ᠳᠡᠯᠡᠬᠡᠢ ᠶᠢ ᠴᠢᠮᠡᠭᠰᠡᠨ ᠬᠤᠪᠴᠠᠰᠤ ᠵᠠᠰᠠᠯ ᠳᠡᠭᠡᠳᠤᠯᠠᠨ ᠤᠯᠠᠮᠵᠢᠯᠠᠬᠤ ᠦᠪ ᠰᠤᠶᠤᠯ
ᠨᠡᠶᠢᠲᠡᠯᠡᠭᠰᠡᠨ ᠴᠠᠭ᠄
2020/11/24
    ᠊᠊᠊᠊᠊ ᠠᠷᠪᠠᠨ ᠲᠤᠯᠤᠳᠤᠭᠠᠷ ᠬᠤᠭᠤᠴᠠᠭᠠᠨ ᠤ ᠦᠪᠦᠷ ᠮᠤᠩᠭᠤᠯ ᠤᠨ ᠬᠤᠪᠴᠠᠰᠦ ᠵᠠᠰᠠᠯ ᠤᠨ ᠤᠷᠠᠯᠢᠭ ᠤᠨ ᠨᠠᠶᠢᠷ ᠢ ᠲᠡᠮᠳᠡᠭᠯᠡᠪᠡ         ᠦᠪᠦᠷ ᠮᠤᠩᠭᠤᠯ ᠤᠨ ᠦᠨᠳᠦᠰᠦᠲᠡᠨ ᠤ ᠬᠤᠪᠴᠠᠰᠦ ᠵᠠᠰᠠᠯ ᠤᠨ ᠰᠤᠶᠤᠯ ᠨᠢ ᠲᠠᠯ᠎ᠠ ᠨᠤᠲᠤᠭ ᠤᠨ ᠰᠤᠶᠤᠯ ᠤᠨ ᠦᠨᠡᠲᠤ ᠦᠪ ᠪᠠᠶᠢᠵᠦ᠂ ᠮᠤᠩᠭᠤᠯ ᠦᠨᠳᠦᠰᠦᠲᠡᠨ ᠤ ᠦᠪᠡᠷᠮᠢᠴᠡ ᠬᠦᠮᠦᠨ ᠰᠤᠶᠤᠯ ᠤᠨ ᠠᠭᠤᠯᠤᠭᠳᠠᠬᠤᠨ ᠪᠠ ᠭᠤᠸ᠎ᠡ ᠰᠠᠶᠢᠬᠠᠨ ᠤ ᠠᠴᠢᠶᠠᠯᠠᠪᠤᠷᠢ ᠪᠤᠯᠬᠤ ᠶᠤᠮ᠃      ᠥᠨᠳᠤᠰᠤᠳᠡᠨ ᠤ ᠰᠤᠶᠤᠯ ᠤᠨ ᠦᠪ ᠢ ᠬᠦᠨᠵᠡᠬᠡᠢ ᠠᠭᠤᠳᠡᠯᠤᠨ᠂ ᠥᠪᠤᠷ ᠮᠤᠩᠭᠤᠯ ᠤᠨ ᠬᠦᠨ ᠵᠤᠵᠡᠭᠠᠨ ᠰᠤᠶᠤᠯ ᠤᠨ ᠠᠭᠤᠯᠬᠤᠨ ᠢ ᠢᠯᠡᠷᠡᠬᠦᠯᠵᠤ᠂ ᠤᠨᠴᠡᠯᠢᠭᠳᠦ ᠵᠢᠭᠤᠯᠴᠢᠯᠡᠯ ᠤᠨ ᠳᠥᠷᠤᠯ ᠳᠡᠮᠳᠡᠭ ᠢ ᠡᠬᠦᠳᠤᠨ᠂ ᠥᠪᠤᠷ ᠮᠤᠩᠭᠤᠯ ᠤᠨ ᠰᠤᠶᠤᠯ ᠵᠢᠭᠤᠯᠴᠢᠯᠡᠯ ᠤᠨ ᠠᠵᠤ ᠥᠢᠯᠡᠰ ᠤᠨ ᠴᠢᠨᠡᠷ ᠰᠡᠶᠢᠳᠡᠢ ᠬᠦᠭᠵᠢᠯᠳᠡ ᠳᠤ ᠬᠦᠴᠤ ᠨᠡᠮᠡᠷᠢᠯᠡᠨ᠂ ᠮᠤᠩᠭᠤᠯ ᠥᠨᠳᠤᠰᠤᠳᠡᠨ ᠤ ᠬᠤᠪᠴᠡᠰᠤ ᠵᠡᠰᠡᠯ ᠤᠨ ᠠᠵᠤ ᠥᠢᠯᠡᠰ ᠤᠨ ᠤᠯᠡᠮᠵᠢᠯᠡᠯ ᠬᠢᠬᠡᠳ ᠰᠢᠨ᠎ᠡ ᠡᠬᠦᠳᠤᠯᠳᠡ ᠶᠢ ᠠᠬᠢᠭᠤᠯᠬᠤ ᠶᠢᠨ ᠳᠤᠰᠡᠳᠡ᠂ ᠥᠪᠤᠷ ᠮᠤᠩᠭᠤᠯ ᠤᠨ ᠥᠪᠡᠷᠳᠡᠬᠡᠨ ᠵᠡᠰᠡᠬᠤ ᠤᠷᠤᠨ ᠤ ᠰᠤᠶᠤᠯ ᠵᠢᠭᠤᠯᠴᠢᠯᠡᠯ ᠤᠨ ᠳᠢᠩᠬᠢᠮ᠂ ᠳᠥᠩᠯᠢᠶᠤᠤ ᠬᠤᠳᠡ ᠶᠢᠨ ᠠᠷᠡᠳ  ᠤᠨ ᠵᠡᠰᠠᠬ ᠤᠨ ᠤᠷᠳᠤᠨ ᠠᠴᠠ ᠭᠤᠤᠯᠯᠡᠨ ᠡᠷᠬᠢᠯᠡᠵᠤ᠂ ᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠲᠣᠪᠴᠢᠶ᠎ᠠ ᠳᠠᠭᠠᠭᠠᠴᠢᠯᠠᠨ ᠡᠷᠬᠢᠯᠡᠭᠰᠡᠨ ᠠᠷᠪᠠᠨ ᠳᠣᠯᠣᠳᠤᠭᠠᠷ ᠬᠤᠭᠤᠴᠠᠭᠠᠨ ᠤ ᠥᠪᠥᠷ ᠮᠣᠩᠭᠤᠯ ᠤᠨ ᠬᠤᠪᠴᠠᠰᠤ ᠵᠠᠰᠠᠯ ᠤᠨ ᠤᠷᠠᠯᠢᠭ ᠤᠨ ᠨᠠᠶᠢᠷ 11 ᠰᠠᠷ᠎ᠠ ᠶᠢᠨ 11 ᠤ ᠤᠷᠤᠢ᠂ ᠳᠥᠩᠯᠢᠶᠤᠤ ᠬᠤᠳᠡ ᠶᠢᠨ ᠤᠯᠢᠮᠫᠢᠺ ᠤᠨ ᠪᠡᠶ᠎ᠡ ᠶᠢᠨ ᠳᠡᠮᠢᠷ ᠤᠨ ᠳᠥᠪ ᠲᠤ ᠥᠪᠡᠳᠡᠭᠰᠢ ᠶᠡᠭᠡ ᠪᠠᠷ ᠡᠬᠢᠯᠡᠪᠡ᠃ ᠡᠬᠢᠯᠡᠯᠳᠡ ᠶᠢᠨ ᠶᠤᠰᠤᠯᠠᠯ ᠳᠤ ᠴᠠᠭᠠᠨ ᠬᠦᠭᠵᠢᠮ ᠤᠨ ᠪᠦᠯᠬᠦᠮ ᠤᠨ ᠬᠢᠨ ︽ᠰᠠᠩᠬᠠᠶᠤ ᠬᠦᠯᠢᠮ︾᠂ ᠲᠦᠩᠯᠢᠶᠤᠤ ᠬᠤᠳᠠ ᠶᠢᠨ ᠦᠨᠳᠦᠰᠦᠲᠡᠨ ᠤ ᠲᠠᠭᠤᠤ ᠬᠦᠭᠵᠢᠮ ᠤᠨ ᠪᠦᠯᠬᠦᠮ ᠤᠨ ᠬᠠᠮᠲᠤ ᠶᠢᠨ ᠪᠦᠵᠢᠭ ︽ᠠᠨᠳᠠᠢ · ᠴᠤᠭ︾᠂ ᠲᠠᠭᠤᠴᠢᠨ ᠬᠠᠯᠢᠨ᠂ ᠵᠠᠯᠠᠭᠤ  ᠪᠦᠵᠢᠭᠴᠢᠨ ᠯᠢ ᠲᠡᠭᠵᠢᠨ ᠤ ᠲᠤᠭᠯᠠᠯᠳᠠ ᠨᠢ ᠦᠵᠡᠭᠴᠢᠳ ᠤᠯᠠᠨ ᠤ ᠬᠠᠷᠠᠭ᠎ᠠ ᠰᠤᠨᠤᠷ ᠢ ᠪᠠᠶᠠᠰᠬᠠᠵᠦ ᠨᠢᠵᠢᠬᠢᠨᠡᠳᠡᠯ᠎ᠡ ᠠᠯᠠᠭ᠎ᠠ ᠲᠠᠰᠢᠯᠳᠠ ᠦᠶ᠎ᠠ ᠦᠶ᠎ᠠ ᠰᠤᠨᠤᠰᠳᠠᠨ᠎ᠠ᠂ ᠡᠬᠦᠨ ᠤ ᠬᠠᠮᠲᠤ ᠲᠤᠰ ᠤᠳᠠᠭᠠᠨ ᠤ ᠤᠷᠠᠯᠢᠭ ᠤᠨ ᠨᠠᠶᠢᠷ ᠲᠤ ᠤᠷᠤᠯᠴᠠᠭᠰᠠᠨ ᠡᠯ᠎ᠡ ᠲᠦᠯᠦᠭᠡᠯᠡᠭᠴᠢ ᠪᠦᠯᠬᠦᠮ ᠤᠨ ᠮᠤᠳᠧᠯ ᠤᠳ ᠭᠤᠶᠢᠲᠠ ᠰᠠᠶᠢᠬᠠᠨ ᠦᠨᠳᠦᠰᠦᠲᠡᠨ ᠤ ᠬᠤᠪᠴᠠᠰᠦ ᠵᠠᠰᠠᠯ ᠢᠶᠠᠷ ᠭᠤᠶᠤᠯᠠᠵᠦ᠂ ᠲᠠᠭᠤᠤ ᠬᠦᠭᠵᠢᠮ ᠤᠨ ᠬᠦᠭ ᠠᠶᠢᠵᠠᠮ ᠳᠤ ᠲᠠᠶᠢᠰᠠᠨ ᠳᠤ ᠠᠯᠭᠤᠷ ᠠᠯᠬᠤᠵᠦ᠂ ᠦᠨᠳᠦᠰᠦᠲᠡᠨ ᠤ ᠬᠤᠪᠴᠠᠰᠦ ᠵᠠᠰᠠᠯ ᠤᠨ ᠷᠢᠳᠢ ᠰᠢᠳᠢ ᠶᠢ ᠭᠠᠶᠢᠬᠠᠭᠤᠯᠤᠭᠰᠠᠨ ᠪᠠᠶᠢᠨ᠎ᠠ᠃      ᠲᠤᠰ ᠤᠳᠠᠭᠠᠨ ᠤ ᠨᠡᠶᠢᠷ ᠨᠢ ︽ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠤᠭᠴᠠᠯᠠᠵᠤ᠂ ᠦᠨᠳᠦᠰᠦᠲᠡᠨ  ᠨᠦᠭᠦᠳ ᠪᠦᠯᠬᠦᠮᠳᠡᠵᠦ ᠬᠠᠯᠠᠭᠤᠨ ᠲᠤᠯᠠᠭᠠᠨ ᠨᠢᠬᠡ ᠬᠡᠷ ᠪᠦᠯᠢ︾ ᠭᠡᠮᠡᠬᠦ ᠭᠤᠣᠯ ᠰᠢᠵᠢᠮ ᠤᠨ ᠲᠤᠭᠤᠷᠢᠨ ᠳᠤ᠂ ︽ᠦᠵᠡᠰᠬᠦᠯᠡᠩᠲᠦ ᠰᠠᠶᠢᠬᠠᠨ ᠥᠪᠥᠷ ᠮᠣᠩᠭᠤᠯ︾ ᠤᠨ ᠠᠵᠢᠯᠯᠠᠭᠠᠨ ᠤ ᠭᠤᠣᠯ ᠰᠡᠳᠦᠪ ᠢ ᠳᠣᠪᠤᠶᠢᠯᠭᠠᠵᠤ᠂ ᠤᠷᠠᠯᠢᠭ ᠤᠨ ᠨᠠᠶᠢᠷ ᠨᠢ ᠠᠭᠤᠯᠭ᠎ᠠ ᠪᠠᠶᠠᠯᠢᠭ᠂ ᠬᠡᠯᠪᠡᠷᠢ ᠮᠠᠶ᠋ᠢᠭ ᠨᠢ ᠤᠯᠠᠨ ᠶᠠᠩᠵᠦ ᠶᠢᠨ ᠪᠠᠶᠢᠵᠦ᠂ ᠦᠪᠡᠳᠡᠭᠰᠢ ᠶᠡᠭᠡ ᠡᠬᠢᠯᠡᠯᠳᠡ ᠶᠢᠨ ᠶᠤᠰᠤᠯᠠᠯ ᠠᠴᠠ ᠭᠠᠳᠠᠨ᠎ᠠ ᠪᠠᠰᠠ ᠮᠣᠩᠭᠤᠯ ᠬᠤᠪᠴᠠᠰᠤ ᠵᠠᠰᠠᠯ ᠤᠨ ᠵᠢᠷᠤᠭ ᠲᠥᠯᠥᠪᠯᠡᠭᠡ ᠶᠢᠨ ᠤᠷᠤᠯᠳᠤᠭᠠᠨ᠂ ᠮᠤᠩᠭᠤᠯ ᠬᠤᠪᠴᠠᠰᠤ ᠵᠠᠰᠠᠯ ᠤᠨ ᠪᠦᠲᠦᠭᠡᠯᠴᠢ ᠵᠢᠷᠤᠭ ᠲᠦᠯᠦᠪᠯᠡᠭᠡ ᠶᠢᠨ ᠦᠵᠡᠭᠦᠯᠭᠡ᠂ ᠰᠦᠯᠵᠢᠶᠡᠨ ᠰᠢᠭᠤᠳ ᠨᠡᠪᠲᠡᠷᠡᠭᠦᠯᠭᠡ ᠪᠠᠷ ᠪᠡᠷᠠᠭ᠎ᠠ ᠬᠤᠳᠡᠯᠳᠤᠬᠤ ᠪᠡ ᠰᠥᠯᠵᠢᠶᠡᠨ ᠳᠡᠬᠡᠷᠡᠬᠢ ᠬᠤᠳᠡᠯᠳᠤᠭ᠎ᠠ ᠳᠡᠯᠬᠡᠬᠦᠷ᠂ ᠮᠤᠩᠭᠤᠯ ᠬᠤᠪᠴᠠᠰᠤ ᠵᠠᠰᠠᠯ ᠤᠨ ᠨᠠᠷᠠᠲᠤ ᠲᠡᠮᠳᠡᠭᠲᠦ ᠶᠢ ᠨᠡᠶᠢᠲᠡᠯᠡᠬᠦ᠂ ᠮᠤᠩᠭᠤᠯ ᠬᠤᠪᠴᠠᠰᠤ ᠵᠠᠰᠠᠯ ᠤᠨ ᠠᠵᠤ ᠦᠶᠯᠡᠰ ᠤᠨ ᠬᠥᠭᠵᠢᠯᠲᠡ ᠶᠢᠨ ᠰᠤᠳᠤᠯᠤᠨ ᠶᠠᠷᠢᠯᠴᠠᠬᠤ ᠬᠤᠷᠠᠯ᠂ ᠨᠠᠭᠠᠳᠤᠮ ᠤᠨ ᠬᠤᠷᠠᠯ ᠵᠡᠷᠬᠡ ᠰᠢᠷᠢᠰ ᠠᠵᠢᠯᠯᠠᠭ᠎ᠠ ᠲᠤᠬᠢᠷᠠᠭᠤᠯᠤᠭᠰᠠᠨ ᠪᠠᠶᠢᠨ᠎ᠠ᠃      11 ᠰᠠᠷ᠎ᠠ ᠶᠢᠨ 12 ᠤᠨ ᠡᠳᠦᠷ᠂ ᠭᠤᠶᠤ ᠰᠡᠶᠢᠬᠠᠨ ᠬᠤᠪᠴᠠᠰᠤ ᠵᠠᠰᠠᠯ ᠤᠨ ᠤᠷᠤᠯᠳᠤᠭᠠᠨ ᠵᠠᠪᠤᠭᠳᠠᠵᠦ᠂ ᠮᠠᠨ ᠤ ᠣᠷᠣᠨ ᠤ ᠡᠯ᠎ᠡ ᠠᠶᠢᠮᠠᠭ ᠬᠤᠲᠠ  ᠶᠢᠨ 81 ᠤᠷᠤᠯᠳᠤᠭᠠᠨ ᠤ ᠠᠩᠭᠢ ᠪᠣᠯᠤᠨ ᠰᠢᠨᠵᠢᠶᠠᠩ᠂ ᠶᠦᠨᠨᠠᠨ᠂ ᠬᠥᠬᠡᠨᠠᠭᠤᠷ᠂ ᠭᠢᠷᠢᠨ᠂ ᠭᠠᠨᠰᠦ ᠵᠡᠷᠭᠡ ᠮᠤᠵᠢ ᠣᠷᠣᠨ ᠤ 7 ᠤᠷᠤᠯᠳᠤᠭᠠᠨ ᠤ ᠠᠩᠭᠢ ᠤᠷᠤᠯᠴᠠᠵᠤ᠂ ᠤᠯᠠᠮᠵᠢᠯᠠᠯᠲᠤ ᠬᠤᠪᠴᠠᠰᠤ ᠵᠠᠰᠠᠯ᠂ ᠣᠳᠣ ᠦᠶ᠎ᠡ ᠶᠢᠨ ᠬᠤᠪᠴᠠᠰᠤ ᠵᠠᠰᠠᠯ᠂ ᠠᠵᠢᠯ ᠲᠥᠷᠥᠯ ᠤᠨ ᠬᠤᠪᠴᠠᠰᠤ ᠵᠠᠰᠠᠯ᠂ ᠶᠣᠰᠣᠯᠠᠯ ᠤᠨ ᠬᠤᠪᠴᠠᠰᠤ ᠵᠠᠰᠠᠯ᠂ ᠳᠤᠮᠳᠠᠳᠤ ᠪᠠᠭ᠎ᠠ ᠰᠤᠷᠭᠠᠭᠤᠯᠢ ᠶᠢᠨ ᠰᠤᠷᠤᠭᠴᠢ ᠶᠢᠨ ᠬᠤᠪᠴᠡᠰᠤ ᠵᠠᠰᠠᠯ᠂ ᠡᠷᠡᠭᠲᠡᠶ ᠶᠢᠨ ᠬᠤᠪᠴᠠᠰᠤ ᠵᠠᠰᠠᠯ ᠮᠠᠯᠠᠭᠠᠶ ᠵᠡᠷᠭᠡ 6 ᠲᠣᠮᠣ ᠲᠦᠷᠦᠯ ᠢᠶᠠᠷ ᠮᠥᠷᠦ᠋ᠢᠴᠡᠭᠰᠡᠨ ᠪᠠᠶᠢᠨ᠎ᠠ︔ ︽ᠮᠠᠨ ᠤ ᠪᠦᠯᠬᠦᠮ ᠤᠨ ᠬᠢᠨ 13 ᠬᠦᠮᠦᠨ ᠲᠤᠰ ᠤᠳᠠᠭᠠᠨ ᠤ ᠤᠷᠤᠯᠳᠤᠭᠠᠨ ᠳᠤ ᠤᠷᠤᠯᠴᠠᠬᠤ ᠪᠠᠷ ᠢᠷᠡᠵᠦ᠂ ᠦᠪᠦᠷ ᠮᠤᠩᠭᠤᠯ  ᠤᠨ ᠦᠨᠳᠦᠰᠦᠲᠡᠨ ᠤ ᠬᠤᠪᠴᠠᠰᠦ ᠵᠠᠰᠠᠯ ᠤᠨ ᠤᠷᠤᠯᠳᠤᠭᠠᠨ ᠳᠤ ᠲᠤᠰ ᠤᠳᠠᠭ᠎ᠠ ᠶᠢ ᠪᠤᠳᠤᠪᠠᠯ ᠨᠡᠶᠢᠳᠡ 4 ᠤᠳᠠᠭ᠎ᠠ ᠤᠷᠤᠯᠴᠠᠵᠦ ᠪᠠᠶᠢᠭ᠎ᠠ ᠶᠤᠮ᠂ ᠤᠳᠤ ᠪᠢᠳᠡᠨ  ᠤ ᠡᠨᠡ ᠡᠮᠦᠰᠴᠦ ᠪᠠᠶᠢᠭ᠎ᠠ ᠬᠤᠪᠴᠠᠰᠦ ᠵᠠᠰᠠᠯ ᠪᠤᠯ ᠪᠦᠷ ᠬᠤᠶᠠᠷ ᠭᠤᠷᠪᠠᠨ ᠦᠶ᠎ᠡ ᠲᠠᠮᠵᠢᠵᠦ ᠪᠠᠶᠢᠭ᠎ᠠ ᠶᠤᠮ᠂ ᠡᠳᠡᠬᠡᠷ ᠬᠤᠪᠴᠠᠰᠦ ᠵᠠᠰᠠᠯ ᠨᠢ ᠨᠠᠢᠮᠠᠨ ᠵᠠᠭᠤᠨ ᠵᠢᠯ  ᠤᠨ ᠲᠡᠤᠬᠡ ᠶᠢᠨ ᠬᠤᠪᠢᠷᠠᠯᠳᠠ ᠶᠢ ᠬᠠᠷᠠᠭᠤᠯᠵᠦ᠂ ᠤᠯᠠᠮᠵᠢᠯᠠᠯ ᠪᠠ ᠤᠳᠤ ᠦᠶ᠎ᠡ ᠶᠢᠨ ᠬᠢᠨ ᠢ ᠤᠶᠠᠯᠳᠤᠭᠤᠯᠵᠦ᠂ ᠪᠢᠳᠡ ᠨᠡᠷ ᠤᠯᠠᠮᠵᠢᠯᠠᠨ ᠪᠠᠳᠠᠷᠠᠭᠤᠯᠬᠤ ᠶᠢᠨ ᠬᠠᠮᠲᠤ ᠰᠢᠨ᠎ᠡ ᠶᠢ ᠡᠬᠦᠳᠬᠦ ᠪᠠᠷ ᠴᠢᠷᠮᠠᠶᠢᠵᠦ ᠪᠠᠶᠢᠨ᠎ᠠ︾ ᠬᠡᠮᠡᠨ ᠶᠦᠨᠨᠠᠨ ᠮᠦᠵᠢ ᠶᠢᠨ ᠢᠦᠶ ᠰᠢ ᠬᠤᠳᠠ ᠶᠢᠨ ᠲᠦᠩ ᠬᠠᠢ ᠮᠤᠩᠭᠤᠯ ᠦᠨᠳᠦᠰᠦᠲᠡᠨ ᠤ ᠤᠯᠠᠮᠵᠢᠯᠠᠯᠲᠤ ᠬᠤᠪᠴᠠᠰᠦ ᠵᠠᠰᠠᠯ ᠤᠨ ᠪᠦᠯᠬᠦᠮ ᠤᠨ ᠲᠠᠭᠠᠭᠤᠯᠤᠭᠴᠢ ᠬᠡᠷᠡᠯ ᠠᠴᠠ ᠲᠠᠨᠢᠯᠴᠠᠭᠤᠯᠤᠨ᠎ᠠ᠃ ᠲᠤᠰ ᠤᠳᠠᠭᠠᠨ ᠤ ᠬᠤᠪᠴᠠᠰᠦ ᠵᠠᠰᠠᠯ ᠤᠨ ᠤᠷᠤᠯᠳᠤᠭᠠᠨ  ᠳᠤ ᠬᠠᠮᠤᠭ ᠪᠠᠭ᠎ᠠ ᠮᠤᠳᠧᠯ ᠪᠤᠯᠬᠤ ᠬᠡᠷᠡᠯ ᠤᠨ ᠤᠮᠪᠤᠯᠤ ᠠᠷᠪᠠᠭ᠋ᠠᠨ ᠰᠠᠷ᠎ᠠ ᠪᠤᠯᠵᠦ ᠪᠠᠶᠢᠭ᠎ᠠ ᠪᠢᠴᠢᠬᠠᠨ ᠮᠦᠩᠬᠡᠲᠤᠩᠭᠠᠯᠠᠭ ᠤᠯᠠᠨ ᠤ ᠠᠩᠬᠠᠷᠤᠯ ᠢ ᠶᠡᠬᠡᠳᠡ ᠲᠠᠳᠠᠵᠦ ᠂ ᠦᠵᠡᠭᠴᠢᠳ ᠤᠯᠠᠨ ᠤ ᠤᠤᠬᠠᠢᠢᠯᠠᠯ ᠪᠠ ᠠᠯᠠᠭ᠎ᠠ ᠲᠠᠰᠢᠯᠳᠠ ᠶᠢ ᠤᠯᠪᠠ᠂ ᠬᠡᠷᠡᠯ ᠤᠨ ᠦᠨᠳᠦᠰᠦᠲᠡᠨ ᠤ ᠰᠤᠶᠤᠯ ᠢᠶᠠᠨ ᠤᠯᠠᠮᠵᠢᠯᠠᠨ ᠪᠠᠳᠠᠷᠠᠭᠤᠯᠬᠤ ᠬᠡᠰᠡᠨ  ᠦᠵᠦᠬᠦᠷᠲᠤ ᠰᠡᠳᠬᠢᠯᠬᠡ ᠦᠨᠡᠬᠡᠷ ᠪᠢᠰᠢᠷᠡᠯᠳᠡᠢ᠃     11 ᠰᠠᠷ᠎ᠠ ᠶᠢᠨ 12 ᠤᠨ ᠡᠳᠦᠷ᠂ ᠰᠦᠯᠵᠢᠶᠡᠨ ᠰᠢᠭᠤᠳ ᠨᠡᠪᠲᠡᠷᠡᠬᠦᠯᠬᠡ ᠪᠠᠷ ᠪᠠᠷᠠᠭ᠎ᠠ ᠬᠤᠳᠠᠯᠳᠤᠬᠤ ᠪᠠ ᠰᠦᠯᠵᠢᠶᠡᠨ ᠳᠡᠬᠡᠷᠡᠬᠢ ᠬᠤᠳᠠᠯᠳᠤᠭ᠎ᠠ ᠳᠡᠯᠬᠡᠬᠦᠷ  ᠤᠨ ᠠᠵᠢᠯᠯᠠᠭ᠎ᠠ ᠶᠢ ᠦᠷᠨᠢᠬᠦᠯᠵᠦ᠂ ᠴᠤᠤᠷᠢᠶ᠎ᠠ ᠰᠢᠭᠤᠳ ᠨᠡᠪᠲᠡᠷᠡᠬᠦᠯᠬᠡ ᠪᠠᠷ ᠲᠠᠮᠵᠢᠨ ᠠᠬᠤᠢ ᠲᠠᠯᠠᠪᠠᠢ ᠳᠤ ᠪᠤᠷᠤᠯᠠᠭᠤᠯᠭ᠎ᠠ ᠬᠢᠪᠡ᠃ ᠰᠢᠭᠤᠳ ᠨᠡᠪᠲᠡᠷᠡᠬᠦᠯᠬᠡ ᠳᠤ ᠤᠷᠤᠯᠴᠠᠵᠦ ᠪᠠᠶᠢᠭ᠎ᠠ ᠮᠤᠳᠧᠯ ᠠᠴᠠ ᠡᠯ᠎ᠡ ᠵᠦᠢᠯ ᠤᠨ ᠬᠡᠯᠪᠡᠷᠢ ᠮᠠᠶ᠋ᠢᠭ ᠤᠨ ᠦᠨᠳᠦᠰᠦᠲᠡᠨ ᠤ ᠬᠤᠪᠴᠠᠰᠦ ᠵᠠᠰᠠᠯ ᠢ ᠬᠠᠯᠠᠰᠢᠷᠠᠯ ᠦᠬᠡᠢ ᠲᠤᠷᠰᠢᠨ ᠡᠮᠦᠰᠴᠦ᠂ ᠰᠦᠯᠵᠢᠶᠡᠨ ᠤᠳᠦᠨ ᠠᠴᠠ ᠬᠤᠪᠴᠠᠰᠦ ᠵᠠᠰᠠᠯ ᠤᠨ ᠪᠦᠰ ᠪᠠᠷᠠᠭ᠎ᠠ᠂ ᠬᠠᠳᠬᠤᠮᠠᠯ ᠤᠶᠤᠳᠠᠯ ᠵᠡᠷᠬᠡ ᠲᠠᠯ᠎ᠠ ᠪᠠᠷ ᠨᠠᠷᠢᠯᠢᠭ ᠲᠠᠶᠢᠯᠪᠤᠷᠢᠯᠠᠯᠳᠠ ᠬᠢᠵᠦ᠂ ᠰᠦᠯᠵᠢᠶᠡᠨ ᠠᠨᠳᠠ ᠨᠠᠷ ᠴᠦ ᠰᠢᠭᠤᠳ ᠨᠡᠪᠲᠡᠷᠡᠬᠦᠯᠬᠡ ᠳᠤ ᠢᠳᠡᠪᠬᠢᠲᠡᠢ ᠤᠷᠤᠯᠴᠠᠵᠦ᠂ ᠳᠡᠳᠡ ᠨᠠᠷ ᠤᠨ ᠬᠠᠷᠠᠭ᠎ᠠ ᠰᠤᠨᠤᠷ ᠢ ᠨᠢ ᠲᠡᠯᠡᠭᠰᠡᠨ ᠪᠠᠶᠢᠨ᠎ᠠ᠃ ᠡᠬᠦᠨ ᠤ ᠬᠠᠮᠲᠤ᠂ ᠲᠤᠰ ᠤᠳᠠᠭᠠᠨ ᠤ ᠠᠵᠢᠯᠯᠠᠭ᠎ᠠ ᠳᠤ ᠰᠦᠯᠵᠢᠶᠡᠨ ᠳᠡᠬᠡᠷᠡᠬᠢ ᠬᠤᠳᠠᠯᠳᠤᠭ᠎ᠠ ᠳᠡᠯᠬᠡᠬᠦᠷ ᠤᠨ ᠲᠠᠪᠴᠠᠩ ᠢ ᠪᠠᠶᠢᠭᠤᠯᠵᠦ᠂ ᠦᠨᠳᠦᠰᠦᠲᠡᠨ ᠤ ᠬᠤᠪᠴᠠᠰᠦ ᠵᠠᠰᠠᠯ᠂ ᠲᠦᠰᠦᠪᠯᠡᠭᠴᠢ᠂ ᠤᠯᠠᠮᠵᠢᠯᠠᠭᠴᠢ ᠶᠢ ᠰᠦᠯᠵᠢᠶᠡᠨ ᠳᠠᠬᠢ ᠳᠡᠯᠬᠡᠬᠦᠷ ᠲᠤ ᠤᠷᠢᠨ ᠤᠷᠤᠭᠤᠯᠵᠦ᠂ ᠰᠦᠯᠵᠢᠶᠡᠨ ᠳᠡᠬᠡᠷ᠎ᠡ ᠰᠤᠯᠢᠯᠴᠠᠬᠤ ᠪᠠ ᠪᠤᠷᠤᠯᠠᠭᠤᠯᠵᠦ᠂ ᠦᠨᠳᠦᠰᠦᠲᠡᠨ ᠤ ᠬᠤᠪᠴᠠᠰᠦ ᠵᠠᠰᠠᠯ ᠢ ᠦᠢᠯᠡᠳᠬᠦ ᠶᠢ ᠪᠡᠶᠡᠯᠡᠬᠦᠯᠵᠦ᠂ ᠢᠨᠲ᠋ᠧᠷ ᠰᠦᠯᠵᠢᠶ᠎ᠡ ᠪᠠᠷ ᠲᠠᠮᠵᠢᠨ ᠮᠤᠩᠭᠤᠯ ᠦᠨᠳᠦᠰᠦᠲᠡᠨ ᠤ ᠬᠤᠪᠴᠠᠰᠦ ᠵᠠᠰᠠᠯ ᠤᠨ ᠠᠵᠦ ᠦᠢᠯᠡᠰᠵᠢᠯᠳᠡ ᠶᠢᠨ ᠬᠦᠭᠵᠢᠯᠳᠡ ᠬᠢᠬᠡᠳ ᠲᠡᠰ ᠲᠡᠪᠰᠢᠬᠦ ᠶᠢ ᠠᠬᠢᠭᠤᠯᠬᠤ ᠦᠢᠯᠡᠳᠦᠯ ᠲᠠᠢ ᠶᠤᠮ ᠠᠵᠢ᠃     11 ᠰᠠᠷ᠎ᠠ ᠶᠢᠨ 12  ᠤᠨ ᠡᠳᠦᠷ ᠤᠨ ᠦᠳᠡ ᠶᠢᠨ ᠬᠤᠶᠢᠨᠠᠬᠢ 5 ᠴᠠᠭ ᠲᠤ᠂ ᠠᠷᠪᠠᠨ ᠲᠤᠯᠤᠳᠤᠭᠠᠷ  ᠬᠤᠭᠤᠴᠠᠭᠠᠨ ᠤ ᠦᠪᠦᠷ ᠮᠤᠩᠭᠤᠯ ᠤᠨ ᠬᠤᠪᠴᠠᠰᠦ ᠵᠠᠰᠠᠯ ᠤᠨ ᠤᠷᠠᠯᠢᠭ ᠤᠨ ᠨᠠᠶᠢᠷ ᠤᠨ ᠨᠢᠬᠡ ᠡᠯᠧᠮᠧᠨ᠋ᠲ ᠪᠤᠯᠤᠭᠰᠠᠨ  ᠲᠦᠷᠦᠯ ᠲᠡᠮᠳᠡᠭ ᠢ ᠨᠡᠶᠢᠳᠡᠯᠡᠬᠦ ᠬᠤᠷᠠᠯ ᠲᠦᠩᠯᠢᠶᠤᠤ ᠬᠤᠳᠠ ᠶᠢᠨ ᠤᠯᠢᠮᠫᠢᠺ ᠤᠨ ᠪᠡᠶ᠎ᠡ ᠶᠢᠨ ᠲᠠᠮᠢᠷ ᠤᠨ ᠲᠦᠪ ᠲᠤ  ᠶᠠᠪᠤᠭᠳᠠᠪᠠ᠃ ᠲᠦᠷᠦᠯ ᠲᠡᠮᠳᠡᠭ ᠨᠡᠶᠢᠳᠡᠯᠡᠬᠦ ᠬᠤᠷᠠᠯ ᠳᠤ CABI ᠴᠠᠪᠢ ᠡᠮᠡᠭᠳᠡᠢ ᠶᠢᠨ ᠬᠤᠪᠴᠠᠰᠦ᠂ ᠬᠠᠨᠢ ᠬᠤᠪᠴᠠᠰᠦ ᠵᠠᠰᠠᠯ ᠤᠨ ᠬᠢᠨ ᠲᠤᠰ ᠺᠤᠮᠫᠠᠨᠢ ᠶᠢᠨ ᠢᠶᠠᠨ ᠬᠠᠮᠤᠭ ᠤᠨ ᠰᠢᠨ᠎ᠡ ᠮᠠᠶ᠋ᠢᠭ ᠤᠨ ᠬᠤᠪᠴᠠᠰᠦ ᠵᠠᠰᠠᠯ ᠪᠤᠯᠬᠤ 80 ᠭᠠᠷᠤᠢ ᠦᠪᠴᠢ ᠬᠤᠪᠴᠠᠰᠦ ᠶᠢ ᠪᠠᠨ ᠦᠵᠡᠭᠴᠢᠳ  ᠲᠤ ᠲᠡᠯᠬᠡᠨ ᠦᠵᠡᠬᠦᠯᠪᠡ᠃ ᠨᠡᠶᠢᠳᠡᠯᠡᠬᠦ ᠬᠤᠷᠠᠯ ᠤᠨ ᠬᠤᠭᠤᠴᠠᠭᠠᠨ ᠳᠤ᠂ ᠲᠠᠭᠤᠷ ᠦᠨᠳᠦᠰᠦᠲᠡᠨ᠂ ᠤᠷᠴᠦᠨ ᠦᠨᠳᠦᠰᠦᠲᠡᠨ᠂ ᠡᠧᠡᠩᠬᠢ ᠦᠨᠳᠦᠰᠦᠲᠡᠨ ᠤ ᠴᠦᠬᠡᠨ ᠲᠤᠭᠠᠲᠤ ᠦᠨᠳᠦᠰᠦᠲᠡᠨ ᠤ ᠬᠤᠪᠴᠠᠰᠦ ᠵᠠᠰᠠᠯ ᠤᠨ ᠲᠦᠯᠦᠬᠡᠯᠡᠭᠴᠢ ᠪᠦᠯᠬᠦᠮ ᠠᠴᠠ ᠦᠵᠡᠭᠴᠢᠳ ᠤᠯᠠᠨ ᠳᠤ ᠪᠠᠨ ᠭᠤᠶᠢᠳᠠ ᠰᠠᠶᠢᠬᠠᠨ ᠬᠤᠪᠴᠠᠰᠦ ᠵᠠᠰᠠᠯ ᠤᠨ ᠦᠵᠡᠬᠦᠯᠬᠡ ᠶᠢᠨ ᠲᠤᠭᠯᠠᠯᠳᠠ ᠭᠠᠷᠭᠠᠨ᠂ ᠤᠮᠠᠷᠠᠲᠤ ᠶᠢᠨ ︽ᠭᠤᠷᠪᠠᠨ ᠴᠦᠬᠡᠨ ᠲᠤᠭᠠᠲᠤ ᠦᠨᠳᠦᠰᠦᠲᠡᠨ︾ ᠤ ᠬᠤᠪᠴᠠᠰᠦ ᠵᠠᠰᠠᠯ ᠤᠨ ᠷᠢᠳᠢ ᠰᠢᠳᠢ  ᠶᠢ ᠭᠠᠶᠢᠬᠠᠭᠤᠯᠪᠠ᠃     ᠲᠦᠷᠦᠯ ᠲᠡᠮᠳᠡᠭ ᠢ ᠨᠡᠶᠢᠳᠡᠯᠡᠬᠦ ᠬᠤᠷᠠᠯ ᠳᠤ ᠲᠡᠯᠬᠡᠨ ᠦᠵᠡᠬᠦᠯᠦᠭᠰᠡᠨ ᠬᠤᠪᠴᠠᠰᠦ ᠵᠠᠰᠠᠯ ᠳᠤ ᠮᠤᠩᠭᠤᠯ ᠦᠨᠳᠦᠰᠦᠲᠡᠨ ᠤ ᠤᠯᠠᠮᠵᠢᠯᠠᠯᠲᠤ ᠶᠤᠰᠤᠯᠠᠯ ᠤᠨ ᠬᠤᠪᠴᠠᠰᠦ ᠪᠠᠶᠢᠬᠤ ᠪᠠᠷ ᠪᠠᠷᠠᠬᠤ ᠦᠬᠡᠢ ᠤᠳᠤ ᠦᠶ᠎ᠡ ᠶᠢᠨ ᠭᠠᠩᠭᠠᠩ ᠬᠤᠪᠴᠠᠰᠦ ᠵᠠᠰᠠᠯ ᠪᠠ ᠤᠯᠠᠮᠵᠢᠯᠠᠯᠲᠤ ᠬᠤᠪᠴᠠᠰᠦ ᠵᠠᠰᠠᠯ ᠤᠨ ᠡᠯᠧᠮᠧᠨ᠋ᠲ ᠬᠠᠷᠢᠯᠴᠠᠨ ᠤᠶᠠᠯᠳᠤᠭᠰᠠᠨ ᠡᠳᠦᠷ ᠲᠤᠳᠤᠮ ᠤᠨ ᠬᠤᠪᠴᠠᠰᠦ ᠶᠢ ᠪᠠᠭᠳᠠᠭᠠᠵᠦ᠂ ᠤᠯᠠᠮᠵᠢᠯᠠᠯᠳᠤ ᠬᠤᠪᠴᠠᠰᠦ ᠵᠠᠰᠠᠯ᠂ ᠤᠳᠤ ᠦᠶ᠎ᠡ ᠶᠢᠨ ᠬᠤᠪᠴᠠᠰᠦ ᠵᠠᠰᠠᠯ᠂ ᠠᠵᠢᠯ ᠲᠦᠷᠦᠯ   ᠤᠨ ᠬᠤᠪᠴᠠᠰᠦ ᠵᠠᠰᠠᠯ ᠵᠡᠷᠬᠡ ᠤᠯᠠᠨ ᠲᠦᠷᠦᠯ ᠤᠨ ᠬᠡᠪ ᠮᠠᠶ᠋ᠢᠭ ᠨᠢ ᠬᠡᠷᠡᠭᠯᠡᠭᠴᠢᠳ ᠤᠨ ᠠᠳᠠᠯᠢ ᠪᠤᠰᠤ ᠠᠮᠢᠳᠤᠷᠠᠯ ᠤᠨ ᠠᠬᠤᠢ ᠪᠠᠶᠢᠳᠠᠯ ᠳᠠᠬᠢ ᠬᠤᠪᠴᠠᠰᠦ ᠵᠠᠰᠠᠯ  ᠤᠨ ᠱᠠᠭᠠᠷᠳᠠᠯᠭ᠎ᠠ ᠶᠢ ᠪᠦᠷᠢᠮᠦᠰᠦᠨ ᠬᠠᠩᠭᠠᠵᠦ ᠴᠢᠳᠠᠬᠤ ᠶᠤᠮ᠃ ︽ᠲᠤᠰ ᠤᠳᠠᠭᠠᠨ ᠤ ᠬᠤᠪᠴᠠᠰᠦ ᠵᠠᠰᠠᠯ ᠤᠨ ᠨᠠᠶᠢᠷ ᠨᠢ ᠮᠠᠨ ᠤ ᠺᠤᠮᠫᠠᠨᠢ ᠳᠤ ᠦᠪᠡᠷ ᠢ ᠪᠠᠨ ᠤᠬᠠᠭᠤᠯᠬᠤ ᠲᠠᠪᠴᠠᠩ ᠢ ᠬᠠᠩᠭᠠᠵᠦ᠂ ᠪᠢᠳᠡ ᠲᠦᠷᠦᠯ ᠲᠡᠮᠳᠡᠭ ᠢ ᠨᠡᠶᠢᠳᠡᠯᠡᠬᠦ ᠬᠤᠷᠠᠯ ᠢ ᠨᠡᠩ ᠴᠦ ᠲᠦᠢᠯ ᠢᠶᠠᠷ ᠴᠢᠬᠤᠯᠠᠴᠢᠯᠠᠨ ᠦᠵᠡᠵᠦ᠂ ᠭᠤᠷᠪᠠᠨ ᠰᠠᠷ᠎ᠠ  ᠠᠴᠠ ᠡᠮᠦᠨ᠎ᠡ ᠭᠠᠷᠳᠠᠨ ᠪᠡᠯᠡᠳᠬᠡᠪᠡ᠂ ᠤᠯᠠᠨ ᠵᠢᠯ ᠤᠨ ᠲᠤᠷᠰᠢ ᠮᠠᠨ ᠤ ᠺᠤᠮᠫᠠᠨᠢ ᠠᠴᠠ ᠤᠯᠠᠮᠵᠢᠯᠠᠯ ᠪᠠ ᠤᠳᠤ ᠦᠶ᠎ᠠ ᠶᠢᠨ ᠠᠭᠤᠰᠤᠯᠴᠠᠯ ᠢ ᠬᠦᠨᠳᠦᠳᠬᠡᠨ ᠦᠵᠡᠵᠦ᠂ ᠦᠨᠳᠦᠰᠦᠲᠡᠨ ᠤ ᠬᠤᠪᠴᠠᠰᠦ ᠵᠠᠰᠠᠯ ᠤᠨ ᠰᠤᠶᠤᠯ ᠢ ᠤᠯᠠᠮᠵᠢᠯᠠᠨ ᠪᠠᠳᠠᠷᠠᠭᠤᠯᠬᠤ ᠳᠤ ᠦᠨᠳᠦᠰᠦᠲᠡᠨ ᠤ ᠰᠤᠶᠤᠯ ᠤᠨ ᠡᠯᠧᠮᠧᠨ᠋ᠲ ᠢ ᠬᠠᠳᠠᠭᠠᠯᠠᠬᠤ ᠶᠢᠨ ᠲᠠᠭᠠᠤ ᠤᠳᠤ ᠦᠶ᠎ᠠ ᠶᠢᠨ ᠠᠮᠢᠳᠤᠷᠠᠯ ᠳᠤ ᠨᠡᠶᠢᠴᠡᠬᠦ ᠬᠡᠷᠡᠭᠲᠡᠢ᠂ ᠡᠨᠡ ᠨᠢ ᠪᠤᠯ ᠲᠠᠷᠤᠢ ᠵᠠᠬ᠎ᠠ ᠳᠡᠯᠬᠡᠬᠦᠷ ᠤᠨ ᠱᠠᠭᠠᠷᠳᠠᠯᠭ᠎ᠠ ᠪᠤᠯᠤᠨ᠎ᠠ︾ ᠬᠡᠮᠡᠨ ᠬᠠᠨᠢ ᠬᠤᠪᠴᠠᠰᠦ ᠵᠠᠰᠠᠯ ᠤᠨ ᠡᠬᠦᠳᠦᠨ ᠪᠠᠶᠢᠭᠤᠯᠤᠭᠴᠢ ᠮᠦᠷᠲᠡᠬᠡᠨ ᠲᠦᠰᠦᠪᠯᠡᠭᠴᠢ ᠪᠤᠯᠬᠤ ᠰᠡᠴᠡᠨᠲᠤᠶᠠᠭ᠎ᠠ ᠠᠴᠠ ᠰᠤᠷᠪᠤᠯᠵᠢᠯᠠᠭᠴᠢ ᠳᠤ  ᠺᠤᠮᠫᠠᠨᠢ ᠶᠢᠨ ᠢᠶᠠᠨ ᠪᠠᠷᠢᠮᠳᠠᠯᠠᠯ ᠵᠢᠴᠢ ᠦᠨᠳᠦᠰᠦᠲᠡᠨ ᠤ ᠬᠤᠪᠴᠠᠰᠦ ᠵᠠᠰᠠᠯ ᠤᠨ ᠤᠯᠠᠮᠵᠢᠯᠠᠯ ᠬᠦᠭᠵᠢᠯᠳᠡ ᠵᠡᠷᠬᠡ ᠲᠠᠯ᠎ᠠ ᠶᠢᠨ ᠦᠵᠡᠯᠳᠡ ᠲᠠᠨᠢᠯᠳᠠ ᠪᠠᠨ ᠶᠠᠷᠢᠨ᠎ᠠ᠃     11 ᠰᠠᠷ᠎ᠠ ᠶᠢᠨ 13 ᠤ ᠡᠳᠦᠷ᠂ ᠬᠤᠪᠴᠠᠰᠦ ᠵᠠᠰᠠᠯ ᠤᠨ ᠤᠷᠠᠯᠢᠭ ᠤᠨ ᠨᠠᠶᠢᠷ ᠤᠨ ᠪᠠᠰᠠ ᠨᠢᠬᠡᠨ ᠡᠯᠧᠮᠧᠨ᠋ᠲ ᠪᠤᠯᠤᠭᠰᠠᠨ ᠮᠤᠩᠭᠤᠯ ᠬᠤᠪᠴᠠᠰᠦ ᠵᠠᠰᠠᠯ ᠤᠨ ᠠᠵᠦ ᠦᠢᠯᠡᠰ ᠤᠨ ᠬᠦᠭᠵᠢᠯᠳᠡ ᠶᠢᠨ ᠰᠤᠳᠤᠯᠤᠨ ᠶᠠᠷᠢᠯᠴᠠᠬᠤ ᠬᠤᠷᠠᠯ ᠪᠢ ᠬᠦᠢ ᠶᠤᠸᠠᠨ ᠵᠤᠴᠢᠳ ᠤᠨ ᠪᠠᠭᠤᠳᠠᠯ ᠳᠤ ᠬᠦᠭᠵᠢᠶᠡᠨᠳᠡᠢ ᠶᠠᠪᠤᠭᠳᠠᠪᠠ᠃ ᠲᠤᠰ ᠤᠳᠠᠭᠠᠨ ᠤ ᠰᠤᠳᠤᠯᠤᠨ ᠶᠠᠷᠢᠯᠴᠠᠬᠤ ᠬᠤᠷᠠᠯ ᠨᠢ ᠮᠤᠩᠭᠤᠯ ᠦᠨᠳᠦᠰᠦᠲᠡᠨ ᠤ ᠬᠤᠪᠴᠠᠰᠦ ᠵᠠᠰᠠᠯ ᠤᠨ ᠰᠤᠶᠤᠯ ᠤᠨ ᠰᠤᠳᠤᠯᠤᠯ ᠪᠠ ᠤᠯᠠᠮᠵᠢᠯᠠᠨ ᠪᠠᠳᠠᠷᠠᠭᠤᠯᠬᠤ᠂ ᠮᠤᠩᠭᠤᠯ ᠦᠨᠳᠦᠰᠦᠲᠡᠨ ᠤ ᠬᠤᠪᠴᠠᠰᠦ ᠵᠠᠰᠠᠯ ᠤᠨ ᠵᠠᠬ᠎ᠠ ᠳᠡᠯᠬᠡᠬᠦᠷᠴᠢᠯᠡᠯᠳᠡ ᠶᠢ ᠠᠬᠢᠭᠤᠯᠬᠤ ᠪᠠᠷ ᠭᠤᠤᠯ ᠰᠡᠳᠦᠪ  ᠪᠤᠯᠭᠠᠨ ᠶᠠᠪᠤᠭᠳᠠᠵᠦ᠂ ᠴᠢᠩᠬᠤᠸᠠ ᠶᠡᠭᠡ ᠰᠤᠷᠭᠠᠭᠤᠯᠢ ᠶᠢᠨ ᠤᠷᠠᠨ ᠵᠢᠷᠤᠭ ᠤᠨ ᠲᠡᠬᠡᠲᠤ ᠰᠤᠷᠭᠠᠭᠤᠯᠢ ᠶᠢᠨ ᠫᠷᠤᠹᠧᠰᠰᠤᠷ᠂ ᠳ᠋ᠤᠺᠲ᠋ᠤᠷᠠᠨᠲ ᠤᠨ ᠵᠢᠯᠤᠭᠤᠳᠤᠭᠴᠢ ᠪᠠᠭᠰᠢ ᠯᠢ ᠸᠧᠢ᠂ ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ ᠶᠢᠨ ᠴᠦᠬᠡᠨ ᠲᠤᠭᠠᠲᠤ ᠦᠨᠳᠦᠰᠦᠲᠡᠨ ᠤ ᠬᠤᠪᠴᠠᠰᠦ ᠵᠠᠰᠠᠯ ᠤᠨ ᠰᠤᠳᠤᠯᠬᠤ ᠲᠠᠰᠤᠭ ᠤᠨ ᠲᠠᠷᠤᠭ᠎ᠠ ᠴᠢ ᠴᠦᠨ ᠶᠢᠩ  ᠠᠴᠠ ᠭᠤᠤᠯ ᠰᠡᠳᠦᠪᠲᠤ ᠢᠯᠡᠳᠬᠡᠯ ᠬᠢᠵᠦ᠂ ᠲᠤᠰᠬᠠᠢ ᠮᠡᠷᠬᠡᠵᠢᠯᠳᠡᠳ ᠠᠴᠠ ᠤᠭ ᠰᠠᠨᠠᠭ᠎ᠠ ᠪᠠᠨ ᠦᠯᠦ ᠮᠠᠷᠳᠠᠨ᠂ ᠨᠢᠬᠡ ᠰᠡᠳᠬᠢᠯ ᠨᠢᠬᠡ  ᠵᠤᠷᠢᠭ ᠢᠶᠠᠷ ᠦᠨᠳᠦᠰᠦᠲᠡᠨ ᠤ ᠬᠤᠪᠴᠠᠰᠦ ᠵᠠᠰᠠᠯ ᠤᠨ ᠰᠤᠶᠤᠯ ᠢ ᠬᠦᠭᠵᠢᠬᠦᠯᠦᠨ ᠪᠠᠳᠠᠷᠠᠭᠤᠯᠬᠤ ᠶᠢ ᠤᠷᠢᠶᠠᠯᠠᠨ  ᠵᠤᠷᠢᠭᠵᠢᠭᠤᠯᠬᠤ ᠶᠢᠨ ᠬᠠᠮᠲᠤ ᠦᠨᠳᠦᠰᠦᠲᠡᠨ ᠤ ᠬᠤᠪᠴᠠᠰᠦ ᠵᠠᠰᠠᠯ ᠳᠤ ᠠᠭᠤᠯᠤᠭᠳᠠᠵᠦ ᠪᠠᠶᠢᠭ᠎ᠠ ᠬᠦᠮᠦᠨ ᠰᠤᠶᠤᠯ ᠤᠨ ᠬᠠᠯᠠᠮᠵᠢᠯᠠᠯ ᠵᠢᠴᠢ ᠰᠢᠨ᠎ᠡ ᠴᠠᠭ ᠦᠶ᠎ᠠ ᠳᠤ ᠬᠡᠷᠬᠢᠨ ᠤᠯᠠᠮᠵᠢᠯᠠᠨ ᠪᠠᠳᠠᠷᠠᠭᠤᠯᠵᠦ ᠰᠢᠨ᠎ᠡ ᠶᠢ ᠡᠬᠦᠳᠬᠦ ᠲᠤᠬᠠᠢ  ᠲᠠᠶᠢᠯᠪᠤᠷᠢᠯᠠᠯᠳᠠ ᠬᠢᠵᠦ᠂ ᠰᠤᠳᠤᠯᠤᠨ ᠶᠠᠷᠢᠯᠴᠠᠬᠤ ᠬᠤᠷᠠᠯ ᠳᠤ ᠤᠷᠤᠯᠴᠠᠭᠰᠠᠳ ᠤᠯᠤᠯᠳᠠ ᠶᠡᠬᠡᠲᠡᠢ ᠬᠡᠮᠡᠨ  ᠢᠯᠡᠷᠬᠡᠶᠢᠯᠡᠵᠡᠬᠡᠨ᠎ᠡ᠃     11 ᠰᠠᠷ᠎ᠠ ᠶᠢᠨ 11 ᠠᠴᠠ 15 ᠪᠤᠯᠳᠠᠯ᠎ᠠ᠂ ᠪᠦᠬᠦ ᠤᠷᠤᠨ ᠤ ᠬᠤᠪᠴᠠᠰᠦ ᠵᠠᠰᠠᠯ ᠤᠨ  ᠵᠢᠷᠤᠭ ᠲᠦᠯᠦᠪᠯᠡᠭᠡ ᠶᠢᠨ ᠠᠵᠦ ᠠᠬᠤᠢᠢᠯᠠᠯ ᠪᠤᠯᠤᠨ ᠤᠷᠤᠨ ᠤ ᠲᠤᠲᠤᠷᠠᠬᠢ ᠶᠡᠭᠡ ᠲᠡᠬᠡᠲᠤ ᠰᠤᠷᠭᠠᠭᠤᠯᠢ ᠶᠢᠨ ᠬᠠᠮᠲᠤ ᠪᠠᠷ  ᠰᠤᠩᠭᠤᠨ ᠭᠠᠷᠭᠠᠭᠰᠠᠨ ᠬᠤᠪᠴᠠᠰᠦ ᠵᠠᠰᠠᠯ ᠤᠨ ᠪᠦᠲᠦᠬᠡᠯᠴᠢ ᠡᠬᠡ ᠨᠤᠤᠷᠠᠭ ᠢ ᠲᠦᠩᠯᠢᠶᠤᠤ ᠬᠤᠳᠠ  ᠶᠢᠨ ᠨᠠᠭᠠᠳᠤᠮ ᠵᠠᠩ ᠦᠢᠯᠡ ᠶᠢᠨ ᠵᠡᠬᠡᠯᠢ ᠶᠢᠨ ᠰᠡᠯᠡᠩᠬᠡ ᠮᠤᠩᠭᠤᠯ ᠬᠤᠪᠴᠠᠰᠦ ᠵᠠᠰᠠᠯ ᠤᠨ ᠬᠤᠳᠠᠯᠳᠤᠭᠠᠨ ᠤ ᠳᠡᠯᠬᠡᠬᠦᠷ ᠲᠤ ᠲᠡᠯᠬᠡᠨ ᠦᠵᠡᠬᠦᠯᠵᠡᠢ᠃ ᠳᠡᠯᠬᠡᠨ ᠦᠵᠡᠬᠦᠯᠬᠡ ᠳᠤ ᠮᠠᠨ ᠤ ᠤᠷᠤᠨ ᠤ ᠪᠤᠳᠠᠰ ᠤᠨ ᠪᠤᠰᠤ ᠰᠤᠶᠤᠯ ᠤᠨ ᠦᠪ ᠪᠤᠯᠬᠤ ᠬᠠᠳᠬᠤᠮᠠᠯ᠂  ᠪᠦᠰ ᠪᠠᠷᠠᠭ᠎ᠠ᠂ ᠵᠢᠷᠤᠭ ᠲᠦᠯᠦᠪᠯᠡᠭᠡ᠂ ᠦᠨᠳᠦᠰᠦᠲᠡᠨ ᠤ ᠬᠤᠪᠴᠠᠰᠦ ᠵᠠᠰᠠᠯ ᠤᠨ ᠠᠵᠦ ᠠᠬᠤᠢᠢᠯᠠᠯ ᠤᠨ ᠰᠤᠳᠤᠨ ᠪᠦᠲᠦᠬᠡᠯ ᠪᠤᠯᠬᠤ ᠬᠤᠪᠴᠠᠰᠦ ᠵᠠᠰᠠᠯ ᠵᠡᠷᠬᠡ ᠶᠢ ᠳᠡᠯᠬᠡᠨ ᠦᠵᠡᠬᠦᠯᠵᠦ᠂ ᠡᠷᠢᠶᠡᠨ ᠬᠤᠳᠠ ᠶᠢᠨ ᠦᠨᠳᠦᠰᠦᠲᠡᠨ ᠤ ᠬᠤᠪᠴᠠᠰᠦ ᠵᠠᠰᠠᠯ ᠤᠨ ᠠᠵᠦ ᠠᠬᠤᠢᠢᠯᠠᠳᠠᠨ ᠨᠠᠷᠠᠨᠴᠢᠮᠡᠭ ᠠᠴᠠ ︽ᠲᠤᠰ ᠤᠳᠠᠭᠠᠨ ᠤ ᠦᠵᠡᠬᠦᠯᠬᠡ ᠨᠢ ᠺᠤᠮᠫᠠᠨᠢ ᠶᠢᠨ  ᠪᠤᠷᠤᠯᠠᠭᠤᠯᠭ᠎ᠠ ᠶᠢᠨ ᠵᠠᠮ  ᠢ ᠦᠷᠬᠡᠳᠬᠡᠭᠰᠡᠨ ᠢᠶᠠᠷ ᠪᠠᠷᠠᠬᠤ ᠦᠬᠡᠢ ᠨᠡᠷᠡᠲᠤ ᠲᠡᠮᠳᠡᠭ ᠤᠨ ᠮᠡᠳᠡᠴᠡ ᠶᠢᠨ ᠬᠡᠮᠵᠢᠶ᠎ᠡ ᠶᠢ ᠴᠦ  ᠲᠡᠭᠡᠭᠰᠢᠯᠡᠬᠦᠯᠪᠡ︾ ᠬᠡᠪᠡ᠃     11 ᠰᠠᠷ᠎ᠠ ᠶᠢᠨ 14 ᠠᠴᠠ 15 ᠪᠤᠯᠳᠠᠯ᠎ᠠ᠂ ᠬᠤᠪᠴᠠᠰᠦ ᠵᠠᠰᠠᠯ ᠤᠨ ᠤᠷᠠᠯᠢᠭ ᠤᠨ ᠨᠠᠶᠢᠷ   ᠤᠨ ᠨᠠᠭᠠᠳᠤᠮ ᠨᠢᠵᠢᠬᠢᠷ ᠰᠠᠶᠢᠬᠠᠨ ᠶᠠᠪᠤᠭᠳᠠᠵᠦ᠂ ᠲᠤᠰ ᠤᠳᠠᠭᠠᠨ ᠤ ᠨᠠᠭᠠᠳᠤᠮ ᠳᠤ ᠪᠦᠬᠡ᠂ ᠵᠢᠳᠬᠦᠯᠬᠡ᠂ ᠰᠤᠷ ᠬᠠᠷᠪᠤᠬᠤ᠂ ᠰᠢᠳᠠᠷ᠎ᠠ᠂ ᠤᠯᠠᠨ ᠤᠯᠤᠰ ᠤᠨ ᠲᠠᠭᠠᠮ᠎ᠠ ᠵᠡᠷᠬᠡ ᠤᠷᠤᠯᠳᠤᠭᠠᠨ ᠤ ᠲᠦᠷᠦᠯ ᠵᠦᠢᠯ ᠢ ᠲᠤᠬᠢᠷᠠᠭᠤᠯᠵᠦ᠂ ᠦᠪᠡᠷᠲᠡᠬᠡᠨ ᠵᠠᠰᠠᠬᠤ ᠤᠷᠤᠨ ᠤ ᠡᠯ᠎ᠡ ᠠᠶᠢᠮᠠᠭ ᠬᠤᠳᠠ ᠠᠴᠠ ᠬᠦᠷᠦᠯᠴᠡᠨ ᠢᠷᠡᠭᠰᠡᠨ ᠤᠷᠤᠯᠴᠠᠭᠴᠢᠳ ᠢᠳᠡᠪᠬᠢᠲᠡᠢ ᠤᠷᠤᠯᠴᠠᠪᠠ᠃ ᠤᠢᠢᠯᠠᠭᠠᠯᠳᠠ ᠪᠠᠷ ᠲᠤᠰ ᠤᠳᠠᠭᠠᠨ ᠤ ᠨᠠᠭᠠᠳᠤᠮ ᠤᠨ ᠪᠦᠬᠡ ᠶᠢᠨ ᠤᠷᠤᠯᠳᠤᠭᠠᠨ ᠳᠤ ᠨᠠᠰᠤᠨ ᠳᠤ  ᠬᠦᠷᠦᠭᠰᠨᠳ ᠤᠨ ᠡᠷᠡᠭᠳᠡᠶᠢᠴᠤᠳ ᠤᠨ ᠲᠤᠭᠤᠢᠢᠯᠠᠩ ᠳᠤ 128 ᠬᠦᠮᠦᠨ ᠨᠡᠷ᠎ᠡ ᠮᠡᠳᠡᠬᠦᠯᠵᠦ᠂ ᠵᠠᠯᠠᠭᠤ ᠪᠠᠭᠠᠴᠤᠳ ᠤᠨ ᠲᠤᠭᠤᠢᠢᠯᠠᠩ ᠳᠤ 64 ᠬᠦᠮᠦᠨ ᠨᠡᠷ᠎ᠡ ᠮᠡᠳᠡᠬᠦᠯᠵᠦ᠂ ᠤᠯᠠᠭᠠᠨᠬᠠᠳᠠ᠂ ᠪᠠᠶᠠᠨᠨᠠᠭᠤᠷ᠂ ᠬᠢᠩᠭᠠᠨ ᠠᠶᠢᠮᠠᠭ ᠠᠴᠠ ᠬᠦᠷᠦᠯᠴᠡᠨ ᠢᠷᠡᠭᠰᠡᠨ ᠪᠦᠬᠡᠴᠢᠳ ᠪᠢᠷ᠎ᠠ ᠴᠢᠳᠠᠯ ᠢᠶᠠᠨ ᠭᠠᠶᠢᠬᠠᠭᠤᠯᠪᠠ᠃ ︽ᠲᠤᠰ ᠤᠳᠠᠭᠠᠨ ᠤ ᠨᠠᠭᠠᠳᠤᠮ ᠳᠤ ᠮᠤᠩᠭᠤᠯ ᠰᠢᠳᠡᠷ᠎ᠡ ᠶᠢᠨ ᠵᠠᠯᠠᠭᠤ ᠪᠠᠭᠠᠴᠤᠳ ᠤᠨ ᠲᠤᠭᠤᠢᠢᠯᠠᠩ ᠳᠤ ᠨᠡᠷ᠎ᠡ ᠮᠡᠳᠡᠬᠦᠯᠦᠭᠰᠡᠨ ᠶᠤᠮ ᠡ᠂ ᠭᠡᠳᠦ ᠤᠳᠠᠭᠠᠨ ᠤ ᠨᠤᠭᠤᠯᠤᠭ᠎ᠠ ᠶᠢ  ᠳᠠᠪᠠᠵᠠᠢ᠃ ᠬᠡᠳᠦ᠋ᠢᠪᠡᠷ ᠲᠡᠰ ᠲᠤ ᠲᠤᠲᠤᠷᠠᠭᠰᠠᠨ ᠦᠬᠡᠢ ᠪᠤᠯᠪᠠᠴᠦ ᠦᠪᠡᠷ ᠢ ᠪᠠᠨ ᠲᠠᠪᠳᠠᠨ ᠪᠤᠯᠪᠠᠰᠤᠷᠠᠭᠤᠯᠤᠭᠰᠠᠨ  ᠪᠠᠶᠢᠨ᠎ᠠ︾ ᠬᠡᠮᠡᠨ ᠵᠠᠷᠤᠳ ᠬᠤᠰᠢᠭᠤ ᠨᠤᠲᠤᠭ ᠲᠠᠢ ᠪᠢᠴᠢᠬᠠᠨ ᠰᠢᠳᠠᠷᠴᠢᠨ ᠬᠠᠯᠢᠨ ᠠᠴᠠ ᠪᠠᠶᠠᠷᠯᠠᠭᠰᠠᠨ ᠰᠡᠳᠬᠢᠯᠬᠡ ᠪᠠᠨ ᠲᠠᠷᠤᠵᠦ ᠶᠠᠳᠠᠨ ᠶᠠᠷᠢᠨ᠎ᠠ᠃ ᠤᠳᠬ᠎ᠠ ᠳᠡᠬᠦᠯᠳᠡᠷ ᠶᠠᠪᠤᠭᠳᠠᠭᠰᠠᠨ ᠨᠠᠭᠠᠳᠤᠮ ᠨᠢ ᠦᠨᠳᠦᠰᠦᠲᠡᠨ ᠤ ᠪᠦᠯᠬᠦᠮᠳᠡᠯ ᠤᠨ ᠦᠳᠬᠡᠨ ᠠᠭᠤᠷ ᠠᠮᠢᠰᠬᠤᠯ ᠢ ᠪᠦᠷᠢᠯᠳᠦᠬᠦᠯᠵᠦ᠂ ᠲᠤᠰ ᠤᠳᠠᠭᠠᠨ ᠤ ᠬᠤᠪᠴᠠᠰᠦ ᠵᠠᠰᠠᠯ ᠤᠨ ᠤᠷᠠᠯᠢᠭ ᠤᠨ ᠨᠠᠶᠢᠷ ᠤᠨ  ᠠᠵᠢᠯᠯᠠᠭ᠎ᠠ ᠶᠢᠨ ᠠᠭᠤᠯᠭ᠎ᠠ ᠶᠢ ᠨᠡᠩ ᠡᠯᠪᠡᠭ ᠪᠠᠶᠠᠯᠢᠭ ᠪᠤᠯᠭᠠᠭᠰᠠᠨ ᠪᠠᠶᠢᠨ᠎ᠠ ᠁
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ