ᠲᠦᠷᠪᠡᠨ ᠤᠢᠢᠷᠠᠳ ᠪᠤᠯᠪᠠᠰᠤ ᠡᠷᠳᠡ ᠠᠴᠠ ᠤᠷᠤᠰᠢᠵᠤ ᠪᠠᠶᠢᠭᠰᠠᠨ ᠨᠡᠭᠦᠳᠡᠯᠴᠢᠨ ᠤ ᠬᠤᠶᠢᠴᠢᠰ ᠪᠢᠯᠡ᠃ ᠴᠢᠩᠭᠢᠰ ᠬᠠᠭᠠᠨ ᠠᠴᠠ ᠪᠠᠷᠠᠭᠤᠨ ᠬᠤᠷᠢ | ᠲᠦᠮᠡᠳ ᠢ ᠤᠷᠤᠭᠤᠯᠵᠤ ᠠᠪᠬᠤ ᠳᠤ ᠤᠢᠢᠷᠠᠳ ᠤᠨ ᠲᠦᠷᠦᠭᠦᠦ ᠪᠠᠶᠢᠭᠰᠠᠨ ᠬᠤᠳᠤᠭ᠎ᠠ ᠪᠠᠬᠢ ᠠᠴᠠ ᠤᠢᠢᠷᠠᠳ ᠠᠶᠢᠮᠠᠭ ᠢᠶᠠᠨ ᠳᠠᠭᠠᠭᠤᠯᠤᠨ ᠤᠷᠤᠵᠤ ᠦᠭᠭᠦᠭᠡᠳ | ᠳᠠᠶᠢᠱᠢ ᠡᠷᠭᠦᠮᠵᠢᠯᠡᠭᠳᠡᠨ᠂ ᠴᠢᠩᠭᠢᠰ ᠤᠨ ᠠᠯᠳᠠᠨ ᠤᠷᠤᠭ ᠲᠠᠢ ᠤᠷᠤᠭ ᠬᠤᠳᠠ ᠪᠤᠯᠤᠯᠴᠠᠭᠰᠠᠨ ᠠᠴᠠ ᠳᠡᠳᠡᠭᠡᠷ ᠭᠠᠵᠠᠷ ᠨᠤᠳᠤᠭ ᠲᠤ ᠨᠡᠭᠦᠳᠡᠯᠯᠡᠨ ᠮᠠᠯᠵᠢᠵᠤ | ᠪᠠᠶᠢᠭᠰᠠᠨ ᠤᠢ ᠶᠢᠨ ᠢᠷᠭᠡᠳ ᠠᠴᠠ ᠶᠡᠭᠡ ᠦᠡᠭᠭᠡ ᠬᠡᠷᠡᠯ ᠲᠠᠢ ᠶᠠᠪᠤᠳᠠᠯ ᠢᠶᠠᠷ ᠦᠵᠡᠵᠤ ᠦᠪᠡᠷ ᠢ ᠪᠠᠨ ᠤᠢᠢᠷᠠᠳ ᠬᠡᠮᠡᠨ ᠶᠡᠷᠦᠩᠭᠡᠶᠢᠯᠡᠨ ᠨᠡᠷᠡᠶᠢᠳᠴᠡᠢ᠃ | ᠳᠡᠦᠭᠡ ᠶᠢᠨ ᠬᠤᠭᠤᠴᠠᠭᠠᠨ ᠳᠤ ᠲᠦᠷᠪᠡᠨ ᠤᠢᠢᠷᠠᠳ ᠨᠢ ᠬᠡᠳᠦᠢ ᠪᠦᠷᠢᠯᠳᠦᠬᠦᠨ ᠢᠶᠠᠨ ᠰᠤᠯᠢᠭᠰᠠᠨ ᠴᠦ ᠪᠦᠷ ᠯᠡ ᠲᠦᠷᠪᠡ ᠪᠠᠷ ᠰᠠᠭᠤᠷᠢᠯᠠᠵᠤ ᠪᠠᠶᠢᠭᠰᠠᠨ ᠢᠶᠠᠷ | ᠲᠦᠷᠪᠡᠨ ᠤᠢᠢᠷᠠᠳ ᠬᠡᠮᠡᠭᠳᠡᠵᠡᠢ᠃ ᠠᠯᠢ ᠲᠦᠷᠪᠡᠨ ᠤᠢᠢᠷᠠᠳ ᠪᠤᠯᠤᠭᠰᠠᠨ ᠴᠦ ᠴᠤᠷᠤᠰ ᠤᠢᠢᠷᠠᠳ ᠨᠢ ᠲᠦᠷᠦᠭᠦᠯᠵᠤ᠂ ᠴᠤᠷᠤᠰ ᠤᠨ ᠲᠦᠷᠦᠭᠦᠴᠦᠳ ᠨᠢ | ᠲᠦᠷᠪᠡᠨ ᠤᠢᠢᠷᠠᠳ ᠤᠨ ᠨᠤᠶᠠᠯᠠᠬᠤ ᠡᠷᠭᠡ ᠶᠢ ᠪᠠᠷᠢᠵᠤ ᠪᠠᠶᠢᠵᠠᠢ᠃ ᠮᠤᠩᠭᠤᠯ ᠤᠨ ᠬᠠᠭᠠᠨ ᠪᠠᠶᠢᠭᠰᠠᠨ ᠮᠦᠡᠭᠭᠡ᠂ ᠠᠷᠢᠭᠪᠤᠬ᠎ᠠ ᠶᠢᠨ ᠬᠠᠳᠤᠨ ᠨᠢ ᠪᠦᠷ ᠤᠢᠢᠷᠠᠳ | ᠬᠦᠮᠦᠨ ᠪᠢᠯᠡ᠃ | | | | | | | | | | | | ᠶᠤᠧᠠᠨ ᠤᠯᠤᠰ ᠬᠢᠳᠠᠳ ᠤᠷᠤᠨ ᠠᠴᠠ ᠬᠦᠭᠡᠭᠳᠡᠨ ᠭᠠᠷᠤᠭᠰᠠᠨ ᠤ ᠳᠠᠷᠠᠭ᠎ᠠ᠂ ᠮᠤᠩᠭᠤᠯ ᠤᠨ ᠲᠦᠷᠦ ᠨᠢ ᠨᠢᠭᠡ ᠪᠦᠯᠦᠭ ᠬᠦᠮᠦᠰ ᠢᠶᠠᠨ ᠬᠢᠳᠠᠳ ᠤᠷᠤᠨ ᠳᠤ | ᠠᠯᠳᠠᠵᠤ᠂ ᠤᠮᠠᠷᠠᠰᠢ ᠳᠤᠳᠠᠭᠠᠭᠰᠠᠨ ᠳᠤᠭᠤᠨᠳᠡᠮᠦᠷ ᠬᠠᠭᠠᠨ ᠨᠢ ᠤᠳᠤ ᠶᠢᠨ ᠬᠡᠰᠢᠭᠳᠡᠨ ᠤ ᠪᠠᠷᠰ ᠬᠤᠳᠠᠨ ᠳᠤ ᠬᠤᠷᠭᠤᠳᠠᠵᠤ᠂ ᠬᠠᠷᠠᠬᠤᠷᠢᠨ ᠳᠤ ᠤᠴᠢᠬᠤ ᠵᠤᠷᠢᠭ | ᠦᠭᠡᠢ ᠪᠠᠶᠢᠭᠰᠠᠨ ᠨᠢ ᠨᠢᠭᠡ ᠳᠠᠯ᠎ᠠ ᠪᠠᠷ ᠤᠢᠢᠷᠠᠳ ᠬᠦᠮᠦᠰ ᠠᠴᠠ ᠡᠮᠢᠶᠡᠭᠰᠡᠨ ᠶᠠᠪᠤᠳᠠᠯ ᠪᠤᠶᠤ᠃ ᠳᠡᠭᠦᠨ ᠤ ᠳᠠᠷᠠᠭᠠᠬᠢ ᠳᠡᠭᠦᠰᠳᠡᠮᠦᠷ ᠬᠠᠭᠠᠨ ᠨᠢ ᠴᠦ ᠤᠢᠢᠷᠠᠳ | ᠬᠦᠮᠦᠨ ᠳᠤ ᠬᠤᠷᠤᠭᠠᠭᠳᠠᠭᠰᠠᠨ᠃ ᠡᠯᠪᠡᠭ ᠨᠢᠭᠦᠯᠡᠰᠦᠩᠬᠦᠢ ᠬᠠᠭᠠᠨ ᠨᠢ ᠰᠤᠯᠤᠩᠭᠤᠰ ᠤᠳᠤᠮ ᠲᠠᠢ ᠬᠠᠳᠤᠨ ᠤ ᠠᠷᠭ᠎ᠠ ᠳᠤ ᠤᠷᠤᠵᠤ ᠤᠢᠢᠷᠠᠳ ᠤᠨ ᠳᠠᠶᠢᠱᠢ ᠪᠠᠨ | ᠠᠯᠠᠭᠰᠠᠨ ᠠᠴᠠ ᠪᠤᠯᠵᠤ ᠮᠤᠩᠭᠤᠯ ᠤᠢᠢᠷᠠᠳ ᠡᠪᠳᠡᠷᠡᠯᠴᠡᠬᠦ ᠵᠠᠮ ᠡᠬᠢᠯᠡᠨ ᠳᠠᠯᠪᠢᠭᠳᠠᠪᠠᠢ᠂ ᠳᠤᠮᠳᠠᠳᠤ ᠠᠽᠢᠶ᠎ᠠ ᠳᠤ ᠳᠤᠭᠤᠯᠠᠩ ᠳᠡᠮᠦᠷ ᠭᠡᠰᠡᠨ ᠰᠠᠶᠢᠨ ᠡᠷ᠎ᠡ | ᠭᠠᠷᠴᠤ ᠳᠤᠮᠳᠠᠳᠤ ᠠᠽᠢᠶ᠎ᠠ ᠶᠢ ᠬᠦᠨᠳᠡᠯᠡᠨ ᠭᠤᠯᠳᠤ ᠱᠦᠭᠦᠷᠳᠡᠵᠤ᠂ ᠨᠡᠷ᠎ᠡ ᠠᠯᠳᠠᠷ ᠢᠶᠠᠨ ᠳᠡᠯᠡᠭᠡᠢ ᠳ᠋ᠠᠬᠢᠨ ᠳᠤ ᠮᠠᠨᠳᠤᠭᠤᠯᠤᠭᠰᠠᠨ ᠴᠦ ᠳᠡᠭᠦᠨ ᠠᠴᠠ ᠰᠡᠭᠦᠯᠡᠷᠬᠢ | ᠤᠢᠢᠷᠠᠳ ᠤᠨ ᠰᠠᠶᠢᠨ ᠡᠷ᠎ᠡ ᠡᠰᠡᠨ ᠬᠠᠭᠠᠨ ᠬᠡᠮᠡᠭᠴᠢ ᠳᠡᠭᠦᠨ ᠠᠴᠠ ᠠᠷᠪᠠᠨ ᠬᠤᠪᠢ ᠠᠷᠭ᠎ᠠ ᠪᠤᠳᠤᠯᠭ᠎ᠠ ᠲᠠᠢ᠂ ᠰᠠᠶᠢᠨ ᠡᠷ᠎ᠡ ᠪᠠᠶᠢᠭᠰᠠᠨ ᠠᠵᠤᠭᠤ᠃ ᠳᠤᠭᠤᠯᠠᠩ | ᠳᠡᠮᠦᠷ ᠨᠢ ᠬᠢᠳᠠᠳ ᠤᠨ ᠮᠢᠩ ᠤᠯᠤᠰ ᠢ ᠳᠠᠶᠢᠴᠢᠯᠠᠨ ᠳᠠᠭᠠᠭᠤᠯᠬᠤ ᠭᠡᠵᠤ ᠴᠡᠷᠢᠭᠯᠡᠵᠤ ᠪᠠᠶᠢᠭᠰᠠᠨ ᠵᠠᠮ ᠳᠤ ᠪᠠᠨ ᠨᠠᠰᠤ ᠪᠠᠷᠠᠭᠰᠠᠨ ᠳᠤ ᠳᠡᠭᠦᠨ ᠤ ᠶᠡᠭᠡ ᠦᠢᠯᠡᠰ ᠴᠦ | ᠳᠤᠷᠭᠤᠨ ᠬᠠᠶᠠᠭᠳᠠᠵᠤ᠂ ᠳᠡᠭᠦᠨ ᠢ ᠳᠠᠭᠠᠭᠰᠠᠨ ᠤᠢᠢᠷᠠᠳ ᠤᠨ ᠨᠢᠭᠡ ᠬᠡᠰᠡᠭ ᠨᠢ ᠳᠤᠮᠳᠠᠳᠤ ᠠᠽᠢᠶ᠎ᠠ᠂ ᠡᠮᠦᠨᠡᠳᠦ ᠠᠽᠢᠶ᠎ᠠ ᠳᠤ ᠤᠷᠤᠵᠤ᠂ ᠡᠨᠡᠳᠬᠡᠭ ᠢ ᠡᠵᠡᠯᠡᠭᠡᠳ | ᠠᠯᠳᠠᠷᠳᠠᠢ ᠮᠤᠭᠤᠯ ᠬᠠᠭᠠᠨᠳᠤ ᠤᠯᠤᠰ ᠢ ᠪᠠᠶᠢᠭᠤᠯᠵᠤ᠂ ᠬᠡᠳᠦᠨ ᠵᠠᠭᠤᠨ ᠤᠨ ᠤ ᠪᠠᠳᠠᠷᠠᠯ ᠢ ᠦᠡᠭᠭᠡᠷᠡᠭᠦᠯᠦᠭᠡᠳ ᠠᠩᠭ᠍ᠯᠢ ᠬᠦᠮᠦᠨ ᠳᠤ ᠮᠦᠬᠦᠭᠡᠭᠳᠡᠪᠡ᠃ ᠲᠦᠷᠦᠭᠦᠦ | ᠲᠦᠷᠪᠡᠨ ᠤᠢᠢᠷᠠᠳ ᠤᠨ ᠦᠭᠡᠯᠡᠳ ᠮᠡᠳᠦ ᠶᠢᠨ ᠤᠪᠤᠭ ᠠᠶᠢᠮᠠᠭ ᠨᠢ ᠠᠹᠠᠭᠠᠨᠢᠰᠲ᠋ᠠᠨ᠂ ᠫᠠᠺᠢᠰᠲ᠋ᠠᠨ ᠳᠤ ᠪᠠᠶᠢᠯ᠎ᠠ ᠭᠡᠨ᠎ᠡ᠃ ᠬᠡᠳᠦᠨ ᠵᠠᠭᠤᠨ ᠲᠦᠮᠡᠨ ᠬᠦᠮᠦᠨ ᠲᠠᠢ | ᠬᠠᠵᠠᠷ ᠬᠦᠮᠦᠨ ᠨᠢ ᠮᠦᠨ ᠪᠤᠯᠪᠠ ᠤᠤ︖ | ᠳᠤᠭᠤᠯᠠᠩ ᠳᠡᠮᠦᠷ ᠠᠴᠠ ᠰᠡᠭᠦᠯᠡᠷ ᠴᠤᠷᠤᠰ ᠤᠢᠢᠷᠠᠳ ᠤᠨ ᠳᠤᠭᠤᠨ ᠳᠠᠶᠢᠱᠢ᠂ ᠡᠰᠡᠨ ᠳᠠᠶᠢᠱᠢ ᠬᠦᠴᠦᠷᠭᠡᠭᠵᠢᠪᠡ᠃ ᠴᠤᠷᠤᠰ ᠭᠡᠳᠡᠭ ᠠᠶᠢᠮᠠᠭ ᠤᠨ | ᠲᠦᠷᠦᠭᠦᠴᠦᠳ ᠨᠢ ︽ᠤᠤᠷ ᠮᠤᠳᠤᠨ ᠡᠬᠡ ᠲᠠᠢ᠂ ᠤᠭᠤᠯᠢ ᠰᠢᠪᠠᠭᠤᠨ ᠡᠴᠢᠭᠡ ᠲᠠᠢ︾ ᠳᠡᠭᠷᠢ ᠶᠢᠨ ᠬᠦᠪᠡᠭᠦᠨ ᠭᠡᠭᠳᠡᠵᠤ᠂ ᠡᠪᠦᠭᠡ ᠳᠡᠭᠡᠳᠦᠰ ᠨᠢ ᠮᠤᠳᠤᠨ ᠤ | ᠬᠦᠨᠳᠡᠢ ᠳᠤ ᠴᠤᠷᠭᠤ ᠰᠢᠭ᠋ ᠶᠠᠭᠤᠮ᠎ᠠ ᠶᠢ ᠬᠦᠬᠦᠵᠤ ᠦᠰᠦᠭᠰᠡᠨ ᠠᠴᠠ ᠴᠤᠷᠤᠰ ᠭᠡᠮᠡᠨ ᠨᠡᠷᠡᠶᠢᠳᠦᠯᠡ ᠭᠡᠳᠡᠭ᠃ ︽ᠮᠠᠷᠺᠦ ᠫᠤᠯᠤ ᠶᠢᠨ ᠵᠢᠭᠤᠴᠢᠯᠠᠯ ᠤᠨ ᠳᠡᠮᠳᠡᠭᠯᠡᠯ︾ | ᠳᠤ ᠴᠦ ᠤᠢᠢᠭᠤᠷ ᠠᠶᠢᠮᠠᠭ ᠤᠨ ᠬᠢᠨ ᠢ ᠢᠡᠭᠭᠢᠵᠤ ᠳᠡᠮᠳᠡᠭᠯᠡᠵᠤ ᠪᠠᠶᠢᠨ᠎ᠠ᠃ ᠪᠤᠳᠤᠪᠠᠯ ᠡᠷᠳᠡᠨ ᠤ ᠤᠢᠢᠭᠤᠷ ᠠᠶᠢᠮᠠᠭ ᠲᠠᠢ ᠶᠠᠮᠠᠷ ᠨᠢᠭᠡᠨ ᠬᠠᠷᠢᠴᠠᠭ᠎ᠠ ᠲᠠᠢ ᠪᠢᠵᠡ᠃ | ᠳᠤᠭᠤᠨ ᠳᠠᠶᠢᠱᠢ ᠠᠮᠢᠳᠤ ᠪᠠᠶᠢᠬᠤ ᠬᠤᠭᠤᠴᠠᠭᠠᠨ ᠳᠤ ᠪᠠᠨ ᠪᠦᠬᠦ ᠮᠤᠩᠭᠤᠯ ᠢ ᠨᠢᠭᠡᠳᠭᠡᠬᠦ ᠰᠢᠬᠠᠵᠤ᠂ ᠡᠵᠡᠯᠡᠵᠤ ᠪᠠᠶᠢᠭᠰᠠᠨ ᠨᠤᠳᠤᠭ ᠳᠡᠪᠢᠰᠭᠡᠷ ᠨᠢ ᠴᠢᠩᠭᠢᠰ | ᠬᠠᠭᠠᠨ ᠤ ᠠᠮᠢᠳᠤ ᠰᠡᠷᠡᠭᠦᠨ ᠪᠠᠶᠢᠬᠤ ᠬᠤᠭᠤᠴᠠᠭᠠᠨ ᠳᠤ ᠡᠵᠡᠯᠡᠵᠤ ᠪᠠᠶᠢᠭᠰᠠᠨ ᠨᠤᠳᠤᠭ ᠳᠡᠪᠢᠰᠭᠡᠷ ᠲᠠᠢ ᠤᠢᠢᠷᠠᠳᠴᠦ ᠤᠴᠢᠵᠠᠢ᠃ ᠡᠶᠢᠮᠦ ᠰᠢᠯᠳᠠᠭᠠᠨ ᠠᠴᠠ | ᠪᠤᠯᠵᠤ ᠤᠢᠢᠷᠠᠳ ᠤᠨ ᠳᠤᠭᠤᠨ ᠳᠠᠶᠢᠱᠢ ᠠᠴᠠ ᠤᠷᠳᠤᠰ ᠲᠤ ᠴᠢᠩᠭᠢᠰ ᠬᠠᠭᠠᠨ ᠤ ᠨᠠᠢᠮᠠᠨ ᠴᠠᠭᠠᠨ ᠤᠷᠳᠤᠨ ᠢ ᠮᠤᠷᠢ ᠪᠠᠷ ᠳᠠᠭᠠᠷᠢᠭᠤᠯᠵᠤ᠂ ᠰᠡᠯᠡᠮ᠎ᠡ ᠪᠠᠷ | ᠴᠠᠪᠴᠢᠯᠠᠨ᠄ ︽ᠴᠢ ᠰᠤᠳᠤ ᠪᠤᠭᠳᠠ ᠬᠡᠭᠦᠯᠡᠷ ᠪᠢ ᠰᠤᠳᠠᠢ ᠶᠢᠨ ᠦᠷᠡᠰ ᠪᠠᠶᠢᠨᠠᠮ︾ ᠬᠡᠮᠡᠨ ᠠᠭᠰᠤᠮᠨᠠᠵᠠᠢ᠃ ᠳᠤᠬᠠᠢ ᠶᠢᠨ ᠦᠶ᠎ᠡ ᠳᠤ ᠰᠤᠭᠳᠤᠭᠤ ᠪᠠᠶᠢᠭᠰᠠᠨ ᠴᠦ | ᠮᠠᠭᠠᠳ ᠡ᠃ | ᠡᠭᠦᠨ ᠳᠤ ᠬᠤᠷᠤᠰᠤᠭᠰᠠᠨ ᠵᠡᠭᠦᠨ ᠮᠤᠩᠭᠤᠯ ᠤᠨ ᠴᠢᠩᠭᠢᠰ ᠬᠠᠭᠠᠨ ᠤ ᠤᠳᠤᠮ ᠤᠨ ᠬᠢᠨ ᠪᠠ ᠬᠠᠰᠠᠷ ᠤᠨ ᠤᠳᠤᠮ ᠤᠨ ᠬᠢᠨ ᠨᠢᠭᠡ ᠤᠳᠠᠭᠠᠨ ᠤ | ᠬᠤᠤᠷᠯᠠᠬᠤ ᠬᠤᠤᠪᠢᠯᠳᠤᠯᠭ᠎ᠠ ᠶᠢ ᠵᠤᠬᠢᠶᠠᠨ ᠪᠠᠶᠢᠭᠤᠯᠵᠠᠢ᠃ ᠡᠨᠡ ᠨᠢᠭᠤᠴᠠ ᠪᠠᠷ ᠬᠤᠤᠷᠯᠠᠬᠤ ᠠᠵᠢᠯᠯᠠᠭ᠎ᠠ ᠨᠢ ᠠᠷᠤᠭᠳᠠᠢ ᠳᠠᠶᠢᠵᠢ ᠶᠢᠨ ᠳᠡᠭᠦᠦ ᠮᠦᠡᠭᠭᠡᠪᠠᠢ᠂ | ᠬᠤᠷᠴᠢᠨ ᠤ ᠪᠠᠭᠠᠳᠤᠷ ᠰᠢᠭᠦᠰᠦᠳᠡᠢ ᠮᠠᠭᠠᠳ ᠭᠡᠵᠤ ᠪᠢ ᠦᠵᠡᠨ᠎ᠡ᠃ ᠤᠴᠢᠷ ᠨᠢ ᠳᠤᠭᠤᠨ ᠳᠠᠶᠢᠱᠢ ᠶᠢᠨ ᠤᠷᠳᠤᠨ ᠳᠤ ᠬᠠᠷᠠᠭᠤᠯ ᠮᠠᠨᠠᠭ᠎ᠠ ᠲᠠᠢ᠂ ᠪᠠᠷᠤᠭ ᠤᠨ | ᠬᠦᠮᠦᠰ ᠤᠷᠤᠵᠤ ᠳᠡᠶᠢᠯᠬᠦ ᠦᠭᠡᠢ ᠶᠤᠮ᠃ ᠬᠤᠵᠢᠮ ᠨᠢ ᠡᠰᠡᠨ ᠳᠠᠶᠢᠵᠢ ᠬᠠᠭᠠᠨ ᠰᠠᠭᠤᠭᠠᠳ ᠡᠴᠢᠭᠡ ᠶᠢᠨ ᠬᠡᠷᠢᠶᠡᠰ ᠢᠶᠠᠷ ᠡᠨᠡ ᠬᠤᠶᠠᠷ ᠬᠦᠮᠦᠨ ᠢ ᠠᠯᠠᠵᠤ | ᠠᠪᠤ ᠳᠤ ᠪᠠᠨ ᠦᠰ ᠠᠪᠴᠤ ᠦᠭᠭᠦᠭᠰᠡᠨ ᠶᠤᠮ᠃ ᠡᠭᠦᠨ ᠢᠶᠠᠷ ᠰᠤᠷᠭᠠᠮᠵᠢ ᠪᠤᠯᠭᠠᠨ ᠳᠤᠭᠤᠨ ᠳᠠᠶᠢᠱᠢ ᠠᠴᠠ ᠬᠦᠦ ᠡᠰᠡᠨ ᠳᠤ ᠪᠠᠨ ᠡᠶᠢᠮᠦ ᠶᠠᠪᠤᠳᠠᠯ ᠢ ᠭᠠᠷᠭᠠᠵᠤ | ᠪᠤᠯᠬᠤ ᠦᠭᠡᠢ ᠬᠡᠮᠡᠨ ᠰᠤᠷᠭᠠᠮᠵᠢᠯᠠᠵᠠᠢ᠃ | ᠤᠢᠢᠷᠠᠳ ᠤᠨ ᠳᠤᠭᠤᠨ ᠳᠠᠶᠢᠱᠢ ᠪᠠ ᠡᠰᠡᠨ ᠳᠠᠶᠢᠱᠢ ᠶᠢᠨ ᠦᠶ᠎ᠡ ᠪᠤᠯ ᠮᠤᠩᠭᠤᠯ ᠤᠨ ᠴᠢᠩᠭᠢᠰ ᠬᠠᠭᠠᠨ ᠠᠴᠠ ᠰᠡᠭᠦᠯᠡᠷ ᠳᠠᠬᠢᠨ ᠮᠠᠨᠳᠤᠭᠰᠠᠨ ᠴᠠᠭ ᠦᠶ᠎ᠡ | ᠶᠤᠮ᠃ ᠤᠢᠢᠷᠠᠳ ᠠᠴᠠ ᠡᠨᠡ ᠦᠶ᠎ᠡ ᠳᠤ ᠬᠤᠶᠠᠷ ᠬᠦᠮᠦᠨ ᠪᠦᠬᠦ ᠮᠤᠩᠭᠤᠯ ᠤᠨ ᠬᠠᠭᠠᠨ ᠰᠠᠭᠤᠵᠠᠢ᠃ ᠨᠢᠭᠡ ᠨᠢ ᠦᠭᠡᠴᠢ ᠬᠠᠰᠬᠠ᠂ ᠪᠠᠰᠠ ᠨᠢᠭᠡ ᠨᠢ ᠡᠰᠡᠨ᠃ | ᠮᠤᠩᠭᠤᠯ ᠤᠨ ᠶᠤᠧᠠᠨ ᠤᠯᠤᠰ ᠨᠢ ᠬᠢᠳᠠᠳ ᠤᠷᠤᠨ ᠠᠴᠠ ᠬᠤᠶᠢᠰᠢ ᠤᠬᠤᠷᠢᠵᠤ ᠢᠷᠡᠭᠰᠡᠨ ᠤ ᠰᠡᠭᠦᠯᠡᠷ ᠬᠤᠪᠢᠯᠠᠢ ᠬᠠᠭᠠᠨ ᠤ ᠦᠷᠡᠳᠦᠰ ᠨᠢ ᠤᠢᠢᠷᠠᠳ ᠬᠦᠮᠦᠰ ᠲᠤ | ᠠᠯᠠᠭᠳᠠᠭᠠᠳ᠂ ᠡᠯᠪᠡᠭ ᠨᠢᠭᠦᠯᠡᠰᠦᠩᠭᠦᠢ ᠬᠠᠭᠠᠨ ᠠᠴᠠ ᠰᠡᠭᠦᠯᠡᠷ ᠬᠠᠭᠠᠨ ᠤᠭᠰᠠᠭ᠎ᠠ ᠨᠢ ᠦᠷ᠎ᠡ ᠳᠠᠰᠤᠷᠠᠪᠠ᠃ ᠬᠤᠵᠢᠮ ᠨᠢ ᠬᠤᠷᠴᠢᠨ ᠤ ᠬᠠᠰᠠᠷ ᠤᠨ ᠦᠷᠡᠳᠦᠰ | ᠬᠠᠭᠠᠨ ᠰᠠᠭᠤᠬᠤ ᠳᠤ ᠤᠢᠢᠷᠠᠳ ᠤᠨ ᠳᠤᠭᠤᠨ ᠳᠠᠶᠢᠱᠢ ᠠᠴᠠ ᠳᠤᠮᠳᠠᠳᠤ ᠠᠽᠢᠶ᠎ᠠ ᠠᠴᠠ ᠴᠢᠩᠭᠢᠰ ᠬᠠᠭᠠᠨ ᠤ ᠬᠤᠶᠢᠴᠢᠰ ᠪᠤᠯᠬᠤ ᠴᠠᠭᠠᠳᠠᠢ ᠶᠢᠨ ᠦᠷᠡᠰ ᠢ | ᠠᠪᠴᠢᠷᠠᠵᠤ ᠬᠠᠭᠠᠨ ᠳᠠᠯᠪᠢᠭᠠᠳ ᠬᠠᠰᠠᠷ ᠤᠨ ᠬᠤᠶᠢᠴᠢᠰ ᠲᠠᠢ ᠡᠰᠡᠷᠬᠦᠴᠡᠯᠳᠦᠭᠦᠯᠵᠡᠢ᠃ ᠤᠷᠤᠭᠳᠠᠢ ᠳᠠᠶᠢᠱᠢ ᠶᠢᠨ ᠳᠠᠯᠪᠢᠭᠰᠠᠨ ᠬᠠᠭᠠᠨ ᠨᠢ ᠬᠡᠳᠦᠨ ᠤᠳᠠᠭᠠᠨ ᠤ | ᠳᠠᠶᠢᠨ ᠢᠶᠠᠷ ᠳᠠᠮᠵᠢᠵᠤ ᠳᠡᠶᠢᠯᠦᠭᠳᠡᠭᠡᠳ ᠠᠯᠠᠭᠳᠠᠪᠠ᠃ ᠳᠤᠮᠳᠠᠳᠤ ᠠᠽᠢᠶ᠎ᠠ ᠠᠴᠠ ᠠᠪᠴᠢᠷᠠᠭᠰᠠᠨ ᠬᠠᠭᠠᠨ ᠨᠢ ᠴᠦ ᠨᠢᠭᠡ ᠮᠠᠨᠤᠤᠯ ᠳᠡᠳᠦᠢ ᠪᠠᠶᠢᠵᠤ᠂ ᠪᠤᠳᠠᠳᠤ | ᠡᠷᠭᠡ ᠨᠢ ᠪᠦᠷ ᠯᠡ ᠳᠤᠭᠤᠨ ᠳᠠᠶᠢᠱᠢ ᠡᠴᠢᠭᠡ ᠬᠦᠦ ᠬᠤᠶᠠᠷ ᠤᠨ ᠭᠠᠷ ᠲᠤ ᠡᠵᠡᠮᠰᠢᠭᠳᠡᠵᠤ ᠪᠠᠶᠢᠪᠠ᠃ ᠡᠬᠢᠨ ᠳᠤ ᠪᠠᠨ ᠨᠢᠭᠡ ᠮᠠᠨᠤᠤᠯ ᠳᠠᠯᠪᠢᠵᠤ ᠪᠠᠶᠢᠭᠰᠠᠨ | ᠪᠤᠯᠪᠠᠴᠤ ᠬᠤᠵᠢᠮ ᠨᠢ ᠡᠰᠡᠨ ᠠᠴᠠ ᠦᠪᠡᠷ ᠢᠶᠠᠨ ᠬᠠᠭᠠᠨ ᠰᠠᠭᠤᠬᠤ ᠶᠢ ᠴᠦ ᠪᠤᠳᠤᠯᠬᠢᠯᠠᠵᠤ ᠦᠵᠡᠪᠡ᠃ ᠳᠤᠬᠠᠢ ᠶᠢᠨ ᠦᠶ᠎ᠡ ᠳᠤ ᠤᠢᠢᠷᠠᠳ ᠤᠨ ᠰᠦᠷ ᠬᠦᠴᠦᠨ | ᠤᠷᠬᠢᠯ ᠳᠤ ᠪᠠᠨ ᠬᠦᠷᠴᠦ᠂ ᠮᠤᠩᠭᠤᠯ ᠤᠨ ᠭᠠᠵᠠᠷ ᠬᠠᠨᠳᠤᠭᠰᠠᠨ ᠵᠦᠭ ᠲᠤ ᠳᠠᠶᠢᠰᠤᠨ ᠦᠭᠡᠢ ᠪᠤᠯᠵᠤ᠂ ᠬᠡᠨ ᠳᠡᠭᠦᠨ ᠲᠠᠢ ᠰᠠᠶᠢᠨ ᠪᠤᠯ ᠤᠷᠤᠭ ᠬᠤᠳᠠ | ᠪᠤᠯᠤᠯᠴᠠᠨ᠂ ᠡᠰᠡᠷᠬᠦᠴᠡᠪᠡᠯ ᠳᠤᠯᠤᠭᠠᠢ ᠨᠢ ᠭᠠᠵᠠᠷ ᠤᠨᠠᠵᠤ ᠪᠠᠶᠢᠪᠠ᠃ | ᠡᠰᠡᠨ ᠬᠠᠭᠠᠨ ᠨᠢᠭᠡ ᠨᠠᠰᠤᠨ ᠳᠤ ᠪᠠᠨ ᠳᠠᠶᠢᠨ ᠪᠠᠶᠢᠯᠳᠤᠭᠠᠨ ᠬᠢᠵᠤ ᠮᠤᠩᠭᠤᠯ ᠭᠠᠵᠠᠷ ᠲᠤ ᠬᠠᠨᠳᠤᠭᠰᠠᠨ ᠵᠦᠭ ᠲᠤ ᠳᠠᠶᠢᠰᠤᠨ ᠦᠭᠡᠢ ᠶᠠᠪᠤᠵᠤ᠂ ᠳᠡᠭᠦᠨ ᠤ | ᠪᠦᠳᠦᠭᠡᠭᠰᠡᠨ ᠤᠯᠠᠨ ᠭᠠᠪᠢᠶ᠎ᠠ ᠵᠢᠳᠭᠦᠯ ᠳᠤ ᠬᠤᠶᠠᠷ ᠶᠠᠪᠤᠳᠠᠯ ᠨᠢ ᠮᠤᠩᠭᠤᠯ ᠤᠨ ᠳᠡᠦᠭᠡᠨ ᠳᠤ ᠪᠠᠯᠠᠷᠠᠰᠢ ᠦᠭᠡᠢ᠃ ᠨᠢᠭᠡ ᠨᠢ ᠡᠮᠦᠨᠡᠰᠢ ᠮᠢᠩ ᠤᠯᠤᠰ ᠢ ᠳᠠᠶᠢᠯᠠᠵᠤ᠂ | ᠲᠦᠮᠦᠪᠦᠦ ᠳᠤ ᠮᠢᠩ ᠤᠯᠤᠰ ᠤᠨ ᠳᠠᠪᠢᠨ ᠲᠦᠮᠡᠨ ᠴᠡᠷᠢᠭ ᠢ ᠬᠢᠳᠤᠵᠤ᠂ ᠮᠤᠩᠭᠤᠯ ᠳᠤ ᠡᠮᠦᠨᠡᠳᠦ ᠶᠢᠨ ᠠᠶᠤᠯ ᠢ ᠠᠷᠢᠯᠭᠠᠵᠤ ᠦᠭᠭᠦᠭᠰᠡᠨ᠃ ᠨᠦᠬᠦᠭᠡ ᠨᠢ | ᠵᠡᠭᠦᠨᠰᠢ ᠮᠠᠨᠵᠤ ᠶᠢᠨ ᠳᠡᠭᠡᠳᠦᠰ ᠪᠤᠯᠬᠤ ᠵᠦᠷᠴᠢᠨ ᠠᠶᠢᠮᠠᠭ ᠢ ᠳᠠᠷᠤᠩᠭᠤᠢᠢᠯᠠᠵᠤ᠂ ᠵᠠᠭᠤ ᠭᠠᠷᠤᠢ ᠵᠢᠯ ᠳᠤᠯᠤᠭᠠᠢ ᠦᠨᠳᠡᠶᠢᠯᠭᠡᠭᠰᠡᠨ ᠦᠭᠡᠢ ᠶᠠᠪᠤᠳᠠᠯ᠃ ᠡᠶᠢᠮᠦ | ᠭᠠᠳᠠᠭᠠᠳᠤ ᠨᠦᠬᠦᠴᠡᠯ ᠢ ᠪᠦᠷᠢᠯᠳᠦᠭᠦᠯᠦᠭᠰᠡᠨ ᠦᠭᠡᠢ ᠶᠤᠮ ᠪᠤᠯ ᠮᠠᠨ ᠤ ᠤᠡᠭᠭᠢᠷᠠᠳᠠᠭ ︽ᠳᠠᠶᠠᠨ ᠬᠠᠭᠠᠨ ᠤ ᠶᠡᠭᠡ ᠨᠢᠭᠡᠳᠦᠯ︾ ᠴᠦ ᠪᠠᠶᠢᠵᠤ ᠪᠤᠯᠤᠰᠢ ᠦᠭᠡᠢ᠂ | ᠨᠢᠭᠡᠳᠦᠭᠰᠡᠨ ᠮᠤᠩᠭᠤᠯ ᠴᠦ ᠪᠠᠶᠢᠵᠤ ᠪᠤᠯᠤᠰᠢ ᠦᠭᠡᠢ ᠪᠠᠶᠢᠭᠰᠠᠨ ᠶᠤᠮ᠃ ᠡᠨᠡ ᠳᠠᠯ᠎ᠠ ᠳᠤ ᠡᠰᠡᠨ ᠬᠠᠭᠠᠨ ᠨᠢ ᠴᠢᠩᠭᠢᠰ ᠬᠠᠭᠠᠨ ᠤ ᠳᠠᠷᠠᠭ᠎ᠠ ᠶᠢᠨ ᠰᠠᠭᠤᠳᠠᠯ ᠳᠤ | ᠴᠦ ᠪᠠᠶᠢᠬᠤ ᠶᠤᠰᠤ ᠲᠠᠢ ᠰᠢᠭ᠋᠃ | ᠡᠰᠡᠨ ᠬᠠᠭᠠᠨ ᠠᠴᠠ ᠬᠤᠶᠠᠷ ᠭᠤᠷᠪᠠᠨ ᠲᠦᠮᠡᠬᠡᠨ ᠴᠡᠷᠢᠭ ᠢᠶᠠᠷ ᠮᠢᠩ ᠤᠯᠤᠰ ᠤᠨ ᠳᠠᠪᠢᠨ ᠲᠦᠮᠡᠨ ᠴᠡᠷᠢᠭ ᠢ ᠬᠢᠳᠤᠵᠤ᠂ ᠬᠠᠭᠠᠨ ᠢ ᠨᠢ ᠬᠦᠷᠳᠡᠯ᠎ᠡ | ᠤᠯᠵᠠᠯᠠᠵᠤ ᠬᠤᠨᠢ ᠬᠠᠷᠢᠭᠤᠯᠤᠭᠤᠯᠪᠠ᠃ ᠳᠠᠪᠢᠨ ᠲᠦᠮᠡᠨ ᠴᠡᠷᠢᠭ ᠡᠷᠡᠰ ᠢᠶᠠᠨ ᠬᠢᠳᠤᠭᠤᠯᠤᠭᠠᠳ ᠳᠤᠬᠠᠢ ᠶᠢᠨ ᠦᠶ᠎ᠡ ᠳᠤ ᠪᠡᠭᠡᠵᠢᠩ ᠬᠤᠳᠠᠨ ᠳᠤ ᠤᠬᠢᠯᠠᠬᠤ ᠳᠠᠭᠤ | ᠲᠦᠭᠦᠷᠴᠦ᠂ ᠠᠶᠢᠯ ᠪᠦᠷᠢ ᠴᠠᠭᠠᠨ ᠪᠦᠰ ᠠᠪᠴᠤ ᠭᠠᠰᠢᠭᠤᠳᠠᠯ ᠡᠷᠬᠢᠯᠡᠭᠰᠡᠨ ᠢᠶᠠᠷ ᠴᠠᠭᠠᠨ ᠪᠦᠰ ᠦᠨ᠎ᠡ ᠳᠤ ᠤᠷᠤᠵᠤ ᠤᠯᠳᠠᠬᠤ ᠦᠭᠡᠢ ᠪᠤᠯᠤᠭᠰᠠᠨ ᠭᠡᠳᠡᠭ᠃ | ᠮᠢᠩ ᠤᠯᠤᠰ ᠤᠨ ᠬᠠᠭᠠᠨ ᠨᠢ ᠪᠠᠷᠢᠭᠳᠠᠵᠤ ᠲᠦᠰᠢᠮᠡᠳ ᠴᠡᠷᠢᠭ ᠨᠢ ᠪᠦᠷ ᠠᠯᠠᠭᠳᠠᠭᠰᠠᠨ ᠢᠶᠠᠨ ᠤᠯᠤᠰ ᠲᠤ ᠵᠠᠷᠤᠬᠤ ᠲᠦᠰᠢᠮᠡᠳ ᠬᠦᠷᠳᠡᠯ᠎ᠡ ᠤᠯᠳᠠᠬᠤ ᠦᠭᠡᠢ | ᠪᠤᠯᠵᠤ ︽ᠮᠤᠩᠭᠤᠯ ᠤᠨ ᠢᠯᠳᠦᠨ ᠳᠤ ᠬᠦᠮᠦᠨ ᠪᠦᠬᠦᠨ ᠡᠷᠭᠡ ᠳᠡᠭᠰᠢ︾ ᠭᠡᠰᠡᠨ ᠦᠭᠡ ᠭᠠᠷᠤᠯ᠎ᠠ ᠭᠡᠳᠡᠭ᠃ ᠡᠨᠡ ︽ᠲᠦᠮᠦᠪᠤᠤ ᠶᠢᠨ ᠬᠡᠷᠡᠭ︾ ᠨᠢ ᠶᠠᠭ | ᠰᠠᠶᠢᠬᠠᠨ ᠨᠠᠢᠮᠠᠨ ᠰᠠᠷ᠎ᠠ ᠶᠢᠨ ᠠᠷᠪᠠᠨ ᠳᠠᠪᠤᠨ ᠳᠤ ᠡᠭᠦᠰᠦᠭᠰᠡᠨ ᠠᠴᠠ ᠬᠢᠳᠠᠳ ᠬᠦᠮᠦᠰ ᠵᠢᠯ ᠪᠦᠷᠢ ᠶᠢᠨ ᠨᠠᠢᠮᠠᠨ ᠰᠠᠷ᠎ᠠ ᠶᠢᠨ ᠠᠷᠪᠠᠨ ᠳᠠᠪᠤᠨ ᠤ ᠤᠷᠤᠢ ᠭᠠᠷᠴᠤ | ᠳᠠᠷᠪᠤᠰ ᠴᠠᠪᠴᠢᠨ ᠬᠤᠷᠤᠰᠤᠯ ᠢᠶᠠᠨ ᠳᠠᠶᠢᠯᠳᠠᠭ ᠪᠤᠯᠵᠠᠢ ᠭᠡᠳᠡᠭ᠃ ᠶᠠᠭᠠᠬᠢᠵᠤ ᠦᠰᠬᠡᠨ ᠲᠦᠰᠬᠡᠨ ᠲᠠᠢ ᠬᠡᠯᠡᠭᠰᠡᠨ ᠨᠢ ᠴᠦ ᠪᠠᠶᠢᠬᠤ ᠪᠤᠯᠪᠠᠴᠤ ᠡᠨᠡ ᠶᠠᠪᠤᠳᠠᠯ ᠠᠴᠠ | ᠰᠡᠭᠦᠯᠡᠷ ᠮᠢᠩ ᠤᠯᠤᠰ ᠨᠢ ᠴᠠᠭᠠᠨ ᠬᠡᠷᠡᠮ ᠠᠴᠠ ᠬᠤᠶᠢᠰᠢ ᠴᠡᠷᠢᠭ ᠭᠠᠷᠭᠠᠵᠤ ᠳᠡᠶᠢᠯᠬᠦ ᠦᠭᠡᠢ ᠪᠤᠯᠵᠠᠢ᠃ ᠬᠤᠵᠢᠮ ᠨᠢ ᠳᠠᠶᠠᠨ ᠬᠠᠭᠠᠨ ᠪᠠ ᠲᠦᠮᠡᠳ ᠤᠨ ᠠᠯᠳᠠᠨ | ᠬᠠᠭᠠᠨ ᠬᠤᠶᠠᠭᠤᠯᠠ ᠬᠡᠳᠦ ᠤᠳᠠᠭ᠎ᠠ ᠮᠢᠩ ᠤᠯᠤᠰ ᠤᠨ ᠬᠢᠯᠢ ᠳᠤ ᠴᠦᠮᠦᠷᠦᠨ ᠤᠷᠤᠵᠤ ᠪᠤᠯᠢᠶᠠᠨ ᠳᠡᠭᠡᠷᠡᠮᠳᠡᠭᠰᠡᠨ ᠪᠤᠯᠪᠠᠴᠤ᠂ ᠮᠢᠩ ᠤᠯᠤᠰ ᠬᠠᠷᠢᠨ ᠬᠤᠯᠴᠠᠶᠢᠵᠤ | ᠤᠮᠠᠷᠠᠳᠤ ᠬᠢᠯᠢ ᠳᠡᠭᠡᠷ᠎ᠡ ᠴᠡᠷᠢᠭ ᠴᠦ ᠭᠠᠷᠭᠠᠵᠤ ᠳᠡᠶᠢᠯᠦᠭᠰᠡᠨ ᠦᠭᠡᠢ ᠪᠢᠯᠡ᠃ ︵ᠳᠤᠬᠠᠢ ᠶᠢᠨ ᠦᠶ᠎ᠡ ᠳᠤ ᠳᠠᠷᠪᠤᠰ ᠭᠡᠰᠡᠨ ᠶᠠᠭᠤᠮ᠎ᠠ ᠪᠠᠷᠠᠭᠤᠨ ᠤᠷᠤᠨ ᠤ | ᠶᠠᠭᠤᠮ᠎ᠠ ᠪᠠᠶᠢᠵᠤ᠂ ᠮᠤᠩᠭᠤᠯ ᠢ ᠲᠦᠯᠦᠭᠡᠯᠡᠵᠤ ᠪᠠᠶᠢᠵᠤᠬᠤᠢ᠃ ᠳᠠᠷᠪᠤᠰ ᠯᠢᠶᠤᠤ ᠤᠯᠤᠰ ᠤᠨ ᠦᠶ᠎ᠡ ᠳᠤ ᠮᠤᠩᠭᠤᠯ ᠤᠷᠤᠨ ᠳᠤ ᠤᠷᠤᠵᠤ᠂ ᠮᠤᠩᠭᠤᠯ ᠠᠴᠠ | ᠰᠡᠭᠦᠯᠡᠷ ᠰᠠᠶ᠋ᠢ ᠬᠢᠳᠠᠳ ᠬᠦᠮᠦᠰ ᠳᠠᠷᠪᠤᠰ ᠢ ᠮᠡᠳᠡᠵᠡᠢ᠃ ᠳᠠᠷᠪᠤᠰ ᠶᠠᠭ ᠯᠡ ᠬᠦᠮᠦᠨ ᠤ ᠳᠤᠯᠤᠭᠠᠢ ᠰᠢᠭ᠋ ᠪᠤᠯᠬᠤᠷ ᠬᠢᠳᠠᠳ ᠬᠦᠮᠦᠰ ︿ᠮᠤᠩᠭᠤᠯ ᠤᠨ ᠳᠤᠯᠤᠭᠠᠢ﹀ | ᠭᠡᠳᠡᠭ ᠪᠠᠶᠢᠵᠤᠬᠤᠢ᠃︶ | ᠵᠡᠭᠦᠨᠰᠢ ᠵᠦᠷᠴᠢᠨ ᠠᠶᠢᠮᠠᠭ ᠢ ᠳᠠᠷᠤᠩᠭᠤᠢᠢᠯᠠᠬᠤ ᠳᠤ ᠵᠦᠷᠴᠢᠨᠴᠤᠳ ᠤᠯᠠᠨ ᠤ ᠪᠠᠷᠳᠠᠭ᠎ᠠ ᠪᠠᠨ ᠲᠦᠰᠢᠵᠤ ᠪᠤᠷᠤᠩᠬᠤᠢᠢᠯᠠᠬᠤ ᠳᠤ ᠤᠢᠢᠷᠠᠳ ᠴᠡᠷᠢᠭ ᠤᠳ | ᠬᠦᠮᠦᠨ ᠨᠢ ᠬᠦᠮᠦᠨ ᠢᠶᠠᠷ ᠳᠡᠷᠡ ᠬᠢᠵᠤ ᠪᠠᠶᠢᠮᠠᠨ ᠵᠦᠷᠴᠢᠨ ᠠᠶᠢᠮᠠᠭ ᠢ ᠪᠠᠭᠤᠯᠭᠠᠵᠤ ᠠᠪᠤᠭᠰᠠᠨ ᠭᠡᠳᠡᠭ᠃ ᠪᠠᠶᠢᠯᠳᠤᠭᠠᠨ ᠨᠢ ᠶᠡᠭᠡ ᠪᠡᠷᠬᠡ ᠬᠠᠳᠠᠭᠤᠵᠢᠯᠳᠠᠢ | ᠶᠠᠪᠤᠭᠳᠠᠵᠤ᠂ ᠭᠠᠭᠴᠠᠬᠠᠨ ᠵᠦᠷᠴᠢᠨ ᠤ ᠴᠡᠷᠢᠭ ᠡᠷᠡᠰ ᠨᠢ ᠬᠤᠶᠠᠷ ᠲᠦᠮᠡ ᠢᠯᠡᠭᠦᠦ ᠦᠭᠦᠭᠰᠡᠨ ᠭᠡᠳᠡᠭ᠃ ᠬᠡᠷᠪᠡ ᠤᠢᠢᠷᠠᠳ ᠰᠢᠭ᠋ ᠠᠭᠤᠯᠠᠨ ᠪᠠᠶᠢᠯᠳᠤᠭᠠᠨ ᠳᠤ | ᠭᠠᠷᠮᠠᠭᠠᠢ ᠳᠠᠶᠢᠴᠢᠳ ᠦᠭᠡᠢ ᠪᠠᠶᠢᠭᠰᠠᠨ ᠪᠤᠯ ᠳᠡᠶᠢᠯᠬᠦ ᠳᠤ ᠬᠦᠴᠢᠷ ᠪᠠᠶᠢᠬ᠎ᠠ᠃ ᠬᠤᠵᠢᠮ ᠨᠢ ᠮᠤᠩᠭᠤᠯ ᠤᠨ ᠤᠯᠠᠨ ᠠᠶᠢᠮᠠᠭ ᠮᠠᠨᠵᠤ ᠶᠢ ᠳᠡᠶᠢᠯᠬᠦ ᠦᠭᠡᠢ | ᠪᠠᠶᠢᠭᠰᠠᠨ ᠨᠢ ᠴᠦ ᠰᠢᠯᠳᠠᠭᠠᠨ ᠲᠠᠢ ᠪᠠᠶᠢᠭᠰᠠᠨ ᠪᠠᠶᠢᠬ᠎ᠠ᠃ ᠨᠢᠭᠡ ᠳᠤ ᠮᠤᠩᠭᠤᠯ ᠬᠦᠮᠦᠨ ᠬᠤᠨᠢ ᠬᠠᠷᠢᠭᠤᠯᠵᠤ ᠡᠷᠡᠯᠭᠡᠭ ᠳᠠᠶᠢᠴᠢᠨ ᠴᠢᠨᠠᠷ ᠨᠢ ᠪᠠᠭᠤᠷᠠᠭᠰᠠᠨ᠂ | ᠤᠢᠢᠷᠠᠳ ᠰᠢᠭ᠋ ᠠᠭᠤᠯᠠᠨ ᠭᠠᠵᠠᠷ ᠤᠨ ᠳᠠᠶᠢᠨ ᠪᠠᠶᠢᠯᠳᠤᠭᠠᠨ ᠳᠤ ᠪᠤᠯᠪᠠᠰᠤᠷᠠᠭᠰᠠᠨ ᠦᠭᠡᠢ᠂ ᠪᠠᠶᠢᠯᠳᠤᠭᠠᠨ ᠤ ᠠᠷᠭ᠎ᠠ ᠳᠡᠮ ᠢ ᠮᠡᠳᠡᠭᠰᠡᠨ ᠦᠭᠡᠢ ᠵᠡᠷᠭᠡ ᠨᠦᠬᠦᠴᠡᠯ | ᠰᠢᠯᠳᠠᠭᠠᠨ ᠴᠦ ᠪᠠᠶᠢᠵᠤ ᠪᠤᠯᠤᠨ᠎ᠠ᠃ | ᠤᠢᠢᠷᠠᠳ ᠳᠡᠦᠭᠡ ᠰᠤᠳᠤᠯᠤᠭᠠᠴᠢ ᠠᠯᠳ᠋ᠬᠠᠤᠷᠬᠢᠯ ᠳ᠋ᠤᠺᠲ᠋ᠤᠷ ᠤᠨ ︽ᠵᠢᠩᠭᠠᠷ ᠪᠠ ᠰᠢᠷ᠎ᠠ ᠶᠢᠨ ᠲᠦᠷᠪᠡᠨ ᠲᠦᠷᠦ︾ ᠳᠤ ᠪᠢᠴᠢᠭᠰᠡᠨ ᠢ ᠦᠨᠳᠦᠰᠦᠯᠡᠪᠡᠯ | ᠤᠢᠢᠷᠠᠳ ᠤᠨ ᠳᠤᠭᠤᠨ ᠳᠠᠶᠢᠱᠢ ᠪᠠ ᠡᠰᠡᠨ ᠳᠠᠶᠢᠱᠢ ᠪᠤᠯ ᠳᠤᠤᠯᠢ ︽ᠵᠢᠩᠭᠠᠷ︾ ᠤᠨ ᠭᠤᠤᠯ ᠪᠠᠭᠠᠳᠤᠷ ᠵᠢᠩᠭᠠᠷ ᠤᠨ ᠤᠨᠠᠭᠠᠨ ᠲᠦᠷᠢ ᠨᠢ ᠪᠤᠯᠬᠤ ᠠᠵᠢ᠃ | ᠳᠤᠭᠤᠨ ᠳᠠᠶᠢᠱᠢ ᠠᠴᠠ ᠠᠷᠤᠭᠳᠠᠢ ᠳᠠᠶᠢᠱᠢ ᠳᠤ ᠪᠠᠷᠢᠭᠳᠠᠵᠤ ᠤᠴᠢᠭᠠᠳ ᠮᠠᠯ ᠬᠠᠷᠢᠭᠤᠯᠵᠤ᠂ ᠭᠠᠯ ᠬᠢᠵᠤ ᠦᠭᠴᠦ ᠪᠠᠶᠢᠭᠰᠠᠨ ᠦᠨᠦᠴᠢᠨ ᠬᠦᠪᠡᠭᠦᠨ | ᠪᠠᠶᠢᠭᠰᠠᠨ ᠨᠢ ︽ᠦᠶ᠎ᠡ ᠶᠢᠨ ᠦᠨᠦᠴᠢᠨ ᠵᠢᠩᠭᠠᠷ︾ ᠭᠡᠰᠡᠨ ᠲᠠᠢ ᠨᠢ ᠶᠠᠭ ᠵᠤᠬᠢᠴᠠᠬᠤ ᠠᠵᠢ᠃ ᠭᠤᠳᠤᠭᠠᠯ ᠳᠤᠷᠤᠮᠵᠢᠯᠠᠯ ᠢ ᠠᠮᠰᠠᠵᠤ ᠪᠠᠶᠢᠭᠰᠠᠨ ᠠᠴᠠ ᠡᠷᠡᠯᠭᠡᠭ | ᠵᠤᠷᠢᠭ ᠲᠠᠢ ᠪᠤᠯᠵᠤ ᠪᠦᠬᠦ ᠮᠤᠩᠭᠤᠯ ᠢ ᠨᠢᠭᠡᠳᠭᠡᠭᠰᠡᠨ ᠨᠢ ᠶᠡᠭᠡ ᠭᠠᠪᠢᠶ᠎ᠠ ᠶᠢ ᠪᠦᠳᠦᠭᠡᠯᠭᠡᠵᠡᠢ᠃ ᠭᠡᠪᠡᠴᠦ ᠳᠡᠦᠭᠡ ᠨᠢ ᠶᠠᠭᠠᠬᠢᠪᠠᠴᠤ ᠳᠤᠤᠯᠢ ᠰᠢᠭ᠋ ᠳᠡᠶᠢᠮᠦ | ᠳᠠᠭᠤᠯᠠᠴᠢᠬᠠᠮᠠᠷ ᠵᠦᠢᠯ ᠪᠢᠰᠢ ᠪᠤᠯᠬᠤ ᠨᠢ ᠮᠡᠳᠡᠭᠡᠵᠢ᠃ ᠳᠤᠭᠤᠨ ᠪᠠ ᠡᠰᠡᠨ ᠡᠴᠢᠭᠡ ᠬᠦᠦ ᠨᠢ ᠪᠦᠬᠦ ᠮᠤᠩᠭᠤᠯ ᠢ ᠨᠢᠭᠡᠳᠭᠡᠵᠤ ᠬᠠᠭᠠᠨ ᠰᠠᠭᠤᠬᠤ ᠪᠠᠷ ᠬᠠᠮᠤᠭ ᠤᠨ | ᠡᠴᠦᠰ ᠤᠨ ᠵᠤᠷᠢᠯᠭ᠎ᠠ ᠪᠤᠯᠤᠭᠰᠠᠨ ᠨᠢ ᠮᠡᠳᠡᠭᠡᠵᠢ᠃ ᠭᠡᠪᠡᠴᠦ ᠳᠤᠬᠠᠢ ᠶᠢᠨ ᠦᠶ᠎ᠡ ᠳᠤ ᠦᠵᠡᠯ ᠰᠤᠷᠳᠠᠯ ᠤᠨ ᠬᠦᠯᠢᠶᠡᠰᠦᠯᠡᠯ ᠬᠡᠵᠤ ᠶᠠᠭᠠᠬᠢᠬᠤ ᠶᠢᠨ ᠠᠷᠭ᠎ᠠ ᠦᠭᠡᠢ | ᠶᠠᠭᠤᠮ᠎ᠠ ᠪᠠᠶᠢᠵᠤᠬᠤᠢ᠃ ᠴᠢᠩᠭᠢᠰ ᠤᠨ ᠠᠯᠳᠠᠨ ᠤᠷᠤᠭ ᠯᠡ ᠬᠠᠭᠠᠨ ᠰᠠᠭᠤᠬᠤ ᠬᠡᠰᠡᠨ ᠦᠵᠡᠯ ᠰᠠᠨᠠᠭ᠎ᠠ ᠬᠦᠮᠦᠨ ᠪᠦᠷᠢ ᠶᠢᠨ ᠰᠡᠳᠬᠢᠯ ᠰᠠᠨᠠᠭᠠᠨ ᠳᠤ | ᠬᠠᠳᠠᠩᠰᠢᠭ᠍ᠰᠡᠨ ᠤᠴᠢᠷ ᠳᠤᠭᠤᠨ ᠠᠴᠠ ᠡᠪᠯᠡᠷᠡᠬᠦ ᠠᠷᠭ᠎ᠠ ᠶᠢ ᠰᠤᠩᠭᠤᠵᠤ ᠡᠯᠪᠡᠭ ᠬᠠᠭᠠᠨ ᠤ ᠬᠠᠳᠤᠨ ᠦᠯᠵᠡᠶᠢᠳᠦ ᠭᠤ ᠤᠠ᠋ ᠬᠠᠳᠤᠨ ᠤ ᠬᠡᠪᠡᠯᠢ ᠳᠤ ᠲᠠᠭᠠᠨ | ᠢᠷᠡᠭᠰᠡᠨ ᠠᠵᠠᠢ ᠳᠠᠶᠢᠵᠢ ᠶᠢᠨ ᠬᠦᠦ ᠳᠤᠭᠳᠤᠪᠤᠬᠠ ᠶᠢ ᠤᠯᠵᠠᠢ᠃ ᠳᠡᠭᠡᠭᠡᠳ ᠦᠪᠡᠷ ᠤᠨ ᠦᠬᠢᠨ ᠢᠶᠠᠨ ᠦᠭᠴᠦ ᠮᠠᠨᠤᠤᠯ ᠬᠠᠭᠠᠨ ᠪᠤᠯᠭᠠᠭᠠᠳ ᠦᠪᠡᠷ ᠢᠶᠠᠨ | ᠮᠤᠩᠭᠤᠯ ᠤᠨ ᠪᠤᠳᠠᠳᠠᠢ ᠡᠷᠭᠡ ᠶᠢ ᠪᠠᠷᠢᠵᠠᠢ᠃ ᠡᠨᠡ ᠦᠶ᠎ᠡ ᠳᠤ ᠬᠠᠷᠠᠬᠤᠷᠤᠮ ᠮᠤᠩᠭᠤᠯ ᠤᠨ ᠤᠯᠤᠰ ᠲᠦᠷᠦ ᠶᠢᠨ ᠲᠦᠪ ᠨᠢ ᠪᠠᠶᠢᠵᠤ᠂ ᠦᠭᠡᠳᠡᠢ ᠬᠠᠭᠠᠨ ᠤ | ᠦᠶ᠎ᠡ ᠶᠢᠨ ᠪᠠᠶᠢᠭᠤᠯᠤᠭᠰᠠᠨ ᠬᠤᠳᠠ ᠰᠠᠭᠤᠷᠢᠨ ᠨᠢ ᠪᠦᠷᠢᠨ ᠡᠪᠳᠡᠭᠳᠡᠭᠡᠳᠦᠢ ᠪᠠᠶᠢᠵᠠᠢ᠃ | ᠳᠡᠭᠡᠪᠡᠴᠦ ᠰᠠᠶᠢᠨ ᠤᠴᠢᠷ ᠤᠳᠠᠭᠠᠨ ᠪᠠᠶᠢᠵᠤ ᠳᠡᠶᠢᠯᠦᠭᠰᠡᠨ ᠦᠭᠡᠢ᠃ ᠳᠤᠭᠤᠨ ᠳᠠᠶᠢᠱᠢ ᠶᠢᠨ ᠳᠠᠯᠪᠢᠭᠰᠠᠨ ᠮᠠᠨᠤᠤᠯ ᠬᠠᠭᠠᠨ ᠨᠢ ᠳᠡᠶᠢᠮᠦ ᠴᠦ ᠳᠤᠭᠤᠨ | ᠳᠠᠶᠢᠱᠢ ᠶᠢᠨ ᠰᠠᠨᠠᠯ ᠢᠶᠠᠷ ᠪᠤᠯᠤᠭᠰᠠᠨ ᠦᠭᠡᠢ᠃ ᠳᠤᠭᠤᠨ ᠲᠠᠶᠢᠱᠢ ᠮᠤᠩᠭᠤᠯ ᠢ ᠨᠢᠭᠡᠳᠭᠡᠬᠦ ᠳᠤ ᠳᠠᠭᠤᠨ ᠦᠭᠡᠢ ᠪᠠᠶᠢᠭᠰᠠᠨ ᠪᠤᠯᠪᠠᠴᠤ ᠡᠰᠡᠨ ᠤ ᠦᠶ᠎ᠡ ᠳᠤ ᠬᠦᠷᠴᠦ | ᠢᠷᠡᠭᠡᠳ ᠦᠭᠡ ᠰᠤᠨᠤᠰᠬᠤ ᠦᠭᠡᠢ ᠪᠤᠯᠪᠠ᠃ ᠨᠡᠩ ᠴᠦ ᠬᠠᠭᠠᠨ ᠤ ᠵᠠᠯᠭᠠᠮᠵᠢᠯᠠᠭᠴᠢ ᠶᠢ ᠪᠠᠶᠢᠭᠤᠯᠬᠤ ᠶᠠᠪᠤᠳᠠᠯ ᠳᠡᠭᠡᠷ᠎ᠡ ᠮᠤᠩᠭᠤᠯ ᠤᠢᠢᠷᠠᠳ ᠴᠦ ᠦᠪᠡᠷ | ᠦᠪᠡᠷ ᠤᠨ ᠲᠦᠯᠦᠭᠡᠨ ᠤ ᠬᠦᠮᠦᠰ ᠢᠶᠠᠨ ᠭᠠᠷᠭᠠᠬᠤ ᠭᠡᠵᠤ ᠲᠡᠮᠡᠴᠡᠯᠳᠦᠵᠤ ᠢᠷᠡᠪᠡ᠃ ᠮᠤᠩᠭᠤᠯ ᠤᠨ ᠨᠢᠭᠡ ᠪᠦᠯᠦᠭ ᠨᠤᠶᠠᠳ ᠤᠳ ᠴᠢᠭᠤᠯᠭᠠᠨ ᠬᠤᠷᠠᠬᠤ ᠪᠠᠷ | ᠳᠠᠮᠵᠢᠭᠤᠯᠵᠤ ᠤᠢᠢᠷᠠᠳ ᠤᠨ ᠨᠤᠶᠠᠳ ᠢᠵᠠᠭᠤᠷᠳᠠᠨ ᠢ ᠬᠢᠳᠤᠵᠤ᠂ ᠦᠪᠡᠷ ᠤᠨ ᠲᠦᠯᠦᠭᠡᠨ ᠤ ᠬᠦᠮᠦᠨ ᠢᠶᠠᠨ ᠭᠠᠷᠭᠠᠬᠤ ᠶᠢ ᠰᠡᠳᠦᠬᠦ ᠳᠤ ᠳᠤᠬᠠᠢ ᠶᠢᠨ ᠦᠶ᠎ᠡ ᠳᠤ | ᠤᠢᠢᠷᠠᠳ ᠤᠨ ᠳᠠᠯᠪᠢᠭᠰᠠᠨ ᠮᠠᠨᠤᠤᠯ ᠬᠠᠭᠠᠨ ᠴᠦ ᠵᠦᠪᠰᠢᠶᠡᠷᠡᠭᠰᠡᠨ ᠦᠭᠡᠢ᠃ ᠳᠡᠭᠡᠵᠤ ᠴᠦ ᠪᠤᠯᠬᠤ ᠦᠭᠡᠢ ᠪᠠᠶᠢᠵᠠᠢ᠃ ᠳᠡᠭᠡᠪᠡᠴᠦ ᠮᠠᠨᠤᠤᠯ ᠬᠠᠭᠠᠨ ᠳᠤᠭᠳᠤᠪᠤᠬᠠ | ᠪᠠ ᠳᠡᠭᠦᠦ ᠠᠭᠪᠠᠷᠵᠢᠨ ᠵᠢᠨᠤᠩ ᠤᠨ ᠵᠦᠷᠢᠴᠡᠯ ᠭᠠᠷᠴᠦ ᠢᠷᠡᠪᠡ᠃ ᠡᠨᠡ ᠨᠢ ᠡᠰᠡᠨ ᠳᠠᠶᠢᠱᠢ ᠶᠢᠨ ᠭᠠᠷᠭᠠᠭᠰᠠᠨ ᠤᠬᠠᠭᠠᠨ ᠴᠦ ᠪᠤᠯᠪᠠ ᠤᠤ᠃ | ᠳᠤᠭᠳᠤᠪᠤᠬᠠ ᠬᠠᠭᠠᠨ ᠳᠤ ᠳᠤᠭᠤᠨ ᠳᠠᠶᠢᠱᠢ ᠦᠪᠡᠷ ᠤᠨ ᠦᠬᠢᠨ ᠢᠶᠠᠨ ᠦᠭᠭᠦᠭᠰᠡᠨ ᠴᠦ ᠪᠦᠷᠢᠨ ᠢᠳᠡᠭᠡᠭᠰᠡᠨ ᠪᠢᠰᠢ ᠪᠤᠯᠤᠯᠳᠠᠢ᠃ ᠡᠰᠡᠨ ᠳᠠᠶᠢᠱᠢ ᠶᠢᠨ | ᠦᠶ᠎ᠡ ᠳᠤ ᠳᠡᠭᠦᠨ ᠤ ᠳᠡᠭᠦᠦ ᠶᠢ ᠳᠡᠮᠵᠢᠵᠤ ᠬᠠᠭᠠᠨ ᠪᠤᠯᠭᠠᠬᠤ ᠭᠡᠳ ᠳᠤᠭᠳᠤᠪᠤᠬᠠ ᠬᠠᠭᠠᠨ ᠢ ᠭᠠᠳᠠᠭᠤᠷᠴᠢᠯᠠᠵᠤ ᠡᠬᠢᠯᠡᠵᠡᠢ᠃ ᠠᠭᠪᠠᠷᠵᠢᠨ ᠵᠢᠨᠤᠩ ᠭᠡᠭᠴᠢ | ᠠᠬ᠎ᠠ ᠲᠠᠢ ᠪᠠᠨ ᠠᠳᠠᠯᠢᠬᠠᠨ ᠳᠡᠶᠢᠮᠦ ᠴᠦ ᠳᠠᠷᠢᠬᠢ ᠳᠤᠯᠤᠭᠠᠢ ᠦᠭᠡᠢ᠂ ᠶᠠᠭ ᠯᠡ ᠮᠠᠨᠵᠤ ᠶᠢᠨ ᠰᠡᠭᠦᠯ ᠤᠨ ᠬᠠᠭᠠᠨ ᠹᠦ᠋ ᠢ ᠰᠢᠭ ᠪᠠᠶᠢᠵᠤ᠂ ᠬᠠᠭᠠᠨ ᠰᠠᠭᠤᠪᠠᠯ | ᠬᠠᠮᠤᠭ ᠢᠶᠠᠨ ᠤᠭᠤᠷᠴᠢᠬᠠᠮᠠᠷ ᠪᠠᠶᠢᠵᠤ᠂ ᠤᠢᠢᠷᠠᠳ ᠬᠦᠮᠦᠰ ︽ᠮᠠᠨ ᠤ ᠵᠢᠨᠤᠩ ᠮᠠᠭᠠᠳ ᠵᠢᠨᠤᠩ ᠪᠢᠰᠢ᠂ ᠮᠠᠷᠠᠯ ᠡᠯᠵᠢᠭᠡᠨ ᠪᠠᠶᠢᠭᠰᠠᠨ ᠠᠵᠤᠭᠤ᠃︾ ᠬᠡᠮᠡᠨ | ᠡᠯᠡᠭᠯᠡᠵᠤ ᠪᠠᠶᠢᠭᠰᠠᠨ ᠠᠵᠢ᠃ ᠡᠨᠡ ᠡᠯᠵᠢᠭᠡᠨ ᠵᠢᠨᠤᠩ ᠨᠢ ᠦᠨᠡᠭᠡᠷ ᠬᠠᠭᠠᠨ ᠪᠤᠯᠬᠤ ᠭᠡᠵᠤ ᠬᠠᠮᠤᠭ ᠮᠤᠩᠭᠤᠯ ᠬᠠᠳ ᠢᠵᠠᠭᠤᠷᠳᠠᠨ᠂ ᠨᠤᠶᠠᠳ ᠤᠳᠤᠭᠠᠳᠠᠳ | ᠪᠦᠬᠦᠨ ᠢᠶᠠᠷ ᠢᠶᠠᠨ ᠠᠯᠠᠭᠳᠠᠵᠤ ᠬᠢᠳᠤᠭᠳᠠᠭᠠᠳ ᠮᠤᠩᠭᠤᠯ ᠢ ᠦᠨᠡᠭᠡᠷ ᠴᠡᠪᠡᠷ ᠠᠷᠢᠭᠤᠨ ᠪᠤᠯᠭᠠᠬᠤ ᠠᠶᠠᠳᠠᠵᠠᠢ᠃ ᠡᠰᠡᠨ ᠳᠠᠶᠢᠱᠢ ᠶᠢᠨ ᠡᠨᠡ ᠤᠳᠠᠭᠠᠨ ᠤ | ᠬᠢᠳᠤᠯᠭ᠎ᠠ ᠨᠢ ᠦᠨᠡᠭᠡᠷ ᠠᠯᠤᠰ ᠬᠤᠯᠠ ᠶᠢᠨ ᠤᠴᠢᠷ ᠤᠳᠬ᠎ᠠ ᠲᠠᠢ ᠪᠤᠯᠵᠤ᠂ ᠮᠤᠩᠭᠤᠯ ᠤᠨ ᠬᠠᠳ ᠢᠵᠠᠭᠤᠷᠳᠠᠳ ᠪᠠᠷᠤᠭ ᠨᠢ ᠪᠦᠷ ᠬᠢᠳᠤᠭᠳᠠᠵᠤ ᠠᠯᠠᠭᠳᠠᠭᠠᠳ᠂ | ᠨᠢᠭᠡ ᠦᠶ᠎ᠡ ᠳᠡᠦᠭᠡᠨ ᠳᠤ ᠦᠶ᠎ᠡ ᠢᠵᠠᠭᠤᠷ ᠢᠶᠠᠨ ᠴᠦ ᠡᠷᠢᠵᠤ ᠤᠯᠬᠤ ᠦᠭᠡᠢ ᠪᠤᠯᠵᠤ ᠪᠠᠶᠢᠵᠤᠬᠤᠢ᠃ ᠳᠡᠷᠡ ᠦᠶ᠎ᠡ ᠶᠢᠨ ᠶᠠᠪᠤᠳᠠᠯ ᠠᠴᠠ ᠪᠤᠯᠵᠤ ᠮᠤᠩᠭᠤᠯ ᠤᠨ | ᠬᠠᠭᠠᠳ ᠢᠵᠠᠭᠤᠷᠳᠠᠳ ᠤᠨ ᠦᠶ᠎ᠡ ᠢᠵᠠᠭᠤᠷ ᠪᠠᠯᠠᠷᠬᠠᠢ ᠪᠤᠯᠵᠤ᠂ ᠬᠤᠵᠢᠮ ᠤᠨ ᠳᠡᠦᠭᠡ ᠤᠭᠰᠠᠭ᠎ᠠ ᠨᠢ ᠴᠦ ᠬᠡᠳᠦᠨ ᠦᠶ᠎ᠡ ᠳᠠᠰᠤᠷᠠᠭᠰᠠᠨ ᠪᠠᠶᠢᠨ᠎ᠠ᠃ | ᠵᠡᠭᠦᠨ ᠮᠤᠩᠭᠤᠯ ᠤᠨ ᠬᠡᠳᠦᠨ ᠲᠦᠮᠡᠨ ᠨᠢ ᠬᠠᠳ ᠨᠤᠶᠠᠳ ᠢᠶᠠᠨ ᠠᠯᠠᠭᠳᠠᠭᠤᠯᠤᠭᠠᠳ᠂ ᠡᠰᠡᠨ ᠳᠠᠶᠢᠱᠢ ᠳᠤ ᠤᠯᠠᠩᠭᠢ ᠨᠢ ᠤᠢᠢᠷᠠᠳ ᠬᠦᠮᠦᠰ ᠤᠷᠤᠨ | ᠪᠠᠶᠢᠷᠢ ᠶᠢ ᠨᠢ ᠠᠪᠴᠤ ᠪᠠᠶᠢᠵᠤᠬᠤᠢ᠃ ᠤᠳᠤ ᠶᠢᠨ ᠬᠠᠷᠠᠴᠢᠨ ᠠᠶᠢᠮᠠᠭ᠂ ᠤᠡᠭᠨᠢᠭᠤᠳ ᠵᠡᠷᠭᠡ ᠠᠶᠢᠮᠠᠭ ᠤᠨ ᠬᠤᠪᠢᠷᠠᠯ ᠨᠢ ᠳᠡᠷᠡ ᠦᠶ᠎ᠡ ᠶᠢᠨ ᠬᠢᠳᠤᠯᠭ᠎ᠠ ᠲᠠᠢ | ᠬᠠᠮᠢᠶᠠᠷᠤᠯᠳᠠᠢ ᠪᠦᠯᠦᠭᠡ᠃ ᠮᠤᠩᠭᠤᠯ ᠤᠨ ᠳᠠᠶᠠᠨ ᠬᠠᠭᠠᠨ ᠤ ᠡᠴᠢᠭᠡ ᠨᠢ ᠴᠦ ᠬᠠᠭᠠᠰ ᠤᠢᠢᠷᠠᠳ ᠴᠢᠰᠤ ᠲᠠᠢ᠂ ᠳᠠᠶᠠᠨ ᠬᠠᠭᠠᠨ ᠨᠢ ᠲᠦᠷᠪᠡᠨ ᠤ ᠨᠢᠭᠡ ᠶᠢᠨ | ᠤᠢᠢᠷᠠᠳ ᠴᠢᠰᠤ ᠲᠠᠢ ᠪᠠᠶᠢᠵᠤᠬᠤᠢ᠃ | ᠡᠰᠡᠨ ᠬᠠᠭᠠᠨ ᠤ ᠦᠶ᠎ᠡ ᠳᠤ ᠵᠡᠭᠦᠨ ᠮᠤᠩᠭᠤᠯ ᠪᠠ ᠤᠷᠢᠶᠠᠩᠬᠠᠢ ᠶᠢᠨ ᠭᠤᠷᠪᠠᠨ ᠬᠠᠷᠠᠭᠤᠯ᠂ ᠮᠤᠩᠭᠤᠯ ᠤᠨ ᠡᠯ᠎ᠡ ᠠᠶᠢᠮᠠᠭ ᠨᠢ ᠪᠦᠷ ᠯᠡ ᠡᠰᠡᠨ ᠬᠠᠭᠠᠨ ᠤ | ᠳᠠᠭᠠᠭᠤᠯᠤᠭᠰᠠᠨ ᠤᠢᠢᠷᠠᠳ ᠬᠦᠮᠦᠰ ᠤᠨ ᠵᠢᠯᠤᠭᠤᠨ ᠳᠤ ᠬᠤᠷᠢᠶᠠᠭᠳᠠᠵᠤ᠂ ᠡᠰᠡᠷᠭᠦᠴᠡᠭᠰᠡᠨ ᠬᠦᠮᠦᠰ ᠨᠢ ᠪᠦᠷ ᠯᠡ ᠮᠦᠬᠦᠭᠡᠭᠳᠡᠵᠤ᠂ ᠮᠤᠩᠭᠤᠯ ᠤᠨ ᠬᠠᠭᠠᠨ | ᠤᠭᠰᠠᠭ᠎ᠠ ᠳᠤ ᠶᠡᠭᠡ ᠳᠠᠷᠤᠯᠳᠠ ᠦᠵᠡᠭᠦᠯᠵᠤ ᠪᠠᠶᠢᠵᠠᠢ᠃ ᠬᠤᠵᠢᠮ ᠴᠢᠩ ᠤᠯᠤᠰ ᠤᠨ ᠦᠶ᠎ᠡ ᠳᠤ ᠮᠤᠩᠭᠤᠯ ᠤᠨ ᠡᠯ᠎ᠡ ᠠᠶᠢᠮᠠᠭ ᠤᠨ ᠬᠠᠳ ᠨᠤᠶᠠᠳ ᠤᠨ ᠳᠡᠭᠡᠭᠰᠢ | ᠮᠡᠳᠡᠭᠦᠯᠦᠭᠰᠡᠨ ᠦᠶ᠎ᠡ ᠵᠠᠯᠭᠠᠮᠵᠢ ᠨᠢ ᠪᠦᠷ ᠯᠡ ᠳᠠᠰᠤᠷᠬᠠᠢ ᠪᠠᠯᠠᠷᠬᠠᠢ᠂ ᠡ᠊ᠨᠳᠡ ᠳᠡᠨᠳᠡ ᠪᠢᠴᠢᠭᠳᠡᠵᠤ ᠪᠠᠶᠢᠵᠠᠢ᠃ ᠮᠤᠩᠭᠤᠯ ᠤᠨ ᠬᠠᠳ ᠨᠢ ᠴᠦ ᠳᠤᠭᠤᠨ ᠡᠰᠡᠨ | ᠠᠪᠤ ᠬᠦᠦ ᠬᠤᠶᠠᠷ ᠤᠨ ᠭᠠᠷ ᠲᠤ ᠨᠠᠭᠠᠳᠤᠮ ᠳᠡᠳᠦᠢ ᠶᠠᠭᠤᠮ᠎ᠠ ᠪᠤᠯᠵᠤ ᠪᠠᠶᠢᠵᠠᠢ᠃ ᠮᠤᠩᠭᠤᠯ ᠤᠨ ᠵᠡᠭᠦᠨ ᠠᠶᠢᠮᠠᠭ ᠳᠤᠳᠤᠷᠠᠬᠢ ᠴᠠᠭᠠᠨ ᠲᠦᠮᠡᠨ ᠪᠠ ᠬᠠᠷᠠᠴᠢᠨ | ᠲᠦᠮᠡᠨ ᠤ ᠨᠤᠶᠠᠳ ᠨᠢ ᠡᠰᠡᠨ ᠳᠠᠶᠢᠱᠢ ᠶᠢᠨ ᠳᠠᠯᠪᠢᠭᠰᠠᠨ ᠤᠢᠢᠷᠠᠳ ᠬᠦᠮᠦᠰ ᠴᠦ ᠪᠤᠯᠤᠭᠰᠠᠨ ᠪᠠᠶᠢᠵᠤ ᠮᠡᠳᠡᠨ᠎ᠡ᠃ ᠡᠭᠦᠨ ᠢ ᠳᠡᠦᠭᠡᠴᠢᠳ ᠬᠤᠵᠢᠮ ᠰᠤᠳᠤᠯᠤᠨ | ᠮᠡᠳᠡᠬᠦ ᠪᠢᠵᠡ ᠡ᠃ ᠮᠤᠩᠭᠤᠯ ᠤᠨ ᠬᠠᠭᠠᠳ ᠤᠨ ᠤᠳᠤᠮ ᠴᠦ ᠪᠦᠷ ᠯᠡ ᠤᠢᠢᠷᠠᠳ ᠤᠳᠤᠮ ᠲᠠᠢ ᠪᠤᠯᠴᠢᠬᠠᠭᠰᠠᠨ ᠴᠦ ᠪᠠᠶᠢᠵᠤ ᠮᠡᠳᠡᠨ᠎ᠡ᠃ ᠮᠠᠨᠵᠤ ᠶᠢᠨ | ᠨᠤᠷᠬᠠᠴᠢ ᠶᠢᠨ ᠳᠡᠭᠡᠳᠦᠰ ᠨᠢ ᠴᠦ ᠤᠢᠢᠷᠠᠳ ᠬᠦᠮᠦᠰ ᠮᠠᠭᠠᠳ᠃ | ᠡᠭᠦᠨ ᠳᠤ ᠡᠯᠪᠡᠭ ᠬᠠᠭᠠᠨ ᠤ ᠶᠡᠭᠡ ᠦᠬᠢᠨ ᠰᠠᠮᠤᠷ ᠬᠦᠡᠭᠵᠤ ᠪᠠᠰᠠ ᠪᠠᠭ᠎ᠠ ᠪᠤᠰᠤ ᠡᠭᠦᠷᠭᠡ ᠬᠦᠢᠴᠡᠳᠭᠡᠵᠡᠢ᠃ ᠨᠢᠭᠡ ᠦᠶ᠎ᠡ ᠮᠤᠩᠭᠤᠯ ᠳᠤ ᠤᠴᠢᠵᠤ | ᠦᠪᠡᠷ ᠤᠨ ᠬᠦᠪᠡᠭᠦᠨ ᠳᠤᠭᠤᠨ ᠢᠶᠠᠨ ᠠᠪᠤᠷᠠᠵᠤ ᠪᠠᠶᠢᠭᠰᠠᠨ ᠴᠦ ᠰᠡᠭᠦᠯᠡᠷ ᠨᠢ ᠮᠤᠩᠭᠤᠯ ᠤᠨ ᠬᠠᠭᠠᠳ ᠤᠨ ᠦᠷᠡᠰ ᠢ ᠠᠪᠤᠷᠠᠨ ᠦᠯᠡᠳᠡᠭᠡᠬᠦ ᠳᠤ ᠶᠡᠭᠡ ᠦᠢᠯᠡᠳᠦᠯ | ᠦᠵᠡᠭᠦᠯᠵᠡᠢ᠃ ᠶᠠᠭ ᠯᠡ ᠵᠠᠩᠭᠠᠷ ᠤᠨ ᠳᠤᠤᠯᠢ ᠳᠤᠳᠤᠷ᠎ᠠ ᠪᠠᠶᠢᠭᠰᠠᠨ᠂ ᠵᠠᠩᠭᠠᠷ ᠤᠨ ᠳᠡᠭᠡᠭᠦᠷ ᠡᠰᠡᠨ ᠬᠠᠭᠠᠨ ᠴᠦ ᠵᠡᠭᠦᠨ ᠮᠤᠩᠭᠤᠯ ᠤᠨ ᠬᠤᠷᠴᠢᠨ ᠠᠶᠢᠮᠠᠭ ᠢ | ᠢᠯᠡᠭᠦᠦ ᠳᠤ ᠦᠵᠡᠵᠤ ᠨᠢᠭᠡ ᠪᠦᠯᠦᠭ ᠢ ᠨᠢ ᠰᠠᠯᠭᠠᠵᠤ ᠠᠪᠤᠭᠠᠳ ᠲᠦᠷᠪᠡᠨ ᠤᠢᠢᠷᠠᠳ ᠤᠨ ᠪᠦᠷᠢᠯᠳᠦᠭᠦᠨ ᠳᠤ ᠤᠷᠤᠭᠤᠯᠵᠤ᠂ ᠬᠤᠱᠤᠳ ᠬᠡᠮᠡᠨ ᠨᠡᠷᠡᠯᠡᠭᠰᠡᠨ ᠰᠢᠭ | ᠃ ᠳᠡᠷᠡ ᠦᠶ᠎ᠡ ᠳᠤ ᠠᠯᠢ ᠠᠶᠢᠮᠠᠭ ᠨᠢ ᠬᠤᠷᠴᠢᠨ ᠲᠠᠢ ᠬᠤᠯᠪᠤᠭᠠᠯᠠᠪᠠᠯ ᠳᠡᠷᠡ ᠠᠶᠢᠮᠠᠭ ᠨᠢ ᠢᠯᠠᠵᠤ ᠪᠠᠶᠢᠵᠠᠢ᠃ ᠵᠠᠩᠭᠠᠷ ᠤᠨ ᠳᠤᠳᠤᠷᠠᠬᠢ ᠬᠤᠨᠭ᠍ᠭᠤᠷ ᠪᠤᠯᠪᠠᠰᠤ | ᠬᠤᠷᠴᠢᠨ ᠬᠦᠮᠦᠰ ᠤᠨ ᠲᠦᠯᠦᠭᠡᠯᠡᠬᠦ ᠲᠦᠷᠢ ᠭᠡᠳᠡᠭ᠃ ᠡᠰᠡᠨ ᠬᠠᠭᠠᠨ ᠤ ᠬᠡᠦᠭᠡᠨ ᠪᠤᠯᠬᠤ ᠴᠡᠴᠡᠭ ᠬᠠᠳᠤᠨ ᠤ ᠬᠡᠪᠡᠯᠢ ᠳᠤ ᠨᠢᠭᠤᠵᠤ ᠦᠯᠡᠳᠡᠭᠰᠡᠨ ᠮᠤᠩᠭᠤᠯ ᠤᠨ | ᠬᠠᠭᠠᠨ ᠤ ᠦᠷᠡᠳᠦᠰ ᠠᠴᠠ ᠪᠤᠯᠵᠤ ᠳᠠᠶᠠᠨ ᠬᠠᠭᠠᠨ ᠤ ᠦᠷᠡᠳᠦᠰ ᠤᠯᠠᠷᠢᠵᠠᠢ᠃ ᠡᠨᠡ ᠪᠤᠯ ᠳᠡᠦᠭᠡ ᠶᠢᠨ ᠦᠨᠡᠨ ᠶᠠᠪᠤᠳᠠᠯ ᠶᠤᠮ᠃ | ᠤᠢᠢᠷᠠᠳ ᠤᠨ ᠡᠰᠡᠨ ᠬᠠᠭᠠᠨ ᠪᠤᠯᠤᠭᠠᠳ ᠨᠢᠭᠡ ᠵᠢᠯ ᠬᠠᠭᠠᠨ ᠰᠠᠭᠤᠭᠠᠳ ᠳᠤᠳᠤᠷ᠎ᠠ ᠵᠠᠭᠤᠷ᠎ᠠ ᠶᠢᠨ ᠳᠡᠮᠡᠴᠡᠯ ᠠᠴᠠ ᠪᠤᠯᠵᠤ ᠠᠯᠠᠭᠳᠠᠵᠠᠢ᠃ ᠡᠨᠡ ᠨᠢ | ᠤᠢᠢᠷᠠᠳ ᠬᠦᠮᠦᠰ ᠤᠨ ᠪᠠᠭᠤᠷᠠᠢ ᠳᠠᠯ᠎ᠠ ᠶᠤᠮ᠃ ᠠᠮᠵᠢᠯᠳᠠ ᠶᠢᠨ ᠳᠡᠭᠡᠳᠦ ᠳᠤ ᠬᠦᠷᠦᠭᠰᠡᠨ ᠦᠶ᠎ᠡ ᠳᠤ ᠳᠤᠳᠤᠭᠠᠳᠤ ᠶᠢᠨ ᠵᠢᠭᠤᠷᠠᠭᠠᠨ ᠨᠢ ᠤᠷᠬᠢᠯ ᠳᠤ ᠪᠠᠨ | ᠬᠦᠷᠳᠡᠭ᠃ ᠡᠨᠡ ᠬᠦ ᠳᠡᠦᠭᠡᠨ ᠯᠤᠬᠢᠭ ᠨᠢ ᠤᠢᠢᠷᠠᠳ ᠬᠦᠮᠦᠰ ᠤᠨ ᠳᠡᠦᠭᠡᠨ ᠳᠤ ᠤᠯᠠᠨ ᠤᠳᠠᠭ᠎ᠠ ᠢᠯᠡᠷᠡᠵᠤ᠂ ᠶᠠᠭ ᠯᠡ ᠨᠢᠭᠡ ᠵᠢᠮ᠎ᠡ ᠶᠤᠰᠤ ᠪᠤᠯᠤᠭᠰᠠᠨ ᠶᠤᠮ | ᠰᠢᠭ᠋᠃ ᠬᠤᠵᠢᠮ ᠤᠨ ᠭᠠᠯᠳᠠᠨ ᠪᠤᠱᠤᠭᠠᠳᠤ ᠶᠢᠨ ᠦᠬᠦᠯ᠂ ᠵᠡᠭᠦᠨᠭᠠᠷ ᠬᠠᠭᠠᠨᠳᠤ ᠤᠯᠤᠰ ᠤᠨ ᠮᠦᠭᠦᠯ ᠨᠢ ᠪᠦᠷ ᠯᠡ ᠪᠠᠭᠤᠷᠠᠯ ᠤᠨ ᠦᠶ᠎ᠡ ᠳᠤ ᠪᠠᠶᠢᠭᠰᠠᠨ ᠪᠢᠰᠢ᠂ | ᠬᠠᠷᠢᠨ ᠪᠦᠷ ᠯᠡ ᠠᠮᠵᠢᠯᠳᠠ ᠶᠢᠨ ᠤᠷᠬᠢᠯ ᠠᠴᠠ ᠮᠦᠬᠦᠯ ᠳᠤ ᠬᠦᠷᠦᠭᠰᠡᠨ ᠶᠤᠮ᠃ ᠮᠤᠩᠭᠤᠯ ᠳᠠᠶᠢᠴᠢᠳ ᠤᠨ ᠨᠡᠷ᠎ᠡ ᠠᠯᠳᠠᠷ ᠤᠨ ᠤᠷᠬᠢᠯ ᠨᠢ ᠢᠷᠠᠭᠤ | ᠠᠯᠳᠠᠷᠳᠠᠢ ᠪᠠᠷ ᠪᠡᠶ᠎ᠡ ᠪᠠᠷᠠᠬᠤ ᠳᠤ ᠯᠡ ᠪᠠᠶᠢᠳᠠᠭ ᠭᠡᠰᠡᠨ ᠴᠢᠩᠭᠢᠰ ᠤᠨ ᠰᠤᠷᠭᠠᠯ ᠤᠨ ᠪᠡᠶᠡᠯᠡᠯ ᠪᠠᠶᠢᠭᠰᠠᠨ ᠪᠤᠯᠪᠠ ᠤᠤ ᠳ᠋ᠠ᠃ | ᠤᠢᠢᠷᠠᠳ ᠤᠨ ᠡᠰᠡᠨ ᠬᠠᠭᠠᠨ ᠳᠤᠳᠤᠭᠠᠳᠤ ᠵᠠᠭᠤᠷ᠎ᠠ ᠶᠢᠨ ᠳᠡᠮᠡᠴᠡᠭᠡᠨ ᠠᠴᠠ ᠪᠤᠯᠵᠤ ᠠᠯᠠᠭᠳᠠᠭᠰᠠᠨ ᠤ ᠰᠡᠭᠦᠯᠡᠷ ᠤᠢᠢᠷᠠᠳ ᠬᠤᠭᠤᠷᠤᠨᠳᠤ ᠪᠠᠨ ᠡᠷᠭᠡ ᠪᠠ | ᠪᠠᠶᠢᠷᠢ ᠰᠠᠭᠤᠷᠢ ᠶᠢᠨ ᠳᠡᠮᠡᠴᠡᠯᠳᠦᠭᠡᠨ ᠪᠤᠯᠵᠤ ᠪᠠᠶᠢᠬᠤ ᠳᠤ ᠡᠰᠡᠨ ᠤ ᠡᠮᠡᠭᠡ ᠪᠤᠯᠬᠤ ᠰᠠᠮᠤᠷ ᠳᠠᠶᠢᠬᠡᠦ ᠠᠴᠠ ᠮᠤᠩᠭᠤᠯ ᠤᠨ ᠬᠠᠭᠠᠨ ᠤ ᠦᠷᠡᠳᠡᠰ ᠪᠤᠯᠬᠤ ᠵᠢᠨᠤᠩ | ᠳᠠᠶᠠᠨ ᠬᠠᠭᠠᠨ ᠤ ᠡᠴᠢᠭᠡ ᠪᠠᠳᠤᠮᠦ᠋ᠡᠭᠭᠡ ᠶᠢ ᠳᠠᠯᠪᠢᠨ ᠶᠠᠪᠤᠭᠤᠯᠵᠠᠢ᠃ ᠪᠠᠳᠤᠮᠦ᠋ᠡᠭᠭᠡ ᠳᠠᠶᠠᠨ ᠬᠠᠭᠠᠨ ᠢ ᠳᠤᠯᠤᠭᠠᠨ ᠨᠠᠰᠤᠳᠠᠢ ᠪᠠᠶᠢᠬᠤ ᠦᠶ᠎ᠡ ᠳᠤ ᠳᠤᠬᠠᠢ ᠶᠢᠨ | ᠦᠶ᠎ᠡ ᠳᠤ ᠮᠤᠩᠭᠤᠯ ᠤᠨ ᠲᠦᠷᠦ ᠶᠢᠨ ᠡᠷᠭᠡ ᠶᠢ ᠭᠠᠷ ᠲᠤ ᠪᠠᠨ ᠪᠠᠷᠢᠵᠤ ᠪᠠᠶᠢᠭᠰᠠᠨ ᠮᠠᠨᠳᠤᠬᠠᠢ ᠰᠡᠴᠡᠨ ᠬᠠᠳᠤᠨ ᠠᠴᠠ ᠡᠨᠡ ᠬᠦ ᠨᠢᠯᠬ᠎ᠠ ᠢᠵᠠᠭᠤᠷᠳᠠᠨ ᠤ ᠦᠨ᠎ᠡ | ᠴᠡᠨ᠎ᠡ ᠶᠢ ᠤᠯᠤᠰ ᠲᠦᠷᠦᠴᠢᠨ ᠤ ᠨᠢᠳᠦ ᠪᠠᠷ ᠦᠵᠡᠵᠤ ᠭᠠᠷᠤᠭᠠᠳ ᠦᠪᠡᠷ ᠤᠨ ᠪᠡᠶ᠎ᠡ ᠲᠠᠢ ᠪᠠᠨ ᠵᠠᠯᠭᠠᠭᠤᠯᠵᠤ ᠳᠤᠯᠤᠭᠠᠨ ᠬᠦᠪᠡᠭᠦᠨ ᠲᠦᠷᠦᠵᠤ ᠦᠭᠭᠦᠭᠰᠡᠨ | ᠪᠠᠶᠢᠨ᠎ᠠ᠃ ᠳᠤᠬᠠᠢ ᠶᠢᠨ ᠦᠶ᠎ᠡ ᠳᠤ ᠮᠠᠨᠳᠤᠬᠠᠢ ᠰᠡᠴᠡᠨ ᠬᠠᠳᠤᠨ ᠠᠴᠠ ᠬᠤᠷᠴᠢᠨ ᠠᠶᠢᠮᠠᠭ ᠤᠨ ᠬᠢᠨ ᠲᠠᠢ ᠬᠤᠯᠪᠤᠭᠠᠯᠠᠵᠤ ᠪᠠᠶᠢᠭᠠᠳ ᠲᠦᠷᠪᠡᠨ | ᠤᠢᠢᠷᠠᠳ ᠤᠨ ᠬᠢᠨ ᠢ ᠳᠠᠶᠢᠯᠵᠤ᠂ ᠭᠤᠷᠪᠠᠨ ᠶᠤᠰᠤ ᠳᠤᠭᠳᠠᠭᠠᠵᠤ ᠦᠭᠭᠦᠭᠡᠳ᠂ ᠮᠤᠩᠭᠤᠯ ᠤᠨ ᠬᠠᠭᠠᠨ ᠰᠠᠭᠤᠷᠢᠨ ᠢ ᠪᠤᠯᠢᠶᠠᠵᠤ ᠦᠭᠴᠡᠢ᠃ | ᠮᠠᠨᠳᠤᠬᠠᠢ ᠰᠡᠴᠡᠨ ᠬᠠᠳᠤᠨ ᠤ ᠳᠠᠩᠭᠠᠷᠢᠭ ᠤᠨ ᠦᠭᠡᠰ ᠲᠤ ᠮᠠᠳᠠᠭ ᠲᠠᠢ ᠵᠦᠢᠯᠡᠰ ᠤᠯᠠᠨ ᠪᠤᠢ᠃ ︽ᠢᠴᠢᠬᠦ ᠨᠢᠭᠤᠷ ᠢᠶᠠᠨ ᠬᠠᠯᠬᠠᠯᠠᠵᠤ ᠁︾ | ᠭᠡᠳᠡᠭ ᠨᠢ ᠶᠠᠭᠤ ᠭᠡᠰᠡᠨ ᠦᠬᠡ ᠪᠤᠢ︖ ︽ᠨᠠᠳᠠ ᠶᠢ ᠤᠷᠭᠠᠯᠠᠵᠤ ᠠᠪ ᠁︾ ᠭᠡᠳᠡᠭ ᠨᠢ ᠶᠠᠭᠤ ᠭᠡᠰᠡᠨ ᠦᠭᠡ ᠪᠤᠢ︖ ᠶᠠᠭᠤᠨ ᠳᠤ ᠪᠦᠷᠳᠡᠭᠡᠯᠵᠢᠨ | ᠰᠡᠴᠡᠨ ᠬᠠᠳᠤᠨ ᠤ ᠳᠠᠬᠢᠯᠭ᠎ᠠ ᠶᠢᠨ ᠤᠷᠳᠤᠨ ᠳᠤ ᠤᠴᠢᠵᠤ ᠳᠠᠩᠭᠠᠷᠢᠭ ᠬᠢᠳᠡᠭ ᠪᠤᠢ︖ ᠶᠠᠭᠤᠨ ᠳᠤ ᠬᠤᠷᠴᠢᠨ ᠤ ᠦᠨᠡᠨᠪᠤᠯᠤᠳ ᠢ ᠴᠤᠭ ᠲᠤ ᠪᠠᠨ ᠠᠪᠠᠴᠢᠵᠤ | ᠳᠠᠩᠭᠠᠷᠢᠭ ᠬᠢᠭᠰᠡᠨ ᠪᠤᠢ︖ ᠶᠠᠭᠤᠨ ᠳᠤ ᠬᠦᠦ ᠳᠤ ᠪᠠᠨ ᠪᠦᠷ ︽᠁ ᠪᠤᠯᠤᠳ︾ ᠨᠡᠷ᠎ᠡ ᠦᠭᠳᠡᠭ ᠪᠤᠢ︖ ᠦᠨᠡᠨᠪᠤᠯᠤᠳ ᠸᠠᠩ ᠶᠠᠭᠠᠬᠢᠭᠠᠳ ︽ᠤᠬᠢᠯᠠᠨ | ᠭᠠᠷᠴᠤ ᠶᠠᠪᠤᠭᠰᠠᠨ︾ ᠪᠤᠢ︖ ᠨᠢᠭᠡ ᠪᠦᠯᠦᠭ ᠳᠡᠦᠭᠡ ᠶᠢᠨ ᠮᠠᠳᠠᠭ ᠲᠠᠢ ᠶᠠᠪᠤᠳᠠᠯ ᠬᠤᠵᠢᠮ ᠢᠯᠭᠠᠷᠠᠬᠤ ᠯᠡ ᠪᠢᠵᠡ᠃ | ᠮᠠᠨᠳᠤᠬᠠᠢ ᠰᠡᠴᠡᠨ ᠬᠠᠳᠤᠨ ᠠᠴᠠ ᠬᠤᠷᠴᠢᠨ ᠠᠶᠢᠮᠠᠭ ᠤᠨ ᠬᠢᠨ ᠲᠠᠢ ᠬᠤᠯᠪᠤᠭᠠᠯᠠᠵᠤ ᠪᠠᠶᠢᠭᠠᠳ ᠤᠢᠢᠷᠠᠳ ᠢ ᠨᠢᠭᠡ ᠤᠳᠠᠭ᠎ᠠ ᠳᠡᠶᠢᠯᠦᠭᠰᠡᠨ ᠪᠤᠯᠪᠠᠴᠤ᠂ | ᠳᠠᠷᠠᠭᠠᠴᠢ ᠪᠠᠷ ᠨᠢ ᠤᠢᠢᠷᠠᠳ ᠤᠳ ᠬᠦᠴᠦᠨ ᠢᠶᠠᠨ ᠵᠠᠰᠠᠵᠤ ᠪᠠᠶᠢᠭᠠᠳ ᠬᠡᠳᠡᠷᠬᠦᠦ ᠳᠠᠭᠠᠷᠢᠭᠰᠠᠨ ᠳᠤ ᠳᠡᠶᠢᠯᠦᠭᠳᠡᠵᠤ ᠳᠠᠶᠠᠨ ᠬᠠᠭᠠᠨ ᠤ ᠦᠷᠭᠦᠭᠡ ᠨᠢ ᠠᠷᠤ ᠬᠠᠨᠭ᠍ᠭᠠᠢ | ᠠᠭᠤᠯᠠᠨ ᠳᠤ ᠳᠤᠭᠳᠠᠵᠤ ᠳᠡᠶᠢᠯᠬᠦ ᠦᠭᠡᠢ ᠪᠤᠯᠵᠤ ᠡᠮᠦᠨᠡᠰᠢᠯᠡᠨ ᠤᠳᠤ ᠶᠢᠨ ᠰᠢᠯᠢ ᠶᠢᠨ ᠭᠤᠤᠯ ᠤᠨ ᠡᠯᠡᠰᠦᠳᠡᠢ ᠬᠡᠰᠡᠨ ᠭᠠᠵᠠᠷ ᠨᠡᠭᠦᠵᠡᠢ᠃ ᠮᠤᠩᠭᠤᠯ ᠤᠨ | ᠡᠮᠦᠨᠡᠰᠢᠯᠡᠭᠰᠡᠨ ᠠᠴᠠ ᠪᠤᠯᠵᠤ ᠬᠤᠵᠢᠮ ᠨᠢ ᠤᠢᠢᠷᠠᠳ ᠨᠢ ᠭᠠᠭᠴᠠᠬᠠᠨ ᠠᠷᠤ ᠳᠤᠯᠤᠭᠠᠨ ᠤᠳᠤᠭ ᠬᠠᠯᠬ᠎ᠠ ᠲᠠᠢ ᠯᠡ ᠨᠢᠭᠤᠷᠯᠠᠵᠤ ᠳᠠᠶᠢᠯᠠᠯᠳᠤᠬᠤ ᠪᠤᠯᠤᠭᠰᠠᠨ ᠪᠠᠶᠢᠨ᠎ᠠ | ᠃ ᠬᠤᠵᠢᠮ ᠨᠢ ᠪᠠᠷᠠᠭᠤᠨ ᠭᠤᠷᠪᠠᠨ ᠠᠶᠢᠮᠠᠭ ᠮᠠᠨᠳᠤᠵᠤ᠂ ᠲᠦᠮᠡᠳ ᠤᠨ ᠠᠯᠳᠠᠨ ᠬᠠᠭᠠᠨ ᠤ ᠬᠦᠴᠦᠨ ᠭᠠᠷᠴᠤ ᠢᠷᠡᠭᠰᠡᠨ ᠤ ᠬᠤᠶᠢᠨ᠎ᠠ ᠮᠤᠩᠭᠤᠯ ᠤᠨ ᠬᠠᠭᠠᠳ ᠨᠢ | ᠪᠠᠰᠠ ᠯᠡ ᠰᠢᠬᠠᠭᠳᠠᠵᠤ ᠪᠠᠰᠠ ᠨᠢᠭᠡ ᠤᠳᠠᠭᠠᠨ ᠤ ᠮᠤᠩᠭᠤᠯ ᠤᠨ ᠨᠡᠭᠦᠳᠡᠯ ᠢᠶᠠᠷ ᠬᠠᠭᠠᠳ ᠤᠨ ᠦᠷᠦᠬᠡ ᠨᠢ ᠤᠳᠤ ᠶᠢᠨ ᠯᠢᠶᠤᠤᠨᠢᠩ ᠮᠤᠵᠢ ᠶᠢᠨ ᠬᠢᠵᠠᠭᠠᠷ ᠲᠤ | ᠬᠦᠷᠴᠦ᠂ ᠬᠤᠷᠴᠢᠨ ᠠᠶᠢᠮᠠᠭ ᠨᠢ ᠨᠤᠨ ᠮᠦᠷᠡᠨ ᠤ ᠰᠠᠪᠠ ᠬᠦᠨᠳᠡᠢ ᠳᠤ ᠨᠡᠭᠦᠵᠤ ᠶᠠᠪᠤᠭᠰᠠᠨ ᠪᠠᠶᠢᠨ᠎ᠠ᠃ ᠤᠢᠢᠷᠠᠳ ᠴᠦ ᠰᠢᠬᠠᠭᠳᠠᠵᠤ ᠠᠯᠳᠠᠢ ᠶᠢᠨ ᠰᠦᠪᠡ ᠶᠢ | ᠳᠠᠪᠠᠵᠤ ᠴᠠᠭᠠᠳᠠᠢ ᠬᠠᠭᠠᠨᠳᠤ ᠤᠯᠤᠰ ᠤᠨ ᠨᠤᠳᠤᠭ ᠳᠡᠪᠢᠰᠭᠡᠷ ᠵᠦᠭ ᠨᠤᠳᠤᠭ ᠢᠶᠠᠨ ᠳᠡᠯᠡᠵᠤ᠂ ᠬᠦᠮᠦᠨ ᠠᠮᠠ ᠨᠢ ᠤᠯᠠᠰᠢᠷᠠᠨ ᠨᠤᠳᠤᠭ ᠳᠡᠪᠢᠰᠭᠡᠷ ᠨᠢ ᠳᠡᠯᠡᠵᠡᠢ᠃ | ᠤᠢᠢᠷᠠᠳ ᠤᠨ ᠪᠠᠭᠤᠷᠠᠯ ᠤᠨ ᠦᠶ᠎ᠡ ᠳᠤ ᠨᠤᠳᠤᠭ ᠳᠡᠪᠢᠰᠭᠡᠷ ᠨᠢ ᠳᠡᠯᠡᠵᠤ ᠬᠦᠮᠦᠨ ᠠᠮᠠ ᠨᠢ ᠨᠡᠮᠡᠭᠳᠡᠳᠡᠭ᠃ ᠠᠯᠳᠠᠢ ᠶᠢ ᠳᠠᠪᠠᠵᠤ ᠪᠠᠷᠠᠭᠤᠨᠰᠢᠯᠠᠭᠰᠠᠨ ᠤ | ᠰᠡᠭᠦᠯᠡᠷ ᠤᠢᠢᠷᠠᠳ ᠨᠢ ᠦᠷᠭᠡᠨ ᠠᠭᠤᠳᠠᠮ ᠰᠢᠨᠵᠢᠶᠠᠩ ᠪᠠ ᠬᠠᠰᠠᠭ ᠤᠨ ᠳᠠᠯ᠎ᠠ ᠳᠤ ᠨᠤᠳᠤᠭ ᠨᠢ ᠳᠡᠯᠡᠵᠤ᠂ ᠬᠦᠮᠦᠨ ᠠᠮᠠ ᠨᠢ ᠤᠯᠠᠰᠢᠷᠠᠭᠰᠠᠨ ᠠᠴᠠ ᠨᠢᠭᠡ | ᠪᠦᠯᠦᠭ ᠨᠢ ᠢᠵᠢᠯ ᠵᠠᠢ ᠤᠷᠤᠭᠤ ᠨᠤᠳᠤᠭ ᠳᠡᠯᠡᠵᠤ᠂ ᠨᠢᠭᠡ ᠪᠦᠯᠦᠭ ᠨᠢ ᠬᠦᠬᠡᠨᠡᠭᠤᠷ ᠢ ᠡᠵᠡᠯᠡᠵᠤ᠂ ᠲᠦᠪᠡᠳ ᠢ ᠡᠷᠭᠡᠰᠢᠶᠡᠭᠰᠡᠨ ᠪᠠᠶᠢᠨ᠎ᠠ᠃ ᠡᠨᠡ ᠴᠠᠭ ᠦᠶ᠎ᠡ ᠨᠢ | ᠲᠦᠷᠪᠡᠨ ᠤᠢᠢᠷᠠᠳ ᠤᠨ ᠬᠦᠮᠦᠨ ᠠᠮᠠ ᠨᠡᠮᠡᠭᠳᠡᠵᠤ ᠨᠤᠳᠤᠭ ᠳᠡᠪᠢᠰᠭᠡᠷ ᠤᠷᠢᠳᠤ ᠭᠠᠷᠤᠭ᠎ᠠ ᠦᠭᠡᠢ ᠦᠷᠭᠡᠵᠢᠭᠰᠡᠨ ᠰᠢᠵᠢᠷ ᠠᠯᠳᠠᠨ ᠴᠠᠭ ᠦᠶ᠎ᠡ ᠮᠦᠨ᠃ | ᠦᠪᠡᠷ ᠤᠨ ᠤᠭ ᠨᠤᠳᠤᠭ ᠠᠴᠠ ᠭᠠᠳᠠᠨ᠎ᠠ ᠳᠤᠷᠭᠤᠳ ᠨᠢ ᠪᠠᠷᠠᠭᠤᠨᠰᠢ ᠨᠡᠭᠦᠵᠤ ᠢᠵᠢᠯ ᠵᠠᠢ ᠳᠤ ᠳᠤᠷᠭᠤᠳ ᠬᠠᠭᠠᠨᠳᠤ ᠤᠯᠤᠰ ᠢ ᠪᠠᠶᠢᠭᠤᠯᠵᠤ᠂ ᠬᠤᠱᠤᠳ ᠨᠢ | ᠵᠡᠭᠦᠨᠰᠢ ᠨᠡᠭᠦᠵᠤ ᠬᠦᠭᠡᠨᠠᠭᠤᠷ ᠲᠤ ᠬᠤᠱᠤᠳ ᠬᠠᠭᠠᠨᠳᠤ ᠤᠯᠤᠰ ᠢ ᠪᠠᠶᠢᠭᠤᠯᠵᠠᠢ᠃ ᠡᠨᠡ ᠬᠤᠶᠠᠷ ᠬᠠᠨᠯᠢᠭ ᠨᠢ ᠲᠦᠷᠪᠡᠨ ᠤᠢᠢᠷᠠᠳ ᠤᠨ ᠳᠠᠭᠠᠯᠳᠤᠬᠤ ᠤᠯᠤᠰ | ᠪᠠᠶᠢᠵᠠᠢ᠃ ᠵᠦᠡᠭᠭᠠᠷ ᠨᠦᠬᠦᠬᠦ ᠪᠤᠯᠳᠠᠯ᠎ᠠ ᠢᠵᠢᠯ ᠤᠨ ᠳᠤᠷᠭᠤᠳ ᠨᠢ ᠵᠦᠡᠭᠭᠠᠷ ᠲᠤ ᠠᠯᠪᠠ ᠪᠠᠷᠢᠵᠤ ᠲᠦᠮᠡᠨ ᠴᠡᠷᠢᠭ ᠢᠯᠡᠭᠡᠵᠤ ᠦᠢᠯᠡᠴᠢᠯᠡᠵᠤ ᠪᠠᠶᠢᠵᠠᠢ᠃ | ᠡᠨᠡ ᠦᠶᠡᠰ ᠤᠨ ᠤᠢᠢᠷᠠᠳ ᠨᠢ ᠮᠤᠩᠭᠤᠯ ᠳᠤ ᠬᠠᠷᠢᠶᠠᠯᠠᠭᠳᠠᠬᠤ ᠦᠭᠡᠢ᠂ ᠮᠠᠨᠵᠤ ᠳᠤ ᠴᠦ ᠬᠠᠷᠢᠶᠠᠯᠠᠭᠳᠠᠬᠤ ᠦᠭᠡᠢ ᠪᠡᠶ᠎ᠡ ᠪᠠᠨ ᠳᠠᠭᠠᠭᠠᠭᠰᠠᠨ ᠪᠠᠶᠢᠳᠠᠯ ᠲᠠᠢ | ᠪᠠᠶᠢᠵᠤ᠂ ᠪᠦᠷᠢᠨ ᠪᠦᠳᠦᠨ ᠵᠠᠰᠠᠭ ᠤᠨ ᠪᠠᠶᠢᠭᠤᠯᠤᠮᠵᠢ ᠲᠠᠢ᠂ ᠴᠡᠷᠢᠭ ᠠᠩᠭᠢ ᠲᠠᠢ᠂ ᠦᠰᠦᠭ ᠪᠢᠴᠢᠭ ᠲᠠᠢ᠂ ᠱᠠᠰᠢᠨ ᠰᠤᠷᠳᠠᠬᠤᠨ ᠤ ᠪᠡᠶ᠎ᠡ ᠪᠠᠨ ᠳᠠᠭᠠᠭᠠᠭᠰᠠᠨ | ᠴᠢᠨᠠᠷ ᠪᠦᠬᠦᠢ ᠳᠤᠰᠠᠭᠠᠷ ᠤᠯᠤᠰ ᠪᠤᠯᠵᠤ ᠪᠠᠶᠢᠵᠤᠬᠤᠢ᠃ | ᠤᠢᠢᠷᠠᠳ ᠤᠨ ᠳᠤᠳᠤᠭᠠᠳᠤ ᠶᠢᠨ ᠶᠡᠭᠡ ᠰᠠᠮᠠᠭᠤᠷᠠᠯ ᠤᠨ ᠦᠶ᠎ᠡ ᠳᠤ ᠭᠠᠯᠳᠠᠨ ᠪᠤᠱᠤᠭᠳᠤ ᠬᠡᠮᠡᠬᠦ ᠨᠢᠭᠡ ᠰᠠᠶᠢᠨ ᠡᠷ᠎ᠡ ᠭᠠᠷᠴᠤ ᠢᠷᠡᠪᠡ᠃ ᠬᠡᠳᠦ᠋ᠢᠪᠡᠷ ᠡᠰᠡᠨ | ᠬᠠᠭᠠᠨ ᠰᠢᠭ᠋ ᠡᠷᠡᠯᠬᠡᠭ ᠵᠤᠷᠢᠭ᠂ ᠬᠤᠯᠠ ᠶᠢᠨ ᠪᠤᠳᠤᠯᠭ᠎ᠠ ᠲᠠᠢ ᠪᠢᠰᠢ ᠪᠤᠯᠪᠠᠴᠤ ᠪᠦᠬᠦ ᠮᠤᠩᠭᠤᠯ ᠤᠨ ᠪᠠᠭᠤᠷᠠᠯ ᠤᠨ ᠦᠶ᠎ᠡ ᠳᠤ ᠨᠢᠭᠡᠨ ᠴᠠᠭ ᠦᠶ᠎ᠡ ᠶᠢ ᠡᠵᠡᠯᠡᠭᠰᠡᠨ | ᠰᠠᠶᠢᠨ ᠡᠷ᠎ᠡ ᠪᠤᠯᠬᠤ ᠪᠦᠯᠦᠭᠡ᠃ ᠳᠡᠭᠦᠨ ᠤ ᠡᠬᠢᠯᠡᠨ ᠰᠠᠭᠤᠷᠢ ᠳᠠᠯᠪᠢᠭᠰᠠᠨ ᠵᠡᠭᠦᠨᠭᠠᠷ ᠤᠯᠤᠰ ᠨᠢ ᠪᠦᠬᠦ᠋ᠢᠯᠡ ᠮᠤᠩᠭᠤᠯ᠂ ᠴᠢᠨᠠᠭᠰᠢᠯᠠᠨ ᠳᠤᠮᠳᠠᠳᠤ ᠠᠽᠢᠶ᠎ᠠ᠂ | ᠤᠷᠤᠰ ᠬᠢᠳᠠᠳ ᠤᠨ ᠳᠡᠦᠭᠡᠨ ᠳᠤ ᠪᠦᠷ ᠨᠢᠭᠡᠨ ᠬᠠᠭᠤᠳᠠᠰᠤ ᠡᠵᠡᠯᠡᠬᠦ ᠶᠤᠰᠤᠳᠠᠢ᠃ ᠳᠡᠯᠡᠭᠡᠢ ᠶᠢᠨ ᠨᠡᠭᠦᠳᠡᠯᠴᠢᠨ ᠦᠨᠳᠦᠰᠦᠳᠡᠨ ᠤ ᠳᠡᠦᠭᠡᠨ ᠳᠤ ᠴᠦ ᠨᠢᠭᠡ | ᠬᠠᠭᠤᠳᠠᠰᠤ ᠪᠤᠯᠤᠨ ᠪᠢᠴᠢᠭᠳᠡᠬᠦ ᠶᠤᠰᠤᠳᠠᠢ᠃ ᠭᠡᠪᠡᠴᠦ ᠪᠤᠳᠠᠳᠠᠢ ᠪᠠᠶᠢᠳᠠᠯ ᠨᠢ ᠬᠢᠳᠠᠳ᠂ ᠤᠷᠤᠰ ᠪᠠ ᠮᠠᠨᠵᠤ ᠨᠠᠷ ᠮᠠᠭᠤᠴᠢᠯᠠᠨ ᠪᠢᠴᠢᠵᠤ᠂ ᠮᠠᠨ ᠤ ᠮᠤᠩᠭᠤᠯ ᠨᠢ | ᠴᠦ ᠳᠠᠭᠠᠯᠳᠤᠨ ᠮᠠᠭᠤᠴᠢᠯᠠᠬᠤ ᠨᠢ ᠴᠦ ᠤᠯᠠᠨ ᠪᠠᠶᠢᠳᠠᠭ᠃ | ᠭᠠᠯᠳᠠᠨ ᠪᠤᠯ ᠡᠰᠡᠨ ᠬᠤᠳᠤᠭᠳᠤ ᠶᠢᠨ ᠬᠤᠶᠢᠳᠤ ᠲᠦᠷᠢ ᠭᠡᠳᠡᠭ᠃ ᠡᠨᠡ ᠬᠠᠭᠠᠨ ᠢ ᠲᠦᠷᠦᠬᠦ ᠳᠤ ᠶᠠᠮᠠᠷ ᠶᠠᠮᠠᠷ ᠰᠠᠶᠢᠨ ᠬᠠᠭᠠᠳ ᠬᠤᠳᠤᠭᠳᠤ ᠶᠢᠨ ᠰᠢᠨᠵᠢ | ᠳᠡᠮᠳᠡᠭ ᠢᠯᠡᠷᠡᠭᠰᠡᠨ ᠭᠡᠨ᠎ᠡ᠃ ᠡᠰᠡᠨ ᠬᠤᠳᠤᠭᠳᠤ ᠤᠢᠢᠷᠠᠳ ᠲᠤ ᠤᠷᠢᠯᠠᠬᠤ ᠳᠤ ᠭᠠᠯᠳᠠᠨ ᠤ ᠡᠵᠢ ᠨᠢ ᠮᠤᠷᠢᠨ ᠤ ᠵᠢᠯᠤᠭᠤ ᠠᠴᠠ ᠪᠠᠷᠢᠵᠤ ᠦᠷ᠎ᠡ ᠶᠢᠨ ᠬᠤᠳᠤᠭ | ᠤᠯᠭᠤᠮᠤ ᠬᠡᠮᠡᠨ ᠭᠤᠶᠤᠴᠢᠯᠠᠵᠠᠢ᠃ ᠡᠰᠡᠨ ᠬᠤᠳᠤᠭᠳᠤ ᠠᠴᠠ ᠪᠢ ᠨᠢᠭᠡᠨᠳᠡ ᠦᠳᠡᠯᠵᠡᠢ᠂ ᠦᠷ᠎ᠡ ᠶᠢᠨ ᠬᠤᠳᠤᠭ ᠦᠭᠴᠦ ᠳᠡᠶᠢᠯᠬᠦ ᠦᠭᠡᠢ ᠭᠡᠬᠦ ᠳᠤ ᠳᠠ ᠮᠢᠨᠤ | ᠬᠦᠦ ᠪᠤᠯᠤᠨ ᠲᠦᠷᠦᠵᠤ ᠪᠤᠯᠤᠨ᠎ᠠ ᠤᠤ︖ ᠭᠡᠬᠦ ᠳᠤ ᠪᠤᠯᠤᠨ᠎ᠠ ᠬᠡᠮᠡᠨ ᠠᠮᠠ ᠠᠯᠳᠠᠵᠠᠢ᠃ ᠳᠤᠮᠤᠭ ᠴᠦ ᠳᠡᠷᠡ᠂ ᠦᠨᠡᠨ ᠴᠦ ᠳᠡᠷᠡ᠂ ᠶᠠᠭᠤ ᠴᠦ ᠪᠤᠯᠤᠭ᠂ | ᠭᠠᠯᠳᠠᠨ ᠠᠴᠠ ᠭᠡᠭᠡᠨ ᠬᠤᠳᠤᠭᠳᠤ ᠪᠠᠷ ᠲᠦᠪᠡᠳ ᠲᠤ ᠵᠠᠯᠠᠭᠳᠠᠨ ᠤᠴᠢᠵᠤ᠂ ᠳ᠋ᠢᠪᠠ ᠰᠠᠩᠵᠠᠢ ᠲᠠᠢ ᠬᠤᠶᠠᠭᠤᠯᠠ ᠬᠠᠮᠳᠤ ᠰᠤᠷᠤᠭᠴᠢ ᠪᠤᠯᠤᠭᠰᠠᠨ ᠨᠢ ᠦᠨᠡᠨ | ᠶᠠᠪᠤᠳᠠᠯ᠃ ᠪᠠᠰᠠ ᠤᠨᠳᠤᠤ ᠯᠠᠮᠠ ᠬᠤᠳᠤᠭᠳᠤ ᠲᠠᠢ ᠳᠠᠭᠠᠷᠠᠬᠤ ᠦᠭᠡᠢ᠂ ᠭᠠᠯᠳᠠᠨ ᠵᠡᠪᠰᠡᠭ ᠪᠤᠯᠪᠠᠰᠤᠷᠠᠨ ᠲᠦᠷᠦ ᠶᠢᠨ ᠬᠡᠷᠡᠭ ᠲᠤ ᠳᠤᠷᠠᠯᠠᠵᠤ ᠪᠠᠶᠢᠭᠰᠠᠨ ᠨᠢ ᠴᠦ | ᠦᠨᠡᠨ ᠭᠡᠳᠡᠭ᠃ ᠳᠡᠭᠡᠭᠦ ᠪᠠᠷ ︽ᠤᠨᠳᠤᠤ ᠬᠤᠳᠤᠭᠳᠤ ᠨᠤᠮ ᠰᠤᠷᠤᠨ᠎ᠠ᠂ ᠮᠠᠨ ᠤ ᠬᠤᠳᠤᠭᠳᠤ ᠵᠡᠪᠰᠡᠭ ᠰᠤᠷᠤᠨ᠎ᠠ︾ ᠭᠡᠰᠡᠨ ᠦᠭᠡ ᠭᠠᠷᠤᠭᠰᠠᠨ ᠭᠡᠳᠡᠭ᠃ | ᠭᠠᠯᠳᠠᠨ ᠤ ᠠᠬ᠎ᠠ ᠰᠡᠩᠭᠡ ᠬᠤᠨᠭ᠌ ᠳᠠᠶᠢᠵᠢ ᠬᠤᠤᠷᠯᠠᠭᠳᠠᠭᠰᠠᠨ ᠤ ᠰᠡᠭᠦᠯᠡᠷ᠂ ᠰᠡᠩᠭᠡ ᠬᠤᠨᠭ᠌ ᠳᠠᠶᠢᠵᠢ ᠶᠢᠨ ᠬᠦᠦ ᠨᠢ ᠪᠠᠭ᠎ᠠ ᠪᠠᠶᠢᠭᠰᠠᠨ ᠤᠴᠢᠷ᠂ | ᠤᠢᠢᠷᠠᠳ ᠤᠨ ᠶᠡᠭᠡ ᠡᠷᠭᠡ ᠶᠢ ᠪᠠᠷᠢᠵᠤ ᠪᠠᠶᠢᠭᠰᠠᠨ ᠡᠬᠡ ᠨᠢ ᠭᠠᠯᠳᠠᠨ ᠢ ᠬᠠᠷ᠎ᠠ ᠪᠤᠯᠭᠠᠵᠤ᠂ ᠳᠠᠯᠠᠢ ᠯᠠᠮᠠ ᠠᠴᠠ ︽ᠪᠤᠱᠤᠭᠳᠤ︾ ᠴᠤᠯᠠ ᠬᠦᠷᠳᠡᠭᠡᠨ ︽ᠭᠠᠯᠳᠠᠨ | ᠪᠤᠱᠤᠭᠳᠤ ᠬᠠᠭᠠᠨ︾ ᠬᠡᠮᠡᠨ ᠠᠯᠳᠠᠷᠰᠢᠵᠠᠢ᠃ ᠭᠠᠯᠳᠠᠨ ᠨᠢ ᠤᠢᠢᠷᠠᠳ ᠲᠤ ᠪᠠᠨ ᠢᠷᠡᠮᠡᠭᠴᠡ ᠲᠦᠪᠡᠳ ᠤᠨ ᠱᠠᠰᠢᠨ ᠲᠦᠷᠦ ᠬᠤᠤᠰᠯᠠᠭᠰᠠᠨ ᠲᠦᠪ ᠲᠤ ᠲᠦᠪᠯᠡᠷᠡᠨ | ᠵᠠᠬᠢᠷᠬᠤ ᠠᠷᠭ᠎ᠠ ᠶᠢ ᠶᠡᠬᠡᠳᠡ ᠪᠢᠰᠢᠷᠡᠨ ᠰᠢᠳᠦᠵᠤ᠂ ᠵᠦᠡᠭᠭᠠᠷ ᠲᠤ ᠪᠠᠨ ᠲᠦᠪᠡᠳ ᠤᠨ ᠪᠠᠶᠢᠭᠤᠯᠤᠯ ᠢ ᠳᠠᠭᠤᠷᠢᠶᠠᠨ᠂ ᠳᠠᠶᠢᠨ ᠳᠠᠵᠢᠨ ᠳᠤ ᠭᠠᠷᠮᠠᠭᠠᠢᠢᠯᠠᠵᠤ᠂ | ᠲᠦᠪᠡᠳ ᠤᠨ ᠳᠠᠯᠠᠢ ᠯᠠᠮᠠ ᠶᠢᠨ ᠲᠦᠯᠦᠭᠡᠨ ᠤ ᠬᠦᠮᠦᠨ ᠪᠤᠯᠵᠠᠢ᠃ ᠤᠤᠯ ᠳᠠᠭᠠᠨ ᠲᠦᠷᠪᠡᠨ ᠤᠢᠢᠷᠠᠳ ᠤᠨ ᠨᠤᠶᠠᠷᠬᠠᠯ ᠨᠢ ᠠᠷᠠᠳᠴᠢᠯᠠᠯ ᠤᠨ ᠦᠡᠭᠭᠡ ᠪᠤᠳᠤᠭ ᠨᠢ | ᠢᠯᠡᠭᠦᠦ ᠪᠠᠶᠢᠵᠤ᠂ ᠶᠠᠭᠠᠬᠢᠵᠤ ᠰᠠᠮᠠᠭᠤᠷᠠᠪᠠᠴᠤ ᠶᠡᠭᠡ ᠠᠶᠤᠯ ᠵᠤᠪᠠᠯᠠᠩ ᠳᠤ ᠦᠷᠳᠦᠳᠡᠭ ᠦᠭᠡᠢ ᠪᠠᠶᠢᠭᠰᠠᠨ ᠶᠤᠮ᠃ ᠶᠡᠭᠡ ᠳᠠᠷᠤᠩᠭᠤᠢᠢᠯᠠᠯ᠂ ᠶᠡᠭᠡ ᠡᠷᠭᠡ | ᠲᠦᠪᠯᠡᠷᠡᠬᠦ ᠨᠢ ᠶᠡᠭᠡ ᠵᠤᠪᠠᠯᠠᠩ ᠳᠠᠭᠠᠯᠳᠤᠵᠤ ᠪᠠᠶᠢᠳᠠᠭ ᠶᠤᠮ᠃ ᠭᠠᠯᠳᠠᠨ ᠪᠤᠱᠤᠭᠳᠤ ᠬᠠᠭᠠᠨ ᠠᠴᠠ ᠴᠢᠰᠦ ᠤᠷᠤᠰᠬᠠᠭᠰᠠᠨ ᠳᠠᠶᠢᠨ ᠢᠶᠠᠷ ᠲᠦᠷᠪᠡᠨ ᠤᠢᠢᠷᠠᠳ ᠢᠶᠠᠨ | ᠨᠢᠭᠡᠳᠭᠡᠵᠤ᠂ ᠴᠠᠭᠠᠰᠢ ᠨᠢ ᠳᠤᠮᠳᠠᠳᠤ ᠠᠽᠢᠶ᠎ᠠ ᠶᠢᠨ ᠤᠯᠠᠨ ᠤᠭᠰᠠᠭᠠᠳᠠᠨ ᠢ ᠴᠦ ᠦᠪᠡᠷ ᠤᠨ ᠭᠠᠷ ᠲᠠᠭᠠᠨ ᠤᠷᠤᠭᠤᠯᠵᠠᠢ᠃ ᠽᠠᠶ᠎ᠠ ᠪᠠᠨᠳᠢᠳᠠ ᠶᠢᠨ ᠳᠠᠭᠠᠷᠠᠴᠢ ᠶᠢᠨ | ᠲᠦᠷᠢ ᠢᠯᠡᠷᠡᠬᠦ ᠶᠢ ᠬᠤᠷᠢᠭᠯᠠᠵᠤ᠂ ᠯᠠᠮᠠ ᠨᠠᠷ ᠲᠤ ᠴᠦ ᠶᠡᠭᠡ ᠳᠠᠷᠤᠩᠭᠤᠢᠢᠯᠠᠯ ᠶᠠᠪᠤᠭᠤᠯᠵᠠᠢ᠃ | |