ᠭᠠᠯᠳᠠᠨ ᠪᠤᠱᠤᠭᠳᠤ ᠬᠠᠭᠠᠨ ᠲᠦᠷᠪᠡᠨ ᠤᠢᠢᠷᠠᠳ ᠢ ᠨᠢᠭᠡᠳᠭᠡᠵᠤ᠂ ᠵᠦᠡᠭᠭᠠᠷ ᠬᠠᠭᠠᠨᠳᠤ ᠤᠯᠤᠰ ᠢ ᠪᠠᠶᠢᠭᠤᠯᠤᠭᠰᠠᠨ ᠨᠢ ᠮᠤᠩᠭᠤᠯ ᠳᠡᠦᠭᠡᠨ ᠳᠤ ᠬᠡᠷᠡᠯ | ᠰᠠᠴᠤᠷᠠᠩᠭᠤᠢ ᠨᠢᠭᠡ ᠬᠠᠭᠤᠳᠠᠰᠤ ᠶᠢ ᠪᠢᠴᠢᠭᠯᠡᠭᠰᠡᠨ ᠶᠠᠪᠤᠳᠠᠯ ᠶᠤᠮ᠃ ᠭᠡᠪᠡᠴᠦ ᠲᠦᠪᠡᠳ ᠤᠨ ᠯᠠᠮᠠ ᠭᠠᠷᠤᠯᠳᠠᠢ ᠪᠤᠯᠬᠤᠷ ᠲᠦᠪᠡᠳ ᠲᠤ ᠲᠦᠷᠦ ᠶᠢᠨ ᠡᠷᠭᠡ᠂ | ᠠᠯᠤᠰ ᠤᠨ ᠪᠤᠳᠤᠯᠭ᠎ᠠ ᠪᠠᠨ ᠡᠵᠡᠮᠳᠡᠭᠦᠯᠦᠭᠰᠡᠨ ᠨᠢ ᠳᠡᠭᠦᠨ ᠤ ᠭᠤᠨᠢᠭᠳᠤ ᠬᠤᠪᠢ ᠵᠠᠶᠠᠭ᠎ᠠ ᠶᠢᠨ ᠡᠬᠢᠯᠡᠯᠳᠡ ᠪᠠᠶᠢᠵᠤᠬᠤᠢ᠃ ᠲᠦᠪᠡᠳ ᠭᠡᠰᠡᠨ ᠦᠨᠳᠦᠰᠦᠳᠡᠨ | ᠡᠬᠢᠨ ᠳᠤ ᠪᠠᠨ ᠶᠡᠭᠡ ᠬᠦᠴᠦᠷᠬᠡᠭ ᠪᠠᠶᠢᠵᠤ᠂ ᠳᠠᠩ ᠤᠯᠤᠰ ᠤᠨ ᠦᠶ᠎ᠡ ᠳᠤ ᠲᠦᠪᠡᠳ ᠤᠨ ᠴᠡᠷᠢᠭ ᠳᠠᠩ ᠤᠯᠤᠰ ᠤᠨ ᠨᠡᠶᠢᠰᠯᠡᠯ ᠢ ᠨᠢ ᠬᠦᠷᠳᠡᠯ᠎ᠡ ᠡᠵᠡᠯᠡᠵᠤ᠂ | ᠳᠤᠮᠳᠠᠳᠤ ᠠᠽᠢᠶ᠎ᠠ ᠳᠤ ᠴᠦ ᠴᠡᠷᠢᠭ ᠤᠷᠤᠵᠤ ᠪᠠᠶᠢᠵᠠᠢ᠃ ᠭᠡᠪᠡᠴᠦ ᠯᠠᠮᠠ ᠶᠢᠨ ᠱᠠᠰᠢᠨ ᠢ ᠰᠢᠳᠦᠭᠰᠡᠨ ᠤ ᠰᠡᠭᠦᠯᠡᠷ ᠳᠡᠳᠡᠨ ᠤ ᠡᠷᠡᠯᠭᠡᠭ ᠳᠠᠶᠢᠴᠢᠨ ᠴᠢᠨᠠᠷ ᠨᠢ | ᠬᠤᠪᠢᠷᠠᠵᠤ᠂ ᠠᠭᠠᠵᠢᠮ ᠢᠶᠠᠷ ᠳᠤᠷᠦ᠋ᠢᠳᠠᠵᠤ ᠢᠷᠡᠭᠰᠡᠨ ᠪᠠᠶᠢᠨ᠎ᠠ᠃ ᠳᠤᠬᠠᠢ ᠶᠢᠨ ᠦᠶ᠎ᠡ ᠳᠤ ᠤᠢᠢᠷᠠᠳ ᠬᠠᠷᠢᠨ ᠯᠠᠮᠠ ᠶᠢᠨ ᠱᠠᠰᠢᠨ ᠳᠤ ᠪᠦᠷᠢᠨ ᠤᠷᠤᠭᠠᠳᠤᠢ | ᠪᠠᠶᠢᠵᠤ᠂ ᠡᠷᠡᠯᠭᠡᠭ ᠳᠠᠶᠢᠴᠢᠨ ᠪᠠᠶᠢᠵᠤᠬᠤᠢ᠃ ᠲᠦᠪᠡᠳ ᠤᠨ ᠰᠢᠷ᠎ᠠ ᠶᠢᠨ ᠱᠠᠰᠢᠨ ᠳᠡᠯᠭᠡᠷᠡᠬᠦ ᠦᠶ᠎ᠡ ᠳᠤ ᠳᠦᠷᠦᠪᠠᠶᠢᠬᠤ ᠬᠦᠦᠰᠢ ᠬᠠᠭᠠᠨ ᠠᠴᠠ ᠤᠢᠢᠷᠠᠳ ᠴᠡᠷᠢᠭ | ᠢ ᠳᠠᠭᠠᠭᠤᠯᠵᠤ᠂ ᠲᠦᠪᠡᠳ ᠢ ᠳᠠᠷᠤᠩᠭᠤᠢᠢᠯᠠᠵᠤ ᠪᠠᠶᠢᠭᠰᠠᠨ ᠬᠠᠯᠬ᠎ᠠ ᠶᠢᠨ ᠴᠤᠬᠤᠷ ᠴᠤᠭᠳᠤ ᠶᠢᠨ ᠴᠡᠷᠢᠭ ᠢ ᠤᠯᠠᠭᠠᠨ ᠬᠤᠰᠤᠤ ᠶᠢ ᠤᠯᠠᠶᠢᠯᠭᠠᠳᠠᠯᠠ ᠬᠢᠳᠤᠨ | ᠳᠠᠷᠤᠵᠤ᠂ ᠲᠦᠪᠡᠳ ᠤᠨ ᠤᠯᠠᠭᠠᠨ ᠤ ᠱᠠᠰᠢᠨ ᠢ ᠳᠠᠷᠤᠵᠤ᠂ ᠰᠢᠷ᠎ᠠ ᠶᠢᠨ ᠱᠠᠰᠢᠨ ᠢ ᠮᠠᠨᠳᠤᠭᠤᠯᠤᠯ᠎ᠠ ᠭᠡᠳᠡᠭ᠃ | | | | | ᠳᠡᠭᠦᠨ ᠠᠴᠠ ᠠᠪᠤᠭᠠᠳ ᠤᠢᠢᠷᠠᠳ ᠤᠨ ᠬᠤᠱᠤᠳ ᠠᠶᠢᠮᠠᠭ ᠨᠢ ᠬᠦᠬᠡᠨᠠᠭᠤᠷ ᠲᠤ ᠰᠠᠭᠤᠵᠤ ᠲᠦᠪᠡᠳ ᠢ ᠡᠵᠡᠮᠰᠢᠵᠤ ᠪᠠᠶᠢᠵᠠᠢ᠃ ᠭᠠᠯᠳᠠᠨ ᠪᠤᠱᠤᠭᠳᠤ | ᠬᠠᠭᠠᠨ ᠠᠴᠠ ᠵᠦᠡᠭᠭᠠᠷ ᠬᠠᠭᠠᠨᠳᠤ ᠤᠯᠤᠰ ᠢ ᠪᠠᠶᠢᠭᠤᠯᠤᠭᠰᠠᠨ ᠤ ᠰᠡᠭᠦᠯᠡᠷ ᠬᠦᠬᠡᠨᠠᠭᠤᠷ ᠤᠨ ᠬᠤᠱᠤᠳ ᠲᠤ ᠶᠡᠭᠡ ᠳᠠᠷᠤᠯᠳᠠ ᠪᠤᠯᠵᠤ᠂ ᠴᠢᠨᠠᠭᠰᠢᠯᠠᠨ ᠳᠠᠯᠠᠢ ᠯᠠᠮᠠ | ᠶᠢᠨ ᠲᠦᠯᠦᠭᠡᠨ ᠤ ᠬᠦᠮᠦᠨ ᠪᠤᠯᠵᠤ᠂ ᠬᠠᠯᠬ᠎ᠠ ᠶᠢᠨ ᠬᠡᠷᠡᠭ ᠲᠤ ᠭᠠᠷ ᠲᠦᠷᠦᠨ᠂ ᠵᠢᠪᠰᠤᠨᠳᠠᠮᠪᠠ ᠬᠤᠳᠤᠭᠳᠤ ᠶᠢ ᠳᠠᠷᠤᠵᠤ᠂ ᠴᠢᠨᠠᠭᠰᠢᠯᠠᠨ ᠳᠠᠯᠠᠢ ᠯᠠᠮᠠ ᠶᠢᠨ | ᠲᠦᠯᠦᠭᠡᠨ ᠤ ᠬᠦᠮᠦᠨ ᠪᠤᠯᠭᠠᠨ ᠳᠤᠮᠢᠯᠠᠭᠰᠠᠨ ᠢᠯᠭᠤᠭᠰᠠᠨ ᠬᠤᠳᠤᠭᠳᠤ᠂ ᠵᠢᠷᠤᠩ ᠬᠤᠳᠤᠭᠳᠤ ᠶᠢᠨ ᠰᠢᠬᠠᠮᠳᠠᠭᠤᠯᠭ᠎ᠠ ᠪᠠᠷ ᠤᠳᠤ ᠶᠢᠨ ᠬᠡᠰᠢᠭᠳᠡᠨ ᠬᠤᠰᠢᠭᠤᠨ | ᠳᠤ ᠬᠦᠷᠴᠦ ᠮᠠᠨᠵᠤ ᠶᠢᠨ ᠡᠩᠬᠡ ᠠᠮᠤᠭᠤᠯᠠᠩ ᠬᠠᠭᠠᠨ ᠲᠠᠢ ᠡᠷᠡᠭᠴᠢᠨ ᠡᠮᠡᠭᠴᠢᠨ ᠢᠶᠠᠨ ᠦᠵᠡᠯᠴᠡᠬᠦ ᠳᠤ ᠴᠦ ᠳᠤᠯᠵᠤ ᠪᠠᠶᠢᠵᠠᠢ᠃ ᠡᠨᠡ ᠪᠤᠯ ᠨᠢᠭᠡ ᠶᠡᠭᠡ | ᠬᠤᠤᠳᠤᠤ ᠶᠠᠪᠤᠳᠠᠯ ᠶᠤᠮ᠃ ᠳᠤᠬᠠᠢ ᠶᠢᠨ ᠦᠶ᠎ᠡ ᠳᠤ ᠤᠢᠢᠷᠠᠳ ᠨᠢᠭᠡᠨᠳᠡ ᠪᠠᠷᠠᠭᠤᠨᠰᠢ ᠨᠡᠭᠦᠵᠤ᠂ ᠵᠡᠭᠦᠨ ᠮᠤᠩᠭᠤᠯ ᠤᠨ ᠶᠠᠪᠤᠳᠠᠯ ᠲᠠᠢ ᠬᠤᠯᠪᠤᠭ᠎ᠠ ᠲᠠᠢ ᠨᠢ | ᠬᠠᠯᠬ᠎ᠠ ᠳᠡᠳᠦ᠋ᠢᠯᠡ᠃ ᠳᠡᠷᠡ ᠳ᠋ᠢᠪᠠ ᠰᠠᠩᠵᠠᠢ ᠪᠤᠯᠤᠨ ᠲᠦᠪᠡᠳ ᠬᠦᠮᠦᠰ ᠤᠨ ᠨᠠᠷᠢᠨ ᠤᠬᠠᠭᠠᠯᠭᠠ ᠪᠠᠶᠢᠭᠰᠠᠨ ᠦᠭᠡᠢ ᠪᠤᠯ ᠤᠢᠢᠷᠠᠳ ᠮᠠᠨᠵᠤ ᠶᠢᠨ ᠲᠦᠷᠦ ᠲᠠᠢ | ᠳᠡᠮᠡᠴᠡᠯᠳᠦᠬᠦ ᠬᠡᠷᠡᠭᠴᠡᠭᠡ ᠦᠭᠡᠢ ᠶᠤᠮ᠃ ᠭᠠᠯᠳᠠᠨ ᠨᠢ ᠡᠶᠢᠮᠦ ᠠᠯᠳᠠᠭ᠎ᠠ ᠲᠠᠢ ᠲᠦᠷᠦ ᠶᠢᠨ ᠪᠤᠳᠤᠯᠭ᠎ᠠ ᠳᠤ ᠪᠠᠨ ᠪᠤᠯᠵᠤ ᠭᠤᠨᠢᠭᠳᠤ ᠵᠦᠴᠦᠭᠡ ᠳᠤᠭᠯᠠᠵᠠᠢ᠃ | ᠭᠠᠭᠴᠠᠬᠠᠨ ᠤᠢᠢᠷᠠᠳ ᠢᠶᠠᠨ ᠨᠢᠭᠡᠳᠭᠡᠵᠤ ᠳᠤᠮᠳᠠᠳᠤ ᠠᠽᠢᠶ᠎ᠠ ᠵᠦᠭ ᠦᠷᠭᠡᠳᠭᠡᠭᠰᠡᠨ ᠪᠤᠯ ᠤᠳᠤ ᠶᠢᠨ ᠺᠠᠽᠠᠭᠰᠲ᠋ᠠᠨ ᠤ ᠨᠤᠳᠤᠭ ᠳᠡᠪᠢᠰᠬᠡᠷ ᠤᠢᠢᠷᠠᠳ ᠤᠨ ᠪᠤᠯᠬᠤ | ᠪᠠᠶᠢᠭᠰᠠᠨ᠃ ᠰᠢᠨᠵᠢᠶᠠᠩ ᠤᠨ ᠬᠦᠡᠭᠵᠤ ᠰᠤᠪᠤᠰᠠᠢ ᠬᠠᠯᠢᠮᠠᠭ ᠤᠨ ᠠᠶᠢᠯᠴᠢᠯᠠᠬᠤ ᠦᠶ᠎ᠡ ᠳᠤ ᠬᠠᠯᠢᠮᠠᠭ ᠤᠨ ᠤᠷᠤᠨ ᠨᠤᠳᠤᠭ ᠤᠨ ᠳᠠᠷᠤᠭ᠎ᠠ ᠨᠠᠷ ︽ᠳᠠᠨᠤᠰ | ᠵᠡᠭᠦᠨᠰᠢ ᠶᠠᠪᠤᠭᠰᠠᠨ ᠦᠭᠡᠢ᠂ ᠰᠲ᠋ᠠᠯᠢᠨ ᠮᠠᠨ ᠢ ᠴᠦᠯᠡᠭᠰᠡᠨ ᠦᠭᠡᠢ ᠪᠤᠯ ᠪᠢᠳᠡ ᠺᠠᠽᠠᠭᠰᠲ᠋ᠠᠨ ᠠᠴᠠ ᠴᠦ ᠶᠡᠭᠡ ᠤᠯᠤᠰ ᠢ ᠪᠠᠶᠢᠭᠤᠯᠵᠤ ᠳᠡᠶᠢᠯᠦᠨ᠎ᠡ᠃︾ ᠭᠡᠵᠤ | ᠬᠡᠯᠡᠵᠤ ᠪᠠᠶᠢᠭᠰᠠᠨ ᠭᠡᠳᠡᠭ᠃ | ᠭᠠᠯᠳᠠᠨ ᠪᠤᠱᠤᠭᠳᠤ ᠶᠢᠨ ᠮᠠᠨᠳᠤᠨ ᠭᠠᠷᠤᠭᠰᠠᠨ ᠨᠢ ᠤᠢᠢᠷᠠᠳ ᠲᠤ ᠵᠦᠡᠭᠭᠠᠷ ᠬᠠᠭᠠᠨᠳᠤ ᠤᠯᠤᠰ ᠢ ᠪᠠᠶᠢᠭᠤᠯᠤᠭᠰᠠᠨ ᠴᠦ ᠬᠠᠯᠬ᠎ᠠ ᠳᠤ ᠳᠠᠷᠤᠯᠳᠠ ᠦᠭᠴᠦ | ᠮᠠᠨᠵᠤ ᠳᠤ ᠪᠠᠭᠤᠵᠤ ᠦᠭᠭᠦ ᠳᠤ ᠬᠦᠷᠭᠡᠵᠡᠢ᠃ ᠤᠢᠢᠷᠠᠳ ᠤᠨ ᠤᠳᠤᠷᠢᠳᠤᠭᠴᠢᠳ ᠨᠢ ᠮᠤᠩᠭᠤᠯ ᠤᠨ ᠳᠤᠳᠤᠷ᠎ᠠ ᠪᠠᠨ ᠠᠷᠭ᠎ᠠ ᠪᠤᠳᠤᠯᠭ᠎ᠠ ᠲᠠᠢ ᠳᠤ ᠤᠷᠤᠬᠤ | ᠪᠤᠯᠪᠠᠴᠤ ᠮᠠᠨᠵᠤ ᠶᠢᠨ ᠡᠮᠦᠨ᠎ᠡ ᠠᠷᠠᠢ ᠯᠡ ᠢᠯᠠᠭᠳᠠᠭᠠᠳ ᠪᠠᠶᠢᠬᠤ ᠪᠤᠯᠵᠠᠢ᠃ ᠬᠠᠷᠢᠨ ᠮᠠᠨᠵᠤ ᠦᠭᠡᠢ ᠪᠤᠯᠤᠭᠰᠠᠨ ᠪᠤᠯ ᠭᠠᠯᠳᠠᠨ ᠪᠤᠱᠤᠭᠳᠤ ᠨᠢᠭᠡ ᠦᠶ᠎ᠡ ᠪᠦᠬᠦ | ᠮᠤᠩᠭᠤᠯ ᠢ ᠨᠢᠭᠡᠳᠬᠡᠵᠤ ᠮᠡᠳᠡᠨ᠎ᠡ᠃ ᠳᠡᠶᠢᠮᠦ ᠪᠤᠯᠪᠠᠴᠤ ᠬᠤᠵᠢᠮ ᠤᠨ ᠪᠠᠶᠢᠳᠠᠯ ᠡᠰᠡᠨ ᠬᠠᠭᠠᠨ ᠠᠴᠠ ᠰᠠᠶᠢᠨ ᠴᠦ ᠪᠤᠯᠵᠤ ᠳᠡᠶᠢᠯᠬᠦ ᠦᠭᠡᠢ ᠪᠠᠶᠢᠬ᠎ᠠ᠃ ᠤᠴᠢᠷ ᠨᠢ | ᠨᠢᠭᠡᠳᠦᠯ ᠤᠨ ᠬᠤᠶᠢᠨ᠎ᠠ ᠡᠪᠳᠡᠷᠡᠯ ᠢ ᠶᠠᠭᠠᠬᠢᠵᠤ ᠴᠦ ᠳᠡᠶᠢᠯᠬᠦ ᠦᠭᠡᠢ ᠶᠤᠮ᠃ | ᠨᠦᠬᠦᠬᠡ ᠳᠠᠯ᠎ᠠ ᠳᠤ ᠮᠠᠨᠵᠤ ᠴᠦ ᠦᠪᠡᠷ ᠤᠨ ᠬᠦᠴᠦᠨ ᠢᠶᠠᠷ ᠮᠤᠩᠭᠤᠯ ᠠᠶᠢᠮᠠᠭ ᠢ ᠳᠠᠭᠠᠭᠤᠯᠵᠤ ᠳᠡᠶᠢᠯᠦᠭᠰᠡᠨ ᠪᠤᠰᠤ᠂ ᠬᠠᠷᠢᠨ ᠮᠤᠩᠭᠤᠯ ᠠᠶᠢᠮᠠᠭ ᠤᠨ | ᠬᠤᠭᠤᠷᠤᠨᠳᠤ ᠪᠠᠨ ᠠᠯᠠᠯᠳᠤᠬᠤ ᠨᠢ ᠮᠠᠨᠵᠤ ᠳᠤ ᠵᠠᠪᠰᠢᠶᠠᠨ ᠤᠯᠭᠤᠵᠤ᠂ ᠨᠢᠭᠡ ᠶᠢ ᠨᠢ ᠳᠡᠮᠵᠢᠬᠦ ᠨᠡᠷ᠎ᠡ ᠪᠠᠷ ᠨᠦᠬᠦᠭᠡ ᠶᠢ ᠨᠢ ᠳᠠᠷᠤᠵᠤ ᠡᠵᠡᠯᠡᠨ ᠠᠪᠴᠤ ᠪᠠᠶᠢᠭᠰᠠᠨ | ᠶᠤᠮ᠃ ᠴᠠᠬᠠᠷ ᠤᠨ ᠯᠢᠭᠳᠡᠨ ᠬᠠᠭᠠᠨ ᠨᠢ ᠬᠤᠷᠴᠢᠨ ᠠᠶᠢᠮᠠᠭ ᠢ ᠮᠠᠨᠵᠤ ᠲᠠᠢ ᠬᠤᠯᠪᠤᠭᠠᠯᠠᠯᠠ ᠭᠡᠵᠤ ᠴᠡᠷᠢᠭᠯᠡᠬᠦ ᠳᠤ ᠮᠠᠨᠵᠤ ᠨᠢ ᠬᠤᠷᠴᠢᠨ ᠢ ᠳᠡᠮᠵᠢᠬᠦ ᠨᠡᠷ᠎ᠡ ᠪᠠᠷ | ᠴᠠᠬᠠᠷ ᠢ ᠳᠠᠷᠤᠭᠰᠠᠨ ᠶᠤᠮ᠃ ᠮᠠᠨᠳᠤᠬᠠᠢ ᠰᠡᠴᠡᠨ ᠬᠠᠳᠤᠨ ᠪᠠ ᠳᠠᠶᠠᠨ ᠬᠠᠭᠠᠨ ᠤ ᠦᠶ᠎ᠡ ᠶᠢᠨ ᠶᠡᠭᠡ ᠨᠢᠭᠡᠳᠦᠯ ᠭᠡᠳᠡᠭ ᠨᠢ ᠴᠦ ᠬᠤᠷᠴᠢᠨ ᠠᠶᠢᠮᠠᠭ ᠲᠠᠢ | ᠬᠤᠯᠪᠤᠭᠠᠯᠠᠭᠰᠠᠨ ᠦᠭᠡᠢ ᠪᠤᠯ ᠤᠢᠢᠷᠠᠳ ᠢ ᠳᠡᠶᠢᠯᠬᠦ ᠳᠤ ᠪᠡᠷᠬᠡ᠂ ᠪᠠᠷᠠᠭᠤᠨ ᠭᠤᠷᠪᠠᠨ ᠲᠦᠮᠡᠨ ᠤ ᠤᠷᠪᠠᠯᠭᠠᠨ ᠢ ᠴᠦ ᠳᠠᠷᠤᠵᠤ ᠠᠪᠴᠤ ᠳᠡᠶᠢᠯᠬᠦ ᠦᠭᠡᠢ ᠶᠤᠮ᠃ | ᠯᠢᠭᠳᠡᠨ ᠬᠠᠭᠠᠨ ᠨᠢ ᠦᠪᠡᠷ ᠤᠨ ᠪᠡᠶ᠎ᠡ ᠪᠠᠨ ᠶᠡᠭᠡ ᠳᠤ ᠪᠤᠳᠤᠵᠤ᠂ ᠶᠡᠭᠡ ᠤᠮᠤᠷᠬᠠᠭ ᠰᠠᠭᠰᠠᠭᠤ ᠵᠠᠩ ᠭᠠᠷᠭᠠᠭᠰᠠᠨ ᠦᠭᠡᠢ ᠪᠤᠯ ᠳᠡᠶᠢᠮᠦ ᠮᠠᠭᠤ ᠬᠤᠪᠢ ᠵᠠᠶᠠᠭᠠᠨ | ᠳᠤ ᠬᠦᠷᠴᠦ ᠪᠤᠯᠤᠰᠢ ᠦᠭᠡᠢ ᠶᠤᠮ᠃ ᠡᠶᠢᠮᠦ ᠵᠠᠩ ᠨᠢ ᠦᠨᠦ ᠶᠢᠨ ᠮᠠᠨ ᠤ ᠳᠤᠮᠳᠠ ᠴᠦ ᠶᠡᠭᠡ ᠪᠠᠷ ᠤᠷᠤᠰᠢᠵᠤ᠂ ᠳᠡᠷᠡ ᠦᠶ᠎ᠡ ᠶᠢᠨ ᠵᠠᠩ ᠠᠷᠠᠨᠰᠢᠨ ᠠᠴᠠ ᠪᠠᠨ | ᠰᠠᠯᠵᠤ ᠴᠦ ᠳᠡᠶᠢᠯᠦᠭᠡᠳᠦᠢ ᠭᠡᠵᠤ ᠬᠡᠯᠡᠵᠤ ᠪᠤᠯᠤᠨ᠎ᠠ᠃ | ᠮᠠᠨᠵᠤ ᠶᠢᠨ ᠤᠢᠢᠷᠠᠳ ᠲᠤ ᠠᠪᠤᠭᠰᠠᠨ ᠲᠦᠷᠦ ᠶᠢᠨ ᠪᠤᠳᠤᠯᠭ᠎ᠠ ᠪᠤᠯ ᠳᠠᠷᠤᠵᠤ ᠠᠪᠬᠤ ᠪᠢᠰᠢ ᠪᠤᠯ ᠬᠢᠳᠤᠯᠭ᠎ᠠ ᠬᠢᠬᠦ ᠶᠠᠪᠤᠳᠠᠯ ᠶᠤᠮ᠃ ᠤᠴᠢᠷ ᠨᠢ | ᠤᠢᠢᠷᠠᠳ ᠬᠦᠮᠦᠰ ᠬᠦᠮᠦᠨ ᠤ ᠵᠠᠬᠢᠷᠤᠯ ᠳᠤ ᠤᠷᠤᠳᠠᠭ ᠦᠭᠡᠢ ᠡᠷᠡᠯᠬᠡᠭ ᠳᠠᠶᠢᠴᠢᠨ ᠴᠢᠨᠠᠷ ᠲᠠᠢ᠃ ᠴᠢ ᠨᠢᠭᠡ ᠴᠠᠭ ᠡᠵᠡᠯᠡᠪᠡᠴᠦ᠂ ᠳᠠᠷᠠᠭ᠎ᠠ ᠴᠠᠭ ᠨᠢ | ᠳᠤᠰᠠᠭᠠᠷᠯᠠᠬᠤ ᠶᠤᠮ᠃ ᠤᠢᠢᠷᠠᠳ ᠬᠦᠮᠦᠰ ᠬᠡᠳᠦᠢ ᠳᠠᠷᠤᠭᠳᠠᠭᠰᠠᠨ ᠴᠦ ︽ᠳᠠᠷᠤᠪᠠᠴᠤ ᠳᠠᠷᠳᠠᠶᠢᠴᠤ᠂ ᠪᠤᠯᠠᠪᠠᠴᠤ ᠪᠤᠯᠳᠠᠶᠢᠳᠠᠭ︾ ᠵᠠᠩ ᠴᠢᠨᠠᠷ ᠨᠢ ᠡᠬᠢᠨ ᠠᠴᠠ | ᠨᠢ ᠳᠠᠭᠤᠰᠳᠠᠯ᠎ᠠ ᠳᠤᠭᠤᠰᠢᠯᠠᠭᠳᠠᠵᠤ ᠪᠠᠶᠢᠪᠠ᠃ ᠡᠨᠡ ᠬᠦ ᠲᠦᠷᠦ ᠶᠢᠨ ᠪᠤᠳᠤᠯᠭ᠎ᠠ ᠨᠢ ᠮᠠᠨᠵᠤ ᠴᠦ ᠭᠡᠰᠡᠨ᠂ ᠤᠷᠤᠰ ᠴᠦ ᠭᠡᠰᠡᠨ ᠭᠠᠶᠢᠬᠠᠮᠠᠷ ᠠᠳᠠᠯᠢᠬᠠᠨ ᠪᠠᠶᠢᠵᠤ᠂ | ᠡᠨᠡ ᠵᠠᠭᠤᠨ ᠪᠤᠯᠳᠠᠯ᠎ᠠ ᠬᠢᠭᠳᠡᠵᠤ ᠢᠷᠡᠪᠡ᠃ ᠮᠠᠨᠵᠤ ᠶᠢᠨ ᠬᠠᠭᠠᠳ ᠨᠢ ᠤᠢᠢᠷᠠᠳ ᠬᠦᠮᠦᠰ ᠢ ᠬᠢᠳᠤᠬᠤ ᠳᠤ ᠤᠷᠤᠰ ᠨᠢ ᠴᠦᠯᠡᠯᠭᠡ ᠳᠤ ᠶᠠᠪᠤᠭᠤᠯᠤᠨ ᠪᠠᠶᠢᠵᠤ | ᠪᠡᠶ᠎ᠡ ᠮᠠᠬᠠᠪᠤᠳ ᠤᠨ ᠳᠠᠯ᠎ᠠ ᠪᠠᠷ ᠤᠰᠠᠳᠬᠠᠬᠤ ᠶᠢ ᠲᠦᠷᠦᠭᠦᠨ ᠳᠤ ᠳᠠᠯᠪᠢᠵᠤ ᠪᠠᠶᠢᠪᠠ᠃ ᠪᠦᠬᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠲᠤ ᠴᠦ ᠨᠢᠭᠡ | ᠤᠳᠠᠭᠠᠨ ᠤ ︽ᠱᠠᠮᠪᠠᠯ ᠤᠨ ᠳᠠᠶᠢᠨ︾ ᠨᠡᠷ᠎ᠡ ᠲᠠᠢ ᠤᠢᠢᠷᠠᠳ ᠬᠦᠮᠦᠰ ᠤᠨ ᠶᠡᠭᠡ ᠪᠤᠰᠤᠯᠭ᠎ᠠ ᠭᠠᠷᠴᠤ ᠰᠲ᠋ᠠᠯᠢᠨ ᠬᠦᠷᠳᠡᠯ᠎ᠡ ᠠᠶᠤᠨ ᠰᠤᠴᠢᠭᠰᠠᠨ ᠭᠡᠳᠡᠭ᠃ ᠤᠷᠤᠰ | ᠴᠡᠷᠢᠭ ᠢᠷᠡᠵᠤ ᠡᠳᠡᠭᠡᠷ ᠪᠤᠰᠤᠭᠴᠢᠳ ᠢ ᠨᠢᠰᠬᠡᠯ ᠢᠶᠠᠷ ᠪᠦᠮᠪᠦᠭᠡᠳᠡᠨ᠂ ᠳᠠᠩᠺ ᠪᠠᠷ ᠳᠠᠭᠠᠷᠢᠭᠤᠯᠵᠤ᠂ ᠶᠡᠭᠡ ᠬᠢᠳᠤᠯᠭ᠎ᠠ ᠶᠠᠪᠤᠭᠤᠯᠤᠨ ᠪᠠᠶᠢᠵᠤ ᠳᠠᠷᠤᠵᠠᠢ᠃ ᠡᠨᠡ | ᠪᠤᠰᠤᠯᠭ᠎ᠠ ᠨᠢ ᠤᠳᠤ ᠪᠤᠯᠳᠠᠯ᠎ᠠ ᠬᠤᠷᠢᠭᠠᠳᠠᠢ ᠬᠡᠪ ᠢᠶᠠᠷ ᠪᠠᠶᠢᠵᠤ᠂ ᠬᠡᠳᠦᠨ ᠬᠦᠮᠦᠨ ᠤᠷᠤᠯᠴᠠᠭᠰᠠᠨ᠂ ᠬᠡᠳᠦᠢ ᠬᠦᠮᠦᠨ ᠦᠬᠦᠭᠰᠡᠨ ᠢ ᠪᠦᠷ ᠨᠢᠭᠤᠴᠠᠯᠠᠵᠤ ᠪᠠᠶᠢᠨ᠎ᠠ᠃ | ᠪᠢᠴᠢᠭ ᠰᠤᠷᠪᠤᠯᠵᠢ ᠪᠠᠷ ᠪᠢᠴᠢᠬᠦ ᠶᠢ ᠴᠦ ᠬᠤᠷᠢᠭᠯᠠᠭᠰᠠᠭᠠᠷ ᠪᠠᠶᠢᠨ᠎ᠠ᠃ | ᠤᠢᠢᠷᠠᠳ ᠤᠨ ᠳᠤᠮᠳᠠ ᠯᠠᠮᠠ ᠶᠢᠨ ᠱᠠᠰᠢᠨ ᠳᠡᠯᠭᠡᠷᠡᠭᠰᠡᠨ ᠠᠴᠠ ᠰᠡᠭᠦᠯᠡᠷ ᠤᠯᠠᠨ ᠢᠰᠯᠠᠮ ᠤᠨ ᠱᠠᠰᠢᠨᠳᠠᠨ ᠤ ᠳᠤᠮᠳᠠ ᠤᠢᠢᠷᠠᠳ ᠤᠨ ᠦᠵᠡᠯ ᠰᠠᠨᠠᠭᠠᠨ ᠤ | ᠨᠢᠭᠡᠳᠦᠯ᠂ ᠦᠪᠡᠷ ᠤᠨ ᠳᠤᠰᠠᠭᠠᠷ ᠳᠤᠭᠳᠠᠨᠢᠯ ᠳᠤ ᠴᠢᠬᠤᠯᠠ ᠡᠭᠦᠷᠬᠡ ᠬᠦᠢᠴᠡᠳᠭᠡᠵᠡᠢ᠃ ᠽᠠᠶ᠎ᠠ ᠪᠠᠨᠳᠢᠳᠠ ᠠᠴᠠ ᠤᠳᠤ ᠦᠰᠦᠭ ᠢ ᠵᠤᠬᠢᠶᠠᠭᠰᠠᠨ ᠠᠴᠠ ᠦᠪᠡᠷ | ᠤᠨ ᠤᠨᠴᠠᠯᠢᠭ ᠪᠦᠬᠦᠢ ᠤᠢᠢᠷᠠᠳ ᠰᠤᠶᠤᠯ ᠢ ᠪᠦᠳᠦᠭᠡᠵᠤ᠂ ᠤᠢᠢᠷᠠᠳ ᠤᠨ ᠤᠯᠤᠰ ᠲᠦᠷᠦ᠂ ᠴᠡᠷᠢᠭ ᠳᠠᠶᠢᠨ᠂ ᠰᠤᠶᠤᠯ ᠪᠤᠯᠪᠠᠰᠤᠷᠠᠯ ᠢᠶᠠᠨ ᠦᠨᠳᠦᠷ ᠲᠦᠪᠰᠢᠨ | ᠳᠤ ᠬᠦᠷᠭᠡᠭᠰᠡᠨ ᠶᠤᠮ᠃ ᠳᠡᠶᠢᠮᠦ ᠪᠤᠯᠪᠠᠴᠤ ᠪᠠᠰᠠ ᠦᠪᠡᠷ ᠤᠨ ᠨᠠᠵᠠᠭᠠᠢ ᠳᠠᠯ᠎ᠠ ᠪᠠᠶᠢᠭᠰᠠᠨ ᠦᠭᠡᠢ ᠪᠢᠰᠢ᠃ ᠲᠦᠪᠡᠳ ᠠᠴᠠ ᠠᠪᠤᠭᠰᠠᠨ ᠱᠠᠰᠢᠨ ᠪᠤᠯᠬᠤᠷ | ᠲᠦᠪᠡᠳ ᠪᠠ ᠵᠡᠭᠦᠨ ᠮᠤᠩᠭᠤᠯ ᠤᠨ ᠬᠡᠷᠡᠭ ᠲᠤ ᠤᠷᠢᠶᠠᠭᠳᠠᠭᠰᠠᠨ᠂ ᠨᠡᠩ ᠦᠨᠳᠦᠷ ᠰᠤᠶᠤᠯ ᠢ ᠬᠦᠯᠢᠶᠡᠨ ᠠᠪᠬᠤ ᠨᠢ ᠵᠤᠭᠰᠤᠩᠭᠤᠢᠢᠷᠠᠵᠠᠢ᠃ ᠭᠠᠯᠳᠠᠨ ᠪᠤᠱᠤᠭᠳᠤ | ᠶᠢᠨ ᠮᠠᠨᠵᠤ ᠲᠠᠢ ᠪᠠᠶᠢᠯᠳᠤᠭᠰᠠᠨ᠂ ᠴᠧᠧᠠᠩᠷᠠᠪᠳᠠᠨ ᠤ ᠲᠦᠪᠡᠳ ᠤᠨ ᠱᠠᠰᠢᠨ ᠤ ᠬᠢᠨ ᠤ ᠠᠷᠭ᠎ᠠ ᠳᠤ ᠤᠷᠤᠵᠤ ᠬᠤᠱᠤᠳ ᠢᠶᠠᠨ ᠳᠠᠷᠤᠵᠤ ᠦᠭᠭᠦᠭᠰᠡᠨ᠂ ᠲᠦᠪᠡᠳ | ᠲᠤ ᠴᠡᠷᠢᠭ ᠤᠷᠤᠭᠤᠯᠤᠭᠰᠠᠨ ᠵᠡᠷᠭᠡ ᠨᠢ ᠪᠦᠷ ᠯᠡ ᠲᠦᠪᠡᠳ ᠬᠦᠮᠦᠰ ᠲᠤ ᠠᠰᠢᠭᠯᠠᠭᠳᠠᠭᠰᠠᠨ ᠶᠠᠪᠤᠳᠠᠯ ᠶᠤᠮ᠃ | ᠭᠠᠯᠳᠠᠨ ᠪᠤᠱᠤᠭᠳᠤ ᠶᠢᠨ ᠦᠶ᠎ᠡ ᠳᠤ ᠤᠢᠢᠷᠠᠳ ᠪᠤᠯᠪᠠᠰᠤ ᠨᠢᠭᠡᠨ ᠠᠶᠤᠯ ᠭᠠᠮᠰᠢᠭ ᠳᠤᠬᠢᠶᠠᠭᠰᠠᠨ ᠦᠶ᠎ᠡ ᠪᠢᠯᠡ᠃ ᠤᠳᠤ ᠳᠡᠦᠭᠡ ᠪᠢᠴᠢᠯᠭᠡ ᠳᠡᠭᠡᠷ᠎ᠡ | ᠭᠠᠯᠳᠠᠨ ᠢ ᠦᠨᠳᠦᠰᠦᠳᠡᠨ ᠤ ᠪᠠᠭᠠᠳᠤᠷ ᠬᠡᠮᠡᠨ ᠦᠨᠡᠯᠡᠵᠤ ᠪᠠᠶᠢᠳᠠᠭ ᠴᠦ᠂ ᠦᠨᠡᠨ ᠳᠡᠭᠡᠷ᠎ᠡ ᠪᠠᠨ ᠤᠢᠢᠷᠠᠳ ᠲᠤ ᠠᠶᠤᠯ ᠭᠠᠮᠰᠢᠭ ᠢ ᠠᠪᠴᠢᠷᠠᠭᠰᠠᠨ ᠬᠦᠮᠦᠨ ᠪᠢᠯᠡ᠃ | ᠢᠩᠭᠢᠵᠤ ᠬᠡᠯᠡᠪᠡᠯ ᠤᠯᠠᠨ ᠬᠦᠮᠦᠰ ᠬᠦᠯᠢᠶᠡᠨ ᠵᠦᠪᠰᠢᠶᠡᠷᠡᠬᠦ ᠦᠭᠡᠢ ᠮᠦᠷᠳᠡᠭᠡᠨ ᠨᠠᠳᠠ ᠶᠢ ᠬᠠᠷᠢᠶᠠᠨ ᠵᠦᠭᠡᠬᠦ ᠴᠦ ᠮᠠᠭᠠᠳ᠃ ᠦᠨᠡᠨ ᠶᠠᠪᠤᠳᠠᠯ ᠨᠢ ᠦᠨᠡᠬᠡᠷ | ᠳᠡᠶᠢᠮᠦ᠃ ᠭᠠᠯᠳᠠᠨ ᠤ ᠦᠶ᠎ᠡ ᠳᠤ ᠭᠠᠯᠳᠠᠨ ᠠᠴᠠ ᠲᠦᠪᠡᠳ ᠤᠨ ᠪᠠᠶᠢᠭᠤᠯᠤᠯ ᠢ ᠳᠠᠭᠤᠷᠢᠶᠠᠵᠤ᠂ ᠱᠠᠰᠢᠨ ᠲᠦᠷᠦ ᠨᠢᠭᠡᠳᠦᠭᠰᠡᠨ ᠬᠠᠭᠠᠨᠳᠤ ᠪᠠᠶᠢᠭᠤᠯᠤᠯ ᠢ | ᠪᠠᠶᠢᠭᠤᠯᠬᠤ ᠪᠠᠷ ᠵᠤᠷᠢᠯᠭ᠎ᠠ ᠪᠤᠯᠭᠠᠭᠰᠠᠨ᠂ ᠨᠠᠶᠢᠵᠢ ᠳᠦᠢᠨ ᠬᠤᠳᠤᠭᠳᠤ ᠶᠢᠨ ᠬᠤᠪᠢᠯᠭᠠᠨ ᠢ ᠡᠷᠢᠬᠦ ᠶᠢ ᠪᠠᠶᠢᠯᠭᠠᠵᠤ᠂ ᠯᠠᠮᠠ ᠨᠠᠷ ᠲᠤ ᠴᠦ ᠶᠡᠭᠡ ᠬᠢᠳᠤᠯᠭ᠎ᠠ | ᠶᠠᠪᠤᠭᠤᠯᠤᠭᠰᠠᠨ᠃ ᠳᠠᠷᠠᠭ᠎ᠠ ᠪᠠᠷ ᠨᠢ ᠳᠠᠯᠠᠢ ᠯᠠᠮᠠ ᠶᠢᠨ ᠲᠦᠯᠦᠭᠡᠨ ᠤ ᠬᠦᠮᠦᠨ ᠪᠤᠯᠵᠤ᠂ ᠬᠠᠯᠬ᠎ᠠ ᠤᠢᠢᠷᠠᠳ ᠤᠨ ᠳᠠᠶᠢᠨ ᠢ ᠡᠭᠦᠰᠬᠡᠵᠤ᠂ ᠬᠦᠵᠢᠮ ᠨᠢ ᠴᠢᠩ | ᠬᠦᠷᠦᠨ ᠲᠠᠢ ᠪᠠᠶᠢᠯᠳᠤᠵᠤ᠂ ᠤᠢᠢᠷᠠᠳ ᠤᠨ ᠳᠠᠶᠢᠨ ᠢ ᠡᠭᠦᠰᠭᠡᠵᠤ᠂ ᠬᠤᠵᠢᠮ ᠨᠢ ᠴᠢᠩ ᠬᠦᠷᠦᠨ ᠲᠠᠢ ᠪᠠᠶᠢᠯᠳᠤᠵᠤ᠂ ᠤᠢᠢᠷᠠᠳ ᠤᠨ ᠪᠠᠶᠢᠷᠢ ᠰᠠᠭᠤᠷᠢ ᠶᠢ ᠶᠡᠭᠡ | ᠪᠠᠭᠤᠷᠠᠭᠤᠯᠤᠭᠰᠠᠨ ᠪᠢᠯᠡ᠃ ᠤᠳᠤ ᠶᠢᠨ ᠤᠯᠤᠰ ᠲᠦᠷᠦ ᠶᠢᠨ ᠠᠭᠤᠯᠭ᠎ᠠ ᠲᠠᠢ ᠡᠷᠡᠰ ᠤᠨᠳᠤᠤ ᠬᠦᠮᠦᠨ ᠪᠢᠯᠡ᠃ ᠭᠠᠯᠳᠠᠨ ᠤ ᠦᠶ᠎ᠡ ᠠᠴᠠ ᠨᠠᠶᠢᠵᠢ ᠳᠦᠢᠨ | ᠬᠤᠳᠤᠭᠳᠤ ᠶᠢᠨ ᠬᠤᠶᠢᠳᠤ ᠲᠦᠷᠢ ᠤᠢᠢᠷᠠᠳ ᠲᠤ ᠢᠯᠡᠷᠡᠬᠦ ᠶᠢ ᠪᠠᠶᠢᠯᠭᠠᠵᠤ᠂ ᠯᠠᠮᠠ ᠨᠠᠷ ᠲᠤ ᠬᠢᠳᠤᠯᠭ᠎ᠠ ᠶᠠᠪᠤᠭᠤᠯᠤᠭᠰᠠᠨ ᠠᠴᠠ ᠨᠢᠭᠡ ᠪᠦᠯᠦᠭ ᠯᠠᠮᠠ ᠢᠵᠢᠯ ᠵᠠᠢ | ᠳᠤ ᠤᠴᠢᠵᠠᠢ᠃ ᠬᠠᠯᠬ᠎ᠠ ᠲᠠᠢ ᠪᠠᠶᠢᠯᠳᠤᠭᠰᠠᠨ ᠳᠠᠶᠢᠨ ᠤ ᠳᠠᠷᠠᠭ᠎ᠠ ᠬᠠᠯᠬ᠎ᠠ ᠶᠢᠨ ᠮᠢᠩᠭ᠎ᠠ ᠭᠠᠷᠤᠢ ᠯᠠᠮᠠ ᠶᠢ ᠪᠦᠷ ᠬᠦᠡᠭᠭᠡᠯᠡᠵᠤ ︵ᠪᠦᠭᠡᠷ᠎ᠡ ᠶᠢ ᠨᠢ ᠠᠪᠤᠭᠰᠠᠨ᠂ | ᠮᠠᠨ ᠤ ᠬᠡᠯᠡᠯᠭᠡ ᠪᠠᠷ ᠴᠠᠭᠠᠯᠠᠭᠰᠠᠨ︶ ᠳᠤᠷᠤᠮᠵᠢᠯᠠᠭᠰᠠᠨ ᠭᠡᠳᠡᠭ ᠶᠤᠮ᠃ ᠬᠡᠷᠪᠡ ᠬᠠᠯᠬ᠎ᠠ ᠲᠠᠢ ᠳᠠᠶᠢᠨ ᠬᠢᠭᠰᠡᠨ ᠦᠭᠡᠢ ᠪᠤᠯ ᠪᠦᠬᠦ ᠬᠠᠯᠬ᠎ᠠ ᠮᠠᠨᠵᠤ ᠳᠤ ᠤᠷᠤᠵᠤ | ᠦᠭᠭᠦ ᠶᠠᠪᠤᠳᠠᠯ ᠦᠭᠡᠢ ᠮᠦᠷᠳᠡᠭᠡᠨ ᠬᠤᠵᠢᠮ ᠤᠨ ᠵᠦᠡᠭᠭᠠᠷ ᠴᠦ ᠳᠡᠳᠦᠢ ᠭᠠᠭᠴᠠᠭᠠᠷᠳᠠᠬᠤ ᠪᠠᠷ ᠦᠭᠡᠢ ᠶᠤᠮ᠃ | ᠡᠭᠦᠨ ᠠᠴᠠ ᠰᠡᠭᠦᠯᠡᠷ ᠪᠠᠭᠠᠳᠤᠷ ᠬᠤᠩ ᠳᠠᠶᠢᠵᠢ ᠶᠢᠨ ᠬᠦᠦ ᠴᠧᠧᠠᠩᠷᠠᠪᠳᠠᠨ ᠪᠤᠰᠴᠤ᠂ ᠳᠤᠯᠤᠭᠠᠬᠠᠨ ᠬᠦᠮᠦᠨ ᠠᠴᠠ ᠪᠠᠨ ᠵᠢᠷᠠᠨ ᠲᠦᠮᠡᠨ ᠬᠦᠮᠦᠨ ᠲᠠᠢ | ᠶᠡᠭᠡ ᠵᠦᠡᠭᠭᠠᠷ ᠬᠠᠭᠠᠨᠳᠤ ᠤᠯᠤᠰ ᠢ ᠪᠠᠶᠢᠭᠤᠯᠤᠭᠰᠠᠨ᠃ ᠮᠤᠩᠭᠤᠯ ᠤᠨ ᠡᠯ᠎ᠡ ᠭᠠᠵᠠᠷ ᠲᠤ ᠪᠠᠶᠢᠭ᠎ᠠ ᠤᠢᠢᠷᠠᠳᠴᠤᠳ ᠪᠦᠷ ᠯᠡ ᠳᠡᠭᠦᠨ ᠤ ᠳᠤᠭ ᠳᠤᠤᠷ᠎ᠠ ᠤᠴᠢᠵᠤ | ᠪᠦᠯᠬᠦᠮᠳᠡᠭᠰᠡᠨ ᠪᠢᠯᠡ᠃ ᠴᠧᠧᠨᠩᠷᠠᠪᠳᠠᠨ ᠪᠤᠯᠤᠨ ᠳᠡᠭᠦᠨ ᠤ ᠬᠦᠦ ᠭᠠᠯᠳᠠᠨᠴᠡᠷᠢᠭ ᠪᠤᠯᠪᠠᠰᠤ ᠦᠨᠡᠭᠡᠷ ᠤᠢᠢᠷᠠᠳ ᠢ ᠮᠠᠨᠳᠤᠭᠤᠯᠤᠭᠰᠠᠨ ᠭᠠᠪᠢᠶᠠᠳᠤ ᠬᠠᠳ ᠨᠤᠶᠠᠳ | ᠪᠢᠯᠡ᠃ ᠳᠡᠭᠡᠪᠡᠴᠦ ᠳᠡᠳᠡᠨ ᠤ ᠳᠡᠦᠭᠡᠨ ᠪᠠᠶᠢᠷᠢ ᠰᠠᠭᠤᠷᠢ ᠤᠳᠤ ᠬᠦᠷᠳᠡᠯ᠎ᠡ ᠨᠢᠭᠡᠨ ᠵᠦᠡᠭᠭᠠᠷ ᠤᠯᠤᠰ ᠭᠡᠵᠤ ᠪᠠᠶᠢᠵᠤ ᠪᠤᠯᠬᠤ ᠪᠠᠶᠢᠭᠰᠠᠨ ᠶᠤᠮ᠃ ᠠᠷᠪᠠᠨ ᠬᠤᠶᠠᠷ | ᠤᠳᠤᠭ ᠤᠢᠢᠷᠠᠳ ᠢ ᠬᠤᠷᠢᠨ ᠲᠦᠷᠪᠡᠨ ᠤᠳᠤᠭ ᠪᠤᠯᠭᠠᠵᠤ᠂ ᠬᠦᠮᠦᠨ ᠠᠮᠠ ᠶᠢ ᠵᠢᠷᠠᠨ ᠬᠤᠶᠠᠷ ᠲᠦᠮᠡ ᠪᠤᠯᠭᠠᠭᠰᠠᠨ ᠭᠠᠪᠢᠶᠠᠳᠤ ᠬᠠᠭᠠᠨ ᠪᠢᠯᠡ᠃ | ᠤᠢᠢᠷᠠᠳᠴᠤᠳ ᠠᠮᠤᠷᠰᠠᠨᠠᠭ᠎ᠠ ᠶᠢ ᠰᠢᠳᠦᠬᠦ ᠨᠢ ᠨᠢᠭᠡ ᠵᠦᠢᠯ ᠤᠨ ᠮᠤᠩᠬᠠᠷᠠᠯ ᠪᠤᠶᠤ᠃ | ᠠᠮᠤᠷᠰᠠᠨᠠᠭ᠎ᠠ ᠶᠢᠨ ᠳᠤᠬᠠᠢ ᠤᠯᠠᠨ ᠯᠡ ᠪᠠᠶᠢᠨ᠎ᠠ᠃ ᠵᠦᠡᠭᠭᠠᠷ ᠲᠤ ᠬᠠᠭᠠᠨ ᠰᠠᠭᠤᠬᠤ ᠭᠡᠳ ᠯᠡ ᠡᠬᠢᠯᠡᠭᠡᠳ ᠡᠯᠳᠡᠪ ᠮᠠᠭᠤ ᠰᠠᠨᠠᠭᠠᠳᠠᠨ ᠲᠠᠢ ᠬᠤᠤᠪᠢᠯᠳᠤᠵᠤ | ᠂ ᠳᠡᠩᠬᠡᠭᠡ ᠦᠭᠡᠢ ᠳᠠᠸᠠᠴᠢ ᠶᠢ ᠬᠠᠭᠠᠨ ᠰᠠᠭᠤᠯᠭᠠᠵᠤ᠂ ᠳᠠᠷᠠᠭ᠎ᠠ ᠪᠠᠷ ᠨᠢ ᠬᠠᠰᠠᠭ ᠲᠠᠢ ᠨᠡᠶᠢᠯᠡᠵᠤ ᠵᠦᠡᠭᠭᠠᠷ ᠬᠤᠶᠠᠷ ᠰᠦᠮ᠎ᠡ ᠶᠢ ᠭᠠᠯᠳᠠᠪᠠ᠃ ᠴᠢᠩ ᠬᠦᠷᠦᠨ | ᠲᠠᠢ ᠨᠡᠶᠢᠯᠡᠵᠤ ᠵᠦᠡᠭᠭᠠᠷ ᠲᠤ ᠪᠠᠨ ᠳᠠᠶᠢᠨ ᠳᠤᠯᠤᠭᠠᠨ ᠢ ᠳᠡᠭᠳᠡᠭᠡᠵᠤ᠂ ᠦᠰᠢᠶᠡᠳᠡᠨ ᠢ ᠦᠷᠦᠭᠡᠨ ᠳᠤ ᠪᠠᠨ ᠳᠠᠭᠠᠭᠤᠯᠵᠤ ᠢᠷᠡᠪᠡ᠃ ᠴᠢᠩ ᠬᠦᠷᠦᠨ ᠢ ᠲᠦᠰᠢᠭᠡᠳ | ᠳᠡᠶᠢᠯᠦᠭᠰᠡᠨ ᠦᠭᠡᠢ ᠬᠠᠮᠤᠭ ᠰᠡᠭᠦᠯ ᠳᠤ ᠨᠢ ᠤᠷᠤᠰ ᠲᠠᠢ ᠨᠡᠶᠢᠯᠡᠵᠤ ᠤᠷᠤᠰ ᠲᠤ ᠤᠷᠤᠵᠤ ᠦᠭᠭᠦ ᠬᠡᠪᠡ᠃ ᠡᠶᠢᠮᠦ ᠬᠦᠮᠦᠨ ︽ᠦᠨᠳᠦᠰᠦᠳᠡᠨ ᠤ ᠪᠠᠭᠠᠳᠤᠷ︾ | ᠪᠤᠯᠴᠢᠬᠠᠨ᠎ᠠ ᠤᠤ︖ ᠤᠢᠢᠷᠠᠳ ᠤᠨ ᠶᠡᠭᠡ ᠬᠢᠳᠤᠯᠭ᠎ᠠ ᠨᠢ ᠴᠦ ᠠᠮᠤᠷᠰᠠᠨᠠᠭ᠎ᠠ ᠲᠠᠢ ᠰᠢᠭᠤᠳ ᠬᠤᠯᠪᠤᠭᠠᠳᠠᠢ ᠪᠢᠯᠡ᠃ ᠠᠮᠤᠷᠰᠠᠨᠠᠭ᠎ᠠ ᠴᠦ ᠳᠡᠶᠢᠮᠦ ᠶᠡᠭᠡ ᠠᠭᠤᠤ | ᠰᠠᠨᠠᠭ᠎ᠠ ᠲᠠᠢ ᠬᠦᠮᠦᠨ ᠪᠤᠰᠤ᠂ ᠤᠢᠢᠷᠠᠳ ᠢ ᠬᠦᠭᠵᠢᠭᠦᠯᠦᠶ᠎ᠡ᠂ ᠬᠦᠴᠦᠷᠭᠡᠭᠵᠢᠭᠦᠯᠦᠶᠡ ᠭᠡᠰᠡᠨ ᠴᠦ ᠶᠠᠪᠤᠳᠠᠯ ᠪᠢᠰᠢ᠂ ᠤᠢᠢᠷᠠᠳ ᠲᠤ ᠪᠠᠨ ᠬᠠᠭᠠᠨ ᠰᠠᠭᠤᠬᠤ ᠭᠡᠵᠤ | ᠯᠡ ᠰᠠᠨᠠᠭᠠᠷᠠᠭᠰᠠᠨ ᠬᠦᠮᠦᠨ᠂ ᠬᠠᠭᠠᠨ ᠰᠠᠭᠤᠵᠤ ᠡᠷᠭᠡ ᠠᠳᠬᠤᠪᠠᠯ ᠬᠡᠨ ᠳᠤ ᠴᠦ ᠰᠠᠶᠢᠨ ᠪᠤᠯᠵᠤ ᠪᠤᠯᠤᠮᠠᠷ ᠯᠡ ᠳᠡᠶᠢᠮᠦ ᠯᠡ ᠬᠦᠮᠦᠨ ᠪᠢᠯᠡ᠃ ᠠᠮᠤᠷᠰᠠᠨᠠᠭ᠎ᠠ ᠶᠢᠨ | ᠳᠤᠬᠠᠢ ᠦᠨᠡᠯᠡᠯᠳᠡ ᠨᠢ ᠮᠤᠩᠭᠤᠯ ᠤᠯᠤᠰ ᠲᠤ ᠤᠷᠤᠰ ᠬᠦᠮᠦᠨ ᠤ ᠪᠢᠴᠢᠵᠤ ᠦᠭᠭᠦᠭᠰᠡᠨ ᠳᠡᠦᠭᠡ ᠪᠠᠷ ᠰᠠᠶᠢᠨ ᠦᠨᠡᠯᠡᠭᠳᠡᠵᠡᠢ᠃ ᠠᠮᠤᠷᠰᠨᠠᠭᠠ ᠦᠬᠦᠬᠦ ᠳᠤ ᠪᠠᠨ | ᠤᠷᠤᠰ ᠲᠤ ᠤᠷᠤᠵᠤ ᠦᠭᠴᠦ ᠪᠠᠶᠢᠭᠰᠠᠨ ᠪᠤᠯᠬᠤᠷ ᠯᠡ ᠳᠡᠭᠡᠵᠤ ᠦᠨᠡᠯᠡᠭᠰᠡᠨ ᠶᠠᠪᠤᠳᠠᠯ᠂ ᠠᠮᠤᠷᠰᠠᠨᠠᠭ᠎ᠠ ᠬᠡᠷᠪᠡ ᠭᠤᠴᠢᠨ ᠨᠠᠢᠮᠠᠳᠠᠶᠢᠬᠠᠨ ᠴᠡᠴᠡᠭ ᠡᠪᠡᠳᠴᠢᠨ ᠢᠶᠠᠷ | ᠦᠭᠦᠭᠰᠡᠨ ᠦᠭᠡᠢ ᠪᠤᠯ ᠤᠷᠤᠰ ᠴᠡᠷᠢᠭ ᠢ ᠳᠠᠭᠠᠭᠤᠯᠵᠤ ᠢᠷᠡᠬᠦ ᠴᠦ ᠮᠠᠭᠠᠳ ᠦᠭᠡᠢ ᠶᠤᠮ᠃ | ᠤᠢᠢᠷᠠᠳ ᠤᠨ ᠳᠡᠦᠭᠡᠨ ᠳᠤ ᠪᠠᠭᠠᠳᠤᠷ ᠬᠦᠮᠦᠰ ᠤᠯᠠᠨ ᠪᠠᠶᠢᠳᠠᠭ᠃ ᠤᠨᠴᠠᠭᠠᠢᠢᠯᠠᠨ ᠤᠢᠢᠷᠠᠳ ᠢ ᠪᠠᠷᠠᠭᠤᠨᠰᠢ ᠵᠠᠮᠴᠢᠯᠠᠨ ᠳᠤᠮᠳᠠᠳᠤ ᠠᠽᠢᠶ᠎ᠠ ᠵᠦᠭ | ᠦᠷᠭᠡᠳᠭᠡᠭᠰᠡᠨ ᠳᠡᠳᠡᠭᠡᠷ ᠨᠡᠷ᠎ᠡ ᠦᠭᠡᠢ ᠪᠠᠭᠠᠳᠤᠷ ᠤᠳ᠃ ᠬᠤᠶᠢᠳ ᠢᠰᠠᠯᠪᠠᠢ ᠶᠢᠨ ᠰᠠᠶᠢᠨ ᠬᠢᠶ᠎ᠡ ᠶᠤᠮ ᠤᠤ᠂ ᠳᠤᠷᠭᠤᠳ ᠤᠨ ᠬᠠᠷ᠎ᠠ ᠬᠤᠯᠠᠨ ᠬᠡᠬᠦ ᠮᠡᠳᠦ᠃ | ᠪᠠᠷᠠᠭᠤᠨᠰᠢ ᠢᠵᠢᠯ ᠵᠠᠢ ᠵᠦᠭ ᠨᠤᠳᠤᠭ ᠦᠷᠭᠡᠳᠭᠡᠭᠰᠡᠨ ᠬᠤᠤ ᠦᠷᠯᠦᠭ ᠨᠤᠶᠠᠨ᠂ ᠬᠤᠱᠤᠳ ᠢᠶᠠᠨ ᠳᠠᠭᠠᠭᠤᠯᠵᠤ ᠬᠦᠭᠡᠨᠠᠭᠤᠷ ᠲᠤ ᠬᠤᠱᠤᠳ ᠬᠠᠭᠠᠨᠳᠤ ᠤᠯᠤᠰ ᠢ | ᠪᠠᠶᠢᠭᠤᠯᠤᠭᠰᠠᠨ ᠬᠦᠦᠰᠢ ᠬᠠᠭᠠᠨ ᠮᠡᠳᠦ ᠤᠯᠠᠨ ᠪᠠᠶᠢᠨ᠎ᠠ᠃ ᠵᠦᠡᠭᠭᠠᠷ ᠢᠶᠠᠨ ᠳᠠᠬᠢᠨᠳᠠ ᠮᠠᠨᠳᠤᠭᠤᠯᠤᠭᠰᠠᠨ ᠴᠧᠧᠠᠩᠷᠠᠪᠳᠠᠨ᠂ ᠴᠢᠩ ᠤᠯᠤᠰ ᠤᠨ ᠴᠡᠷᠢᠭ ᠢ | ᠬᠡᠳᠦᠨᠳᠡ ᠢᠯᠠᠵᠤ ᠵᠦᠡᠭᠭᠠᠷ ᠢᠶᠠᠨ ᠬᠦᠭᠵᠢᠭᠦᠯᠦᠭᠰᠡᠨ ᠭᠠᠯᠳᠠᠨᠴᠡᠷᠢᠭ ᠬᠠᠭᠠᠨ ᠮᠡᠳᠦ᠃ | ᠤᠢᠢᠷᠠᠳ ᠤᠨ ᠬᠢᠳᠤᠯᠭ᠎ᠠ ᠶᠢᠨ ᠳᠤᠬᠠᠢ ︽ᠤᠢᠢᠷᠠᠳ ᠳᠡᠦᠭᠡᠨ ᠰᠤᠷᠪᠤᠯᠵᠢ ᠪᠢᠴᠢᠭ︾ ᠢ ᠤᠩᠰᠢᠭᠠᠳ ᠵᠢᠷᠦᠭᠡ ᠰᠡᠳᠬᠢᠯ ᠴᠡᠴᠡᠷᠡᠵᠤ ᠨᠢᠭᠡ ᠰᠦᠨᠢ | ᠤᠨᠳᠠᠵᠤ ᠳᠡᠶᠢᠯᠦᠭᠰᠡᠨ ᠦᠭᠡᠢ ᠪᠠᠨ ᠤᠳᠤ ᠪᠤᠯᠳᠠᠯ᠎ᠠ ᠴᠡᠭᠡᠵᠢᠯᠡᠭᠰᠡᠭᠡᠷ᠃ ᠳᠡᠷᠡ ᠦᠶ᠎ᠡ ᠳᠤ ᠠᠷᠠᠢ ᠴᠦ ᠬᠤᠷᠢ ᠴᠦ ᠬᠦᠷᠦᠭᠡᠳᠦᠢ ᠪᠠᠶᠢᠭᠰᠠᠨ ᠶᠤᠮ᠃ ᠪᠤᠳᠤᠬᠤ | ᠪᠤᠯᠭᠠᠨ ᠬᠤᠷᠤᠰᠤᠯ ᠬᠦᠷᠴᠦ ᠵᠢᠷᠦᠬᠡ ᠴᠡᠴᠡᠷᠡᠵᠤ ᠪᠠᠶᠢᠭᠰᠠᠨ ᠪᠢᠯᠡ᠃ ᠤᠳᠤ ᠪᠠᠰᠠ ᠪᠤᠳᠤᠪᠠᠯ ᠳᠤᠳᠤᠷ᠎ᠠ ᠰᠢᠨᠡᠯᠠᠭᠰᠠᠭᠠᠷ ᠁ | ᠤᠳᠤ ᠪᠤᠳᠤᠪᠠᠯ ᠤᠢᠢᠷᠠᠳ ᠬᠦᠮᠦᠰ ᠬᠢᠳᠤᠯᠭ᠎ᠠ ᠳᠤ ᠦᠷᠳᠦᠭᠰᠡᠨ ᠪᠤᠯᠪᠠᠴᠤ ᠪᠦᠬᠦᠨ ᠢᠶᠠᠷ ᠬᠢᠳᠤᠭᠳᠠᠭᠰᠠᠨ ᠪᠢᠰᠢ ᠶᠤᠮ᠃ ᠪᠦᠬᠦᠢ ᠯᠡ ᠲᠦᠷᠪᠡᠳ ᠠᠶᠢᠮᠠᠭ | ᠠᠮᠤᠷᠰᠠᠨᠠᠭ᠎ᠠ ᠳᠤ ᠬᠠᠰᠢᠭᠳᠠᠵᠤ ᠭᠤᠷᠪᠠᠨ ᠴᠡᠷᠢᠭ ᠤᠨ ᠳᠠᠭᠠᠭᠤᠯᠭ᠎ᠠ ᠪᠠᠷ ᠴᠢᠩ ᠤᠯᠤᠰ ᠲᠤ ᠪᠠᠭᠤᠨ ᠦᠭᠴᠦ ᠪᠦᠬᠦᠨ ᠢᠶᠠᠷ ᠦᠯᠡᠳᠡᠪᠡ᠃ ᠤᠳᠤ ᠶᠢᠨ ᠮᠤᠩᠭᠤᠯ | ᠤᠯᠤᠰ ᠤᠨ ᠪᠠᠷᠠᠭᠤᠨ ᠬᠡᠰᠡᠭ ᠤᠨ ᠤᠢᠢᠷᠠᠳ ᠤᠨ ᠤᠯᠠᠩᠭᠢ ᠨᠢ ᠲᠦᠷᠪᠡᠳ ᠬᠦᠮᠦᠰ ᠪᠢᠯᠡ᠃ ᠵᠦᠡᠭᠭᠠᠷ ᠤᠨ ᠳᠤᠳᠤᠷᠠᠬᠢ ᠳᠤᠷᠭᠤᠳ ᠬᠦᠮᠦᠰ ᠰᠡᠷᠡᠩ ᠤᠨ | ᠳᠠᠭᠠᠭᠤᠯᠭ᠎ᠠ ᠳᠤᠤᠷ᠎ᠠ ᠢᠵᠢᠯ ᠵᠠᠢ ᠳᠤ ᠤᠴᠢᠪᠠ᠃ ᠬᠠᠰᠠᠭ ᠤᠨ ᠬᠢᠯᠢ ᠳᠤ ᠳᠤᠳᠠᠭᠠᠨ ᠭᠠᠷᠤᠭᠰᠠᠨ ᠤᠢᠢᠷᠠᠳᠴᠤᠳ ᠤᠨ ᠤᠯᠠᠩᠭᠢ ᠨᠢ ᠢᠵᠢᠯ ᠵᠠᠢ ᠳᠤ | ᠤᠴᠢᠭᠰᠠᠨ ᠶᠤᠮ᠃ ᠢᠵᠢᠯ ᠵᠠᠢ ᠶᠢᠨ ᠤᠢᠢᠷᠠᠳ ᠤᠳ ᠬᠤᠵᠢᠮ ᠨᠢ ᠵᠡᠭᠦᠨ ᠨᠤᠳᠤᠭ ᠢᠶᠠᠨ ᠵᠤᠷᠢᠵᠤ ᠢᠷᠡᠭᠰᠡᠨ ᠤ ᠨᠢᠭᠡ ᠰᠢᠯᠳᠠᠭᠠᠨ ᠨᠢ ᠳᠡᠳᠡᠭᠡᠷ ᠵᠦᠡᠭᠭᠠᠷ | ᠬᠦᠮᠦᠰ ᠤᠨ ᠰᠠᠨᠠᠭᠤᠯᠭ᠎ᠠ ᠲᠠᠢ ᠶᠡᠬᠡᠬᠡᠨ ᠬᠤᠯᠪᠤᠭ᠎ᠠ ᠲᠠᠢ ᠪᠠᠶᠢᠭᠰᠠᠨ ᠪᠢᠯᠡ᠃ | ᠤᠢᠢᠷᠠᠳ ᠤᠨ ᠤᠯᠠᠩᠭᠢ ᠬᠡᠰᠡᠭ ᠨᠢ ᠦᠪᠡᠷ ᠵᠠᠭᠤᠷ᠎ᠠ ᠶᠢᠨ ᠳᠡᠮᠡᠴᠡᠯᠳᠦᠭᠡᠨ ᠠᠴᠠ ᠪᠤᠯᠵᠤ ᠪᠡᠶ᠎ᠡ ᠪᠠᠷᠠᠭᠰᠠᠨ᠃ ᠨᠢᠭᠡ ᠬᠡᠰᠡᠭ ᠨᠢ ᠬᠢᠵᠢᠭ ᠡᠪᠡᠳᠴᠢᠨ ᠠᠴᠠ | ᠪᠤᠯᠵᠤ ᠪᠡᠶ᠎ᠡ ᠪᠠᠷᠠᠵᠠᠢ᠃ ᠡᠨᠡ ᠨᠢ ᠪᠦᠬᠦᠢ ᠯᠡ ᠵᠦᠡᠭᠭᠠᠷ ᠬᠠᠭᠠᠨᠳᠤ ᠤᠯᠤᠰ ᠤᠨ ᠬᠠᠭᠠᠰ ᠤᠷᠴᠢᠮ ᠢ ᠡᠵᠡᠯᠡᠨ᠎ᠡ᠃ ᠢᠵᠢᠯ ᠵᠠᠢ ᠳᠤ ᠤᠴᠢᠭᠰᠠᠨ ᠨᠢ ᠠᠷᠪᠠᠨ ᠤ | ᠬᠤᠶᠠᠷ ᠠᠴᠠ ᠭᠤᠷᠪᠠᠨ ᠬᠤᠪᠢ ᠤᠷᠴᠢᠮ ᠢ ᠡᠵᠡᠯᠡᠨ᠎ᠡ᠃ ᠴᠢᠩ ᠤᠯᠤᠰ ᠤᠨ ᠬᠢᠵᠠᠭᠠᠷ ᠲᠤ ᠠᠶᠤᠯ ᠠᠴᠠ ᠵᠢᠭᠤᠳᠠᠨ ᠤᠴᠢᠭᠰᠠᠨ ᠲᠦᠷᠪᠡᠳ ᠠᠴᠠ ᠠᠰᠳᠠᠭᠠᠨ | ᠪᠠᠰᠠ ᠠᠷᠪᠠᠨ ᠤ ᠨᠢᠭᠡ ᠤᠷᠴᠢᠮ ᠪᠠᠶᠢᠬᠤ ᠶᠤᠮ᠃ ᠬᠦᠯᠦᠨ ᠪᠤᠶᠢᠷ ᠲᠤ ᠭᠠᠯᠳᠠᠨ ᠪᠤᠱᠤᠭᠳᠤ ᠶᠢᠨ ᠦᠶ᠎ᠡ ᠠᠴᠠ ᠠᠪᠤᠭᠠᠳ ᠤᠯᠠᠨ ᠪᠠᠶᠢᠵᠤ᠂ ᠬᠤᠵᠢᠮ ᠨᠢ ᠨᠢᠭᠡ | ᠪᠦᠯᠦᠭ ᠨᠢ ᠭᠠᠯᠳᠠᠨᠴᠡᠷᠢᠭ ᠬᠠᠭᠠᠨ ᠤ ᠦᠶ᠎ᠡ ᠳᠤ ᠤᠢᠢᠷᠠᠳ ᠵᠦᠭ ᠢᠶᠠᠨ ᠲᠦᠷᠪᠡᠨ ᠶᠠᠪᠤᠵᠠᠭᠠᠵᠠᠢ᠃ ᠳᠡᠭᠡᠷ᠎ᠡ ᠵᠠᠭᠤᠨ ᠤ ᠡᠬᠢᠨ ᠳᠤ ᠬᠢᠵᠢᠭ ᠡᠪᠡᠳᠴᠢᠨ ᠢᠶᠠᠷ | ᠤᠯᠠᠨ ᠳᠤᠭ᠎ᠠ ᠪᠠᠷ ᠬᠤᠷᠤᠭᠳᠠᠭᠰᠠᠨ ᠴᠦ ᠬᠦᠯᠦᠨ ᠪᠤᠶᠢᠷ ᠤᠨ ᠢᠮᠢᠨ ᠤᠷᠴᠢᠮ ᠢᠶᠠᠷ ᠪᠠᠰᠠ ᠪᠠᠭ᠎ᠠ ᠪᠤᠰᠤ ᠦᠭᠡᠯᠡᠳᠴᠤᠳ ᠪᠠᠶᠢᠨ᠎ᠠ ᠭᠡᠳᠡᠭ᠃ ᠭᠠᠯᠳᠠᠨ ᠪᠤᠱᠤᠭᠳᠤ | ᠶᠢᠨ ᠦᠶ᠎ᠡ ᠳᠤ ᠨᠢᠭᠡ ᠪᠦᠯᠦᠭ ᠮᠠᠨᠵᠤ ᠳᠤ ᠪᠠᠭᠤᠵᠤ ᠦᠭᠭᠦ ᠳᠤᠷ᠎ᠠ ᠦᠭᠡᠢ ᠤᠢᠢᠷᠠᠳᠴᠤᠳ ᠤᠳᠤ ᠶᠢᠨ ᠤᠷᠤᠰ ᠤᠨ ᠬᠤᠯᠪᠤᠭᠠᠨ ᠤ ᠶᠠᠺᠦᠲ ᠤᠯᠤᠰ ᠤᠨ | ᠪᠦᠷᠢᠯᠳᠦᠭᠦᠨ ᠳᠤ ᠤᠷᠤᠭᠰᠠᠨ ᠭᠡᠳᠡᠭ ᠶᠤᠮ᠃ ᠶᠠᠭ ᠬᠡᠪᠴᠢᠶᠡᠨ ᠳᠡᠭᠡᠷ᠎ᠡ ᠪᠠᠨ ᠤᠷᠤᠰ ᠤᠨ ᠬᠤᠯᠪᠤᠭᠠᠨ ᠤ ᠳᠤᠪᠠ ᠤᠯᠤᠰ ᠨᠢ ᠵᠦᠡᠭᠭᠠᠷ ᠤᠨ ᠪᠦᠷᠢᠯᠳᠦᠭᠦᠨ | ᠪᠠᠶᠢᠵᠠᠢ᠃ ᠤᠷᠤᠰ ᠤᠨ ᠬᠤᠯᠪᠤᠭᠠᠨ ᠳᠤ ᠪᠦᠬᠦᠳᠡ ᠨᠠᠶᠢᠷᠠᠮᠳᠠᠬᠤ ᠠᠯᠳᠠᠢ ᠤᠯᠤᠰ ᠭᠡᠵᠤ ᠪᠤᠢ᠃ ᠤᠭ ᠪᠦᠷᠢᠯᠳᠦᠭᠦᠨ ᠨᠢ ᠤᠢᠢᠷᠠᠳ ᠬᠦᠮᠦᠰ ᠶᠤᠮ᠃ ᠺᠢᠷᠬᠢᠰᠲ᠋ᠠᠨ | ᠤ ᠠᠩᠬᠠᠨ ᠤ ᠶᠡᠷᠦᠩᠭᠡᠶᠢᠯᠡᠭᠴᠢ ᠠᠺᠠᠶᠧᠪ ᠤᠭ ᠨᠢ ᠤᠢᠢᠷᠠᠳ ᠬᠦᠮᠦᠨ ᠭᠡᠰᠡᠨ᠃ ᠮᠢᠨᠤ ᠪᠤᠳᠤᠬᠤ ᠪᠠᠷ ᠺᠠᠽᠠᠭᠰᠲ᠋ᠠᠨ ᠳᠤ ᠴᠦ ᠤᠯᠠᠨ ᠤᠢᠢᠷᠠᠳ ᠬᠦᠮᠦᠰ ᠪᠠᠶᠢᠵᠤ | ᠳᠠᠭᠠᠷᠠᠨ᠎ᠠ᠃ | ᠤᠢᠢᠷᠠᠳᠴᠤᠳ ᠬᠡᠳᠦ᠋ᠢᠪᠡᠷ ᠤᠯᠤᠰ ᠢᠶᠠᠨ ᠮᠦᠬᠦᠭᠡᠵᠤ ᠠᠷᠠᠳ ᠢᠶᠠᠨ ᠬᠢᠳᠤᠭᠤᠯᠤᠭᠰᠠᠨ ᠪᠤᠯᠪᠠᠴᠤ ᠤᠢᠢᠷᠠᠳ ᠤᠨ ᠳᠡᠭᠡᠳᠦ ᠳᠠᠪᠬᠤᠷᠭᠠᠳᠠᠨ᠂ ᠤᠢᠢᠷᠠᠳ | ᠬᠦᠮᠦᠰ ᠤᠨ ᠳᠤᠳᠤᠷ᠎ᠠ ᠤᠯᠤᠰ ᠢᠶᠠᠨ ᠰᠡᠷᠬᠦᠭᠡᠬᠦ ᠪᠤᠳᠤᠯ ᠬᠦᠰᠡᠯ ᠭᠠᠩᠳᠠᠨ ᠪᠠᠭᠤᠷᠠᠰᠢ ᠦᠭᠡᠢ ᠰᠦᠮᠡᠯᠵᠡᠭᠡᠳ ᠪᠠᠶᠢᠭᠰᠠᠨ ᠪᠠᠶᠢᠵᠠᠢ᠃ ᠬᠠᠯᠬ᠎ᠠ ᠮᠤᠩᠭᠤᠯ | ᠳᠤᠰᠠᠭᠠᠷ ᠳᠤᠭᠳᠠᠨᠢᠬᠤ ᠦᠶᠡᠰ ᠬᠠᠯᠬ᠎ᠠ ᠶᠢᠨ ᠲᠦᠷᠪᠡᠨ ᠬᠠᠭᠠᠨ ᠤ ᠭᠠᠵᠠᠷ ᠠᠴᠠ ᠠᠰᠳᠠᠭᠠᠨ ᠬᠤᠪᠳᠤ ᠶᠢᠨ ᠬᠢᠵᠠᠭᠠᠷ ᠪᠤᠯ ᠪᠠᠷᠤᠭ ᠯᠡ ᠪᠦᠷ ᠤᠢᠢᠷᠠᠳ ᠤᠨ | ᠨᠤᠳᠤᠭ ᠪᠠᠶᠢᠵᠠᠢ᠃ ᠳᠡᠭᠦᠨ ᠤ ᠳᠤᠳᠤᠷ᠎ᠠ ᠵᠠ ᠯᠠᠮᠠ ᠳ᠋ᠠᠮᠪᠢᠵᠠᠯᠰᠠᠨ ᠶᠡᠭᠡ ᠡᠭᠦᠷᠭᠡ ᠬᠦᠢᠴᠡᠳᠭᠡᠵᠡᠢ᠃ ᠭᠡᠷᠪᠡ ᠳᠡᠷᠡ ᠬᠦᠮᠦᠨ ᠪᠠᠶᠢᠭᠰᠠᠨ ᠦᠭᠡᠢ ᠪᠤᠯ ᠤᠢᠢᠷᠠᠳ | ᠬᠦᠮᠦᠰ ᠬᠠᠯᠬ᠎ᠠ ᠲᠠᠢ ᠨᠢᠭᠡᠳᠬᠦ ᠭᠡᠭᠴᠢ ᠶᠡᠭᠡ ᠲᠦᠪᠡᠭᠳᠡᠢ ᠪᠠᠶᠢᠭᠰᠠᠨ ᠶᠤᠮ᠃ ᠳᠠᠬᠢᠭᠠᠳ ᠤᠷᠤᠰ ᠬᠦᠮᠦᠰ ᠪᠠᠰᠠ ᠬᠤᠪᠳᠤ ᠶᠢᠨ ᠬᠢᠵᠠᠭᠠᠷ ᠢ ᠬᠠᠯᠬ᠎ᠠ ᠲᠠᠢ | ᠨᠡᠶᠢᠯᠡᠭᠦᠯᠬᠦ ᠬᠦᠰᠡᠯ ᠲᠠᠢ ᠪᠠᠶᠢᠭᠰᠠᠨ ᠲᠠᠢ ᠬᠤᠯᠪᠤᠭᠳᠠᠨ᠎ᠠ᠃ ᠠᠯᠳᠠᠢ ᠠᠭᠤᠯᠠᠨ ᠤ ᠡᠮᠦᠨᠡᠬᠢ ᠳᠤᠷᠭᠤᠳ ᠤᠨ ᠬᠢᠵᠠᠭᠠᠷ ᠪᠤᠯᠪᠠᠰᠤ ᠪᠠᠰᠠ ᠴᠦ ᠤᠢᠢᠷᠠᠳ ᠤᠨ | ᠨᠤᠳᠤᠭ ᠪᠠᠶᠢᠭᠰᠠᠨ᠃ ᠭᠡᠪᠡᠴᠦ ᠪᠡᠭᠡᠵᠢᠩ ᠤᠨ ᠬᠢᠨ ᠫᠠᠯᠲ᠋ᠠ ᠸᠠᠩ ᠢᠶᠠᠷ ᠦᠭᠶᠦᠭᠡ ᠪᠤᠯᠭᠠᠵᠤ ᠦᠪᠡᠷ ᠤᠨ ᠬᠢᠵᠠᠭᠠᠷ ᠲᠤ ᠪᠠᠨ ᠦᠯᠡᠳᠡᠭᠡᠵᠡᠢ᠃ ᠫᠠᠯᠲ᠋ᠠ ᠸᠠᠩ ᠠᠴᠠ | ᠬᠤᠪᠳᠤ ᠶᠢᠨ ᠬᠢᠵᠠᠭᠠᠷ ᠤᠨ ᠸᠠᠩ ᠨᠠᠷ ᠤᠳ ᠲᠤ ᠵᠠᠬᠢᠳᠠᠯ ᠪᠢᠴᠢᠵᠤ᠂ ᠬᠠᠯᠬ᠎ᠠ ᠳᠤ ᠨᠡᠶᠢᠯᠡᠬᠦ ᠬᠡᠷᠡᠭ ᠦᠭᠡᠢ᠂ ᠦᠪᠡᠷ ᠢᠶᠠᠨ ᠤᠢᠢᠷᠠᠳ ᠤᠯᠤᠰ ᠢᠶᠠᠨ ᠪᠠᠶᠢᠭᠤᠯᠤᠶ᠎ᠠ | ᠭᠡᠵᠤ ᠤᠷᠢᠶᠠᠯᠠᠵᠤ ᠴᠦ ᠪᠠᠶᠢᠵᠠᠢ᠃ ᠬᠤᠵᠢᠮ ᠨᠢ ᠬᠠᠯᠬ᠎ᠠ ᠶᠢᠨ ᠪᠠᠷᠠᠭᠤᠨ ᠭᠡᠰᠡᠭ ᠤᠨ ᠤᠢᠢᠷᠠᠳ ᠬᠦᠮᠦᠰ ᠪᠤᠰᠤᠯᠴᠠᠵᠤ ᠦᠪᠡᠷ ᠤᠨ ᠤᠯᠤᠰ ᠢᠶᠠᠨ ᠪᠠᠶᠢᠭᠤᠯᠬᠤ | ᠵᠤᠷᠢᠯᠭ᠎ᠠ ᠲᠠᠢ ᠪᠠᠶᠢᠵᠠᠢ᠃ ᠡᠨᠡ ᠠᠵᠢᠯᠯᠠᠭ᠎ᠠ ᠨᠢ ᠮᠤᠩᠭᠤᠯ ᠤᠨ ᠴᠦᠢᠪᠠᠯᠰᠠᠩ ᠪᠠ ᠤᠷᠤᠰ ᠵᠦᠪᠯᠡᠯᠳᠦ ᠶᠢᠨ ᠵᠤᠷᠢᠯᠭ᠎ᠠ ᠲᠠᠢ ᠪᠠᠶᠢᠵᠠᠢ᠃ ᠡᠨᠡ ᠠᠵᠢᠯᠯᠠᠭ᠎ᠠ ᠨᠢ | ᠮᠤᠩᠭᠤᠯ ᠤᠨ ᠴᠦᠢᠪᠠᠯᠰᠠᠩ ᠪᠠ ᠤᠷᠤᠰ ᠵᠦᠪᠯᠡᠯᠳᠦ ᠶᠢᠨ ᠵᠤᠷᠢᠯᠭ᠎ᠠ ᠲᠠᠢ ᠬᠠᠷᠰᠢᠯᠳᠤᠭᠰᠠᠨ ᠤᠴᠢᠷ ᠵᠠ ᠯᠠᠮᠠ ᠶᠢ ᠨᠢᠭᠤᠴᠠ ᠪᠠᠷ ᠬᠤᠤᠷᠯᠠᠵᠤ ᠤᠢᠢᠷᠠᠳ ᠬᠦᠮᠦᠰ | ᠲᠤ ᠴᠦ ᠶᠡᠭᠡ ᠳᠠᠷᠤᠩᠭᠤᠢᠢᠯᠠᠯ ᠶᠠᠪᠤᠭᠤᠯᠵᠠᠢ᠃ | ᠤᠢᠢᠷᠠᠳᠴᠤᠳ ᠤᠳᠤ ᠳᠡᠯᠡᠭᠡᠢ ᠳᠡᠭᠡᠷ᠎ᠡ ᠵᠢᠷᠠᠭᠠᠳ ᠲᠦᠮᠡᠨ ᠬᠦᠮᠦᠰ ᠪᠤᠢ᠃ ᠬᠡᠷᠪᠡ ᠠᠹᠭᠠᠨ ᠤ ᠬᠠᠵᠠᠷᠴᠤᠳ ᠢ ᠨᠡᠮᠡᠪᠡᠯ ᠳᠤᠭ᠎ᠠ ᠨᠢ ᠬᠡᠳᠦᠨ ᠵᠠᠭᠤᠨ | ᠲᠦᠮᠡ ᠬᠦᠷᠦᠨ᠎ᠡ᠃ ᠳᠡᠳᠡᠨᠦᠰ ᠭᠡᠳᠦ᠋ᠢᠪᠡᠷ ᠢᠰᠯᠠᠮ ᠱᠠᠰᠢᠨ ᠢ ᠰᠢᠳᠦᠭᠰᠡᠨ ᠪᠤᠯᠪᠠᠴᠤ ᠤᠭ ᠢᠵᠠᠭᠤᠷ ᠨᠢ ᠤᠢᠢᠷᠠᠳ ᠬᠦᠮᠦᠰ ᠶᠤᠮ᠃ ᠳᠡᠭᠡᠷ᠎ᠡ ᠵᠠᠭᠤᠨ ᠤ ᠳᠠᠪᠢ | ᠵᠢᠷᠠᠭᠠᠳ ᠤᠨ ᠪᠤᠯᠳᠠᠯ᠎ᠠ ᠤᠢᠢᠷᠠᠳ ᠮᠤᠩᠭᠤᠯ ᠠᠶᠠᠯᠭᠤ ᠪᠠᠷ ᠶᠠᠷᠢᠵᠤ ᠪᠠᠶᠢᠯ᠎ᠠ ᠭᠡᠳᠡᠭ᠃ ᠤᠷᠤᠰ ᠤᠨ ᠬᠢᠵᠠᠭᠠᠷ ᠲᠤ ᠪᠠᠶᠢᠳᠠᠭ ᠪᠦᠬᠦᠳᠡ ᠨᠠᠶᠢᠷᠠᠮᠳᠠᠬᠤ ᠬᠠᠯᠢᠮᠠᠭ | ᠤᠯᠤᠰ ᠲᠤ ᠠᠷᠪᠠᠨ ᠳᠤᠯᠤᠭᠠᠨ ᠲᠦᠮᠡ ᠰᠢᠬᠠᠭᠤ ᠤᠢᠢᠷᠠᠳ ᠬᠦᠮᠦᠰ ᠪᠤᠢ᠃ ᠳᠡᠳᠡᠨᠦᠰ ᠪᠤᠯᠪᠠᠰᠤ ᠳᠤᠷᠭᠤᠳ ᠵᠡᠭᠦᠨᠰᠢ ᠨᠡᠭᠦᠬᠦ ᠳᠤ ᠢᠵᠢᠯ ᠮᠦᠷᠡᠨ ᠤ ᠪᠠᠷᠠᠭᠤᠨ | ᠡᠷᠬᠢ ᠳᠤ ᠦᠯᠡᠳᠡᠵᠤ ᠬᠤᠴᠤᠷᠤᠭᠰᠠᠨ ᠲᠦᠷᠪᠡᠳᠴᠤᠳ ᠶᠤᠮ᠃ ᠪᠠᠰᠠ ᠳᠤᠷᠭᠤᠳᠴᠤᠳ ᠵᠡᠭᠦᠨᠰᠢ ᠨᠡᠭᠦᠬᠦ ᠳᠤ ᠵᠠᠮ ᠳᠤᠮᠳᠠ ᠠᠴᠠ ᠢᠵᠢᠯ ᠵᠠᠢ ᠳᠤ ᠪᠠᠨ ᠪᠤᠴᠠᠵᠤ | ᠬᠠᠷᠢᠭᠰᠠᠳ ᠴᠦ ᠪᠠᠶᠢᠨ᠎ᠠ᠃ ᠳᠡᠳᠡᠨᠦᠰ ᠨᠢᠭᠡ ᠦᠶ᠎ᠡ ᠬᠦᠮᠦᠨ ᠠᠮᠠ ᠬᠤᠷᠢᠨ ᠲᠦᠮᠡ ᠤᠷᠴᠢᠮ ᠬᠦᠷᠦᠭᠰᠡᠨ ᠳᠤ ᠶᠡᠭᠡ ᠦᠯᠦᠰᠬᠦᠯᠡᠩ ᠳᠤ ᠦᠷᠳᠦᠵᠤ ᠬᠦᠮᠦᠨ | ᠠᠮᠠ ᠨᠢ ᠬᠠᠭᠠᠰ ᠪᠠᠭᠤᠷᠠᠵᠠᠢ᠃ ᠳᠠᠬᠢᠨ ᠨᠠᠽᠢᠰ ᠭᠧᠷᠮᠠᠨ ᠤ ᠴᠡᠷᠢᠭ ᠲᠤ ᠤᠷᠤᠵᠤ ᠵᠦᠪᠯᠡᠯᠳᠦ ᠶᠢᠨ ᠴᠡᠷᠢᠭ ᠢ ᠬᠡᠳᠦ ᠤᠳᠠᠭ᠎ᠠ ᠢᠯᠠᠭᠳᠠᠭᠤᠯᠤᠭᠰᠠᠨ ᠠᠴᠠ | ᠰᠲ᠋ᠠᠯᠢᠨ ᠠᠴᠠ ᠰᠢᠪᠧᠷᠢᠶ᠎ᠠ ᠳᠤ ᠴᠦᠯᠡᠵᠤ ᠬᠦᠮᠦᠨ ᠠᠮᠠ ᠶᠢ ᠨᠢ ᠪᠠᠰᠠ ᠬᠠᠭᠠᠰ ᠢᠯᠡᠭᠦᠦ ᠶᠢ ᠬᠤᠷᠤᠭᠳᠠᠭᠤᠯᠵᠠᠢ᠃ ︽ ᠮᠠᠨ ᠢ ᠴᠦᠯᠡᠭᠰᠡᠨ ᠰᠲ᠋ᠠᠯᠢᠨ ᠤ ᠮᠢᠬ᠎ᠠ | ᠶᠢ ᠨᠢ ᠨᠤᠬᠠᠢ ᠢᠳᠡᠳᠦᠭᠡᠢ︾ ᠬᠡᠰᠡᠨ ᠬᠠᠯᠢᠮᠠᠭ ᠳᠠᠭᠤᠤ ᠬᠦᠷᠳᠡᠯ᠎ᠡ ᠳᠠᠭᠤᠯᠠᠭᠳᠠᠵᠤ ᠪᠠᠶᠢᠭᠰᠠᠨ ᠶᠤᠮ᠃ | ᠳᠤᠷᠭᠤᠳᠴᠤᠳ ᠵᠦᠡᠭᠭᠠᠷ ᠮᠦᠬᠦᠬᠦ ᠳᠤ ᠨᠤᠳᠤᠭ ᠵᠦᠭ ᠢᠶᠠᠨ ᠪᠤᠴᠠᠬᠤ ᠭᠡᠰᠡᠨ ᠰᠡᠳᠬᠢᠯ ᠨᠢ ᠤᠨᠳᠠᠷᠠᠰᠢ ᠦᠭᠡᠢ ᠪᠠᠶᠢᠭᠰᠠᠭᠠᠷ ᠪᠠᠶᠢᠵᠠᠢ᠃ ᠳᠤᠷᠭᠤᠳᠴᠤᠳ | ᠶᠠᠪᠤᠭᠰᠠᠨ ᠤ ᠰᠡᠭᠦᠯᠡᠷ ᠦᠯᠡᠳᠡᠭᠰᠡᠨ ᠬᠠᠯᠢᠮᠠᠭᠴᠤᠳ ᠴᠦ ᠴᠠᠭ ᠦᠷᠬᠦᠯᠵᠢ ᠬᠠᠷᠢᠬᠤ ᠶᠢ ᠡᠷᠡᠮᠡᠯᠵᠡᠵᠤ ᠪᠠᠶᠢᠵᠤᠬᠤᠢ᠃ ᠬᠡᠪᠡᠴᠦ ᠰᠡᠭᠦᠯᠡᠷ ᠦᠯᠡᠳᠡᠭᠰᠡᠨ | ᠬᠠᠯᠢᠮᠠᠭᠴᠤᠳ ᠴᠦ ᠴᠠᠭ ᠦᠷᠬᠦᠯᠵᠢ ᠬᠠᠷᠢᠬᠤ ᠶᠢ ᠡᠷᠡᠮᠡᠯᠵᠡᠵᠤ ᠪᠠᠶᠢᠵᠤᠬᠤᠢ᠃ ᠬᠡᠪᠡᠴᠦ ᠳᠡᠳᠡᠭᠡᠷ ᠨᠢ ᠴᠠᠭ ᠦᠶ᠎ᠡ ᠶᠢᠨ ᠪᠠᠶᠢᠳᠠᠯ ᠢ ᠪᠤᠷᠤᠭᠤ ᠪᠠᠷ ᠤᠢᠢᠯᠠᠭᠠᠵᠤ᠂ | ᠤᠨᠳᠤᠤ ᠭᠠᠳᠠᠨ᠎ᠠ ᠶᠢᠨ ᠪᠠᠶᠢᠳᠠᠯ ᠢ ᠤᠭᠳᠤ ᠤᠢᠢᠯᠠᠭᠠᠬᠤ ᠦᠭᠡᠢ ᠪᠠᠶᠢᠭᠰᠠᠨ ᠤ ᠬᠢ᠃ ᠬᠡᠷᠪᠡ ᠬᠠᠯᠢᠮᠠᠭᠴᠤᠳ ᠤᠷᠴᠢᠨ ᠦᠶ᠎ᠡ ᠶᠢᠨ ᠰᠢᠨᠵᠢᠯᠡᠬᠦ ᠤᠬᠠᠭᠠᠨ ᠢ | ᠬᠦᠯᠢᠶᠡᠨ ᠠᠪᠤᠭᠰᠠᠨ ᠪᠤᠯ ᠪᠠᠰᠠ ᠶᠡᠭᠡ ᠤᠯᠤᠰ ᠢ ᠪᠠᠶᠢᠭᠤᠯᠵᠤ ᠪᠤᠯᠬᠤ ᠪᠠᠶᠢᠭᠰᠠᠨ᠃ ᠬᠠᠷᠢᠨ ᠤᠷᠤᠰ ᠬᠦᠮᠦᠨ ᠠᠪᠠᠴᠢᠵᠤ ᠰᠤᠷᠭᠠᠬᠤ ᠶᠢ ︽ᠴᠢᠰᠤ ᠶᠢ ᠨᠢ | ᠰᠤᠷᠤᠵᠤ᠂ ᠮᠠᠩ ᠮᠤᠭᠠᠢ ᠳᠡᠵᠢᠭᠡᠵᠤ ᠪᠠᠶᠢᠵᠠᠢ︾ ᠭᠡᠵᠤ ᠤᠢᠢᠯᠠᠭᠠᠵᠤ ᠪᠠᠶᠢᠵᠠᠢ᠃ ᠳᠤᠷᠭᠤᠳ ᠬᠠᠨ ᠤᠪᠰᠢ ᠬᠤᠷᠢᠨ ᠳᠤᠯᠤᠭᠠᠳᠠᠶᠢᠬᠠᠨ ᠴᠢᠰᠤ ᠰᠢᠩᠭᠡᠨ ᠨᠠᠰᠤ | ᠪᠠᠭ᠎ᠠ ᠶᠢᠨ ᠤᠷᠰᠢᠭ ᠢᠶᠠᠷ ᠤᠯᠠᠨ ᠬᠦᠮᠦᠰ ᠤᠨ ᠦᠬᠡᠨ ᠳᠤ ᠤᠷᠤᠵᠤ ᠬᠠᠯᠢᠮᠠᠭ ᠢᠶᠠᠨ ᠠᠪᠴᠤ ᠵᠡᠭᠦᠨᠰᠢ ᠭᠠᠷᠤᠭᠠᠳ ᠪᠤᠮ ᠵᠢᠷᠭᠤᠭᠠᠨ ᠮᠢᠩᠭᠠᠨ ᠬᠦᠮᠦᠨ ᠢᠶᠠᠨ | ᠳᠤᠯᠤᠭᠠᠨ ᠲᠦᠮᠡ ᠬᠦᠷᠳᠡᠯ᠎ᠡ ᠬᠢᠳᠤᠭᠤᠯᠵᠠᠢ᠃ ᠦᠨᠡᠨ ᠳᠤ ᠪᠠᠨ ᠶᠠᠭ ᠢᠷᠡᠭᠰᠡᠨ ᠬᠦᠮᠦᠰ ᠨᠢ ᠭᠤᠷᠪᠠᠨ ᠲᠦᠮᠡ ᠢᠯᠡᠭᠦᠬᠡᠨ ᠭᠡᠵᠤ ᠴᠢᠩ ᠤᠯᠤᠰ ᠤᠨ ᠮᠠᠲ᠋ᠧᠷᠢᠶᠠᠯ | ᠳᠤ ᠪᠢᠴᠢᠭᠳᠡᠵᠤ ᠪᠠᠶᠢᠨ᠎ᠠ᠃ ᠡᠭᠦᠨ ᠤ ᠳᠤᠳᠤᠷ᠎ᠠ ᠢᠵᠢᠯ ᠵᠠᠢ ᠳᠤ ᠪᠠᠨ ᠪᠤᠴᠠᠵᠤ ᠶᠠᠪᠤᠭᠰᠠᠨ ᠬᠡᠳᠦᠨ ᠲᠦᠮᠡᠨ ᠬᠦᠮᠦᠨ ᠪᠠᠭᠳᠠᠭᠳᠠᠨ᠎ᠠ᠃ ︽ᠢᠵᠢᠯ ᠵᠠᠢ ᠶᠢᠨ | ᠤᠰᠤᠨ ᠢ᠂ ᠢᠰᠬᠦᠯᠡᠩ ᠭᠡᠳ ᠢᠷᠡᠪᠠᠦ ᠳᠠ᠂ ᠢᠯᠢ ᠳᠡᠭᠡᠰ ᠤᠨ ᠤᠰᠤ ᠶᠢ᠂ ᠠᠮᠳᠠᠳᠠᠶᠢᠬᠠᠨ ᠭᠡᠳ ᠢᠷᠡᠪᠠᠦ ᠳᠠ᠂ ᠬᠠᠶᠢᠭᠠᠳ ᠢᠷᠡᠭᠰᠡᠨ ᠭᠠᠵᠠᠷ ᠴᠢᠨᠢ᠂ ᠬᠠᠳᠠ | ᠴᠢᠯᠠᠭᠤ ᠬᠤᠶᠠᠷ᠂ ᠤᠯᠤᠭᠠᠳ ᠠᠪᠤᠭᠰᠠᠨ ᠶᠠᠭᠤᠮ᠎ᠠ ᠴᠢᠨᠢ᠂ ᠤᠳᠤᠭ᠎ᠠ ᠵᠢᠩᠰᠠ ᠬᠤᠶᠠᠷ ᠁︾ ᠭᠡᠵᠤ ᠴᠦ ᠳᠠᠭᠤᠤ ᠳᠠᠭᠤᠯᠠᠭᠳᠠᠵᠤ ᠪᠠᠶᠢᠵᠠᠢ᠃ ᠤᠪᠰᠢ | ᠬᠠᠭᠠᠨ ᠬᠤᠷᠢᠨ ᠳᠤᠯᠤᠭᠠᠨ ᠨᠠᠰᠤᠨ ᠳᠤ ᠪᠠᠨ ᠵᠡᠭᠦᠨᠰᠢ ᠠᠶᠠᠯᠠᠬᠤ ᠠᠶᠠᠨ ᠢ ᠡᠬᠢᠯᠡᠭᠦᠯᠵᠤ᠂ ᠭᠤᠷᠪᠠᠨ ᠵᠢᠯ ᠤᠨ ᠠᠶᠠᠨ ᠢᠶᠠᠷ ᠲᠦᠷᠦ ᠪᠠᠨ ᠪᠠᠷᠠᠵᠤ ᠲᠦᠮᠡᠨ ᠢᠶᠠᠨ | ᠵᠦᠳᠡᠭᠡᠭᠡᠳ᠂ ᠭᠤᠴᠢᠨ ᠬᠡᠳᠦᠳᠡᠶᠢᠬᠡᠨ ᠨᠠᠰᠤ ᠪᠠᠷᠠᠵᠠᠢ᠃ ᠵᠠᠷᠢᠮ ᠰᠤᠷᠪᠤᠯᠵᠢ ᠳᠤ ᠴᠢᠩ ᠤᠯᠤᠰ ᠤᠨ ᠳᠡᠭᠷᠢ ᠳᠡᠳᠬᠦᠭᠴᠢ ᠬᠤᠤᠷᠯᠠᠵᠤ ᠠᠯᠠᠵᠠᠢ ᠭᠡᠳᠡᠭ᠃ ᠪᠢ | ᠦᠵᠡᠪᠡᠰᠦ ᠦᠪᠡᠷ ᠤᠨ ᠠᠶᠢᠮᠠᠭ ᠢᠶᠠᠨ ᠴᠢᠨ᠋ᠸ᠎ᠠ ᠶᠢᠨ ᠠᠮᠠᠨ ᠠᠴᠠ ᠭᠠᠷᠭᠠᠭᠠᠳ ᠪᠠᠷᠰ ᠤᠨ ᠠᠮᠠᠨ ᠳᠤ ᠤᠷᠤᠭᠤᠯᠤᠭᠰᠠᠨ ᠠᠨᠤ ᠦᠨᠡᠨ ᠶᠠᠪᠤᠳᠠᠯ ᠪᠤᠶᠤ᠃ | ᠤᠢᠢᠷᠠᠳ ᠤᠨ ᠪᠤᠷᠬᠠᠨ ᠱᠠᠰᠢᠨ ᠴᠦ ᠤᠨᠳᠤᠤ ᠮᠤᠩᠭᠤᠯ ᠢᠶᠠᠨ ᠪᠤᠳᠤᠪᠠᠯ ᠦᠪᠡᠷ ᠤᠨ ᠤᠨᠴᠠᠯᠢᠭ ᠲᠠᠢ ᠪᠠᠶᠢᠵᠤᠬᠤᠢ᠃ ᠵᠢᠷᠠᠭᠠᠳ ᠲᠦᠮᠡᠨ ᠬᠦᠮᠦᠨ ᠠᠮᠠ | ᠶᠢᠨ ᠳᠤᠳᠤᠷ᠎ᠠ ᠬᠤᠶᠠᠷᠬᠠᠨ ᠬᠡᠶᠢᠳ ᠲᠠᠢ ᠮᠦᠷᠳᠡᠭᠡᠨ ᠮᠤᠩᠭᠤᠯ ᠬᠡᠯᠡ ᠪᠠᠷ ᠭᠤᠤᠯᠴᠢᠯᠠᠨ ᠨᠤᠮ ᠤᠩᠰᠢᠵᠤ ᠪᠠᠶᠢᠭᠰᠠᠨ ᠴᠦ ᠮᠠᠭᠠᠳ᠃ ᠯᠠᠮᠠ ᠶᠢᠨ ᠱᠠᠰᠢᠨ ᠤ | ᠨᠤᠮ ᠰᠤᠳᠤᠷ ᠤᠳ ᠨᠠᠶᠢᠵᠢ ᠳᠦᠢᠨ ᠬᠤᠳᠤᠭᠳᠤ ᠶᠢᠨ ᠦᠶ᠎ᠠ ᠠᠴᠠ ᠡᠬᠢᠯᠡᠨ ᠤᠷᠴᠢᠭᠤᠯᠤᠭᠳᠠᠵᠤ᠂ ᠵᠦᠡᠭᠭᠠᠷ ᠮᠦᠬᠦᠳᠡᠯᠡ ᠮᠤᠩᠭᠤᠯ ᠰᠤᠳᠤᠷ ᠤᠳ ᠬᠡᠪᠯᠡᠭᠳᠡᠵᠤ | ᠪᠠᠶᠢᠵᠠᠢ᠃ ᠰᠦᠮ᠎ᠡ ᠬᠡᠶᠢᠳ ᠲᠤ ᠯᠠᠮᠠ ᠨᠠᠷ ᠨᠤᠮ ᠤᠩᠰᠢᠬᠤ ᠶᠢ ᠭᠠᠷᠭᠠᠪᠠᠯ ᠶᠡᠷᠦ ᠶᠢᠨ ᠠᠷᠠᠳ ᠤᠨ ᠳᠤᠮᠳᠠ ᠪᠦᠷ ᠬᠠᠷ᠎ᠠ ᠪᠠᠭᠰᠢᠨᠠᠷ ᠮᠤᠩᠭᠤᠯ ᠰᠤᠳᠤᠷ ᠤᠩᠰᠢᠨ | ᠳᠠᠭᠤᠳᠠᠵᠤ ᠪᠠᠶᠢᠪᠠ᠃ ᠮᠤᠩᠭᠤᠯ ᠰᠤᠳᠤᠷ ᠴᠦ ᠨᠡᠯᠢᠶᠡᠳ ᠪᠦᠷᠢᠨ ᠪᠠᠶᠢᠵᠤ᠂ ᠤᠳᠤ ᠤᠯᠳᠠᠭᠰᠠᠨ ᠠᠴᠠ ᠦᠵᠡᠪᠡᠯ ᠰᠦᠮ᠎ᠡ ᠬᠡᠶᠢᠳ ᠲᠤ ᠤᠩᠰᠢᠭᠳᠠᠵᠤ ᠪᠠᠶᠢᠭᠰᠠᠨ | ᠰᠤᠳᠤᠷ ᠨᠤᠮ ᠤᠳ ᠪᠦᠷ ᠯᠡ ᠠᠷᠠᠳ ᠤᠨ ᠳᠤᠮᠳᠠ ᠮᠤᠩᠭᠤᠯ ᠪᠠᠷ ᠬᠡᠪᠯᠡᠯ ᠢᠶᠠᠷ ᠳᠠᠷᠬᠠᠭᠠᠭᠳᠠᠵᠤ ᠪᠠᠶᠢᠵᠠᠢ᠃ ᠠᠯᠳᠠᠨ ᠤᠷᠦ᠋ᠢᠳᠤ ᠰᠦᠮ᠎ᠡ᠂ ᠮᠡᠭᠭᠦᠨ ᠤᠷᠦ᠋ᠢᠳᠤ | ᠰᠦᠮ᠎ᠡ ᠳᠤ ᠪᠦᠷ ᠨᠤᠮ ᠰᠤᠳᠤᠷ ᠪᠠᠷᠯᠠᠬᠤ ᠭᠠᠵᠠᠷ ᠪᠠᠶᠢᠭᠰᠠᠨ ᠮᠠᠭᠠᠳ᠃ ᠳᠤᠰᠬᠠᠢᠢᠯᠠᠨ ᠰᠦᠮ᠎ᠡ ᠬᠡᠶᠢᠳ ᠢ ᠳᠡᠵᠢᠭᠡᠳᠡᠭ ᠳᠠᠪᠤᠨ ᠵᠢᠰᠠ ᠪᠠᠶᠢᠵᠤ ᠡᠬᠡᠯᠵᠢᠯᠡᠨ | ᠰᠦᠮ᠎ᠡ ᠭᠡᠶᠢᠳ ᠢ ᠳᠡᠵᠢᠭᠡᠳᠡᠭ ᠪᠠᠶᠢᠵᠠᠢ᠃ ᠰᠦᠮ᠎ᠡ ᠬᠡᠶᠢᠳ ᠨᠢ ᠤᠢᠢᠷᠠᠳ ᠤᠨ ᠬᠠᠭᠠᠳ ᠤᠨ ᠰᠢᠭᠤᠳ ᠵᠠᠬᠢᠷᠤᠯ ᠳᠤᠤᠷ᠎ᠠ ᠪᠠᠶᠢᠵᠤ᠂ ᠨᠤᠮ ᠬᠤᠷᠠᠬᠤ ᠵᠡᠷᠭᠡ ᠶᠠᠮᠠᠷ | ᠨᠢᠭᠡᠨ ᠱᠠᠰᠢᠨ ᠤ ᠠᠵᠢᠯᠯᠠᠭ᠎ᠠ ᠳᠤ ᠬᠠᠭᠠᠳ ᠨᠤᠶᠠᠳ ᠤᠨ ᠵᠦᠪᠰᠢᠶᠡᠷᠡᠯ ᠢ ᠠᠪᠴᠤ ᠰᠠᠶ᠋ᠢ ᠶᠠᠪᠤᠭᠳᠠᠭᠤᠯᠵᠤ ᠪᠠᠶᠢᠭᠰᠠᠨ ᠴᠦ ᠮᠠᠭᠠᠳ᠃ ᠦᠭᠡᠷ᠎ᠡ ᠪᠠᠷ ᠬᠡᠯᠡᠪᠡᠯ | ᠤᠯᠤᠰ ᠤᠨ ᠰᠦᠮ᠎ᠡ ᠬᠡᠶᠢᠳ ᠪᠠᠶᠢᠭᠰᠠᠨ ᠪᠠᠶᠢᠨ᠎ᠠ᠃ ᠡᠶᠢᠮᠦ ᠠᠴᠠ ᠬᠠᠮᠤᠭ ᠤᠷᠤᠢ ᠴᠢᠩ ᠤᠯᠤᠰ ᠢ ᠳᠠᠭᠠᠭᠰᠠᠨ ᠤᠨᠴᠠᠯᠢᠭ ᠢᠶᠠᠷ ᠦᠵᠡᠪᠡᠯ ᠮᠤᠩᠭᠤᠯᠴᠤᠳ | ᠦᠪᠡᠷ ᠢᠶᠠᠨ ᠯᠠᠮᠠ ᠶᠢᠨ ᠱᠠᠰᠢᠨ ᠢ ᠰᠢᠳᠦᠭᠰᠡᠨ ᠪᠤᠯ ᠯᠠᠮᠠ ᠶᠢᠨ ᠱᠠᠰᠢᠨ ᠤ ᠨᠠᠵᠠᠭᠠᠢ ᠨᠦᠯᠦᠭᠡ ᠶᠢ ᠪᠠᠭᠠᠰᠬᠠᠵᠤ ᠪᠤᠯᠬᠤ ᠶᠤᠮ᠃ ᠨᠦᠬᠦᠭᠡ ᠳᠠᠯ᠎ᠠ ᠳᠤ ᠤᠯᠠᠨ | ᠢᠰᠯᠠᠮ ᠤᠨ ᠱᠠᠰᠢᠨᠳᠠᠨ ᠤ ᠳᠤᠮᠳᠠ ᠤᠯᠤᠰ ᠪᠠᠶᠢᠭᠤᠯᠵᠤ ᠪᠠᠶᠢᠬᠤ ᠳᠤ ᠪᠠᠨ ᠴᠦ ᠦᠪᠡᠷ ᠤᠨ ᠤᠨᠴᠠᠯᠢᠭ ᠢᠶᠠᠨ ᠬᠠᠳᠠᠭᠠᠯᠠᠵᠤ ᠴᠢᠳᠠᠭᠰᠠᠨ ᠪᠠᠶᠢᠨ᠎ᠠ᠃ ᠵᠠᠷᠢᠮ | ᠪᠠᠶᠢᠳᠠᠯ ᠳᠤᠤᠷ᠎ᠠ ᠢᠰᠯᠠᠮ ᠤᠨ ᠱᠠᠰᠢᠨᠳᠤ ᠬᠢᠷᠬᠢᠰ᠂ ᠬᠠᠰᠠᠭ ᠨᠠᠷ ᠲᠤ ᠴᠦ ᠯᠠᠮᠠ ᠶᠢᠨ ᠱᠠᠰᠢᠨ ᠢᠶᠠᠨ ᠳᠡᠯᠭᠡᠷᠡᠭᠦᠯᠵᠤ ᠪᠠᠶᠢᠵᠠᠢ᠃ | ᠮᠠᠨ ᠤ ᠤᠨᠳᠤᠤ ᠮᠤᠩᠭᠤᠯᠴᠤᠳ ᠤᠨ ᠳᠤᠮᠳᠠ ᠮᠠᠨᠵᠤ ᠴᠢᠩ ᠤᠯᠤᠰ ᠠᠴᠠ ᠯᠠᠮᠠ ᠶᠢᠨ ᠱᠠᠰᠢᠨ ᠢ ᠳᠤᠷ᠎ᠠ ᠮᠡᠳᠡᠨ ᠬᠦᠭᠵᠢᠭᠦᠯᠵᠤ ᠨᠢᠭᠡ ᠬᠤᠰᠢᠭᠤᠨ ᠳᠤ | ᠬᠡᠳᠦ ᠬᠡᠳᠦ᠂ ᠴᠢᠨᠠᠭᠰᠢᠯᠠᠨ ᠬᠡᠳᠦᠨ ᠠᠷᠪᠠ ᠪᠠᠷ ᠴᠦ ᠪᠠᠶᠢᠭᠤᠯᠵᠤ ᠪᠠᠶᠢᠵᠠᠢ᠃ ᠢᠡᠭᠭᠢᠭᠰᠡᠨ ᠠᠴᠠ ᠤᠩᠨᠢᠭᠤᠳ ᠵᠡᠭᠦᠨ ᠬᠤᠰᠢᠭᠤ ᠮᠠᠨᠵᠤ ᠳᠤ ᠤᠷᠤᠵᠤ ᠦᠭᠭᠦ | ᠦᠶ᠎ᠡ ᠶᠢᠨ ᠬᠤᠶᠠᠷ ᠲᠦᠮᠡ ᠨᠠᠢᠮᠠᠨ ᠮᠢᠩᠭ᠎ᠠ ᠭᠠᠷᠤᠢ ᠬᠦᠮᠦᠨ ᠠᠮᠠ ᠠᠴᠠ ᠮᠠᠨᠵᠤ ᠮᠦᠬᠦᠬᠦ ᠳᠤ ᠨᠠᠢᠮᠠᠨ ᠮᠢᠩᠭ᠎ᠠ ᠭᠠᠷᠦ᠋ᠢᠬᠠᠨ ᠬᠦᠮᠦᠨ ᠠᠮᠠ ᠲᠠᠢ ᠪᠤᠯᠤᠭᠰᠠᠨ | ᠶᠤᠮ᠃ ᠯᠠᠮᠠ ᠨᠠᠷ ᠨᠢ ᠪᠦᠷ ᠯᠡ ᠲᠦᠪᠡᠳ ᠢᠶᠠᠷ ᠨᠤᠮ ᠢᠶᠠᠨ ᠤᠩᠰᠢᠵᠤ᠂ ᠠᠶᠢᠯ ᠭᠡᠷ ᠲᠤ ᠵᠠᠯᠠᠭᠳᠠᠬᠤ ᠳᠤ ᠪᠠᠨ ᠪᠦᠷ ᠯᠡ ᠲᠦᠪᠡᠳ ᠢᠶᠠᠷ ᠤᠩᠰᠢᠨ᠂ | ᠮᠦᠷᠬᠦᠯᠴᠢᠨ ᠨᠢ ᠰᠤᠨᠤᠰᠤᠭᠠᠳ ᠤᠢᠢᠯᠠᠭᠠᠬᠤ ᠦᠭᠡᠢ᠂ ᠯᠠᠮᠠ ᠨᠢ ᠴᠦ ᠤᠩᠰᠢᠭᠠᠳ ᠤᠢᠢᠯᠠᠭᠠᠬᠤ ᠦᠭᠡᠢ ᠰᠤᠨᠢᠨ ᠪᠠᠶᠢᠳᠠᠯ ᠭᠠᠷᠴᠤ ᠪᠠᠶᠢᠭᠰᠠᠨ᠃ ᠬᠤᠰᠢᠭᠤᠨ | ᠰᠦᠮ᠎ᠡ ᠳᠤ ᠴᠠᠮ ᠬᠠᠷᠠᠶᠢᠬᠤ ᠳᠤ ᠪᠠᠨ ᠴᠦ ᠲᠦᠪᠡᠳ ᠢᠶᠠᠷ ᠳᠠᠭᠤᠯᠠᠵᠤ ᠪᠠᠶᠢᠵᠠᠢ᠃ ᠭᠠᠳᠠᠭᠠᠳᠤ ᠶᠢᠨ ᠰᠤᠳᠤᠯᠭᠠᠨ ᠳᠤ ᠲᠦᠮᠡᠨ ᠰᠦᠰᠦᠭᠳᠡᠨ ᠤ ᠳᠤᠮᠳᠠ ᠨᠢᠭᠡ | ᠰᠦᠮ᠎ᠡ ᠪᠠᠶᠢᠳᠠᠭ ᠨᠢ ᠬᠠᠷᠢᠴᠠᠯ ᠨᠢ ᠳᠠᠭᠠᠷᠠᠨ᠎ᠠ ᠭᠡᠨ᠃ ᠬᠠᠷᠢᠨ ᠮᠠᠨ ᠤ ᠳᠤᠮᠳᠠ ᠬᠠᠷᠢᠴᠠᠯ ᠨᠢ ᠠᠷᠪᠠᠭᠠᠳ ᠳᠠᠬᠢᠨ ᠢᠶᠠᠷ ᠵᠦᠷᠢᠭᠰᠡᠨ ᠪᠠᠶᠢᠵᠤᠬᠤᠢ᠃ | ᠤᠢᠢᠷᠠᠳ ᠬᠠᠭᠠᠨᠳᠤ ᠤᠯᠤᠰ ᠤᠨ ᠨᠤᠳᠤᠭ ᠳᠡᠪᠢᠰᠭᠡᠷ ᠨᠢ ᠤᠳᠤ ᠳᠡᠭᠡᠷ᠎ᠡ ᠪᠠᠨ ᠬᠢᠳᠠᠳ᠂ ᠤᠷᠤᠰ᠂ ᠮᠤᠩᠭᠤᠯ ᠤᠯᠤᠰ᠂ ᠺᠠᠽᠠᠭᠰᠲ᠋ᠠᠨ᠂ ᠺᠢᠷᠬᠢᠰᠲ᠋ᠠᠨ᠂ | ᠦᠽᠢᠪᠧᠺᠰᠲ᠋ᠠᠨ᠂ ᠳᠠᠵᠢᠺᠰᠲ᠋ᠠᠨ᠂ ᠫᠠᠺᠢᠰᠲ᠋ᠠᠨ᠂ ᠡᠨᠡᠳᠭᠡᠭ᠂ ᠠᠹᠠᠭᠠᠨᠢᠰᠲ᠋ᠠᠨ ᠮᠡᠳᠦ ᠶᠢᠨ ᠤᠯᠠᠨ ᠤᠯᠤᠰ ᠲᠤ ᠬᠤᠪᠢᠶᠠᠭᠳᠠᠨ ᠤᠷᠤᠪᠠ᠃ ᠮᠤᠩᠭᠤᠯ ᠤᠯᠤᠰ ᠤᠨ | ᠪᠠᠷᠠᠭᠤᠨ ᠬᠡᠰᠡᠭ ᠤᠨ ᠬᠤᠪᠳᠤ ᠶᠢᠨ ᠬᠢᠵᠠᠭᠠᠷ ᠨᠢ ᠵᠦᠡᠭᠭᠠᠷ ᠤᠨ ᠨᠤᠳᠤᠭ ᠪᠠᠶᠢᠭᠰᠠᠨ ᠶᠤᠮ᠃ ᠭᠠᠯᠳᠠᠨ ᠪᠤᠱᠤᠭᠳᠤ ᠶᠢᠨ ᠦᠶ᠎ᠡ ᠳᠤ ᠳᠠᠷᠢᠶ᠎ᠠ ᠳᠠᠷᠢᠵᠤ᠂ ᠨᠤᠳᠤᠭ | ᠬᠤᠪᠢᠶᠠᠷᠢᠯᠠᠵᠤ ᠪᠦᠳᠦᠮᠵᠢᠳᠡᠢ ᠵᠠᠬᠢᠷᠴᠤ ᠪᠠᠶᠢᠵᠠᠢ᠃ ᠵᠦᠡᠭᠭᠠᠷ ᠤᠨ ᠬᠤᠭᠤᠷᠤᠨᠳᠤᠬᠢ ᠳᠠᠶᠢᠨ ᠳᠤ ᠲᠦᠷᠪᠡᠳ ᠬᠦᠮᠦᠰ ᠭᠤᠷᠪᠠᠨ ᠴᠡᠷᠢᠭ ᠤᠨ ᠳᠠᠭᠠᠭᠤᠯᠭ᠎ᠠ ᠳᠤᠤᠷ᠎ᠠ | ᠠᠯᠳᠠᠢ ᠠᠭᠤᠯᠠ ᠶᠢ ᠳᠠᠪᠠᠵᠤ ᠴᠢᠩ ᠤᠯᠤᠰ ᠲᠤ ᠪᠠᠭᠤᠵᠤ ᠦᠭᠭᠦᠭᠡᠳ ᠤᠯᠠᠭᠠᠨ ᠭᠤᠮ ᠤᠷᠴᠢᠮ ᠭᠠᠵᠠᠷ ᠨᠤᠳᠤᠭ ᠵᠢᠭᠠᠵᠤ ᠰᠠᠭᠤᠯᠭᠠᠪᠠ᠃ ᠰᠡᠭᠦᠯ ᠳᠤ ᠢᠵᠢᠯ | ᠵᠠᠢ ᠠᠴᠠ ᠪᠤᠴᠠᠵᠤ ᠢᠷᠡᠭᠰᠡᠨ ᠰᠡᠷᠡᠩ ᠤᠨ ᠬᠤᠰᠢᠭᠤ ᠶᠢ ᠪᠠᠰᠠ ᠡᠨᠡ ᠤᠷᠤᠨ ᠳᠤ ᠰᠠᠭᠤᠯᠭᠠᠪᠠ᠃ ᠮᠤᠩᠭᠤᠯ ᠤᠯᠤᠰ ᠲᠤ ᠤᠢᠢᠷᠠᠳ ᠭᠠᠷᠤᠯ ᠲᠠᠢ ᠬᠦᠮᠦᠰ ᠬᠤᠷᠢ | ᠭᠠᠷᠤᠢ ᠲᠦᠮᠡ ᠪᠤᠢ᠃ ᠰᠢᠨᠵᠢᠶᠠᠩ ᠤᠷᠴᠢᠮ ᠤᠨ ᠳᠤᠷᠭᠤᠳ ᠪᠠ ᠢᠯᠢ ᠤᠷᠴᠢᠮ ᠢᠶᠠᠷ ᠬᠢᠳᠤᠭᠳᠠᠵᠤ ᠦᠯᠡᠳᠡᠨ ᠪᠠᠭᠤᠵᠤ ᠦᠭᠭᠦᠭᠰᠡᠨ ᠴᠤᠷᠤᠰ ᠪᠠ ᠨᠡᠭᠦᠯᠭᠡᠵᠤ | ᠠᠪᠴᠢᠷᠠᠭᠰᠠᠨ ᠴᠠᠬᠠᠷ ᠬᠦᠮᠦᠰ ᠲᠠᠢ ᠪᠠᠷᠤᠭ ᠬᠤᠷᠢᠨ ᠲᠦᠮᠡ ᠵᠠᠪᠳᠤᠭᠤ ᠪᠠᠶᠢᠨ᠎ᠠ ᠭᠡᠳᠡᠭ᠃ ᠤᠷᠤᠰ ᠤᠨ ᠢᠵᠢᠯ ᠵᠠᠢ ᠶᠢᠨ ᠬᠠᠯᠢᠮᠠᠭᠴᠤᠳ᠂ ᠪᠦᠬᠦᠳᠡ | ᠨᠠᠶᠢᠷᠠᠮᠳᠠᠬᠤ ᠠᠯᠳᠠᠢ ᠤᠯᠤᠰ ᠤᠨ ᠤᠢᠢᠷᠠᠳᠴᠤᠳ ᠪᠠ ᠤᠨᠳᠤᠤ ᠭᠠᠵᠠᠷ ᠰᠠᠭᠤᠷᠢᠰᠢᠵᠤ ᠪᠠᠶᠢᠭ᠎ᠠ ᠤᠢᠢᠷᠠᠳ ᠬᠦᠮᠦᠰ ᠬᠤᠷᠢᠭᠠᠳ ᠲᠦᠮᠡ ᠪᠤᠢ᠃ ᠳᠤᠪᠠᠴᠤᠳ ᠨᠢ | ᠤᠢᠢᠷᠠᠳ ᠲᠤ ᠤᠷᠤᠳᠠᠭ ᠪᠤᠯᠪᠠᠰᠤ ᠡᠨᠡ ᠳᠤᠭ᠎ᠠ ᠠᠴᠠ ᠪᠠᠰᠠ ᠭᠠᠷᠤᠨ᠎ᠠ᠃ ᠬᠦᠬᠡᠨᠠᠭᠤᠷ ᠲᠤ ᠬᠡᠳᠦᠨ ᠲᠦᠮᠡᠨ ᠬᠤᠱᠤᠳᠴᠤᠳ ᠪᠠᠶᠢᠨ᠎ᠠ᠃ ᠬᠡᠪᠡᠴᠦ ᠬᠤᠱᠤᠳ | ᠤᠯᠤᠰ ᠪᠠᠶᠢᠭᠰᠠᠨ ᠴᠠᠭ ᠲᠤ ᠲᠦᠴᠢ ᠳᠠᠪᠢᠭᠠᠳ ᠲᠦᠮᠡᠨ ᠬᠦᠮᠦᠨ ᠲᠠᠢ ᠪᠠᠶᠢᠭᠰᠠᠨ ᠶᠤᠮ᠃ ᠰᠢᠨᠵᠢᠶᠠᠩ ᠤᠨ ᠤᠢᠢᠷᠠᠳᠴᠤᠳ ᠪᠠ ᠬᠦᠬᠡᠨᠠᠭᠤᠷ ᠤᠨ | ᠬᠤᠱᠤᠳᠴᠤᠳ ᠬᠠᠰᠠᠭ ᠳᠡᠭᠡᠷᠡᠮ ᠳᠤ ᠤᠯᠠᠨ ᠬᠢᠳᠤᠭᠳᠠᠭᠰᠠᠨ ᠪᠤᠶᠤ ᠰᠢᠨᠵᠢᠶᠠᠩ ᠮᠤᠩᠭᠤᠯᠴᠤᠳ ᠨᠢ ᠤᠢᠢᠭᠤᠷᠴᠤᠳ ᠺᠠᠽᠠᠭ ᠳᠡᠭᠡᠷᠡᠮ ᠳᠤ ᠤᠯᠠᠨ | ᠬᠢᠳᠤᠭᠳᠠᠭᠰᠠᠨ ᠪᠤᠶᠤ ᠰᠢᠨᠵᠢᠶᠠᠩ ᠮᠤᠩᠭᠤᠯᠴᠤᠳ ᠨᠢ ᠤᠢᠢᠭᠤᠷᠴᠤᠳ ᠲᠤ ᠪᠠᠭ᠎ᠠ ᠪᠤᠰᠤ ᠠᠯᠠᠭᠳᠠᠯ᠎ᠠ ᠭᠡᠳᠡᠭ ᠶᠤᠮ᠃ ᠡᠨᠡ ᠳᠡᠦᠭᠡ ᠶᠢ ᠨᠡᠶᠢᠳᠡᠯᠡᠵᠤ | ᠦᠵᠡᠭᠦᠰᠢᠳᠡᠢ᠃ ᠬᠦᠭᠡᠨᠠᠭᠤᠷ ᠤᠨ ᠮᠤᠩᠭᠤᠯ ᠢ ᠤᠨᠳᠤᠤ ᠦᠨᠳᠦᠰᠦᠳᠡᠨ ᠪᠤᠯᠭᠠᠨ ᠵᠠᠳᠠᠷᠠᠭᠤᠯᠤᠭᠰᠠᠨ ᠤᠯᠠᠨ ᠪᠤᠢ᠃ ︽ᠴᠠᠭᠠᠨ ᠮᠤᠩᠭᠤᠯ︾ ᠭᠡᠭᠴᠢ | ᠮᠤᠩᠭᠤᠯᠴᠤᠳ ᠪᠤᠯ ᠪᠤᠯᠳᠤ ᠪᠠᠷ ᠢᠶᠠᠨ ᠤᠢᠢᠷᠠᠳ ᠬᠦᠮᠦᠰ ᠪᠤᠯᠬᠤ ᠶᠤᠰᠤᠳᠠᠢ᠃ ᠴᠠᠭᠠᠨ ᠮᠤᠩᠭᠤᠯ ᠬᠦᠬᠡᠨᠠᠭᠤᠷ ᠤᠷᠴᠢᠮ ᠢᠶᠠᠷ ᠬᠤᠷᠢᠭᠠᠳ ᠲᠦᠮᠡ ᠪᠤᠢ᠃ ᠪᠠᠰᠠ | ᠨᠢᠭᠡ ᠪᠦᠯᠦᠭ ᠢᠰᠯᠠᠮ ᠱᠠᠰᠢᠨ ᠰᠢᠳᠦᠳᠡᠭ ︽ᠰᠠᠷᠳᠠᠭᠤᠯ ᠮᠤᠩᠭᠤᠯ︾ ᠭᠡᠭᠳᠡᠳᠡᠭ ᠳ᠋ᠦᠡᠭᠰᠢᠶᠠᠩᠴᠤᠳ ᠪᠤᠢ᠃ ᠤᠭ ᠭᠠᠷᠤᠯ ᠨᠢ ᠺᠠᠽᠠᠭ ᠶᠤᠮ ᠤᠤ᠂ ᠮᠤᠩᠭᠤᠯ | ᠶᠤᠮ ᠤᠤ ᠮᠤᠩᠭᠤᠯ ᠰᠤᠳᠤᠯᠭᠠᠴᠢᠳ ᠴᠦ ᠮᠠᠷᠭᠤᠭᠠᠨ ᠲᠠᠢ ᠪᠠᠶᠢᠭᠰᠠᠭᠠᠷ᠃ ᠳ᠋ᠦᠢᠩᠰᠢᠶᠠᠩ ᠮᠤᠩᠭᠤᠯ ᠳᠠᠪᠢᠭᠠᠳ ᠲᠦᠮᠡᠨ ᠬᠦᠮᠦᠨ ᠪᠤᠢ᠃ ᠶᠤᠭᠤᠷᠴᠤᠳ ᠭᠡᠵᠤ | ᠪᠤᠢ᠃ ᠵᠡᠭᠦᠨ ᠬᠡᠰᠡᠭ ᠨᠢ ᠴᠠᠭᠠᠨ ᠶᠤᠭᠤᠷ ᠨᠢ ᠮᠤᠩᠭᠤᠯ ᠲᠠᠢ ᠤᠢᠢᠷ᠎ᠠ᠂ ᠪᠠᠷᠠᠭᠤᠨ ᠰᠢᠷ᠎ᠠ ᠶᠤᠭᠤᠷ ᠨᠢ ᠤᠢᠢᠭᠤᠷ ᠠᠴᠠ ᠤᠯᠠᠷᠢᠵᠤ ᠢᠷᠡᠭᠰᠡᠨ ᠭᠡᠳᠡᠭ᠃ ᠬᠡᠳᠦᠨ | ᠮᠢᠩᠭᠠᠨ ᠬᠦᠮᠦᠨ ᠪᠤᠢ᠃ ᠭᠠᠨᠰᠤ ᠳᠤ ᠨᠢᠭᠡ ᠪᠦᠯᠦᠭ ᠮᠤᠩᠭᠤᠯᠴᠤᠳ ᠪᠠᠶᠢᠳᠠᠭ ᠨᠢ ᠰᠦᠪᠧᠢ ᠮᠤᠩᠭᠤᠯ ᠭᠡᠵᠤ ᠪᠤᠢ᠃ ᠢᠷᠡᠯ ᠭᠠᠷᠤᠯ ᠤᠨ ᠳᠤᠬᠠᠢ ᠶᠠᠮᠠᠷ ᠪᠠᠶᠢᠳᠠᠭ | ᠢ ᠮᠠᠲ᠋ᠧᠷᠢᠶᠠᠯ ᠠᠴᠠ ᠤᠯᠤᠭᠰᠠᠨ ᠦᠭᠡᠢ᠂ ᠴᠤᠭᠳᠤ ᠳᠠᠶᠢᠵᠢ ᠶᠢᠨ ᠳᠠᠭᠠᠭᠤᠯᠵᠤ ᠢᠷᠡᠭᠰᠡᠨ ᠬᠤᠶᠠᠷ ᠲᠦᠮᠡ ᠢᠯᠡᠭᠦᠦ ᠬᠠᠯᠬ᠎ᠠ ᠬᠦᠮᠦᠰ ᠨᠢ ᠤᠢᠢᠷᠠᠳ ᠤᠨ ᠳᠤᠮᠳᠠ | ᠰᠢᠩᠭᠡᠵᠡᠢ᠃ ᠴᠢᠩ ᠤᠯᠤᠰ ᠤᠨ ᠨᠠᠶᠢᠷᠠᠯᠳᠤ ᠲᠦᠪ ᠬᠠᠭᠠᠨ ᠤ ᠦᠶ᠎ᠡ ᠪᠠᠷ ᠬᠦᠬᠡᠨᠠᠭᠤᠷ ᠤᠨ ᠮᠤᠩᠭᠤᠯᠴᠤᠳ ᠢ ᠬᠤᠷᠢ ᠭᠠᠷᠤᠢ ᠲᠦᠮᠡ ᠬᠢᠳᠤᠵᠠᠢ᠃ ᠡᠨᠡ ᠨᠢ | ᠬᠤᠱᠤᠳ ᠲᠤ ᠬᠤᠶᠠᠷ ᠬᠠᠭᠠᠨ ᠭᠠᠷᠭᠠᠵᠤ ᠬᠠᠭᠠᠷᠠᠯᠳᠤᠭᠤᠯᠵᠤ ᠪᠠᠶᠢᠭᠠᠳ ᠴᠡᠷᠢᠭ ᠤᠷᠤᠭᠤᠯᠵᠤ ᠡᠵᠡᠯᠡᠵᠤ ᠠᠪᠬᠤ ᠬᠡᠰᠡᠨ ᠴᠢᠩ ᠤᠯᠤᠰ ᠤᠨ ᠰᠡᠭᠦᠯᠴᠢ ᠪᠠᠷ | ᠰᠢᠨᠵᠢᠶᠠᠩ ᠤᠨ ᠨᠢᠭᠡ ᠪᠦᠯᠦᠭ ᠨᠤᠳᠤᠭ ᠳᠡᠪᠢᠰᠭᠡᠷ ᠤᠷᠤᠰ ᠲᠤ ᠤᠷᠤᠬᠤ ᠶᠢ ᠳᠠᠭᠠᠯᠳᠤᠨ ᠨᠢᠭᠡ ᠪᠦᠯᠦᠭ ᠤᠢᠢᠷᠠᠳᠴᠤᠳ ᠬᠠᠰᠠᠭ ᠤᠨ ᠳᠤᠮᠳᠠ ᠤᠷᠤᠭᠰᠠᠨ | ᠪᠠᠶᠢᠵᠤ ᠮᠡᠳᠡᠨ᠎ᠡ᠃ ᠵᠦᠡᠭᠭᠠᠷ ᠮᠦᠬᠦᠬᠦ ᠳᠤ ᠬᠠᠰᠠᠭ ᠲᠤ ᠳᠤᠳᠠᠭᠠᠨ ᠤᠷᠤᠭᠰᠠᠨ ᠤᠢᠢᠷᠠᠳᠴᠤᠳ ᠲᠤ ᠺᠠᠽᠠᠭᠴᠤᠳ ᠤᠨ ᠳᠤᠮᠳᠠ ᠳᠠᠯᠳᠠᠯᠠᠨ ᠦᠯᠡᠳᠡᠭᠰᠡᠨ ᠪᠠᠶᠢᠵᠤ | ᠴᠦ ᠮᠡᠳᠡᠨ᠎ᠡ᠃ | ᠡᠨᠡᠳᠭᠡᠭ ᠫᠠᠺᠢᠰᠲ᠋ᠠᠨ ᠤ ᠬᠤᠶᠢᠳᠤ ᠬᠡᠰᠡᠭ ᠤᠨ ᠺᠠᠱᠮᠢᠷ ᠤᠷᠤᠨ ᠪᠤᠯ ᠵᠦᠡᠭᠭᠠᠷ ᠲᠤ ᠬᠠᠷᠢᠶᠠᠯᠠᠭᠳᠠᠵᠤ ᠴᠦ ᠪᠠᠶᠢᠭᠰᠠᠨ ᠮᠠᠭᠠᠳ ᠦᠭᠡᠢ᠃ ᠴᠧᠧᠠᠩᠷᠠᠪᠳᠠᠨ ᠤ | ᠦᠶ᠎ᠡ ᠳᠤ ᠶᠡᠭᠡ ᠴᠡᠷᠢᠨᠳᠤᠩᠷᠤᠪ ᠺᠠᠱᠮᠢᠷ ᠢᠶᠠᠷ ᠳᠠᠮᠵᠢᠨ ᠲᠦᠪᠡᠳ ᠲᠤ ᠴᠡᠷᠢᠭ ᠤᠷᠤᠭᠤᠯᠵᠠᠢ᠃ ᠠᠹᠠᠭᠠᠨᠢᠰᠲ᠋ᠠᠨ ᠤ ᠬᠤᠶᠢᠳᠤ ᠬᠡᠰᠡᠭ ᠨᠢ ᠳᠡᠷᠡ ᠴᠢᠭ ᠢᠶᠠᠷ ᠢᠶᠠᠨ | ᠵᠦᠡᠭᠭᠠᠷ ᠤᠢᠢᠷᠠᠳ ᠲᠤ ᠬᠤᠷᠢᠶᠠᠯᠠᠭᠳᠠᠵᠤ ᠪᠠᠶᠢᠵᠠᠢ᠃ ᠠᠹᠭᠠᠨ ᠤ ᠬᠠᠵᠠᠷᠴᠤᠳ ᠨᠢ ᠪᠠᠷᠠᠭᠤᠨᠰᠢ ᠨᠡᠭᠦᠳᠡᠯᠯᠡᠭᠰᠡᠨ ᠦᠭᠡᠯᠡᠳ ᠤᠢᠢᠷᠠᠳ ᠤᠨ ᠪᠦᠷᠢᠯᠳᠦᠭᠦᠨ | ᠮᠠᠭᠠᠳ᠃ ᠺᠢᠷᠬᠢᠽᠰᠲ᠋ᠠᠨ ᠨᠢ ᠵᠦᠡᠭᠭᠠᠷ ᠤᠯᠤᠰ ᠤᠨ ᠰᠢᠭᠤᠳ ᠮᠡᠳᠡᠯ ᠳᠤ ᠪᠠᠶᠢᠵᠤ᠂ ︽ᠺᠢᠷᠬᠢᠰ ᠲᠦᠮᠡᠨ︾ ᠭᠡᠰᠡᠨ ᠨᠡᠷ᠎ᠡ ᠲᠠᠢ ᠪᠠᠶᠢᠭᠰᠠᠨ᠃ ᠺᠢᠷᠬᠢᠰ ᠨᠢ ᠤᠳᠤ | ᠶᠢᠨ ᠮᠤᠩᠭᠤᠯ ᠤᠯᠤᠰ ᠤᠨ ᠬᠢᠵᠠᠭᠠᠷ ᠲᠤ ᠪᠠᠶᠢᠭᠰᠠᠨ ᠢᠶᠠᠨ ᠴᠧᠧᠡᠩᠷᠠᠪᠳᠠᠨ ᠬᠠᠭᠠᠨ ᠠᠴᠠ ᠤᠷᠤᠰ ᠲᠠᠢ ᠬᠤᠯᠪᠤᠭᠠᠯᠠᠬᠤ ᠠᠴᠠ ᠰᠡᠷᠭᠡᠶᠢᠯᠡᠵᠤ ᠵᠦᠡᠭᠭᠠᠷ ᠤᠨ | ᠳᠤᠮᠳᠠ ᠬᠡᠰᠡᠭ ᠲᠤ ᠰᠢᠯᠵᠢᠭᠦᠯᠦᠭᠰᠡᠨ ᠭᠡᠳᠡᠭ ᠶᠤᠮ᠃ ᠺᠠᠽᠠᠭ ᠴᠦ ᠵᠦᠡᠭᠭᠠᠷ ᠤᠨ ᠬᠠᠷᠢᠶᠠᠳᠤ ᠪᠠᠶᠢᠭᠰᠠᠨ᠃ ᠵᠦᠡᠭᠭᠠᠷ ᠤᠨ ᠬᠤᠷᠢᠨ ᠲᠦᠷᠪᠡᠨ ᠤᠳᠤᠭ ᠨᠢ | ᠬᠠᠰᠠᠭ ᠬᠦᠮᠦᠨ᠂ ᠨᠢᠭᠡ ᠤᠳᠤᠭ ᠨᠢ ᠺᠢᠷᠬᠢᠰ ᠬᠦᠮᠦᠰ ᠢᠶᠠᠷ ᠪᠦᠷᠢᠯᠳᠦᠯ᠎ᠡ ᠬᠡᠳᠡᠭ ᠶᠤᠮ᠃ | |