤᠨ ᠪᠥᠷᠢ 350 ᠲᠥᠬᠦᠷᠢᠭ ᠢ ᠲᠠᠪᠠᠵᠤ ᠪᠤᠯᠬᠤ ᠥᠭᠡᠢ᠂ ᠵᠢᠯ ᠳᠤ ᠬᠠᠮᠤᠭ ᠶᠢᠨ ᠠᠷᠪᠢᠨ ᠳᠠᠭᠠᠨ ᠬᠥᠮᠤᠨ ᠪᠥᠷᠢ 4200 ᠲᠥᠬᠦᠷᠢᠭ ᠪᠤᠯᠤᠨ᠎ᠠ᠃      ︵ᠬᠥᠲᠤᠯᠥᠭᠴᠢ︶  ᠥᠢᠯᠭᠠᠯᠲᠠ ᠪᠠᠷ ᠶᠠᠲᠠᠭᠤ ᠬᠥᠴᠢᠷᠲᠠᠯᠲᠠᠢ ᠡᠪᠡᠳᠴᠢᠲᠠᠨ ᠡᠮᠨᠡᠯᠭᠡ ᠳᠤ ᠰᠠᠭᠤᠬᠤ ᠳᠤ ᠨᠢᠭᠡ ᠥᠷᠲᠡᠭᠡᠨ ᠤ ᠬᠡᠯᠪᠠᠷᠢ ᠪᠠᠷ ᠳ᠋ᠥᠩᠨᠡᠨ ᠪᠤᠲᠤᠬᠤ ᠶᠢ ᠬᠡᠷᠡᠭᠵᠢᠬᠦᠯᠬᠦ ᠪᠤᠯᠵᠤ᠂ ᠡᠮᠨᠡᠯᠭᠡ ᠶᠢᠨ ᠪᠠᠶᠢᠭᠤᠯᠤᠮᠵᠢ ᠪᠤᠶᠤ ᠵᠠᠰᠠᠭ ᠤᠨ ᠶᠠᠪᠤᠲᠠᠯ ᠤᠨ ᠲᠥᠪ ᠤᠨ ᠨᠢᠭᠡ ᠥᠷᠲᠡᠭᠡᠨ ᠤ ᠬᠡᠯᠪᠡᠷᠢ ᠶᠢᠨ ᠳ᠋ᠥᠩᠨᠡᠨ ᠪᠤᠲᠤᠬᠤ ᠲᠢᠩᠬᠢᠮ ᠳᠤ ᠬᠥᠷᠴᠤ ᠨᠢᠭᠡ ᠯᠡ ᠤᠲᠠᠭ᠎ᠠ ᠳᠤ ᠡᠮᠨᠡᠯᠭᠡ ᠶᠢᠨ ᠵᠠᠷᠤᠲᠠᠯ ᠢ ᠬᠠᠷᠭᠤᠭᠤᠯᠤᠨ  ᠲᠠᠶᠢᠯᠠᠬᠤ ᠶᠢ ᠪᠡᠶᠡᠯᠡᠬᠦᠯᠵᠤ᠂ ᠪᠠᠷᠢᠮᠲᠠ ᠪᠠᠨ ᠪᠠᠷᠢᠵᠤ ᠨᠠᠰᠢ ᠴᠠᠰᠢ ᠭᠥᠶᠤᠬᠦ ᠬᠡᠷᠡᠭ ᠥᠭᠡᠢ ᠪᠤᠯᠤᠯ᠎ᠠ ᠭᠡᠵᠤ ᠰᠤᠨᠤᠰᠤᠯ᠎ᠠ᠂ ᠲᠠ《ᠨᠢᠭᠡ ᠥᠷᠲᠡᠭᠡᠨ ᠬᠡᠯᠪᠡᠷᠢ》 ᠶᠢᠨ ᠳ᠋ᠥᠩᠨᠡᠨ ᠪᠤᠲᠤᠯᠲᠠ ᠶᠢᠨ ᠥᠢᠯᠡᠴᠢᠯᠡᠭᠡ ᠶᠢᠨ ᠪᠤᠲᠠᠲᠠᠢ ᠠᠭᠤᠯᠭ᠎ᠠ ᠶᠢ ᠲᠠᠨᠢᠯᠴᠠᠭᠤᠯᠤᠭᠠᠳ ᠥᠭᠬᠦᠨ᠎ᠡ ᠤᠤ︖      ︵ᠶᠠᠩ ᠲᠤᠪᠴᠢᠶ᠎ᠠ ᠶᠢᠨ ᠲᠠᠷᠤᠭ᠎ᠠ︶ ᠬᠤᠰᠢᠭᠤᠨ ᠳᠠᠬᠢ ᠠᠯᠢᠪᠠ ᠠᠯᠪᠠᠨ ᠠᠴᠠ ᠡᠷᠬᠢᠯᠡᠭᠰᠡᠨ ᠡᠮᠨᠡᠯᠭᠡ ᠶᠢᠨ ᠪᠠᠶᠢᠭᠤᠯᠤᠮᠵᠢ ᠪᠥᠬᠦᠨ ᠤᠷᠢᠲᠠᠪᠠᠷ ᠡᠮᠨᠡᠬᠦᠯᠵᠤ ᠬᠤᠶᠢᠨ᠎ᠠ ᠨᠢ ᠰᠥᠢᠳᠭᠡᠯ ᠬᠤᠷᠢᠶᠠᠬᠤ《ᠨᠢᠭᠡ ᠥᠷᠲᠡᠭᠡᠨ ᠤ ᠬᠡᠯᠪᠡᠷᠢ》 ᠶᠢᠨ ᠥᠢᠯᠡᠴᠢᠯᠡᠭᠡ ᠶᠢᠨ ᠴᠤᠩᠬᠤᠪᠴᠢ ᠶᠢ ᠪᠠᠶᠢᠭᠤᠯᠵᠤ᠂ ᠲᠠᠩᠰᠠ ᠪᠠᠶᠢᠭᠤᠯᠵᠤ ᠺᠠᠷᠲ ᠵᠤᠬᠢᠶᠠᠭᠰᠠᠨ ᠶᠠᠲᠠᠭᠤ ᠬᠥᠴᠢᠷᠲᠠᠯᠲᠠᠢ ᠡᠪᠡᠳᠴᠢᠲᠠᠨ ᠡᠮᠨᠡᠯᠭᠡ ᠳᠤ ᠰᠠᠭᠤᠬᠤ ᠵᠠᠷᠤᠲᠠᠯ ᠢ ᠡᠮᠨᠡᠯᠭᠡ ᠶᠢᠨ ᠪᠠᠶᠢᠭᠤᠯᠤᠮᠵᠢ ᠡᠮᠨᠡᠯᠭᠡ ᠶᠢᠨ ᠲᠠᠭᠠᠳᠬᠠᠯ ᠤᠨ ᠰᠠᠯᠠᠭ᠎ᠠ ᠮᠥᠴᠢᠷ᠂ ᠬᠤᠲᠠᠯᠲᠤᠭ᠎ᠠ ᠶᠢᠨ ᠥᠢᠯᠡᠰ ᠤᠨ ᠲᠠᠭᠠᠳᠬᠠᠯ ᠤᠨ ᠨᠢᠭᠡᠴᠡ᠂ ᠠᠷᠠᠳ ᠤᠨ ᠶᠠᠪᠤᠲᠠᠯ ᠤᠨ ᠰᠠᠯᠠᠭ᠎ᠠ ᠮᠥᠴᠢᠷ   ᠯᠦᠭᠡ ᠲᠤᠰᠪᠤᠷᠢ ᠳ᠋ᠥᠩᠨᠡᠨ ᠪᠤᠲᠤᠵᠤ᠂ ᠡᠪᠡᠳᠴᠢᠲᠠᠨ ᠡᠮᠨᠡᠯᠭᠡ ᠠᠴᠠ ᠭᠠᠷᠬᠤ ᠥᠶ᠎ᠠ ᠳᠤ ᠴᠤᠩᠬᠤᠪᠴᠢ ᠲᠡᠭᠡᠷ᠎ᠡ ᠬᠤᠪᠢ ᠬᠥᠮᠤᠨ ᠤ ᠲᠤᠰᠢᠶᠠᠬᠤ ᠵᠠᠷᠤᠲᠠᠯ ᠢᠶᠠᠨ ᠰᠢᠭᠤᠤᠨ ᠲᠤᠰᠢᠶᠠᠨ᠎ᠠ᠃ ᠬᠤᠰᠢᠭᠤ ᠶᠢᠨ ᠵᠠᠰᠠᠭ ᠤᠨ ᠶᠠᠪᠤᠲᠠᠯ ᠤᠨ ᠥᠢᠯᠡᠴᠢᠯᠡᠭᠡ ᠶᠢᠨ ᠲᠥᠪ ᠲᠤ《ᠨᠢᠭᠡ ᠥᠷᠲᠡᠭᠡ ᠶᠢᠨ ᠬᠡᠯᠪᠡᠷᠢ》 ᠶᠢᠨ ᠥᠢᠯᠡᠴᠢᠯᠡᠭᠡ ᠶᠢᠨ ᠲᠢᠩᠬᠢᠮ ᠪᠠᠶᠢᠭᠤᠯᠵᠤ᠂ ᠬᠤᠰᠢᠭᠤ ᠶᠢᠨ ᠭᠠᠲᠠᠨᠠᠬᠢ ᠡᠮᠨᠡᠯᠭᠡ ᠳᠤ ᠰᠠᠭᠤᠭᠰᠠᠨ ᠶᠠᠲᠠᠭᠤ ᠬᠥᠴᠢᠷᠲᠡᠯᠲᠡᠢ ᠡᠪᠡᠳᠴᠢᠲᠠᠨ ᠳᠤ ᠡᠮᠨᠡᠯᠭᠡ ᠶᠢᠨ ᠲᠠᠭᠠᠳᠬᠠᠯ᠂ ᠡᠳ᠋ ᠬᠥᠷᠥᠩᠭᠡ ᠶᠢᠨ ᠲᠠᠭᠠᠳᠬᠠᠯ᠂ ᠶᠠᠲᠠᠭᠤ ᠶᠢ ᠲᠠᠳᠬᠦᠬᠦ ᠬᠤᠲᠠᠯᠲᠤᠭ᠎ᠠ ᠶᠢᠨ ᠲᠠᠭᠠᠳᠬᠠᠯ᠂ ᠠᠷᠠᠳ ᠤᠨ ᠶᠠᠪᠤᠲᠠᠯ ᠲᠥᠷᠪᠠᠨ ᠰᠠᠯᠠᠭ᠎ᠠ ᠮᠥᠴᠢᠷ ᠲᠤᠰᠬᠠᠢ ᠬᠥᠮᠤᠨ ᠲᠤᠬᠢᠷᠠᠭᠤᠯᠤᠨ ᠲᠢᠩᠬᠢᠮ ᠤᠨ ᠴᠤᠩᠬᠤᠪᠴᠢ ᠲᠡᠭᠡᠷ᠎ᠡ ᠲᠠᠩᠰᠠ ᠪᠠᠶᠢᠭᠤᠯᠵᠤ ᠺᠠᠷᠲ ᠵᠤᠬᠢᠶᠠᠭᠰᠠᠨ ᠶᠠᠲᠠᠭᠤ ᠬᠥᠴᠢᠷᠲᠠᠯᠲᠠᠢ ᠬᠥᠮᠥᠨ ᠳᠤ《ᠨᠢᠭᠡ ᠥᠷᠲᠡᠭᠡ ᠶᠢᠨ ᠬᠡᠯᠪᠡᠷᠢ》 ᠶᠢᠨ ᠡᠮᠨᠡᠯᠭᠡ ᠶᠢᠨ ᠵᠠᠷᠤᠲᠠᠯ ᠳ᠋ᠥᠩᠨᠡᠨ ᠪᠤᠲᠤᠬᠤ ᠥᠢᠯᠡᠴᠢᠯᠡᠭᠡ  ᠥᠷᠨᠢᠬᠦᠯᠵᠥ ᠪᠠᠶᠢᠨ᠎ᠠ᠃      ︵ᠬᠥᠲᠥᠯᠥᠭᠴᠢ︶ ᠵᠠ᠂ ᠥᠨᠤᠲᠤᠷ ᠤᠨ ᠰᠤᠷᠪᠤᠯᠵᠢᠯᠠᠭ᠎ᠠ ᠶᠢᠨ ᠫᠷᠥᠭᠷᠡᠮ ᠠᠲᠡ ᠬᠥᠷᠥᠭᠡᠳ ᠲᠡᠭᠦᠰᠤᠯ᠎ᠡ᠂  ᠰᠤᠷᠪᠤᠯᠵᠢᠯᠠᠭᠴᠢ ᠬᠥᠯᠢᠶᠡᠭᠴᠢ ᠲᠠᠨ ᠤ ᠭᠤᠷᠪᠠᠭᠤᠯᠠ ᠶᠢᠨ ᠨᠠᠷᠢᠨ ᠨᠢᠭᠲᠠ ᠲᠠᠶᠢᠯᠠᠪᠤᠷᠢᠯᠠᠭᠰᠠᠨ ᠳᠤ ᠲᠠᠯᠠᠷᠬᠠᠵᠤ ᠪᠠᠶᠢᠨ᠎ᠠ᠂ ᠪᠢᠲᠠ ᠲᠠᠷᠠᠭᠠᠴᠢ ᠶᠢᠨ ᠫᠷᠥᠭᠷᠡᠮ ᠳᠤ ᠪᠠᠶᠠᠷᠲᠠᠢ ᠵᠤᠯᠭᠠᠯᠴᠠᠶ᠎ᠠ︕
ᠢᠷᠡᠯᠲᠡ᠄ ᠲᠥᠩᠯᠢᠶᠤᠤ ᠶᠢᠨ ᠵᠠᠰᠠᠭ ᠤᠨ ᠤᠷᠲᠤᠨ