ᠮᠤᠩᠭᠤᠯᠴᠣᠤᠨ ᠤᠨ ᠭᠡᠷ ᠤᠨ ᠰᠤᠷᠭᠠᠯ ᠤᠨ ᠤᠯᠠᠮᠵᠢᠯᠠᠯᠲᠤ ᠴᠡᠭᠡᠷ ᠶᠣᠰᠣᠨ ᠤ ᠵᠠᠷᠢᠮ ᠵᠦᠢᠯ ᠢ ᠬᠠᠯᠳᠣ ᠦᠵᠡᠬᠦ ᠳᠤ ᠮᠤᠬᠤᠷ ᠪᠢᠰᠢᠷᠡᠯ ᠤᠨ ᠥᠩᠭᠡ ᠠᠶᠠᠰ ᠲᠠᠢ | ᠪᠠᠶᠢᠬᠰᠠᠨ ᠴᠤ ᠰᠠᠶᠢᠳᠤᠷ ᠰᠢᠨᠵᠢᠪᠡᠯ ᠡᠨᠡ ᠨᠢ ᠱᠠᠰᠢᠨ ᠰᠣᠷᠲᠠᠬᠤᠨ ᠢᠶᠠᠷ ᠬᠡᠤᠬᠡᠳ ᠢ ᠰᠦᠷᠳᠡᠭᠦᠯᠦᠨ ᠰᠡᠷᠡᠮᠵᠢᠯᠡᠭᠦᠯᠵᠦ᠂ ᠲᠥᠭᠦᠮ ᠶᠠᠪᠤᠳᠠᠯ ᠲᠥᠲᠡ ᠦᠭᠡ ᠪᠠᠷ ᠰᠤᠷᠭᠠᠳᠠᠭ | ᠢᠳᠬᠠᠯ ᠰᠤᠷᠭᠠᠯ ᠶᠤᠮ ᠡ᠃ ᠵᠢᠱᠢᠶᠡᠯᠡᠪᠡᠯ᠂ ᠬᠡᠦᠬᠡᠳ ᠳᠤᠷ᠎ᠠ ᠲᠠᠪᠠ ᠪᠠᠷ ᠢᠶᠠᠨ ᠡᠪᠡᠰᠦ ᠤᠷᠭᠤᠮᠠᠯ ᠴᠡᠴᠡᠭ ᠬᠤᠸᠠᠷ ᠢ ᠳᠠᠰᠤᠲᠠᠨ ᠬᠠᠶᠠᠬᠤ ᠪᠤᠶᠤ ᠦᠭᠲᠡᠭᠡᠨ ᠠᠪᠬᠤ ᠶᠢ ︽ | ᠨᠠᠰᠤ ᠴᠢᠨᠢ ᠣᠬᠤᠷ ᠪᠣᠯᠵᠤ ᠵᠢᠰᠦ ᠴᠢᠨᠢ ᠮᠠᠭᠤᠬᠠᠢ ᠬᠤᠪᠢᠷᠠᠨ᠎ᠠ︾ ᠭᠡᠵᠦ ᠵᠥᠪᠰᠢᠶᠡᠷᠡᠳᠡᠭ ᠦᠭᠡᠢ᠃ ᠡᠨᠡ ᠨᠢ ᠦᠨᠡᠨ ᠳᠤ ᠪᠠᠨ ᠬᠠᠷᠠᠬᠠᠨ ᠪᠠᠭ᠎ᠠ ᠠᠴᠠ ᠨᠢ ᠣᠷᠴᠢᠨ | ᠲᠣᠭᠤᠷᠢᠨ ᠢ ᠭᠤᠶᠣᠵᠢᠭᠤᠯᠵᠤ ᠠᠮᠢ ᠠᠬᠤᠢ ᠶᠢ ᠬᠠᠮᠠᠭᠠᠯᠠᠬᠤ ᠳᠤ ᠠᠰᠢᠭ ᠰᠠᠶᠢᠲᠠᠢ ᠬᠦᠮᠦᠵᠢᠯ ᠣᠯᠭᠤᠵᠤ ᠪᠠᠶᠢᠳᠠᠭ᠃ | ᠮᠠᠨ ᠤ ᠮᠤᠩᠭᠤᠯᠴᠣᠤᠨ ᠣᠤᠯ ᠠᠴᠠ ᠪᠠᠨ ᠬᠤᠯᠠᠭᠠᠢ ᠬᠢᠵᠦ ᠬᠤᠳᠠᠯ ᠬᠡᠯᠡᠬᠦ ᠶᠢ ᠲᠦᠢᠯ ᠤᠨ ᠵᠢᠭᠰᠢᠭᠦᠷᠢᠲᠡᠢ ᠠᠵᠢᠯᠯᠠᠭ᠎ᠠ ᠪᠠᠷ ᠦᠵᠡᠳᠡᠭ ᠪᠣᠯᠬᠤᠷ ᠦᠷ᠎ᠡ ᠬᠡᠦᠬᠡᠳ ᠢᠶᠠᠨ | ︽ᠬᠦᠮᠦᠨ ᠤ ᠶᠠᠭᠤᠮ᠎ᠠ ᠶᠢ ᠬᠤᠯᠠᠭᠠᠶᠢᠯᠠᠵᠤ ᠪᠣᠯᠬᠤ ᠦᠭᠡᠢ᠂ ᠳᠠᠷᠠᠭ᠎ᠠ ᠲᠥᠷᠥᠯ ᠳᠤ ᠪᠠᠨ ᠭᠠᠷ ᠦᠭᠡᠢ ᠳᠠᠬᠢᠷ ᠲᠥᠷᠦᠨᠡ︾᠂ ︽ᠬᠤᠳᠠᠯ ᠬᠡᠯᠡᠵᠦ ᠪᠣᠯᠬᠤ ᠦᠭᠡᠢ᠂ | ᠦᠬᠦᠭᠰᠡᠨ ᠤ ᠬᠤᠶᠢᠨ᠎ᠠ ᠡᠷᠯᠢᠭ ᠲᠤ ᠣᠴᠢᠪᠠᠯ ᠬᠡᠯᠡ ᠶᠢ ᠴᠢᠨᠢ ᠣᠬᠲᠣᠯᠵᠤ ᠠᠪᠤᠨ᠎ᠠ︾ ᠭᠡᠵᠦ ᠰᠦᠷᠳᠡᠭᠦᠯᠦᠨ ᠠᠶᠤᠯᠭᠠᠳᠠᠭ᠃ ᠱᠠᠰᠢᠨ ᠤ ᠨᠥᠯᠦᠭᠡ ᠠᠴᠠ ᠪᠣᠯᠵᠤ᠂ ᠵᠠᠷᠢᠮ | ᠬᠡᠦᠬᠡᠳ ᠶᠡᠬᠡᠳᠡ ᠢᠲᠡᠭᠡᠵᠦ ᠬᠤᠳᠠᠯ ᠬᠠᠭᠤᠷᠮᠠᠭ ᠦᠬᠡ ᠬᠡᠯᠡᠬᠦ ᠪᠤᠶᠤ ᠬᠤᠯᠠᠭᠠᠢ ᠳᠡᠭᠡᠷᠡᠮ ᠬᠢᠬᠦ᠂ ᠬᠢᠯᠢᠰ ᠨᠢᠭᠦᠯᠲᠦ ᠬᠡᠷᠡᠭ ᠤᠶᠢᠯᠡᠦᠨᠬᠦ ᠶᠢ ᠲᠤᠩ ᠬᠢᠴᠢᠶᠡᠳᠡᠭ ᠪᠠᠶᠢᠵᠠᠢ᠃ ︽ | ᠬᠦᠮᠦᠨ ᠢ ᠬᠠᠷᠢᠶᠠᠵᠤ ᠪᠣᠯᠬᠤ ᠦᠭᠡᠢ᠂ ᠬᠡᠯᠡ ᠠᠮᠠ ᠳᠡᠭᠡᠷ᠎ᠡ ᠴᠢᠨᠢ ᠶᠠᠷ᠎ᠠ ᠭᠠᠷᠤᠨ᠎ᠠ︾ ᠭᠡᠳᠡᠭ ᠨᠢ ᠬᠡᠦᠬᠡᠳ ᠢ ᠶᠣᠰᠣ ᠮᠤᠷᠠᠯ ᠲᠠᠢ ᠪᠣᠯᠪᠠᠰᠤᠨ ᠰᠤᠷᠭᠠᠬᠤ ᠶᠢ ᠬᠦᠰᠡᠭᠰᠡᠨ | ᠰᠠᠨᠠᠭ᠎ᠠ ᠲᠠᠢ ᠪᠠᠶᠢᠬᠤ ᠨᠢ ᠳᠠᠮᠵᠢᠭ ᠦᠭᠡᠢ᠃ ᠡᠶᠢᠮᠦ ᠵᠦᠢᠯ ᠠᠴᠠ ᠦᠵᠡᠪᠡᠯ᠂ ᠱᠠᠰᠢᠨ ᠰᠤᠷᠲᠠᠬᠤᠨ ᠨᠢ ᠬᠡᠶᠢᠰᠪᠦᠷᠢ ᠰᠡᠦᠨᠬᠢᠯᠴᠢ ᠦᠵᠡᠯ ᠢ ᠬᠦᠭᠡᠭᠡᠴᠡᠯᠳᠦᠨ᠂ ᠬᠠᠶᠠ ᠵᠠᠷᠢᠮ | ᠬᠦᠮᠦᠰ ᠢ ᠮᠣᠩᠬᠠᠷᠠᠭᠤᠯᠳᠠᠭ ᠨᠠᠵᠠᠭᠠᠢ ᠲᠠᠯ᠎ᠠ ᠲᠠᠢ ᠪᠣᠯᠪᠠᠴᠤ ᠪᠠᠰᠠ ᠵᠠᠷᠢᠮ ᠵᠦᠢᠯ ᠨᠢ ᠤᠷᠳᠤ ᠤᠳᠠᠭᠠᠨ ᠬᠤᠭᠤᠴᠠᠭᠠᠨ ᠤ ᠲᠡᠦᠬᠡᠨ ᠶᠠᠪᠤᠴᠠ ᠳᠤ ᠦᠷ᠎ᠡ ᠬᠡᠦᠬᠡᠳ ᠢᠶᠠᠨ ᠵᠢᠭᠠᠨ | ᠰᠤᠷᠭᠠᠬᠤ ᠳᠤ ᠵᠣᠬᠢᠬᠤ ᠬᠡᠮᠵᠢᠶᠡᠨ ᠤ ᠢᠳᠡᠪᠬᠢ ᠤᠶᠢᠯᠡᠳᠦᠯ ᠦᠵᠡᠭᠦᠯᠵᠦ ᠪᠠᠶᠢᠳᠠᠭ ᠨᠢ ᠥᠨᠡᠯᠡᠭᠦᠰᠢᠲᠡᠢ ᠪᠣᠶᠤ᠃ | ᠮᠤᠩᠭᠤᠯᠴᠣᠤᠨ ᠤᠨ ᠣᠯᠠᠮᠵᠢᠯᠠᠯᠳᠤ ᠭᠡᠷ ᠤᠨ ᠰᠤᠷᠭᠠᠯ ᠴᠡᠭᠡᠷ ᠶᠣᠰᠣ ᠶᠢ ᠵᠥᠪ ᠬᠡᠷᠡᠭᠯᠡᠨ ᠵᠣᠬᠢᠰᠲᠠᠢ ᠠᠰᠢᠬᠯᠠᠪᠠᠯ ᠣᠳᠣᠬᠠᠨ ᠤ ᠵᠠᠯᠠᠭᠤ ᠪᠠᠭᠠᠴᠤᠳ ᠲᠤ ᠵᠣᠬᠢᠬᠤ | ᠬᠦᠮᠦᠵᠢᠯ ᠣᠯᠭᠤᠵᠤ ᠲᠤᠰᠠ ᠪᠣᠯᠬᠤ ᠮᠠᠭᠠᠤᠨ ᠭᠡᠵᠦ ᠬᠤᠪᠢᠨ ᠳᠤ ᠪᠠᠨ ᠪᠣᠳᠤᠵᠤ ᠪᠤᠢ᠃ |