ᠤᠨᠠᠭᠠᠨ ᠨᠤᠲᠤᠭ ᠤᠨ ᠳᠡᠭᠡᠳᠦᠯᠡᠯ ᠤᠤᠭᠠᠯ ᠰᠤᠶᠤᠯ ᠤᠨ ᠵᠠᠯᠭᠠᠮᠵᠢᠯᠠᠯ
ᠨᠡᠶᠢᠲᠡᠯᠡᠭᠰᠡᠨ ᠴᠠᠭ᠄
2019/6/26
                         ᠊᠊᠊᠊᠊᠊᠊᠊᠊᠊᠊ ᠬᠤᠶᠠᠳᠤᠭᠠᠷ ᠤᠳᠠᠭᠠᠨ ᠤ ᠱᠤᠩᠬᠤᠷ ᠠᠭᠤᠯᠠ ᠶᠢᠨ ᠲᠠᠬᠢᠯᠭ᠎ᠠ ᠵᠢᠴᠢ ᠬᠤᠷᠢᠨ ᠳᠤᠯᠤᠳᠤᠭᠠᠷ ᠬᠤᠭᠤᠴᠠᠭᠠᠨ ᠤ ︽ᠱᠤᠩᠬᠤᠷ ᠴᠤᠭᠯᠠᠭᠠᠨ︾ ᠤ ᠲᠠᠲᠠᠯᠠᠭ᠎ᠠ  
     
         ᠦᠯᠦᠬᠡᠢ ᠬᠠᠶᠢᠷᠠᠲᠠᠢ ᠨᠤᠲᠤᠭ ᠲᠤ ᠮᠢᠨᠢ          ᠦᠵᠡᠮᠵᠢ ᠨᠢ ᠪᠤᠯᠤᠭᠰᠠᠨ ᠱᠤᠩᠬᠤᠷ ᠤᠨ ᠠᠭᠤᠯᠠ ᠬᠦᠢ          ᠡᠷᠲᠡᠨ ᠤ ᠳᠤᠮᠤᠭ ᠢ ᠴᠢᠨᠢ ᠳᠡᠯᠭᠡᠭᠡᠳ ᠬᠡᠯᠡᠪᠡᠯ ᠳ᠋ᠠ          ᠦᠯᠢᠬᠡᠷ ᠲᠠᠢ ᠪᠦᠬᠡᠳ ᠰᠤᠨᠢᠷᠬᠠᠯᠲᠠᠢ ᠶᠤᠮ ᠡ ᠬᠦᠢ          ᠬᠠᠭᠠᠨ ᠬᠤᠷᠮᠤᠰᠲᠠ ᠶᠢᠨ ᠨᠠᠴᠢᠨ ᠱᠤᠩᠬᠤᠷ ᠨᠢ          ᠬᠠᠯᠢᠨ ᠰᠢᠷᠭᠤᠭᠰᠠᠨ ᠱᠤᠩᠬᠤᠷ ᠤᠨ ᠠᠭᠤᠯᠠ ᠡ ᠬᠦᠢ          ᠬᠤᠪᠢᠯᠭᠠᠨ ᠨᠠᠨᠳᠢᠨ ᠨᠠᠪᠳᠠᠭ ᠰᠠᠪᠳᠠᠭ ᠨᠢ          ᠬᠤᠷᠴᠢᠨ ᠨᠤᠲᠤᠭ ᠢ ᠮᠢᠨᠢ ᠢᠪᠡᠭᠡᠭᠰᠡᠨ ᠶᠤᠮ ᠡ ᠬᠦᠢ        ᠦᠶ᠎ᠡ ᠳᠠᠮᠵᠢᠨ ᠶᠠᠷᠢᠭᠳᠠᠭᠰᠠᠨ ᠠᠯᠢ ᠤᠯᠠᠨ ᠬᠠᠴᠢᠨ ᠰᠤᠨᠢᠷᠬᠠᠯᠲᠠᠢ ᠦᠯᠢᠭᠡᠷ ᠳᠤᠮᠤᠭ ᠪᠦᠬᠦᠢ ᠡᠨᠡ ᠠᠭᠤᠯᠠ ᠡᠴᠢᠨ᠎ᠡ ᠬᠦᠨ ᠨᠢᠭᠤᠴᠠ ᠶᠢ ᠬᠠᠳᠠᠭᠠᠯᠠᠵᠦ᠂ ᠡᠨᠡ ᠳᠡᠯᠡᠬᠡᠢ ᠶᠢᠨ ᠪᠠᠰᠠ ᠨᠢᠬᠡᠨ ᠭᠠᠶᠢᠬᠠᠮᠰᠢᠭ ᠪᠤᠯᠵᠦ ᠰᠡᠬᠦ᠋ᠢᠨ ᠰᠦᠨᠳᠡᠷᠯᠡᠭᠰᠡᠭᠡᠷ ᠴᠤᠬᠤᠮ ᠬᠡᠴᠢᠨᠡᠨ ᠵᠢᠯ ᠪᠤᠯᠵᠦ ᠪᠠᠶᠢᠭ᠎ᠠ ᠶᠢ ᠬᠡᠨ ᠴᠤ ᠮᠡᠳᠡᠬᠦ ᠦᠬᠡᠢ᠃ ᠪᠠᠭᠠᠲᠤᠷ ᠭᠡᠰᠡᠷ ᠤᠨ ᠳᠤᠮᠤᠭ ᠲᠠᠢ᠂ ᠪᠤᠭᠲᠠ ᠴᠢᠩᠭᠢᠰ ᠲᠠᠢ ᠴᠤ ᠬᠤᠯᠪᠤᠭ᠎ᠠ ᠲᠠᠢ᠂ ᠠᠯᠲᠠᠨ ᠤᠨᠠᠭ᠎ᠠ ᠲᠤᠭᠯᠠᠭᠰᠠᠨ ᠭᠡᠳᠡᠭ᠂ ᠠᠯᠳᠠᠨ ᠮᠡᠭᠡᠵᠢ ᠴᠤ ᠪᠠᠶᠢᠭᠰᠠᠨ ᠭᠡᠳᠡᠭ᠂ ᠠᠪᠤᠷᠭᠤ ᠮᠤᠭᠠᠢ ᠴᠤ ᠢᠴᠡᠭᠡᠯᠡᠭᠰᠡᠨ ᠭᠡᠳᠡᠭ ᠁ ᠶᠠᠭᠤ ᠴᠤ ᠭᠡᠰᠡᠨ ᠱᠤᠩᠬᠤᠷ ᠤᠨ ᠠᠭᠤᠯᠠ ᠨᠢ ᠡᠷᠬᠢᠨ ᠲᠤᠭᠤᠷᠢᠨ ᠤ ᠬᠦᠮᠦᠨ ᠠᠷᠠᠳ ᠢᠶᠠᠨ ᠢᠪᠡᠭᠡᠵᠦ᠂ ᠨᠤᠲᠤᠭ ᠤᠷᠤᠨ ᠤ ᠪᠠᠨ ᠰᠦᠷ ᠰᠦᠯᠳᠡ ᠨᠢ ᠪᠤᠯᠤᠭᠰᠠᠭᠠᠷ ᠦᠨᠦᠳᠦᠷ ᠪᠤᠯᠲᠠᠯ᠎ᠠ᠂ ᠪᠦᠷᠢᠨ ᠪᠦᠲᠦᠨ ᠬᠡᠪ ᠢᠶᠠᠷ ᠢᠶᠠᠨ ᠪᠠᠶᠢᠭ᠎ᠠ ᠨᠢ ᠨᠢᠬᠡ ᠶᠤᠰᠤᠨ ᠤ ᠵᠠᠪᠰᠢᠶᠠᠨ ᠪᠦᠯᠦᠬᠡ᠃ ᠴᠤᠬᠤᠮ ᠬᠡᠵᠢᠶ᠎ᠡ ᠠᠴᠠ ᠡᠬᠢᠯᠡᠭᠰᠡᠨ ᠢ ᠪᠤᠤ ᠮᠡᠳᠡ᠂ ᠵᠢᠯ ᠪᠤᠯᠭᠠᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠂ ᠬᠤᠯᠠ ᠤᠢᠢᠷ᠎ᠠ ᠶᠢᠨ ᠬᠦᠮᠦᠰ ᠡ᠊ᠨᠳᠡ ᠴᠤᠭᠯᠠᠷᠠᠵᠦ᠂ ᠠᠭᠤᠯᠠ ᠮᠠᠴᠤᠵᠦ ᠦᠨᠳᠦᠷ ᠲᠤ ᠭᠠᠷᠴᠦ ᠬᠤᠯᠠ ᠶᠢ ᠪᠠᠷᠠᠯᠠᠬᠤ ᠵᠠᠩᠰᠢᠯ ᠲᠠᠢ ᠪᠤᠯᠴᠢᠬᠠᠵᠠᠢ᠃ ᠳᠠᠭᠠᠦ ᠳᠤᠨᠢ ᠪᠠᠰᠠ ᠯᠠᠮᠠ ᠨᠠᠷ ᠪᠤᠶᠤ ᠰᠦᠰᠦᠭ ᠪᠢᠰᠢᠷᠡᠯ ᠲᠠᠢ ᠬᠦᠮᠦᠰ ᠠᠭᠤᠯᠠ ᠶᠢᠨ ᠤᠷᠤᠢ ᠳᠡᠭᠡᠷ᠎ᠡ ᠭᠠᠷᠴᠦ᠂ ᠴᠠᠭᠠᠨ ᠰᠤᠪᠤᠷᠭ᠎ᠠ ᠳᠤᠨᠢ ᠡᠷᠬᠦᠯ ᠡᠷᠬᠦᠭᠰᠡᠭᠡᠷ ᠢᠷᠡᠵᠡᠢ᠃ ᠤᠯᠠᠨ ᠲᠦᠮᠡᠨ ᠤ ᠡᠨᠡ ᠬᠦ ᠵᠠᠩᠰᠢᠯ ᠳᠤ ᠰᠠᠭᠤᠷᠢᠯᠠᠨ ᠶᠠᠪᠤᠭᠳᠠᠳᠠᠭ ᠰᠤᠶᠤᠯ ᠤᠷᠠᠯᠢᠭ ᠪᠡᠶ᠎ᠡ ᠲᠠᠮᠢᠷ ᠵᠡᠷᠭᠡ ᠪᠠᠶᠠᠯᠢᠭ ᠠᠭᠤᠯᠭ᠎ᠠ ᠶᠢ ᠬᠠᠮᠤᠷᠤᠭᠰᠠᠨ ︽ᠱᠤᠩᠬᠤᠷ ᠴᠤᠭᠯᠠᠭᠠᠨ︾ ᠨᠢ ᠡᠨᠡ ᠵᠢᠯ ᠬᠤᠷᠢᠨ ᠳᠤᠯᠤᠭᠠᠳᠠᠬᠢ ᠬᠤᠭᠤᠴᠠᠭ᠎ᠠ ᠪᠠᠨ ᠵᠤᠬᠢᠶᠠᠨ ᠪᠠᠶᠢᠭᠤᠯᠤᠭᠳᠠᠵᠦ ᠪᠠᠶᠢᠭ᠎ᠠ ᠨᠢ ᠡᠨᠡ ᠪᠢᠯᠠ᠃ ᠳᠤᠮᠤᠭᠲᠤ ᠨᠤᠲᠤᠭ ᠠᠴᠠ ᠤᠮᠤᠭᠲᠦ ᠬᠦᠪᠡᠬᠦᠳ ᠲᠦᠷᠦᠳᠡᠭ ᠤᠨ ᠵᠢᠮ᠎ᠡ ᠪᠠᠷ᠂ 2018 ᠤᠨ ᠠᠴᠠ᠂ ᠲᠢᠶᠧ ᠮᠢᠩ ᠭᠡᠬᠦ ᠵᠢᠷ ᠤᠨ ᠨᠢᠬᠡ ᠮᠠᠯᠴᠢᠨ ᠤ ᠰᠠᠨᠠᠭᠠᠴᠢᠯᠠᠭ᠎ᠠ ᠪᠠᠷ᠂ ᠡᠨᠡ ᠨᠤᠲᠤᠭ ᠤᠨ ᠤᠯᠠᠨ ᠲᠦᠮᠡᠨ ᠦᠡᠭᠭᠡᠷᠡᠭᠰᠡᠨ ᠤ ᠠᠭᠤᠯᠠᠨ ᠤᠷᠤᠢ ᠳᠡᠭᠡᠷ᠎ᠡ ᠨᠢ ᠭᠠᠷᠴᠦ᠂ ᠴᠠᠭᠠᠨ ᠰᠤᠪᠤᠷᠭ᠎ᠠ ᠶᠢ ᠨᠢ ᠳᠠᠬᠢᠵᠦ ᠪᠠᠶᠢᠭᠰᠠᠨ ᠤᠷᠲᠤ ᠤᠳᠠᠭᠠᠨ ᠵᠢᠯ ᠤᠨ ᠵᠠᠩᠰᠢᠯ ᠢ ᠦᠬᠡᠷᠡᠴᠢᠯᠡᠵᠦ᠂ ᠦᠯᠮᠡᠢ ᠳᠤᠤᠷ᠎ᠠ ᠠᠴᠠ ᠨᠢ ᠲᠠᠬᠢᠬᠤ ᠪᠤᠯᠤᠭᠰᠠᠨ ᠶᠤᠮ᠃  
     
     ᠳᠡᠯᠭᠡᠷ ᠵᠤᠨ ᠤ ᠳᠠᠩᠰᠤᠭ ᠤᠯᠠᠷᠢᠯ ᠰᠠᠭᠠᠳᠠᠵᠤ᠂ ᠬᠤᠷᠴᠢᠨ ᠨᠤᠳᠤᠭ ᠮᠠᠨᠢ ᠪᠤᠷᠤᠭᠠᠨ ᠬᠤᠷ᠎ᠠ ᠳᠡᠭᠰᠢᠷᠠᠨ᠂ ᠦᠡᠭ ᠲᠠᠢ ᠰᠠᠶᠢᠬᠠᠨ ᠴᠠᠭ ᠪᠤᠯᠤᠯ᠎ᠠ᠃ ᠪᠢᠯᠢᠭ ᠤᠨ ᠤᠯᠠᠷᠢᠯ ᠤᠨ ᠳᠠᠪᠤᠨ ᠰᠠᠷ᠎ᠠ ᠶᠢᠨ ᠰᠢᠨ᠎ᠠ ᠶᠢᠨ ᠳᠠᠪᠤᠨ ᠤ ᠡᠳᠦᠷ ᠬᠦᠷᠴᠦ ᠢᠷᠡᠬᠦ ᠪᠠᠷ᠂ ᠬᠤᠶᠠᠳᠤᠭᠠᠷ ᠤᠳᠠᠭᠠᠨ ᠤ ᠱᠤᠩᠬᠤᠷ ᠤᠨ ᠠᠭᠤᠯᠠ ᠶᠢᠨ ᠲᠠᠬᠢᠯᠭ᠎ᠠ᠂ ᠪᠦᠬᠡ ᠶᠢᠨ ᠨᠠᠶᠢᠷ ᠵᠢᠴᠢ ᠬᠤᠷᠢᠨ ᠳᠤᠯᠤᠳᠤᠭᠠᠷ ᠬᠤᠭᠤᠴᠠᠭᠠᠨ ᠤ ︽ᠱᠤᠩᠬᠤᠷ ᠴᠤᠭᠯᠠᠭᠠᠨ︾ ᠤ ᠠᠷᠠᠳ ᠤᠨ ᠳᠠᠭᠤᠤ ᠶᠢᠨ ᠤᠷᠤᠯᠳᠤᠭᠠᠨ ᠬᠦᠭᠵᠢᠶᠡᠨᠲᠡᠢ ᠶᠠᠪᠤᠭᠳᠠᠪᠠ᠃           ᠬᠤᠷᠠᠨ ᠴᠤᠭᠯᠠᠷᠠᠭᠰᠠᠨ ᠤᠯᠠᠨ ᠢᠶᠠᠷ ᠢᠶᠠᠨ ᠯᠡᠮᠠ ᠨᠠᠷ ᠤᠨ ᠳᠠᠭᠠᠭᠤᠯᠭ᠎ᠠ ᠲᠠᠢ ᠪᠠᠷ᠂ ᠪᠦᠬᠦᠯᠢ ᠰᠢᠬᠦᠰᠦ ᠪᠠᠨ ᠳᠡᠪᠰᠢᠬᠦᠯᠵᠦ᠂ ᠡᠷᠬᠦᠯ ᠰᠠᠴᠤᠯᠢ ᠪᠠᠨ ᠡᠷᠬᠦᠨ ᠂ ᠲᠠᠬᠢᠯᠭ᠎ᠠ ᠶᠢᠨ ᠴᠢᠯᠠᠭᠤ ᠪᠠᠨ ᠡᠷᠬᠢᠨ᠂ ᠱᠤᠩᠬᠤᠷ ᠠᠭᠤᠯᠠ ᠪᠠᠨ ᠳᠦᠪ ᠶᠡᠬᠡᠮᠰᠦᠭ ᠢᠶᠠᠷ ᠳᠡᠭᠡᠳᠤᠯᠠᠨ ᠳᠠᠬᠢᠵᠤ᠂ ᠪᠡᠶ᠎ᠡ ᠮᠠᠬᠠᠪᠤᠳ ᠤᠨ ᠡᠷᠡᠬᠦᠯ ᠮᠡᠨᠳᠤ᠂ ᠮᠠᠯ ᠲᠠᠷᠢᠶᠠᠯᠠᠩ ᠤᠨ ᠡᠯᠪᠡᠭ ᠬᠤᠷᠢᠶᠠᠯᠲᠠ ᠪᠠᠨ ᠨᠠᠮᠠᠨᠴᠢᠯᠠᠨ ᠳᠠᠭᠠᠳᠬᠠᠵᠦ᠂ ᠳᠠᠯᠠᠯᠭ᠎ᠠ ᠬᠤᠷᠦ᠋ᠢᠯᠠᠭ᠎ᠠ ᠠᠪᠤᠯ᠎ᠠ᠃ ᠯᠠᠮᠠ ᠨᠠᠷ ᠤᠨ ᠬᠦᠡᠭᠭᠢᠨᠡᠮ᠎ᠡ ᠰᠠᠶᠢᠬᠠᠨ ᠨᠤᠮ ᠤᠡᠭᠰᠢᠯᠭ᠎ᠠ ᠬᠤᠷᠠᠭᠰᠠᠨ ᠤᠯᠠᠨ ᠤ ᠰᠦᠰᠦᠭ ᠪᠢᠰᠢᠷᠡᠯ ᠢ ᠤᠯᠠᠮ ᠢᠶᠠᠷ ᠳᠦᠷᠦᠭᠳᠡᠬᠦᠯᠵᠤ᠂ ᠲᠦᠡᠭᠭᠦ᠋ᠢᠨ ᠰᠦᠨᠳᠡᠷᠯᠡᠬᠦ ᠱᠤᠩᠬᠤᠷ ᠠᠭᠤᠯᠠ ᠬᠦᠷᠦᠯᠴᠡᠨ ᠢᠷᠡᠭᠰᠡᠨ ᠪᠦᠬᠦ ᠰᠦᠰᠦᠭᠳᠡᠳ ᠢᠶᠠᠨ ᠬᠠᠯᠠᠭᠤᠨ ᠡᠯᠢᠬᠡᠨ ᠳᠡᠭᠡᠨ ᠲᠡᠪᠡᠷᠢᠨ ᠠᠪᠬᠤ ᠰᠢᠬ ᠪᠤᠯᠤᠯ᠎ᠡ᠃          ᠲᠠᠬᠢᠯᠭ᠎ᠠ ᠶᠢᠨ ᠳᠠᠷᠠᠭ᠎ᠠ᠂ ᠱᠤᠩᠬᠤᠷ ᠠᠭᠤᠯᠠ ᠶᠢᠨ ᠪᠠᠷᠠᠭᠤᠨ ᠡᠮᠦᠨ᠎ᠡ᠂ ᠪᠠᠶᠠᠨᠴᠠᠭᠠᠨ ᠨᠠᠭᠤᠷ ᠤᠨ ᠬᠦᠪᠡᠭᠡᠨ ᠳᠤ᠂ ᠬᠤᠶᠠᠳᠤᠭᠠᠷ ᠤᠳᠠᠭᠠᠨ ᠤ ᠱᠤᠩᠬᠤᠷ ᠠᠭᠤᠯᠠ ᠶᠢᠨ ᠳᠠᠬᠢᠯᠭ᠎ᠠ ᠶᠢᠨ ᠪᠦᠬᠡ ᠶᠢᠨ ᠨᠠᠶᠢᠷ ᠵᠢᠴᠢ ᠬᠤᠷᠢᠨ ᠳᠤᠯᠤᠳᠤᠭᠠᠷ ᠬᠤᠭᠤᠴᠠᠭᠠᠨ ᠤ ︽ᠱᠤᠩᠬᠤᠷ ᠴᠤᠭᠯᠠᠭᠠᠨ︾ ᠤ ᠠᠷᠠᠳ ᠤᠨ ᠳᠠᠭᠤᠤ ᠶᠢᠨ ᠤᠷᠤᠯᠳᠤᠭᠠᠨ ᠵᠡᠷᠭᠡᠪᠡᠷ ᠡᠬᠢᠯᠡᠵᠡᠢ᠃ ᠪᠦᠬᠡ ᠶᠢᠨ ᠨᠠᠶᠢᠷ ᠲᠤ 32 ᠬᠡᠦᠬᠡᠳ ᠪᠦᠬᠡ ᠪᠠ 64 ᠬᠦᠴᠦᠲᠤ ᠪᠦᠬᠡ ᠵᠤᠳᠤᠭᠯᠠᠨ᠂ ᠤᠬᠠᠭᠠᠨ ᠲᠠᠮᠢᠷ ᠢᠶᠠᠨ ᠰᠤᠷᠢᠵᠠᠭᠠᠪᠠ ᠃ ᠤᠢᠢᠷ᠎ᠠ ᠶᠢᠨ ᠬᠡᠳᠦᠨ ᠵᠢᠯ ᠳᠤ᠂ ᠬᠤᠷᠴᠢᠨ ᠨᠤᠲᠤᠭ ᠪᠦᠬᠡ ᠶᠢᠨ ᠰᠤᠶᠤᠯ ᠢᠶᠠᠨ ᠰᠡᠷᠭᠦᠭᠡᠨ᠂ ᠶᠡᠭᠡ ᠪᠠᠭ᠎ᠠ ᠬᠡᠪᠴᠢᠶᠡᠨ ᠤ ᠪᠦᠬᠡ ᠶᠢᠨ ᠨᠠᠶᠢᠷ ᠢ ᠤᠳᠠᠭ᠎ᠠ ᠳᠠᠷᠠᠭᠠᠯᠠᠨ ᠶᠠᠪᠤᠭᠳᠠᠭᠤᠯᠤᠭᠰᠠᠨ ᠢᠶᠠᠷ ᠨᠡᠯᠢᠶᠡᠳ ᠲᠤᠭᠠᠨ ᠤ ᠪᠢᠴᠢᠬᠠᠨ ᠪᠦᠬᠡᠴᠦᠳ ᠲᠠᠢ ᠪᠤᠯᠤᠭᠰᠠᠨ ᠨᠢ ᠪᠠᠰᠠ ᠨᠢᠬᠡ ᠶᠤᠰᠤᠨ ᠤ ᠪᠠᠭ᠋ᠠᠷᠬᠠᠯ ᠪᠢᠯᠠ᠃ ᠢᠳᠡᠷᠴᠤᠳ ᠤᠨ ᠪᠦᠬᠡ ᠶᠢᠨ ᠪᠠᠷᠢᠯᠳᠤᠭᠠᠨ ᠳᠤ ᠪᠠᠰᠠ ᠵᠡᠬᠦᠨ ᠦᠵᠦᠮᠦᠴᠢᠨ ᠢᠶᠠᠷ ᠨᠤᠲᠤᠭᠲᠠᠢ ᠠᠪᠤᠷᠭᠤ ᠴᠤᠯᠠᠲᠠᠨ ᠠᠯᠲᠠᠨᠪᠠᠭᠠᠨ᠎ᠠ᠂ ᠮᠢᠩᠭᠠᠨ ᠪᠦᠬᠡ ᠶᠢᠨ ᠮᠠᠩᠯᠠᠢ ᠵᠡᠬᠦᠨ ᠪᠠᠭᠠᠷᠢᠨ ᠤ ᠠᠯᠲᠠᠨᠰᠦ᠋ᠬᠡ ᠵᠡᠷᠭᠡ ᠨᠡᠷᠡᠲᠦ ᠪᠦᠬᠡ ᠵᠤᠳᠤᠭᠯᠠᠭᠰᠠᠨ ᠨᠢ ᠨᠠᠭᠠᠳᠤᠮᠴᠢᠨ ᠤᠯᠠᠨ ᠤ ᠤᠷᠮ᠎ᠠ ᠶᠢ ᠬᠦᠭᠵᠢᠬᠡᠵᠦ᠂ ᠨᠠᠶᠢᠷ ᠢ ᠴᠢᠮᠡᠵᠡᠢ᠃ ᠬᠤᠷᠴᠠ ᠰᠢᠷᠦᠬᠦᠨ ᠦᠷᠢᠰᠦᠯᠳᠦᠬᠡᠨ ᠢᠶᠠᠷ ᠳᠠᠮᠵᠢᠭᠠᠳ᠂ ᠵᠡᠬᠦᠨ ᠦᠵᠦᠮᠦᠴᠢᠨ ᠤ ᠠᠯᠲᠠᠨᠪᠠᠭᠠᠨ᠎ᠠ ᠲᠡᠷᠢᠬᠦᠯᠡᠵᠦ᠂ ᠬᠤᠷᠴᠢᠨ ᠵᠡᠬᠦᠨ ᠭᠠᠷᠤᠨ ᠬᠤᠶᠢᠳᠦ ᠬᠤᠰᠢᠭᠤᠨ ᠤ ᠠᠭᠤᠯᠠ ᠪᠠᠯᠭᠠᠰᠤ ᠶᠢᠨ ᠪᠠᠶᠠᠨᠪᠤᠳᠠ ᠭᠠᠴᠠᠭᠠᠨ ᠤ ᠡᠷᠳᠡᠨᠢ ᠲᠡᠳ᠋ᠯᠡᠵᠡᠢ᠃  
       
     ︽ᠮᠤᠩᠭᠤᠯ ᠦᠯᠢᠭᠡᠷᠳᠤ ᠠᠷᠠᠳ ᠤᠨ ᠳᠠᠭᠤᠤ ᠶᠢᠨ ᠦᠯᠦᠬᠡᠢ︾ ᠬᠡᠮᠡᠭᠳᠡᠭᠰᠡᠨ ᠠᠭᠤᠯᠠ ᠨᠤᠲᠤᠭ ᠤᠨ ᠠᠷᠠᠳ ᠲᠦᠮᠡᠨ ᠳᠠᠭᠤᠤ ᠪᠦᠵᠢᠭ ᠲᠡᠭᠡᠨ ᠠᠪᠢᠶᠠᠰ ᠲᠠᠢ ᠪᠠᠶᠢᠳᠠᠭ ᠢᠶᠠᠷ ᠢᠶᠠᠨ ᠬᠤᠯᠠ ᠤᠢᠢᠷ᠎ᠠ ᠳᠠᠭᠠᠨ ᠠᠯᠳᠠᠷᠲᠠᠢ᠃ ᠲᠤᠰ ᠤᠳᠠᠭᠠᠨ ᠤ ᠠᠷᠠᠳ ᠤᠨ ᠳᠠᠭᠤᠤ ᠶᠢᠨ ᠤᠷᠤᠯᠳᠤᠭᠠᠨ ᠤ ᠤᠷᠤᠯᠴᠠᠭᠴᠢ ᠶᠢ ᠡᠷᠬᠡᠪᠰᠢ ᠬᠤᠷᠴᠢᠨ ᠵᠡᠬᠦᠨ ᠭᠠᠷᠤᠨ ᠬᠤᠶᠢᠳᠦ ᠬᠤᠰᠢᠭᠤ ᠪᠠᠷ ᠨᠤᠲᠤᠭᠲᠠᠢ ᠪᠠᠶᠢᠬᠤ ᠭᠡᠳᠡᠭ ᠤᠷᠤᠯᠳᠤᠭᠠᠨ ᠤ ᠲᠤᠭᠲᠠᠭᠠᠯ ᠢᠶᠠᠷ᠂ ᠪᠦᠬᠦ ᠬᠤᠰᠢᠭᠤᠨ ᠤ ᠡᠯ᠎ᠡ ᠭᠠᠵᠠᠷ ᠠᠴᠠ ᠬᠦᠷᠦᠯᠴᠡᠨ ᠢᠷᠡᠭᠰᠡᠨ 83 ᠤᠷᠤᠯᠴᠠᠭᠴᠢ ᠤᠷ᠎ᠠ ᠠᠪᠢᠶᠠᠰ ᠢᠶᠠᠨ ᠭᠠᠶᠢᠬᠠᠭᠤᠯᠵᠠᠢ᠃ ᠡᠬᠦᠨ ᠳᠤ ᠬᠠᠮᠤᠭ ᠪᠠᠭ᠎ᠠ ᠨᠢ 10 ᠨᠠᠰᠤᠲᠠᠢ ᠬᠡᠦᠬᠡᠳ ᠪᠠᠶᠢᠬᠤ ᠳᠤ ᠬᠠᠮᠤᠭ ᠠᠬᠠᠮᠠᠳ ᠨᠢ 80 ᠨᠠᠰᠤᠲᠠᠢ ᠪᠤᠭᠤᠷᠤᠯ ᠪᠠᠶᠢᠯ᠎ᠠ᠃ ᠤᠷᠤᠯᠴᠠᠭᠴᠢ ᠶᠢᠨ ᠬᠤᠪᠢ ᠳᠤ᠂ ᠴᠦᠬᠡᠨ ᠬᠡᠳᠦᠨ ᠰᠤᠷᠤᠭᠴᠢᠳ ᠢ ᠭᠠᠷᠭᠠᠪᠠᠯ᠂ ᠤᠯᠠᠩᠭᠢ ᠨᠢ ᠪᠦᠷ ᠮᠠᠯᠴᠢᠨ ᠲᠠᠷᠢᠶᠠᠴᠢᠳ ᠪᠠᠶᠢᠪᠠ᠃          ᠦᠳᠡ ᠬᠡᠯᠪᠠᠶᠢᠬᠦ ᠶᠢᠨ ᠦᠶ᠎ᠡ ᠪᠠᠷ᠂ ᠨᠠᠶᠢᠷ ᠦᠨᠳᠦᠷᠯᠡᠵᠦ᠂ ᠤᠶᠠᠩᠭ᠎ᠠ ᠳᠠᠭᠤᠤ ᠪᠠᠷ ᠰᠤᠨᠤᠷ ᠢᠶᠠᠨ ᠪᠠᠶᠠᠰᠬᠠᠵᠦ᠂ ᠤᠷᠠᠨ ᠪᠠᠷᠢᠯᠳᠤᠭᠠᠨ ᠢᠶᠠᠷ ᠨᠢᠳᠦ ᠪᠠᠨ ᠬᠤᠵᠢᠷᠯᠠᠭᠰᠠᠨ ᠦᠵᠡᠭᠴᠢ ᠲᠦᠮᠡᠨ ᠲᠠᠷᠬᠠᠵᠦ ᠤᠳᠪᠠ᠃ ᠬᠦᠮᠦᠰ ᠨᠠᠶᠢᠷ ᠤᠨ ᠲᠠᠯᠠᠪᠠᠢ ᠪᠠᠨ ᠴᠡᠪᠡᠷᠯᠡᠵᠦ ᠳᠠᠭᠤᠰᠬᠤ ᠲᠠᠢ ᠵᠡᠷᠭᠡ ᠠᠭᠠᠳᠠᠷ ᠬᠤᠷ᠎ᠠ ᠴᠢᠳᠬᠤᠯᠠᠵᠦ ᠡᠬᠢᠯᠡᠪᠡ᠃ ︽ᠨᠢᠳᠤᠨᠤᠨ ᠵᠢᠯ ᠲᠠᠬᠢᠯᠭ᠎ᠠ ᠶᠢᠨ ᠨᠠᠶᠢᠷ ᠦᠨᠳᠦᠷᠯᠡᠬᠡᠳ ᠬᠤᠷᠠᠭᠰᠠᠨ ᠤᠯᠠᠨ ᠲᠤᠬᠠᠢ ᠶᠢᠨ ᠲᠠᠯᠠᠪᠤᠷ ᠠᠴᠠ ᠲᠦᠡᠭᠭᠡᠵᠢ ᠲᠠᠷᠬᠠᠲᠠᠯ᠎ᠠ ᠲᠡᠷᠡ ᠪᠤᠷᠤᠭᠠᠨ ᠤ ᠰᠢᠷᠦᠬᠦᠨ ᠤᠷᠤᠭᠰᠠᠨ ᠶᠠᠭᠠᠬᠢᠵᠦ ᠪᠠᠶᠢᠨ᠎ᠠ︖ ᠡᠨᠡ ᠵᠢᠯ ᠬᠠᠷᠢᠨ ᠬᠤᠭᠤᠯᠠ ᠪᠠᠨ ᠢᠳᠡᠵᠦ ᠠᠮᠵᠢᠭᠠᠳ ᠪᠦᠬᠦ ᠵᠦᠢᠯ ᠢᠶᠠᠨ ᠬᠤᠷᠢᠶᠠᠵᠦ ᠳᠠᠭᠤᠰᠬᠤ ᠳᠤ ᠯᠠ ᠤᠷᠤᠭᠰᠠᠨ᠂ ᠨᠡᠭᠡᠷᠡᠨ ᠭᠠᠶᠢᠬᠠᠮᠰᠢᠭᠲᠠᠢ ᠰᠢᠦ︕︾ ︽ᠬᠤᠯᠠ ᠶᠢᠨ ᠬᠢ ᠪᠤᠯ ᠵᠠᠮ ᠳᠠᠭᠠᠨ ᠶᠠᠪᠤᠵᠦ ᠪᠠᠶᠢᠬᠤ ᠠᠴᠠ ᠪᠢᠰᠢ᠂ ᠤᠢᠢᠷᠠᠯᠴᠠᠭᠠᠬᠢ ᠬᠦᠮᠦᠰ ᠡᠨᠡ ᠦᠶᠡᠰ ᠪᠦᠷ ᠭᠡᠷ ᠲᠡᠭᠡᠨ ᠬᠦᠷᠴᠢᠬᠡᠭᠰᠡᠨ ᠶᠤᠮ᠃ ᠮᠠᠨ ᠤ ᠡᠨᠡ ᠠᠭᠤᠯᠠ ᠤᠰᠤ ᠦᠨᠡᠬᠡᠷ ᠭᠠᠶᠢᠬᠠᠯᠲᠠᠢ᠂ ᠲᠠᠬᠢᠵᠦ ᠪᠠᠶᠢᠬᠤ ᠴᠢᠨᠢ ᠲᠠᠭᠠᠷᠠᠨ᠎ᠠ︾ ᠭᠡᠵᠦ ᠪᠠᠶᠢᠭᠠᠯᠢ ᠡᠬᠡ ᠶᠢᠨ ᠭᠠᠶᠢᠬᠠᠮᠰᠢᠭᠲᠤ ᠷᠢᠳᠢ ᠰᠢᠳᠢ ᠶᠢ ᠪᠠᠭ᠋ᠠᠳᠤᠨ ᠪᠢᠰᠢᠷᠡᠭᠰᠡᠨ ᠬᠦᠮᠦᠰ ᠠᠮᠠ ᠠᠮᠠᠨ ᠳᠠᠭᠠᠨ ᠶᠠᠷᠢᠵᠦ ᠪᠠᠶᠢᠯ᠎ᠠ᠃  
                                                   
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ