ᠬᠦᠰᠡᠯ ᠤᠨ ᠲᠡᠷᠬᠡᠯ ᠵᠡᠬᠦᠳᠦ ︵ᠲᠣᠣᠷᠠᠳᠣ︶
ᠨᠡᠶᠢᠲᠡᠯᠡᠭᠰᠡᠨ ᠴᠠᠭ᠄
2020/12/2
     ᠊᠊᠊᠊᠊᠊ ᠤᠷᠤᠨ ᠤ ︽ᠰᠤᠯᠤᠩᠭ᠎ᠠ︾ ᠱᠠᠩᠨᠠᠯᠲᠦ ᠵᠠᠯᠠᠭᠤ ᠵᠤᠬᠢᠶᠠᠯᠴᠢ ᠬᠠᠨᠭ᠍ᠳᠠᠭᠤᠳ ᠤᠰᠤᠡᠪᠤᠳᠤᠭ ᠤᠨ ᠦᠢᠯᠡ ᠠᠵᠢᠯᠯᠠᠭ᠎ᠠ ᠶᠢ ᠲᠡᠮᠳᠡᠭᠯᠡᠪᠡ
     ᠠᠵᠢᠯ ᠳᠤ ᠪᠠᠨ ᠬᠠᠷᠢᠭᠤᠴᠠᠯᠭ᠎ᠠ ᠲᠠᠢ᠂ ᠠᠡᠳᠡ ᠨᠦᠬᠦᠳ ᠲᠤ ᠪᠠᠨ ᠬᠠᠶᠢᠷ᠎ᠠ ᠨᠠᠶᠢᠷ ᠲᠠᠢ ᠬᠦᠮᠦᠨ ᠶᠡᠷᠦ ᠨᠢ ᠤᠡᠳᠤᠤ ᠪᠠᠶᠢᠳᠠᠭ᠃ ᠲᠡᠷᠡ ᠤᠳᠠᠯ ᠦᠬᠡᠢ᠂ ︽ᠨᠢᠬᠡ ᠰᠠᠶᠢᠨ ᠨᠠᠶᠢᠷᠠᠭᠤᠯᠤᠭᠴᠢ ᠪᠤᠯᠬᠤ ᠳᠤ ᠵᠠᠪᠠᠯ ᠦᠷᠬᠡᠨ ᠮᠡᠳᠡᠯᠬᠡ ᠲᠠᠢ᠂ ᠦᠯᠡᠮᠵᠢ ᠤᠷ᠎ᠠ ᠠᠪᠢᠶᠠᠰ ᠲᠠᠢ᠂ ᠲᠡᠷᠡ ᠮᠦᠷᠳᠡᠬᠡᠨ ᠦᠪᠡᠷ ᠤᠨ ᠬᠢ ᠪᠠᠨ ᠦᠷᠡᠭᠳᠡᠬᠦᠯᠬᠦ ᠵᠤᠷᠢᠭ ᠰᠠᠨᠠᠭ᠎ᠠ ᠲᠠᠢ᠂ ᠦᠡᠳᠦᠷ ᠬᠡᠪ ᠪᠤᠯᠪᠠᠰᠤᠷᠠᠯ ᠪᠦᠬᠦᠢ ᠬᠦᠮᠦᠨ ᠪᠠᠶᠢᠬᠤ ᠬᠡᠷᠡᠭᠳᠡᠢ︾ ᠬᠡᠳᠡᠭ ᠢ ᠲᠤᠳᠤᠷᠬᠠᠢ ᠲᠠᠨᠢᠵᠤ ᠤᠯᠪᠠ᠃ ᠲᠡᠷᠡ ᠦᠪᠡᠷ ᠤᠨ ᠨᠠᠶᠢᠷᠠᠭᠤᠯᠤᠭᠴᠢ ᠶᠢᠨ ᠬᠡᠪ ᠪᠤᠯᠪᠠᠰᠤᠷᠠᠯ ᠢᠶᠠᠨ ᠲᠡᠭᠡᠭᠰᠢᠯᠡᠬᠦᠯᠬᠦ ᠶᠢᠨ ᠲᠦᠯᠦᠬᠡ ᠤᠷᠠᠨ ᠵᠤᠬᠢᠶᠠᠯ ᠤᠨ ᠤᠨᠤᠯ ᠤᠨ ᠨᠤᠮ ᠢ ᠴᠦ ᠤᠯᠳᠠᠬᠤ ᠶᠢᠨ ᠬᠢᠷᠢ ᠪᠠᠷ ᠤᠡᠭᠰᠢᠳᠠᠭ ᠪᠤᠯᠪᠠ᠃ ᠤᠡᠴᠠᠭᠠᠶᠢᠯᠠᠨ ᠤᠷᠤᠨ ᠤ ᠲᠤᠳᠤᠭᠠᠳᠡᠬᠢ ︽ᠦᠨᠢᠷ ᠴᠡᠴᠡᠭ︾᠂ ︽ᠠᠯᠳᠠᠨ ᠲᠦᠯᠬᠢᠬᠦᠷ︾᠂ ︽ᠦᠪᠦᠷ ᠮᠤᠩᠭᠤᠯ ᠤᠨ ᠵᠠᠯᠠᠭᠤᠴᠤᠳ︾ ᠪᠤᠯᠤᠨ ᠡᠯ᠎ᠡ ᠠᠶᠢᠮᠠᠭ ᠬᠤᠳᠠ ᠶᠢᠨ ᠤᠷᠠᠨ ᠵᠤᠬᠢᠶᠠᠯ ᠤᠨ ᠰᠡᠳᠬᠦᠯ ᠢ ᠠᠯᠳᠠᠯ ᠦᠬᠡᠢ ᠵᠠᠬᠢᠶᠠᠯᠠᠳᠠᠭ ᠪᠠᠶᠢᠪᠠ᠃ ᠲᠡᠬᠦᠨ ᠤ ᠵᠢᠯ ᠳᠤ ᠪᠠᠨ ᠤᠯᠵᠤ ᠢᠮᠡᠷᠳᠡᠭ ᠴᠠᠯᠢᠩ ᠨᠢ ᠠᠮᠢᠳᠤᠷᠠᠯ ᠤᠨ ᠡᠨᠡ ᠲᠡᠷᠡ ᠬᠡᠷᠡᠭᠴᠡᠭᠡ ᠪᠠᠨ ᠬᠠᠨᠭ᠍ᠭᠠᠬᠤ ᠪᠠᠶᠢᠳᠤᠭᠠᠢ ᠨᠤᠮ ᠰᠡᠳᠬᠦᠯ ᠵᠠᠬᠢᠶᠠᠯᠠᠭᠠᠳ ᠴᠦ ᠬᠦᠷᠬᠦ ᠦᠬᠡᠢ ᠪᠠᠶᠢᠪᠠ᠃ ᠤᠳᠤ ᠨᠦᠬᠦᠴᠡᠯ ᠪᠤᠯᠤᠯᠴᠠᠭ᠎ᠠ ᠤᠯᠠᠮ ᠰᠠᠶᠢᠵᠢᠷᠠᠵᠤ᠂ ᠨᠤᠮ ᠠᠪᠬᠤ ᠳᠤ ᠨᠡᠩ ᠲᠦᠬᠦᠮ ᠪᠤᠯᠪᠠ᠃ ᠰᠦᠯᠵᠢᠶ᠎ᠡ ᠲᠡᠭᠡᠷ᠎ᠡ ᠠᠴᠠ ᠰᠤᠩᠭᠤᠵᠤ ᠰᠤᠩᠭᠤᠭᠠᠳ ᠵᠤᠭᠤᠰ ᠢᠶᠠᠨ ᠲᠤᠰᠢᠶᠠᠪᠠᠯ ᠭᠡᠳᠦᠨ ᠡᠳᠦᠷ ᠪᠤᠯᠬᠤ ᠦᠬᠡᠢ ᠡᠬᠦᠳᠡᠨ ᠳᠤ ᠴᠢᠨᠢ ᠬᠦᠷᠭᠡᠭᠡᠳ ᠢᠷᠡᠴᠢᠬᠡᠨ᠎ᠡ᠃ ᠭᠠᠷᠠᠭ ᠪᠦᠷᠢ ᠭᠤᠷᠪᠠ ᠲᠠᠪᠤᠨ ᠨᠤᠮ ᠬᠤᠳᠠᠯᠳᠤᠨ ᠠᠪᠬᠤ ᠪᠤᠯ ᠮᠢᠨᠤ ᠵᠠᠪᠠᠯ ᠪᠡᠶᠡᠯᠡᠬᠦᠯᠬᠦ ᠡᠬᠦᠷᠭᠡ ᠶᠢᠨ ᠨᠢᠬᠡ ᠶᠤᠮ ᠬᠡᠵᠤ ᠲᠡᠷᠡ ᠲᠠᠯᠪᠢᠭᠤᠬᠠᠨ ᠶᠠᠷᠢᠵᠤ ᠪᠠᠶᠢᠪᠠ᠃ ᠲᠡᠷᠡ ᠬᠠᠷᠢᠭᠤ ᠵᠠᠯᠠᠬᠤ ᠠᠴᠠ ᠰᠢᠷᠬᠡᠶᠢᠬᠦ ᠳᠤ ᠪᠠᠨ ᠪᠤᠰᠤᠳ ᠤᠨ ᠵᠠᠯᠠᠯᠭ᠎ᠠ ᠶᠢ ᠲᠡᠶᠢᠮᠤ ᠬᠢᠯᠪᠡᠷ ᠢᠶᠠᠷ ᠬᠦᠯᠢᠶᠡᠳᠡᠭ ᠦᠬᠡᠢ᠃ ᠲᠡᠷᠡ ᠲᠡᠶᠢᠮᠤ ᠯᠠ ᠬᠠᠷᠠᠮᠴᠢ ᠪᠤᠯᠤᠭᠠᠳ ᠲᠡᠭᠡᠭᠡ ᠦᠬᠡᠢ᠂ ᠬᠠᠷᠢᠨ ᠤᠯᠬᠤ ᠴᠠᠯᠢᠩ ᠨᠢ ᠤᠭᠤ ᠪᠠᠭ᠎ᠠ ᠪᠤᠯᠴᠢᠬᠠᠵᠠᠢ᠃ ᠰᠠᠷ᠎ᠠ ᠪᠦᠷᠢ ᠤᠯᠳᠠᠭ ᠴᠠᠯᠢᠩ ᠨᠢ ᠵᠦᠪᠬᠡᠨ ᠭᠤᠷᠪᠠᠨ ᠵᠠᠭᠤᠨ ᠲᠦᠬᠦᠷᠢᠭ᠂ ᠲᠡᠷᠡ ᠨᠢ ᠪᠠᠭᠤᠷᠠᠳᠠᠭ ᠦᠬᠡᠢ ᠪᠤᠯᠪᠠᠴᠤ ᠦᠰᠳᠡᠭ ᠦᠬᠡᠢ᠃ ᠲᠡᠷᠡ ᠮᠦᠷᠳᠡᠬᠡᠨ ᠰᠠᠷ᠎ᠠ ᠪᠦᠷᠢ ᠤᠯᠵᠤ ᠠᠳᠬᠤᠳᠠᠭ ᠦᠬᠡᠢ᠂ ᠵᠢᠯ ᠤᠨ ᠡᠴᠤᠰ ᠲᠤ ᠯᠠ ᠰᠠᠶ᠋ᠢ ᠦᠭᠳᠡᠭ ᠪᠠᠶᠢᠵᠠᠢ᠃ ᠡᠨᠡ ᠨᠢ ᠨᠢᠬᠡ ᠵᠢᠯ ᠬᠤᠶᠠᠷ ᠵᠢᠯ ᠪᠤᠰᠤ᠂ ᠬᠠᠷᠢᠨ ᠪᠦᠬᠦᠯᠢ ᠨᠠᠢᠮᠠᠨ ᠵᠢᠯ᠂ ᠶᠡᠷᠡᠨ ᠵᠢᠷᠭᠤᠭᠠᠨ ᠰᠠᠷ᠎ᠠ ᠰᠢᠤ ᠳ᠋ᠠ᠃ ᠰᠡᠬᠦᠯᠡᠷ ᠨᠢ ᠲᠡᠬᠦᠨ ᠤ ᠴᠠᠯᠢᠩ ᠢ ᠪᠠᠭ᠋ᠠᠨ ᠦᠰᠬᠡᠵᠤ ᠦᠭᠬᠦᠬᠡᠳ ᠰᠠᠷ᠎ᠠ ᠪᠦᠷᠢ ᠵᠢᠷᠭᠤᠭᠠᠨ ᠵᠠᠭᠤᠨ ᠲᠦᠬᠦᠷᠢᠭ ᠪᠤᠯᠭᠠᠭᠰᠠᠨ ᠪᠤᠯᠪᠠᠴᠤ ᠲᠡᠷᠡ ᠨᠢ ᠪᠠᠰᠠ ᠯᠠ ᠦᠰᠬᠦ ᠦᠬᠡᠢ ᠪᠠᠭᠤᠷᠠᠬᠤ ᠦᠬᠡᠢ ᠪᠦᠳᠦᠨ ᠲᠤᠯᠤᠭᠠᠨ ᠵᠢᠯ ᠦᠡᠭᠭᠡᠷᠡᠪᠡ᠃ ᠤᠳᠤ ᠪᠤᠳᠤᠵᠤ ᠦᠵᠡᠪᠡᠯ ᠦᠨᠤ ᠶᠢᠨ ᠨᠢᠬᠡᠨ ᠲᠦᠷᠦ ᠶᠢᠨ ᠠᠯᠪᠠᠳᠠᠨ ᠤ ᠨᠢᠬᠡ ᠯᠠ ᠵᠢᠯ ᠤᠨ ᠴᠠᠯᠢᠩ ᠨᠢ ᠲᠡᠬᠦᠨ ᠤ ᠠᠷᠪᠠᠨ ᠲᠠᠪᠤᠨ ᠵᠢᠯ ᠤᠨ ᠤᠯᠤᠭᠰᠠᠨ ᠪᠦᠬᠦ ᠴᠠᠯᠢᠩ ᠤᠨ ᠨᠡᠶᠢᠯᠡᠪᠦᠷᠢ ᠲᠠᠢ ᠲᠡᠩᠴᠡᠨ᠎ᠡ ᠳ᠋ᠠ᠃ ᠲᠠᠸᠠᠷ ᠤᠨ ᠦᠨ᠎ᠡ ᠲᠡᠭᠷᠢ ᠲᠤᠯᠤᠮ᠎ᠠ ᠦᠰᠴᠦ᠂ ᠲᠠᠬᠢᠶ᠎ᠠ ᠭᠠᠯᠠᠭᠤ ᠪᠠᠶᠢᠳᠠᠯ᠎ᠠ ᠲᠠᠪᠢ ᠵᠠᠭᠤᠨ ᠲᠦᠬᠦᠷᠢᠭ ᠬᠦᠷᠴᠦ ᠪᠠᠶᠢᠭ᠎ᠠ ᠦᠨᠦ ᠡᠷᠢᠨ ᠳᠤ ᠲᠡᠷᠡ ᠵᠢᠭᠠᠬᠠᠨ ᠴᠠᠯᠢᠩ ᠮᠦᠡᠭᠬᠦ ᠪᠠᠷ ᠤᠰᠤᠡᠪᠤᠳᠤᠭ ᠨᠢᠬᠡ ᠬᠡᠷ ᠪᠦᠯᠢ ᠪᠠᠷ ᠢᠶᠠᠨ ᠲᠡᠳᠡᠭᠡᠷ ᠡᠳᠦᠷ ᠬᠤᠨᠤᠭ ᠤᠳ ᠢ ᠶᠠᠭᠠᠬᠢᠵᠤ ᠴᠦ ᠲᠤᠭᠤᠯᠵᠦ ᠢᠷᠡᠭᠰᠡᠨ ᠪᠤᠯ ᠳ᠋ᠠ ︖ ᠬᠡᠵᠤ ᠵᠢᠷᠦᠬᠡ ᠡᠪᠡᠳᠦᠨ ᠪᠤᠳᠤᠬᠤ ᠳᠤ ᠪᠠᠨ ᠪᠢ ᠲᠡᠬᠦᠨ ᠠᠴᠠ᠄ ︽ᠠᠷᠪᠠ ᠭᠠᠷᠤᠢ ᠵᠢᠯ ᠤᠨ ᠲᠤᠷᠰᠢ᠂ ᠲᠠ ᠠᠮᠢᠳᠤᠷᠠᠯ ᠠᠬᠤᠢ ᠴᠢᠨᠢ ᠲᠡᠶᠢᠮᠤ ᠬᠦᠴᠢᠷᠳᠡᠯ ᠲᠠᠢ ᠪᠠᠶᠢᠳᠠᠯ ᠲᠤᠤᠷ᠎ᠠ ᠤᠷᠠᠨ ᠵᠤᠬᠢᠶᠠᠯ ᠤᠨ ᠤᠷᠤᠯᠳᠤᠯᠭ᠎ᠠ ᠪᠠᠨ ᠶᠡᠷᠦ ᠬᠠᠶᠠᠭᠰᠠᠨ ᠦᠬᠡᠢ᠂ ᠲᠡᠷᠡ ᠮᠦᠷᠳᠡᠬᠡᠨ ᠤᠪᠤᠭ᠎ᠠ ᠲᠤᠪᠤᠭ᠎ᠠ ᠠᠮᠵᠢᠯᠳᠠ ᠪᠦᠳᠦᠮᠵᠢ ᠡᠬᠦᠳᠴᠦ ᠶᠠᠪᠤᠭ᠎ᠠ᠂ ᠶᠠᠮᠠᠷᠬᠠᠨ ᠬᠠᠯᠠᠭᠤᠨ ᠰᠡᠳᠬᠢᠯ ᠬᠠᠳᠠᠭᠤ ᠵᠤᠷᠢᠭ ᠢᠶᠠᠷ ᠪᠠᠷᠢᠮᠳᠠᠯᠠᠵᠤ ᠢᠷᠡᠭᠰᠡᠨ ᠪᠤᠢ︖︾ ᠬᠡᠪᠡᠯ ᠲᠡᠷᠡ᠄ ︽ᠡᠳᠡᠬᠡᠷ ᠢ ᠪᠤᠳᠤᠪᠠᠯ ᠵᠤᠷᠢᠭ ᠡᠷᠴᠢᠯᠡᠭᠳᠡᠨ᠎ᠡ᠂ ᠤᠶᠠᠷᠠᠯ ᠴᠦ ᠲᠦᠷᠦᠭᠳᠡᠨ᠎ᠡ᠃ ᠶᠠᠭᠤ ᠬᠡᠪᠡᠯ ᠪᠢ ᠦᠪᠡᠷ ᠤᠨ ᠵᠤᠬᠢᠶᠠᠯ ᠢᠶᠠᠨ ᠰᠡᠳᠬᠦᠯ ᠳᠤ ᠨᠡᠶᠢᠳᠡᠯᠡᠬᠦᠯᠦᠭᠰᠡᠨ ᠴᠠᠭ ᠠᠴᠠ ᠡᠬᠢᠯᠡᠬᠡᠳ ᠤᠷᠠᠨ ᠵᠤᠬᠢᠶᠠᠯ ᠳᠤ ᠰᠦᠨᠡᠰᠦ ᠪᠠᠨ ᠲᠠᠭᠤᠳᠠᠭᠤᠯᠤᠭᠰᠠᠨ ᠰᠢᠭ᠋ ᠰᠡᠳᠬᠢᠯ ᠲᠠᠳᠠᠭᠳᠠᠭᠰᠠᠨ ᠶᠤᠮ᠃ ᠤᠳᠤ ᠪᠤᠳᠤᠪᠠᠯ ᠮᠢᠨᠤ ᠪᠠᠷᠢᠮᠳᠠᠯᠠᠯ ᠪᠤᠷᠤᠭᠤ ᠪᠢᠰᠢ᠂ ᠶᠠᠭᠤ ᠬᠢᠭᠰᠡᠨ ᠴᠦ ᠬᠡᠵᠢᠶᠡᠳᠡ ᠪᠠᠷᠢᠮᠳᠠᠯᠠᠬᠤ ᠰᠦᠰᠦ ᠵᠤᠷᠢᠭ ᠦᠬᠡᠢ ᠶᠤᠮ ᠪᠤᠯ ᠤᠯᠠᠨ ᠠᠴᠠ ᠬᠡᠳᠦᠷᠡᠭᠰᠡᠨ ᠤᠢ ᠪᠢᠯᠢᠭ᠂ ᠤᠶᠤᠨ ᠤᠬᠠᠭᠠᠨ ᠲᠠᠢ ᠪᠠᠶᠢᠯ᠎ᠠ ᠴᠦ ᠬᠡᠰᠡᠨ ᠦᠢᠯᠡᠰ ᠪᠦᠳᠦᠬᠡᠵᠤ ᠲᠡᠶᠢᠯᠬᠦ ᠦᠬᠡᠢ ᠨᠢ ᠯᠠᠪ᠃ ᠨᠦᠬᠦᠬᠡ ᠲᠠᠯ᠎ᠠ ᠪᠠᠷ ᠮᠢᠨᠤ ᠤᠯᠤᠭᠰᠠᠨ ᠵᠢᠭᠠᠬᠠᠨ ᠠᠮᠵᠢᠯᠳᠠ ᠪᠤᠯ ᠮᠢᠨᠤ ᠪᠦᠰᠡᠬᠦᠢ ᠶᠢ ᠪᠠᠭᠳᠠᠭᠠᠭᠰᠠᠨ ᠮᠠᠰᠢ ᠤᠯᠠᠨ ᠬᠠᠯᠠᠭᠤᠨ ᠰᠡᠳᠬᠢᠯᠳᠤ ᠪᠠᠭᠰᠢ ᠶᠢᠨ ᠲᠡᠮᠵᠢᠯᠬᠡ ᠠᠴᠠ ᠰᠠᠯᠵᠤ ᠴᠢᠳᠠᠬᠤ ᠦᠬᠡᠢ ᠶᠤᠮ᠃ ᠦᠨᠦᠳᠦᠷ ᠨᠠᠮᠠᠢᠢ ᠬᠡᠷᠪᠡ ᠠᠷᠪᠠᠨ ᠬᠤᠪᠢ ᠶᠢᠨ ᠠᠮᠵᠢᠯᠳᠠ ᠤᠯᠤᠯ᠎ᠠ ᠬᠡᠵᠤ ᠦᠵᠡᠪᠡᠯ ᠮᠢᠨᠤ ᠪᠦᠰᠡᠬᠦᠢ ᠨᠠᠮᠠᠢᠢ ᠵᠠᠭᠤᠨ ᠬᠤᠪᠢ ᠪᠠᠷ ᠲᠡᠮᠵᠢᠵᠤ ᠶᠠᠪᠤᠵᠠᠢ︾ ᠬᠡᠰᠡᠨ ᠢᠶᠠᠨ ᠨᠠᠳᠠ ᠳᠤ ᠡᠶᠢᠮᠤ ᠨᠢᠬᠡᠨ ᠦᠯᠢᠬᠡᠷ ᠶᠠᠷᠢᠵᠤ ᠦᠭᠪᠡ᠃      ᠨᠢᠬᠡᠨ ᠡᠳᠦᠷ ᠲᠡᠷᠡ ᠠᠵᠢᠯ ᠠᠴᠠ ᠪᠠᠨ ᠪᠠᠭᠤᠭᠠᠳ ᠬᠡᠷ ᠲᠤ ᠪᠠᠨ ᠬᠠᠷᠢᠵᠤ ᠢᠷᠠᠬᠦ ᠳᠤ ᠪᠦᠰᠡᠬᠦᠢ ᠨᠢ ᠤᠷᠤᠭᠤ ᠴᠢᠷᠠᠶᠢᠯᠠᠵᠤ ᠤᠰᠤᠨ ᠨᠢᠳᠤᠯᠡᠨ ᠰᠠᠭᠤᠵᠤ ᠪᠠᠶᠢᠪᠠ᠃ ᠬᠦᠦ ᠨᠢ ᠡᠬᠦᠳᠡᠨ ᠠᠷᠤ ᠳᠤ ᠪᠠᠨ ᠤᠬᠢᠯᠠᠵᠤ ᠵᠤᠭᠰᠤᠨ᠎ᠠ᠃ ᠪᠦᠰᠡᠬᠦᠢ ᠨᠢ ᠬᠤᠭᠤᠯᠠ ᠬᠤᠰᠢ ᠪᠠᠨ ᠪᠡᠯᠡᠳᠦᠭᠰᠡᠨ ᠶᠠᠩᠵᠤ ᠦᠬᠡᠢ᠃ ᠬᠡᠷ ᠲᠤᠳᠤᠷ᠎ᠠ ᠮᠡᠯᠡᠶᠢᠴᠢᠬᠡᠭᠰᠡᠨ ᠠᠭᠠᠷ ᠤᠷᠴᠢᠨ ᠴᠠᠷᠴᠠᠴᠢᠬᠠᠭᠰᠠᠨ ᠮᠡᠳᠤ ᠪᠠᠶᠢᠳᠠᠯ ᠠᠴᠠ ᠶᠠᠭᠤ ᠪᠤᠯᠵᠤ ᠪᠠᠶᠢᠭ᠎ᠠ ᠶᠢ ᠲᠡᠷᠡ ᠭᠠᠳᠠᠷᠯᠠᠵᠤ ᠮᠡᠳᠡᠪᠡ᠃ ᠦᠷᠯᠦᠬᠡ ᠠᠵᠢᠯ ᠳᠤ ᠪᠠᠨ ᠶᠠᠪᠤᠬᠤ ᠦᠶ᠎ᠡ ᠳᠤ ᠦᠷ᠎ᠡ ᠶᠢᠨ ᠭᠠᠭᠴᠠ ᠬᠦᠦ ᠨᠢ ︽︿ᠵᠢᠷᠭᠤᠭᠠᠨ ᠰᠠᠷ᠎ᠠ ᠶᠢᠨ ᠨᠢᠬᠡᠨ ᠤ ᠲᠡᠯᠡᠬᠡᠢ ᠶᠢᠨ ᠬᠡᠤᠬᠡᠳ ᠤᠨ ᠪᠠᠶᠠᠷ﹀ ᠢ ᠪᠡᠯᠬᠡᠯᠡᠬᠦ ᠬᠦᠳᠡᠯᠬᠡᠬᠡᠨ ᠳᠤ ᠨᠢᠬᠡᠳᠦᠯᠳᠡᠢ ᠬᠤᠪᠴᠠᠰᠤ ᠠᠪᠬᠤ ᠵᠤᠭᠤᠰ ᠢᠶᠠᠨ ᠪᠢ ᠯᠠ ᠭᠠᠭᠴᠠ ᠲᠤᠰᠢᠶᠠᠭᠠᠳᠤᠢ︾ ᠬᠡᠵᠤ ᠤᠬᠢᠯᠡᠨ ᠤᠡᠵᠢᠨ ᠶᠠᠷᠢᠵᠤ ᠪᠠᠶᠢᠭᠰᠠᠨ ᠢ ᠲᠡᠷᠡ ᠰᠠᠨᠠᠪᠠ᠃ ᠲᠡᠷᠡ᠂ ᠦᠳᠡ ᠳᠤ ᠪᠠᠰᠠ ᠬᠠᠷᠢᠵᠤ ᠢᠷᠡᠭᠰᠡᠨ ᠦᠬᠡᠢ᠂ ᠠᠯᠪᠠᠨ ᠬᠡᠷ ᠠᠴᠠ ᠪᠠᠨ ᠤᠶᠢᠷᠠᠯᠴᠠᠭ᠎ᠠ ᠨᠢᠬᠡ ᠬᠤᠭᠤᠯᠠᠨ ᠬᠡᠷ ᠲᠤ ᠤᠷᠤᠵᠤ ᠨᠢᠬᠡ ᠠᠶᠠᠭ᠎ᠠ ᠬᠤᠭᠤᠯᠠ ᠢᠳᠡᠮᠡᠭᠴᠡ ᠪᠤᠴᠠᠵᠤ ᠪᠢᠴᠢᠭ ᠬᠠᠷ᠎ᠠ ᠲᠠᠢ ᠪᠠᠨ ᠦᠷᠬᠦᠯᠵᠢᠯᠡᠨ ᠨᠤᠤᠷᠠᠯᠳᠤᠵᠤ ᠡᠬᠢᠯᠡᠭᠰᠡᠨ ᠶᠤᠮ᠃ ᠲᠡᠷᠡ᠂ ᠪᠦᠰᠡᠬᠦᠢ ᠳᠤ ᠪᠠᠨ ᠨᠡᠭᠡᠷᠡᠨ ᠬᠡᠯᠡᠬᠦ ᠦᠬᠡ ᠤᠯᠵᠤ ᠶᠠᠳᠠᠪᠠ᠃ ᠬᠤᠶᠠᠭᠤᠯᠠ ᠬᠡᠷ ᠪᠦᠯᠢ ᠪᠠᠶᠢᠭᠤᠯᠵᠤ ᠬᠤᠷᠢᠮᠯᠡᠨ ᠰᠠᠭᠤᠭᠰᠠᠨ ᠠᠴᠠ ᠨᠠᠭᠠᠰᠢ ᠪᠦᠰᠡᠬᠦᠢ ᠳᠤ ᠪᠠᠨ ᠤᠰᠤᠯᠳᠤᠵᠤ ᠶᠠᠪᠤᠭ᠎ᠠ ᠭᠠᠵᠠᠷ ᠤᠯᠠᠨ ᠪᠠᠶᠢᠭ᠎ᠠ ᠪᠠᠨ ᠲᠡᠷᠡ ᠲᠤᠳᠤ ᠠᠴᠠ ᠲᠤᠳᠤ ᠮᠡᠳᠡᠨ᠎ᠡ᠃ ᠲᠡᠷᠡ᠂ ᠵᠦᠪᠬᠡᠨ ᠨᠤᠮ ᠤᠡᠭᠰᠢᠵᠤ ᠵᠤᠬᠢᠶᠠᠯ ᠪᠢᠴᠢᠬᠦ ᠪᠠᠨ ᠯᠠ ᠮᠡᠳᠡᠨ᠎ᠡ᠂ ᠭᠡᠷ ᠤᠨ ᠭᠠᠳᠠᠨᠠᠬᠢ ᠪᠤᠰᠤᠳ ᠠᠵᠢᠯ ᠶᠠᠪᠤᠳᠠᠯ ᠪᠦᠷ ᠪᠦᠰᠡᠬᠦᠢ ᠶᠢᠨ ᠬᠢᠨ ᠪᠤᠯᠤᠯ᠎ᠠ ᠬᠡᠳᠡᠭ ᠦᠬᠡ᠃ ᠡᠨᠡ ᠤᠳᠠᠭ᠎ᠠ ᠶᠠᠭ ᠯᠠ ᠡᠶᠢᠮᠤ ᠤᠴᠢᠷ ᠠᠴᠠ ᠪᠤᠯᠵᠤ ᠪᠦᠰᠡᠬᠦᠢ ᠨᠢ ᠨᠢᠬᠡᠮᠤᠰᠤᠨ ᠭᠤᠳᠤᠷᠠᠭᠰᠠᠨ ᠪᠠᠶᠢᠯ᠎ᠠ᠃ ᠡᠴᠢᠨᠡᠨ ᠵᠢᠯ ᠤᠨ ᠲᠤᠷᠰᠢ ᠠᠵᠤ ᠠᠮᠢᠳᠤᠷᠠᠯ ᠳᠤ ᠨᠢ ᠲᠤᠳᠠᠭᠳᠠᠬᠤ ᠶᠠᠭᠤᠮ᠎ᠠ ᠪᠤᠯᠭᠠᠨ ᠢ ᠪᠤᠰᠤᠳ ᠠᠴᠠ ᠴᠢᠷᠠᠶᠢᠳᠠᠨ ᠭᠤᠶᠤᠭᠰᠠᠭᠠᠷ ᠪᠠᠶᠢᠭᠠᠳ ᠪᠦᠰᠡᠬᠦᠢ ᠨᠢ ᠨᠡᠭᠡᠷᠡᠨ ᠰᠢᠷᠬᠡᠶᠢᠬᠦ ᠪᠤᠯᠪᠠ᠃ ᠲᠡᠷᠡ ᠬᠡᠨ ᠢ ᠡᠷᠢᠬᠦ᠂ ᠶᠠᠭᠤ ᠬᠡᠵᠤ ᠬᠡᠯᠡᠬᠦ ᠪᠠᠨ ᠬᠦᠷᠳᠡᠯ᠎ᠡ ᠲᠠᠬᠢᠨᠳᠡ ᠪᠤᠳᠤᠵᠤ ᠦᠵᠡᠪᠡ᠃ ᠲᠡᠷᠡ᠂ ᠬᠡᠴᠢᠨᠡᠨ ᠲᠠᠳᠠᠭᠠᠯᠵᠠᠭᠰᠠᠨ ᠪᠤᠯᠪᠠᠴᠤ ᠬᠡᠤᠬᠡᠳ ᠤᠨ ᠢᠶᠠᠨ ᠤᠴᠢᠷ ᠢ ᠪᠤᠳᠤᠮᠠᠭᠴᠠ ᠵᠠᠪᠠᠯ ᠭᠤᠶᠤᠬᠤ ᠬᠡᠷᠡᠭᠳᠡᠢ ᠪᠤᠯᠵᠤ ᠬᠡᠳᠦᠨ ᠬᠦᠮᠦᠨ ᠢ ᠡᠷᠢᠯ᠎ᠡ᠃ ᠲᠦᠷᠦᠬᠦᠦ ᠤᠷᠤᠭᠰᠠᠨ ᠬᠡᠷ ᠤᠨ ᠬᠢᠨ ᠲᠡᠬᠦᠨ ᠤ ᠤᠴᠢᠷ ᠢ ᠰᠤᠨᠤᠰᠤᠮᠠᠭᠴᠠ᠄ ︽ᠠᠢ᠂ ᠡᠨᠡ ᠤᠷᠴᠢᠮ ᠮᠠᠨᠤᠰ ᠪᠠᠰᠠ ᠠᠷᠭ᠎ᠠ ᠦᠬᠡᠢ ᠪᠠᠶᠢᠨ᠎ᠠ᠂ ᠵᠤᠭᠤᠰ ᠪᠠᠶᠢᠪᠠᠯ ᠲᠠᠨ ᠳᠤ ᠦᠭᠬᠦ ᠦᠬᠡᠢ ᠶᠠᠭᠠᠬᠢᠬᠤ ᠪᠤᠢ︖ ᠪᠦᠷ ᠰᠠᠶᠢᠨ ᠡᠬᠡᠴᠢ ᠲᠡᠬᠦᠦ ᠨᠠᠷ ᠪᠢᠰᠢ ᠦᠦ︖ ᠪᠢᠳᠡ ᠴᠢᠨᠢ︾ ᠬᠡᠵᠤ ᠶᠠᠩ ᠳ᠋ᠠᠩ ᠲᠠᠢ᠂ ᠶᠠᠭ ᠪᠤᠯᠬᠤ ᠦᠬᠡᠢ ᠰᠠᠶᠢᠬᠠᠨ ᠦᠬᠡ ᠪᠠᠨ ᠬᠡᠯᠡᠵᠤ ᠲᠡᠬᠦᠨ ᠢ ᠪᠤᠴᠠᠭᠠᠴᠢᠬᠠᠪᠠ᠃ ᠲᠠᠷᠠᠭ᠎ᠠ ᠨᠢ ᠤᠷᠤᠭᠰᠠᠨ ᠭᠡᠷ ᠤᠨ ᠬᠢᠨ ᠲᠡᠬᠦᠨ ᠳᠤ ᠦᠪᠡᠷ ᠤᠨ ᠵᠤᠪᠠᠯᠠᠩ ᠢᠶᠠᠨ ᠲᠤᠭᠠᠴᠠᠴᠢᠬᠠᠭᠰᠠᠨ ᠤᠷᠪᠠᠭᠠᠳ ᠲᠡᠬᠦᠨ ᠠᠴᠠ ᠵᠢᠬᠡᠯᠡᠬᠦ ᠰᠠᠨᠠᠭ᠎ᠠ ᠲᠠᠢ ᠪᠠᠶᠢᠪᠠ᠃ ᠲᠡᠷᠡ ᠤᠷᠪᠠᠵᠤ ᠭᠠᠷᠴᠤ ᠢᠷᠡᠭᠡᠳ ᠤᠳᠤ ᠶᠠᠭᠠᠬᠢᠳᠠᠭ ᠪᠢᠯᠡ︖ ᠬᠡᠵᠤ ᠤᠷᠤᠨ ᠳᠤ ᠪᠠᠨ ᠡᠷᠬᠢᠯᠳᠦᠨ ᠦᠬᠡᠷ᠎ᠡ ᠬᠦᠮᠦᠨ ᠢ ᠡᠷᠢᠬᠦ ᠤᠤ᠂ ᠪᠠᠶᠢᠴᠢᠬᠠᠬᠤ ᠤᠤ︖ ᠬᠡᠵᠤ ᠤᠳᠠᠳᠠᠯ᠎ᠠ ᠡᠷᠡᠬᠡᠯᠵᠡᠪᠡ᠃ ᠤᠬᠢᠯᠠᠵᠤ ᠪᠠᠶᠢᠭ᠎ᠠ ᠬᠦᠦ ᠨᠢ ᠬᠠᠷᠠᠭᠳᠠᠬᠤ ᠰᠢᠭ᠋ ᠪᠤᠯᠬᠤ ᠪᠠᠷ ᠲᠠᠷᠠᠭ᠎ᠠ ᠨᠢᠬᠡ ᠬᠡᠷ ᠲᠤ ᠤᠷᠤᠬᠤ ᠪᠠᠷ ᠰᠢᠭᠤᠳ ᠠᠯᠬᠤᠯᠠᠪᠠ᠃ ᠬᠡᠳᠡᠯ᠎ᠡ᠂ ᠲᠡᠬᠦᠨ ᠢ ᠬᠠᠷᠠᠭᠠᠳ ︽ᠪᠠᠰᠠ ᠶᠠᠭᠤ ᠵᠢᠬᠡᠯᠡᠬᠦ ᠬᠡᠵᠤ ᠪᠠᠶᠢᠭ᠎ᠠ ᠪᠤᠯ︖︾ ᠬᠡᠵᠤ ᠪᠤᠳᠤᠭᠰᠠᠨ ᠪᠢᠵᠠ᠂ ᠬᠡᠷ ᠤᠨ ᠡᠵᠡᠭᠳᠡᠢ ᠤᠯᠵᠤ ᠦᠵᠡᠭᠰᠡᠨ ᠦᠬᠡᠢ ᠬᠦᠮᠦᠨ ᠪᠤᠯᠵᠤ ᠬᠠᠭᠠᠯᠭ᠎ᠠ ᠪᠠᠨ ᠲᠠᠷᠤᠴᠢᠬᠠᠪᠠ᠃ ᠲᠡᠷᠡ ᠦᠬᠡᠷ᠎ᠡ ᠬᠡᠷ ᠲᠤ ᠤᠷᠤᠵᠤ ᠴᠢᠳᠠᠭᠰᠠᠨ ᠦᠬᠡᠢ᠂ ᠬᠡᠷ ᠲᠤ ᠪᠠᠨ ᠪᠤᠴᠠᠵᠤ ᠢᠷᠡᠭᠡᠳ ᠤᠷᠤᠭᠤ ᠴᠢᠷᠠᠶᠢᠯᠠᠨ ᠤᠰᠤᠨ ᠨᠢᠳᠤᠯᠡᠵᠤ ᠰᠠᠭᠤᠭ᠎ᠠ ᠨᠢ ᠲᠡᠷᠡ᠃ ᠲᠡᠷᠡ ᠤᠳᠠᠭ᠎ᠠ ᠪᠦᠰᠡᠬᠦᠢ ᠨᠢ ᠠᠷᠭ᠎ᠠ ᠪᠠᠨ ᠪᠠᠷᠠᠬᠤ ᠳᠤ ᠪᠠᠨ ᠤᠰᠤᠡᠳᠤᠪᠤᠭ ᠢ ᠠᠵᠢᠯ ᠢᠶᠠᠨ ᠬᠠᠶᠠᠭᠠᠳ ᠬᠤᠶᠠᠭᠤᠯᠠ ᠪᠠᠨ ᠠᠷᠠᠯᠵᠢᠶ᠎ᠠ ᠮᠠᠶᠢᠮᠠᠢ ᠬᠢᠴᠢᠬᠡᠶ᠎ᠡ ᠬᠡᠵᠤ ᠦᠨᠡᠨ ᠰᠡᠳᠬᠢᠯ ᠠᠴᠠ ᠪᠠᠨ ᠭᠤᠶᠤᠵᠠᠢ᠃ ᠬᠡᠳᠡᠯ᠎ᠡ᠂ ᠵᠤᠷᠢᠬᠰᠡᠨ ᠳᠤ ᠪᠠᠨ ᠬᠦᠷᠬᠦ ᠦᠬᠡᠢ ᠪᠤᠯ ᠵᠢᠯᠤᠭᠤ ᠬᠤᠷᠢᠶᠠᠳᠠᠭ ᠦᠬᠡᠢ ᠵᠠᠭᠤᠳᠠᠯ ᠬᠠᠳᠠᠭᠤ ᠡᠷ᠎ᠡ ᠪᠤᠯ ᠤᠰᠤᠡᠪᠤᠳᠤᠭ ᠪᠠᠶᠢᠵᠠᠢ᠃ ᠶᠠᠭᠤ ᠬᠡᠯᠡᠪᠡᠴᠤ ᠲᠤᠰᠠ ᠦᠬᠡᠢ᠂ ᠢᠯᠡᠬᠦᠦ ᠲᠤᠳᠠᠭᠤ ᠦᠬᠡ ᠴᠦ ᠦᠬᠡᠢ᠂ ᠤᠷᠠᠨ ᠵᠤᠬᠢᠶᠠᠯ ᠢᠶᠠᠨ ᠤᠷᠤᠯᠳᠤᠬᠤ ᠪᠠᠷ ᠢᠶᠠᠨ ᠤᠷᠤᠯᠳᠤᠬᠤ ᠪᠦᠬᠡᠳ ︽ᠬᠠᠮᠢᠶ᠎ᠠ ᠦᠬᠡᠢ᠂ ᠮᠠᠨᠤᠰ ᠤᠨ ᠮᠠᠷᠭᠠᠰᠢ ᠮᠠᠰᠢ ᠰᠠᠶᠢᠬᠠᠨ ᠪᠠᠶᠢᠬᠤ ᠤᠴᠢᠷ ᠲᠠᠢ︾ ᠬᠡᠵᠤ ᠪᠦᠰᠡᠬᠦᠢ ᠪᠠᠨ ᠲᠠᠶᠢᠳᠬᠤᠷᠠᠭᠤᠯᠤᠨ᠎ᠠ᠃ ᠲᠡᠭᠡᠯ᠎ᠡ ᠴᠦ᠂ ᠤᠰᠤᠡᠪᠤᠳᠤᠭ ᠤᠨ ᠲᠡᠷᠡ ᠬᠡᠳᠦᠨ ᠦᠬᠡ ᠪᠦᠰᠡᠬᠦᠢ ᠶᠢᠨ ᠢᠶᠠᠨ ᠰᠡᠳᠬᠢᠯ ᠢ ᠦᠨᠡᠨ ᠬᠦ ᠲᠠᠶᠢᠳᠬᠤᠷᠠᠭᠤᠯᠵᠤ ᠴᠢᠳᠠᠭᠰᠠᠨ ᠦᠬᠡᠢ᠃ ᠲᠠᠷᠠᠭ᠎ᠠ ᠡᠳᠦᠷ ᠨᠢ ᠪᠦᠰᠡᠬᠦᠢ ᠨᠢ ᠲᠤᠯᠤᠭᠳᠠᠬᠤ ᠶᠢᠨ ᠲᠦᠢᠯ ᠪᠤᠯᠬᠤ ᠳᠤ ᠪᠠᠨ᠂ ᠦᠡᠳᠡᠭᠡᠯᠡᠵᠤ ᠪᠠᠶᠢᠭᠰᠠᠨ ᠬᠡᠳᠦᠨ ᠲᠠᠬᠢᠶ᠎ᠠ ᠪᠠᠨ ᠠᠶᠢᠯ ᠤᠨ ᠠᠷᠤ ᠪᠠᠷ ᠡᠬᠦᠷᠴᠦ ᠬᠤᠭᠤᠯᠠᠨ ᠬᠡᠷ ᠲᠤ ᠠᠪᠠᠴᠢᠨ ᠬᠤᠳᠠᠯᠳᠤᠭᠠᠳ ᠬᠦᠦ ᠶᠢᠨ ᠢᠶᠠᠨ ᠪᠠᠴᠢᠮ ᠬᠡᠷᠡᠭᠰᠡᠬᠦ ᠵᠤᠭᠤᠰ ᠢ ᠪᠦᠳᠦᠬᠡᠵᠤ ᠦᠭᠴᠡᠢ᠃ ᠲᠡᠷᠡ ᠤᠳᠠᠭ᠎ᠠ᠂ ᠮᠥᠨ ᠲᠡᠷᠡ ᠤᠳᠠᠭ᠎ᠠ᠃ ᠪᠦᠰᠡᠬᠦᠢ ᠨᠢ ᠲᠡᠬᠦᠨ ᠢ ᠠᠵᠢᠯ ᠳᠤ ᠪᠠᠨ ᠭᠠᠷᠤᠭᠰᠠᠨ ᠬᠤᠶᠢᠨ᠎ᠠ ᠲᠡᠬᠦᠨ ᠤ ᠡᠬᠡ ᠪᠢᠴᠢᠭ ᠤᠨ ᠴᠠᠭᠠᠰᠤ ᠶᠢ ᠪᠦᠷ ᠲᠠᠮᠠᠬᠢ ᠤᠷᠢᠶᠠᠬᠤ ᠴᠠᠭᠠᠰᠤ ᠪᠤᠯᠭᠠᠵᠤ ᠲᠦᠷᠬᠦᠮ ᠳᠤ ᠪᠠᠨ ᠦᠭᠴᠦ ᠶᠠᠪᠤᠭᠤᠯᠪᠠ᠃ ᠬᠡᠳᠡᠯ᠎ᠡ ᠡᠨᠡ ᠬᠦ ᠶᠠᠪᠤᠳᠠᠯ ᠨᠢ ᠤᠰᠤᠡᠪᠤᠳᠤᠭ ᠢ ᠦᠬᠡᠷ᠎ᠡ ᠠᠵᠢᠯ ᠳᠤ ᠰᠢᠯᠵᠢᠬᠦᠯᠵᠤ ᠴᠢᠳᠠᠭᠰᠠᠨ ᠦᠬᠡᠢ᠃ ᠤᠰᠤᠡᠪᠤᠳᠤᠭ ᠴᠦ ᠪᠦᠰᠡᠬᠦᠢ ᠲᠠᠢ ᠪᠠᠨ ᠴᠢᠷᠠᠢ ᠤᠯᠠᠶᠢᠯᠴᠠᠨ ᠬᠡᠷᠡᠯᠳᠦᠵᠤ ᠮᠠᠷᠭᠤᠯᠳᠤᠭᠰᠠᠨ ᠦᠬᠡᠢ᠂ ᠨᠡᠩ ᠴᠦ ᠴᠤᠬᠢᠯᠳᠤᠵᠤ ᠦᠵᠡᠯᠴᠡᠭᠰᠡᠨ ᠦᠬᠡᠢ᠃ ᠪᠦᠰᠡᠬᠦᠢ ᠪᠠᠨ ᠶᠠᠪᠤᠭᠠᠨ ᠳᠤ ᠪᠠᠨ ᠤᠶᠢᠯᠠᠭᠠᠬᠤ ᠶᠤᠮ ᠬᠡᠵᠤ ᠲᠡᠷᠡ ᠢᠳᠡᠭᠡᠭᠰᠡᠨ ᠪᠠᠶᠢᠪᠠ᠃ ᠬᠤᠶᠠᠷ ᠡᠳᠦᠷ ᠤᠨ ᠲᠠᠷᠠᠭ᠎ᠠ᠂ ᠪᠦᠰᠡᠬᠦᠢ ᠨᠢ ᠦᠪᠡᠷ ᠤᠨ ᠬᠢᠳᠡᠯ ᠳᠤ ᠪᠠᠨ ᠬᠡᠮᠰᠢᠨ ᠨᠦᠬᠦᠷ ᠲᠤ ᠪᠠᠨ ᠪᠤᠷᠤᠭᠤ ᠬᠦᠯᠢᠶᠡᠨ ᠨᠢᠳᠤ ᠪᠠᠨ ᠬᠠᠪᠤᠳᠳᠠᠯ᠎ᠠ ᠤᠬᠢᠯᠠᠵᠠᠢ᠃ ᠲᠡᠬᠦᠨ ᠠᠴᠠ ᠰᠡᠬᠦᠯᠡᠷ᠂ ᠪᠦᠰᠡᠬᠦᠢ ᠨᠢ ᠲᠡᠬᠦᠨ ᠤ ᠤᠷᠤᠯᠳᠤᠯᠭ᠎ᠠ ᠶᠢ ᠤᠯᠠᠮ ᠲᠡᠮᠵᠢᠬᠦ ᠪᠤᠯᠵᠦ ᠪᠢᠯᠡ᠃ ᠤᠳᠤ ᠨᠤᠮ ᠲᠡᠪᠳᠡᠷ ᠢ ᠨᠢ ᠤᠰᠤᠡᠪᠤᠳᠤᠭ ᠠᠴᠠ ᠢᠯᠡᠬᠦᠦ ᠬᠢᠮᠡᠭᠠᠳᠠᠨ ᠬᠠᠶᠢᠷᠠᠯᠠᠬᠤ ᠪᠤᠯᠴᠢᠬᠠᠭᠰᠠᠨ ᠪᠤᠰᠤᠳ ᠬᠦᠮᠦᠨ ᠵᠢᠬᠡᠯᠡᠬᠦ ᠬᠡᠪᠡᠯ ᠨᠡᠷᠢᠨ ᠲᠤᠳᠤᠷᠬᠠᠢ ᠲᠡᠮᠳᠡᠭᠯᠡᠵᠤ ᠠᠪᠤᠭᠠᠳ ᠰᠠᠶ᠋ᠢ ᠦᠭᠴᠦ ᠶᠠᠪᠤᠭᠤᠯᠳᠠᠭ ᠪᠠᠶᠢᠯ᠎ᠠ᠃ ᠲᠡᠷᠡ᠂ ᠤᠷᠠᠨ ᠵᠤᠬᠢᠶᠠᠯ ᠤᠨ ᠲᠦᠯᠦᠬᠡ᠂ ᠮᠥᠨ ᠴᠦ ᠠᠮᠢ ᠵᠢᠭᠤᠯᠭ᠎ᠠ ᠶᠢᠨ ᠢᠶᠠᠨ ᠲᠦᠯᠦᠬᠡ ᠰᠢᠯᠦᠭ ᠨᠠᠶᠢᠷᠠᠭᠤᠯᠤᠯ᠂ ᠦᠬᠦᠯᠡᠯᠬᠡ᠂ ᠷᠤᠮᠠᠨ ᠲᠤᠭᠤᠵᠢ ᠵᠡᠷᠭᠡ ᠡᠯ᠎ᠡ ᠲᠦᠷᠦᠯ ᠤᠨ ᠵᠤᠬᠢᠶᠠᠯ ᠪᠦᠳᠦᠬᠡᠯ ᠢᠶᠠᠨ ᠰᠤᠨᠢᠨ ᠰᠡᠳᠬᠦᠯ ᠪᠤᠯᠭᠠᠨ ᠳᠤ ᠢᠯᠡᠬᠡᠵᠤ ᠯᠠ ᠪᠠᠶᠢᠯ᠎ᠠ᠃ ᠡᠬᠦᠨ ᠤ ᠬᠠᠮᠳᠤ ᠵᠢᠯ ᠪᠦᠷᠢ ᠵᠠᠪᠠᠯ ᠨᠢᠬᠡ ᠲᠡᠪᠳᠡᠷ ᠨᠤᠮ ᠬᠡᠪᠯᠡᠬᠦᠯᠬᠦ ᠪᠦᠬᠡᠳ ᠤᠷᠠᠨ ᠵᠤᠬᠢᠶᠠᠯ ᠤᠨ ᠤᠷᠤᠯᠳᠤᠭᠠᠨ ᠪᠤᠯᠭᠠᠨ ᠳᠤ ᠢᠳᠡᠪᠬᠢᠳᠡᠢ ᠤᠷᠤᠯᠴᠠᠳᠠᠭ ᠪᠠᠶᠢᠪᠠ᠃ ᠢᠡᠭᠬᠢᠬᠦ ᠨᠢ ᠤᠷᠠᠨ ᠵᠤᠬᠢᠶᠠᠯ ᠤᠨ ᠤᠷ᠎ᠠ ᠠᠪᠢᠶᠠᠰ ᠢᠶᠠᠨ ᠰᠤᠷᠢᠵᠤ᠂ ᠮᠡᠷᠭᠡᠵᠢᠯ ᠴᠢᠳᠠᠪᠤᠷᠢ ᠪᠠᠨ ᠲᠡᠭᠡᠭᠰᠢᠯᠡᠬᠦᠯᠬᠦ ᠶᠢᠨ ᠬᠠᠮᠳᠤ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠬᠦᠯᠦᠨ᠂ ᠦᠪᠡᠷ ᠤᠨ ᠠᠮᠢᠳᠤᠷᠠᠯ ᠢᠶᠠᠨ ᠦᠬᠡᠳᠡ ᠲᠠᠳᠠᠵᠤ ᠴᠢᠳᠠᠨ᠎ᠠ᠃ ᠤᠴᠢᠷ ᠨᠢ ᠲᠡᠬᠦᠨ ᠤ ᠬᠡᠷ ᠪᠦᠯᠢ ᠶᠢᠨ ᠤᠷᠤᠯᠭ᠎ᠠ ᠶᠢᠨ ᠭᠤᠤᠯ ᠢᠷᠡᠯᠳᠡ ᠨᠢ ᠬᠠᠷᠠᠮᠵᠢ ᠮᠦᠡᠭᠬᠦ ᠪᠤᠶᠤ ᠱᠠᠩᠨᠠᠯ ᠤᠨ ᠮᠦᠡᠭᠬᠦ ᠪᠠᠶᠢᠭᠰᠠᠨ ᠶᠤᠮ᠃      ᠠᠷᠪᠠᠨ ᠲᠠᠪᠤᠨ ᠵᠢᠯ᠂ ᠲᠡᠬᠦᠨ ᠤ ᠲᠦᠷ ᠴᠠᠭ ᠤᠨ ᠠᠵᠢᠯᠳᠠᠨ ᠪᠤᠯᠵᠤ ᠶᠠᠪᠤᠭᠰᠠᠨ ᠠᠷᠪᠠᠨ ᠲᠠᠪᠤᠨ ᠵᠢᠯ ᠪᠤᠯ ︽ᠨᠠᠢᠮᠠᠨ ᠤ ᠤᠷᠠᠨ ᠵᠤᠬᠢᠶᠠᠯ︾ ᠰᠡᠳᠬᠦᠯ᠂ ᠦᠬᠡᠷ᠎ᠡ ᠪᠠᠷ ᠬᠡᠯᠡᠪᠡᠯ ᠨᠠᠢᠮᠠᠨ ᠤ ᠤᠷᠠᠨ ᠵᠤᠬᠢᠶᠠᠯ ᠤᠨ ᠦᠢᠯᠡᠰ ᠲᠤ ᠠᠯᠠᠭ ᠰᠡᠳᠬᠢᠯ ᠠᠰᠳᠠᠭᠠᠨ ᠪᠤᠳᠤᠯᠭ᠎ᠠ ᠦᠬᠡᠢ ᠵᠢᠳᠬᠦᠵᠤ ᠶᠠᠪᠤᠭᠰᠠᠨ ᠠᠷᠪᠠᠨ ᠲᠠᠪᠤᠨ ᠵᠢᠯ ᠮᠥᠨ᠃ ᠲᠡᠷᠡ ᠬᠠᠮᠤᠭ ᠤᠨ ᠰᠠᠶᠢᠬᠠᠨ ᠵᠠᠯᠠᠭᠤ ᠨᠠᠰᠤ ᠪᠠᠨ ᠪᠦᠷ ︽ᠨᠠᠢᠮᠠᠨ ᠤ ᠤᠷᠠᠨ ᠵᠤᠬᠢᠶᠠᠯ︾ ᠰᠡᠳᠬᠦᠯ ᠳᠤ ᠵᠤᠷᠢᠭᠤᠯᠤᠯ᠎ᠠ ᠬᠡᠵᠤ ᠶᠠᠷᠢᠵᠤ ᠪᠤᠯᠤᠨ᠎ᠠ᠃ ᠲᠡᠷᠡ ᠪᠦᠬᠦ ᠬᠤᠰᠢᠭᠤᠨ ᠤ ᠠᠵᠢᠯ ᠤᠨ ᠴᠢᠯᠦᠬᠡᠨ ᠤ ᠵᠤᠬᠢᠶᠠᠯᠴᠢᠳ ᠤᠨ ᠬᠢᠷᠢ ᠲᠦᠪᠰᠢᠨ ᠢ ᠨᠡᠶᠢᠳᠡᠮ ᠲᠡᠭᠡᠭᠰᠢᠯᠡᠬᠦᠯᠬᠦ ᠶᠢᠨ ᠲᠤᠰᠠᠳᠠ ᠡᠨᠡ ᠲᠡᠷᠡ ᠪᠠᠶᠢᠭᠤᠯᠭ᠎ᠠ᠂ ᠡᠷᠭᠡ ᠬᠦᠡᠳᠦᠳᠡᠢ ᠲᠠᠷᠤᠭ᠎ᠠ ᠨᠠᠷ ᠢ ᠴᠢᠷᠠᠶᠢᠳᠠᠨ ᠭᠤᠶᠤᠵᠤ ᠮᠦᠡᠭᠬᠦ ᠵᠤᠭᠤᠰ ᠴᠤᠭᠯᠠᠭᠤᠯᠤᠨ᠂ ᠬᠦᠬᠡᠬᠤᠳᠠ ᠪᠤᠶᠤ ᠲᠦᠡᠭᠯᠢᠶᠤᠤ ᠠᠴᠠ ᠨᠡᠷ᠎ᠡ ᠲᠦᠷᠦ ᠲᠠᠢ ᠵᠤᠬᠢᠶᠠᠯᠴᠢ ᠪᠠᠭᠰᠢ ᠨᠡᠷ ᠢ ᠤᠷᠢᠵᠤ᠂ ᠵᠢᠯ ᠪᠦᠷᠢ ᠪᠦᠬᠦ ᠬᠤᠰᠢᠭᠤᠨ ᠤ ᠠᠵᠢᠯ ᠤᠨ ᠴᠢᠯᠦᠬᠡᠨ ᠤ ᠵᠤᠬᠢᠶᠠᠯᠴᠢᠳ ᠤᠨ ᠪᠤᠯᠪᠠᠰᠤᠷᠠᠯ ᠤᠨ ᠠᠩᠬᠢ ᠡᠷᠬᠢᠯᠡᠨ᠂ ᠲᠡᠳᠡᠨ ᠤ ᠮᠡᠳᠡᠯᠬᠡ ᠮᠡᠷᠭᠡᠵᠢᠯ ᠢ ᠨᠢ ᠲᠡᠭᠡᠭᠰᠢᠯᠡᠬᠦᠯᠳᠡᠭ ᠪᠠᠶᠢᠪᠠ᠃ ᠦᠡᠭᠭᠡᠷᠡᠭᠰᠡᠨ ᠠᠷᠪᠠ ᠭᠠᠷᠤᠢ ᠵᠢᠯ ᠤᠨ ᠲᠤᠷᠰᠢ ᠭᠤ · ᠬᠦᠰᠡᠯᠳᠤ ᠪᠠᠭᠰᠢ ᠳᠤ ᠪᠠᠨ ᠬᠠᠮᠵᠢᠨ ᠮᠤᠩᠭᠤᠯ ᠰᠢᠯᠦᠭ ᠤᠨ ᠣᠷᠠᠨ ᠤᠡᠭᠰᠢᠯᠭ᠎ᠠ ᠶᠢᠨ ᠤᠷᠤᠯᠳᠤᠭᠠᠨ᠂ ︽ᠪᠦᠬᠡᠬᠡᠰᠢᠭ︾ ᠨᠡᠷᠡᠮᠵᠢᠳᠤ ᠮᠤᠩᠭᠤᠯ ᠤᠷᠠᠨ ᠵᠤᠬᠢᠶᠠᠯ ᠤᠨ ᠱᠠᠩᠨᠠᠯᠳᠤ ᠤᠷᠤᠯᠳᠤᠭᠠᠨ ᠵᠡᠷᠭᠡ ᠠᠰᠢᠭᠳᠠᠢ ᠬᠦᠳᠡᠯᠬᠡᠬᠡᠨ ᠢ ᠵᠢᠯ ᠪᠦᠷᠢ ᠲᠠᠰᠤᠷᠠᠯ ᠦᠬᠡᠢ ᠡᠷᠬᠢᠯᠡᠨ ᠶᠠᠪᠤᠭᠳᠠᠭᠤᠯᠵᠤ᠂ ᠨᠠᠢᠮᠠᠨ ᠬᠤᠰᠢᠭᠤᠨ ᠤ ᠤᠷᠠᠨ ᠵᠤᠬᠢᠶᠠᠯ ᠤᠨ ᠬᠦᠭᠵᠢᠯᠳᠡ ᠳᠤ ᠲᠦᠯᠬᠢᠴᠡ ᠦᠢᠯᠡᠳᠦᠯ ᠦᠵᠡᠬᠦᠯᠦᠨ᠂ ᠨᠠᠢᠮᠠᠨ ᠨᠤᠳᠤᠭ ᠠᠴᠠ ᠮᠠᠰᠢ ᠤᠯᠠᠨ ᠵᠤᠬᠢᠶᠠᠯᠴᠢ ᠰᠢᠯᠦᠭᠴᠢ ᠦᠰᠦᠬᠡᠢ ᠵᠠᠯᠭᠠᠨ ᠦᠰᠦᠨ ᠪᠤᠶᠢᠵᠢᠵᠤ ᠬᠦᠮᠦᠵᠢᠭᠳᠡᠨ ᠭᠠᠷᠬᠤ ᠳᠤ ᠦᠯᠡᠮᠵᠢ ᠰᠠᠶᠢᠨ ᠨᠦᠬᠦᠴᠡᠯ ᠪᠤᠯᠤᠯᠴᠠᠭ᠎ᠠ ᠶᠢ ᠪᠦᠷᠢᠯᠳᠦᠬᠦᠯᠵᠤ ᠦᠭᠬᠦᠭᠰᠡᠨ ᠶᠤᠮ᠃ ᠲᠡᠬᠦᠨ ᠤ ᠬᠠᠪᠰᠤᠷᠤᠨ ᠵᠢᠯᠤᠭᠤᠳᠴᠤ ᠬᠠᠶᠢᠷᠠᠯᠠᠨ ᠬᠦᠮᠦᠵᠢᠬᠦᠯᠵᠤ ᠶᠠᠪᠤᠭᠰᠠᠨ ᠠᠵᠢᠯ ᠤᠨ ᠴᠢᠯᠦᠬᠡᠨ ᠤ ᠵᠤᠬᠢᠶᠠᠯᠴᠢᠳ ᠤᠨ ᠲᠤᠳᠤᠷ᠎ᠠ ᠠᠷᠪᠠᠭᠠᠳ ᠬᠦᠮᠦᠨ ᠨᠢ ᠨᠢᠬᠡᠨᠳᠡ ᠦᠪᠦᠷ ᠮᠤᠩᠭᠤᠯ ᠤᠨ ᠵᠤᠬᠢᠶᠠᠯᠴᠢᠳ ᠤᠨ ᠨᠡᠶᠢᠭᠡᠮᠯᠢᠭ ᠤᠨ ᠬᠡᠰᠢᠬᠦᠨ ᠢᠶᠠᠷ ᠡᠯᠰᠡᠭᠳᠡᠵᠤ᠂ ᠲᠡᠬᠦᠨ ᠤ ᠵᠠᠰᠠᠵᠤ ᠴᠢᠨᠠᠷᠵᠢᠭᠤᠯᠵᠤ ᠦᠭᠬᠦᠭᠰᠡᠨ ᠮᠠᠯᠴᠢᠨ ᠵᠤᠬᠢᠶᠠᠯᠴᠢ ᠸᠠᠩ ᠡᠷᠳᠡᠮᠳᠤ ᠶᠢᠨ ᠪᠢᠴᠢᠭᠰᠡᠨ ︽ᠲᠠᠷᠢᠶᠠᠴᠢᠨ ᠬᠦᠯᠦᠰᠦᠨ ᠠᠵᠢᠯᠴᠢᠨ︾ ᠬᠡᠬᠦ ᠲᠤᠭᠤᠵᠢ ᠨᠢ ︽ᠦᠨᠢᠷ ᠴᠡᠴᠡᠭ︾ ᠰᠡᠳᠬᠦᠯ ᠳᠤ ᠨᠡᠶᠢᠳᠡᠯᠡᠭᠳᠡᠵᠤ᠂ ᠤᠷᠠᠨ ᠵᠤᠬᠢᠶᠠᠯ ᠤᠨ ᠭᠤᠷᠪᠠᠳᠤᠭᠠᠷ ᠲᠡᠰ ᠤᠨ ᠱᠠᠩᠨᠠᠯ ᠬᠦᠷᠳᠡᠪᠡ᠃ ᠲᠡᠬᠦᠨ ᠤ ᠵᠤᠬᠢᠶᠠᠯ ᠪᠦᠳᠦᠬᠡᠯ ᠤᠨ ᠤᠯᠠᠰᠢᠷᠠᠬᠤ ᠶᠢ ᠲᠠᠭᠠᠯᠳᠤᠨ ᠨᠡᠷ᠎ᠡ ᠨᠦᠯᠦᠬᠡ ᠴᠦ ᠤᠯᠠᠮ ᠶᠡᠬᠡᠳᠴᠦ᠂ ᠤᠡᠭᠰᠢᠬᠴᠢᠳ ᠤᠨ ᠲᠤᠮᠳᠠ ᠲᠤᠩ ᠰᠠᠶᠢᠨ ᠨᠦᠯᠦᠬᠡ ᠲᠤᠰᠬᠠᠯ ᠭᠠᠷᠤᠭᠰᠠᠨ ᠢᠶᠠᠷ ᠪᠠᠷᠠᠬᠤ ᠦᠬᠡᠢ᠂ ᠶᠡᠭᠡ ᠵᠤᠬᠢᠶᠠᠯᠴᠢ᠂ ᠲᠤᠰᠬᠠᠢ ᠰᠢᠬᠦᠮᠵᠢᠯᠡᠭᠴᠢ ᠨᠡᠷ ᠤᠨ ᠬᠠᠷᠠᠭ᠎ᠠ ᠰᠤᠨᠢᠷᠬᠠᠯ ᠢ ᠴᠦ ᠡᠷᠬᠡ ᠦᠬᠡᠢ ᠲᠠᠳᠠᠪᠠ᠃ ᠲᠡᠷᠡ ᠶᠠᠪᠤᠭᠠᠨ ᠳᠤ ᠪᠠᠨ ᠦᠪᠡᠷ ᠤᠨ ᠬᠢ ᠪᠠᠨ ᠲᠠᠪᠠᠭ᠋ᠤ ᠬᠡᠪᠡᠯ ᠤᠨᠤᠯ ᠤᠨ ᠵᠢᠯᠤᠭᠤᠳᠤᠯᠭ᠎ᠠ᠂ ᠲᠤᠰᠬᠠᠢ ᠮᠡᠷᠬᠡᠵᠢᠯ ᠤᠨ ᠬᠢᠷᠢ ᠲᠦᠪᠰᠢᠨ ᠢᠶᠠᠨ ᠲᠡᠭᠡᠭᠰᠢᠯᠡᠬᠦᠯᠬᠦ ᠴᠢᠬᠤᠯᠠ ᠲᠠᠢ ᠬᠡᠳᠡᠭ ᠢ ᠬᠤᠷᠴᠠ ᠰᠡᠷᠬᠡᠭ ᠢᠶᠠᠷ ᠲᠠᠨᠢᠵᠤ ᠤᠯᠪᠠ᠃      ᠲᠡᠶᠢᠨ ᠬᠦ 2008 ᠤᠨ ᠤ 12 ᠰᠠᠷ᠎ᠠ ᠊᠊᠊᠊᠊᠊ 2009 ᠤᠨ ᠤ 1 ᠰᠠᠷ᠎ᠠ ᠪᠤᠯᠳᠠᠯ᠎ᠠ᠂ ᠲᠡᠷᠡ ᠲᠡᠭᠡᠳᠦ ᠱᠠᠳᠤᠨ ᠤ ᠬᠠᠮᠢᠶ᠎ᠠ ᠪᠦᠬᠦᠢ ᠰᠠᠯᠠᠭ᠎ᠠ ᠮᠦᠴᠢᠷ ᠤᠨ ᠲᠠᠷᠤᠭ᠎ᠠ ᠨᠠᠷ ᠤᠨ ᠲᠠᠨᠢᠯᠴᠠᠭᠤᠯᠭ᠎ᠠ ᠪᠠᠷ ᠯᠦ ᠰᠢᠶᠦ᠋ᠨ ᠤᠳᠬ᠎ᠠ ᠵᠤᠬᠢᠶᠠᠯ ᠤᠨ ᠲᠡᠭᠡᠳᠦ ᠰᠤᠷᠭᠠᠭᠤᠯᠢ ᠳᠤ ᠵᠠᠯᠠᠭᠤ ᠢᠳᠡᠷ ᠵᠤᠬᠢᠶᠠᠯᠴᠢᠳ ᠤᠨ ᠲᠡᠭᠡᠳᠦ ᠲᠡᠰ ᠤᠨ ᠰᠤᠳᠤᠯᠬᠤ ᠠᠩᠬᠢ ᠳᠤ ᠬᠤᠶᠠᠷ ᠰᠠᠷ᠎ᠠ ᠰᠤᠷᠤᠯᠴᠠᠪᠠ᠃ ᠡᠨᠡ ᠮᠡᠳᠤ ᠪᠠᠷ ᠲᠡᠷᠡ ᠤᠷᠢᠳ ᠬᠤᠵᠢᠳ ᠭᠤᠷᠪᠠ ᠤᠳᠠᠭ᠎ᠠ ᠯᠦ ᠰᠢᠶᠦ᠋ᠨ ᠨᠡᠷᠡᠮᠵᠢᠳᠤ ᠤᠳᠬ᠎ᠠ ᠵᠤᠬᠢᠶᠠᠯ ᠤᠨ ᠲᠡᠭᠡᠳᠦ ᠰᠤᠷᠭᠠᠭᠤᠯᠢ ᠳᠤ ᠰᠤᠷᠤᠯᠴᠠᠭᠠᠳ ᠲᠡᠡᠳᠡ ᠠᠯᠳᠠᠷᠳᠤ ᠵᠤᠬᠢᠶᠠᠯᠴᠢᠳ ᠤᠨ ᠵᠢᠭᠠᠨ ᠵᠢᠯᠤᠭᠤᠳᠤᠯᠭ᠎ᠠ ᠶᠢ ᠬᠦᠷᠳᠡᠵᠤ᠂ ᠮᠡᠳᠡᠯᠬᠡ ᠶᠢᠨ ᠬᠦᠷᠢᠶ᠎ᠡ ᠬᠡᠪᠴᠢᠶ᠎ᠡ ᠪᠠᠨ ᠲᠡᠯᠡᠨ ᠦᠷᠬᠡᠳᠬᠡᠵᠤ᠂ ᠤᠨᠤᠯ ᠤᠨ ᠬᠢᠷᠢ ᠲᠦᠪᠰᠢᠨ ᠢᠶᠠᠨ ᠲᠡᠭᠡᠭᠰᠢᠯᠡᠬᠦᠯᠪᠠ᠃ ᠪᠤᠯᠪᠠᠰᠤᠷᠠᠯ ᠳᠤ ᠤᠷᠤᠯᠴᠠᠭᠰᠠᠨ ᠬᠡᠳᠦᠨ ᠵᠢᠯ ᠪᠤᠯ ᠲᠡᠬᠦᠨ ᠤ ᠬᠠᠮᠤᠭ ᠤᠨ ᠶᠠᠭᠠᠷᠠᠯᠳᠠᠢ ᠴᠠᠭ ᠮᠦᠴᠡ ᠮᠥᠨ᠃ ᠲᠡᠷᠡ᠂ ᠨᠢᠬᠡ ᠲᠠᠯ᠎ᠠ ᠪᠠᠷ ᠬᠢᠴᠢᠶᠡᠯ ᠢᠶᠠᠨ ᠨᠠᠷᠢᠨ ᠬᠢᠨᠠᠮᠠᠭᠠᠢ ᠰᠤᠨᠤᠰᠤᠨ᠂ ᠨᠦᠬᠦᠬᠡ ᠲᠠᠯ᠎ᠠ ᠪᠠᠷ ᠰᠤᠯᠠ ᠰᠡᠯᠡᠬᠦᠦ ᠠᠮᠠᠷᠠᠯᠳᠠ ᠶᠢᠨ ᠴᠠᠭ ᠢᠶᠠᠨ ᠠᠰᠢᠭᠯᠠᠨ ᠵᠤᠬᠢᠶᠠᠨ ᠪᠦᠳᠦᠬᠡᠵᠤ ᠶᠠᠭᠠᠷᠠᠨ᠎ᠠ᠃ ᠪᠤᠰᠤᠳ ᠨᠦᠬᠦᠳ ᠨᠢ ᠪᠦᠷ ᠬᠤᠶᠠᠷ ᠬᠦᠮᠦᠨ ᠨᠢᠬᠡ ᠪᠠᠶᠢᠷᠢ ᠳᠤ ᠰᠠᠭᠤᠳᠠᠭ᠃ ᠲᠡᠷᠡ ᠨᠠᠮ ᠰᠡᠯᠡᠬᠦᠦ ᠳᠤ ᠲᠤᠷᠠᠳᠠᠢ ᠪᠤᠯᠬᠤᠷ ᠭᠠᠭᠴᠠᠭᠠᠷ ᠢᠶᠠᠨ ᠨᠢᠬᠡ ᠪᠠᠶᠢᠷᠢ ᠳᠤ ᠰᠠᠭᠤᠵᠤ᠂ ᠢᠳᠡᠵᠤ ᠤᠤᠭᠤᠭᠠᠳ ᠪᠠᠷᠠᠮᠠᠭᠴᠠ ᠤᠡᠳᠠᠨ ᠤᠡᠳᠠᠳᠠᠯ᠎ᠠ ᠰᠡᠳᠬᠢᠨ ᠪᠤᠳᠤᠯᠬᠢᠯᠠᠵᠤ ᠵᠤᠬᠢᠶᠠᠨ ᠪᠦᠳᠦᠬᠡᠵᠤ ᠯᠠ ᠪᠠᠶᠢᠳᠠᠭ᠃ ᠲᠡᠷᠡ ᠬᠦᠬᠡᠬᠤᠳᠠ ᠳᠤ ᠰᠤᠷᠤᠯᠴᠠᠵᠤ ᠪᠠᠶᠢᠭᠰᠠᠨ ᠬᠤᠭᠤᠴᠠᠭᠠᠨ ᠳᠤ ᠪᠠᠨ ᠠᠷᠠᠳ ᠤᠨ ᠶᠠᠪᠤᠳᠠᠯ ᠤᠨ ᠲᠢᠩᠬᠢᠮ ᠤᠨ ᠡᠷᠬᠢᠯᠡᠵᠤ ᠪᠠᠶᠢᠭ᠎ᠠ ︽ᠨᠡᠶᠢᠬᠡᠮ︾ ᠰᠡᠳᠬᠦᠯ ᠤᠨ ᠤᠡᠴᠠ ᠤᠷᠢᠭᠰᠠᠨ ᠨᠠᠶᠢᠷᠠᠭᠤᠯᠤᠭᠴᠢ ᠪᠠᠷ ᠤᠷᠢᠭᠳᠠᠭᠰᠠᠨ ᠪᠦᠬᠡᠳ ︽ᠦᠪᠦᠷ ᠮᠤᠩᠭᠤᠯ ᠤᠨ ᠵᠠᠯᠠᠭᠤᠴᠤᠳ︾ ᠰᠡᠳᠬᠦᠯ ᠤᠨ ᠲᠤᠰᠬᠠᠢ ᠪᠤᠯᠤᠩ ᠤᠨ ᠵᠤᠬᠢᠶᠠᠯᠴᠢ ᠪᠠᠷ ᠤᠷᠢᠭᠳᠠᠪᠠ᠃ ᠤᠡᠴᠠᠭᠠᠶᠢᠯᠠᠨ᠂ 2009 ᠤᠨ ᠤ 7 ᠰᠠᠷ᠎ᠠ ᠠᠴᠠ 2012 ᠤᠨ ᠤ 7 ᠰᠠᠷ᠎ᠠ ᠪᠤᠯᠳᠠᠯ᠎ᠠ᠂ ᠤᠷᠠᠨ ᠵᠤᠬᠢᠶᠠᠯ ᠤᠨ ᠠᠮᠵᠢᠯᠳᠠ ᠪᠦᠳᠦᠮᠵᠢ ᠪᠠᠷ ᠢᠶᠠᠨ ᠤᠯᠠᠨ᠎ᠠ ᠮᠡᠳᠡᠷᠡᠭᠳᠡᠵᠤ᠂ ᠦᠪᠦᠷ ᠮᠤᠩᠭᠤᠯ ᠤᠨ ᠤᠬᠠᠭᠤᠯᠬᠤ ᠬᠡᠯᠳᠡᠰ ᠤᠨ ᠵᠠᠯᠠᠭᠤ ᠵᠤᠬᠢᠶᠠᠯᠴᠢᠳ ᠢ ᠬᠦᠮᠦᠵᠢᠬᠦᠯᠦᠨ ᠪᠤᠯᠪᠠᠰᠤᠷᠠᠭᠤᠯᠬᠤ ᠲᠦᠯᠦᠪᠯᠡᠭᠡ ᠳᠤ ᠤᠷᠤᠵᠤ᠂ ᠦᠪᠦᠷ ᠮᠤᠩᠭᠤᠯ ᠤᠨ ᠶᠡᠭᠡ ᠰᠤᠷᠭᠠᠭᠤᠯᠢ ᠶᠢᠨ ᠤᠳᠬ᠎ᠠ ᠵᠤᠬᠢᠶᠠᠯ ᠰᠤᠳᠤᠯᠬᠤ ᠠᠩᠬᠢ ᠳᠤ ᠬᠡᠶᠢᠮᠤᠷᠢ ᠵᠤᠯᠪᠤᠭᠠᠳᠠᠶᠢᠬᠠᠨ ᠡᠯᠰᠡᠭᠳᠡᠨ᠂ ᠲᠡᠬᠦᠨ ᠤ ᠶᠡᠭᠡ ᠰᠤᠷᠭᠠᠭᠤᠯᠢ ᠳᠤ ᠲᠠᠪᠰᠢᠬᠤ ᠬᠦᠰᠡᠯ ᠵᠡᠬᠦᠳᠦ ᠪᠠᠨ ᠲᠡᠷᠬᠡᠯᠰᠢᠬᠦᠯᠦᠭᠰᠡᠨ ᠶᠤᠮ᠃ ︽ᠪᠠᠶᠠᠷ ᠲᠡᠭᠡᠷ᠎ᠡ ᠪᠠᠶᠠᠷ᠂ ᠪᠠᠮᠪᠠᠷ ᠲᠡᠭᠡᠷ᠎ᠡ ᠰᠢᠬᠦᠷ︾ ᠬᠡᠳᠡᠭ ᠢᠶᠠᠷ ᠲᠤᠰ ᠵᠢᠯ ᠤᠨ 9 ᠰᠠᠷ᠎ᠠ ᠳᠤ ᠬᠦᠦ ᠨᠢ ᠪᠠᠰᠠ ᠦᠪᠦᠷ ᠮᠤᠩᠭᠤᠯ ᠤᠨ ᠶᠡᠭᠡ ᠰᠤᠷᠭᠠᠭᠤᠯᠢ ᠳᠤ ᠰᠢᠯᠭᠠᠭᠤᠯᠤᠨ ᠤᠷᠤᠵᠤ᠂ ᠬᠦᠦ ᠲᠠᠢ ᠪᠠᠨ ᠬᠠᠮᠳᠤ ᠨᠢᠬᠡ ᠯᠠ ᠰᠤᠷᠭᠠᠭᠤᠯᠢ ᠶᠢᠨ ᠤᠶᠤᠳᠠᠨ ᠪᠤᠯᠤᠭᠠᠳ ᠶᠤᠰᠤᠳᠠᠢ ᠬᠤᠤᠰ ᠪᠠᠶᠠᠷ ᠪᠤᠯᠪᠠ᠃ ᠲᠡᠬᠦᠨ ᠤ ᠠᠵᠢᠯ ᠤᠨ ᠠᠮᠵᠢᠯᠳᠠ ᠪᠤᠯᠤᠨ ᠬᠤᠪᠢ ᠬᠦᠮᠦᠨ ᠤ ᠴᠢᠷᠮᠠᠶᠢᠯᠭ᠎ᠠ ᠶᠢ ᠨᠢ ᠦᠡᠳᠦᠰᠦᠯᠡᠨ ᠬᠠᠯᠠᠭᠤᠨ ᠰᠡᠳᠬᠢᠯ ᠲᠠᠢ᠂ ᠬᠠᠮᠳᠤ ᠶᠢᠨ ᠬᠦᠰᠡᠯ ᠵᠤᠷᠢᠯ ᠲᠠᠢ ᠵᠤᠬᠢᠶᠠᠯᠴᠢ ᠪᠠᠭᠰᠢ ᠨᠠᠷ ᠲᠡᠬᠦᠨ ᠤ ᠠᠵᠢᠯ ᠢ ᠵᠢᠩᠬᠢᠨᠢᠴᠢᠯᠡᠬᠦ ᠤᠴᠢᠷ ᠢ ᠴᠠᠭ ᠢᠮᠠᠬᠳᠠ ᠠᠩᠬᠠᠷᠤᠯ ᠳᠤ ᠪᠠᠨ ᠠᠪᠴᠤ᠂ ᠲᠡᠭᠡᠳᠤ ᠱᠠᠳᠤᠨ ᠤ ᠬᠠᠮᠢᠶ᠎ᠠ ᠪᠦᠬᠦᠢ ᠪᠠᠶᠢᠭᠤᠯᠭ᠎ᠠ ᠵᠢᠴᠢ ᠤᠳᠤᠷᠢᠳᠤᠯᠭ᠎ᠠ ᠨᠠᠷ ᠲᠤ ᠲᠠᠰᠤᠷᠠᠯ ᠦᠬᠡᠢ ᠲᠤᠰᠬᠠᠨ ᠱᠠᠭᠠᠷᠳᠠᠵᠤ ᠪᠠᠶᠢᠪᠠ᠃ ᠭᠡᠳᠡᠯ᠎ᠡ ᠤᠳᠤ ᠶᠢᠨ ᠨᠡᠶᠢᠬᠡᠮ ᠳᠤ ︽ᠵᠤᠭᠤᠰ ᠲᠠᠢ ᠪᠤᠯ ᠵᠢᠷᠤᠭ᠎ᠠ ᠶᠢᠷᠳᠢᠡᠴᠤ᠂ ᠵᠤᠭᠤᠰ ᠦᠬᠡᠢ ᠪᠤᠯ ᠵᠤᠭᠰᠤᠭ᠎ᠠ ᠶᠢᠷᠳᠢᠡᠴᠤ︾ ᠬᠡᠳᠡᠭ ᠢᠶᠠᠷ ᠬᠡᠴᠢᠨᠡᠨ ᠤᠯᠠᠨ ᠪᠠᠭᠰᠢ ᠲᠡᠬᠦᠨ ᠤ ᠲᠦᠯᠦᠬᠡ ᠴᠢᠷᠮᠠᠶᠢᠬᠤ ᠪᠤᠯᠪᠠᠴᠤ ᠲᠠᠷᠤᠭ᠎ᠠ ᠨᠤᠶᠠᠳ ᠢ ᠠᠮᠠ ᠠᠯᠳᠠᠭᠤᠯᠬᠤ ᠬᠡᠭᠴᠢ ᠰᠠᠮᠵᠠ ᠶᠢᠨ ᠠᠮᠠᠨ ᠠᠴᠠ ᠴᠢᠪᠠᠭ᠎ᠠ ᠤᠬᠤᠴᠢᠯᠠᠬᠤ ᠠᠴᠠ ᠬᠦᠴᠢᠷ ᠠᠵᠤ ᠪᠠᠶᠢᠪᠠ᠃ ᠠᠷᠪᠠᠨ ᠲᠠᠪᠤᠨ ᠵᠢᠯ᠂ ᠪᠦᠳᠦᠨ ᠠᠷᠪᠠᠨ ᠲᠠᠪᠤᠨ ᠵᠢᠯ᠂ ᠨᠢᠬᠡ ᠵᠠᠭᠤ ᠨᠠᠶᠠᠨ ᠰᠠᠷ᠎ᠠ ᠲᠦᠷ ᠴᠠᠭ ᠤᠨ ᠠᠵᠢᠯᠳᠠᠨ ᠶᠠᠪᠤᠵᠤ᠂ ᠲᠠᠪᠤ ᠭᠤᠷᠪᠠᠨ ᠵᠠᠭᠤᠨ ᠵᠤᠭᠤᠰ ᠢᠶᠠᠷ ᠠᠮᠢᠳᠤᠷᠠᠯ ᠢᠶᠠᠨ ᠠᠷᠭᠠᠴᠠᠭᠠᠵᠤ᠂ ᠠᠵᠢᠯ ᠢᠶᠠᠨ ᠬᠢᠯᠡᠯᠵᠠᠮ᠎ᠠ ᠠᠮᠵᠢᠯᠳᠠᠲᠠᠢ ᠬᠦᠢᠴᠡᠳᠬᠡᠨ᠎ᠡ ᠬᠡᠭᠴᠢ ᠬᠢᠷᠢ ᠪᠠᠷᠤᠭ ᠤᠨ ᠬᠦᠮᠦᠨ ᠬᠢᠵᠤ ᠲᠡᠶᠢᠯᠬᠦ ᠠᠵᠤ ᠪᠢᠰᠢ ᠬᠡᠵᠤ ᠪᠤᠳᠤᠬᠤ ᠳᠤ ᠪᠢᠰᠢᠷᠡᠯ ᠤᠨ ᠰᠡᠳᠬᠢᠯ ᠠᠶᠠᠡᠳᠠᠭᠠᠨ ᠲᠦᠷᠦᠭᠳᠡᠨ᠎ᠡ᠃      2013 ᠤᠨ ᠤ 6 ᠰᠠᠷ᠎ᠠ ᠶᠢᠨ 10 ᠤ ᠡᠳᠦᠷ᠂ ᠦᠨᠦᠳᠦᠷ ᠨᠢ ᠲᠡᠬᠦᠨ ᠳᠤ ᠲᠠᠬᠢᠵᠤ ᠲᠦᠷᠦᠯ ᠤᠯᠤᠭᠰᠠᠨ ᠰᠢᠬ ᠪᠤᠳᠤᠭᠳᠠᠵᠠᠢ᠃ ᠡᠯᠢᠬᠡ ᠨᠢᠬᠡᠳᠡᠨ᠂ ᠡᠪ ᠨᠢᠬᠡᠳᠡᠨ᠂ ᠡᠴᠦᠰ ᠤᠨ ᠬᠠᠷᠠᠯᠳᠠ ᠨᠢᠬᠡᠳᠡᠨ᠂ ᠦᠯᠡᠮᠵᠢ ᠤᠯᠠᠨ ᠬᠠᠯᠠᠭᠤᠨ ᠰᠡᠳᠬᠢᠯᠳᠤ ᠤᠷᠠᠨ ᠵᠤᠬᠢᠶᠠᠯ ᠤᠨ ᠪᠠᠭᠰᠢ ᠶᠢᠨ ᠦᠨᠡᠨ ᠰᠡᠳᠬᠢᠯ ᠤᠨ ᠬᠠᠪᠰᠤᠷᠤᠯᠭ᠎ᠠ ᠡᠴᠦᠰ ᠲᠤ ᠪᠠᠨ ᠦᠢᠯᠡᠳᠦᠯ ᠭᠠᠷᠴᠤ᠂ ᠤᠰᠤᠡᠪᠤᠳᠤᠭ᠂ ︽ᠴᠠᠭᠠᠰᠤᠨ ᠳᠤ ᠨᠡᠷ᠎ᠡ ᠪᠠᠨ ᠲᠤᠷᠠᠶᠢᠯᠭᠠᠵᠤ᠂ ᠴᠠᠰᠤᠨ ᠳᠤ ᠮᠦᠷ ᠢᠶᠠᠨ ᠲᠤᠷᠠᠶᠢᠯᠭᠠᠨ︾ ᠨᠠᠢᠮᠠᠨ ᠬᠤᠰᠢᠭᠤᠨ ᠤ ᠰᠤᠶᠤᠯ ᠤᠨ ᠬᠡᠷ ᠤᠨ ᠵᠢᠩᠬᠢᠨᠢ ᠺᠠᠳ᠋ᠷ ᠪᠤᠯᠪᠠ᠃ ᠲᠡᠷᠡ ᠬᠠᠮᠤᠭ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠲᠠᠢ ᠪᠤᠯᠵᠤ᠂ ᠠᠮᠢ ᠵᠢᠭᠤᠯᠭ᠎ᠠ ᠶᠢᠨ ᠢᠶᠠᠨ ᠲᠦᠯᠦᠬᠡ ᠰᠡᠳᠬᠢᠯ ᠵᠤᠪᠠᠭ᠋ᠤ ᠤᠴᠢᠷ ᠪᠠᠭ᠎ᠠ ᠪᠤᠯᠪᠠ᠃ ᠪᠢ ᠴᠦ ᠲᠡᠬᠦᠨ ᠤ ᠲᠦᠯᠦᠬᠡ ᠪᠠᠶᠠᠷᠯᠠᠵᠤ ᠪᠠᠶᠢᠭ᠎ᠠ ᠪᠠᠨ ᠢᠯᠡᠳᠭᠡᠪᠡᠯ ᠲᠡᠷᠡ᠂ ᠬᠤᠷᠤᠭᠤ ᠲᠠᠷᠤᠨ ᠬᠢᠮᠤᠰᠤ ᠨᠢᠰᠠᠯᠵᠤ᠂ ᠠᠷᠪᠠᠭᠠᠳ ᠪᠠᠭᠰᠢ ᠶᠢᠨ ᠨᠡᠷ᠎ᠡ ᠶᠢ ᠲᠤᠷᠠᠳᠤᠨ᠄ ︽ᠭᠡᠷᠪᠡ ᠡᠳᠡᠭᠡᠷ ᠪᠠᠭᠰᠢ ᠨᠠᠷ ᠤᠨ ᠲᠡᠮᠵᠢᠯᠬᠡ ᠪᠠᠶᠢᠭᠰᠠᠨ ᠦᠬᠡᠢ ᠶᠤᠮ ᠪᠤᠯ ᠮᠢᠨᠤ ᠦᠨᠦᠳᠤᠷ ᠪᠠᠶᠢᠵᠤ ᠴᠢᠳᠠᠬᠤ ᠦᠬᠡᠢ᠂ ᠲᠡᠳᠡᠭᠡᠷ ᠪᠠᠭᠰᠢ ᠨᠠᠷ ᠮᠢᠨᠤ ᠠᠵᠢᠯ ᠤᠨ ᠵᠢᠩᠬᠢᠨᠢᠴᠢᠯᠡᠬᠦ ᠤᠴᠢᠷ ᠢ ᠦᠪᠡᠷ ᠤᠨ ᠶᠠᠪᠤᠳᠠᠯ ᠠᠴᠠ ᠪᠠᠨ ᠢᠯᠡᠬᠦᠦ ᠬᠦᠡᠳᠦᠳᠬᠡᠨ ᠦᠵᠡᠵᠤ᠂ ᠲᠦᠡᠭᠯᠢᠶᠤᠤ ᠂ ᠬᠦᠬᠡᠬᠤᠳᠠ ᠠᠴᠠ ᠲᠤᠰᠬᠠᠶᠢᠯᠠᠨ ᠬᠤᠰᠢᠭᠤᠨ ᠤ ᠲᠠᠷᠤᠭ᠎ᠠ ᠨᠠᠷ ᠢ ᠡᠷᠢᠵᠤ᠂ ᠨᠠᠮᠠᠢᠢ ᠤᠷᠤᠯᠠᠨ ᠭᠤᠶᠤᠵᠤ᠂ ᠱᠠᠭᠠᠷᠳᠠᠵᠤ ᠪᠠᠶᠢᠭᠰᠠᠨ ᠶᠤᠮ︾ ᠬᠡᠵᠤ ᠬᠦᠡᠳᠦᠳᠬᠡᠨ ᠪᠢᠰᠢᠷᠡᠵᠤ᠂ ᠬᠦᠨ ᠲᠠᠯᠠᠷᠬᠠᠵᠤ ᠪᠠᠶᠢᠭ᠎ᠠ ᠰᠡᠳᠬᠢᠯᠬᠡ ᠪᠠᠨ ᠢᠯᠡᠳᠬᠡᠨ ᠲᠠᠬᠢᠨ ᠲᠠᠪᠳᠠᠨ ᠶᠠᠷᠢᠵᠤ ᠪᠠᠶᠢᠭᠰᠠᠨ ᠠᠴᠠ ᠪᠤᠰᠤᠳ ᠤᠨ ᠠᠴᠢ ᠲᠤᠰᠠ ᠶᠢ ᠮᠠᠷᠳᠠᠳᠠᠭ ᠦᠬᠡᠢ ᠨᠢᠬᠡᠨ ᠪᠠᠶᠢᠵᠠᠢ ᠬᠡᠵᠤ ᠪᠢ ᠪᠤᠳᠤᠪᠠ᠃      ᠲᠦᠷᠪᠡ᠂ ᠤᠷᠠᠨ ᠵᠤᠬᠢᠶᠠᠯ ᠤᠨ ᠡᠯᠪᠡᠭ ᠪᠦᠳᠦᠬᠡᠯ ᠲᠠᠢ ᠵᠤᠬᠢᠶᠠᠯᠴᠢ      ᠪᠢ ᠤᠰᠤᠡᠪᠤᠳᠤᠭ ᠲᠠᠢ ᠨᠡᠯᠢᠶᠡᠳ ᠡᠷᠳᠡ ᠲᠠᠨᠢᠯᠴᠠᠭᠰᠠᠨ ᠳᠤ ᠪᠠᠨ ᠲᠤᠭᠠᠴᠠᠭᠳᠠᠨ᠎ᠠ᠃ ᠠᠯᠢ ᠡᠷᠳᠡ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠬᠡᠪᠯᠡᠯ ᠡᠬᠢᠯᠡᠭᠰᠡᠨ ᠠᠷᠪᠠᠨ ᠲᠠᠪᠤᠨ ᠵᠢᠯ ᠤᠨ ᠤᠢ ᠲᠡᠭᠡᠷ᠎ᠡ ᠠᠭᠤᠯᠵᠠᠨ ᠲᠠᠨᠢᠯᠴᠠᠭᠰᠠᠨ ᠶᠤᠮ᠃ ᠲᠤᠬᠠᠢ ᠶᠢᠨ ᠦᠶ᠎ᠡ ᠳᠤ ᠲᠡᠷᠡ ᠬᠡᠤᠬᠡᠳ ᠨᠠᠰᠤᠨ ᠳᠤ ᠪᠠᠨ ᠪᠠᠶᠢᠯ᠎ᠠ ᠬᠡᠵᠤ ᠬᠡᠯᠡᠵᠤ ᠪᠤᠯᠤᠨ᠎ᠠ᠃ ᠲᠤᠩ ᠨᠢᠯᠬᠠᠰᠠᠭ ᠵᠠᠯᠠᠭᠤ ᠪᠠᠶᠢᠭᠰᠠᠨ ᠢ ᠪᠢ ᠤᠳᠤ ᠪᠤᠯᠳᠠᠯ᠎ᠠ ᠴᠡᠬᠡᠵᠢᠯᠡᠭᠰᠡᠭᠡᠷ᠃ ᠰᠡᠬᠦᠯᠡᠷ ᠨᠢ ᠪᠢ ᠲᠡᠬᠦᠨ ᠲᠠᠢ ᠬᠡᠳᠦ ᠤᠳᠠᠭ᠎ᠠ ᠤᠷᠠᠨ ᠵᠤᠬᠢᠶᠠᠯ ᠤᠨ ᠪᠤᠯᠪᠠᠰᠤᠷᠠᠯ ᠤᠨ ᠠᠩᠬᠢ ᠳᠤ ᠬᠠᠮᠳᠤ ᠤᠷᠤᠯᠴᠠᠭᠰᠠᠨ ᠶᠤᠮ᠃ ᠲᠡᠭᠡᠬᠦ ᠲᠤᠳᠤᠮ ᠢᠶᠠᠨ ᠠᠭᠤᠯᠵᠠᠵᠤ ᠤᠴᠠᠷᠠᠬᠤ ᠪᠤᠯᠭᠠᠨ ᠢᠯᠡᠬᠦᠦ ᠲᠤᠳᠠᠭᠤ ᠦᠬᠡ ᠦᠬᠡᠢ ︽ᠦ᠊ ᠪᠠᠭᠰᠢ︾ ᠬᠡᠳ ᠢᠨᠢᠶᠡᠳᠤ ᠠᠯᠳᠠᠭᠠᠳ ᠯᠠ ᠦᠡᠭᠭᠡᠷᠡᠳᠡᠭ ᠲᠠᠷᠤᠤ ᠬᠦᠡᠭᠭᠡᠮᠰᠦᠭ ᠵᠠᠩ ᠢ ᠨᠢ ᠲᠠᠩᠳᠠ ᠪᠢᠰᠢᠷᠡᠨ ᠪᠠᠭ᠋ᠠᠳᠤᠬᠤ ᠳᠤ ᠪᠠᠨ ︽ᠡᠯᠪᠡᠭ ᠪᠦᠳᠦᠬᠡᠯ ᠲᠠᠢ ᠶᠠᠪᠤᠭ᠎ᠠ ᠡᠨᠡ ᠵᠠᠯᠠᠭᠤ ᠵᠤᠬᠢᠶᠠᠯᠴᠢ ᠶᠠᠭᠠᠬᠢᠬᠤ ᠳᠤ ᠪᠠᠨ ᠡᠶᠢᠮᠤ ᠯᠠᠪᠳᠠᠭᠤᠨ ᠲᠤᠭᠳᠠᠭᠤᠨ᠂ ᠴᠠᠭ ᠢᠮᠠᠭᠳᠠ ᠡᠴᠢᠨ᠎ᠡ ᠲᠠᠯᠳᠠ ᠶᠠᠭᠤ ᠨᠢᠬᠡ ᠶᠢ ᠪᠤᠳᠤᠵᠤ ᠰᠡᠳᠬᠢᠵᠤ ᠪᠠᠶᠢᠭ᠎ᠠ ᠰᠢᠭ᠋ ᠲᠠᠷᠤᠤ ᠪᠦᠷᠦᠭ ᠪᠠᠶᠢᠳᠠᠭ ᠪᠤᠯ︖︾ ᠬᠡᠵᠤ ᠦᠡᠳᠦᠷ ᠬᠡᠪ ᠪᠤᠯᠪᠠᠰᠤᠷᠠᠯ ᠢ ᠨᠢ ᠭᠠᠶᠢᠬᠠᠵᠤ ᠪᠠᠶᠢᠭᠰᠠᠨ ᠶᠤᠮ᠃ ᠡᠨᠡ ᠤᠳᠠᠭ᠎ᠠ ᠲᠡᠬᠦᠨ ᠢ ᠰᠤᠷᠪᠤᠯᠵᠢᠯᠠᠨ ᠪᠢᠴᠢᠬᠦ ᠪᠤᠯᠤᠭᠠᠳ ᠲᠡᠬᠦᠨ ᠤ ᠵᠢᠷᠦᠬᠡᠨ ᠲᠡᠮᠢᠷ ᠢ ᠤᠯᠠᠮ ᠱᠠᠭᠰᠢᠨ ᠪᠢᠰᠢᠷᠡᠭᠰᠡᠨ ᠶᠤᠮ᠃      ᠲᠡᠷᠡ ᠠᠷᠪᠠᠨ ᠲᠦᠷᠪᠡᠳᠡᠢ ᠠᠩᠬᠠᠨ ᠤ ᠪᠦᠳᠦᠬᠡᠯ ᠢᠶᠠᠨ ᠨᠡᠶᠢᠳᠡᠯᠡᠬᠦᠯᠦᠭᠰᠡᠨ ᠢᠶᠠᠨ᠂ 1991 ᠣᠨ ᠳᠤ᠂ ᠬᠠᠮᠤᠭ ᠠᠩᠬᠠᠨ ᠤ ᠲᠤᠭᠤᠵᠢ ︽ᠲᠤᠷᠠᠯᠠᠯ ᠤᠨ ᠬᠠᠷ᠎ᠠ ᠨᠢᠳᠤᠨ ᠪᠤᠶᠤ ᠲᠤᠷᠠᠰᠤᠯ ᠤᠨ ᠨᠤᠭᠤᠭᠠᠨ ᠰᠤᠡᠳᠤᠷ︾ ᠢᠶᠠᠨ ︽ᠵᠢᠷᠢᠮ ᠤᠨ ᠤᠷᠠᠨ ᠵᠤᠬᠢᠶᠠᠯ︾ ᠳᠤ ᠨᠡᠶᠢᠳᠡᠯᠡᠬᠦᠯᠬᠦ ᠦᠶ᠎ᠡ ᠳᠤ ᠰᠠᠶ᠋ᠢ ᠬᠤᠷᠢᠨ ᠨᠢᠬᠡᠳᠠᠢ ᠵᠠᠯᠠᠭᠤ ᠪᠠᠶᠢᠪᠠ᠃ ᠬᠡᠳᠦᠢ ᠵᠠᠯᠠᠭᠤ ᠪᠤᠯᠪᠠᠴᠤ ᠵᠢᠷᠢᠮ ᠤᠨ ᠵᠤᠬᠢᠶᠠᠯᠴᠢᠳ ᠤᠨ ᠲᠤᠮᠳᠠ ᠡᠬᠢᠯᠡᠯᠳᠡ ᠨᠢ ᠦᠡᠳᠦᠷ ᠲᠦᠪᠰᠢᠨ ᠳᠤ ᠬᠦᠷᠦᠭᠰᠡᠨ ᠵᠤᠬᠢᠶᠠᠯᠴᠢ ᠪᠤᠯᠵᠤ ᠬᠠᠷᠠᠭᠳᠠᠵᠤ ᠪᠠᠶᠢᠪᠠ᠃ ᠲᠡᠬᠦᠨ ᠠᠴᠠ ᠰᠡᠬᠦᠯᠡᠷ ᠡᠷᠢᠶᠡᠨ ᠳᠤ ᠬᠦᠷᠴᠦ ᠵᠢᠯ ᠭᠠᠷᠤᠢ ᠠᠷᠠᠯᠵᠢᠶ᠎ᠠ ᠮᠠᠶᠢᠮᠠᠢ ᠡᠷᠬᠢᠬᠦᠯᠦᠨ ᠪᠤᠴᠠᠵᠤ ᠢᠷᠡᠭᠡᠳ ᠡᠷᠢᠶᠡᠨ ᠳᠠᠬᠢ ᠠᠮᠢᠳᠤᠷᠠᠯ ᠠᠬᠤᠢ ᠪᠠᠷ ᠢᠶᠠᠨ ᠰᠡᠳᠤᠪᠯᠡᠨ ᠪᠢᠴᠢᠭᠰᠡᠨ ᠲᠤᠭᠤᠵᠢ ︽ᠡᠷᠢᠶᠡᠨ᠂ ᠡᠷᠢᠶᠡᠨ᠂ ᠡᠷᠢᠶᠡᠨ︾ ᠢᠶᠠᠨ ᠪᠦᠬᠦ ᠤᠷᠤᠨ ᠤ ᠲᠤᠭᠤᠵᠢ ᠶᠢᠨ ᠤᠷᠤᠯᠳᠤᠭᠠᠨ ᠳᠤ ᠵᠠᠪᠳᠤᠨ ᠲᠡᠪᠰᠢᠬᠦᠯᠵᠡᠢ᠃ ᠠᠵᠠ ᠪᠠᠷ ᠲᠤᠰ ᠲᠤᠭᠤᠵᠢ ᠨᠢ ᠬᠤᠶᠠᠳᠤᠭᠠᠷ ᠲᠡᠰ ᠤᠨ ᠱᠠᠩᠨᠠᠯ ᠬᠦᠷᠳᠡᠵᠤ᠂ ︽ᠦᠨᠢᠷ ᠴᠡᠴᠡᠭ︾ ᠰᠡᠳᠬᠦᠯ ᠤᠨ ᠰᠢᠯᠤᠭᠤᠨ ᠬᠦᠬᠡ ᠬᠤᠰᠢᠭᠤᠨ ᠳᠤ ᠪᠤᠯᠤᠭᠰᠠᠨ ᠪᠢᠯᠢᠭ ᠤᠨ ᠴᠢᠭᠤᠯᠭᠠᠨ ᠳᠤ ᠲᠡᠬᠦᠨ ᠤ ᠨᠡᠷ᠎ᠡ ᠶᠢ ᠨᠢ ᠲᠡᠮᠳᠡᠭᠯᠡᠬᠦᠯᠪᠡ᠃ ᠲᠡᠷᠡ᠂ ᠦ᠊ · ᠨᠠᠴᠢᠨ ᠪᠠᠭᠰᠢ ᠶᠢᠨ ᠰᠠᠨᠠᠭᠠᠴᠢᠯᠠᠭ᠎ᠠ ᠪᠠᠷ ᠪᠢᠴᠢᠵᠤ ᠲᠡᠶᠢᠯᠬᠦ ᠡᠰᠡᠬᠦ ᠳᠤ ᠪᠠᠨ ᠪᠠᠭ᠋ᠠᠨ ᠢᠳᠡᠬᠡᠯ ᠦᠬᠡᠢ ᠡᠷᠡᠭᠡᠯᠵᠡᠭᠰᠡᠨ ᠪᠤᠯᠪᠠᠴᠤ ᠡᠴᠦᠰ ᠲᠤ ᠪᠠᠨ ︽ᠡᠷᠢᠶᠡᠨ︾ ᠷᠤᠮᠠᠨ ᠢᠶᠠᠨ ᠲᠤᠭᠤᠷᠪᠢᠨ ᠪᠢᠴᠢᠭᠰᠡᠨ ᠶᠤᠮ᠃ ᠰᠡᠬᠦᠯᠡᠷ ᠨᠢ ︽ᠡᠷᠢᠶᠡᠨ︾ ᠷᠤᠮᠠᠨ ᠨᠢ ᠨᠡᠶᠢᠬᠡᠮ ᠨᠡᠶᠢᠳᠡ ᠶᠢᠨ ᠲᠤᠮᠳᠠ ᠮᠠᠰᠢ ᠶᠡᠭᠡ ᠨᠦᠯᠦᠬᠡ ᠲᠤᠰᠬᠠᠯ ᠭᠠᠷᠴᠤ᠂ ᠶᠡᠭᠡ ᠲᠡᠭᠡᠳᠤ ᠰᠤᠷᠭᠠᠭᠤᠯᠢ ᠶᠢᠨ ᠮᠤᠩᠭᠤᠯ ᠤᠷᠠᠨ ᠵᠤᠬᠢᠶᠠᠯ ᠤᠨ ᠰᠤᠳᠤᠯᠭᠠᠨ ᠳᠤ ᠵᠤᠷᠢᠭᠤᠯᠤᠭᠰᠠᠨ ᠴᠤᠪᠤᠷᠠᠯ ᠪᠢᠴᠢᠭ ᠲᠤ ᠰᠤᠩᠭᠤᠭᠳᠠᠨ ᠤᠷᠤᠭᠰᠠᠨ ᠪᠦᠬᠡᠳ ᠪᠦᠬᠦ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠴᠦᠬᠡᠨ ᠲᠤᠭᠠᠳᠤ ᠦᠡᠳᠦᠰᠦᠳᠡᠨ ᠤ ᠨᠤᠮ ᠢ ᠬᠢᠳᠡᠳ ᠬᠡᠯᠡᠨ ᠳᠤ ᠤᠷᠴᠢᠭᠤᠯᠬᠤ ᠢᠡᠵᠧᠨᠧᠷᠢᠩ ᠳᠤ ᠰᠤᠩᠭᠤᠭᠳᠠᠨ ᠤᠷᠤᠪᠠ᠃ ᠡᠨᠡ ᠬᠤᠭᠤᠷᠤᠡᠳᠤ ᠲᠡᠷᠡ ᠮᠠᠰᠢ ᠤᠯᠠᠨ ᠰᠢᠯᠦᠭ ᠨᠠᠶᠢᠷᠠᠭᠤᠯᠤᠯ᠂ ᠦᠬᠦᠯᠡᠯᠬᠡ᠂ ᠬᠡᠤᠬᠡᠳ ᠤᠨ ᠤᠷᠠᠨ ᠵᠤᠬᠢᠶᠠᠯ ᠢᠶᠠᠨ ᠡᠯ᠎ᠡ ᠲᠡᠰ ᠤᠨ ᠰᠤᠨᠢᠨ ᠰᠡᠳᠬᠦᠯ ᠳᠤ ᠵᠠᠯᠭᠠᠭ᠎ᠠ ᠪᠠᠷ ᠨᠡᠶᠢᠳᠡᠯᠡᠬᠦᠯᠵᠤ ᠯᠠ ᠪᠠᠶᠢᠯ᠎ᠠ᠃      1999 ᠤᠨ ᠳᠤ᠂ ᠲᠡᠷᠡ ᠲᠠᠴᠢᠨᠳᠠᠯ᠎ᠠ ᠪᠠᠯᠭᠠᠰᠤ ᠶᠢᠨ ᠰᠢᠡᠬᠤᠸᠠ ᠨᠤᠮ ᠤᠨ ᠲᠡᠯᠬᠡᠬᠦᠷ ᠠᠴᠠ ᠦᠪᠡᠷ ᠤᠨ ᠬᠠᠮᠤᠭ ᠠᠩᠬᠠᠨ ᠤ ᠨᠤᠮ ᠊᠊᠊᠊᠊ ︽ᠤᠰᠤᠡᠪᠤᠳᠤᠭ ᠤᠨ ᠬᠡᠤᠬᠡᠳ ᠤᠨ ᠤᠷᠠᠨ ᠵᠤᠬᠢᠶᠠᠯ︾ ᠤᠨ ᠲᠡᠬᠦᠪᠦᠷᠢ ᠪᠠᠨ ᠬᠠᠮᠤᠭ ᠲᠦᠷᠦᠬᠦᠦ ᠤᠯᠵᠤ ᠬᠠᠷᠠᠭᠠᠳ ︽ᠵᠤᠬᠢᠶᠠᠯᠴᠢ ᠪᠤᠯᠬᠤ ᠬᠦᠰᠡᠯ ᠵᠡᠬᠦᠳᠦ ᠪᠠᠨ ᠢᠡᠭᠬᠢᠬᠡᠳ ᠪᠡᠶᠡᠯᠡᠬᠦᠯᠬᠦ ᠨᠢ︕︾ ᠬᠡᠳ ᠪᠠᠶᠠᠷᠯᠠᠬᠤ ᠳᠤ ᠪᠠᠨ ᠨᠤᠮ ᠢᠶᠠᠨ ᠲᠡᠪᠡᠷᠢᠬᠡᠳ ᠦᠰᠦᠷᠴᠢᠬᠡᠮᠡᠷ ᠰᠠᠨᠠᠭᠳᠠᠯ᠎ᠠ ᠬᠡᠳᠡᠭ᠃ ᠰᠡᠬᠦᠯᠡᠷ ᠨᠢ ᠲᠡᠬᠦᠨ ᠢ ᠪᠠᠰᠠ ᠨᠢᠬᠡ ᠤᠳᠠᠭ᠎ᠠ ᠲᠡᠯᠪᠡ ᠪᠠᠶᠠᠷᠯᠠᠭᠤᠯᠤᠭᠰᠠᠨ ᠶᠠᠪᠤᠳᠠᠯ ᠬᠡᠪᠡᠯ ᠲᠤᠰ ᠨᠤᠮ ᠨᠢ ᠦᠪᠦᠷ ᠮᠤᠩᠭᠤᠯ ᠤᠨ ᠠᠷᠪᠠᠳᠤᠭᠠᠷ ᠬᠤᠭᠤᠴᠠᠭᠠᠨ ᠤ ︽ᠲᠠᠪᠦ‍ ᠨᠢᠬᠡ ᠶᠢᠨ ᠢᠡᠵᠧᠨᠧᠷᠢᠩ︾ ᠤᠨ ᠱᠠᠩᠨᠠᠯ ᠲᠤᠰᠤᠭᠰᠠᠨ ᠶᠠᠪᠤᠳᠠᠯ ᠪᠠᠶᠢᠯ᠎ᠠ᠃ ᠡᠬᠦᠨ ᠢᠶᠠᠷ ᠪᠠᠷᠠᠬᠤ ᠦᠬᠡᠢ᠂ ᠲᠡᠬᠦᠨ ᠤ ︽ᠬᠦᠳᠡᠭᠡ ᠶᠢᠨ ᠬᠡᠤᠬᠡᠳ︾ ᠵᠡᠷᠭᠡ ᠲᠠᠪᠤᠨ ᠬᠤᠪᠢ ᠬᠡᠤᠬᠡᠳ ᠤᠨ ᠤᠷᠠᠨ ᠵᠤᠬᠢᠶᠠᠯ ᠨᠢ ᠪᠠᠭ᠎ᠠ ᠰᠤᠷᠭᠠᠭᠤᠯᠢ ᠶᠢᠨ ᠰᠤᠷᠬᠤ ᠪᠢᠴᠢᠭ ᠲᠤ ᠰᠤᠩᠭᠤᠭᠳᠠᠨ ᠤᠷᠤᠪᠠ᠃ 2008 ᠤᠨ ᠤ ᠵᠤᠨ᠂ ᠲᠦᠡᠭᠯᠢᠶᠤᠤ ᠬᠤᠳᠠ ᠶᠢᠨ ᠤᠳᠬ᠎ᠠ ᠤᠷᠠᠯᠢᠭ ᠤᠨ ᠬᠤᠯᠪᠤᠭ᠎ᠠ ᠪᠤᠯᠤᠨ ︽ᠵᠢᠷᠢᠮ ᠤᠨ ᠤᠷᠠᠨ ᠵᠤᠬᠢᠶᠠᠯ︾ ᠰᠡᠳᠬᠦᠯ ᠤᠨ ᠬᠤᠷᠢᠶ᠎ᠠ ᠬᠠᠮᠳᠤᠷᠠᠨ ᠲᠠᠴᠢᠨᠳᠠᠯ᠎ᠠ ᠪᠠᠯᠭᠠᠰᠤᠨ ᠳᠤ ᠲᠡᠬᠦᠨ ᠤ ᠲᠤᠭᠤᠵᠢ ︽ᠨᠤᠭᠤᠡᠵᠠᠶᠠᠭ᠎ᠠ︾ ᠶᠢ ᠨᠢ ᠰᠤᠳᠤᠯᠤᠨ ᠶᠠᠷᠢᠯᠴᠠᠬᠤ ᠬᠤᠷᠠᠯ ᠬᠤᠷᠠᠯᠳᠤᠵᠤ᠂ ᠲᠡᠬᠦᠨ ᠤ ᠵᠤᠬᠢᠶᠠᠯ ᠪᠦᠳᠦᠬᠡᠯ ᠤᠨ ᠠᠮᠵᠢᠯᠳᠠ ᠶᠢ ᠨᠤᠳᠠᠯᠠᠨ᠂ ᠤᠷᠠᠨ ᠵᠤᠬᠢᠶᠠᠯ ᠤᠨ ᠤᠷᠳᠤ ᠠᠶᠠᠨ ᠳᠤ ᠪᠠᠨ ᠭᠠᠨᠵᠤᠭ᠎ᠠ ᠲᠦᠬᠦᠷᠡᠩ ᠠᠮᠵᠢᠯᠳᠠᠲᠠᠢ ᠶᠠᠪᠤᠬᠤ ᠶᠢ ᠮᠢᠯᠢᠶᠠᠵᠠᠢ᠃ ᠲᠡᠷᠡ ᠡᠨᠡ ᠬᠤᠭᠤᠷᠤᠡᠳᠤ ᠪᠠᠰᠠ ︽ᠨᠠᠢᠮᠠᠨ ᠤ ᠦᠯᠢᠬᠡᠷ ᠲᠤᠮᠤᠭ︾ ᠪᠤᠯᠤᠨ ︽ᠨᠠᠢᠮᠠᠨ ᠤ ᠰᠤᠳᠤᠨ ᠮᠤᠩᠭᠤᠯᠴᠤᠳ︾ ᠢ ᠡᠮᠬᠢᠳᠬᠡᠨ ᠴᠤᠭᠯᠠᠭᠤᠯᠵᠤ ᠨᠠᠶᠢᠷᠠᠭᠤᠯᠤᠨ ᠬᠡᠪᠯᠡᠬᠦᠯᠦᠭᠰᠡᠨ ᠪᠦᠬᠡᠳ ᠨᠠᠢᠮᠠᠨ ᠬᠤᠰᠢᠭᠤᠨ ᠤ ᠨᠡᠷᠡᠳᠤ ᠲᠡᠮᠳᠡᠭ ᠪᠤᠯᠤᠭᠰᠠᠨ ᠠᠷᠠᠳ ᠤᠨ ᠲᠠᠭᠤᠤ ︽ᠨᠤᠭᠤᠡᠵᠠᠶᠠᠭ᠎ᠠ︾ ᠶᠢᠨ ᠲᠤᠬᠠᠢ ᠰᠤᠨᠢᠨ ᠰᠡᠳᠬᠦᠯ ᠳᠤ ᠨᠡᠶᠢᠳᠡᠯᠡᠭᠳᠡᠵᠤ ᠦᠡᠭᠭᠡᠷᠡᠭᠰᠡᠨ ᠪᠤᠢ ᠪᠦᠬᠦᠢ ᠰᠢᠯᠦᠭ ᠨᠠᠶᠢᠷᠠᠭᠤᠯᠤᠯ᠂ ᠦᠯᠢᠬᠡᠷ ᠲᠤᠮᠤᠭ᠂ ᠰᠢᠬᠦᠮᠵᠢ ᠦᠬᠦᠯᠡᠯ ᠵᠡᠷᠭᠡ ᠵᠦᠢᠯᠡᠰ ᠢ ᠡᠮᠬᠢᠳᠬᠡᠨ ᠴᠤᠭᠯᠠᠭᠤᠯᠵᠤ ᠨᠡᠶᠢᠷᠠᠭᠤᠯᠤᠨ ᠬᠡᠪᠯᠡᠬᠦᠯᠪᠡ᠃ ᠡᠬᠦᠨ ᠤ ᠬᠠᠮᠳᠤ ︽ᠭᠤᠷᠪᠠᠨᠬᠤᠸᠠ︾ ᠶᠢᠨ ᠲᠡᠤᠬᠡ ᠲᠡᠮᠳᠡᠭᠯᠡᠯ ᠢ ᠨᠠᠶᠢᠷᠠᠭᠤᠯᠤᠨ ᠪᠢᠴᠢᠵᠤ ᠬᠡᠪᠯᠡᠬᠦᠯᠬᠦ ᠶᠢᠨ ᠲᠠᠭᠠᠤ ᠬᠤᠰᠢᠭᠤᠨ ᠤ ᠦᠡᠳᠦᠰᠦᠳᠡᠨ ᠱᠠᠰᠢᠨ ᠰᠤᠷᠳᠠᠬᠤᠨ ᠤ ᠬᠡᠷᠡᠭ ᠡᠷᠬᠢᠯᠡᠬᠦ ᠲᠤᠪᠴᠢᠶᠠᠨ ᠤ ᠡᠷᠬᠢᠯᠡᠵᠤ ᠪᠠᠶᠢᠭ᠎ᠠ ︽ᠲᠠᠴᠢᠨᠳᠠᠯ᠎ᠠ︾ ᠰᠡᠳᠬᠦᠯ ᠢ ᠲᠦᠷᠪᠡᠨ ᠵᠢᠯ ᠲᠠᠷᠠᠭᠠᠯᠠᠨ ᠨᠠᠶᠢᠷᠠᠭᠤᠯᠤᠨ ᠬᠡᠪᠯᠡᠭᠦᠯᠪᠡ᠃ ᠲᠡᠬᠦᠨ ᠤ ᠷᠤᠮᠠᠨ ︽ᠡᠷᠢᠶᠡᠨ︾ ᠨᠢ ᠤᠡᠭᠰᠢᠬᠴᠢᠳ ᠤᠨ ᠲᠠᠭᠠᠰᠢᠶᠠᠯ ᠢ ᠨᠡᠶᠢᠳᠡᠮ ᠬᠦᠷᠳᠡᠵᠤ᠂ ᠪᠤᠯᠢᠶᠠᠯᠳᠤᠨ ᠠᠪᠳᠠᠭ ᠬᠠᠯᠠᠮᠰᠢᠯᠳᠠᠢ ᠨᠤᠮ ᠪᠤᠯᠵᠤ᠂ ᠬᠡᠳᠦᠬᠡᠨ ᠵᠢᠯ ᠤᠨ ᠬᠤᠭᠤᠷᠤᠡᠳᠤ ᠭᠤᠷᠪᠠ ᠤᠳᠠᠭ᠎ᠠ ᠲᠠᠬᠢᠨ ᠬᠡᠪᠯᠡᠭᠳᠡᠨ᠂ ᠷᠤᠮᠠᠨ ︽ᠲᠠᠪᠢᠯᠠᠩ︾ ᠨᠢ ᠬᠤᠶᠠᠷ ᠤᠳᠠᠭ᠎ᠠ ᠬᠡᠪᠯᠡᠭᠳᠡᠪᠡ᠃ ᠲᠡᠬᠦᠨ ᠤ ᠷᠤᠮᠠᠨ ︽ᠲᠤᠭᠤᠰᠤ︾᠂ ︽ᠲᠠᠪᠢᠯᠠᠩ︾ ᠪᠤᠯᠤᠨ ︽ᠤᠰᠤᠡᠪᠤᠳᠤᠭ ᠤᠨ ᠬᠡᠤᠬᠡᠳ ᠤᠨ ᠤᠷᠠᠨ ᠵᠤᠬᠢᠶᠠᠯ︾ ᠵᠡᠷᠭᠡ ᠨᠢ ︽ᠲᠠᠯ᠎ᠠ ᠨᠤᠳᠤᠭ ᠤᠨ ᠨᠤᠮ ᠤᠨ ᠦᠷᠦᠬᠡ︾ ᠢᠡᠵᠧᠨᠧᠷᠢᠩ ᠳᠤ ᠰᠤᠩᠭᠤᠭᠳᠠᠨ ᠤᠷᠤᠵᠤ ᠲᠠᠬᠢᠨᠳᠡ ᠬᠡᠪᠯᠡᠭᠳᠡᠭᠰᠡᠨ ᠪᠦᠬᠡᠳ ︽ᠬᠠᠷ᠎ᠠ ᠭᠠᠯ︾᠂ ︽ᠬᠡᠤᠬᠡᠳ ᠤᠨ ᠦᠬᠦᠯᠡᠯᠬᠡ︾᠂ ︽ᠰᠦᠨᠢ ᠲᠡᠯᠬᠡᠷᠡᠬᠦ ᠲᠤᠷᠠᠯᠠᠯ ᠤᠨ ᠴᠡᠴᠡᠬᠡᠰ︾᠂ ︽ᠬᠠᠨᠭ᠍ᠳᠠᠭᠤᠳ ᠤᠰᠤᠡᠪᠤᠳᠤᠭ ᠤᠨ ᠬᠡᠤᠬᠡᠳ ᠤᠨ ᠤᠷᠠᠨ ᠵᠤᠬᠢᠶᠠᠯ ᠤᠨ ᠰᠤᠩᠭᠤᠮᠠᠯ︾᠂ ︽ᠤᠰᠤᠡᠪᠤᠳᠤᠭ ᠤᠨ ᠲᠤᠭᠤᠵᠢ ᠶᠢᠨ ᠰᠤᠩᠭᠤᠮᠠᠯ︾᠂ ︽ᠤᠷᠳᠤ ᠬᠠᠷ᠎ᠠ ᠬᠡᠵᠢᠬᠡ︾᠂ ︽ᠲᠡᠷᠡ ᠰᠦᠨᠢ ᠶᠢᠨ ᠬᠡᠬᠡᠨ ᠤᠴᠠᠷᠠᠯ ᠵᠡᠬᠦᠳᠦᠨ ᠮᠡᠳᠤ︾ ᠵᠡᠷᠭᠡ ᠵᠤᠬᠢᠶᠠᠯ ᠤᠨ ᠲᠡᠬᠦᠪᠦᠷᠢ ᠤᠳ ᠨᠢ ᠬᠤᠶᠢᠨ᠎ᠠ ᠬᠤᠶᠢᠨ᠎ᠠ ᠠᠴᠠ ᠪᠠᠨ ᠬᠡᠪᠯᠡᠭᠳᠡᠨ ᠲᠠᠷᠬᠠᠭᠠᠭᠳᠠᠵᠤ᠂ ᠤᠡᠭᠰᠢᠬᠴᠢᠳ ᠤᠨ ᠬᠠᠯᠠᠭᠤᠨ ᠠᠯᠠᠭᠠᠨ ᠳᠤ ᠲᠡᠯᠬᠡᠭᠳᠡᠪᠡ᠃ ᠲᠡᠬᠦᠨ ᠤ ᠷᠤᠮᠠᠨ ︽ᠡᠷᠢᠶᠡᠨ︾ ᠨᠢ ᠭᠤᠷᠪᠠᠳᠤᠭᠠᠷ ᠬᠤᠭᠤᠴᠠᠭᠠᠨ ᠤ ᠦᠪᠦᠷ ᠮᠤᠩᠭᠤᠯ ᠤᠨ ︽ᠪᠤᠷᠵᠢᠬᠢᠨ︾ ᠱᠠᠩᠨᠠᠯ ᠢ ᠲᠤᠰᠴᠤ᠂ ᠲᠤᠭᠤᠵᠢ ︽迁坟︾ ᠨᠢ ᠦᠪᠦᠷ ᠮᠤᠩᠭᠤᠯ ᠤᠨ ᠨᠠᠢᠮᠠᠳᠤᠭᠠᠷ ᠬᠤᠭᠤᠴᠠᠭᠠᠨ ᠤ ︽ᠰᠤᠯᠤᠩᠭ᠎ᠠ︾ ᠱᠠᠩᠨᠠᠯ ᠢ ᠬᠦᠷᠳᠡᠨ᠂ ᠲᠤᠭᠤᠵᠢ ︽ᠴᠠᠭ ᠴᠠᠭ ᠤᠨ ᠲᠤᠤᠯᠢᠶᠠᠨ︾ ᠨᠢ ᠦᠪᠦᠷ ᠮᠤᠩᠭᠤᠯ ᠤᠨ ᠤᠳᠬ᠎ᠠ ᠵᠤᠬᠢᠶᠠᠯ ᠤᠨ ︽ᠰᠤᠯᠤᠩᠭ᠎ᠠ︾ ᠱᠠᠩᠨᠠᠯ ᠢ ᠲᠠᠬᠢᠨᠳᠡ ᠭᠠᠷᠳᠠᠪᠠ᠃ ᠷᠤᠮᠠᠨ ︽ᠢᠨᠠᠭ ᠤᠨ ᠲᠠᠶᠢᠰᠤᠨ︾ ᠨᠢ ᠦᠪᠦᠷ ᠮᠤᠩᠭᠤᠯ ᠤᠨ ᠲᠠᠯ᠎ᠠ ᠨᠤᠳᠤᠭ ᠤᠨ ᠤᠷᠠᠨ ᠵᠤᠬᠢᠶᠠᠯ ᠢ ᠲᠡᠳᠬᠦᠬᠦ ᠲᠦᠷᠦᠯ ᠵᠦᠢᠯ ᠳᠤ ᠰᠤᠩᠭᠤᠭᠳᠠᠨ ᠤᠷᠤᠪᠠ᠃ ᠲᠡᠷᠡ ᠬᠦᠬᠡᠬᠤᠳᠠ ᠳᠤ ᠪᠤᠯᠪᠠᠰᠤᠷᠠᠯ ᠤᠨ ᠠᠩᠬᠢ ᠳᠤ ᠤᠷᠤᠯᠴᠠᠵᠤ ᠶᠠᠪᠤᠬᠤ ᠬᠤᠭᠤᠴᠠᠭᠠᠨ ᠳᠤ ᠪᠠᠨ ᠠᠷᠪᠠᠨ ᠬᠤᠶᠠᠷ ᠪᠦᠯᠦᠭᠳᠤ ᠲᠧᠯᠸᠢᠰ ᠵᠦᠴᠦᠬᠡ ︽ᠲᠠᠪᠤᠨ ᠮᠦᠰᠤ ᠶᠢᠨ ᠺᠤᠮᠫᠠᠨᠢ︾ ᠪᠠᠨ ᠨᠠᠶᠢᠷᠠᠭᠤᠯᠤᠨ ᠪᠢᠴᠢᠵᠤ᠂ ︽ᠵᠠᠩ ᠢᠤᠢ ᠰᠢ︾᠂ ︽ᠳ᠋ᠦ᠋ ᠶᠦᠸᠧ︾᠂ ︽ᠨᠤᠭᠤᠡᠵᠠᠶᠠᠭ᠎ᠠ︾᠂ ︽ᠲᠦᠪ ᠰᠢᠳᠤᠷᠭᠤ︾ ᠵᠡᠷᠭᠡ ᠨᠠᠢᠮᠠᠨ ᠤ ᠠᠷᠠᠳ ᠤᠨ ᠲᠠᠭᠤᠤ ᠶᠢ ᠲᠧᠯᠸᠢᠰ ᠵᠦᠴᠦᠬᠡ ᠪᠤᠯᠭᠠᠨ ᠦᠬᠡᠷᠡᠴᠢᠯᠡᠨ ᠨᠠᠶᠢᠷᠠᠭᠤᠯᠵᠤ ᠪᠦᠬᠦᠨ ᠢ ᠦᠪᠦᠷ ᠮᠤᠩᠭᠤᠯ ᠤᠨ ᠮᠤᠩᠭᠤᠯ ᠤᠳᠤᠨ ᠲᠧᠯᠸᠢᠰ ᠲᠤ ᠨᠡᠪᠳᠡᠷᠡᠬᠦᠯᠦᠬᠡᠳ ᠦᠵᠡᠭᠴᠢᠳ ᠤᠨ ᠬᠠᠯᠠᠭᠤᠨ ᠬᠦᠷᠢᠶᠡᠯᠡᠯ ᠢ ᠨᠡᠶᠢᠳᠡᠮ ᠬᠦᠷᠳᠡᠪᠡ᠃ ᠲᠡᠷᠡ᠂ ᠡᠬᠡ ᠬᠡᠯᠡ ᠪᠠᠷ ᠢᠶᠠᠨ ᠵᠤᠬᠢᠶᠠᠨ ᠪᠦᠳᠦᠬᠡᠬᠦ ᠠᠴᠠ ᠭᠠᠳᠠᠨ᠎ᠠ ᠤᠷᠴᠢᠭᠤᠯᠭ᠎ᠠ ᠶᠢᠨ ᠠᠵᠢᠯ ᠢ ᠴᠦ ᠤᠪᠤᠭ᠎ᠠ ᠰᠠᠶᠢᠬᠠᠨ ᠶᠠᠪᠤᠭᠳᠠᠭᠤᠯᠳᠠᠭ ᠪᠠᠶᠢᠵᠠᠢ᠃ ᠲᠡᠷᠡ᠂ ᠲᠤᠮᠳᠠᠳᠤ ᠤᠯᠤᠰ ᠤᠨ ᠠᠩᠬᠠᠳᠠᠭᠴᠢ ᠨᠤᠫᠧᠯ ᠤᠨ ᠤᠳᠬ᠎ᠠ ᠵᠤᠬᠢᠶᠠᠯ ᠤᠨ ᠱᠠᠩᠨᠠᠯ ᠬᠦᠷᠳᠡᠭᠴᠢ ᠠᠯᠳᠠᠷᠳᠤ ᠵᠤᠬᠢᠶᠠᠯᠴᠢ ᠮᠦᠸᠧ ᠶᠡᠨ ᠤ ︽ᠮᠦᠸᠧ ᠶᠡᠨ ᠤ ᠦᠬᠦᠯᠡᠯᠬᠡ ᠶᠢᠨ ᠲᠡᠬᠦᠪᠦᠷᠢ︾ ᠶᠢ ᠪᠤᠰᠤᠳ ᠲᠠᠢ ᠬᠠᠮᠳᠤᠷᠠᠨ ᠤᠷᠴᠢᠭᠤᠯᠤᠨ ᠬᠡᠪᠯᠡᠬᠦᠯᠦᠭᠰᠡᠨ ᠪᠦᠬᠡᠳ ᠵᠠᠭᠤ ᠬᠤᠷᠢᠨ ᠲᠦᠮᠡᠨ ᠦᠰᠦᠭ ᠪᠦᠬᠦᠢ ︽ᠪᠠᠷᠠᠭᠤᠡᠰᠢ ᠵᠤᠷᠴᠢᠭᠰᠠᠨ ᠲᠡᠮᠳᠡᠭᠯᠡᠯ︾ ︵ᠬᠡᠤᠬᠡᠳ ᠤᠨ ᠬᠡᠪᠯᠡᠯ︶ ᠪᠤᠯᠤᠨ ︽ᠤᠯᠠᠭᠠᠨ ᠠᠰᠠᠷ ᠤᠨ ᠵᠡᠬᠦᠳᠦᠨ︾ ︵ᠬᠡᠤᠬᠡᠳ ᠤᠨ ᠬᠡᠪᠯᠡᠯ︶ ᠢ ᠤᠷᠴᠢᠭᠤᠯᠤᠨ ᠬᠡᠪᠯᠡᠬᠦᠯᠪᠡ᠃ ᠲᠡᠷᠡ ᠬᠦᠮᠦᠨ ᠶᠠᠭᠠᠬᠢᠬᠤ ᠳᠤ ᠪᠠᠨ ᠶᠠᠮᠠᠷ ᠰᠲ᠋ᠢᠯᠢ ᠶᠢᠨ ᠵᠤᠬᠢᠶᠠᠯ ᠪᠢᠴᠢᠨ᠎ᠡ ᠬᠡᠪᠡᠯ ᠪᠢᠴᠢᠴᠢᠬᠡᠬᠦ ᠪᠦᠬᠡᠳ ᠤᠡᠭᠰᠢᠬᠴᠢᠳ ᠤᠨ ᠤᠷᠮ᠎ᠠ ᠶᠢ ᠲᠠᠳᠠᠮ᠎ᠠ ᠤᠴᠢᠷ ᠵᠦᠭ ᠦᠬᠡᠢ ᠰᠠᠶᠢᠬᠠᠨ ᠵᠤᠬᠢᠶᠠᠯ ᠪᠢᠴᠢᠳᠡᠭ ᠪᠤᠯ︖ ᠬᠡᠵᠤ ᠪᠢ ᠲᠡᠬᠦᠨ ᠤ ᠤᠷ᠎ᠠ ᠠᠪᠢᠶᠠᠰ᠂ ᠮᠡᠷᠬᠡᠵᠢᠯ ᠴᠢᠳᠠᠪᠤᠷᠢ ᠶᠢ ᠪᠢᠰᠢᠷᠡᠨ ᠪᠠᠭ᠋ᠠᠳᠤᠪᠠ᠃ ᠨᠢᠳᠤᠨᠤᠨ ᠲᠡᠬᠦᠨ ᠤ ︽ᠲᠠᠪᠢᠯᠠᠩ︾ ᠷᠤᠮᠠᠨ ᠨᠢ ᠬᠢᠳᠡᠳ ᠬᠡᠯᠡᠨ ᠳᠤ ᠤᠷᠴᠢᠭᠤᠯᠤᠭᠳᠠᠵᠤ᠂ ᠦᠨᠤ ᠵᠢᠯ ᠤᠨ ᠵᠢᠷᠭᠤᠭᠠᠨ ᠰᠠᠷ᠎ᠠ ᠳᠤ ᠵᠤᠬᠢᠶᠠᠯᠴᠢ ᠬᠡᠪᠯᠡᠯ ᠤᠨ ᠬᠤᠷᠢᠶᠠᠨ ᠠᠴᠠ ᠬᠡᠪᠯᠡᠨ ᠲᠠᠷᠬᠠᠭᠠᠭᠰᠠᠨ ᠪᠦᠬᠡᠳ 10 ᠰᠠᠷ᠎ᠠ ᠶᠢᠨ 13 ᠤ ᠡᠳᠦᠷ᠂ ᠯᠦ ᠰᠢᠶᠦ᠋ᠨ ᠤᠳᠬ᠎ᠠ ᠵᠤᠬᠢᠶᠠᠯ ᠤᠨ ᠲᠡᠭᠡᠳᠤ ᠰᠤᠷᠭᠠᠭᠤᠯᠢ ᠠᠴᠠ ᠲᠤᠮᠳᠠᠳᠤ ᠤᠯᠤᠰ ᠤᠨ ᠤᠯᠠᠨ ᠦᠡᠳᠦᠰᠦᠳᠡᠨ ᠤ ᠴᠤᠪᠤᠷᠤᠯ ᠨᠤᠮ ᠤᠨ ᠰᠤᠳᠤᠯᠤᠨ ᠶᠠᠷᠢᠯᠴᠠᠬᠤ ᠬᠤᠷᠠᠯ ᠬᠢᠵᠤ ᠦᠭᠪᠡ᠃ ᠲᠤᠬᠠᠢ ᠶᠢᠨ ᠦᠶ᠎ᠡ ᠳᠤ᠂ ᠲᠦᠡᠭᠯᠢᠶᠤᠤ ᠬᠤᠳᠠ ᠶᠢᠨ ᠤᠳᠬ᠎ᠠ ᠤᠷᠠᠯᠢᠭᠴᠢᠳ ᠤᠨ ᠬᠤᠷᠴᠢᠨ ᠤ ᠮᠢᠩᠭᠠᠨ ᠭᠠᠵᠠᠷ ᠤᠨ ᠦᠵᠡᠮᠵᠢ ᠶᠢᠨ ᠤᠷᠤᠨ ᠢᠶᠠᠷ ᠰᠤᠷᠪᠤᠯᠵᠢᠯᠠᠬᠤ ᠭᠠᠯ ᠠᠶᠠᠨ ᠳᠤ ᠤᠷᠤᠯᠴᠠᠵᠤ ᠶᠠᠪᠤᠵᠤ ᠪᠠᠶᠢᠭᠰᠠᠨ ᠤᠰᠤᠡᠪᠤᠳᠤᠭ ᠲᠡᠬᠦᠨ ᠢᠶᠠᠨ ᠠᠷᠭ᠎ᠠ ᠪᠤᠰᠤ ᠬᠠᠭᠠᠰ ᠲᠤᠷᠭᠤᠨ ᠬᠠᠶᠠᠵᠤ᠂ ᠪᠡᠬᠡᠵᠢᠩ ᠢ ᠵᠤᠷᠢᠭᠰᠠᠨ ᠶᠤᠮ᠃ ᠲᠡᠷᠡ᠂ ᠤᠳᠤ ᠪᠤᠯᠳᠠᠯ᠎ᠠ ᠰᠢᠯᠦᠭ ᠨᠠᠶᠢᠷᠠᠭᠤᠯᠤᠯ᠂ ᠦᠬᠦᠯᠡᠯᠬᠡ᠂ ᠬᠡᠤᠬᠡᠳ ᠤᠨ ᠤᠷᠠᠨ ᠵᠤᠬᠢᠶᠠᠯ᠂ ᠷᠤᠮᠠᠨ ᠲᠤᠭᠤᠵᠢ᠂ ᠵᠦᠴᠦᠬᠡ ᠶᠢᠨ ᠵᠤᠬᠢᠶᠠᠯ ᠵᠡᠷᠭᠡ ᠠᠳᠠᠯᠢ ᠪᠤᠰᠤ ᠲᠦᠷᠦᠯ ᠤᠨ ᠵᠤᠬᠢᠶᠠᠯ ᠪᠦᠳᠦᠬᠡᠯ ᠢ ᠨᠡᠶᠢᠳᠡ ᠬᠤᠷᠢᠨ ᠬᠤᠶᠠᠷ ᠲᠡᠪᠳᠡᠷ ᠨᠤᠮ ᠬᠡᠪᠯᠡᠬᠦᠯᠵᠤ᠂ ᠦᠪᠦᠷ ᠮᠤᠩᠭᠤᠯ ᠤᠨ ᠮᠤᠩᠭᠤᠯ ᠵᠤᠬᠢᠶᠠᠯᠴᠢᠳ ᠤᠨ ᠬᠠᠮᠤᠭ ᠤᠯᠠᠨ ᠪᠦᠳᠦᠬᠡᠯ ᠲᠠᠢ᠂ ᠬᠠᠮᠤᠭ ᠵᠠᠯᠠᠭᠤ ᠵᠤᠬᠢᠶᠠᠯᠴᠢ ᠪᠤᠯᠤᠭᠰᠠᠨ ᠪᠠᠶᠢᠪᠠ᠃      ᠲᠡᠷᠡ ᠲᠦᠡᠭᠯᠢᠶᠤᠤ ᠶᠢᠨ ᠰᠢᠨ᠎ᠡ ᠨᠡᠷᠡᠳᠤ ᠬᠦᠮᠦᠨ ᠪᠤᠯᠪᠠ      ᠲᠡᠷᠡ ᠡᠳᠦᠷ ᠪᠢ ᠤᠰᠤᠡᠪᠤᠳᠤᠭ ᠲᠠᠢ ᠮᠠᠰᠢ ᠤᠷᠳᠤ ᠴᠠᠭ ᠶᠠᠷᠢᠯᠴᠠᠨ ᠰᠠᠭᠤᠭᠠᠳ ᠤᠷᠤᠢ ᠨᠢ ᠨᠠᠢᠮᠠᠨ ᠤ ᠨᠡᠷᠡᠳᠤ ᠲᠠᠭᠤᠴᠢᠨ ᠤᠷᠠᠯᠢᠭᠴᠢᠨ ᠲᠠᠢ ᠲᠠᠭᠤᠤ ᠲᠠᠢ᠂ ᠰᠢᠯᠦᠭ ᠲᠠᠢ ᠵᠤᠭᠤᠭᠳᠠᠵᠤ ᠰᠠᠭᠤᠭᠰᠠᠨ ᠶᠤᠮ᠃ ᠲᠡᠳᠡ ᠨᠡᠷ ᠨᠢᠬᠡ ᠨᠢᠬᠡ ᠪᠠᠷ ᠢᠶᠠᠨ ᠤᠰᠤᠡᠪᠤᠳᠤᠭ ᠢ ᠪᠢᠰᠢᠷᠡᠨ ᠮᠠᠭᠳᠠᠬᠤ ᠪᠦᠬᠡᠳ ︽ᠡᠨᠡ ᠬᠦᠮᠦᠨ ᠢ ᠪᠢᠴᠢᠵᠤ ᠪᠤᠯᠤᠨ᠎ᠠ︾ ᠬᠡᠵᠤ ᠨᠠᠮᠠᠢᠢ ᠴᠦ ᠲᠡᠮᠵᠢᠵᠤ ᠪᠠᠶᠢᠪᠠ᠃ ᠲᠠᠷᠠᠭ᠎ᠠ ᠡᠳᠦᠷ ᠤᠨ ᠬᠢᠨ ᠦᠷᠯᠦᠬᠡ ᠪᠢ ᠪᠤᠰᠤᠮᠠᠭᠴᠠ ᠲᠡᠬᠦᠨ ᠲᠠᠢ ᠬᠠᠷᠢᠴᠠᠵᠤ ᠬᠡᠷ ᠲᠤ ᠨᠢ ᠬᠦᠷᠴᠦ ᠤᠴᠢᠭᠠᠳ ᠮᠡᠯ ᠭᠠᠶᠢᠬᠠᠪᠠ᠃ ᠨᠡᠷ᠎ᠡ ᠲᠦᠷᠦ ᠲᠠᠢ ᠵᠠᠯᠠᠭᠤ ᠵᠤᠬᠢᠶᠠᠯᠴᠢ ᠮᠢᠨᠢ ᠶᠠᠮᠠᠷ ᠭᠤᠶᠤ ᠠᠰᠠᠷ ᠲᠤ ᠰᠠᠭᠤᠵᠤ ᠪᠠᠶᠢᠭ᠎ᠠ ᠪᠤᠯ︖ ᠬᠡᠬᠦ ᠳᠤ ᠬᠠᠷᠢᠨ ᠭᠤᠷᠪᠠᠨ ᠲᠠᠰᠤᠯᠭ᠎ᠠ ᠸᠠᠭᠠᠷ ᠤᠨ ᠪᠠᠶᠢᠰᠢᠩ ᠠᠴᠠ ᠪᠠᠨ ᠰᠠᠯᠤᠭ᠎ᠠ ᠦᠬᠡᠢ ᠪᠠᠶᠢᠪᠠ᠃ ᠬᠡᠷ ᠲᠤ ᠨᠢ ᠠᠯᠬᠤᠭᠠᠳ ᠤᠷᠤᠪᠠᠯ ᠨᠠᠳᠠ ᠳᠤ ᠡᠬᠡᠬᠡ ᠯᠠ ᠨᠤᠮ ᠤᠨ ᠰᠠᠩ ᠪᠤᠶᠤ ᠡᠰᠡᠬᠦᠯ᠎ᠡ ᠨᠤᠮ ᠤᠨ ᠲᠡᠯᠬᠡᠬᠦᠷ ᠲᠤ ᠤᠷᠤᠭᠰᠠᠨ ᠲᠦᠷᠦᠭᠳᠡᠯ ᠤᠯᠭᠤᠨ᠎ᠠ᠃ ᠵᠡᠬᠦᠨ ᠪᠠᠷᠠᠭᠤᠨ ᠬᠤᠶᠠᠷ ᠲᠠᠰᠤᠯᠭ᠎ᠠ ᠬᠡᠷ ᠤᠨ ᠢᠶᠠᠨ ᠬᠠᠨ᠎ᠠ ᠪᠦᠷᠢ ᠶᠢ ᠲᠠᠭᠠᠭᠤᠯᠤᠨ ᠪᠤᠷᠤ ᠦᠡᠭᠭᠡ ᠶᠢᠨ ᠨᠤᠮ ᠤᠨ ᠬᠤᠷᠭᠤ ᠲᠠᠯᠪᠢᠵᠤ᠂ ᠲᠠᠰᠤᠯᠪᠦᠷᠢ ᠪᠦᠷᠢ ᠳᠤ ᠬᠤᠶᠠᠷ ᠲᠠᠪᠬᠤᠷ ᠲᠦᠬᠦᠷᠳᠡᠯ᠎ᠡ ᠨᠤᠮ ᠦᠷᠦᠭᠰᠡᠨ ᠢᠶᠠᠷ ᠪᠠᠷᠠᠬᠤ ᠦᠬᠡᠢ᠂ ᠨᠤᠮ ᠤᠨ ᠬᠤᠷᠭᠤ ᠶᠢᠨ ᠢᠶᠠᠨ ᠤᠷᠤᠢ ᠲᠡᠭᠡᠬᠦᠷ ᠬᠡᠷ ᠤᠨ ᠠᠳᠠᠷ ᠲᠤᠯᠤᠮ᠎ᠠ ᠲᠡᠷᠢ ᠲᠡᠭᠰᠢ ᠤᠪᠤᠭᠠᠯᠠᠵᠤ ᠲᠡᠯᠪᠢᠭᠠᠳ᠂ ᠨᠤᠮ ᠤᠨ ᠬᠤᠷᠭᠤ ᠶᠢᠨ ᠢᠶᠠᠨ ᠬᠠᠵᠠᠭᠤ ᠬᠠᠪᠢ ᠳᠤ ᠨᠢ ᠴᠠᠭᠠᠰᠤᠨ ᠬᠠᠶᠢᠷᠴᠠᠭ ᠲᠤ ᠴᠦ ᠨᠤᠮ ᠢᠶᠠᠨ ᠬᠢᠵᠤ ᠲᠠᠪᠬᠤᠷ ᠲᠠᠪᠬᠤᠷ ᠲᠠᠯᠪᠢᠵᠠᠢ᠃ ᠨᠤᠮ ᠤᠳ ᠤᠨ ᠬᠢᠨ ᠤᠯᠠᠩᠬᠢ ᠨᠢ ᠪᠦᠷ ᠭᠤᠶᠤ ᠬᠠᠪᠢᠰᠤᠳᠠᠢ ᠪᠦᠳᠦᠬᠦᠨ ᠲᠤᠮᠤ ᠨᠤᠮ ᠪᠠᠶᠢᠪᠠ᠃ ᠪᠠᠰᠠ ᠨᠢᠬᠡᠨ ᠨᠤᠮ ᠤᠨ ᠬᠤᠷᠭᠤ ᠳᠤ ᠪᠠᠨ ᠲᠤᠰᠬᠠᠶᠢᠯᠠᠨ ᠡᠯᠳᠡᠪ ᠵᠦᠢᠯ ᠤᠨ ᠲᠦᠷᠢ ᠬᠡᠯᠪᠡᠷᠢ ᠲᠠᠢ ᠬᠠᠴᠢᠨ ᠴᠢᠯᠠᠭᠤᠳ ᠢ ᠵᠡᠷᠭᠡᠯᠡᠨ ᠲᠠᠯᠪᠢᠭᠰᠠᠨ ᠨᠢ ᠲᠡᠬᠦᠨ ᠤ ᠪᠢᠴᠢᠭ ᠤᠨ ᠦᠷᠦᠬᠡ ᠶᠢ ᠤᠯᠠᠮ ᠭᠤᠶᠤ ᠬᠡᠬᠡᠨᠴᠢᠷ᠂ ᠰᠦᠷ ᠵᠢᠪᠬᠤᠭ᠎ᠠ ᠲᠠᠢ ᠪᠤᠯᠭᠠᠨ ᠴᠢᠮᠡᠭᠰᠡᠨ ᠪᠠᠶᠢᠯ᠎ᠠ᠃ ᠦᠵᠡᠪᠡᠯ ᠪᠢᠴᠢᠭ ᠤᠨ ᠰᠢᠷᠡᠭᠡᠨ ᠲᠡᠭᠡᠷ᠎ᠡ ᠨᠢ ᠬᠢᠨᠡᠯᠳᠡ ᠪᠤᠯᠭᠠᠭᠰᠠᠨ ᠲᠦᠯᠦᠪᠳᠡᠢ᠂ ᠵᠠᠷᠢᠮ ᠨᠤᠮ ᠤᠨ ᠬᠠᠭᠤᠳᠠᠰᠤ ᠪᠠᠨ ᠬᠠᠮᠬᠢᠵᠤ᠂ ᠵᠠᠷᠢᠮ ᠢ ᠨᠢ ᠲᠡᠯᠬᠡᠭᠰᠡᠨ ᠬᠡᠪ ᠢᠶᠠᠷ ᠢᠶᠠᠨ ᠲᠠᠯᠪᠢᠵᠠᠢ᠃ ᠤᠷᠤ ᠶᠢᠨ ᠲᠤᠯᠤᠭᠠᠢ ᠶᠢᠨ ᠦᠵᠦᠬᠦᠷ ᠨᠢ ᠨᠤᠮ ᠦᠷᠦᠬᠡᠰᠦᠳᠡᠢ᠃ ᠬᠤᠭᠤᠯᠠᠨ ᠰᠢᠷᠡᠭᠡᠨ ᠲᠡᠭᠡᠷ᠎ᠡ ᠨᠢ ᠴᠦ ᠨᠤᠮ ᠲᠠᠯᠪᠢᠭᠠᠰᠤᠳᠠᠢ ᠪᠠᠶᠢᠪᠠ᠃ ᠬᠡᠷ ᠲᠤ ᠨᠢ ᠤᠳᠤ ᠴᠠᠭ ᠤᠨ ᠡᠳ᠋ᠯᠡᠯ ᠬᠡᠷᠡᠭᠰᠡᠯ ᠬᠡᠵᠤ ᠬᠠᠷᠠᠭᠳᠠᠬᠤ ᠦᠬᠡᠢ᠂ ᠶᠠᠳᠠᠬᠤ ᠳᠤ ᠪᠠᠨ ᠲᠧᠯᠸᠢᠰ ᠴᠦ ᠠᠯᠠᠭ᠎ᠠ ᠪᠠᠶᠢᠪᠠ᠃      ᠪᠦᠰᠡᠬᠦᠢ ᠨᠢ ᠠᠵᠢᠯ ᠳᠤ ᠪᠠᠨ ᠶᠠᠪᠤᠬᠤ ᠪᠠᠷ ᠶᠠᠭᠠᠷᠠᠵᠤ ᠪᠠᠶᠢᠪᠠ᠃ ᠪᠦᠰᠡᠬᠦᠢ ᠨᠢ ᠰᠠᠷᠡᠩᠭᠤᠸ᠎ᠠ ᠬᠡᠵᠤ ᠤᠬᠠᠭᠠᠨ ᠰᠠᠨᠠᠭ᠎ᠠ ᠲᠠᠢ᠂ ᠮᠠᠷᠢᠶᠠᠯᠢᠭ ᠰᠢᠭ᠋ ᠬᠡᠪ ᠲᠤᠮᠳᠠ ᠶᠢᠨ ᠪᠡᠶ᠎ᠡ ᠭᠠᠯᠪᠢᠷ ᠲᠠᠢ᠂ ᠵᠢᠰᠦᠯᠢᠭ ᠭᠤᠶᠤᠬᠠᠨ ᠪᠦᠰᠡᠬᠦᠢ ᠪᠠᠶᠢᠪᠠ᠃ ᠨᠢᠬᠡᠨ ᠪᠦᠰ ᠪᠠᠷᠠᠭ᠎ᠠ ᠶᠢᠨ ᠲᠡᠯᠬᠡᠬᠦᠷ ᠲᠤ ᠲᠦᠷ ᠴᠠᠭ ᠤᠨ ᠠᠵᠢᠯ ᠬᠢᠳᠡᠭ᠃ ᠬᠤᠷᠢ ᠰᠢᠬᠠᠮ ᠵᠢᠯ ᠤᠨ ᠲᠤᠷᠰᠢ ᠬᠤᠶᠠᠷᠬᠠᠨ ᠲᠡᠯᠬᠡᠬᠦᠷ ᠲᠤ ᠠᠵᠢᠯᠯᠠᠵᠤ ᠪᠠᠶᠢᠨ᠎ᠠ ᠬᠡᠵᠤ ᠤᠰᠤᠡᠪᠤᠳᠤᠭ ᠨᠠᠳᠠ ᠳᠤ ᠶᠠᠷᠢᠵᠤ ᠪᠠᠶᠢᠪᠠ᠃ ᠪᠦᠰᠡᠬᠦᠢ ᠨᠢ ᠠᠵᠢᠯᠴᠢ ᠬᠦᠳᠡᠯᠮᠦᠷᠢᠴᠢ᠂ ᠦᠬᠡᠷ᠎ᠡ ᠪᠤᠰᠤᠳ ᠲᠤ ᠪᠠᠶᠢᠭ᠎ᠠ ᠦᠬᠡᠢ ᠤᠡᠴᠠᠭᠠᠢ ᠲᠡᠰᠪᠤᠷᠢ ᠬᠠᠳᠠᠭᠤᠵᠢᠯᠳᠠᠢ ᠪᠠᠶᠢᠳᠠᠭ ᠪᠦᠬᠡᠳ ᠠᠵᠢᠯ ᠳᠤ ᠪᠠᠨ ᠬᠠᠷᠢᠭᠤᠴᠠᠯᠭ᠎ᠠ ᠲᠠᠢ᠂ ᠪᠤᠰᠤᠳ ᠲᠤ ᠢᠳᠡᠬᠡᠯᠳᠡᠢ ᠪᠠᠶᠢᠳᠠᠭ᠃ ᠶᠠᠭ ᠡᠶᠢᠮᠤ ᠤᠴᠢᠷ ᠠᠴᠠ ᠲᠡᠯᠬᠡᠬᠦᠷ ᠤᠨ ᠡᠵᠡᠨ ᠨᠢ ᠲᠡᠬᠦᠨ ᠲᠠᠢ ᠤᠷᠳᠤ ᠬᠤᠭᠤᠴᠠᠭᠠᠨ ᠤ ᠬᠦᠳᠡᠯᠮᠤᠷᠢ ᠶᠢᠨ ᠬᠡᠷ᠎ᠡ ᠲᠤᠭᠳᠠᠵᠤ ᠬᠡᠷᠡᠭᠯᠡᠵᠤ ᠪᠠᠶᠢᠭ᠎ᠠ ᠶᠤᠮ᠃ ᠭᠠᠷᠠᠭ ᠤᠨ ᠡᠳᠦᠷ᠂ ᠪᠠᠶᠠᠷ ᠲᠤᠷᠠᠰᠬᠠᠯ ᠤᠨ ᠡᠳᠦᠷ ᠬᠠᠮᠳᠤ ᠠᠵᠢᠯᠯᠠᠵᠤ ᠪᠠᠶᠢᠭ᠎ᠠ ᠨᠠᠶᠢᠵᠠ ᠨᠠᠷ ᠨᠢ ᠤᠴᠢᠷ ᠲᠠᠢ ᠪᠤᠯᠤᠭᠠᠳ ᠰᠠᠭᠠᠳᠠᠪᠠᠯ ᠲᠡᠷᠡ ᠰᠠᠶᠢᠨ ᠲᠤᠷ᠎ᠠ ᠠᠴᠠ ᠪᠠᠨ ᠲᠡᠳᠡᠨ ᠢ ᠤᠷᠤᠯᠠᠨ ᠠᠵᠢᠯ ᠢ ᠨᠢ ᠬᠢᠵᠤ ᠦᠭᠳᠡᠭ᠃ ᠢᠯᠭᠤᠭᠰᠠᠨ ᠡᠷ᠎ᠡ ᠶᠢᠨ ᠠᠷᠤ ᠳᠤ ᠶᠠᠳᠠᠷᠠᠭᠰᠠᠨ ᠪᠦᠰᠡᠬᠦᠢ ᠪᠠᠶᠢᠳᠠᠭ᠃ ᠤᠰᠤᠡᠪᠤᠳᠤᠭ ᠠᠵᠢᠯ ᠠᠯᠪᠠ ᠳᠤ ᠪᠠᠨ ᠬᠡᠳᠦᠢ ᠠᠮᠵᠢᠯᠳᠠ ᠪᠦᠳᠦᠮᠵᠢ ᠡᠬᠦᠳᠬᠦ ᠲᠤᠳᠤᠮ ᠪᠦᠰᠡᠬᠦᠢ ᠨᠢ ᠲᠡᠳᠦᠢ ᠶᠠᠳᠠᠷᠠᠵᠤ ᠵᠦᠳᠠᠷᠡᠵᠤ ᠶᠠᠪᠤᠵᠠᠢ᠃ ᠪᠦᠰᠡᠬᠦᠢ ᠨᠢ ᠨᠠᠳᠠ ᠳᠤ ᠤᠰᠤᠡᠪᠤᠳᠤᠭ ᠤᠨ ᠡᠬᠡ ᠪᠢᠴᠢᠭ ᠤᠨ ᠴᠠᠭᠠᠰᠤ ᠶᠢ ᠲᠠᠮᠠᠬᠢ ᠤᠷᠢᠶᠠᠬᠤ ᠴᠠᠭᠠᠰᠤ ᠪᠤᠯᠭᠠᠨ ᠲᠦᠷᠬᠦᠮ ᠳᠤ ᠪᠠᠨ ᠦᠭᠴᠦ ᠶᠠᠪᠤᠭᠤᠯᠤᠭᠰᠠᠨ ᠦᠯᠢᠬᠡᠷ ᠢᠶᠠᠨ ᠶᠠᠷᠢᠵᠤ ᠦᠭᠪᠡ᠃ ᠬᠦᠦ ᠨᠢ ᠪᠠᠭ᠎ᠠ ᠪᠠᠶᠢᠬᠤ ᠳᠤ ᠠᠯᠢᠮ᠎ᠠ ᠵᠢᠮᠢᠰ ᠠᠪᠴᠤ ᠦᠭᠬᠦ ᠵᠤᠭᠤᠰ ᠦᠬᠡᠢ᠂ ᠪᠤᠰᠤᠳ ᠬᠡᠤᠬᠡᠳ ᠤᠨ ᠢᠳᠡᠵᠤ ᠪᠠᠶᠢᠭ᠎ᠠ ᠶᠢ ᠦᠵᠡᠪᠡᠯ ᠵᠠᠪᠠᠯ ᠠᠪᠤᠨ᠎ᠠ ᠬᠡᠳ ᠤᠬᠢᠯᠠᠳᠠᠭ ᠤᠴᠢᠷ ᠢ ᠶᠠᠷᠢᠵᠤ᠂ ᠬᠡᠤᠬᠡᠳ ᠢᠶᠠᠨ ᠴᠠᠭᠠᠰᠢ ᠲᠡᠪᠡᠷᠢᠵᠤ ᠶᠠᠪᠤᠬᠤ ᠳᠤ ᠪᠠᠨ ᠦᠪᠡᠷᠳᠡᠬᠡᠨ ᠲᠡᠰᠬᠡᠯ ᠦᠬᠡᠢ ᠤᠬᠢᠯᠠᠳᠠᠭ ᠪᠠᠶᠢᠭᠰᠠᠨ ᠢᠶᠠᠨ ᠬᠡᠯᠡᠬᠦ ᠳᠤ ᠨᠢᠳᠤ ᠲᠦᠬᠦᠷᠡᠩ ᠵᠠᠶᠢᠷᠳᠤᠵᠤ ᠪᠠᠶᠢᠯ᠎ᠠ᠃ ︽ᠡᠮᠡᠭᠳᠡᠢ ᠬᠦᠮᠦᠨ ᠤ ᠦᠰᠦ ᠨᠢ ᠤᠷᠳᠤ᠂ ᠦᠵᠡᠯ ᠨᠢ ᠤᠬᠤᠷ︾ ᠭᠡᠳᠡᠭ ᠤᠨᠤᠭᠠᠵᠤ ᠬᠡᠯᠡᠭᠰᠡᠨ ᠦᠬᠡ ᠪᠠᠶᠢᠵᠠᠢ᠃ ᠪᠢ ᠲᠡᠷᠡ ᠦᠶ᠎ᠡ ᠳᠤ ᠲᠦᠷ ᠴᠠᠭ ᠤᠨ ᠬᠦᠴᠢᠷᠳᠡᠯ ᠠᠴᠠ ᠪᠤᠯᠵᠤ ᠦᠨᠡᠬᠡᠷ ᠤᠰᠤᠡᠪᠤᠳᠤᠭ ᠢ ᠠᠵᠢᠯ ᠢᠶᠠᠨ ᠬᠠᠶᠠᠵᠤ ᠮᠠᠶᠢᠮᠠᠢ ᠬᠢᠴᠢᠬᠡᠶ᠎ᠡ ᠬᠡᠰᠡᠨ ᠶᠤᠮ᠃ ᠤᠳᠤ ᠪᠤᠳᠤᠪᠠᠯ ᠬᠡᠳᠦᠢ ᠴᠦ ᠲᠦᠬᠦᠬᠡ ᠦᠬᠡᠢ ᠪᠠᠶᠢᠭᠰᠠᠨ ᠶᠤᠮ︖ ᠬᠡᠵᠤ ᠦᠪᠡᠷ ᠢ ᠪᠠᠨ ᠦᠪᠡᠷᠳᠡᠬᠡᠨ ᠵᠢᠮᠡᠯᠡᠵᠤ ᠪᠠᠶᠢᠯ᠎ᠠ᠃ ᠲᠡᠭᠷᠢ ᠬᠡᠭᠴᠢ ᠲᠦᠮᠡᠨ ᠨᠢᠳᠤ ᠲᠠᠢ᠂ ᠶᠠᠭᠤ ᠶᠢ ᠴᠦ ᠪᠦᠷ ᠲᠡᠭᠰᠢᠯᠡᠵᠤ ᠦᠭᠳᠡᠭ ᠪᠠᠶᠢᠵᠠᠢ᠃ ᠦᠡᠭᠭᠡᠷᠡᠭᠰᠡᠨ ᠳᠤ ᠤᠯᠤᠭᠰᠠᠨ ᠦᠬᠡᠢ ᠵᠦᠢᠯᠡᠰ ᠢ ᠤᠳᠤ ᠮᠠᠨᠤᠰ ᠲᠤ ᠤᠯᠭᠤᠵᠤ ᠪᠠᠶᠢᠨ᠎ᠠ᠃ ᠤᠰᠤᠡᠪᠤᠳᠤᠭ ᠤᠨ ᠨᠢᠬᠡ ᠯᠠ ᠤᠷᠴᠢᠭᠤᠯᠭ᠎ᠠ ᠶᠢᠨ ᠵᠤᠬᠢᠶᠠᠯ ᠤᠨ ᠬᠠᠷᠠᠮᠵᠢ ᠮᠦᠡᠭᠬᠦ ᠨᠢ ᠵᠢᠷᠭᠤᠭᠠᠨ ᠲᠦᠮᠡᠨ ᠲᠦᠬᠦᠷᠢᠭ ᠤᠯᠤᠭᠰᠠᠨ ᠶᠤᠮ ᠬᠡᠵᠤ ᠲᠡᠷᠡ ᠤᠷᠮ᠎ᠠ ᠲᠠᠢ ᠶᠠᠷᠢᠨ᠎ᠠ᠃ ᠮᠢᠨᠤ ᠬᠦᠦ ᠪᠦᠬᠦ ᠤᠷᠤᠨ ᠤ ᠲᠤᠮᠳᠠᠳᠤ ᠰᠤᠷᠭᠠᠭᠤᠯᠢ ᠶᠢᠨ ᠠᠩᠬᠠᠳᠤᠭᠠᠷ ᠬᠤᠭᠤᠴᠠᠭᠠᠨ ᠤ ︽ᠨᠠᠢᠮᠠᠨ ᠰᠢᠷᠭ᠎ᠠ︾ ᠵᠤᠬᠢᠶᠠᠯ ᠤᠨ ᠤᠷᠤᠯᠳᠤᠭᠠᠨ ᠳᠤ ︽ᠵᠠᠬᠦᠳᠤ︾ ᠬᠡᠬᠦ ᠵᠤᠬᠢᠶᠠᠯ ᠢᠶᠠᠷ ᠢᠶᠠᠨ ᠲᠡᠷᠢᠬᠦᠨ ᠪᠠᠶᠢᠷᠢ ᠳᠤ ᠲᠤᠳᠤᠷᠠᠵᠤ ᠱᠠᠩᠨᠠᠯ ᠤᠯᠤᠭᠰᠠᠨ ᠪᠦᠬᠡᠳ ᠰᠡᠬᠦᠯᠡᠷ ᠨᠢ ᠲᠤᠰ ᠵᠤᠬᠢᠶᠠᠯ ᠨᠢ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠶᠢᠨ ᠬᠡᠯᠡ ᠪᠢᠴᠢᠭ ᠤᠨ ᠰᠤᠷᠬᠤ ᠪᠢᠴᠢᠭ ᠲᠤ ᠰᠤᠩᠭᠤᠭᠳᠠᠨ ᠤᠷᠤᠭᠰᠠᠨ ᠶᠤᠮ᠃ ᠤᠳᠤ ᠮᠢᠨᠤ ᠬᠦᠦ ᠶᠡᠭᠡ ᠰᠤᠷᠭᠠᠭᠤᠯᠢ ᠪᠠᠨ ᠲᠡᠬᠦᠰᠦᠬᠡᠳ ᠬᠦᠬᠡᠬᠤᠳᠠ ᠳᠤ ᠦᠪᠡᠷᠳᠡᠬᠡᠨ ᠠᠷᠠᠰᠤᠨ ᠡᠳ᠋ᠯᠠᠯ ᠤᠨ ᠺᠤᠮᠫᠠᠨᠢ ᠪᠠᠶᠢᠭᠤᠯᠵᠤ ᠲᠤᠩ ᠤᠯᠵᠠ ᠤᠮᠤᠭ ᠲᠠᠢ ᠬᠢᠯᠠᠷᠠᠵᠤ ᠶᠠᠪᠤᠭ᠎ᠠ ᠬᠡᠵᠤ ᠤᠷᠤᠰᠤᠮ᠎ᠠ ᠲᠤᠷᠠᠰᠤᠮ᠎ᠠ ᠶᠠᠷᠢᠵᠤ ᠪᠠᠶᠢᠯ᠎ᠠ᠃      ᠪᠢ ᠮᠠᠰᠢᠨ ᠢᠶᠠᠨ ᠪᠠᠷᠢᠵᠤ ᠨᠤᠳᠤᠭ ᠵᠦᠭ ᠢᠶᠠᠨ ᠠᠭᠠᠵᠢᠮ ᠭᠠᠯᠭᠢᠭᠤᠯᠬᠤ ᠳᠤ ᠤᠰᠤᠡᠪᠤᠳᠤᠭ ᠤᠨ ᠨᠠᠮ ᠲᠠᠷᠤᠤ ᠪᠤᠯᠪᠠᠴᠤ ᠰᠢᠢᠳᠮᠡᠭ ᠦᠬᠡ ᠮᠢᠨᠤ ᠴᠢᠬᠢᠨ᠎ᠡ ᠲᠠᠬᠢᠨ ᠬᠠᠨᠭ᠍ᠬᠢᠨᠠᠬᠤ ᠰᠢᠭ᠋ ᠪᠤᠯᠤᠨ᠎ᠠ᠃ ᠶᠤᠸᠠᠨ ᠬᠦᠷᠦᠨ ᠤ ᠡᠴᠦᠰ ᠤᠨ ᠬᠠᠭᠠᠨ ᠲᠤᠭᠤᠡᠳᠠᠮᠤᠷ ᠤᠨ ᠭᠤᠤᠯ ᠬᠠᠳᠤᠨ᠂ ᠲᠠᠷᠤᠢ ᠬᠢᠢ ᠬᠤᠸᠠᠩᠬᠡᠤ ᠪᠠᠷ ᠰᠡᠳᠤᠪᠯᠡᠭᠰᠡᠨ ᠷᠤᠮᠠᠨ ᠪᠤᠯᠤᠨ ᠯᠢᠭᠳᠡᠨ ᠬᠠᠭᠠᠨ ᠤ ᠤᠮᠪᠤᠯᠤ ᠪᠤᠷᠨᠠᠢ ᠸᠠᠩ ᠢᠶᠠᠷ ᠰᠡᠳᠤᠪᠯᠡᠨ ᠬᠠᠭᠠᠰ ᠪᠢᠴᠢᠵᠤ ᠪᠠᠶᠢᠭ᠎ᠠ ᠷᠤᠮᠠᠨ ᠢᠶᠠᠨ ᠦᠷᠬᠦᠯᠵᠢᠯᠡᠨ ᠪᠢᠴᠢᠵᠤ ᠲᠠᠭᠤᠰᠬᠠᠨ᠎ᠠ᠃ ᠡᠬᠦᠨ ᠤ ᠬᠠᠮᠳᠤ ᠤᠶᠢᠷ᠎ᠠ ᠶᠢᠨ ᠭᠤᠷᠪᠠᠨ ᠵᠢᠯ ᠤᠨ ᠲᠤᠳᠤᠷ᠎ᠠ ᠨᠢᠬᠡ ᠨᠠᠶᠢᠷᠠᠭᠤᠯᠤᠯ ᠤᠨ ᠲᠡᠬᠦᠪᠦᠷᠢ᠂ ᠨᠢᠬᠡ ᠰᠢᠯᠦᠭ ᠤᠨ ᠲᠡᠬᠦᠪᠦᠷᠢ᠂ ᠨᠢᠬᠡ ᠦᠬᠦᠯᠡᠯᠬᠡ ᠶᠢᠨ ᠲᠡᠬᠦᠪᠦᠷᠢ᠂ ᠨᠢᠬᠡ ᠷᠤᠮᠠᠨ ᠪᠢᠴᠢᠵᠤ ᠬᠡᠪᠯᠡᠬᠦᠯᠦᠨ᠂ ᠨᠠᠮᠠᠢᠢ ᠬᠦᠮᠦᠵᠢᠬᠦᠯᠵᠤ ᠪᠤᠶᠢᠵᠢᠭᠤᠯᠤᠭᠰᠠᠨ ᠠᠴᠢᠳᠤ ᠪᠠᠭᠰᠢ ᠨᠠᠷ ᠪᠤᠯᠤᠨ ᠡᠬᠡ ᠰᠤᠷᠭᠠᠭᠤᠯᠢ ᠳᠤ ᠪᠠᠨ ᠪᠡᠯᠡᠭ ᠪᠤᠯᠭᠠᠨ ᠪᠠᠷᠢᠨ᠎ᠠ᠃ ᠵᠤᠬᠢᠶᠠᠯᠴᠢ ᠪᠤᠯᠬᠤ ᠠᠴᠠ ᠡᠮᠤᠨ᠎ᠡ ᠵᠤᠬᠢᠶᠠᠯᠴᠢ ᠪᠤᠯᠤᠶ᠎ᠠ ᠬᠡᠵᠤ ᠬᠦᠰᠡᠵᠤ ᠪᠠᠶᠢᠭᠰᠠᠨ ᠶᠤᠮ᠂ ᠵᠤᠬᠢᠶᠠᠯᠴᠢ ᠪᠤᠯᠤᠭᠰᠠᠨ ᠤ ᠲᠠᠷᠠᠭ᠎ᠠ ᠠᠪᠤᠷᠭᠤ ᠵᠤᠬᠢᠶᠠᠯᠴᠢ ᠪᠤᠯᠤᠶ᠎ᠠ ᠬᠡᠵᠤ ᠪᠤᠳᠤᠬᠤ ᠪᠤᠯᠤᠭᠰᠠᠨ ᠶᠤᠮ ᠁  
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ