᠊᠊᠊᠊᠊᠊ ᠤᠷᠤᠨ ᠤ ︽ᠰᠤᠯᠤᠩᠭ᠎ᠠ︾ ᠱᠠᠩᠨᠠᠯᠲᠦ ᠵᠠᠯᠠᠭᠤ ᠵᠤᠬᠢᠶᠠᠯᠴᠢ ᠬᠠᠨᠭ᠍ᠳᠠᠭᠤᠳ ᠤᠰᠤᠡᠪᠤᠳᠤᠭ ᠤᠨ ᠦᠢᠯᠡ ᠠᠵᠢᠯᠯᠠᠭ᠎ᠠ ᠶᠢ ᠲᠡᠮᠳᠡᠭᠯᠡᠪᠡ | | | | ᠪᠢ ᠲᠡᠬᠦᠨ ᠢ ᠦᠨᠡᠨ ᠰᠡᠳᠬᠢᠯ ᠠᠴᠠ ᠪᠠᠨ ᠪᠢᠰᠢᠷᠡᠨ ᠪᠠᠭ᠋ᠠᠷᠬᠠᠳᠠᠭ᠃ ︽ᠤᠰᠤᠨ ᠳᠤ ᠡᠬᠢ ᠲᠠᠢ᠂ ᠤᠳᠠᠨ ᠳᠤ ᠦᠡᠳᠦᠰᠦ ᠲᠠᠢ︾ ᠬᠡᠳᠡᠭ ᠢᠶᠠᠷ ᠮᠢᠨᠤ | ᠲᠡᠬᠦᠨ ᠢ ᠲᠡᠭᠡᠵᠤ ᠶᠡᠭᠡ ᠪᠢᠰᠢᠷᠡᠨ ᠪᠠᠭ᠋ᠠᠷᠬᠠᠳᠠᠭ ᠤᠨ ᠰᠢᠯᠳᠠᠭᠠᠨ ᠬᠤᠶᠠᠷ ᠲᠡᠯ᠎ᠡ ᠪᠠᠶᠢᠳᠠᠭ᠃ ᠨᠢᠬᠡ ᠳᠤ᠂ ᠲᠡᠬᠦᠨ ᠤ ᠤᠷᠠᠨ ᠵᠤᠬᠢᠶᠠᠯ ᠤᠨ ᠤᠡᠴᠠᠭᠠᠢ ᠤᠷ᠎ᠠ | ᠠᠪᠢᠶᠠᠰ ᠪᠤᠯᠤᠨ ᠮᠤᠩᠭᠤᠯ ᠤᠷᠠᠨ ᠵᠤᠬᠢᠶᠠᠯ ᠤᠨ ᠲᠦᠯᠦᠬᠡ ᠤᠨᠠᠨ ᠪᠤᠰᠤᠨ ᠵᠢᠳᠬᠦᠵᠤ ᠶᠠᠪᠤᠭ᠎ᠠ ᠡᠷᠡᠰ ᠬᠠᠳᠠᠨ ᠰᠦᠰᠦ ᠵᠤᠷᠢᠭ᠂ ᠤᠪᠤᠭ᠎ᠠ ᠲᠤᠪᠤᠭ᠎ᠠ ᠠᠮᠵᠢᠯᠳᠠ | ᠪᠦᠳᠦᠮᠵᠢ ᠳᠤ ᠨᠢ ᠪᠠᠶᠢᠭ᠎ᠠ ᠶᠤᠮ᠃ ᠡᠷᠬᠢᠮ ᠤᠡᠭᠰᠢᠬᠴᠢᠳ ᠮᠢᠨᠢ᠂ ᠲᠡᠷᠡ ᠰᠠᠶ᠋ᠢ ᠲᠦᠴᠢᠨ ᠲᠠᠪᠤ ᠵᠢᠷᠭᠤᠭᠠᠳᠠᠢ ᠬᠦᠮᠦᠨ᠃ ᠠᠷᠪᠠᠨ ᠵᠢᠯ ᠲᠠᠷᠢᠶᠠᠴᠢᠨ᠂ | ᠮᠠᠶᠢᠮᠠᠶᠢᠴᠢᠨ ᠶᠠᠪᠤᠵᠤ᠂ ᠠᠷᠪᠠᠨ ᠲᠠᠪᠤᠨ ᠵᠢᠯ ᠲᠦᠷ ᠴᠠᠭ ᠤᠨ ᠠᠵᠢᠯᠲᠠᠨ ᠶᠠᠪᠤᠭᠰᠠᠨ ᠢᠶᠠᠨ 2013 ᠤᠨ ᠤ 6 ᠰᠠᠷ᠎ᠠ ᠳᠤ ᠰᠠᠶ᠋ᠢ ᠵᠢᠩᠬᠢᠨᠢ ᠠᠵᠢᠯ ᠠᠯᠪᠠ ᠲᠠᠢ | ᠪᠤᠯᠤᠭᠰᠠᠨ ᠺᠠᠳ᠋ᠷ᠃ ᠬᠡᠳᠡᠯ᠎ᠡ ᠤᠷᠠᠨ ᠵᠤᠬᠢᠶᠠᠯ ᠤᠨ ᠤᠷᠮ᠎ᠠ ᠲᠠᠢ ᠠᠳᠠᠯ᠎ᠠ ᠵᠦᠳᠡᠬᠦᠷᠢᠳᠡᠢ ᠤᠷᠳᠤ ᠠᠶᠠᠨ ᠳᠤ ᠭᠤᠴᠢ ᠭᠠᠷᠤᠢ ᠵᠢᠯ ᠵᠢᠳᠬᠦᠴᠢᠬᠡᠭᠰᠡᠨ ᠬᠤᠷᠢᠨ | ᠬᠤᠶᠠᠷ ᠲᠡᠪᠳᠡᠷ ᠨᠤᠮ ᠬᠡᠪᠯᠡᠬᠦᠯᠵᠤ ᠶᠠᠪᠤᠭ᠎ᠠ ︽ᠠᠬᠠᠮᠠᠳ ᠵᠤᠬᠢᠶᠠᠯᠴᠢ︾᠃ ᠲᠡᠷᠡ ᠪᠤᠯ ᠲᠤᠮᠳᠠᠳᠤ ᠤᠯᠤᠰ ᠤᠨ ᠵᠤᠬᠢᠶᠠᠯᠴᠢᠳ ᠤᠨ ᠨᠡᠶᠢᠭᠡᠮᠯᠢᠭ ᠤᠨ ᠬᠡᠰᠢᠬᠦᠨ᠂ | ᠲᠤᠮᠳᠠᠳᠤ ᠤᠯᠤᠰ ᠤᠨ ᠴᠦᠬᠡᠨ ᠲᠤᠭᠠᠳᠤ ᠦᠡᠳᠦᠰᠦᠳᠡᠨ ᠤ ᠵᠤᠬᠢᠶᠠᠯᠴᠢᠳ ᠤᠨ ᠨᠡᠶᠢᠭᠡᠮᠯᠢᠭ ᠤᠨ ᠬᠡᠰᠢᠬᠦᠨ᠂ ᠦᠪᠦᠷ ᠮᠤᠩᠭᠤᠯ ᠤᠨ ᠵᠤᠬᠢᠶᠠᠯᠴᠢᠳ ᠤᠨ | ᠨᠡᠶᠢᠭᠡᠮᠯᠢᠭ ᠤᠨ ᠬᠡᠰᠢᠬᠦᠨ᠂ ᠦᠪᠦᠷ ᠮᠤᠩᠭᠤᠯ ᠤᠨ ᠮᠤᠩᠭᠤᠯ ᠤᠷᠠᠨ ᠵᠤᠬᠢᠶᠠᠯ ᠤᠨ ᠬᠠᠮᠤᠭ ᠤᠨ ᠨᠡᠷ᠎ᠡ ᠬᠦᠡᠳᠦᠳᠦ ᠰᠡᠳᠬᠦᠯ ᠊᠊᠊᠊᠊᠊ ︽ᠦᠨᠢᠷ ᠴᠡᠴᠡᠭ︾ ᠤᠨ | ᠬᠡᠷᠡᠳᠤ ᠵᠤᠬᠢᠶᠠᠯᠴᠢ᠃ ᠬᠤᠶᠠᠷ ᠲᠤ᠂ ᠲᠡᠬᠦᠨ ᠤ ᠡᠶᠡᠯᠳᠡᠭ ᠲᠤᠳᠤᠨᠤ᠂ ᠲᠠᠷᠤᠤ ᠬᠦᠡᠭᠭᠡᠮᠰᠦᠭ ᠵᠠᠩ ᠠᠭᠠᠯᠢ ᠳᠤ ᠨᠢ ᠪᠠᠶᠢᠭ᠎ᠠ ᠶᠤᠮ᠃ ᠲᠡᠷᠡ ᠵᠠᠷᠢᠮ ᠬᠦᠮᠦᠨ ᠤ | ᠰᠢᠭ ᠬᠠᠯᠠᠮᠰᠢᠪᠠᠯ ᠬᠠᠮᠤᠭ ᠪᠦᠬᠦᠨ ᠢᠶᠠᠨ ᠬᠦᠡᠳᠦᠷᠴᠤ᠂ ᠬᠦᠷᠦᠪᠡᠯ ᠬᠦᠯᠳᠡᠬᠦᠰᠤ ᠰᠢᠭ ᠮᠡᠯᠡᠶᠢᠴᠢᠬᠡᠳᠡᠭ ᠬᠦᠮᠦᠨ ᠪᠢᠰᠢ᠃ ᠬᠠᠷᠢᠨ ᠠᠯᠢ ᠤᠳᠠᠭ᠎ᠠ ᠠᠭᠤᠯᠵᠠᠭᠰᠠᠨ | ᠴᠦ ᠠᠰᠬᠠᠵᠤ ᠴᠢᠳᠬᠤᠮᠠ ᠢᠯᠡᠬᠦᠦ ᠲᠤᠳᠠᠭᠤ ᠦᠬᠡ ᠦᠬᠡᠢ᠂ ᠨᠢᠬᠡ ᠯᠠ ᠬᠡᠪ ᠤᠨ ᠵᠠᠩ ᠠᠭᠠᠰᠢ ᠲᠠᠢ᠃ ᠦᠨᠡᠨ ᠳᠤ ᠪᠠᠨ ᠲᠡᠷᠡ ᠴᠢᠨᠢ ︽ᠰᠤᠯᠤᠩᠭ᠎ᠠ︾ ᠱᠠᠩᠨᠠᠯ | ᠂ ︽ᠠ᠊ ᠤᠳᠼᠠᠷ︾ ᠱᠠᠩᠨᠠᠯ᠂ ︽ᠲᠠᠪᠦ ᠨᠢᠬᠡ ᠶᠢᠨ ᠢᠡᠵᠧᠨᠧᠷᠢᠩ︾ ᠤᠨ ᠱᠠᠩᠨᠠᠯ᠂ ︽ᠪᠤᠷᠵᠢᠬᠢᠨ︾ ᠱᠠᠩᠨᠠᠯ ᠬᠦᠷᠳᠠᠯ᠎ᠠ ᠲᠤᠰᠴᠤ ᠶᠠᠪᠤᠭ᠎ᠠ ᠠᠯᠳᠠᠷᠳᠤ | ᠵᠤᠬᠢᠶᠠᠯᠴᠢ ᠪᠠᠶᠢᠭ᠎ᠠ ᠰᠢᠤ ᠳ᠋ᠠ︕ ᠲᠡᠷᠡ ᠪᠤᠯ ᠲᠦᠡᠭᠯᠢᠶᠤᠤ ᠬᠤᠳᠠ ᠶᠢᠨ ᠨᠠᠢᠮᠠᠨ ᠬᠤᠰᠢᠭᠤᠨ ᠤ ᠰᠤᠶᠤᠯ ᠤᠨ ᠬᠡᠷ ᠤᠨ ᠵᠠᠯᠠᠭᠤ ᠺᠠᠳ᠋ᠷ ᠬᠠᠨᠭ᠍ᠳᠠᠭᠤᠳ | ᠤᠰᠤᠡᠪᠤᠳᠤᠭ ᠪᠠᠶᠢᠭ᠎ᠠ᠃ ᠪᠢᠰᠢᠷᠡᠯ ᠤᠨ ᠰᠡᠳᠬᠢᠯ ᠤᠪᠤᠯᠵᠠᠭᠠᠳ ᠪᠠᠶᠢᠳᠠᠭ ᠪᠤᠯᠬᠤᠷ ᠪᠢ ᠲᠡᠬᠦᠨ ᠤ ᠵᠢᠱᠢᠶᠠᠴᠢ ᠦᠢᠯᠡ ᠠᠵᠢᠯᠯᠠᠭ᠎ᠠ ᠶᠢ ᠲᠡᠮᠳᠡᠭᠯᠡᠨ ᠪᠢᠴᠢᠵᠤ᠂ | ᠨᠡᠶᠢᠬᠡᠮ ᠨᠡᠶᠢᠳᠡ ᠳᠤ ᠤᠬᠠᠭᠤᠯᠤᠨ ᠮᠡᠳᠡᠬᠡᠯᠡᠬᠦ ᠰᠠᠨᠠᠭ᠎ᠠ ᠠᠯᠢ ᠬᠡᠳᠦ᠋ᠢᠨ ᠤᠷᠭᠤᠭᠰᠠᠨ ᠶᠤᠮ᠃ ᠬᠡᠳᠡᠯ᠎ᠡ ᠲᠡᠬᠦᠨ ᠤ ᠵᠢᠱᠢᠶᠡᠴᠢ ᠦᠢᠯᠡ ᠠᠵᠢᠯᠯᠠᠭ᠎ᠠ ᠶᠢ ᠦᠪᠡᠷ ᠤᠨ | ᠦᠵᠦᠭ ᠪᠢᠷ ᠢᠶᠠᠷ ᠢᠶᠠᠨ ᠢᠯᠡᠳᠬᠡᠵᠤ ᠴᠢᠳᠠᠬᠤ ᠡᠰᠡᠬᠦ ᠳᠤ ᠰᠡᠵᠢᠭ ᠲᠦᠷᠦᠵᠤ ᠲᠠᠳᠠᠭᠠᠯᠵᠠᠭᠰᠠᠭᠠᠷ᠂ ᠡᠨᠡ ᠵᠢᠯ ᠤᠨ ᠠᠷᠪᠠᠨ ᠰᠠᠷ᠎ᠠ ᠶᠢᠨ ᠨᠢᠬᠡᠨ ᠤ ᠠᠭᠤᠤ ᠶᠡᠭᠡ | ᠡᠬᠡ ᠤᠯᠤᠰ ᠤᠨ ᠮᠢᠨᠢ ᠮᠡᠡᠳᠦᠯᠡᠭᠰᠡᠨ ᠶᠡᠭᠡ ᠪᠠᠶᠠᠷ ᠤᠨ ᠠᠮᠠᠷᠠᠯᠳᠠ ᠶᠢ ᠲᠤᠬᠢᠶᠠᠯᠳᠤᠭᠤᠯᠤᠨ ᠰᠠᠶ᠋ᠢ ᠲᠡᠬᠦᠨ ᠢ ᠰᠤᠷᠪᠤᠯᠵᠢᠯᠠᠨ ᠪᠢᠴᠢᠬᠦ ᠵᠤᠷᠢᠭ ᠬᠦᠷᠴᠦ ᠨᠠᠢᠮᠠᠨ | ᠨᠤᠳᠤᠭ ᠢ ᠴᠢᠭᠯᠡᠪᠡ᠃ | ᠨᠢᠬᠡ᠂ ᠤᠷᠠᠨ ᠵᠤᠬᠢᠶᠠᠯ ᠤᠨ ᠤᠷᠮ᠎ᠠ ᠦᠡᠳᠡᠶᠢᠭᠰᠡᠨ ᠪᠠᠭ᠎ᠠ ᠨᠠᠰᠤ | ᠲᠡᠷᠡ᠂ 1970 ᠤᠨ ᠤ ᠠᠷᠭ᠎ᠠ ᠶᠢᠨ ᠤᠯᠠᠷᠢᠯ ᠤᠨ 1 ᠰᠠᠷ᠎ᠠ ᠳᠤ᠂ ᠨᠠᠢᠮᠠᠨ ᠬᠤᠰᠢᠭᠤᠨ ᠤ ᠲᠦᠯᠡᠬᠡᠨᠳᠡᠯᠡ ᠰᠤᠮᠤ ᠶᠢᠨ ᠰᠡᠴᠢ ᠶᠢᠨ ᠲᠠᠯ᠎ᠠ ᠭᠠᠴᠠᠭ᠎ᠠ ᠳᠤ᠂ | ᠨᠢᠬᠡ ᠺᠠᠳ᠋ᠷ ᠤᠨ ᠬᠡᠷ ᠪᠦᠯᠢ ᠳᠤ ᠭᠤᠷᠪᠠᠨ ᠬᠦᠦ ᠶᠢᠨ ᠬᠢᠨᠢ ᠦᠬᠡᠯᠡᠢ ᠨᠢ ᠪᠤᠯᠵᠤ ᠶᠢᠷᠳᠢᠡᠴᠤ ᠳᠤ ᠵᠠᠶᠠᠭᠠᠭᠠᠳ ᠶᠡᠭᠡ ᠡᠷᠳᠡᠨ ᠤ ᠬᠠᠭᠤᠴᠢ ᠦᠬᠦᠯᠡᠭᠰᠡᠨ ᠨᠠᠷᠢᠳ ᠤᠨ | ᠭᠤᠤᠯ ᠤᠨ ᠬᠦᠪᠡᠬᠡᠨ ᠳᠤ ᠤᠨᠠᠭ᠎ᠠ ᠲᠤᠭᠤᠯ ᠡᠷᠬᠢᠬᠦᠯᠦᠨ ᠨᠠᠭᠠᠳᠤᠨ ᠲᠤᠭᠯᠠᠵᠤ᠂ ᠤᠶᠠᠷᠠᠭᠤᠨ ᠵᠢᠪᠬᠤᠯᠠᠩᠳᠤ ᠠᠷᠠᠳ ᠤᠨ ᠲᠠᠭᠤᠤ ︽ᠨᠤᠭᠤᠡᠵᠠᠶᠠᠭ᠎ᠠ︾ ᠶᠢᠨ | ᠢᠷᠠᠭᠤ ᠰᠠᠶᠢᠬᠠᠨ ᠬᠦᠭ ᠠᠶᠠᠰ ᠲᠤ ᠰᠤᠭᠳᠤᠭᠤᠷᠠᠨ ᠪᠠᠶᠢᠵᠤ᠂ ᠰᠠᠷᠠᠭᠤᠯ ᠤᠬᠠᠭᠠᠨ ᠰᠡᠴᠡᠨ ᠪᠢᠯᠢᠭ ᠲᠠᠢ ᠦᠰᠴᠦ ᠪᠤᠶᠢᠵᠢᠭᠰᠠᠨ ᠪᠠᠶᠢᠯ᠎ᠠ᠃ | ᠲᠤᠬᠠᠢ ᠶᠢᠨ ᠦᠶ᠎ᠠ ᠳᠤ ᠠᠷᠭ᠎ᠠ ᠦᠬᠡᠢ ᠶᠠᠳᠠᠭᠤ ᠵᠦᠳᠡᠬᠦᠦ ᠴᠠᠭ ᠪᠠᠶᠢᠭᠰᠠᠨ ᠪᠤᠯᠪᠠᠴᠤ ᠠᠷᠠᠳ ᠤᠨ ᠡᠮᠨᠡᠯᠭᠡ ᠶᠢᠨ ᠬᠤᠷᠢᠶᠠᠨ ᠳᠤ ᠠᠯᠪᠠᠨ ᠠᠵᠢᠯ ᠲᠠᠢ | ᠪᠠᠶᠢᠭᠰᠠᠨ ᠠᠪᠤ ᠶᠢᠨ ᠬᠢᠨᠢ ᠰᠠᠷ᠎ᠠ ᠪᠦᠷᠢ ᠰᠠᠭᠠᠳᠠᠯ ᠦᠬᠡᠢ ᠤᠯᠵᠤ ᠢᠮᠡᠷᠳᠡᠭ ᠬᠤᠷᠢ ᠭᠤᠴᠢᠨ ᠵᠤᠭᠤᠰ ᠨᠢ᠂ ᠦᠷᠦᠬᠡᠰᠦᠨ ᠦᠬᠡᠨ ᠤ ᠵᠦᠷᠢᠶᠡᠨ ᠦᠬᠡᠢ ᠡᠶ᠎ᠡ | ᠨᠠᠶᠢᠷᠰᠠᠭ ᠲᠡᠳᠡᠨ ᠤ ᠠᠮᠢᠳᠤᠷᠠᠯ ᠳᠤ ᠨᠤᠷᠠᠰᠢ ᠦᠬᠡᠢ ᠠᠭᠤᠯᠠ ᠰᠢᠭ᠋ ᠬᠠᠳᠠᠨ ᠪᠠᠳᠤ ᠲᠦᠰᠢᠯᠬᠡ᠂ ᠰᠢᠷᠬᠢᠰᠢ ᠦᠬᠡᠢ ᠨᠠᠭᠤᠷ ᠰᠢᠭ᠋ ᠦᠪ ᠪᠠᠶᠠᠨ ᠬᠦᠷᠦᠩᠭᠡ ᠪᠤᠯᠵᠤ | ᠪᠠᠶᠢᠭᠰᠠᠨ ᠶᠤᠮ᠃ ᠲᠡᠷᠡ ᠮᠦᠷᠳᠡᠬᠡᠨ ᠠᠪᠤ ᠨᠢ ︽ᠬᠦᠬᠡ ᠰᠤᠳᠤᠷ︾᠂ ︽ᠭᠤᠷᠪᠠᠨ ᠤᠯᠤᠰ ᠤᠨ ᠦᠯᠢᠬᠡᠷ︾ ᠵᠡᠷᠬᠡ ᠨᠤᠮ ᠰᠤᠳᠤᠷ ᠢ ᠬᠤᠭᠤᠯᠠ ᠪᠤᠳᠠᠭ᠎ᠠ ᠪᠠᠨ | ᠢᠳᠡᠬᠦ ᠰᠢᠭ ᠬᠤᠨᠤᠭ ᠡᠳᠦᠷ ᠦᠡᠵᠢᠯ ᠦᠬᠡᠢ ᠦᠡᠴᠦᠭ ᠢᠷᠮᠡᠭ ᠢ ᠨᠢ ᠰᠡᠮᠡᠷᠡᠳᠡᠯᠡ ᠤᠷᠪᠠᠭᠤᠯᠤᠨ ᠬᠦᠷᠪᠡᠬᠦᠯᠦᠨ ᠠᠶ᠎ᠠ ᠳ᠋ᠠᠩ ᠲᠠᠢ ᠤᠡᠭᠰᠢᠳᠠᠭ ᠪᠠᠶᠢᠭᠰᠠᠨ ᠨᠢ | ᠪᠠᠯᠴᠢᠷ ᠪᠠᠭ᠎ᠠ ᠨᠠᠰᠤᠨ ᠤ ᠲᠡᠬᠦᠨ ᠳᠤ ᠮᠠᠰᠢ ᠰᠤᠨᠢᠷᠬᠠᠯᠳᠠᠢ᠂ ᠲᠤᠩ ᠤᠷᠮ᠎ᠠ ᠲᠠᠢ ᠵᠦᠢᠯ ᠪᠤᠯᠵᠤ ᠰᠠᠨᠠᠭᠳᠠᠳᠠᠭ ᠪᠠᠶᠢᠯ᠎ᠠ᠃ ᠠᠪᠤ ᠨᠢ ᠦᠯᠢᠬᠡᠷ ᠤᠨ ᠨᠤᠮ | ᠲᠠᠭᠤᠳᠠᠬᠤ ᠪᠦᠷᠢ ᠲᠡᠷᠡ᠂ ᠠᠪᠤ ᠶᠢᠨ ᠢᠶᠠᠨ ᠡᠷᠡᠤ ᠲᠤᠤᠷ᠎ᠠ ᠨᠢ ᠤᠳᠦ᠋ᠢᠵᠤ ᠰᠠᠭᠤᠴᠢᠬᠠᠭᠠᠳ ᠠᠪᠤ ᠶᠢᠨ ᠢᠶᠠᠨ ᠠᠮᠠ ᠶᠢ ᠠᠯᠳᠠᠯ ᠦᠬᠡᠢ ᠬᠠᠷᠠᠵᠤ ᠰᠠᠭᠤᠬᠤ ᠳᠤ ᠪᠠᠨ | ᠬᠤᠵᠢᠮ ᠪᠢ ᠪᠠᠰᠠ ᠠᠪᠤ ᠳᠤ ᠪᠠᠨ ᠠᠳᠠᠯᠢ ᠢᠡᠭᠬᠢᠵᠤ ᠦᠯᠢᠬᠡᠷ ᠮᠡᠳᠡᠳᠡᠭ ᠬᠦᠮᠦᠨ ᠪᠤᠯᠪᠠᠯ ᠶᠠᠮᠠᠷ ᠰᠠᠶᠢᠬᠠᠨ ᠪᠤᠢ︖ ᠬᠡᠵᠤ ᠠᠳᠠᠭᠠᠷᠬᠠᠨ ᠬᠦᠰᠡᠳᠡᠭ ᠪᠠᠶᠢᠵᠠᠢ᠃ | ᠡᠵᠢ ᠨᠢ ᠠᠮᠢᠳᠤᠷᠠᠯ ᠤᠨ ᠬᠦᠴᠢᠷ ᠵᠤᠪᠠᠯᠠᠩ ᠠᠴᠠ ᠪᠤᠯᠵᠤ᠂ ᠰᠤᠷᠬᠤ ᠶᠢᠨ ᠰᠠᠶᠢᠬᠠᠨ ᠪᠠᠭ᠎ᠠ ᠨᠠᠰᠤᠨ ᠳᠤ ᠪᠠᠨ ᠰᠤᠷᠭᠠᠭᠤᠯᠢ ᠳᠤ ᠰᠠᠭᠤᠵᠤ ᠪᠢᠴᠢᠭ ᠦᠰᠦᠭ | ᠨᠢᠳᠤᠯᠠᠵᠤ ᠴᠢᠳᠠᠭᠰᠠᠨ ᠦᠬᠡᠢ ᠪᠤᠯᠪᠠᠴᠤ ᠨᠤᠳᠤᠭ ᠤᠰᠤᠨ ᠳᠤ ᠪᠠᠨ ᠪᠢᠯᠢᠭ ᠴᠤᠭᠤᠷᠠᠭᠰᠠᠨ ᠲᠤᠷᠭᠠᠨ ᠬᠤᠭᠤᠯᠠᠶᠢᠳᠤ ᠲᠠᠭᠤᠴᠢᠨ ᠬᠡᠬᠦ ᠢᠷᠠᠭᠤ ᠠᠯᠳᠠᠷ ᠲᠠᠢ | ᠪᠠᠶᠢᠵᠤ᠂ ᠭᠠᠴᠠᠭ᠎ᠠ ᠶᠢᠨ ᠢᠶᠠᠨ ︽ᠤᠷᠠᠨ ᠰᠠᠶᠢᠬᠠᠨ ᠤ ᠪᠦᠯᠬᠦᠮ︾ ᠤᠨ ᠨᠢᠬᠡ ᠬᠡᠰᠢᠬᠦᠨ ᠪᠤᠯᠵᠤ᠂ ᠨᠡᠶᠢᠳᠡ ᠤᠯᠠᠨ ᠳᠤ ᠪᠠᠨ ᠲᠤᠭᠯᠠᠯᠳᠠ ᠭᠠᠷᠭᠠᠨ ᠰᠤᠨᠢᠷᠬᠠᠭᠤᠯᠵᠤ | ᠶᠠᠪᠤᠭᠰᠠᠨ ᠨᠢ ᠨᠢᠯᠬ᠎ᠠ ᠪᠠᠯᠴᠢᠷ ᠤᠰᠤᠡᠪᠤᠳᠤᠭ ᠤᠨ ᠤᠢ ᠤᠬᠠᠭᠠᠨ ᠳᠤ ᠦᠯᠡᠳᠡᠭᠰᠡᠨ ᠪᠠᠯᠠᠷᠠᠰᠢ ᠦᠬᠡᠢ ᠬᠦᠨ ᠬᠦᠡᠵᠡᠬᠡᠢ ᠰᠠᠭᠤᠭᠳᠠᠯ ᠪᠠᠶᠢᠯ᠎ᠠ᠃ ᠲᠡᠷᠡ᠂ ᠡᠨᠡ | ᠮᠡᠳᠤ ᠬᠠᠶᠢᠷ᠎ᠠ ᠶᠢᠨ ᠬᠠᠯᠠᠭᠤᠨ ᠡᠬᠡᠰᠢᠭ ᠲᠠᠢ᠂ ᠨᠠᠶᠢᠷ ᠤᠨ ᠲᠤᠯᠠᠭᠠᠨ ᠪᠠᠭᠤᠴᠠ ᠳᠤ ᠡᠷᠭᠡ ᠲᠤᠷ᠎ᠠ ᠪᠠᠷ ᠦᠰᠦᠨ ᠪᠤᠶᠢᠵᠢᠵᠤ᠂ ᠪᠠᠯ ᠪᠤᠷᠠᠮ ᠰᠢᠭ᠋ ᠪᠠᠭ᠎ᠠ | ᠨᠠᠰᠤᠨ ᠳᠤ ᠪᠠᠨ ᠡᠵᠢ ᠶᠢᠨ ᠢᠶᠠᠨ ᠨᠢᠭᠤᠷ ᠤᠨ ᠠᠯᠴᠢᠭᠤᠷ ᠢᠶᠠᠷ ᠤᠶᠤᠬᠰᠠᠨ ᠡᠷᠢᠶᠡᠨ ᠠᠯᠠᠭ ᠪᠤᠭᠴᠤ ᠶᠢ ᠮᠦᠷᠦᠯᠡᠨ ᠠᠶᠢᠯ ᠤᠨ ᠢᠶᠠᠨ ᠪᠠᠭ᠎ᠠ ᠰᠤᠷᠭᠠᠭᠤᠯᠢ ᠶᠢᠨ | ᠠᠯᠳᠠᠨ ᠪᠤᠱᠤᠭ᠎ᠠ ᠶᠢ ᠲᠡᠭᠳᠡᠨ ᠲᠡᠷᠪᠡᠨ ᠠᠯᠬᠤᠵᠠᠢ᠃ ᠲᠡᠷᠡ᠂ ᠠᠴᠢᠳᠤ ᠪᠠᠭᠰᠢ ᠨᠠᠷ ᠤᠨ ᠢᠶᠠᠨ ᠠᠯᠠᠭ ᠦᠬᠡᠢ ᠬᠠᠶᠢᠷ᠎ᠠ ᠶᠢᠨ ᠰᠡᠳᠬᠢᠯ ᠳᠤ ᠪᠦᠪᠠᠶᠢᠯᠡᠭᠳᠡᠨ ︽ᠠ | ᠡ︾ ᠨᠢᠳᠦᠯᠡᠨ᠂ ᠠᠷᠠᠪ ᠲᠤᠭ᠎ᠠ ᠲᠤᠭᠠᠯᠠᠵᠤ ᠰᠤᠷᠬᠤ ᠳᠤ ᠪᠠᠨ ᠵᠢᠭᠠᠭᠰᠠᠨ ᠪᠤᠯᠭᠠᠨ ᠢ ᠵᠠᠶᠢᠯᠠᠰᠢ ᠦᠬᠡᠢ ᠡᠵᠡᠮᠰᠢᠨ᠂ ᠵᠠᠯᠬᠠᠭᠤᠷᠠᠯ ᠦᠬᠡᠢ ᠪᠤᠯᠪᠠᠰᠤᠷᠠᠳᠠᠭ ᠬᠤᠷᠴᠠ | ᠰᠡᠷᠭᠡᠭ ᠤᠬᠠᠭᠠᠨ ᠰᠠᠨᠠᠭ᠎ᠠ ᠲᠠᠢ ᠬᠡᠤᠬᠡᠳ ᠪᠠᠶᠢᠭᠰᠠᠨ ᠢᠶᠠᠷ ᠪᠠᠭᠰᠢ ᠨᠠᠷ ᠨᠢ ᠲᠡᠬᠦᠨ ᠢ ᠦᠯᠡᠮᠵᠢ ᠬᠦᠬᠡᠷᠦᠬᠦ᠋ᠢᠯᠡᠨ ᠰᠠᠨᠠᠳᠠᠭ ᠪᠠᠶᠢᠯ᠎ᠠ᠃ | 1983 ᠤᠨ ᠳᠤ᠂ ᠤᠰᠤᠡᠪᠤᠳᠤᠭ ᠨᠢᠬᠡ ᠮᠡᠳᠡᠬᠦ ᠳᠤ ᠠᠩᠬ᠎ᠠ ᠵᠡᠷᠭᠡ ᠶᠢᠨ ᠨᠢᠬᠡᠳᠦᠬᠡᠷ ᠤᠨ ᠳᠤ ᠲᠠᠪᠰᠢᠴᠢᠬᠠᠭᠰᠠᠨ ᠡᠯ᠎ᠡ ᠲᠦᠷᠦᠯ ᠤᠨ ᠬᠢᠴᠢᠶᠡᠯ | ᠰᠤᠷᠤᠯᠭ᠎ᠠ ᠳᠤ ᠪᠠᠨ ᠪᠦᠷ ᠤᠷᠦ᠋ᠢᠯᠠᠳᠠᠭ ᠰᠢᠯᠢᠳᠡᠭ ᠰᠤᠷᠤᠭᠴᠢ ᠪᠤᠯᠴᠢᠬᠠᠭᠰᠠᠨ ᠬᠠᠮᠳᠤ ᠨᠦᠬᠦᠳ ᠤᠨ ᠢᠶᠠᠨ ᠠᠳᠠᠭ᠎ᠠ ᠬᠤᠨᠵᠢᠩ ᠢ ᠨᠢ ᠬᠦᠷᠭᠡᠳᠡᠭ ᠪᠠᠶᠢᠯ᠎ᠠ᠃ | ᠨᠢᠬᠡᠨ ᠡᠳᠦᠷ ᠮᠤᠩᠭᠤᠯ ᠬᠡᠯᠡᠨ ᠤ ᠤᠷᠠᠩᠭᠤᠸ᠎ᠠ ᠪᠠᠭᠰᠢ ᠨᠢ ᠲᠡᠬᠦᠨ ᠢ ᠠᠯᠪᠠᠨ ᠬᠡᠷ ᠲᠤ ᠪᠠᠨ ᠲᠠᠭᠤᠳᠠᠵᠤ᠂ ᠲᠡᠬᠦᠨ ᠤ ᠲᠤᠰ ᠭᠠᠷᠠᠭ ᠤᠨ ᠵᠤᠬᠢᠶᠠᠨ ᠪᠢᠴᠢᠯᠬᠡ ᠶᠢᠨ | ᠲᠠᠰᠬᠠᠯ ᠳᠤ ᠲᠤᠰᠢᠶᠠᠭᠰᠠᠨ ᠵᠤᠬᠢᠶᠠᠯ ᠢ ᠨᠢ ᠦᠡᠳᠦᠷ ᠦᠨᠡᠯᠡᠨ᠂ ᠵᠠᠳᠠᠯᠵᠤ ᠦᠭᠬᠦᠭᠰᠡᠨ ᠪᠦᠬᠡᠳ ᠢᠡᠭᠬᠢᠵᠤ ᠵᠠᠰᠠ᠂ ᠲᠡᠬᠡᠵᠤ ᠪᠢᠴᠢ ᠬᠡᠵᠤ ᠵᠢᠭᠠᠵᠤ ᠲᠤᠬᠢᠵᠤ | ᠦᠭᠪᠡ᠃ ᠤᠰᠤᠡᠪᠤᠳᠤᠭ ᠦᠵᠦᠬᠦᠷ ᠬᠢᠵᠠᠭᠠᠷ ᠦᠬᠡᠢ ᠤᠮᠤᠭᠰᠢᠨ ᠵᠤᠷᠢᠭᠵᠢᠵᠤ᠂ ᠤ᠊ ᠪᠠᠭᠰᠢ ᠶᠢᠨ ᠢᠶᠠᠨ ᠭᠠᠷ ᠠᠴᠠ ᠲᠠᠰᠬᠠᠯ ᠤᠨ ᠲᠡᠪᠳᠡᠷ ᠢᠶᠠᠨ ᠠᠪᠤᠮᠠᠭᠴᠠ | ᠠᠩᠬᠢ ᠶᠢᠨ ᠬᠡᠷ ᠲᠤ ᠪᠠᠨ ᠲᠡᠭᠳᠡᠯᠵᠠᠨ ᠬᠦᠶᠦᠵᠤ ᠬᠦᠷᠦᠬᠡᠳ ᠲᠡᠷᠡ ᠲᠠᠷᠤᠢ ᠵᠠᠰᠠᠵᠤ ᠡᠬᠢᠯᠡᠪᠡ᠃ ᠲᠠᠷᠠᠭ᠎ᠠ ᠡᠳᠦᠷ ᠨᠢ ᠲᠠᠬᠢᠨ ᠬᠠᠭᠤᠯᠠᠵᠤ ᠪᠢᠴᠢᠬᠡᠳ ᠤ᠊ | ᠪᠠᠭᠰᠢ ᠳᠤ ᠪᠠᠨ ᠠᠪᠠᠴᠢᠵᠤ ᠲᠤᠰᠢᠶᠠᠪᠠ᠃ ᠪᠠᠭᠰᠢ ᠨᠢ ᠦᠵᠡᠬᠡᠳ ᠲᠤᠩ ᠪᠠᠶᠠᠷᠯᠠᠨ ᠪᠦᠬᠦ ᠠᠩᠬᠢ ᠶᠢᠨ ᠰᠤᠷᠤᠭᠴᠢᠳ ᠲᠤ ᠪᠠᠨ ᠤᠡᠭᠰᠢᠵᠤ ᠦᠭᠬᠦᠨ᠂ ᠨᠢᠬᠡ | ᠲᠠᠯ᠎ᠠ ᠪᠠᠷ ᠤᠰᠤᠡᠪᠤᠳᠤᠭ ᠲᠤ ᠤᠷᠮ᠎ᠠ ᠬᠠᠶᠢᠷᠠᠯᠠᠨ᠂ ᠵᠤᠷᠢᠭ ᠦᠭᠴᠦ᠂ ᠨᠦᠬᠦᠬᠡ ᠲᠠᠯ᠎ᠠ ᠪᠠᠷ ᠪᠦᠬᠦ ᠰᠤᠷᠤᠭᠴᠢ ᠪᠠᠨ ᠤᠰᠤᠡᠪᠤᠳᠤᠭ ᠰᠢᠭ᠋ ᠤᠷᠮ᠎ᠠ ᠪᠠᠬ᠎ᠠ ᠲᠠᠢ᠂ | ᠡᠷᠡᠴᠢ ᠵᠤᠷᠢᠭ ᠲᠠᠢ ᠰᠤᠷᠤᠯᠴᠠᠬᠤ ᠶᠢ ᠲᠠᠶᠢᠴᠢᠯᠠᠨ ᠤᠷᠢᠶᠠᠯᠠᠬᠤ ᠶᠢᠨ ᠲᠠᠭᠠᠤ᠂ ᠡᠬᠡ ᠬᠡᠯᠡ ᠪᠠᠨ ᠰᠠᠶᠢᠳᠤᠷ ᠰᠤᠷᠴᠤ ᠡᠵᠡᠮᠰᠢᠬᠦ ᠶᠢᠨ ᠠᠴᠢ ᠲᠤᠰᠠ ᠶᠢ ᠲᠡᠷᠡ | ᠪᠦᠬᠦᠳᠡ ᠳᠤ ᠬᠦᠡᠵᠡᠬᠡᠢ ᠤᠬᠠᠭᠤᠯᠵᠤ ᠪᠠᠶᠢᠪᠠ᠃ ᠮᠠᠷᠭᠠᠰᠢ ᠨᠢ ᠤ᠊ ᠪᠠᠭᠰᠢ ᠦᠪᠡᠷᠳᠡᠬᠡᠨ ᠬᠠᠷᠢᠭᠤᠴᠠᠨ ᠪᠠᠶᠢᠵᠤ ᠤᠰᠤᠡᠪᠤᠳᠤᠭ ᠤᠨ ᠵᠤᠬᠢᠶᠠᠯ ᠢ ︽ᠴᠤᠮᠤᠷᠯᠢᠭ︾ | ᠰᠡᠳᠬᠦᠯ ᠳᠤ ᠢᠯᠡᠬᠡᠵᠤ ᠦᠭᠪᠡ᠃ ᠲᠡᠬᠦᠨ ᠠᠴᠠ ᠰᠡᠬᠦᠯᠡᠷ ᠤ᠊ ᠪᠠᠭᠰᠢ ᠨᠢ ᠤᠰᠤᠡᠪᠤᠳᠤᠭ ᠲᠤ ᠤᠡᠴᠠ ᠪᠠᠶᠢᠳᠠᠭ ᠤᠷᠠᠨ ᠵᠤᠬᠢᠶᠠᠯ ᠤᠨ ᠤᠷ᠎ᠠ ᠠᠪᠢᠶᠠᠰ ᠢ | ᠪᠢᠰᠢᠷᠡᠨ ᠪᠠᠭ᠋ᠠᠳᠤᠬᠤ ᠳᠤ ᠪᠠᠨ ᠦᠷᠬᠦᠯᠵᠢ ᠲᠡᠷᠭᠡᠳᠡ ᠪᠠᠨ ᠠᠪᠠᠴᠢᠨ᠂ ᠵᠤᠬᠢᠶᠠᠨ ᠪᠢᠴᠢᠬᠦ ᠶᠢᠨ ᠠᠷᠭ᠎ᠠ ᠤᠬᠠᠭᠠᠨ ᠵᠢᠭᠠᠬᠤ ᠶᠢᠨ ᠲᠠᠭᠠᠤ ᠤᠷᠮᠠᠰᠢᠭᠤᠯᠤᠨ | ᠵᠤᠷᠢᠭᠵᠢᠭᠤᠯᠵᠤ᠂ ᠬᠢᠴᠢᠶᠡᠯ ᠤᠨ ᠭᠠᠳᠠᠭᠤᠷ ᠨᠤᠮ ᠲᠡᠪᠳᠡᠷ ᠦᠭᠴᠦ ᠤᠡᠭᠰᠢᠭᠤᠯᠤᠨ᠂ ᠵᠤᠬᠢᠶᠠᠨ ᠪᠢᠴᠢᠯᠬᠡ ᠶᠢᠨ ᠲᠠᠰᠬᠠᠯ ᠠᠴᠠ ᠪᠠᠨ ᠭᠠᠳᠠᠨ᠎ᠠ ᠪᠠᠰᠠ ᠵᠤᠬᠢᠶᠠᠨ | ᠪᠢᠴᠢᠬᠦᠯᠳᠡᠭ ᠪᠠᠶᠢᠪᠠ᠃ ᠡᠨᠡ ᠮᠡᠳᠤ ᠪᠠᠷ ᠤ᠊ ᠪᠠᠭᠰᠢ ᠨᠢ ᠲᠡᠬᠦᠨ ᠢᠶᠠᠷ ᠬᠡᠪ ᠲᠦᠷᠢᠮ ᠪᠤᠯᠭᠠᠨ ᠪᠦᠬᠦ ᠠᠩᠬᠢ ᠶᠢᠨ ᠰᠤᠷᠤᠭᠴᠢᠳ ᠢᠶᠠᠨ ᠱᠠᠭᠠᠷᠳᠠᠳᠠᠭ ᠪᠤᠯᠪᠠ᠃ | ᠬᠤᠶᠠᠷ ᠰᠠᠷ᠎ᠠ ᠶᠢᠨ ᠲᠠᠷᠠᠭ᠎ᠠ᠂ ᠨᠢᠬᠡ ᠤᠳᠠᠭᠠᠨ ᠤ ᠠᠩᠬᠢ ᠶᠢᠨ ᠬᠤᠷᠠᠯ ᠲᠡᠭᠡᠷ᠎ᠡ ᠪᠠᠨ ᠤ᠊ ᠪᠠᠭᠰᠢ ᠨᠢ ︽ᠴᠤᠮᠤᠷᠯᠢᠭ︾ ᠰᠡᠳᠬᠦᠯ ᠢ ᠠᠪᠴᠢᠷᠠᠨ᠄ ︽ᠰᠤᠷᠤᠭᠴᠢ | ᠨᠦᠬᠦᠳ ᠡ᠂ ᠪᠢ ᠲᠠ ᠨᠠᠷ ᠲᠤ ᠨᠢᠬᠡ ᠵᠤᠬᠢᠶᠠᠯ ᠤᠡᠭᠰᠢᠵᠤ ᠦᠭᠬᠦᠶ᠎ᠠ᠃ ᠲᠤᠰ ᠵᠤᠬᠢᠶᠠᠯ ᠤᠨ ᠵᠤᠬᠢᠶᠠᠭᠴᠢ ᠶᠢ ᠲᠠ ᠨᠠᠷ ᠪᠠᠰᠠ ᠲᠠᠨᠢᠳᠠᠭ ᠶᠤᠮ᠃ ᠲᠠᠨᠢᠳᠠᠭ | ᠬᠦᠮᠦᠨ ᠤ ᠪᠠᠨ ᠵᠤᠬᠢᠶᠠᠯ ᠢ ᠰᠤᠨᠢᠷᠬᠠᠬᠤ ᠳᠤ ᠨᠡᠩ ᠤᠷᠮ᠎ᠠ ᠲᠠᠢ ᠪᠠᠶᠢᠳᠠᠭ ᠶᠤᠮ ᠰᠢᠤ︾ ᠬᠡᠰᠡᠨ ᠢᠶᠠᠨ ᠰᠢᠭᠤᠳ ᠤᠡᠭᠰᠢᠵᠤ ᠡᠬᠢᠯᠡᠪᠡ᠃ ᠬᠠᠮᠳᠤ | ᠰᠤᠷᠤᠭᠴᠢᠳ ᠤᠨ ᠬᠢᠨ ᠨᠢᠳᠤ ᠨᠢ ᠲᠤᠳᠦ᠋ᠢᠵᠤ ︽ᠬᠡᠨ ᠤ ᠵᠤᠬᠢᠶᠠᠯ ᠪᠤᠯᠴᠢᠬᠠᠪᠠ︖︾ ᠬᠡᠵᠤ ᠭᠠᠶᠢᠬᠠᠰᠢ ᠲᠦᠷᠦᠵᠤ ᠪᠠᠶᠢᠭᠰᠠᠨ ᠢᠶᠠᠨ ︽ᠤᠰᠤᠡᠪᠤᠳᠤᠭ ᠤᠨ | ᠵᠤᠬᠢᠶᠠᠯ᠂ ᠤᠰᠤᠡᠪᠤᠳᠤᠭ ᠤᠨ ᠵᠤᠬᠢᠶᠠᠯ ᠰᠡᠳᠬᠦᠯ ᠳᠤ ᠨᠡᠶᠢᠳᠡᠯᠡᠭᠳᠡᠴᠢᠬᠡᠯᠡ︾ ᠬᠡᠳ ᠠᠯᠠᠭ᠎ᠠ ᠲᠠᠰᠢᠨ ᠬᠦᠬᠡᠷᠦᠯᠳᠦᠪᠡ᠃ ᠲᠡᠭᠡᠬᠦ ᠳᠤ ᠤᠰᠤᠡᠪᠤᠳᠤᠭ ᠤᠨ ᠬᠠᠴᠠᠷ | ᠨᠢᠭᠤᠷ ᠨᠢ ᠨᠢᠯᠴᠢᠬᠢᠨᠡᠨ ᠤᠯᠠᠶᠢᠵᠤ ᠤᠷᠤᠨ ᠳᠤ ᠪᠠᠨ ᠲᠤᠭᠳᠠᠨ ᠶᠠᠳᠠᠵᠤ ᠤᠪᠤᠯᠵᠠᠵᠤ ᠰᠠᠭᠤᠬᠤ ᠳᠤ ᠪᠠᠨ᠂ ᠬᠤᠵᠢᠮ ᠬᠤᠶᠢᠨ᠎ᠠ ᠵᠤᠬᠢᠶᠠᠯᠴᠢ ᠪᠤᠯᠬᠤ ᠰᠠᠨ ᠬᠡᠵᠤ | ᠪᠤᠳᠤᠵᠤ ᠠᠮᠵᠢᠪᠠ᠃ | ᠡᠶᠢᠨ ᠬᠦ ᠬᠠᠮᠤᠭ ᠠᠩᠬᠠᠨ ᠤ ᠵᠤᠬᠢᠶᠠᠯ ᠢᠶᠠᠨ 1983 ᠤᠨ ᠤ 19 ᠳ᠋ᠤᠬᠡᠷ ᠬᠤᠭᠤᠴᠠᠭᠠᠨ ᠤ ︽ᠴᠤᠮᠤᠷᠯᠢᠭ︾ ᠰᠡᠳᠬᠦᠯ ᠳᠤ ᠨᠡᠶᠢᠳᠡᠯᠡᠬᠦᠯᠦᠬᠡᠳ ᠰᠠᠨᠠᠨ | ᠰᠠᠨᠠᠨ ᠤᠡᠭᠰᠢᠵᠤ᠂ ᠪᠤᠳᠤᠨ ᠪᠤᠳᠤᠨ ᠪᠠᠶᠠᠷᠯᠠᠵᠤ ᠰᠠᠭᠤᠭᠰᠠᠨ ᠶᠤᠮ᠃ ᠲᠡᠬᠦᠨ ᠢ ᠲᠠᠬᠢᠨᠳᠡ ᠤᠷᠮᠠᠰᠢᠭᠤᠯᠤᠭᠰᠠᠨ ᠪᠠᠰᠠ ᠨᠢᠬᠡ ᠶᠠᠪᠤᠳᠠᠯ ᠬᠡᠪᠡᠯ ᠲᠤᠰ | ᠵᠤᠬᠢᠶᠠᠯ ᠤᠨ ᠬᠢᠨ ᠲᠠᠪᠤᠨ ᠲᠦᠬᠦᠷᠢᠭ ᠬᠠᠷᠠᠮᠵᠢ ᠮᠦᠡᠭᠬᠦ ᠪᠠᠶᠢᠪᠠ᠃ ᠤ᠊ ᠪᠠᠭᠰᠢ ᠨᠢ ᠲᠡᠬᠦᠨ ᠳᠤ ᠡᠨᠡ ᠬᠦ ᠬᠠᠮᠤᠭ ᠠᠩᠬᠠᠨ ᠤ ᠬᠠᠷᠠᠮᠵᠢ ᠮᠦᠡᠭᠬᠦ ᠶᠢ ᠨᠢ | ᠭᠠᠷᠳᠠᠭᠤᠯᠬᠤ ᠳᠤ ᠪᠠᠨ᠄ ︽ᠡᠨᠡ ᠪᠤᠯ ᠴᠢᠨᠤ ᠦᠪᠡᠷ ᠤᠨ ᠬᠦᠴᠦ ᠬᠦᠳᠡᠯᠮᠦᠷᠢ ᠪᠠᠷ ᠢᠶᠠᠨ ᠰᠤᠯᠢᠵᠤ ᠠᠪᠴᠢᠷᠠᠭᠰᠠᠨ ᠬᠠᠷᠠᠮᠵᠢ ᠮᠦᠡᠭᠬᠦ ᠮᠥᠨ᠂ ᠰᠠᠶᠢᠳᠤᠷ | ᠨᠠᠡᠳᠢᠩᠨᠠᠵᠤ ᠶᠠᠪᠤᠭᠠᠷᠠᠢ︾ ᠬᠡᠵᠡᠢ᠃ ᠲᠡᠶᠢᠨ ᠬᠦ ᠲᠡᠷᠡ᠂ ᠲᠠᠪᠤᠨ ᠲᠦᠬᠦᠷᠢᠭ ᠬᠠᠷᠠᠮᠵᠢ ᠮᠦᠡᠭᠬᠦ ᠪᠠᠨ ᠡᠵᠢ ᠳᠤ ᠪᠠᠨ ᠠᠪᠠᠴᠢᠵᠤ ᠲᠤᠰᠢᠶᠠᠭᠠᠳ ︽ᠠᠯᠢ ᠨᠢᠬᠡ | ᠡᠳᠦᠷ ᠲᠠᠴᠢᠨᠳᠠᠯ᠎ᠠ ᠪᠠᠯᠭᠠᠰᠤᠨ ᠳᠤ ᠤᠴᠢᠪᠠᠯ ᠡᠬᠦᠨ ᠢᠶᠠᠷ ᠢᠶᠠᠨ ᠭᠤᠶᠤ ᠰᠠᠶᠢᠬᠠᠨ ᠦᠯᠢᠬᠡᠷ ᠤᠨ ᠨᠤᠮ ᠠᠪᠤᠨ᠎ᠠ︾ ᠬᠡᠵᠤ ᠤᠡᠴᠠᠭᠠᠢ ᠲᠤᠳᠤᠷᠬᠠᠶᠢᠯᠠᠪᠠ᠃ ᠲᠡᠷᠡ᠂ | ᠨᠤᠮ ᠵᠤᠬᠢᠶᠠᠯ ᠳᠤ ᠶᠤᠰᠤᠳᠠᠢ ᠬᠤᠷᠤᠬᠠᠢ ᠲᠠᠢ ᠪᠤᠯᠵᠠᠢ᠃ ᠡᠬᠦᠨ ᠢ ᠠᠴᠢᠳᠤ ᠠᠪᠤ ᠨᠢ ᠴᠦ ᠠᠵᠢᠵᠤ ᠮᠡᠳᠡᠪᠡ᠃ ᠠᠪᠤ ᠨᠢ ᠡᠮᠨᠡᠯᠬᠡ ᠶᠢᠨ ᠬᠤᠷᠢᠶᠠᠨ ᠳᠤ ᠨᠢᠭᠳᠠᠯᠠᠨ | ᠪᠤᠳᠤᠭᠴᠢ ᠶᠢᠨ ᠠᠯᠪᠠ ᠲᠠᠢ ᠶᠢᠨ ᠲᠡᠭᠡᠷ᠎ᠡ ᠦᠪᠡᠷᠳᠡᠭᠡᠨ ᠮᠥᠨ ᠨᠤᠮ ᠵᠤᠬᠢᠶᠠᠯ ᠳᠤ ᠪᠠᠭ᠋ᠠᠳᠠᠢ ᠪᠤᠯᠬᠤᠷ ᠭᠠᠳᠠᠭᠰᠢ ᠭᠠᠷᠬᠤ ᠪᠤᠯᠭᠠᠨ ᠤᠰᠤᠡᠪᠤᠳᠤᠭ ᠲᠤ ᠵᠢᠷᠤᠭᠳᠤ | ᠲᠡᠪᠳᠡᠷ ᠵᠡᠷᠭᠡ ᠲᠤᠬᠢᠷᠠᠮᠵᠢᠳᠠᠢ ᠨᠤᠮ ᠵᠤᠬᠢᠶᠠᠯ ᠢ ᠠᠯᠳᠠᠯ ᠦᠬᠡᠢ ᠠᠪᠴᠢᠷᠠᠵᠤ ᠦᠭᠳᠡᠭ ᠪᠠᠶᠢᠭᠰᠠᠨ ᠶᠤᠮ᠃ ᠬᠡᠳᠡᠯ᠎ᠡ ᠨᠢᠬᠡ ᠤᠳᠠᠭ᠎ᠠ ᠭᠠᠳᠠᠭᠰᠢ ᠭᠠᠷᠤᠭᠠᠳ | ᠪᠤᠴᠠᠵᠤ ᠢᠷᠡᠬᠦ ᠳᠤ ᠪᠠᠨ ᠠᠪᠴᠢᠷᠠᠵᠤ ᠦᠭᠬᠦᠬᠡ ᠦᠬᠡᠢ ᠪᠠᠶᠢᠪᠠ᠃ ᠨᠤᠮ ᠤᠨ ᠲᠡᠯᠬᠡᠬᠦᠷ ᠡᠳᠦᠷᠵᠢᠨ ᠡᠬᠦᠳᠡ ᠪᠠᠨ ᠲᠠᠷᠤᠴᠢᠬᠠᠯᠠ ᠬᠡᠵᠤ ᠬᠡᠳᠦᠢ ᠲᠤᠳᠤᠷᠬᠠᠶᠢᠯᠠᠵᠤ | ᠬᠡᠯᠡᠬᠦ ᠪᠤᠯᠪᠠᠴᠤ ᠤᠰᠤᠡᠪᠤᠳᠤᠭ᠂ ᠠᠪᠤ ᠶᠢᠨ ᠢᠶᠠᠨ ᠦᠬᠡ ᠶᠢ ᠢᠳᠡᠬᠡᠬᠦ ᠦᠬᠡᠢ ᠲᠠᠭᠤ ᠲᠠᠯᠪᠢᠨ ᠤᠬᠢᠯᠠᠪᠠ᠃ ᠡᠴᠦᠰ ᠲᠤ ᠪᠠᠨ ᠬᠠᠰᠢ ᠯᠠ ᠲᠠᠴᠢᠨᠳᠠᠯ᠎ᠠ | ᠪᠠᠯᠭᠠᠰᠤᠨ ᠳᠤ ᠲᠠᠬᠢᠭᠠᠳ ᠤᠴᠢᠬᠤ ᠳᠤ ᠪᠠᠨ ᠴᠢᠮᠠᠢᠢ ᠲᠠᠭᠠᠭᠤᠯᠤᠭᠠᠳ ᠶᠠᠪᠤᠶ᠎ᠠ᠂ ᠤᠡᠭᠰᠢᠬᠤ ᠲᠤᠷᠠᠳᠠᠢ ᠨᠤᠮ ᠢᠶᠠᠨ ᠠᠪ ᠬᠡᠵᠤ ᠲᠠᠪᠤᠨ ᠲᠦᠬᠦᠷᠢᠭ | ᠭᠠᠷᠳᠠᠭᠤᠯᠬᠤ ᠪᠠᠷ ᠰᠠᠶ᠋ᠢ ᠤᠬᠢᠯᠠᠬᠤ ᠪᠠᠨ ᠵᠤᠭᠰᠤᠵᠤ ᠪᠢᠯᠡ᠃ ᠰᠡᠬᠦᠯᠡᠷ ᠨᠢ ᠠᠪᠤ ᠨᠢ ᠦᠨᠡᠬᠡᠷ ᠲᠡᠬᠦᠨ ᠢ ᠲᠠᠴᠢᠨᠳᠠᠯ᠎ᠠ ᠪᠠᠯᠭᠠᠰᠤᠨ ᠳᠤ ᠲᠠᠭᠠᠭᠤᠯᠤᠨ ᠠᠪᠠᠴᠢᠵᠤ᠂ | ᠰᠢᠡᠬᠤᠸᠠ ᠨᠤᠮ ᠤᠨ ᠲᠡᠯᠬᠡᠬᠦᠷ ᠲᠤ ᠬᠦᠷᠴᠦ᠂ ᠲᠡᠪᠡᠷᠢ ᠲᠦᠬᠦᠷᠡᠩ ᠨᠤᠮ ᠠᠪᠴᠢᠬᠠᠭᠠᠳ ᠪᠠᠰᠠ ᠰᠤᠷᠢᠡᠵᠢᠨ ᠳᠤ ᠲᠠᠳᠠᠭᠳᠠᠭᠰᠠᠨ ᠲᠡᠮᠤᠷ ᠤᠨ ᠬᠦᠳᠡᠷ ᠮᠡᠳᠦ | ᠲᠡᠮᠤᠷ ᠵᠢᠶᠠᠰᠡᠨ ᠲᠡᠭᠡᠷ᠎ᠡ ᠦᠷᠦᠬᠡᠰᠦᠳᠡᠢ ᠪᠠᠶᠢᠭ᠎ᠠ ᠨᠤᠮ ᠠᠴᠠ ᠬᠠᠷᠠᠭ᠎ᠠ ᠨᠢ ᠰᠠᠯᠵᠤ ᠦᠭᠬᠦ ᠦᠬᠡᠢ ᠲᠡᠷᠡ ᠤᠷᠪᠠᠨ ᠤᠷᠪᠠᠨ ᠬᠠᠷᠠᠵᠤ ᠯᠠ ᠪᠠᠶᠢᠪᠠ᠃ ᠲᠡᠷᠡ ᠠᠩᠬ᠎ᠠ | ᠤᠳᠠᠭ᠎ᠠ ᠰᠠᠶ᠋ᠢ ᠭᠠᠯᠳᠤ ᠲᠡᠷᠭᠡᠨ ᠳᠤ ᠰᠠᠭᠤᠵᠤ᠂ ︽ᠰᠤᠶᠤᠯ︾ ᠢ ᠭᠠᠶᠢᠬᠠᠨ᠂ ᠲᠠᠴᠢᠨᠳᠠᠯ᠎ᠠ ᠬᠡᠬᠦ ᠲᠠᠪᠠᠭᠤ ᠲᠤᠮᠤ ᠬᠤᠳᠠ ᠶᠢ ᠠᠩᠬ᠎ᠠ ᠤᠳᠠᠭ᠎ᠠ ᠤᠯᠵᠤ ᠦᠵᠡᠯ᠎ᠡ | ᠬᠡᠵᠤ ᠢᠨᠢᠶᠡᠳᠦᠮ ᠪᠤᠯᠭᠠᠨ ᠶᠠᠷᠢᠵᠤ ᠪᠠᠶᠢᠭᠰᠠᠨ ᠶᠤᠮ᠃ | ᠬᠤᠶᠠᠷ᠂ ᠤᠷᠠᠨ ᠵᠤᠬᠢᠶᠠᠯ ᠤᠨ ᠲᠦᠯᠦᠬᠡ ᠤᠰᠤᠡᠪᠤᠳᠤᠭ ᠵᠠᠶᠠᠭᠠᠪᠠ | ᠤᠰᠤᠡᠪᠤᠳᠤᠭ᠂ 1986 ᠤᠨ ᠤ 7 ᠰᠠᠷ᠎ᠠ ᠳᠤ᠂ ᠨᠠᠢᠮᠠᠨ ᠬᠤᠰᠢᠭᠤᠨ ᠤ ᠪᠠᠶᠢᠰᠢᠩᠳᠤ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠳᠤ ᠰᠢᠯᠭᠠᠨ | ᠤᠷᠤᠪᠠ᠃ ᠲᠡᠳᠡᠨ ᠤ ᠠᠩᠬᠢ ᠶᠢᠨ ᠬᠠᠮᠳᠤ ᠰᠤᠷᠤᠭᠴᠢ ᠨᠡᠶᠢᠳᠡ ᠲᠦᠴᠢᠬᠡᠳ ᠨᠡᠷᠡᠰ ᠪᠠᠶᠢᠭᠰᠠᠨ ᠪᠤᠯᠪᠠᠴᠤ ᠲᠡᠬᠦᠨ ᠢ ᠪᠠᠭᠳᠠᠭᠠᠭᠰᠠᠨ ᠭᠤᠷᠪᠠᠭ᠋ᠠᠨ ᠨᠡᠷᠡᠰ | ᠰᠤᠷᠤᠭᠴᠢ ᠰᠢᠯᠭᠠᠯᠳᠠ ᠶᠢᠨ ᠪᠡᠷᠭᠡ ᠲᠠᠪᠠᠭ᠎ᠠ ᠶᠢ ᠰᠢᠯᠤᠭᠤᠳᠬᠠᠨ ᠲᠠᠪᠠᠵᠤ᠂ ᠠᠵᠠ ᠪᠠᠷ ᠲᠡᠭᠡᠳᠦ ᠵᠡᠷᠭᠡ ᠶᠢᠨ ᠲᠤᠮᠳᠠᠳᠤ ᠰᠤᠷᠭᠠᠭᠤᠯᠢ ᠳᠤ ᠲᠠᠪᠰᠢᠭᠰᠠᠨ ᠨᠢ ᠲᠡᠷᠡ | ᠪᠠᠶᠢᠪᠠ᠃ ᠲᠤᠬᠠᠢ ᠶᠢᠨ ᠦᠶ᠎ᠡ ᠳᠤ ᠲᠡᠷᠡ ᠨᠢᠬᠡᠨᠳᠡ ᠤᠷᠠᠨ ᠵᠤᠬᠢᠶᠠᠯ ᠳᠤ ᠰᠦᠨᠡᠰᠦ ᠪᠠᠨ ᠲᠠᠭᠤᠳᠠᠭᠤᠯᠤᠭᠰᠠᠨ ᠰᠢᠭ᠋ ᠡᠷᠬᠡ ᠦᠬᠡᠢ ᠲᠠᠳᠠᠭᠳᠠᠨ᠂ ᠪᠤᠰᠤᠳ | ᠬᠢᠴᠢᠶᠡᠯ ᠤᠨ ᠴᠠᠭ ᠲᠤ ᠤᠯᠠᠩᠬᠢ ᠳᠤ ᠪᠠᠨ ᠤᠷᠠᠨ ᠵᠤᠬᠢᠶᠠᠯ ᠤᠡᠭᠰᠢᠬᠤ ᠪᠤᠶᠤ ᠪᠢᠴᠢᠵᠤ ᠪᠠᠭᠰᠢ ᠳᠤ ᠪᠠᠨ ᠰᠢᠬᠦᠮᠵᠢᠯᠡᠬᠦᠯᠵᠤ ᠪᠠᠶᠢᠭᠰᠠᠨ ᠶᠤᠮ᠃ ᠲᠡᠷᠡ | ᠦᠶ᠎ᠡ ᠠᠴᠠ ᠡᠬᠢᠯᠡᠭᠡᠳ ︽ᠵᠢᠷᠢᠮ ᠤᠨ ᠤᠷᠠᠨ ᠵᠤᠬᠢᠶᠠᠯ︾ ᠳᠤ ᠬᠠᠶᠠ ᠨᠢᠬᠡ ᠬᠡᠤᠬᠡᠳ ᠤᠨ ᠤᠷᠠᠨ ᠵᠤᠬᠢᠶᠠᠯ ᠨᠡᠶᠢᠳᠡᠯᠡᠬᠦᠯᠵᠤ ᠪᠠᠶᠢᠭᠰᠠᠨ ᠪᠦᠬᠡᠳ 1988 ᠤᠨ ᠳᠤ | ︽ᠴᠤᠯᠮᠤᠨ︾ ᠰᠡᠳᠬᠦᠯ ᠳᠤ ︽ᠨᠠᠷᠢᠳ ᠤᠨ ᠭᠤᠤᠯ ᠮᠢᠨᠢ︾ ᠬᠡᠬᠦ ᠰᠢᠯᠦᠭ ᠢᠶᠠᠨ ᠨᠡᠶᠢᠳᠡᠯᠡᠬᠦᠯᠤᠨ ᠦᠯᠡᠮᠵᠢ ᠤᠷᠮᠠᠰᠢᠵᠤ ᠶᠠᠪᠤᠵᠠᠢ᠃ ᠲᠡᠭᠡᠭᠡᠳ ︽ᠵᠢᠷᠢᠮ ᠤᠨ | ᠰᠤᠨᠢᠨ︾ ᠪᠤᠯᠤᠨ ︽ᠵᠢᠷᠢᠮ ᠤᠨ ᠤᠷᠠᠨ ᠵᠤᠬᠢᠶᠠᠯ︾ ᠰᠡᠳᠬᠦᠯ ᠳᠤ ᠰᠢᠯᠦᠭ ᠵᠤᠬᠢᠶᠠᠯ ᠢᠶᠠᠨ ᠤᠳᠠᠭ᠎ᠠ ᠲᠠᠷᠠᠭᠠᠯᠠᠨ ᠨᠡᠶᠢᠳᠡᠯᠡᠬᠦᠯᠵᠤ ᠶᠠᠪᠤᠬᠤ ᠪᠤᠯᠤᠭᠰᠠᠨ ᠶᠤᠮ᠃ | 1989 ᠤᠨ ᠳᠤ᠂ ᠲᠡᠭᠡᠳᠦ ᠱᠠᠳᠤᠨ ᠤ ᠬᠢᠨ ᠪᠠᠶᠢᠰᠢᠩᠳᠤ ᠲᠡᠭᠡᠳᠤ ᠵᠡᠷᠭᠡ ᠶᠢᠨ ᠲᠤᠮᠳᠠᠳᠤ ᠰᠤᠷᠭᠠᠭᠤᠯᠢ ᠶᠢ ᠠᠵᠢᠯ ᠮᠡᠷᠬᠡᠵᠢᠯ ᠤᠨ ᠲᠤᠮᠳᠠᠳᠤ ᠰᠤᠷᠭᠠᠭᠤᠯᠢ | ᠪᠤᠯᠭᠠᠭᠰᠠᠨ ᠪᠤᠯᠬᠤᠷ ᠲᠡᠷᠡ᠂ ᠬᠡᠷᠡᠯ ᠵᠢᠷᠤᠭ ᠤᠨ ᠮᠡᠷᠭᠡᠵᠢᠯ ᠰᠤᠷᠪᠠ᠃ ᠬᠡᠳᠡᠯ᠎ᠡ ᠲᠡᠷᠡ ᠨᠢ ᠨᠢᠬᠡ ᠯᠠ ᠬᠤᠭᠤᠴᠠᠭ᠎ᠠ ᠪᠤᠯᠤᠭᠠᠳ ᠡᠬᠦᠳᠡ ᠪᠠᠨ ᠬᠠᠭᠠᠵᠤ᠂ | ᠡᠷᠬᠢᠯᠡᠬᠦ ᠪᠠᠨ ᠵᠤᠭᠰᠤᠭᠰᠠᠨ ᠢᠶᠠᠷ ᠤᠰᠤᠡᠪᠤᠳᠤᠭ ᠲᠠᠬᠢᠨ ᠰᠤᠷᠭᠠᠭᠤᠯᠢ ᠳᠤ ᠪᠠᠨ ᠪᠤᠴᠠᠵᠤ᠂ ᠤᠤᠯ ᠠᠴᠠ ᠤᠷᠠᠨ ᠵᠢᠷᠤᠭ ᠲᠤ ᠪᠠᠭ᠋ᠠᠳᠠᠢ ᠪᠠᠶᠢᠭᠰᠠᠨ ᠪᠤᠯᠬᠤᠷ ᠶᠡᠭᠡ | ᠰᠤᠷᠭᠠᠭᠤᠯᠢ ᠰᠢᠯᠭᠠᠬᠤ ᠪᠠᠷ ᠤᠷᠠᠨ ᠵᠢᠷᠤᠭ ᠤᠨ ᠲᠤᠰᠬᠠᠢ ᠠᠩᠬᠢ ᠳᠤ ᠤᠷᠤᠵᠤ ᠤᠷᠮ᠎ᠠ ᠲᠠᠢ ᠰᠤᠷᠤᠯᠴᠠᠪᠠ᠃ ᠬᠡᠶ᠎ᠡ ᠨᠢᠬᠡ ᠯᠠ ᠰᠤᠷᠤᠯᠭ᠎ᠠ ᠶᠢᠨ ᠬᠤᠭᠤᠴᠠᠭ᠎ᠠ | ᠪᠠᠶᠢᠭᠰᠠᠨ ᠪᠤᠯᠬᠤᠷ ᠶᠠᠭᠠᠬᠢᠵᠤ ᠴᠢᠷᠮᠠᠶᠢᠭᠰᠠᠨ ᠴᠦ ᠲᠤᠰᠠ ᠪᠤᠯᠤᠭᠰᠠᠨ ᠦᠬᠡᠢ᠂ ᠲᠤᠰ ᠵᠢᠯ ᠳᠤ ᠪᠠᠨ ᠤᠷᠠᠨ ᠵᠢᠷᠤᠭ ᠤᠨ ᠲᠤᠰᠬᠠᠢ ᠮᠡᠷᠬᠡᠵᠢᠯ ᠢᠶᠠᠨ ᠰᠢᠯᠭᠠᠭᠠᠳ | ᠬᠢᠷᠢ ᠲᠡᠩᠴᠡᠭᠰᠡᠨ ᠦᠬᠡᠢ ᠪᠤᠯᠬᠤᠷ ᠰᠤᠶᠤᠯ ᠤᠨ ᠰᠢᠯᠭᠠᠯᠳᠠ ᠳᠤ ᠪᠠᠨ ᠴᠦ ᠤᠷᠤᠯᠴᠠᠭᠰᠠᠨ ᠦᠬᠡᠢ ᠪᠠᠷ ᠬᠦᠡᠵᠢᠯᠡ ᠲᠡᠪᠢᠰᠬᠡᠷ ᠢᠶᠠᠨ ᠡᠬᠦᠷᠦᠨ ᠡᠷᠭᠡ ᠲᠤᠷ᠎ᠠ ᠪᠠᠷ | ᠲᠤᠭᠯᠠᠵᠤ ᠨᠠᠭᠠᠳᠴᠤ ᠪᠠᠶᠢᠭᠰᠠᠨ ᠡᠬᠡ ᠰᠤᠷᠭᠠᠭᠤᠯᠢ ᠶᠢᠨ ᠢᠶᠠᠨ ᠠᠭᠤᠵᠢᠮ ᠬᠦᠷᠢᠶ᠎ᠡ᠂ ᠬᠡᠳᠦᠨ ᠲᠠᠰᠤᠯᠭ᠎ᠠ ᠬᠢᠴᠢᠶᠡᠯ ᠤᠨ ᠬᠡᠷ ᠪᠤᠯᠤᠨ ᠬᠤᠶᠢᠨ᠎ᠠ ᠠᠴᠠ ᠨᠢ ᠭᠠᠷ | ᠲᠠᠯᠠᠯᠤᠨ ᠬᠠᠷᠠᠵᠤ ᠵᠤᠭᠰᠤᠭ᠎ᠠ ᠬᠠᠮᠳᠤ ᠰᠤᠷᠤᠯᠭᠠᠳᠡᠳ ᠢᠶᠠᠨ ᠡᠷᠬᠢᠨ ᠡᠷᠬᠢᠨ ᠬᠠᠷᠠᠭᠰᠠᠭᠠᠷ ᠨᠤᠳᠤᠭ ᠲᠤ ᠪᠠᠨ ᠪᠤᠴᠠᠵᠠᠢ᠃ ᠡᠨᠡ ᠨᠢ ᠲᠡᠬᠦᠨ ᠳᠤ ᠠᠪᠴᠤ ᠬᠡᠯᠡᠪᠡᠯ | ᠨᠢᠬᠡ ᠲᠠᠯ᠎ᠠ ᠪᠠᠷ ᠰᠤᠷᠤᠯᠭ᠎ᠠ ᠪᠠᠨ ᠠᠯᠳᠠᠭᠰᠠᠨ ᠬᠠᠷᠠᠮᠰᠠᠯᠳᠠᠢ ᠤᠴᠢᠷ ᠪᠠᠶᠢᠭ᠎ᠠ ᠪᠤᠯᠪᠠᠴᠤ ᠨᠦᠬᠦᠬᠡ ᠲᠠᠯ᠎ᠠ ᠪᠠᠷ ᠤᠷᠠᠨ ᠵᠤᠬᠢᠶᠠᠯ ᠢᠶᠠᠨ ᠤᠷᠤᠯᠳᠤᠵᠤ ᠰᠠᠭᠤᠬᠤ | ᠰᠠᠶᠢᠨ ᠠᠵᠠ ᠵᠠᠪᠰᠢᠶᠠᠨ ᠪᠤᠯᠤᠨ ᠰᠠᠨᠠᠭᠳᠠᠵᠤ ᠪᠠᠶᠢᠪᠠ᠃ ᠬᠡᠳᠡᠯ᠎ᠡ᠂ ᠠᠩᠭ᠎ᠠ ᠦᠷ᠎ᠡ ᠶᠢᠨ ᠢᠶᠠᠨ ᠬᠤᠵᠢᠮ ᠢᠷᠡᠭᠡᠳᠦᠢ ᠶᠢ ᠶᠠᠭᠤᠨ ᠠᠴᠠ ᠴᠦ ᠬᠦᠡᠳᠦ ᠦᠵᠡᠳᠡᠭ ᠠᠪᠤ | ᠡᠵᠢ ᠳᠤ ᠨᠢ ᠠᠪᠴᠤ ᠬᠡᠯᠡᠪᠡᠯ ᠡᠨᠡ ᠬᠦ ᠶᠠᠪᠤᠳᠠᠯ ᠨᠢ ᠲᠤᠩ ᠴᠦ ᠰᠡᠳᠬᠢᠯ ᠵᠤᠪᠠᠨ ᠰᠠᠨᠠᠭ᠎ᠠ ᠠᠯᠳᠠᠬᠤ ᠪᠤᠳᠤᠯᠭ᠎ᠠ ᠶᠢᠨ ᠡᠪᠡᠳᠴᠢᠨ ᠪᠤᠯᠵᠤ ᠪᠠᠶᠢᠯ᠎ᠠ᠃ ᠡᠨᠡ ᠨᠢ | ᠠᠶᠢᠯ ᠠᠶᠢᠮᠠᠭ ᠤᠨ ᠬᠢᠨ ᠤ ᠨᠢᠳᠤᠨ ᠳᠤ ᠠᠯᠵᠠᠭᠤ ᠵᠠᠯᠬᠠᠭᠤ᠂ ᠠᠷᠭ᠎ᠠ ᠦᠬᠡᠢ ᠲᠠᠩᠬᠠᠢ ᠡᠷ᠎ᠡ ᠪᠤᠯᠤᠨ ᠶᠠᠷᠢᠭᠳᠠᠵᠤ ᠪᠠᠶᠢᠭᠰᠠᠨ ᠨᠢ ᠲᠡᠳᠡ ᠨᠡᠷ ᠤᠨ ᠰᠡᠳᠬᠢᠯ ᠤᠨ | ᠲᠠᠷᠤᠭᠠᠰᠤ ᠶᠢ ᠤᠯᠠᠮ ᠨᠡᠮᠡᠭᠳᠡᠬᠦᠯᠪᠡ᠃ ᠲᠡᠶᠢᠮᠤ ᠤᠴᠢᠷ ᠠᠴᠠ ᠠᠪᠤ ᠡᠵᠢ ᠨᠢ ᠲᠡᠬᠦᠨ ᠤ ᠲᠦᠯᠦᠬᠡ ᠰᠠᠨᠠᠭᠠᠰᠢᠷᠠᠨ᠂ ᠡᠷᠳᠡ ᠡᠳᠦᠷ ᠠᠵᠢᠯ ᠠᠯᠪᠠ ᠤᠯᠵᠤ ᠦᠭᠬᠦ | ᠪᠤᠶᠤ ᠠᠬᠢᠭᠠᠳ ᠰᠤᠷᠭᠠᠭᠤᠯᠢ ᠰᠤᠶᠤᠯ ᠤᠨ ᠮᠦᠷ ᠬᠦᠬᠡᠬᠡᠭᠰᠡᠨ ᠴᠦ ᠪᠤᠯᠤᠨ᠎ᠠ ᠬᠡᠵᠤ ᠦᠷᠬᠦᠯᠵᠢ ᠪᠤᠳᠤᠯᠬᠢᠯᠠᠳᠠᠭ ᠪᠠᠶᠢᠪᠠ᠃ | ᠨᠢᠬᠡᠨ ᠡᠳᠦᠷ ᠠᠪᠤ ᠨᠢ ᠲᠦᠡᠭᠯᠢᠶᠤᠤ ᠡᠷᠡᠬᠦᠯ ᠬᠠᠮᠠᠭᠠᠯᠠᠯ ᠤᠨ ᠰᠤᠷᠭᠠᠭᠤᠯᠢ ᠶᠢᠨ ᠰᠤᠷᠤᠭᠴᠢ ᠡᠯᠰᠡᠬᠦ ᠵᠡᠷ ᠢ ᠠᠪᠴᠢᠷᠠᠨ ᠲᠡᠬᠦᠨ ᠳᠤ ᠦᠭᠴᠦ᠄ ︽ᠬᠦᠦ | ᠮᠢᠨᠢ᠂ ᠡᠬᠦᠨ ᠢ ᠤᠡᠭᠰᠢᠵᠤ ᠦᠵᠡ᠂ ᠲᠤᠷᠠᠳᠠᠢ ᠪᠤᠯ ᠡᠮᠴᠢ ᠰᠤᠷᠴᠢᠬ᠎ᠠ᠂ ᠨᠢᠬᠡ ᠨᠠᠰᠤᠨ ᠳᠤ ᠴᠢᠨᠢ ᠲᠤᠰᠠ ᠪᠤᠯᠤᠨ᠎ᠠ︾ ᠬᠡᠵᠡᠢ᠃ ᠲᠡᠷᠡ᠂ ᠠᠪᠤ ᠡᠵᠢ ᠶᠢᠨ ᠢᠶᠠᠨ | ᠬᠦᠰᠡᠯ ᠱᠠᠭᠠᠷᠳᠠᠯᠭ᠎ᠠ ᠶᠢ ᠬᠦᠡᠳᠦᠳᠬᠡᠨ ᠦᠵᠡᠬᠦ ᠶᠢᠨ ᠲᠠᠭᠠᠤ᠂ ᠲᠡᠷᠢᠶᠠᠴᠢᠨ ᠪᠤᠯᠵᠤ ᠲᠠᠷᠢᠶᠠᠨ ᠵᠢᠷᠤᠬ᠎ᠠ ᠪᠠᠷ ᠬᠠᠷ᠎ᠠ ᠬᠦᠯᠦᠰᠦ ᠤᠷᠤᠰᠬᠠᠨ ᠬᠦᠶᠦᠬᠦ ᠠᠴᠠ ᠬᠠᠪᠢ | ᠦᠬᠡᠢ ᠲᠡᠭᠡᠷ᠎ᠡ ᠪᠠᠶᠢᠬ᠎ᠠ ᠬᠡᠵᠤ ᠪᠤᠳᠤᠭᠠᠳ᠂ ᠲᠦᠡᠭᠯᠢᠶᠤᠤ ᠶᠢᠨ ᠡᠷᠡᠬᠦᠯ ᠬᠠᠮᠠᠭᠠᠯᠠᠯ ᠤᠨ ᠰᠤᠷᠭᠠᠭᠤᠯᠢ ᠶᠢᠨ ᠬᠦᠳᠡᠭᠡ ᠡᠮᠴᠢ ᠶᠢᠨ ᠠᠩᠬᠢ ᠳᠤ ᠨᠡᠷ᠎ᠡ ᠮᠡᠳᠡᠬᠦᠯᠦᠨ | ᠮᠤᠩᠭᠤᠯ ᠡᠮ ᠡᠮᠨᠡᠯᠬᠡ ᠶᠢᠨ ᠤᠬᠠᠭᠠᠨ ᠢ ᠰᠢᠰᠲ᠋ᠧᠮ ᠲᠠᠢ ᠰᠤᠷᠤᠯᠴᠠᠵᠤ ᠡᠬᠢᠯᠡᠪᠡ᠃ ᠬᠡᠪᠡᠴᠦ ᠲᠡᠷᠡ ᠪᠠᠰᠠ ᠯᠠ ᠬᠢᠴᠢᠶᠡᠯ ᠤᠨ ᠴᠠᠭ ᠲᠤ ᠤᠷᠠᠨ ᠵᠤᠬᠢᠶᠠᠯ | ᠰᠤᠨᠢᠷᠬᠠᠳᠠᠭ ᠪᠠᠶᠢᠪᠠ᠃ ᠲᠡᠷᠡ᠂ ᠴᠢᠯᠦᠬᠡ ᠯᠠ ᠭᠠᠷᠪᠠᠯ ᠨᠤᠮ ᠤᠨ ᠲᠡᠯᠬᠡᠬᠦᠷ ᠵᠦᠭ ᠬᠦᠶᠦᠳᠡᠭ᠃ ᠨᠢᠬᠡ ᠤᠳᠠᠭ᠎ᠠ ᠲᠦᠡᠭᠯᠢᠶᠤᠤ ᠶᠢᠨ ᠰᠢᠡᠬᠤᠸᠠ ᠨᠤᠮ ᠤᠨ | ᠲᠡᠯᠬᠡᠬᠦᠷ ᠲᠤ ᠤᠴᠢᠭᠠᠳ ᠰᠠᠶ᠋ᠢᠬᠠᠨ ᠬᠡᠪᠯᠡᠭᠳᠡᠭᠡᠳ ᠪᠡᠭᠡ ᠶᠢᠨ ᠦᠨᠦᠷ ᠨᠢ ᠴᠦ ᠠᠷᠢᠯᠤᠭ᠎ᠠ ᠦᠬᠡᠢ ᠶᠡᠭᠡ ᠰᠢᠯᠦᠭᠴᠢ ᠠᠷᠳᠠᠢ ᠪᠠᠭᠰᠢ ᠶᠢᠨ ᠬᠤᠶᠠᠷ ᠲᠦᠬᠦᠷᠢᠭ | ᠨᠠᠶᠠᠨ ᠮᠦᠡᠭᠬᠦ ᠶᠢᠨ ᠦᠨ᠎ᠡ ᠲᠠᠢ ᠰᠢᠯᠦᠭ ᠤᠨ ᠲᠡᠬᠦᠪᠦᠷᠢ ︽ᠪᠤᠳᠤᠯ ᠤᠨ ᠴᠡᠩᠬᠡᠷ ᠢᠷᠭᠤᠢ︾ ᠶᠢ ᠠᠪᠬᠤ ᠬᠡᠳ ᠬᠠᠷᠮᠠᠨ ᠳᠠᠬᠢ ᠵᠤᠭᠤᠰ ᠨᠢ ᠨᠠᠶᠠᠨ ᠮᠦᠡᠭᠬᠦ | ᠲᠤᠳᠠᠴᠢᠬᠠᠪᠠ᠃ ᠶᠠᠭᠠᠬᠢᠳᠠᠭ ᠪᠢᠯᠡ︖ ᠨᠠᠶᠠᠨ ᠮᠦᠡᠭᠬᠦ ᠲᠤᠳᠠᠭᠤ ᠪᠠᠷ ᠦᠭᠳᠡᠭ ᠪᠤᠯᠪᠠ ᠦᠦ︖ ᠡᠰᠡᠬᠦᠯ᠎ᠡ ᠲᠠᠷᠠᠭ᠎ᠠ ᠤᠳᠠᠭ᠎ᠠ ᠢᠷᠡᠬᠦ ᠳᠤ ᠪᠠᠨ ᠠᠪᠴᠢᠷᠠᠵᠤ | ᠦᠭᠬᠦ ᠪᠠᠷ ᠬᠡᠯᠡᠯᠴᠡᠵᠤ ᠦᠵᠡᠶ᠎ᠡ᠃ ᠲᠡᠷᠡ᠂ ᠰᠢᠯᠦᠭ ᠤᠨ ᠲᠡᠬᠦᠪᠦᠷᠢ ᠶᠢ ᠤᠷᠪᠠᠭᠤᠯᠤᠨ ᠬᠦᠷᠪᠡᠬᠦᠯᠵᠤ ᠤᠳᠠᠳᠠᠯ᠎ᠠ ᠪᠠᠷᠢᠵᠤ ᠵᠤᠭᠰᠤᠪᠠ᠃ ᠤᠷᠤᠨ ᠳᠤ ᠨᠢ ᠲᠠᠯᠪᠢᠵᠤ | ᠲᠠᠬᠢᠨᠳᠠ ᠠᠪᠴᠤ ᠤᠷᠪᠠᠭᠤᠯᠤᠨ ᠬᠦᠷᠪᠡᠬᠦᠯᠵᠤ ᠤᠡᠭᠰᠢᠵᠤ ᠦᠵᠡᠨ᠎ᠡ᠃ ᠶᠠᠭᠠᠬᠢᠪᠠᠴᠤ ᠬᠤᠳᠠᠯᠳᠤᠵᠤ ᠠᠪᠤᠨ᠎ᠠ ᠬᠡᠵᠤ ᠲᠠᠰᠤ ᠪᠤᠳᠤᠵᠤ ᠪᠠᠶᠢᠪᠠ᠃ ᠲᠡᠷᠡ᠂ ᠨᠤᠮ | ᠬᠤᠳᠠᠯᠳᠤᠵᠤ ᠪᠠᠶᠢᠭ᠎ᠠ ᠦᠢᠯᠡᠴᠢᠯᠡᠭᠴᠢ ᠬᠡᠤᠬᠡᠨ ᠠᠴᠠ ᠲᠠᠬᠢᠨᠳᠡ ᠠᠰᠠᠭᠤᠵᠤ ᠦᠵᠡᠪᠡ᠃ ᠦᠢᠯᠡᠴᠢᠯᠡᠭᠴᠢ ᠬᠡᠤᠬᠡᠨ ᠠᠭᠤᠷᠯᠠᠴᠢᠬᠠᠭᠰᠠᠨ ᠪᠤᠯᠤᠯᠳᠠᠢ ︽ᠨᠢᠬᠡ | ᠮᠦᠡᠭᠬᠦ ᠴᠦ ᠲᠤᠳᠠᠭᠤ ᠪᠠᠶᠢᠵᠤ ᠪᠤᠯᠬᠤ ᠦᠬᠡᠢ︾ ᠬᠡᠵᠤ ᠠᠶᠢᠬᠤᠪᠳᠤᠷ ᠬᠡᠭᠵᠢᠬᠦᠨ ᠲᠤᠤᠭᠠᠷᠪᠠ᠃ ᠲᠡᠷᠡ᠂ ᠨᠤᠮ ᠢ ᠤᠷᠤᠨ ᠳᠤ ᠨᠢ ᠬᠦᠡᠭᠬᠡᠭᠡᠨ ᠲᠠᠯᠪᠢᠵᠤ ᠬᠡᠰᠡᠭ | ᠵᠤᠭᠰᠤᠭᠰᠠᠨ ᠢᠶᠠᠨ ᠲᠠᠬᠢᠨ ᠠᠪᠴᠤ ᠡᠶᠢᠰᠢ ᠲᠡᠶᠢᠰᠢ ᠬᠠᠷᠠᠵᠤ ᠦᠵᠡᠪᠡ᠃ ᠬᠡᠨ ᠬᠦᠮᠦᠨ ᠬᠦᠷᠦᠬᠡᠳ ᠢᠷᠡᠪᠡᠯ ᠤᠯᠠᠶᠢᠬᠤ ᠨᠢᠭᠤᠷ ᠢ ᠬᠦᠬᠡᠬᠡᠵᠤ ᠮᠦᠡᠭᠬᠦ ᠲᠦᠬᠦᠷᠢᠭ | ᠭᠤᠶᠤᠶ᠎ᠠ ᠬᠡᠵᠤ ᠰᠢᠢᠳᠪᠡ᠃ ᠦᠨᠡᠬᠡᠷ ᠨᠢᠬᠡᠨ ᠡᠪᠦᠬᠡᠨ ᠬᠦᠷᠦᠬᠡᠳ ᠢᠷᠡᠬᠦ ᠨᠢ ᠲᠡᠷᠡ᠃ ᠬᠦᠷᠢᠶ᠎ᠡ ᠬᠤᠰᠢᠭᠤᠨ ᠤ ᠨᠠᠰᠤᠳᠠᠨ ᠬᠡᠨ᠎ᠡ᠃ ᠲᠡᠷᠡ ᠠᠯᠠᠰᠬᠢᠨ ᠪᠠᠶᠠᠷᠯᠠᠪᠠ | ᠃ ᠲᠡᠷᠡ ᠦᠬᠡᠳᠡ ᠠᠴᠠ ᠨᠢ ᠲᠤᠰᠴᠤ ᠬᠦᠷᠦᠬᠡᠳ᠄ ︽ᠡᠪᠦᠬᠡᠨ ᠠᠪᠤ ᠡ᠂ ᠲᠠ ᠨᠤᠮ ᠠᠪᠬᠤ ᠬᠡᠵᠤ ᠪᠠᠶᠢᠨ᠎ᠠ ᠦᠦ︖︾ ᠬᠡᠵᠤ ᠠᠯᠢ ᠴᠢᠳᠠᠬᠤ ᠪᠠᠷ ᠪᠤᠯᠪᠠᠰᠤᠨ | ᠶᠤᠰᠤᠷᠬᠠᠭ ᠪᠠᠶᠢᠬᠤ ᠶᠢ ᠬᠢᠴᠢᠶᠡᠵᠤ ᠢᠡᠭᠬᠢᠵᠤ ᠠᠰᠠᠭᠤᠪᠠ᠃ ︽ᠦ᠂ ᠮᠤᠩᠭᠤᠯ ᠬᠡᠤᠬᠡᠳ ᠪᠠᠶᠢᠨ᠎ᠠ ᠰᠢᠳᠡ᠃ ᠰᠠᠶᠢᠨ ᠪᠤᠯᠤᠯ᠎ᠠ᠃ ᠪᠢ ᠤᠮᠪᠤᠯᠤ ᠳᠤ ᠪᠠᠨ ᠨᠢᠬᠡ | ᠨᠤᠮ ᠠᠪᠴᠤ ᠦᠭᠬᠦᠶ᠎ᠡ ᠬᠡᠰᠡᠨ ᠶᠤᠮ᠃ ᠴᠢ ᠨᠠᠳᠠ ᠳᠤ ᠰᠤᠩᠭᠤᠭᠠᠳ ᠦᠭᠬᠦᠭᠡᠷᠡᠢ︾ ᠬᠡᠪᠡ᠃ ᠵᠡᠪᠰᠢᠶᠡᠨ ᠢᠷᠡᠯ᠎ᠡ ᠬᠡᠵᠤ ᠪᠤᠳᠤᠭᠰᠠᠨ ᠲᠡᠷᠡ ᠪᠠᠷ ᠲᠤᠩ | ᠪᠠᠶᠠᠷᠯᠠᠨ᠄ ︽ᠪᠤᠯᠤᠨ᠎ᠠ᠂ ᠪᠤᠯᠤᠨ᠎ᠠ︾ ᠬᠡᠵᠤ ᠬᠤᠷᠳᠤᠨ ᠴᠦ ᠬᠦᠯᠢᠶᠡᠨ ᠠᠪᠤᠪᠠ᠃ ᠲᠡᠷᠡ᠂ ᠡᠪᠦᠬᠡᠨ ᠳᠤ ᠨᠤᠮ ᠰᠤᠩᠭᠤᠵᠤ ᠦᠭᠬᠦᠭᠰᠡᠨ ᠤ ᠲᠠᠷᠠᠭ᠎ᠠ ᠦᠪᠡᠷ ᠤᠨ | ᠤᠴᠢᠷ ᠢᠶᠠᠨ ᠡᠷᠡᠭᠡ ᠦᠬᠡᠢ ᠰᠢᠭᠤᠳ ᠶᠠᠷᠢᠪᠠ᠃ ᠡᠪᠦᠬᠡᠨ ᠲᠤᠩ ᠪᠠᠶᠠᠷᠯᠠᠨ᠄ ︽ᠦ᠂ ᠨᠤᠮ ᠠᠪᠬᠤ ᠬᠡᠵᠤ ᠪᠠᠶᠢᠭ᠎ᠠ ᠴᠢᠨᠢ ᠰᠠᠶᠢᠨ ᠬᠡᠤᠬᠡᠳ ᠪᠠᠶᠢᠨ᠎ᠠ︾ ᠬᠡᠳ | ᠨᠢᠬᠡ ᠲᠦᠬᠦᠷᠢᠭ ᠭᠠᠷᠳᠠᠭᠤᠯᠪᠠ᠃ ᠲᠡᠷᠡ ᠪᠠᠶᠠᠷᠯᠠᠬᠤ ᠳᠤ ᠪᠠᠨ ᠶᠠᠭ ᠯᠠ ᠠᠬᠠᠮᠠᠳ ᠤᠳᠤᠷᠢᠳᠤᠯᠭ᠎ᠠ ᠶᠢᠨ ᠢᠶᠠᠨ ᠬᠠᠯᠠᠭᠤᠨ ᠭᠠᠷ ᠠᠴᠠ ᠱᠠᠩᠨᠠᠯ ᠭᠠᠷᠳᠠᠭᠰᠠᠨ ᠵᠠᠯᠠᠭᠤ | ᠺᠠᠳ᠋ᠷ ᠰᠢᠭ᠋ ᠦᠪᠡᠷ ᠤᠨ ᠡᠷᠬᠡ ᠦᠬᠡᠢ ᠲᠦᠪ ᠵᠤᠭᠰᠤᠨ ᠶᠤᠰᠤᠯᠠᠴᠢᠬᠠᠭᠰᠠᠨ ᠪᠠᠶᠢᠪᠠ᠃ ᠡᠪᠦᠬᠡᠨ ᠢᠨᠢᠶᠡᠭᠰᠡᠭᠡᠷ ᠲᠡᠬᠦᠨ ᠤ ᠮᠦᠷᠦ ᠶᠢ ᠲᠠᠪᠰᠢᠨ᠄ ︽ᠪᠢᠴᠢᠭ ᠢᠶᠠᠨ | ᠰᠠᠶᠢᠨ ᠰᠤᠷ᠂ ᠬᠤᠵᠢᠮ ᠨᠡᠷᠡᠳᠤ ᠵᠤᠬᠢᠶᠠᠯᠴᠢ ᠪᠤᠯ︕︾ ᠬᠡᠵᠤ ᠢᠷᠦᠬᠡᠬᠡᠳ ᠴᠠᠭᠠᠰᠢ ᠶᠠᠪᠤᠵᠤ ᠤᠳᠪᠠ᠃ ᠲᠡᠷᠡ᠂ ᠪᠠᠶᠢᠷᠢ ᠳᠤ ᠪᠠᠨ ᠤᠴᠢᠮᠠᠭᠴᠠ ᠦᠯᠤᠰᠴᠦ | ᠤᠮᠳᠠᠭᠠᠰᠤᠭᠰᠠᠨ ᠬᠦᠮᠦᠨ ᠰᠢᠭ ︽ᠪᠤᠳᠤᠯ ᠤᠨ ᠴᠡᠩᠬᠡᠷ ᠢᠷᠭᠤᠢ︾ ᠶᠢ ᠤᠡᠭᠰᠢᠵᠤ ᠡᠬᠢᠯᠡᠪᠡ᠃ ᠬᠤᠶᠠᠷᠬᠠᠨ ᠡᠳᠦᠷ ᠤᠨ ᠲᠤᠳᠤᠷ᠎ᠠ ᠨᠢᠬᠡ ᠲᠡᠪᠳᠡᠷ ᠨᠤᠮ ᠢ | ᠤᠡᠭᠰᠢᠵᠤ ᠲᠠᠭᠤᠰᠬᠠᠭᠠᠳ ᠨᠤᠮ ᠤᠨ ᠠᠷᠤ ᠶᠢᠨ ᠬᠠᠭᠤᠳᠠᠰᠤᠨ ᠳᠤ ︽ᠢᠳᠡᠬᠦ ᠮᠦᠡᠭᠬᠦ ᠲᠤᠳᠠᠭᠰᠠᠨ ᠴᠦ ᠨᠤᠮ ᠠᠪᠬᠤ ᠪᠠᠨ ᠪᠠᠶᠢᠬᠤ ᠦᠬᠡᠢ᠂ ᠢᠷᠠᠭᠤ ᠨᠠᠶᠢᠷᠠᠭ | ᠶᠡᠷᠦ ᠨᠢ ᠨᠠᠮᠠᠢᠢ ᠦᠯᠦᠰᠬᠡᠬᠦ ᠦᠬᠡᠢ︾ ᠬᠡᠵᠤ ᠪᠢᠴᠢᠵᠤ ᠲᠠᠯᠪᠢᠭᠠᠳ ᠦᠯᠡᠮᠵᠢ ᠤᠷᠮᠠᠰᠢᠨ ᠨᠤᠮ ᠤᠨ ᠢᠶᠠᠨ ᠨᠢᠭᠤᠷ ᠢ ᠬᠦᠡᠭᠬᠡᠬᠡᠨ ᠬᠠᠮᠬᠢᠨ ᠡᠯᠢᠬᠡᠨ ᠳᠤ ᠪᠠᠨ | ᠴᠢᠩᠭ᠎ᠠ ᠲᠡᠪᠡᠷᠢᠪᠡ᠃ ᠲᠡᠷᠡ ︽ᠠᠷᠳᠠᠢ ᠪᠠᠭᠰᠢ ᠰᠢᠯᠦᠭ ᠤᠨ ᠰᠠᠬᠢᠭᠤᠯᠰᠤᠨ ᠪᠠᠶᠢᠨ᠎ᠠ᠃ ᠬᠤᠵᠢᠮ ᠲᠡᠬᠦᠨ ᠲᠠᠢ ᠠᠭᠤᠯᠵᠠᠬᠤ ᠵᠠᠪᠰᠢᠶᠠᠨ ᠢᠷᠡᠬᠡᠰᠡᠢ︾ ᠬᠡᠵᠤ | ᠲᠠᠩᠨᠠᠢ ᠳᠤ ᠪᠠᠨ ᠱᠠᠭᠰᠢᠨ ᠮᠠᠩᠨᠠᠢ ᠳᠤ ᠪᠠᠨ ᠵᠠᠯᠪᠠᠷᠢᠪᠠ᠃ ᠲᠦᠡᠭᠯᠢᠶᠤᠤ ᠡᠮᠨᠡᠯᠬᠡ ᠶᠢᠨ ᠰᠤᠷᠭᠠᠭᠤᠯᠢ ᠳᠤ ᠤᠷᠤᠵᠤ ᠰᠤᠷᠤᠯᠴᠠᠭᠰᠠᠨ ᠤ ᠲᠠᠷᠠᠭ᠎ᠠ ᠰᠠᠨᠠᠭᠠᠨ ᠳᠤ ᠪᠠᠨ | ᠶᠠᠮᠠᠷ ᠴᠦ ᠪᠤᠯᠤᠭ ᠡᠮᠴᠢ ᠶᠢᠨ ᠮᠡᠷᠭᠡᠵᠢᠯ ᠢ ᠰᠤᠷᠴᠤ᠂ ᠦᠨᠡᠬᠡᠷ ᠡᠮᠴᠢ ᠪᠤᠯᠴᠢᠬᠠᠶᠠ ᠬᠡᠵᠤ ᠲᠡᠷᠡ ᠪᠤᠳᠤᠪᠠ᠃ ᠢᠡᠭᠬᠢᠬᠦ ᠨᠢ ᠤᠷᠠᠨ ᠵᠤᠬᠢᠶᠠᠯ ᠢᠶᠠᠨ ᠤᠷᠤᠯᠳᠤᠬᠤ ᠳᠤ | ᠴᠦ ᠦᠡᠭᠭᠡᠷᠡᠤ ᠶᠡᠭᠡ ᠬᠠᠷᠰᠢ ᠦᠬᠡᠢ ᠪᠠᠶᠢᠯᠬᠦᠢ ᠬᠡᠵᠤ ᠰᠠᠨᠠᠪᠠ᠃ ᠬᠡᠳᠡᠯ᠎ᠡ᠂ ᠪᠤᠳᠤᠯᠭ᠎ᠠ ᠪᠤᠯᠤᠨ ᠪᠤᠳᠠᠳᠤ ᠠᠬᠤᠢ ᠲᠦᠮᠡᠨ ᠭᠠᠵᠠᠷ ᠤᠨ ᠵᠦᠷᠢᠶ᠎ᠡ ᠲᠠᠢ ᠪᠠᠶᠢᠵᠠᠢ᠃ | ᠬᠡᠳᠦᠨ ᠵᠠᠭᠤᠨ ᠨᠢᠭᠤᠷ ᠲᠠᠢ ᠪᠦᠳᠦᠬᠦᠨ ᠲᠤᠮᠤ ᠬᠤᠷᠢ ᠭᠠᠷᠤᠢ ᠲᠡᠪᠳᠡᠷ ᠬᠢᠴᠢᠶᠡᠯ ᠤᠨ ᠪᠢᠴᠢᠭ ᠢ ᠪᠠᠭᠰᠢ ᠨᠠᠷ ᠨᠢ ᠨᠢᠬᠡ ᠯᠠ ᠵᠢᠯ ᠤᠨ ᠬᠤᠭᠤᠴᠠᠭᠠᠨ ᠳᠤ | ᠴᠢᠳᠬᠤᠭᠠᠳ ᠲᠠᠭᠤᠰᠬᠠᠴᠢᠬᠠᠪᠠ᠃ ᠡᠴᠦᠰ ᠲᠤ ᠪᠠᠨ ᠲᠡᠬᠦᠨ ᠤ ᠲᠠᠷᠢᠬᠢᠨ ᠳᠤ ᠵᠦᠪᠬᠡᠨ ︽ᠬᠡᠢ ᠰᠢᠷ᠎ᠠ᠂ ᠪᠠᠳᠬᠠᠨ︾ ᠯᠠ ᠦᠯᠡᠳᠡᠪᠡ᠃ | 1991 ᠤᠨ ᠳᠤ᠂ ᠮᠤᠩᠭᠤᠯ ᠡᠮᠨᠡᠯᠬᠡ ᠶᠢᠨ ᠬᠤᠷᠢᠶᠠᠨ ᠳᠤ ᠪᠦᠳᠦᠨ ᠨᠢᠬᠡ ᠵᠢᠯ ᠲᠠᠳᠤᠯᠭ᠎ᠠ ᠬᠢᠬᠡᠳ ᠠᠵᠢᠯᠯᠠᠵᠤ ᠪᠤᠯᠬᠤ ᠬᠢᠷᠢ ᠬᠡᠮ ᠳᠤ ᠬᠦᠷᠴᠦ᠂ | ᠬᠡᠷᠡᠴᠢ ᠲᠡᠮᠳᠡᠭ ᠤᠯᠵᠤ ᠲᠤᠰᠤᠭᠠᠳ ᠨᠤᠳᠤᠭ ᠲᠤ ᠪᠠᠨ ᠬᠠᠷᠢᠵᠤ ᠡᠮᠴᠢᠯᠡᠬᠦ ᠪᠠᠷ ᠪᠤᠯᠪᠠ᠃ ᠬᠡᠳᠡᠯ᠎ᠡ ᠲᠡᠳᠡᠨ ᠤ ᠠᠶᠢᠯ ᠳᠤ ᠨᠢ ᠤᠤᠯ ᠠᠴᠠ ᠨᠤᠳᠤᠭ ᠤᠨ ᠡᠮᠴᠢ ᠲᠠᠢ | ᠪᠠᠶᠢᠭᠰᠠᠨ ᠪᠤᠯᠬᠤᠷ ︽ᠨᠢᠬᠡ ᠠᠶᠢᠯ ᠳᠤ ᠨᠢᠬᠡ ᠡᠮᠴᠢ ᠠᠴᠠ ᠢᠯᠡᠬᠦᠦ ᠪᠠᠶᠢᠵᠤ ᠪᠤᠯᠬᠤ ᠦᠬᠡᠢ︾ ᠬᠡᠬᠦ ᠲᠡᠭᠡᠳᠦ ᠱᠠᠳᠤᠨ ᠤ ᠬᠠᠳᠠᠭᠤᠬᠠᠨ ᠲᠤᠭᠳᠠᠭᠠᠯ ᠢᠶᠠᠷ ᠲᠡᠷᠡ | ᠡᠮᠴᠢ ᠪᠠᠰᠠ ᠪᠤᠯᠵᠤ ᠲᠡᠶᠢᠯᠦᠭᠰᠡᠨ ᠦᠬᠡᠢ ᠡᠷᠦᠬᠡ ᠬᠡᠷ ᠲᠤ ᠪᠠᠨ ᠬᠠᠷᠢᠵᠠᠢ᠃ ᠲᠤᠬᠠᠢ ᠶᠢᠨ ᠦᠶ᠎ᠡ ᠳᠤ ᠰᠠᠶ᠋ᠢ ᠬᠤᠷᠢᠨ ᠨᠢᠬᠡᠳᠡᠢ ᠵᠠᠯᠠᠭᠤ ᠤᠰᠤᠡᠪᠤᠳᠤᠭ᠂ ᠨᠢᠬᠡᠨᠳᠡ | ᠠᠩᠬᠠᠨ ᠤ ᠲᠤᠭᠤᠵᠢ ︽ᠲᠤᠷᠠᠯᠠᠯ ᠤᠨ ᠬᠠᠷ᠎ᠠ ᠨᠢᠳᠤᠨ ᠪᠤᠶᠤ ᠲᠤᠷᠠᠰᠤᠯ ᠤᠨ ᠨᠤᠭᠤᠭᠠᠨ ᠰᠤᠡᠳᠤᠷ︾ ᠢᠶᠠᠨ ︽ᠵᠢᠷᠢᠮ ᠤᠨ ᠤᠷᠠᠨ ᠵᠤᠬᠢᠶᠠᠯ︾ ᠰᠡᠳᠬᠦᠯ ᠳᠤ | ᠨᠡᠶᠢᠳᠡᠯᠡᠬᠦᠯᠴᠢᠬᠡᠭᠰᠡᠨ ᠤᠡᠭᠰᠢᠬᠴᠢᠳ ᠤᠨ ᠲᠠᠭᠠᠰᠢᠶᠠᠯ ᠢ ᠬᠦᠷᠳᠡᠵᠤ ᠶᠠᠪᠤᠭ᠎ᠠ ᠵᠤᠬᠢᠶᠠᠯᠴᠢ ᠪᠤᠯᠴᠢᠬᠠᠭᠰᠠᠨ ᠶᠤᠮ᠃ | 1992 ᠤᠨ ᠠᠴᠠ ᠡᠬᠢᠯᠡᠨ ᠠᠷᠭ᠎ᠠ ᠪᠤᠰᠤ ᠲᠠᠷᠢᠶᠠᠨ ᠵᠢᠷᠤᠬ᠎ᠠ ᠪᠠᠷ ᠭᠤᠶᠢᠭᠤᠷᠠᠬᠤ ᠪᠤᠯᠪᠠ᠃ ᠡᠨᠡ ᠦᠶ᠎ᠡ ᠳᠤ ᠲᠡᠷᠡ ᠨᠠᠰᠤ ᠬᠦᠢᠴᠡᠭᠰᠡᠨ ᠵᠠᠯᠠᠭᠤ | ᠪᠤᠯᠴᠢᠬᠠᠭᠰᠠᠨ ᠪᠤᠰᠤᠳ ᠤᠨ ᠲᠠᠨᠢᠯᠴᠠᠭᠤᠯᠭ᠎ᠠ ᠪᠠᠷ ᠲᠠᠮᠵᠢᠨ ᠪᠦᠰᠡᠬᠦᠢ ᠰᠠᠷᠠᠩᠭᠤᠸ᠎ᠠ ᠲᠠᠢ ᠪᠠᠨ ᠲᠠᠨᠢᠯᠴᠠᠵᠤ᠂ ᠬᠠᠷᠢᠯᠴᠠᠨ ᠬᠠᠶᠢᠷᠠᠯᠠᠯᠴᠠᠵᠤ᠂ ᠤᠳᠠᠯ ᠦᠬᠡᠢ | ᠬᠤᠷᠢᠮᠯᠠᠨ ᠬᠡᠷ ᠪᠦᠯᠢ ᠪᠠᠶᠢᠭᠤᠯᠵᠤ᠂ ᠲᠠᠷᠢᠶᠠᠨ ᠠᠵᠢᠯ ᠬᠢᠵᠤ ᠡᠬᠢᠯᠡᠪᠡ᠃ ᠲᠡᠭᠡᠶ᠎ᠡ ︽ᠮᠢᠨᠤ ᠵᠠᠶᠠᠭ᠎ᠠ ᠲᠠᠷᠢᠶᠠᠨ ᠳᠤ᠂ ᠮᠡᠯᠡᠬᠡᠢ ᠶᠢᠨ ᠵᠠᠶᠠᠭ᠎ᠠ ᠰᠢᠪᠠᠷ ᠲᠤ︾ ᠬᠡᠵᠤ | ᠲᠡᠷᠡ ᠶᠡᠷᠦ ᠪᠤᠳᠤᠭ᠎ᠠ ᠦᠬᠡᠢ᠂ ᠬᠠᠷᠢᠨ ᠦᠵᠦᠭ ᠪᠢᠷ ᠢᠶᠠᠷ ᠢᠶᠠᠨ ᠦᠪᠡᠷ ᠤᠨ ᠬᠤᠪᠢ ᠵᠠᠶᠠᠭ᠎ᠠ ᠪᠠᠨ ᠵᠠᠪᠠᠯ ᠦᠬᠡᠷᠡᠴᠢᠯᠡᠨ᠎ᠡ ᠬᠡᠵᠤ ᠡᠷᠡᠰ ᠰᠢᠢᠭᠤᠳᠴᠠᠢ᠃ | ᠲᠡᠬᠦᠨ ᠠᠴᠠ ᠡᠬᠢᠯᠡᠬᠡᠳ ᠲᠡᠷᠡ ᠬᠦᠳᠡᠭᠡ ᠶᠢᠨ ᠰᠢᠪᠠᠷ ᠪᠠᠶᠢᠰᠢᠩ ᠳᠤ ᠪᠠᠨ ᠲᠤᠮᠤ ᠵᠤᠬᠢᠶᠠᠯᠴᠢ ᠪᠤᠯᠬᠤ ᠬᠦᠰᠡᠯ ᠵᠡᠬᠦᠳᠦ ᠪᠠᠨ ᠮᠠᠨᠠᠵᠤ᠂ ᠡᠳᠦᠷᠵᠢᠨ ᠨᠤᠮ ᠪᠢᠴᠢᠭ᠂ | ᠴᠠᠭᠠᠰᠤ ᠪᠢᠷ ᠲᠠᠢ ᠨᠤᠤᠷᠠᠯᠳᠤᠵᠤ ᠡᠬᠢᠯᠡᠪᠡ᠃ ᠲᠡᠷᠡ᠂ ᠬᠡᠳᠦᠬᠡᠨ ᠠᠮᠠ ᠬᠦᠮᠦᠨ ᠤ ᠪᠠᠨ ᠵᠢᠯ ᠤᠨ ᠲᠡᠷᠢᠶ᠎ᠠ ᠪᠠᠨ ᠪᠤᠰᠤᠳ ᠢ ᠭᠤᠶᠤᠵᠤ ᠲᠠᠷᠢᠭᠤᠯᠤᠨ᠎ᠠ᠃ | ᠲᠡᠷᠢᠶᠠᠴᠢᠨ ᠡᠷ᠎ᠡ ᠪᠤᠯᠴᠢᠬᠠᠭᠰᠠᠨ ᠪᠠᠶᠢᠳᠠᠯ᠎ᠠ ᠪᠠᠨ ᠬᠦᠯᠬᠡ ᠠᠡᠵᠢᠰᠤ ᠴᠦ ᠪᠠᠷᠢᠵᠤ ᠴᠢᠳᠠᠬᠤ ᠦᠬᠡᠢ᠃ ᠠᠶᠢᠯ ᠠᠶᠢᠮᠠᠭ ᠤᠨ ᠬᠦᠮᠦᠰ ᠬᠠᠮᠢᠭ᠎ᠠ ᠴᠦ ᠬᠡᠰᠡᠨ | ᠬᠡᠳᠦᠬᠦᠯᠡ ᠲᠠᠭᠠᠷᠠᠮᠠᠭᠴᠠ ᠨᠠᠪᠴᠢᠨ ᠲᠠᠮᠠᠬᠢ ᠪᠠᠨ ᠫᠤᠭᠰᠢᠵᠤ ᠭᠠᠰᠢᠭᠤᠨ ᠤᠳᠤᠭ᠎ᠠ ᠶᠢ ᠨᠢ ᠭᠠᠳᠠᠭᠰᠢ ᠦᠯᠢᠶᠡᠭᠰᠡᠭᠡᠷ ᠬᠤᠭᠤᠷᠤᠡᠳᠤ ᠪᠠᠨ ᠤᠯᠤᠰ ᠬᠦᠷᠦᠨ ᠤ ᠶᠡᠭᠡ | ᠶᠠᠪᠤᠳᠠᠯ᠂ ᠠᠶᠢᠯ ᠠᠶᠢᠮᠠᠭ ᠤᠨ ᠢᠬᠢᠷ ᠰᠢᠬᠢᠷ ᠤᠴᠢᠷ᠂ ᠡᠷᠬᠢᠵᠤ ᠲᠤᠭᠤᠷᠢᠭᠰᠠᠭᠠᠷ ᠪᠠᠶᠢᠭᠠᠳ ᠤᠰᠤᠡᠪᠤᠳᠤᠭ ᠤᠨ ᠤᠷᠤᠢ ᠤᠷᠤᠭᠤ ᠬᠦᠮᠦᠷᠢᠵᠤ ᠪᠠᠭᠤᠭᠠᠳ | ᠬᠠᠯᠠᠭᠤᠨ ᠲᠠᠢ ᠴᠦ ᠵᠤᠭᠤᠭ ᠪᠤᠯᠤᠨ ᠶᠠᠷᠢᠭᠳᠠᠨ᠎ᠠ᠃ ᠵᠡᠷᠢᠮ ᠨᠢ᠄ ︽ᠬᠠᠢ᠂ ᠡᠨᠡ ᠤᠰᠤᠡᠪᠤᠳᠤᠭ ᠠᠩᠭ᠎ᠠ ᠴᠢᠨᠢ ᠶᠠᠯᠢᠬᠤ ᠦᠭᠡᠢ︾ ᠬᠡᠨ᠎ᠡ᠃ ᠵᠠᠷᠢᠮ ᠨᠢ᠄ ︽ᠪᠤᠤ | ᠬᠡᠯᠡ᠂ ᠲᠡᠷᠡ ᠡᠳᠦᠷ ᠬᠤᠪᠢᠨ ᠤ ᠲᠠᠷᠢᠶ᠎ᠠ ᠪᠠᠨ ᠠᠷᠴᠢᠬᠤ ᠪᠠᠷ ᠭᠠᠷᠤᠭᠠᠳ ᠬᠦᠮᠦᠨ ᠤ ᠲᠠᠷᠢᠶ᠎ᠠ ᠶᠢ ᠠᠷᠴᠢᠵᠤ ᠠᠷᠴᠢᠭᠠᠳ ᠬᠦᠷᠦᠬᠡᠳ ᠢᠷᠡᠴᠢᠬᠡᠵᠡᠢ ᠬᠡᠨ᠎ᠡ︾ ᠬᠡᠳ | ᠦᠡᠭᠬᠦᠷᠢᠵᠤ ᠤᠨᠠᠳᠠᠯ᠎ᠠ ᠢᠨᠢᠶᠡᠯᠴᠡᠨᠡ᠃ ᠵᠠᠷᠢᠮ ᠨᠢ᠄ ︽ᠲᠠᠷᠢᠶᠠᠴᠢᠨ ᠬᠦᠮᠦᠨ ᠪᠠᠶᠢᠭᠠᠳ ᠰᠢᠳᠠᠭᠠᠯᠭ᠎ᠠ ᠲᠦᠯᠡᠰᠢᠨ ᠳᠤ ᠪᠠᠨ ᠵᠦᠪ ᠦᠬᠡᠢ᠂ ᠦᠵᠦᠬᠦᠷ ᠦᠬᠡᠢ | ᠠᠳᠬᠤ ᠪᠢᠳᠡᠬᠦᠦ ᠪᠠᠷ ᠵᠤᠭᠤᠰ ᠤᠯᠵᠤ ᠪᠠᠶᠢᠭ᠎ᠠ ᠬᠦᠮᠦᠨ ᠰᠢᠭ ᠲᠦᠯᠡᠭᠡ ᠶᠢ ᠲᠡᠷᠬᠡ ᠲᠡᠷᠬᠡ ᠪᠠᠷ ᠬᠤᠳᠠᠯᠳᠤᠵᠤ ᠠᠪᠤᠨ᠎ᠠ ᠬᠡᠨ᠎ᠡ︾ ᠬᠡᠳ ᠡᠯᠳᠡᠪ ᠡᠰᠡᠨ ᠢᠶᠠᠷ | ᠶᠠᠷᠢᠯᠴᠠᠨ᠎ᠠ᠃ ᠤᠰᠤᠡᠪᠤᠳᠤᠭ᠂ ᠠᠶᠢᠯ ᠠᠶᠢᠮᠠᠭ ᠤᠨ ᠢᠶᠠᠨ ᠬᠦᠮᠦᠰ ᠤᠨ ᠢᠡᠭᠬᠢᠵᠤ ᠶᠠᠩ ᠢᠯᠳᠠᠷ ᠬᠠᠶᠠᠬᠤ ᠦᠬᠡᠢ ᠬᠤᠱᠤᠩᠨᠠᠵᠤ ᠲᠠᠭᠠᠷᠢᠬᠤ ᠶᠢ ᠰᠤᠨᠤᠰᠤᠭᠰᠠᠨ | ᠴᠦ ᠦᠬᠡᠳᠡ ᠠᠴᠠ ᠨᠢ ᠶᠠᠭᠤ ᠴᠦ ᠶᠠᠷᠢᠯ ᠦᠬᠡᠢ ᠢᠨᠢᠶᠡᠬᠡᠳ ᠦᠡᠭᠭᠡᠷᠡᠳᠡᠭ ᠪᠠᠶᠢᠯ᠎ᠠ᠃ ᠲᠡᠷᠡ᠂ ᠠᠮᠢᠳᠤᠷᠠᠯ ᠤᠨ ᠡᠷᠬᠡ ᠪᠠᠷ ᠬᠤᠶᠠᠷ ᠵᠢᠯ ᠲᠠᠷᠢᠶᠠᠨ ᠠᠵᠢᠯ ᠬᠢᠬᠡᠳ | ᠬᠠᠯᠠᠭᠤᠨ ᠨᠠᠷᠠᠨ ᠳᠤ ᠰᠢᠷᠠᠭᠳᠠᠨ᠂ ᠬᠦᠢᠳᠡᠨ ᠰᠢᠭᠤᠷᠭᠠᠨ ᠳᠤ ᠲᠡᠯᠡᠰᠦᠭᠳᠡᠵᠤ᠂ ᠪᠤᠷᠤᠭᠠᠨ ᠰᠠᠯᠬᠢᠨ ᠳᠤ ᠭᠤᠶᠠᠳᠠᠭᠳᠠᠨ ᠶᠠᠪᠤᠬᠤ ᠳᠤ ᠪᠠᠨ ᠤᠷᠠᠨ ᠵᠤᠬᠢᠶᠠᠯ ᠲᠠᠢ | ᠬᠠᠨᠢᠯᠠᠵᠤ ᠨᠦᠬᠦᠷᠰᠡᠬᠦ ᠵᠤᠷᠢᠭ ᠨᠢ ᠤᠯᠠᠮ ᠨᠡᠮᠡᠭᠳᠡᠵᠤ᠂ ᠡᠷᠢᠯᠬᠢᠯᠡᠨ ᠬᠦᠬᠡᠬᠡᠴᠡᠯᠳᠦᠬᠦ ᠡᠷᠡᠴᠢ ᠨᠢ ᠨᠡᠩ ᠴᠢᠩᠭᠠᠷᠠᠵᠠᠢ ᠪᠢᠯᠠ᠃ ᠡᠨᠡ ᠦᠶ᠎ᠡ ᠳᠤ ᠲᠡᠬᠦᠨ ᠤ ᠬᠦᠦ | ᠨᠠᠶᠢᠷᠰᠠᠭ ᠨᠢᠬᠡᠨᠳᠡ ᠶᠢᠷᠳᠢᠡᠴᠤ ᠳᠤ ᠵᠠᠶᠠᠭᠠᠭᠠᠳ ᠬᠠᠯᠠᠭᠤᠨ ᠲᠤᠯᠠᠭᠠᠨ ᠬᠡᠷ ᠪᠦᠯᠢ ᠪᠤᠯᠵᠤ ᠪᠦᠷᠢᠯᠳᠦᠪᠡ᠃ ᠬᠤᠶᠠᠷ ᠵᠢᠯ ᠤᠨ ᠲᠠᠷᠠᠭ᠎ᠠ᠂ ᠦᠬᠡᠷ᠎ᠡ ᠪᠠᠷ ᠬᠡᠯᠡᠪᠡᠯ | 1994 ᠤᠨ ᠤ ᠡᠪᠦᠯ᠂ ᠲᠡᠷᠡ ᠪᠦᠰᠡᠬᠦᠢ ᠬᠡᠤᠬᠡᠳ ᠲᠠᠢ ᠪᠠᠨ ᠭᠤᠷᠪᠠᠭᠤᠯᠠ ᠲᠠᠷᠢᠶᠠᠯᠠᠩ ᠤᠨ ᠬᠠᠳᠠᠭᠤᠵᠢᠯᠳᠠᠢ ᠬᠦᠳᠡᠯᠮᠦᠷᠢ ᠠᠴᠠ ᠬᠤᠷᠠᠮᠳᠠᠭᠤᠯᠵᠤ ᠤᠯᠤᠭᠰᠠᠨ | ᠪᠠᠭ᠎ᠠ ᠰᠠᠭ᠎ᠠ ᠵᠤᠭᠤᠰ ᠢᠶᠠᠨ ᠡᠪᠦᠷᠯᠡᠵᠤ᠂ ᠴᠠᠭ ᠤᠨ ᠤᠷᠤᠰᠬᠠᠯ ᠢ ᠲᠠᠭᠠᠨ᠂ ᠮᠦᠡ ᠴᠦ ᠠᠮᠢ ᠵᠢᠭᠤᠯᠭ᠎ᠠ ᠶᠢᠨ ᠢᠶᠠᠨ ᠲᠦᠯᠦᠬᠡ᠂ ᠡᠰᠡᠬᠦᠯ᠎ᠡ ᠬᠤᠯᠠ ᠶᠠᠪᠤᠵᠤ ᠶᠠᠭᠤ | ᠨᠢᠬᠡ ᠶᠢ ᠬᠠᠷᠠᠬᠤ ᠰᠠᠨ ᠬᠡᠵᠤ ᠲᠠᠪᠬᠤᠷ ᠲᠠᠪᠬᠤᠷ ᠪᠤᠳᠤᠯ ᠲᠦᠷᠦᠭᠳᠡᠬᠦ ᠳᠤ ᠪᠠᠨ ᠮᠠᠶᠢᠮᠠᠢ ᠡᠷᠬᠢᠬᠦᠯᠬᠦ ᠰᠠᠨᠠᠭ᠎ᠠ ᠬᠦᠷᠴᠦ᠂ ᠠᠪᠤ ᠡᠵᠢ ᠶᠢᠨ ᠢᠶᠠᠨ ᠠᠷᠤ ᠠᠴᠠ | ᠬᠢᠯᠢ ᠶᠢᠨ ᠪᠤᠭᠤᠮᠳᠠ ᠡᠷᠢᠶᠡᠨ ᠵᠦᠭ ᠮᠤᠷᠳᠠᠪᠠ᠃ | ᠵᠢᠯ ᠭᠠᠷᠤᠢ ᠶᠢᠨ ᠬᠤᠭᠤᠴᠠᠭᠠᠨ ᠳᠤ᠂ ᠲᠡᠷᠡ ᠵᠠᠪᠰᠠᠷ ᠤᠨ ᠮᠠᠶᠢᠮᠠᠢ ᠡᠷᠬᠢᠬᠦᠯᠵᠤ᠂ ᠬᠠᠯᠬ᠎ᠠ ᠶᠢᠨ ᠬᠦᠮᠦᠰ ᠤᠨ ᠭᠠᠷ ᠠᠴᠠ ᠪᠤᠭᠤ ᠶᠢᠨ ᠴᠢᠰᠤᠨ ᠡᠪᠡᠷ᠂ | ᠠᠷᠢᠬᠢ ᠲᠠᠮᠠᠬᠢ᠂ ᠢᠮᠠᠭᠠᠨ ᠨᠤᠤᠯᠤᠷ ᠵᠡᠷᠭᠡ ᠮᠠᠶᠢᠮᠠᠶᠢᠯᠠᠵᠤ ᠪᠤᠯᠤᠮᠠᠷ ᠪᠤᠳᠠᠰ ᠪᠤᠯᠭᠠᠨ ᠢ ᠡᠷᠢᠨ ᠬᠢᠮᠳᠡ ᠦᠨ᠎ᠡ ᠪᠠᠷ ᠬᠤᠳᠠᠯᠳᠤᠨ ᠠᠪᠴᠤ᠂ ᠡᠮᠤᠨᠡᠳᠤ ᠤᠷᠤᠨ ᠤ | ᠶᠠᠩᠵᠤ ᠪᠦᠷᠢ ᠶᠢᠨ ᠮᠠᠶᠢᠮᠠᠶᠢᠴᠢᠨ ᠲᠠᠢ ᠬᠠᠷᠢᠴᠠᠨ ᠭᠠᠷ ᠲᠠᠮᠵᠢᠨ ᠦᠡᠳᠦᠷ ᠦᠨ᠎ᠡ ᠪᠠᠷ ᠪᠤᠷᠤᠯᠠᠭᠤᠯᠤᠨ᠎ᠠ᠃ ᠮᠠᠶᠢᠮᠠᠶᠢᠯᠠᠬᠤ ᠲᠤᠮᠳᠠ ᠪᠠᠨ ᠬᠦᠮᠦᠰ ᠢ ᠬᠡᠳᠦᠢ ︽ | ᠬᠤᠤᠳᠤᠯᠠᠵᠤ︾ ᠴᠢᠳᠠᠪᠠᠯ ᠲᠡᠳᠦᠢ ᠬᠤᠨᠵᠢᠶ᠎ᠡ ᠤᠯᠤᠨ᠎ᠠ ᠬᠡᠳᠡᠭ ᠢ ᠲᠡᠷᠡ ᠳ᠋ᠦᠡᠭᠨᠡᠵᠤ ᠮᠡᠳᠡᠪᠡ᠃ ᠬᠡᠳᠡᠯ᠎ᠡ᠂ ᠮᠦᠡᠭᠬᠦ ᠵᠤᠭᠤᠰ ᠤᠯᠵᠤ ᠡᠪᠦᠷᠯᠡᠬᠦ ᠲᠤᠳᠤᠮ ᠨᠢᠩᠵᠢᠨ | ᠰᠡᠳᠬᠢᠯ ᠨᠢ ᠲᠡᠬᠦᠨ ᠢ ᠠᠷᠠᠯᠵᠢᠶ᠎ᠠ ᠬᠤᠳᠠᠯᠳᠤᠭ᠎ᠠ ᠠᠴᠠ ᠰᠠᠯᠭᠠᠬᠤ ᠪᠠᠷ ᠰᠢᠪᠡᠳᠠᠨᠠ ᠬᠡᠬᠦ ᠳᠤ ᠲᠡᠬᠦᠨ ᠳᠤ ᠤᠡᠴᠠ ᠪᠠᠶᠢᠳᠠᠭ ᠲᠤᠷ᠎ᠠ ᠰᠤᠨᠢᠷᠬᠠᠯ ᠨᠢ ᠲᠡᠬᠦᠨ ᠢ ᠴᠠᠭ | ᠢᠮᠠᠭᠳᠠ ᠤᠷᠠᠨ ᠵᠤᠬᠢᠶᠠᠯ ᠤᠨ ᠵᠠᠮ ᠤᠷᠤᠭᠤ ᠤᠯᠠᠮ ᠰᠢᠬᠠᠮᠳᠠᠭᠤᠯᠵᠤ ᠪᠠᠶᠢᠯ᠎ᠠ᠃ ᠲᠡᠷᠡ ᠵᠦᠪᠬᠡᠨ ᠨᠢᠬᠡ ᠵᠢᠯ ᠭᠠᠷᠤᠢ ᠶᠢᠨ ᠯᠠ ᠬᠤᠭᠤᠴᠠᠭᠠᠨ ᠳᠤ ᠲᠦᠷᠪᠡᠨ | ᠲᠦᠮᠡ ᠰᠢᠬᠠᠮ ᠲᠦᠬᠦᠷᠢᠭ ᠤᠨ ᠤᠷᠤᠯᠭ᠎ᠠ ᠤᠯᠵᠤ ︽ᠬᠡᠨᠡᠳᠳᠡ ᠪᠠᠶᠠᠨ︾ ᠪᠤᠯᠤᠨ ᠬᠢᠯᠡᠷᠠᠪᠠ᠃ ᠤᠳᠤ ᠪᠤᠯᠳᠠᠯ᠎ᠠ ᠮᠠᠶᠢᠮᠠᠢ ᠡᠷᠬᠢᠬᠦᠯᠦᠭᠰᠡᠨ ᠪᠤᠯ ᠪᠢ ᠴᠢᠨᠢ ᠲᠡᠯᠪᠡ | ᠪᠠᠶᠠᠵᠢᠵᠤ᠂ ᠲᠤᠮᠤ ᠬᠦᠷᠦᠩᠭᠡᠳᠡᠨ ᠪᠤᠯᠴᠢᠬᠠᠵᠠᠢ ᠬᠡᠵᠤ ᠲᠡᠷᠡ ᠶᠠᠷᠢᠵᠤ ᠪᠠᠶᠢᠪᠠ᠃ ᠦᠨᠡᠨ ᠳ᠋ᠠ᠂ ᠮᠠᠶᠢᠮᠠᠢ ᠡᠷᠬᠢᠬᠦᠯᠬᠦ ᠴᠢᠨᠢ ᠴᠠᠰᠤᠨ ᠪᠦᠮᠪᠦᠭᠡ ᠦᠡᠭᠭᠦᠷᠢᠬᠦᠯᠬᠦ | ᠰᠢᠭ ᠦᠡᠭᠬᠦᠷᠢᠬᠦᠯᠬᠦ ᠲᠤᠳᠤᠮ ᠲᠤᠮᠤ ᠪᠤᠯᠳᠠᠭ ᠶᠤᠮ᠃ ᠬᠡᠳᠡᠯ᠎ᠡ᠂ ᠡᠨᠡ ᠬᠦ ᠵᠢᠯ ᠭᠠᠷᠤᠢ ᠶᠢᠨ ᠬᠤᠭᠤᠴᠠᠭᠠᠨ ᠳᠤ ᠪᠠᠷᠤᠭ ᠤᠷᠠᠨ ᠵᠤᠬᠢᠶᠠᠯ ᠠᠴᠠ ᠵᠠᠶᠢᠳᠠᠵᠤ᠂ | ᠦᠡᠳᠦᠰᠦᠨ ᠳᠤ ᠪᠠᠨ ᠡᠪᠳᠡᠢ ᠨᠢᠬᠡ ᠵᠤᠬᠢᠶᠠᠯ ᠴᠦ ᠤᠯᠵᠤ ᠰᠤᠨᠢᠷᠬᠠᠭᠰᠠᠨ ᠦᠬᠡᠢ ᠪᠠᠨ ᠪᠤᠳᠤᠪᠠᠯ ᠲᠡᠷᠡ ᠦᠨᠡᠬᠡᠷ ᠬᠠᠷᠠᠮᠰᠠᠯ ᠭᠤᠳᠤᠷᠠᠯ ᠤᠨ ᠬᠦᠨ ᠬᠦᠪ ᠲᠤ | ᠤᠨᠠᠨ᠎ᠠ᠃ ᠲᠤᠷ᠎ᠠ ᠲᠠᠢ ᠪᠠᠬ᠎ᠠ ᠲᠠᠢ᠂ ᠰᠠᠨᠠᠵᠤ ᠪᠤᠳᠤᠭᠰᠠᠨ ᠵᠦᠢᠯ ᠢᠶᠠᠨ ᠬᠢᠵᠤ ᠲᠡᠶᠢᠯᠬᠦ ᠦᠬᠡᠢ ᠪᠤᠯ ᠬᠦᠮᠦᠨ ᠴᠢᠨᠢ ᠲᠡᠷᠭᠡ ᠪᠠᠷ ᠲᠡᠬᠡᠬᠡᠵᠤ ᠲᠡᠮᠡᠭᠡ ᠪᠠᠷ ᠠᠴᠢᠮᠠᠷ | ᠵᠤᠭᠤᠰ ᠪᠠᠶᠢᠭᠠᠳ ᠶᠠᠮᠠᠷ ᠲᠤᠰᠠ ᠲᠠᠢ ᠪᠤᠢ︖ ᠬᠡᠵᠤ ᠲᠡᠷᠡ ᠪᠢᠳᠡᠬᠦᠬᠡᠨ ᠪᠤᠳᠤᠪᠠ᠃ | 1995 ᠤᠨ ᠤ 8 ᠰᠠᠷ᠎ᠠ ᠳᠤ᠂ ᠨᠠᠢᠮᠠᠨ ᠬᠤᠰᠢᠭᠤᠨ ᠳᠤ ᠬᠤᠷᠠᠯᠳᠤᠬᠤ ᠪᠠᠷ ᠪᠠᠶᠢᠭ᠎ᠠ ᠪᠠᠢ ᠶᠢᠨ ᠱᠸᠡᠭ᠂ ᠳ᠋᠊ · ᠦᠯᠵᠡᠶᠢᠬᠤᠳᠤᠭ ᠬᠤᠶᠠᠷ ᠤᠨ ᠵᠤᠬᠢᠶᠠᠯ | ᠪᠦᠳᠦᠬᠡᠯ ᠢ ᠶᠠᠷᠢᠯᠴᠠᠨ ᠰᠤᠳᠤᠯᠬᠤ ᠬᠤᠷᠠᠯ ᠤᠨ ᠮᠡᠳᠡᠭᠳᠡᠯ ᠲᠡᠬᠦᠨ ᠢ ᠡᠷᠢᠶᠡᠨ ᠳᠤ ᠰᠠᠭᠤᠵᠤ ᠴᠢᠳᠠᠬᠤ ᠦᠬᠡᠢ ᠪᠤᠯᠭᠠᠵᠠᠢ᠃ ᠪᠦᠰᠡᠬᠦᠢ ᠨᠢ ᠨᠤᠳᠤᠭ ᠲᠤ ᠪᠠᠨ | ᠪᠤᠴᠠᠬᠤ ᠲᠤᠷ᠎ᠠ ᠦᠬᠡᠢ᠂ ᠲᠡᠶᠢᠮᠤ ᠪᠢᠰᠢ᠂ ᠡᠯᠢᠬᠡᠨ ᠰᠠᠳᠤᠨ ᠡᠬᠡ ᠨᠤᠳᠤᠭ ᠢᠶᠠᠨ ᠰᠠᠨᠠᠨ ᠮᠦᠷᠦᠬᠡᠳᠬᠦ ᠦᠬᠡᠢ ᠬᠦᠮᠦᠨ ᠬᠡᠵᠤ ᠬᠠᠮᠢᠭ᠎ᠠ ᠪᠠᠶᠢᠬᠤ ᠠᠵᠢ︖ | ᠲᠡᠬᠦᠨ ᠳᠤ ᠵᠦᠪᠬᠡᠨ ᠮᠦᠡᠭᠬᠦ ᠲᠦᠬᠦᠷᠢᠭ ᠤᠯᠵᠤ ᠦᠪᠡᠷ ᠤᠨ ᠠᠮᠢᠳᠤᠷᠠᠯ ᠠᠬᠤᠢ ᠪᠠᠨ ᠦᠬᠡᠳᠡ ᠲᠠᠳᠠᠬᠤ ᠬᠦᠰᠡᠯ ᠵᠤᠷᠢᠯ ᠨᠢ ᠲᠠᠪᠠᠭᠤ ᠪᠠᠶᠢᠭᠰᠠᠨ ᠤᠴᠢᠷ ᠠᠴᠠ | ᠨᠦᠬᠦᠷ ᠲᠤ ᠪᠠᠨ᠄ ︽ᠠᠷᠠᠯᠵᠢᠶ᠎ᠠ ᠮᠠᠶᠢᠮᠠᠢ ᠴᠢᠨᠢ ᠵᠦᠬᠡᠷ ᠪᠠᠶᠢᠬᠤ ᠲᠤᠯᠠ ᠡ᠊ᠨᠳᠡ ᠪᠠᠰᠠ ᠨᠢᠬᠡ ᠬᠤᠶᠠᠷ ᠵᠢᠯ ᠰᠠᠭᠤᠵᠤ ᠪᠠᠶᠢᠶ᠎ᠠ᠃ ᠠᠮᠢᠳᠤᠷᠠᠯ ᠳᠤ ᠵᠤᠭᠤᠰ ᠬᠡᠷᠡᠭᠳᠡᠢ | ᠃ ᠲᠠᠬᠢᠭᠠᠳ ᠬᠡᠯᠡᠪᠡᠯ ᠠᠪᠤ ᠡᠵᠢ ᠴᠦ ᠡ᠊ᠨᠳᠡ ᠪᠠᠶᠢᠬᠤ ᠶᠤᠮ ᠴᠢᠨᠢ︕︾ ᠬᠡᠵᠤ ᠴᠢᠷᠠᠶᠢᠳᠠᠪᠠ᠃ ︽ᠶᠠᠪᠤᠶ᠎ᠠ᠂ ᠵᠤᠷᠢᠭ ᠪᠠᠶᠢᠪᠠᠯ ᠵᠤᠭᠤᠰ ᠢ ᠪᠢᠳᠡ ᠬᠡᠵᠢᠶ᠎ᠡ ᠴᠦ | ᠤᠯᠵᠤ ᠪᠤᠯᠤᠨ᠎ᠠ᠃ ᠬᠡᠳᠡᠯ᠎ᠡ᠂ ᠵᠠᠯᠠᠭᠤ ᠨᠠᠰᠤᠨ ᠳᠤ ᠵᠠᠪᠰᠢᠶᠠᠨ ᠤᠯᠠᠨ ᠲᠤᠬᠢᠶᠠᠯᠳᠤᠬᠤ ᠦᠬᠡᠢ ᠶᠤᠮ᠃ ᠲᠤᠷ᠎ᠠ ᠲᠠᠢ ᠵᠦᠢᠯ ᠢᠶᠠᠨ ᠬᠢᠵᠤ ᠪᠠᠶᠢᠶ᠎ᠠ︾ ᠭᠡᠰᠡᠨ ᠨᠢ | ᠲᠡᠬᠦᠨ ᠤ ᠡᠷᠡᠰᠬᠡᠨ ᠬᠠᠷᠢᠭᠤᠯᠳᠠ᠃ ᠦᠡᠭᠭᠡ ᠵᠢᠰᠤ ᠤᠬᠠᠭᠠᠨ ᠰᠠᠨᠠᠭ᠎ᠠ ᠬᠤᠤᠰᠯᠠᠭᠰᠠᠨ ᠪᠦᠰᠡᠬᠦᠢ ᠨᠢ ᠲᠡᠬᠦᠨ ᠲᠠᠢ ᠲᠠᠬᠢᠵᠤ ᠮᠠᠷᠭᠤᠯᠳᠤᠭᠰᠠᠨ ᠦᠬᠡᠢ᠂ ᠬᠦᠮᠦᠨ ᠤ | ᠭᠠᠵᠠᠷ ᠬᠦᠡᠳᠡᠯᠡᠨ ᠨᠤᠳᠤᠭ ᠠᠴᠠ ᠡᠬᠡ ᠨᠤᠳᠤᠭ ᠲᠤ ᠪᠠᠨ ᠪᠤᠴᠠᠨ ᠢᠷᠡᠪᠡ᠃ | ᠭᠤᠷᠪᠠ᠂ ᠤᠷᠠᠨ ᠵᠤᠬᠢᠶᠠᠯ ᠤᠨ ᠤᠷᠬᠢᠯ ᠦᠬᠡᠳᠡ ᠲᠡᠮᠡᠤᠯᠦᠭᠡ ᠵᠠᠯᠠᠭᠤ ᠨᠠᠰᠤ | 1997 ᠤᠨ ᠤ 12 ᠰᠠᠷ᠎ᠠ ᠶᠢᠨ ᠰᠡᠬᠦᠯᠴᠢ ᠶᠢᠨ ᠨᠢᠬᠡ ᠡᠳᠦᠷ᠃ ᠮᠤᠩᠭᠤᠯ ᠰᠤᠶᠤᠯ ᠢᠶᠠᠨ ᠮᠤᠯᠤᠷ ᠡᠷᠳᠡᠨᠢ ᠰᠢᠭ ᠬᠠᠶᠢᠷᠠᠯᠠᠨ᠂ ᠮᠤᠩᠭᠤᠯ | ᠰᠤᠶᠤᠯ ᠤᠨ ᠢᠶᠠᠨ ᠲᠦᠯᠦᠬᠡ ᠬᠦᠰᠡᠯ ᠲᠠᠢ ᠬᠦᠮᠦᠰ ᠢ ᠬᠦᠴᠦᠯᠡᠨ ᠲᠡᠮᠵᠢᠵᠤ᠂ ᠬᠦᠮᠦᠵᠢᠬᠦᠯᠦᠨ ᠪᠤᠯᠪᠠᠰᠤᠷᠠᠭᠤᠯᠵᠤ᠂ ᠲᠡᠪᠰᠢᠬᠦᠯᠦᠨ ᠬᠡᠷᠡᠭᠯᠡᠳᠡᠭ᠂ ᠵᠤᠬᠢᠶᠠᠯᠴᠢ | ᠲᠤᠪᠴᠢᠶᠠᠨ ᠲᠠᠷᠤᠭ᠎ᠠ ᠳ᠋᠊ · ᠦᠯᠵᠡᠶᠢᠬᠤᠳᠤᠭ ᠪᠠᠭᠰᠢ ᠶᠢᠨ ᠠᠴᠢ ᠪᠠᠷ ᠤᠰᠤᠡᠪᠤᠳᠤᠭ ᠲᠤ ᠤᠴᠢᠷ ᠵᠦᠭ ᠦᠬᠡᠢ ᠰᠠᠶᠢᠨ ᠶᠠᠪᠤᠳᠠᠯ ᠬᠠᠷᠭᠤᠵᠤ᠂ ᠬᠤᠰᠢᠭᠤᠨ ᠤ | ᠰᠤᠶᠤᠯ ᠤᠨ ᠬᠡᠷ ᠲᠤ ᠠᠵᠢᠯᠯᠠᠬᠤ ᠬᠠᠯᠠᠭᠤᠨ ᠰᠤᠷᠠᠭ ᠲᠠᠮᠵᠢᠭᠳᠠᠨ ᠢᠷᠡᠪᠡ᠃ ᠡᠶᠢᠨ ᠬᠦ᠂ ᠪᠠᠶᠠᠷᠯᠠᠵᠤ ᠲᠤᠭᠳᠤᠯᠬᠤ ᠳᠤ ᠪᠠᠨ ᠨᠢᠬᠡ ᠰᠦᠨᠢ ᠨᠢᠳᠤ ᠬᠠᠮᠬᠢᠭᠰᠠᠨ | ᠦᠬᠡᠢ ᠤᠰᠤᠡᠪᠤᠳᠤᠭ ᠮᠠᠷᠭᠠᠰᠢ ᠦᠷᠯᠦᠬᠡ ᠨᠢ ᠪᠤᠰᠤᠮᠠᠭᠴᠠ ᠲᠠᠷᠤᠢ ᠠᠶᠠᠨᠴᠢᠨ ᠤ ᠮᠠᠰᠢᠨ ᠲᠡᠷᠭᠡ ᠪᠠᠷ ᠲᠠᠴᠢᠨᠳᠠᠯ᠎ᠠ ᠪᠠᠯᠭᠠᠰᠤᠨ ᠳᠤ ᠲᠠᠪᠬᠢᠭᠤᠯᠵᠤ ᠬᠦᠷᠪᠠ᠃ ᠦ᠊ | ᠲᠠᠷᠤᠭ᠎ᠠ ᠪᠤᠯᠤᠨ ᠵᠤᠬᠢᠶᠠᠯᠴᠢ ᠭᠤ · ᠬᠦᠰᠡᠯᠳᠤ ᠨᠠᠷ ᠲᠡᠬᠦᠨ ᠢ ᠬᠦᠯᠢᠶᠡᠵᠤ ᠪᠠᠶᠢᠪᠠ᠃ ᠦ᠊ ᠲᠠᠷᠤᠭ᠎ᠠ᠂ ᠲᠡᠬᠦᠨ ᠳᠤ ᠠᠵᠢᠯ ᠲᠤᠬᠢᠷᠠᠭᠤᠯᠴᠢᠬᠠᠭᠠᠳ ᠲᠡᠬᠦᠨ ᠢ | ᠪᠤᠰᠤᠳ ᠢᠶᠠᠷ ᠲᠠᠭᠤᠳᠠᠭᠤᠯᠤᠭᠰᠠᠨ ᠨᠢ ᠲᠡᠷᠡ ᠪᠠᠶᠢᠵᠠᠢ᠃ ᠦ᠊ ᠲᠠᠷᠤᠭ᠎ᠠ ᠠᠯᠢ ᠪᠦᠬᠦᠢ ᠵᠦᠢᠯᠡᠰ ᠢᠶᠠᠨ ᠲᠤᠰᠢᠶᠠᠴᠢᠬᠠᠭᠠᠳ ᠲᠠᠬᠢᠨ ︽ᠨᠠᠢᠮᠠᠨ ᠤ ᠤᠷᠠᠨ ᠵᠤᠬᠢᠶᠠᠯ︾ | ᠤᠨ ᠨᠠᠶᠢᠷᠠᠭᠤᠯᠤᠭᠴᠢ ᠭᠤ · ᠬᠦᠰᠡᠯᠳᠤ ᠳᠤ ᠬᠠᠨᠳᠤᠵᠤ᠄ ︽ᠲᠠ ᠰᠡᠳᠬᠦᠯ ᠢᠶᠠᠨ ᠨᠠᠶᠢᠷᠠᠭᠤᠯᠬᠤ ᠪᠠᠷ ᠢᠶᠠᠨ ᠨᠠᠶᠢᠷᠠᠭᠤᠯᠴᠢᠬᠠ᠂ ᠤᠰᠤᠡᠪᠤᠳᠤᠭ ᠲᠤᠰᠬᠠᠶᠢᠯᠠᠨ | ᠤᠷᠠᠨ ᠵᠤᠬᠢᠶᠠᠯ ᠢᠶᠠᠨ ᠪᠢᠴᠢᠬᠡᠳ ᠰᠠᠭᠤᠴᠢᠬ᠎ᠠ︾ ᠬᠡᠵᠤ ᠠᠵᠢᠯ ᠠᠯᠪᠠ ᠶᠢ ᠨᠢ ᠲᠤᠳᠤᠷᠬᠠᠢ ᠲᠤᠰᠢᠶᠠᠪᠠ᠃ ᠡᠨᠡ ᠨᠢ ︽ᠠᠵᠢᠯ ᠤᠨ ᠢᠶᠠᠨ ᠤᠴᠢᠷ ᠲᠤ ᠲᠠ | ᠬᠤᠶᠠᠭᠤᠯᠠ ᠪᠠᠨ ᠪᠤᠤ ᠮᠠᠷᠭᠤᠯᠳᠤᠴᠢᠬᠠ ᠳ᠋ᠠ︾ ᠬᠡᠰᠡᠨ ᠤᠬᠠᠭᠠᠡᠳᠤ ᠪᠠᠭᠰᠢ ᠶᠢᠨ ᠬᠢᠨ ᠮᠡᠷᠭᠡᠨ ᠬᠢᠳᠡᠯ ᠪᠠᠶᠢᠪᠠ᠃ ᠬᠡᠶ᠎ᠡ᠂ ᠭᠤ · ᠬᠦᠰᠡᠯᠳᠤ ᠴᠦ ᠤᠬᠠᠭᠠᠨ | ᠰᠠᠨᠠᠭ᠎ᠠ ᠲᠠᠢ᠂ ᠮᠡᠳᠡᠯᠬᠡ ᠮᠡᠷᠭᠡᠵᠢᠯ ᠲᠠᠢ᠂ ᠠᠬ᠎ᠠ ᠲᠡᠬᠦᠦ ᠨᠠᠶᠢᠵᠠ ᠨᠠᠷ ᠢ ᠪᠠᠭᠳᠠᠭᠠᠨ ᠴᠢᠳᠠᠬᠤ ᠮᠦᠷᠳᠡᠬᠡᠨ ᠲᠡᠮᠵᠢᠨ ᠲᠤᠰᠠᠯᠠᠳᠠᠭ ᠬᠠᠯᠠᠭᠤᠨ ᠰᠡᠳᠬᠢᠯ ᠲᠠᠢ᠂ | ᠬᠠᠰᠢᠷ ᠲᠤᠷᠰᠢᠯᠭ᠎ᠠ ᠲᠠᠢ ᠨᠢᠬᠡᠨ ᠪᠠᠶᠢᠪᠠ᠃ ᠲᠠᠶᠢᠨ ᠬᠦ᠂ ᠲᠡᠷᠡ ᠨᠤᠳᠤᠭ ᠲᠤ ᠪᠠᠨ ᠪᠤᠴᠠᠵᠤ ᠬᠡᠳᠦᠬᠡᠨ ᠡᠳᠦᠷ ᠤᠨ ᠲᠤᠳᠤᠷ᠎ᠠ ᠰᠡᠴᠢ ᠶᠢᠨ ᠲᠠᠯ᠎ᠠ ᠶᠢᠨ ᠰᠢᠪᠡᠷ | ᠪᠠᠶᠢᠰᠢᠩ ᠢᠶᠠᠨ ᠬᠤᠳᠠᠯᠳᠤᠵᠤ᠂ ᠬᠦᠳᠡᠭᠡ ᠶᠢᠨ ᠪᠤᠷᠤᠭᠵᠢᠭᠤᠨ ᠠᠮᠢᠳᠤᠷᠠᠯ ᠠᠴᠠ ᠪᠠᠨ ᠰᠠᠯᠵᠤ᠂ ᠬᠤᠳᠠ ᠶᠢᠨ ᠬᠦᠭᠵᠢᠶᠡᠨ ᠨᠠᠷᠬᠢᠶᠠᠨ ᠲᠠᠢ ᠤᠷᠴᠢᠨ ᠳᠤ ᠠᠵᠢᠯᠯᠠᠵᠤ | ᠠᠮᠢᠳᠤᠷᠠᠬᠤ ᠪᠤᠯᠪᠠ᠃ ᠨᠤᠳᠤᠭ ᠠᠴᠠ ᠪᠠᠨ ᠰᠠᠯᠵᠤ ᠶᠠᠪᠤᠬᠤ ᠲᠡᠷᠡ ᠦᠷᠯᠦᠬᠡ᠃ ᠨᠤᠳᠤᠭ ᠤᠨ ᠬᠢᠨ ᠠᠬᠠᠰ ᠵᠠᠬᠠᠰ᠂ ᠠᠬ᠎ᠠ ᠲᠡᠬᠦᠦ ᠰᠠᠳᠤᠨ ᠨᠢ ᠤᠪᠤᠨ ᠴᠤᠪᠤᠨ | ᠬᠦᠷᠦᠯᠴᠡᠨ ᠢᠷᠡᠵᠤ ᠤᠰᠤᠡᠪᠤᠳᠤᠭ ᠢ ᠦᠳᠡᠨ ᠮᠤᠷᠳᠠᠭᠤᠯᠵᠠᠢ᠃ ᠲᠡᠳᠡ ᠨᠡᠷ ᠨᠢᠬᠡ ᠨᠢᠬᠡ ᠪᠠᠷ ᠢᠶᠠᠨ ᠪᠦᠷ ᠨᠢᠭᠤᠷ ᠲᠦᠬᠦᠷᠡᠩ ᠢᠨᠢᠶᠡᠳᠤ ᠪᠢᠯᠬᠠᠭᠤᠯᠤᠨ ︽ | ᠤᠰᠤᠡᠪᠤᠳᠤᠭ᠂ ᠪᠠᠭ᠎ᠠ ᠠᠴᠠ ᠪᠠᠨ ᠨᠢᠬᠡ ᠯᠠ ᠤᠡᠳᠤᠤ ᠪᠠᠶᠢᠭᠰᠠᠨ ᠶᠤᠮ᠃ ᠡᠨᠡ ᠬᠦᠮᠦᠨ ᠲᠤᠤᠷ᠎ᠠ ᠲᠤᠰᠬᠤ ᠦᠬᠡᠢ︕︾ ᠬᠡᠵᠡᠬᠡᠨᠡ᠃ ᠲᠡᠳᠡ ᠨᠡᠷ ᠤᠨ | ᠲᠤᠳᠤᠷ᠎ᠠ ᠤᠷᠠᠩᠭᠤᠸ᠎ᠠ ᠪᠠᠭᠰᠢ ᠨᠢ ᠴᠦ ᠪᠠᠶᠢᠯᠴᠠᠭᠰᠠᠨ ᠪᠦᠬᠡᠳ ᠦᠪᠡᠷ ᠤᠨ ᠲᠠᠷᠢᠭᠰᠠᠨ ᠬᠤᠶᠠᠷ ᠮᠠᠳᠠᠢ ᠲᠤᠳᠤᠷᠭ᠎ᠠ ᠪᠤᠳᠠᠭ᠎ᠠ ᠪᠠᠨ ᠠᠪᠴᠢᠷᠠᠵᠤ ᠦᠭᠬᠦᠬᠡᠳ | ᠲᠡᠬᠦᠨ ᠤ ᠭᠠᠷ ᠢ ᠠᠳᠬᠤᠨ᠄ ︽ᠪᠠᠶᠠᠷ ᠬᠦᠷᠭᠡᠵᠤ ᠪᠠᠶᠢᠨ᠎ᠠ᠃ ᠵᠠᠯᠠᠭᠤ ᠬᠦᠮᠦᠨ ᠤ ᠵᠠᠮ ᠤᠨ ᠬᠦᠵᠦᠬᠦᠦ ᠤᠷᠳᠤ ᠶᠤᠮ᠂ ᠴᠢᠷᠮᠠᠶᠢᠯᠭ᠎ᠠ ᠬᠡᠵᠢᠶᠡᠳᠡ ᠬᠦᠮᠦᠨ ᠢ | ᠭᠤᠮᠤᠳᠠᠭᠠᠬᠤ ᠦᠬᠡᠢ ᠶᠤᠮ᠃ ᠴᠢᠷᠮᠠᠢ︕︾ ᠭᠡᠵᠦ ᠵᠤᠷᠢᠬᠵᠢᠭᠤᠯᠵᠠᠢ᠃ ᠤᠰᠤᠡᠪᠤᠳᠤᠭ᠂ ᠬᠦᠡᠳᠦᠳᠦ ᠪᠠᠭᠰᠢ ᠶᠢᠨ ᠢᠶᠠᠨ ᠠᠴᠢ ᠡᠨᠡᠷᠢᠯ ᠳᠤ ᠰᠡᠳᠬᠢᠯ | ᠲᠤᠭᠳᠤᠯᠬᠤ ᠳᠤ ᠪᠠᠨ ᠦᠬᠡ ᠪᠠᠨ ᠴᠦ ᠬᠡᠯᠡᠵᠤ ᠭᠠᠷᠬᠤ ᠦᠬᠡᠢ᠂ ᠬᠤᠤᠰ ᠨᠢᠳᠤᠨ ᠤ ᠨᠢᠯᠪᠤᠰᠤ ᠨᠢ ᠦᠪᠡᠷ ᠤᠨ ᠡᠷᠬᠡ ᠦᠬᠡᠢ ᠮᠡᠯᠬᠢᠨ ᠪᠦᠮᠪᠦᠷᠢᠪᠡ᠃ | 1998 ᠤᠨ ᠤ 1 ᠰᠠᠷ᠎ᠠ ᠶᠢᠨ 1 ᠤ ᠡᠳᠦᠷ᠂ ᠲᠡᠬᠦᠨ ᠤ ᠨᠢᠬᠡ ᠨᠠᠰᠤᠨ ᠳᠤ ᠠᠪᠴᠤ ᠬᠡᠯᠡᠪᠡᠯ ᠬᠡᠵᠢᠶᠡᠳᠡ ᠮᠠᠷᠳᠠᠭᠳᠠᠰᠢ ᠦᠬᠡᠢ ᠪᠠᠳᠤ ᠨᠤᠳᠠ | ᠴᠡᠬᠡᠵᠢᠯᠡᠭᠳᠡᠬᠦ ᠡᠳᠦᠷ ᠬᠤᠨᠤᠭ ᠪᠤᠯᠬᠤ ᠶᠤᠮ᠃ ᠦᠨᠦᠳᠦᠷ ᠲᠡᠬᠦᠨ ᠤ ᠬᠤᠪᠢ ᠵᠠᠶᠠᠭ᠎ᠠ ᠳᠤ ᠦᠡᠳᠦᠰᠦᠨ ᠴᠢᠨᠠᠷ ᠲᠠᠢ ᠡᠷᠬᠢᠯᠳᠡ ᠭᠠᠷᠴᠤ᠂ ᠨᠠᠢᠮᠠᠨ ᠬᠤᠰᠢᠭᠤᠨ ᠤ | ᠰᠤᠶᠤᠯ ᠤᠨ ᠬᠡᠷ ᠲᠤ ᠨᠢᠬᠡᠨ ᠺᠠᠳ᠋ᠷ ᠤᠨ ᠬᠤᠪᠢ ᠪᠠᠷ ᠠᠯᠪᠠᠨ ᠰᠢᠷᠡᠭᠡ ᠡᠵᠡᠯᠡᠨ ᠰᠠᠭᠤᠵᠤ᠂ ᠲᠤᠷᠠᠳᠠᠢ ᠨᠤᠮ ᠢᠶᠠᠨ ᠠᠮᠳᠠᠷᠬᠠᠨ ᠤᠡᠭᠰᠢᠨ᠂ ᠪᠠᠬ᠎ᠠ ᠲᠠᠢ ᠵᠦᠢᠯ ᠢᠶᠠᠨ | ᠰᠢᠮᠳᠠᠨ ᠤᠷᠤᠯᠳᠤᠬᠤ ᠬᠦᠰᠡᠵᠤ ᠬᠦᠯᠢᠶᠡᠭᠡᠳ ᠤᠳᠠᠭᠰᠠᠨ ᠬᠤᠪᠤᠷ ᠨᠠᠡᠳᠢᠨ ᠠᠵᠠ ᠵᠠᠪᠰᠢᠶᠠᠨ ᠨᠢ ᠬᠦᠷᠴᠦ ᠢᠷᠡᠭᠰᠡᠨ ᠪᠦᠳᠦᠨ ᠰᠠᠶᠢᠨ ᠡᠳᠦᠷ ᠪᠠᠶᠢᠪᠠ᠃ | ᠦᠬᠡᠷ᠎ᠡ ᠪᠠᠷ ᠬᠡᠯᠡᠪᠡᠯ ᠶᠤᠰᠤᠳᠠᠢ ᠲᠤᠰᠬᠠᠢ ᠵᠤᠬᠢᠶᠠᠯᠴᠢ ᠪᠤᠯᠪᠠ ᠬᠡᠳᠡᠭ ᠦᠬᠡ᠃ ᠲᠡᠷᠡ᠂ ᠦᠡᠭᠭᠡᠷᠡᠭᠰᠡᠨ ᠤ ᠠᠯᠢ ᠪᠦᠬᠦᠢ ᠤᠴᠠᠷᠠᠯ ᠲᠤᠬᠢᠶᠠᠯᠳᠤᠯ ᠢᠶᠠᠨ | ᠡᠷᠬᠢᠴᠡᠬᠦᠯᠦᠨ ᠰᠠᠨᠠᠭᠠᠯᠵᠠᠪᠠ᠃ ᠭᠡᠷᠡᠯ ᠵᠢᠷᠤᠭ ᠤᠨ ᠮᠡᠷᠭᠡᠵᠢᠯ ᠪᠤᠯᠤᠨ ᠡᠮ ᠡᠮᠨᠡᠯᠬᠡ ᠶᠢᠨ ᠤᠬᠠᠭᠠᠨ ᠰᠤᠷᠴᠤ ᠶᠠᠪᠤᠭᠰᠠᠨ ᠢᠶᠠᠨ ᠰᠠᠨᠠᠪᠠ᠃ ᠲᠠᠷᠢᠶᠠᠴᠢᠨ᠂ | ᠮᠠᠶᠢᠮᠠᠶᠢᠴᠢᠨ ᠪᠤᠯᠵᠤ ᠶᠠᠪᠤᠭᠰᠠᠨ ᠢᠶᠠᠨ ᠴᠦ ᠰᠠᠨᠠᠪᠠ᠃ ᠰᠡᠴᠢ ᠶᠢᠨ ᠲᠠᠯ᠎ᠠ ᠶᠢᠨ ᠰᠢᠪᠡᠷ ᠪᠠᠶᠢᠰᠢᠩ ᠳᠤ ᠵᠤᠬᠢᠶᠠᠯᠴᠢ ᠪᠤᠯᠬᠤ ᠬᠦᠰᠡᠯ ᠮᠠᠨᠠᠵᠤ ᠶᠠᠪᠤᠭᠰᠠᠨ ᠢᠶᠠᠨ ᠰᠠᠨᠠᠪᠠ | ᠃ ᠦᠵᠦᠭ ᠪᠢᠷ ᠢᠶᠠᠷ ᠢᠶᠠᠨ ᠦᠪᠡᠷ ᠤᠨ ᠬᠤᠪᠢ ᠵᠠᠶᠠᠭ᠎ᠠ ᠪᠠᠨ ᠦᠬᠡᠷᠡᠴᠢᠯᠡᠨ᠎ᠡ ᠬᠡᠵᠤ ᠪᠤᠳᠤᠵᠤ ᠶᠠᠪᠤᠭᠰᠠᠨ ᠢᠶᠠᠨ ᠴᠦ ᠰᠠᠨᠠᠪᠠ ᠁ | ᠲᠡᠷᠡ ᠡᠴᠤᠰ ᠲᠤ ᠪᠠᠨ ︽ᠦᠵᠦᠭ ᠪᠢᠷ ᠢᠶᠠᠷ ᠢᠶᠠᠨ ᠦᠪᠡᠷ ᠤᠨ ᠬᠤᠪᠢ ᠵᠠᠶᠠᠭ᠎ᠠ ᠪᠠᠨ ᠵᠠᠪᠠᠯ ᠲᠦᠢᠯᠪᠦᠷᠢᠳᠡᠢ ᠦᠬᠡᠷᠡᠴᠢᠯᠡᠨ᠎ᠡ︾ ᠬᠡᠵᠤ ᠬᠠᠳᠠᠭᠤᠬᠠᠨ | ᠪᠤᠳᠤᠪᠠ᠃ ᠲᠦᠷ ᠴᠠᠭ ᠤᠨ ᠠᠵᠢᠯᠳᠠᠨ ᠪᠤᠯᠬᠤ ᠨᠢ ᠲᠡᠬᠦᠨ ᠤ ᠬᠠᠮᠤᠭ ᠡᠴᠤᠰ ᠤᠨ ᠵᠤᠷᠢᠯᠭ᠎ᠠ ᠪᠤᠰᠤ᠃ ᠲᠡᠷᠡ ᠦᠪᠡᠷ ᠤᠨ ᠪᠡᠶ᠎ᠡ ᠳᠤ ᠪᠠᠨ ᠤᠯᠠᠮ ᠦᠡᠳᠦᠷ | ᠱᠠᠭᠠᠷᠳᠠᠯᠭ᠎ᠠ ᠲᠠᠯᠪᠢᠪᠠ᠃ ᠲᠡᠷᠡ ᠨᠡᠩ ᠬᠤᠯᠠ ᠶᠢᠨ ᠬᠦᠰᠡᠯ ᠵᠤᠷᠢᠯᠳᠠ ᠪᠠᠨ ᠲᠤᠭᠳᠠᠭᠠᠪᠠ᠃ ᠤᠴᠢᠷ ᠨᠢ ᠬᠦᠰᠡᠯ ᠵᠤᠷᠢᠯᠳᠠ ᠦᠬᠡᠢ ᠬᠦᠮᠦᠨ ᠪᠤᠯ ᠵᠢᠬᠦᠷ ᠲᠠᠯᠠᠪᠴᠢ | ᠦᠬᠡᠢ ᠪᠤᠯᠵᠤᠮᠤᠷ ᠰᠢᠪᠠᠭᠤ ᠮᠡᠳᠤ ᠦᠡᠳᠦᠷ ᠲᠤ ᠲᠡᠬᠦᠯᠢᠵᠤ᠂ ᠬᠤᠯᠠ ᠨᠢᠰᠴᠤ ᠴᠢᠳᠠᠬᠤ ᠦᠬᠡᠢ ᠬᠡᠭᠴᠢ ᠶᠢ ᠲᠡᠷᠡ ᠲᠤᠳᠤᠷᠬᠠᠢ ᠤᠶᠢᠯᠠᠭᠠᠨ᠎ᠠ᠃ ᠲᠡᠷᠡ ᠦᠨᠡᠬᠡᠷ ︽ | ᠤᠴᠠᠷᠠᠭᠰᠠᠨ ᠬᠦᠮᠦᠨ ᠲᠠᠢ ᠬᠡᠯᠡᠯᠴᠡᠬᠦ ᠵᠡᠪ ᠦᠬᠡᠢ᠂ ᠤᠨᠠᠭᠰᠠᠨ ᠮᠠᠯᠠᠭᠠᠢ ᠶᠢ ᠠᠪᠬᠤ ᠴᠢᠯᠦᠬᠡ ᠦᠬᠡᠢ︾ ᠶᠠᠭᠠᠷᠠᠵᠤ ᠡᠬᠢᠯᠡᠪᠡ᠃ ᠲᠡᠷᠡ᠂ ᠨᠢᠬᠡ ᠯᠠ ᠰᠡᠳᠬᠢᠯ ᠢᠶᠠᠷ | ᠨᠤᠮ ᠤᠡᠭᠰᠢᠨ᠂ ᠵᠤᠬᠢᠶᠠᠨ ᠪᠦᠳᠦᠬᠡᠨ᠎ᠡ᠃ ᠲᠤᠳᠤᠭᠠᠳᠤ ᠭᠠᠳᠠᠭᠠᠳᠤ ᠶᠢᠨ ᠮᠤᠩᠭᠤᠯ ᠬᠢᠳᠡᠳ ᠨᠤᠮ ᠵᠤᠬᠢᠶᠠᠯ ᠢ ᠤᠯᠳᠠᠬᠤ ᠶᠢᠨ ᠬᠢᠷᠢ ᠪᠠᠷ ᠡᠳᠦᠷ ᠰᠦᠨᠢ ᠬᠡᠵᠤ | ᠢᠯᠭᠠᠯ ᠦᠬᠡᠢ ᠤᠡᠭᠰᠢᠨ᠎ᠠ᠃ ᠡᠯ᠎ᠡ ᠲᠡᠰ ᠤᠨ ᠱᠠᠩᠨᠠᠯ ᠬᠦᠬᠢᠬᠦᠯᠦᠯ ᠲᠤᠰᠤᠭᠰᠠᠨ ᠵᠤᠬᠢᠶᠠᠯ ᠢ ᠡᠷᠢᠵᠤ ᠪᠠᠶᠢᠭᠠᠳ ᠤᠡᠭᠰᠢᠨ᠎ᠠ᠃ ᠲᠡᠷᠡ ᠭᠠᠳᠠᠭᠰᠢ ᠭᠠᠷᠬᠤ ᠪᠤᠯᠭᠠᠨ | ᠵᠠᠪᠠᠯ ᠬᠦᠷᠳᠡᠭ ᠭᠠᠵᠠᠷ ᠪᠤᠯ ᠨᠤᠮ ᠤᠨ ᠲᠡᠯᠬᠡᠬᠦᠷ᠂ ᠤᠳᠠᠭ᠎ᠠ ᠪᠦᠷᠢ ᠲᠡᠪᠡᠷᠢ ᠲᠡᠪᠡᠷᠢ ᠨᠤᠮ ᠬᠤᠳᠠᠯᠳᠤᠨ ᠠᠪᠤᠨ᠎ᠠ᠃ ᠲᠡᠷᠡ ᠢᠳᠡᠵᠤ ᠤᠤᠭᠤᠬᠤ ᠵᠤᠭᠤᠰ ᠢᠶᠠᠨ | ᠬᠠᠶᠢᠷᠠᠯᠠᠨ᠎ᠠ᠃ ᠬᠡᠳᠡᠯ᠎ᠡ ᠨᠤᠮ ᠠᠪᠬᠤ ᠵᠤᠭᠤᠰ ᠢ ᠬᠡᠵᠢᠶᠡᠳᠡ ᠬᠠᠶᠢᠷᠠᠯᠠᠳᠠᠭ ᠦᠬᠡᠢ᠃ ᠲᠡᠬᠦᠨ ᠳᠤ ᠭᠠᠷᠠᠭ ᠤᠨ ᠡᠳᠦᠷ᠂ ᠪᠠᠶᠠᠷ ᠲᠤᠷᠠᠰᠬᠠᠯ ᠤᠨ ᠡᠳᠦᠷ ᠬᠡᠵᠤ | ᠠᠯᠠᠭ᠎ᠠ ᠪᠤᠯᠪᠠ᠂ ᠬᠤᠷᠠᠯ ᠴᠤᠭᠯᠠᠭᠠᠨ᠂ ᠠᠯᠪᠠᠨ ᠶᠠᠪᠤᠳᠠᠯ ᠢᠶᠠᠷ ᠭᠠᠳᠠᠭᠰᠢ ᠭᠠᠷᠬᠤ ᠦᠬᠡᠢ ᠯᠠ ᠪᠤᠯ ᠡᠳᠦᠷ ᠪᠦᠷᠢ ᠤᠭ ᠶᠤᠰᠤᠭᠠᠷ ᠢᠶᠠᠨ ᠠᠵᠢᠯᠯᠠᠨ᠎ᠠ᠃ ᠰᠦᠨᠢ | ᠪᠤᠯᠭᠠᠨ ᠨᠡᠮᠡᠵᠤ ᠠᠯᠪᠠᠯᠠᠨ᠎ᠠ᠃ ᠲᠡᠶᠢᠮᠤ ᠡ᠃ ︽ᠪᠠᠷᠰ ᠴᠠᠭ ᠲᠤ ᠪᠤᠰᠬᠤ ᠦᠬᠡᠢ ᠪᠤᠯ ᠡᠳᠦᠷ ᠤᠨ ᠠᠵᠢᠯ ᠤᠷᠦ᠋ᠢᠳᠠᠨᠠ᠂ ᠪᠠᠭ᠎ᠠ ᠨᠠᠰᠤᠨ ᠳᠤ ᠪᠠᠨ ᠰᠤᠷᠬᠤ | ᠦᠬᠡᠢ ᠪᠤᠯ ᠦᠳᠡᠯᠦᠭᠰᠡᠨ ᠬᠤᠶᠢᠨ᠎ᠠ ᠬᠡᠮᠰᠢᠨᠡ︾ ᠬᠡᠭᠴᠢ ᠶᠢ ᠲᠡᠷᠡ ᠬᠦᠡᠵᠡᠬᠡᠢ ᠤᠶᠢᠯᠠᠭᠠᠵᠠᠢ᠃ | |