| ᠊᠊᠊᠊᠊᠊᠊ ᠴᠤᠬᠤᠷ ᠬᠠᠯᠬ᠎ᠠ ᠬᠤᠰᠢᠭᠤᠨ ᠤ ᠠᠷᠪᠠᠨ ᠬᠤᠶᠠᠳᠤᠭᠠᠷ ᠸᠠᠩ ᠨᠤᠯᠮᠠᠰᠡᠷᠡᠩ ᠤᠨ ᠰᠠᠭᠤᠵᠦ ᠪᠠᠶᠢᠭᠰᠠᠨ ᠤᠷᠳᠤᠨ ᠤ ᠪᠠᠭᠤᠷᠢ ᠶᠢᠨ ᠲᠤᠬᠠᠢ ᠲᠡᠮᠲᠡᠭᠯᠡᠪᠡ | ᠤᠨ ᠴᠠᠭ ᠤᠨ ᠤᠷᠤᠰᠬᠠᠯ ᠤᠯᠠᠨ ᠶᠠᠭᠤᠮ᠎ᠠ ᠶᠢ ᠠᠪᠴᠦ ᠶᠠᠪᠤᠬᠤ ᠶᠢᠨ ᠬᠠᠵᠠᠭᠤ ᠪᠠᠷ ᠪᠠᠰᠠ ᠵᠠᠷᠢᠮ ᠵᠦᠢᠯᠡᠰ ᠢ ᠦᠯᠡᠳᠡᠭᠡᠵᠦ ᠦᠭᠳᠡᠭ ᠨᠢ ᠰᠠᠶᠢᠬᠠᠨ᠃ | ᠡᠷᠲᠡᠨ ᠠᠴᠠ ᠦᠯᠡᠳᠡᠭᠳᠡᠨ ᠢᠷᠡᠭᠰᠡᠨ ᠤᠯᠠᠨ ᠰᠠᠶᠢᠬᠠᠨ ᠵᠤᠬᠢᠶᠠᠯ ᠪᠦᠲᠦᠭᠡᠯ᠂ ᠳᠠᠭᠤᠤ ᠤᠷᠠᠯᠢᠭ ᠵᠡᠷᠭᠡ ᠨᠢ ᠬᠦᠮᠦᠰ ᠲᠤ ᠤᠶᠤᠨ ᠤ ᠬᠦᠷᠲᠡᠭᠡᠯ ᠪᠤᠯᠵᠦ ᠪᠠᠶᠢᠳᠠᠭ | ᠪᠤᠯ ᠲᠡᠳᠡ ᠨᠡᠷ ᠤᠨ ᠬᠢᠵᠦ ᠪᠦᠲᠦᠭᠡᠭᠰᠡᠨ ᠬᠡᠷ ᠪᠠᠷᠢᠯᠭ᠎ᠠ᠂ ᠡᠳ᠋ᠯᠡᠵᠦ ᠬᠡᠷᠡᠭᠯᠡᠭᠰᠡᠨ ᠵᠦᠢᠯᠡᠰ ᠨᠢ ᠴᠤ ᠬᠤᠪᠤᠷ ᠨᠠᠨᠳᠢᠨ ᠳᠤᠷᠠᠰᠬᠠᠯᠲᠤ ᠵᠦᠢᠯ᠂ ᠮᠤᠨᠳᠠᠭ ᠶᠡᠭᠡ | ᠰᠤᠶᠤᠯ ᠤᠨ ᠦᠪ ᠪᠤᠯᠤᠭᠰᠠᠨ ᠪᠠᠶᠢᠳᠠᠭ᠃ ᠭᠡᠬᠦ ᠳᠤ ᠪᠠᠨ ᠲᠡᠳᠡᠭᠡᠷ ᠨᠢ ᠶᠡᠭᠡ ᠪᠠᠭ᠎ᠠ ᠪᠠᠷ ᠢᠶᠠᠨ᠂ ᠨᠦᠯᠦᠬᠡ ᠲᠤᠰᠬᠠᠯ ᠢᠶᠠᠷ ᠢᠶᠠᠨ᠂ ᠴᠠᠭ ᠤᠨ ᠤᠷᠲᠤ | ᠤᠬᠤᠷ ᠢᠶᠠᠷ ᠢᠶᠠᠨ ᠁ ᠭᠡᠳ ᠤᠯᠠᠨ ᠵᠦᠢᠯ ᠠᠴᠠ ᠰᠢᠯᠲᠠᠭᠠᠯᠠᠭᠳᠠᠵᠦ ᠦᠨ᠎ᠡ ᠦᠷᠳᠡᠭ ᠨᠢ ᠴᠤ ᠠᠳᠠᠯᠢ ᠪᠤᠰᠤ ᠪᠤᠯᠳᠠᠭ ᠤᠴᠢᠷᠲᠠᠢ᠃ ᠶᠠᠭ ᠦᠨᠡᠨ ᠳᠤ ᠪᠠᠨ | ᠪᠢᠳᠡ ᠬᠦᠨᠳᠦᠳᠭᠡᠵᠦ ᠦᠵᠡᠳᠡᠭ ᠯᠠ ᠶᠤᠮ ᠪᠤᠯ ᠲᠡᠳᠡᠭᠡᠷ ᠤᠨ ᠠᠯᠢ ᠨᠢ ᠴᠤ ᠭᠡᠰᠡᠨ ᠶᠠᠯᠢᠮ ᠦᠬᠡᠢ ᠵᠦᠢᠯ ᠶᠠᠭᠠᠬᠢᠭᠰᠠᠨ ᠴᠤ ᠪᠢᠰᠢ ᠪᠤᠯᠬᠤ ᠨᠢ ᠭᠠᠷᠴᠠᠭ᠎ᠠ ᠦᠬᠡᠢ᠃ | ᠡ᠊ᠨᠳᠡ ᠪᠢᠳᠡ ᠰᠤᠷᠪᠤᠯᠵᠢᠯᠠᠭ᠎ᠠ ᠶᠢᠨ ᠳᠤᠮᠳᠠ ᠲᠤᠬᠢᠶᠠᠯᠳᠤᠭᠰᠠᠨ ᠬᠡᠳᠦᠬᠡᠨ ᠲᠠᠰᠤᠯᠭ᠎ᠠ ᠬᠠᠭᠤᠴᠢᠨ ᠪᠠᠭᠤᠷᠢ ᠶᠢᠨ ᠲᠤᠬᠠᠢ ᠬᠠᠭᠤᠴᠢ ᠵᠤᠭᠤᠭ ᠠᠴᠠ ᠨᠢ | ᠬᠤᠪᠢᠶᠠᠯᠴᠠᠬᠤ ᠶᠢ ᠰᠠᠨᠠᠯ᠎ᠠ᠃ | ᠮᠠᠩᠬᠠᠨ ᠰᠤᠮᠤ ᠶᠢᠨ ᠪᠤᠶᠠᠨᠲᠤ ᠬᠤᠭᠤᠯᠠᠢ ᠠᠶᠢᠯ ᠢᠶᠠᠷ ᠰᠤᠷᠪᠤᠯᠵᠢᠯᠠᠵᠦ ᠶᠠᠪᠤᠬᠤ ᠳᠤ᠂ ᠵᠠᠮ ᠤᠨ ᠬᠠᠵᠠᠭᠤᠳᠡᠬᠢ ᠲᠡᠮᠦᠷ ᠰᠡᠷᠡᠯᠵᠢ ᠶᠢᠨ ᠬᠠᠰᠢᠶᠠᠨ ᠳᠤ ᠨᠢᠬᠡ | ᠡᠪᠳᠡᠷᠬᠡᠢ ᠪᠤᠰᠤᠭ᠎ᠠ ᠭᠡᠷ ᠬᠠᠷᠠᠭᠳᠠᠯ᠎ᠠ᠃ ᠸᠠᠭᠠᠷ ᠪᠤᠯᠤᠨ ᠲᠤᠭᠤᠰᠬ᠎ᠠ ᠨᠢ ᠬᠡᠳᠦᠨ ᠦᠡᠭᠭᠡ ᠶᠢᠨ ᠪᠤᠯᠵᠦ ᠠᠯᠠᠭᠯᠠᠨ ᠬᠠᠷᠠᠭᠳᠠᠬᠤ ᠨᠢ ᠰᠡᠬᠦᠯᠡᠷ ᠨᠢ ᠪᠠᠰᠠ ᠡᠬᠦᠨ ᠢ | ᠵᠠᠰᠠᠵᠦ ᠰᠡᠯᠪᠢᠵᠦ ᠦᠡᠭᠭᠡᠷᠡᠭᠰᠡᠨ ᠬᠡᠳᠡᠭ ᠨᠢ ᠲᠤᠳᠤᠷᠬᠠᠢ᠃ ᠡᠮᠦᠨ᠎ᠡ ᠬᠤᠶᠢᠨ᠎ᠠ ᠬᠤᠶᠠᠷ ᠰᠠᠷᠠᠪᠴᠢ ᠶᠢ ᠨᠢ ᠳᠠᠭᠠᠭᠠᠳ ᠬᠠᠶᠢᠯᠠᠰᠤᠨ ᠮᠤᠳᠤᠳ ᠪᠠᠭᠴᠠᠷᠠᠨ ᠤᠷᠭᠤᠵᠦ | ᠬᠡᠷ ᠠᠴᠠ ᠦᠨᠳᠦᠷ ᠪᠤᠯᠵᠠᠢ᠃ | ᠊᠊᠊᠊᠊᠊ ᠡᠨᠡ ᠴᠢᠨᠢ ᠴᠤᠬᠤᠷ ᠬᠠᠯᠬ᠎ᠠ ᠬᠤᠰᠢᠭᠤᠨ ᠤ ᠠᠷᠪᠠᠨ ᠬᠤᠶᠠᠳᠤᠭᠠᠷ ᠸᠠᠩ ᠨᠤᠯᠮᠠᠰᠡᠷᠡᠩ ᠤᠨ ᠰᠠᠭᠤᠵᠦ ᠪᠠᠶᠢᠭᠰᠠᠨ ᠭᠡᠷ᠃ ᠡᠮᠦᠨ᠎ᠡ ᠬᠡᠳᠦᠨ ᠵᠢᠯ | ᠳᠡᠭᠡᠷ᠎ᠡ ᠱᠠᠳᠤᠨ ᠠᠴᠠ ᠲᠤᠰ ᠸᠠᠩ ᠤᠨ ᠤᠷᠳᠤ ᠶᠢ ᠵᠠᠰᠠᠵᠦ ᠰᠢᠨᠡᠳᠭᠡᠵᠦ ᠦᠭᠬᠦ ᠭᠡᠳ ᠪᠠᠰᠠ ᠵᠠᠰᠠᠵᠦ ᠦᠭᠭᠦᠭᠰᠡᠨ ᠦᠬᠡᠢ ᠬᠠᠶᠠᠴᠢᠬᠠᠵᠠᠢ᠃ ᠡᠶᠢᠮᠦ ᠨᠢᠬᠡ | ᠴᠢᠯᠠᠭᠤᠨ ᠫᠠᠶᠢᠰᠠ ᠪᠤᠰᠬᠠᠵᠦ ᠦᠭᠭᠦᠭᠡᠳ ᠢᠡᠭᠭᠢᠬᠡᠳ ᠯᠠ ᠲᠠᠯᠪᠢᠵᠦ ᠪᠠᠶᠢᠨ᠎ᠠ ᠭᠡᠵᠦ ᠬᠠᠮᠲᠤ ᠶᠠᠪᠤᠭᠰᠠᠨ ᠲᠤᠰ ᠭᠠᠴᠠᠭᠠᠨ ᠤ ᠭᠠᠴᠠᠭᠠᠨ ᠳᠠᠷᠤᠭ᠎ᠠ ᠰᠤᠳᠥᠪᠢᠯᠢᠭ | ᠭᠤᠸᠠᠢ ᠲᠡᠷᠭᠡᠳᠡ ᠪᠠᠨ ᠪᠠᠶᠢᠭ᠎ᠠ ︽ᠬᠠᠯᠬ᠎ᠠ ᠸᠠᠩ ᠤᠨ ᠤᠷᠤᠨ ᠰᠠᠭᠤᠴᠠ ᠶᠢᠨ ᠪᠠᠭᠤᠷᠢ︾ ᠬᠡᠮᠡᠬᠦ ᠬᠢᠲᠠᠳ ᠮᠤᠩᠭᠤᠯ ᠦᠰᠦᠭ ᠬᠠᠪᠰᠤᠷᠭᠠᠭᠰᠠᠨ ᠴᠢᠯᠠᠭᠤᠨ | ᠫᠠᠶᠢᠰᠠ ᠶᠢ ᠵᠢᠭᠠᠵᠦ ᠲᠠᠨᠢᠯᠴᠠᠭᠤᠯᠤᠨ᠎ᠠ᠃ | ᠪᠢᠳᠡ ᠶᠠᠭ ᠢᠡᠭᠭᠢᠵᠦ ᠸᠠᠩ ᠤᠨ ᠤᠷᠳᠤᠨ ᠤ ᠪᠠᠭᠤᠷᠢ ᠶᠢ ᠰᠤᠨᠢᠷᠬᠠᠵᠦ ᠵᠤᠭᠰᠤᠲᠠᠯᠠ ᠵᠠᠮ ᠢᠶᠠᠷ ᠪᠠᠰᠠ ᠨᠢᠬᠡ ᠨᠠᠰᠤᠲᠠᠨ ᠭᠤᠷᠪᠠᠨ ᠬᠦᠷᠳᠦᠳᠦ ᠴᠠᠬᠢᠯᠭᠠᠨ | ᠬᠦᠳᠡᠯᠬᠡᠬᠦᠷᠲᠦ ᠲᠡᠷᠭᠡ ᠵᠢᠯᠤᠭᠤᠳᠤᠨ ᠦᠡᠭᠭᠡᠷᠡᠬᠦ ᠬᠠᠷᠠᠭᠳᠠᠪᠠ᠃ ︽ᠡᠨᠡ ᠠᠪᠤ ᠪᠠᠰᠠ ᠡᠨᠡ ᠪᠠᠭᠤᠷᠢ ᠶᠢᠨ ᠲᠤᠬᠠᠢ ᠦᠯᠢᠬᠡᠷ ᠲᠡᠦᠬᠡ ᠶᠢ ᠰᠠᠶᠢᠨ ᠮᠡᠳᠡᠨ᠎ᠡ ᠰᠢᠦ︾ | ᠭᠡᠬᠦ ᠭᠠᠴᠠᠭᠠᠨ ᠳᠠᠷᠤᠭ᠎ᠠ ᠶᠢᠨ ᠳᠠᠨᠢᠯᠴᠠᠭᠤᠯᠭ᠎ᠠ ᠪᠠᠷ ᠪᠢᠳᠡ ᠲᠡᠷᠡ ᠨᠠᠰᠤᠲᠠᠨ ᠤ ᠵᠠᠮ ᠢ ᠨᠢ ᠲᠤᠰᠴᠤ ᠰᠤᠷᠪᠤᠯᠵᠢᠯᠠᠪᠠ᠃ ᠨᠠᠰᠤᠲᠠᠨ ᠤ ᠨᠡᠷ᠎ᠡ ᠶᠢ ᠯᠢ ᠳᠡᠮᠡᠷᠢᠨᠴᠤᠭᠯᠠ | ᠭᠡᠳᠡᠭ᠂ ᠡᠨᠡ ᠵᠢᠯ ᠵᠢᠷᠠ ᠶᠢᠰᠦ ᠬᠦᠷᠴᠡᠢ᠃ | ᠊᠊᠊᠊᠊᠊ ᠤᠤᠯ ᠳᠤ ᠪᠠᠨ ᠮᠠᠨ ᠤ ᠡᠨᠡ ᠨᠤᠲᠤᠭ ᠲᠤ ᠡᠶᠢᠮᠦ ᠤᠯᠠᠨ ᠠᠶᠢᠯ ᠡᠷᠦᠬᠡ ᠪᠠᠶᠢᠭᠰᠠᠨ ᠦᠬᠡᠢ ᠰᠢᠦ᠃ ᠡᠨᠡ ᠸᠠᠩ ᠤᠨ ᠤᠷᠳᠤᠨ ᠤ ᠪᠠᠭᠤᠷᠢ ᠴᠢᠨᠢ | ᠡᠷᠲᠡ ᠳᠤ ᠪᠠᠨ ᠪᠤᠯ ᠪᠦᠷ ᠠᠶᠠᠭᠠᠨ ᠬᠢᠷᠢ ᠶᠢᠨ ᠪᠦᠲᠦᠬᠦᠨ ᠴᠠᠭᠠᠨ ᠪᠤᠷᠭᠠᠰᠤ ᠤᠷᠭᠤᠵᠦ ᠪᠠᠶᠢᠭᠰᠠᠨ ᠭᠠᠵᠠᠷ ᠭᠡᠨ᠎ᠡ᠃ ᠡᠨᠡ ᠴᠤᠬᠤᠷ ᠬᠠᠯᠬ᠎ᠠ ᠬᠤᠰᠢᠭᠤᠨ ᠤ | ᠨᠤᠯᠮᠠᠰᠡᠷᠡᠩ ᠸᠠᠩ ᠤᠤᠯ ᠳᠤ ᠪᠠᠨ ᠤᠳᠤ ᠶᠢᠨ ᠯᠢᠦ ᠵᠢᠶᠠᠽᠢ ᠤᠷᠴᠢᠮ ᠤᠨ ᠨᠤᠶᠠᠨ ᠬᠤᠷᠤᠭ᠎ᠠ ᠬᠡᠮᠡᠬᠦ ᠭᠠᠵᠠᠷ ᠰᠠᠭᠤᠵᠦ ᠪᠠᠶᠢᠭᠰᠠᠨ ᠭᠡᠳᠡᠭ᠂ ᠮᠠᠨ ᠤ ᠡ᠊ᠨᠳᠡ | ᠸᠠᠩ ᠤᠨ ᠰᠠᠩ ᠨᠢ ᠪᠠᠶᠢᠭᠰᠠᠨ ᠪᠦᠬᠡᠳ ᠸᠠᠩ ᠤᠨ ᠳᠡᠬᠦᠦ ᠨᠢ ᠬᠠᠷᠠᠨᠤᠬᠠᠢ ᠬᠡᠳᠡᠭ ᠬᠦᠮᠦᠨ ᠰᠠᠭᠤᠵᠦ ᠪᠠᠶᠢᠭᠰᠠᠨ ᠭᠡᠨ᠎ᠡ᠃ ᠰᠡᠬᠦᠯᠡᠷ ᠨᠢ ᠸᠠᠩ ᠤᠨ ᠤᠷᠳᠤᠨ ᠨᠢ | ᠭᠠᠯᠳᠠᠭᠳᠠᠭᠰᠠᠨ ᠠᠴᠠ ᠨᠤᠯᠮᠠᠰᠡᠷᠡᠩ ᠸᠠᠩ ᠡ᠊ᠨᠳᠡ ᠢᠷᠡᠵᠦ ᠰᠠᠭᠤᠭᠰᠠᠨ ᠶᠤᠮ᠃ ᠬᠠᠭᠤᠷᠮᠠᠭ ᠮᠠᠨᠵᠦ ᠶᠢᠨ ᠦᠶ᠎ᠡ ᠳᠤ ᠴᠤᠬᠤᠷ ᠬᠠᠯᠬ᠎ᠠ ᠪᠤᠯᠤᠨ ᠲᠠᠩᠭᠤᠳ ᠬᠠᠯᠬ᠎ᠠ | ᠬᠤᠶᠠᠷ ᠬᠤᠰᠢᠭᠤ ᠶᠢ ᠰᠥᠢ ᠳ᠋ᠥ᠋ᠩ ᠰᠢᠶᠠᠨ ᠳᠤ ᠬᠠᠮᠢᠶᠠᠷᠤᠭᠤᠯᠤᠭᠰᠠᠨ ᠢᠶᠠᠷ ᠴᠤᠬᠤᠷ ᠬᠠᠯᠬ᠎ᠠ ᠬᠤᠰᠢᠭᠤ ᠳᠤ ᠵᠦᠪᠬᠡᠨ 960 ᠠᠮᠠᠨ ᠲᠤᠭ᠎ᠠ ᠦᠯᠡᠳᠡᠭᠡᠵᠦ | ᠦᠭᠭᠦᠭᠰᠡᠨ ᠭᠡᠨ᠎ᠡ᠃ ᠭᠠᠵᠠᠷ ᠲᠠᠷᠢᠶᠠᠨ ᠤ ᠬᠤᠪᠢᠰᠬᠠᠯ ᠳᠡᠭᠡᠷ᠎ᠡ᠂ ᠨᠤᠯᠮᠠᠰᠡᠷᠡᠩ ᠸᠠᠩ ᠲᠡᠮᠡᠴᠡᠭᠳᠡᠨ ᠨᠠᠰᠤ ᠪᠠᠷᠠᠭᠰᠠᠨ ᠪᠦᠬᠡᠳ ᠨᠠᠰᠤ ᠪᠠᠷᠠᠭᠰᠠᠨ ᠤ ᠬᠢᠨᠢ ᠳᠠᠷᠠᠭ᠎ᠠ | ᠮᠠᠨ ᠤ ᠡᠪᠦᠭᠡ ᠪᠤᠯᠤᠨ ᠠᠪᠠᠭ᠎ᠠ ᠨᠠᠷ ᠲᠡᠬᠦᠨ ᠢ ᠴᠠᠭᠠᠨ ᠪᠤᠷᠭᠠᠰᠤ ᠪᠠᠷ ᠬᠦᠷᠦᠭᠰᠡᠨ ᠠᠮᠠᠨ ᠰᠠᠭᠰᠤᠨ ᠳᠤ ᠬᠢᠬᠡᠳ ᠢᠷᠭᠡ ᠶᠢᠨ ᠲᠠᠯ᠎ᠠ ᠶᠢᠨ ᠪᠠᠷᠠᠭᠤᠨ ᠬᠤᠶᠢᠨ᠎ᠠ | ᠲᠠᠯ᠎ᠠ ᠳᠤ ᠠᠪᠠᠴᠢᠵᠦ ᠤᠷᠤᠰᠢᠭᠤᠯᠵᠠᠢ᠃ ᠤᠳᠤ ᠴᠤ ᠰᠢᠷᠤᠢ ᠶᠢᠨ ᠤᠡᠭᠭᠤᠨ ᠨᠢ ᠪᠠᠶᠢᠭᠰᠠᠭᠠᠷ ᠪᠦᠬᠡᠳ ᠦᠷ᠎ᠡ ᠬᠡᠦᠬᠡᠳ ᠨᠢ ᠰᠢᠷᠤᠢ ᠨᠡᠮᠡᠭᠰᠡᠭᠡᠷ ᠪᠠᠶᠢᠨ᠎ᠠ᠃ ᠡᠨᠡ | ᠭᠡᠷ ᠢ ᠪᠠᠷᠰ ᠵᠢᠯ ᠪᠠᠷᠢᠭᠰᠠᠨ ᠬᠡᠯᠴᠡᠳᠡᠭ᠂ ᠲᠡᠭᠡᠵᠦ ᠪᠤᠳᠤᠪᠠᠯ ᠤᠳᠤ 116 ᠵᠢᠯ ᠪᠤᠯᠴᠢᠬᠠᠵᠠᠢ᠃ ᠸᠠᠩ ᠤᠨ ᠤᠷᠳᠤᠨ ᠤ ᠠᠷᠪᠠᠭᠠᠳ ᠲᠠᠰᠤᠯᠭ᠎ᠠ ᠭᠡᠷ ᠢ ᠬᠤᠪᠢᠰᠬᠠᠯ | ᠳᠡᠭᠡᠷ᠎ᠡ ᠰᠤᠳᠤ᠂ ᠨᠠᠮᠳᠤᠷᠵᠢ᠂ ᠮᠠᠵᠤᠭᠵᠠᠪ ᠵᠡᠷᠭᠡ ᠭᠤᠷᠪᠠᠨ ᠬᠦᠮᠦᠨ ᠳᠤ ᠬᠤᠪᠢᠶᠠᠵᠦ ᠦᠭᠭᠦᠭᠰᠡᠨ ᠶᠤᠮ᠃ ᠮᠢᠨᠦ ᠮᠡᠳᠡᠭᠡᠵᠢ ᠪᠠᠷ 1956 ᠤᠨ ᠤ ᠦᠶ᠎ᠡ ᠪᠠᠷ | ᠡᠨᠡ ᠭᠡᠷ ᠢ ᠰᠤᠳᠤ᠂ ᠨᠠᠮᠳᠤᠷᠵᠢ ᠨᠠᠷ ᠬᠤᠤᠰᠪᠠᠶᠠᠷ ᠤᠨ ᠠᠪᠤ ᠪᠦᠬᠡᠲᠡᠮᠦᠷ ᠭᠡᠬᠦ ᠬᠦᠮᠦᠨ ᠳᠤ 300 ᠲᠦᠬᠦᠷᠢᠭ ᠢᠶᠠᠷ ᠬᠤᠳᠠᠯᠳᠤᠭᠰᠠᠨ ᠭᠡᠳᠡᠭ᠃ ᠡ᠊ᠨᠳᠡ ᠤᠯᠠᠩᠭᠢ | ᠡᠷᠦᠬᠡ ᠰᠠᠭᠤᠭᠠᠳ ᠪᠦᠷ ᠵᠤᠬᠢᠷᠠᠵᠦ ᠦᠭᠬᠦ ᠦᠬᠡᠢ᠂ ᠶᠡᠭᠡ ᠬᠠᠲᠠᠭᠤ ᠨᠤᠲᠤᠭ ᠭᠡᠳᠡᠭ ᠪᠤᠯᠬᠤᠷ ᠤᠳᠤ ᠡ᠊ᠨᠳᠡ ᠬᠦᠮᠦᠨ ᠴᠤ ᠰᠠᠭᠤᠬᠤ ᠪᠠᠨ ᠪᠠᠶᠢᠵᠠᠢ᠃ ᠭᠡᠷ ᠨᠢ | ᠴᠤ ᠨᠡᠯᠢᠶᠡᠳ ᠨᠢ ᠤᠨᠠᠵᠦ ᠳᠠᠭᠤᠰᠤᠭᠠᠳ ᠤᠳᠤ ᠡᠨᠡ ᠬᠡᠳᠦᠬᠡᠨ ᠲᠠᠰᠤᠯᠭ᠎ᠠ ᠭᠡᠷ ᠬᠤ᠋ ᠰᠢᠶᠤᠤ ᠭᠡᠳᠡᠭ ᠬᠦᠮᠦᠨ ᠤ ᠬᠠᠰᠢᠶᠠᠨ ᠳᠤ ᠪᠠᠶᠢᠨ᠎ᠠ᠃ ᠤᠳᠤ ᠡᠨᠡ ᠴᠢᠨᠢ | ᠮᠠᠨ ᠤ ᠮᠠᠩᠬᠠᠨ ᠰᠤᠮᠤ ᠳᠤ ᠦᠯᠡᠳᠡᠭᠳᠡᠵᠦ ᠪᠠᠶᠢᠭ᠎ᠠ ᠴᠤᠷ ᠤᠨ ᠭᠠᠭᠴᠠ ᠡᠷᠲᠡᠨ ᠤ ᠦᠯᠡᠳᠡᠭᠳᠡᠯ ᠵᠦᠢᠯ ᠪᠤᠯᠴᠢᠬᠠᠵᠠᠢ᠂ ᠪᠤᠰᠤᠳ ᠬᠢᠲᠠᠩ ᠤᠨ ᠰᠦᠮ᠎ᠡ᠂ | ᠬᠦᠢᠰᠦ ᠶᠢᠨ ᠰᠦᠮ᠎ᠡ᠂ ᠠᠪᠠᠭ᠎ᠠ ᠶᠢᠨ ᠰᠦᠮ᠎ᠡ ᠵᠡᠷᠭᠡ ᠤᠯᠠᠨ ᠰᠠᠶᠢᠬᠠᠨ ᠡᠷᠲᠡᠨ ᠤ ᠪᠠᠷᠢᠯᠭ᠎ᠠ ᠨᠤᠭᠤᠳ ᠪᠦᠷ ᠡᠪᠳᠡᠭᠳᠡᠭᠡᠳ ᠪᠠᠷᠠᠴᠢᠬᠠᠵᠠᠢ᠃ ᠡᠨᠡ ᠸᠠᠩ ᠤᠨ | ᠤᠷᠳᠤᠨ ᠤ ᠪᠠᠭᠤᠷᠢ ᠶᠢ ᠬᠠᠮᠠᠭᠠᠯᠠᠪᠠᠯ ᠵᠤᠬᠢᠨ᠎ᠠ ᠭᠡᠵᠦ ᠲᠡᠮᠡᠷᠢᠨᠴᠤᠭᠯᠠ ᠨᠠᠰᠤᠲᠠᠨ ᠦᠪᠡᠷ ᠤᠨ ᠮᠡᠳᠡᠭᠰᠡᠨ ᠢᠶᠠᠨ ᠬᠡᠯᠡᠬᠦ ᠶᠢᠨ ᠲᠠᠭᠠᠤ ᠳᠤ ᠪᠠᠰᠠ ᠦᠪᠡᠷ ᠤᠨ ᠦᠵᠡᠯ | ᠪᠤᠳᠤᠯ ᠢᠶᠠᠨ ᠢᠯᠡᠳᠭᠡᠵᠦ ᠪᠠᠶᠢᠪᠠ᠃ | ᠨᠤᠯᠮᠠᠰᠡᠷᠡᠩ ᠬᠡᠷᠬᠢᠨ ᠸᠠᠩ ᠰᠠᠭᠤᠭᠰᠠᠨ ᠲᠤᠬᠠᠢ ᠮᠠᠩᠬᠠᠨ ᠰᠤᠮᠤ ᠶᠢᠨ ᠴᠤᠬᠤᠭᠴᠢ ᠬᠡᠬᠦᠦ ᠠᠶᠢᠯ ᠤᠨ ᠠᠯᠲᠠᠨᠭᠠᠳᠠᠰᠤ ᠭᠤᠸᠠᠢ ᠪᠢᠳᠡᠨ ᠳᠤ ᠪᠠᠰᠠ ᠨᠢᠬᠡ | ᠡᠶᠢᠮᠦ ᠦᠯᠢᠬᠡᠷ ᠶᠠᠷᠢᠵᠦ ᠦᠭᠴᠡᠢ᠃ ᠬᠠᠯᠬ᠎ᠠ ᠵᠡᠬᠦᠨ ᠭᠠᠷ ᠬᠤᠰᠢᠭᠤ ︵ᠪᠠᠰᠠ ᠴᠤᠬᠤᠷ ᠬᠠᠯᠬ᠎ᠠ ᠬᠤᠰᠢᠭᠤ ᠭᠡᠳᠡᠭ︶ ᠶᠢᠨ ᠠᠷᠪᠠᠨ ᠨᠢᠬᠡᠳᠦᠬᠡᠷ ᠵᠠᠰᠠᠭ | ᠪᠦᠷᠢᠨᠮᠠᠨᠳᠤᠬᠤ ᠦᠪᠡᠷ ᠤᠨ ᠰᠦᠷ ᠬᠦᠴᠦᠨ ᠳᠤ ᠪᠠᠨ ᠡᠷᠬᠡᠮᠰᠢᠵᠦ ᠬᠦᠨᠳᠡᠯᠡᠨ ᠭᠤᠯᠲᠦ ᠠᠭᠠᠰᠢᠯᠠᠭᠰᠠᠨ ᠢᠶᠠᠷ ᠠᠷᠠᠳ ᠲᠦᠮᠡᠨ ᠤ ᠢᠳᠡᠭᠡᠯ ᠬᠦᠨᠳᠦ ᠶᠢ ᠠᠯᠳᠠᠭᠰᠠᠨ | ᠪᠤᠯᠬᠤᠷ ᠲᠤᠬᠠᠢ ᠶᠢᠨ ᠦᠶ᠎ᠡ ᠶᠢᠨ ᠤᠯᠠᠭᠠᠨ ᠵᠡᠷᠭᠡ ᠲᠠᠢ ᠲᠠᠶᠢᠵᠢ ᠨᠠᠷ ᠵᠠᠷᠭᠤ ᠬᠦᠭᠡᠭᠡᠵᠦ ᠪᠠᠶᠢᠭᠠᠳ ᠲᠡᠬᠦᠨ ᠤ ᠸᠠᠩ ᠤᠨ ᠵᠡᠷᠭᠡ ᠶᠢ ᠪᠠᠭᠤᠷᠠᠭᠤᠯᠵᠠᠢ᠃ | ᠪᠦᠷᠢᠨᠮᠠᠨᠳᠤᠬᠤ ᠠᠴᠠ ᠬᠦᠦ ᠦᠬᠡᠢ ᠪᠤᠯᠬᠤᠷ᠂ ᠲᠡᠷᠡ ᠦᠪᠡᠷ ᠤᠨ ᠠᠴᠢ ᠬᠦᠪᠡᠬᠦᠨ ᠸᠠᠩᠭᠤᠷ ᠲᠤ ᠸᠠᠩ ᠤᠨ ᠵᠡᠷᠭᠡ ᠪᠠᠨ ᠵᠠᠯᠭᠠᠮᠵᠢᠯᠠᠭᠤᠯᠬᠤ ᠬᠡᠰᠡᠨ ᠪᠤᠯᠪᠠᠴᠦ | ᠤᠯᠠᠭᠠᠨ ᠵᠡᠷᠭᠡ ᠲᠠᠢ ᠲᠠᠶᠢᠵᠢ ᠨᠠᠷ ᠨᠢ ᠵᠠᠷᠭᠤ ᠵᠠᠭᠠᠯᠳᠤᠭᠠᠨ ᠬᠦᠭᠡᠭᠡᠵᠦ ᠪᠠᠶᠢᠭᠠᠳ ᠨᠤᠯᠮᠠᠰᠡᠷᠡᠩ ᠢ ᠠᠷᠪᠠᠨ ᠬᠤᠶᠠᠳᠤᠭᠠᠷ ᠦᠶ᠎ᠡ ᠶᠢᠨ ᠵᠠᠰᠠᠭ ᠸᠠᠩ ᠪᠤᠯᠭᠠᠭᠰᠠᠨ | ᠭᠡᠳᠡᠭ᠃ ᠨᠤᠯᠮᠠᠰᠡᠷᠡᠩ ᠤᠨ ᠸᠠᠩ ᠤᠨ ᠵᠡᠷᠭᠡ ᠵᠠᠯᠭᠠᠮᠵᠢᠯᠠᠭᠰᠠᠨ ᠲᠤᠬᠠᠢ ᠠᠷᠠᠳ ᠤᠨ ᠳᠤᠮᠳᠠ ᠪᠠᠰᠠ ᠡᠶᠢᠮᠦ ᠶᠠᠷᠢᠶ᠎ᠠ ᠳᠠᠮᠵᠢᠭᠳᠠᠵᠦ ᠪᠠᠶᠢᠳᠠᠭ ᠭᠡᠨ᠎ᠡ᠃ ᠲᠡᠷᠡ | ᠸᠠᠩ ᠤᠨ ᠰᠠᠭᠤᠷᠢ ᠵᠠᠯᠭᠠᠮᠵᠢᠯᠠᠬᠤ ᠵᠠᠷᠭᠤ ᠶᠢ ᠲᠠᠰᠤᠯᠵᠦ ᠳᠡᠶᠢᠯᠬᠦ ᠦᠬᠡᠢ ᠪᠤᠯᠬᠤ ᠳᠤ᠂ ᠪᠡᠭᠡᠵᠢᠩ ᠤᠨ ᠶᠦᠡᠭ ᠾᠧ ᠬᠦᠡᠭ ᠤᠨ ᠨᠢᠬᠡ ᠯᠠᠮᠠ ᠡᠶᠢᠮᠦ ᠨᠢᠬᠡ ᠠᠷᠭ᠎ᠠ | ᠭᠠᠷᠭᠠᠵᠦ ᠦᠭᠭᠦᠭᠰᠡᠨ ᠭᠡᠨ᠎ᠡ᠃ ᠳᠠᠷᠤᠢ ᠸᠠᠩ ᠤᠨ ᠰᠠᠭᠤᠷᠢ ᠵᠠᠯᠭᠠᠮᠵᠢᠯᠠᠬᠤ ᠪᠠᠷ ᠪᠤᠯᠢᠶᠠᠯᠳᠤᠵᠦ ᠪᠠᠶᠢᠭ᠎ᠠ ᠲᠡᠷᠡ ᠬᠤᠶᠠᠷ ᠬᠦᠮᠦᠨ ᠤ ᠨᠡᠷ᠎ᠡ ᠶᠢ ᠨᠢ ᠪᠡᠭᠡ ᠪᠠᠷ | ᠮᠤᠤᠳᠦ ᠴᠠᠭᠠᠰᠤᠨ ᠳᠡᠭᠡᠷ᠎ᠡ ᠬᠢᠲᠠᠳ ᠮᠤᠩᠭᠤᠯ ᠲᠦᠪᠡᠳ ᠭᠤᠷᠪᠠᠨ ᠬᠡᠯᠡ ᠪᠠᠷ ᠪᠢᠴᠢᠬᠡᠳ ᠵᠢᠩᠯᠡᠵᠦ ᠦᠵᠡᠨ᠎ᠡ᠃ ᠠᠯᠢᠨ ᠤ ᠬᠢᠨᠢ ᠨᠡᠷ᠎ᠡ ᠨᠢ ᠬᠦᠨᠳᠦ ᠪᠤᠯ ᠲᠡᠷᠡ | ᠬᠦᠮᠦᠨ ᠤ ᠪᠤᠶᠠᠨ ᠨᠢ ᠶᠡᠭᠡ᠂ ᠸᠠᠩ ᠰᠠᠭᠤᠬᠤ ᠬᠦᠮᠦᠨ ᠭᠡᠵᠡᠢ᠃ ᠲᠡᠭᠡᠭᠡᠳ ᠲᠡᠷᠡ ᠶᠤᠰᠤᠭᠠᠷ ᠨᠢ ᠵᠢᠩᠯᠡᠵᠦ ᠦᠵᠡᠭᠰᠡᠨ ᠳᠤ ᠨᠤᠯᠮᠠᠰᠡᠷᠡᠩ ᠤᠨ ᠨᠡᠷ᠎ᠡ ᠨᠢ ᠬᠦᠨᠳᠦ | ᠪᠠᠶᠢᠭᠰᠠᠨ ᠪᠤᠯᠬᠤᠷ ᠸᠠᠩ ᠰᠠᠭᠤᠭᠰᠠᠨ ᠭᠡᠳᠡᠭ᠃ ᠰᠡᠬᠦᠯᠡᠷ ᠨᠢ 1935 ᠤᠨ ᠤ ᠦᠶ᠎ᠡ ᠪᠠᠷ ᠬᠠᠭᠤᠷᠮᠠᠭ ᠮᠠᠨᠵᠦ ᠠᠴᠠ ᠬᠠᠯᠬ᠎ᠠ ᠬᠤᠰᠢᠭᠤ ᠶᠢ ᠰᠦᠢ ᠳ᠋ᠥ᠋ᠩ | ᠰᠢᠶᠠᠨ ᠳᠤ ᠨᠡᠶᠢᠯᠡᠬᠦᠯᠦᠭᠰᠡᠨ ᠪᠤᠯᠪᠠᠴᠦ ᠨᠤᠯᠮᠠᠰᠡᠷᠡᠩ ᠳᠤ ᠰᠠᠷ᠎ᠠ ᠪᠦᠷᠢ 80 ᠮᠦᠡᠭᠭᠦᠨ ᠵᠤᠭᠤᠰ ᠤᠨ ᠲᠡᠳᠬᠦᠮᠵᠢ ᠶᠢᠨ ᠮᠦᠡᠭᠭᠦ ᠤᠯᠭᠤᠵᠦ᠂ ᠪᠤᠶᠠᠨᠲᠤ | ᠬᠤᠭᠤᠯᠠᠢ ᠠᠴᠠ ᠡᠮᠦᠨᠡᠰᠢ᠂ ᠲᠠᠮᠤ ᠶᠢᠨ ᠴᠠᠭᠠᠨ ᠠᠴᠠ ᠤᠮᠠᠷᠠᠰᠢᠬᠢ ᠬᠡᠳᠦᠨ ᠠᠶᠢᠯ ᠤᠨ 940 ᠠᠮᠠᠨ ᠲᠤᠭ᠎ᠠ ᠶᠢ ᠵᠠᠬᠢᠷᠤᠭᠤᠯᠤᠭᠰᠠᠨ ᠭᠡᠳᠡᠭ᠃ ᠬᠡᠷᠡᠭ | ᠳᠡᠭᠡᠷ᠎ᠡ ᠠᠴᠠ ᠡᠷᠭᠡ ᠶᠢ ᠨᠢ ᠠᠪᠤᠭᠰᠠᠨ ᠴᠤ ᠵᠡᠷᠭᠡ ᠶᠢ ᠨᠢ ᠠᠪᠤᠭᠰᠠᠨ ᠦᠬᠡᠢ ᠶᠠᠪᠤᠳᠠᠯ ᠪᠤᠯᠵᠠᠢ᠃ ᠰᠡᠬᠦᠯᠡᠷ ᠨᠢ ᠭᠠᠵᠠᠷ ᠲᠠᠷᠢᠶᠠᠨ ᠤ ᠬᠤᠪᠢᠰᠬᠠᠯ ᠤᠨ ᠦᠶ᠎ᠡ ᠳᠤ | ᠨᠤᠯᠮᠡᠰᠡᠷᠡᠩ ᠪᠤᠶᠠᠨᠲᠤ ᠬᠤᠭᠤᠯᠠᠢ ᠠᠶᠢᠯ ᠳᠤ ᠤᠳᠤ ᠶᠢᠨ ᠦᠯᠡᠳᠡᠭᠳᠡᠵᠦ ᠪᠠᠶᠢᠭ᠎ᠠ ᠡᠨᠡ ᠭᠡᠷ ᠲᠤ ᠪᠠᠨ ᠨᠠᠰᠤ ᠪᠠᠷᠠᠭᠰᠠᠨ ᠭᠡᠳᠡᠭ᠃ ᠨᠤᠯᠮᠠᠰᠡᠷᠡᠩ ᠪᠤᠯ ᠬᠠᠯᠬ᠎ᠠ | ᠵᠡᠬᠦᠨ ᠭᠠᠷ ᠬᠤᠰᠢᠭᠤᠨ ᠤ ᠬᠠᠮᠤᠭ ᠰᠡᠬᠦᠯᠴᠢ ᠶᠢᠨ ᠵᠠᠰᠠᠭ ᠸᠠᠩ ᠪᠦᠬᠡᠳ ᠨᠡᠶᠢᠲᠡ 50 ᠵᠢᠯ ᠸᠠᠩ ᠤᠨ ᠰᠠᠭᠤᠷᠢᠨ ᠳᠤ ᠰᠠᠭᠤᠵᠦ᠂ ᠬᠠᠯᠬ᠎ᠠ ᠵᠡᠬᠦᠨ ᠭᠠᠷ | ᠬᠤᠰᠢᠭᠤᠨ ᠤ 12 ᠸᠠᠩ ᠤᠨ ᠲᠤᠳᠤᠷ᠎ᠠ ᠸᠠᠩ ᠰᠠᠭᠤᠭᠰᠠᠨ ᠴᠠᠭ ᠨᠢ ᠬᠠᠮᠤᠭ ᠤᠷᠲᠤ ᠸᠠᠩ ᠪᠤᠯᠵᠠᠢ᠃ | ᠸᠠᠩ ᠤᠨ ᠤᠷᠳᠤᠨ ᠤ ᠲᠡᠳᠡᠭᠡᠷ ᠬᠦᠬᠡ ᠲᠤᠭᠤᠰᠬ᠎ᠠ ᠶᠢ ᠨᠢ ᠪᠦᠷ ᠲᠦᠮᠡᠳ ᠵᠡᠬᠦᠨ ᠬᠤᠰᠢᠭᠤᠨ ᠠᠴᠠ ᠲᠡᠭᠡᠭᠡᠵᠦ ᠠᠪᠴᠢᠷᠠᠭᠰᠠᠨ︔ ᠰᠡᠬᠦᠯᠡᠷ ᠨᠢ ᠪᠠᠰᠠ | ᠡᠨᠡ ᠪᠠᠭᠤᠷᠢ ᠠᠴᠠ ᠯᠤᠩᠬᠤ ᠲᠠᠢ ᠡᠳ᠋ ᠡᠷᠳᠡᠨᠢᠰ ᠭᠠᠷᠴᠦ ᠪᠠᠶᠢᠭᠰᠠᠨ︔ ᠡᠨᠡ ᠨᠤᠲᠤᠭ ᠶᠡᠭᠡ ᠬᠠᠲᠠᠭᠤ ᠪᠤᠯᠬᠤᠷ ᠪᠠᠷᠤᠭ ᠤᠨ ᠬᠦᠮᠦᠨ ᠰᠠᠭᠤᠭᠠᠳ ᠵᠤᠬᠢᠷᠠᠵᠦ | ᠦᠭᠬᠦ ᠦᠬᠡᠢ᠂ ᠡᠷᠲᠡ ᠳᠤ ᠨᠢᠬᠡ ᠬᠦᠮᠦᠨ ᠰᠠᠭᠤᠭᠠᠳ ᠶᠡᠭᠡ ᠪᠠᠶᠠᠵᠢᠭᠰᠠᠨ ᠨᠢ ᠬᠠᠷᠢᠨ ᠨᠡᠷ᠎ᠡ ᠶᠢᠨ ᠢᠶᠠᠨ ᠰᠠᠶᠢᠨ ᠢᠶᠠᠷ ᠡᠨᠡ ᠨᠤᠲᠤᠭ ᠢ ᠳᠠᠷᠤᠵᠦ ᠰᠠᠭᠤᠵᠦ | ᠴᠢᠳᠠᠭᠰᠠᠨ︔ ᠪᠠᠷᠢᠭᠠᠳᠠ ᠶᠢᠨ ᠦᠶ᠎ᠡ ᠳᠤ ᠶᠡᠭᠡ ᠦᠶᠡᠷ ᠪᠤᠯᠵᠦ ᠳᠡᠭᠡᠷ᠎ᠡ ᠰᠢᠭ ᠦᠵᠡᠭᠳᠡᠳᠡᠭ ᠭᠠᠵᠠᠷ ᠤᠳ ᠪᠦᠷ ᠤᠰᠤ ᠲᠤᠭᠲᠠᠵᠦ ᠪᠠᠶᠢᠬᠤ ᠳᠤ᠂ ᠬᠠᠷᠢᠴᠠᠩᠭᠤᠢ | ᠳᠤᠤᠷ᠎ᠠ ᠰᠢᠬ ᠬᠠᠷᠠᠭᠳᠠᠵᠦ ᠪᠠᠶᠢᠭᠠᠳ ᠡᠨᠡ ᠭᠡᠷ ᠲᠤ ᠤᠰᠤ ᠤᠷᠤᠬᠤ ᠦᠬᠡᠢ ᠪᠤᠯᠬᠤᠷ ᠪᠠᠷᠢᠭᠠᠳᠠ ᠶᠢᠨ ᠠᠮᠤ ᠪᠤᠳᠠᠭ᠎ᠠ ᠪᠠᠨ ᠪᠦᠷ ᠲᠡᠷᠡ ᠭᠡᠷ ᠲᠤ ᠬᠠᠳᠠᠭᠠᠯᠠᠵᠦ | ᠦᠶᠡᠷ ᠠᠴᠠ ᠵᠠᠶᠢᠯᠠᠭᠤᠯᠤᠭᠰᠠᠨ ᠁ ᠭᠡᠬᠦ ᠵᠡᠷᠭᠡ ᠪᠠᠷ ᠸᠠᠩ ᠤᠨ ᠤᠷᠳᠤᠨ ᠤ ᠲᠤᠬᠠᠢ ᠡᠯ᠎ᠡ ᠵᠦᠢᠯ ᠤᠨ ᠬᠠᠴᠢᠨ ᠰᠤᠨᠢᠷᠬᠠᠯᠲᠠᠢ ᠬᠠᠭᠤᠴᠢ ᠰᠤᠨᠤᠰᠬᠠᠯ ᠤᠳ | ᠮᠤᠩᠲᠠᠬᠤ ᠦᠬᠡᠢ᠃ ᠶᠠᠭᠤ ᠴᠤ ᠭᠡᠰᠡᠨ ᠸᠠᠩ ᠤᠨ ᠤᠷᠳᠤᠨ ᠬᠡᠮᠡᠭᠳᠡᠭᠰᠡᠨ ᠲᠡᠷᠡ ᠬᠡᠳᠦᠨ ᠲᠠᠰᠤᠯᠭ᠎ᠠ ᠬᠠᠭᠤᠴᠢᠨ ᠭᠡᠷ ᠵᠠᠭᠤ ᠭᠠᠷᠤᠢ ᠵᠢᠯ ᠤᠨ ᠰᠠᠯᠬᠢ ᠪᠤᠷᠤᠭᠠᠨ ᠢ | ᠠᠵᠢᠭ ᠦᠬᠡᠢ ᠲᠤᠭᠤᠯᠵᠦ᠂ ᠬᠦᠮᠦᠨ ᠵᠤᠨ ᠳᠤ ᠪᠠᠨ ᠲᠡᠦᠬᠡ ᠤᠴᠢᠷᠯᠠᠵᠦ ᠬᠠᠭᠤᠴᠢ ᠬᠦᠥᠷᠨᠢᠭᠰᠡᠭᠡᠷ ᠲᠦᠡᠭᠭᠦ᠋ᠢᠨᠡ᠃ | | | | | | |