| | | 11 ᠰᠠᠷ᠎ᠡ ᠶᠢᠨ 28 ᠤ ᠡᠳᠣᠷ᠂ ᠵᠠᠷᠣᠳ ᠮᠠᠯᠴᠢᠨ ᠣᠷᠡᠨ ᠪᠦᠳᠦᠬᠡᠯᠴᠢᠳ ᠤᠨ ︽ᠶᠢᠰᠣᠨ ᠭᠤᠣᠯ ᠤᠨ ᠠᠶᠠᠯᠭᠤᠨ︾ ᠰᠢᠯᠦᠭ ᠤᠨ ᠲᠡᠬᠦᠪᠣᠷᠢ ᠶᠢ | ᠠᠩᠬ᠎ᠠ ᠲᠠᠷᠬᠠᠭᠠᠬᠤ ᠶᠣᠰᠣᠯᠡᠯ ᠯᠦᠪᠧᠢ ᠪᠠᠯᠭᠠᠰᠣᠨ ᠳᠤ ᠶᠠᠪᠣᠭᠳᠡᠪᠡ᠃ | ᠦᠢᠯᠠᠭᠠᠭᠰᠡᠨ ᠢᠶᠠᠷ᠂ ︽ᠶᠢᠰᠣᠨ ᠭᠤᠣᠯ ᠤᠨ ᠠᠶᠠᠯᠭᠤᠨ︾ ᠬᠡᠬᠦ ᠰᠢᠯᠦᠭ ᠤᠨ ᠲᠡᠬᠦᠪᠣᠷᠢ ᠶᠢ ᠵᠠᠷᠣᠳ ᠬᠤᠰᠢᠭᠤᠨ ᠤ ᠣᠳᠬ᠎ᠠ ᠣᠷᠠᠯᠢᠭ ᠵᠣᠬᠢᠶᠠᠨ | ᠨᠠᠶᠢᠷᠠᠭᠤᠯᠬᠤ ᠬᠡᠷ ᠠᠴᠠ ᠢᠪᠡᠬᠡᠨ ᠲᠡᠳᠬᠦᠵᠦ᠂ ᠵᠠᠷᠣᠳ ᠮᠠᠯᠴᠢᠨ ᠣᠷᠡᠨ ᠪᠦᠳᠦᠬᠡᠯᠴᠢᠳ ᠤᠨ ᠬᠤᠯᠪᠣᠭ᠎ᠠ ᠶᠢᠨ 39 ᠨᠡᠷᠡᠰ ᠮᠠᠯᠴᠢᠨ ᠢᠷᠠᠭᠤ ᠨᠠᠶᠢᠷᠠᠭᠴᠢᠳ ᠤᠨ | 200 ᠭᠠᠷᠣᠢ ᠰᠢᠯᠢᠳᠡᠭ ᠰᠢᠯᠦᠭ ᠢ ᠴᠣᠭᠯᠠᠭᠤᠯᠣᠨ ᠡᠮᠬᠢᠳᠬᠡᠵᠠᠢ᠃ ᠲᠡᠬᠦᠪᠣᠷᠢ ᠳᠤ ᠰᠣᠩᠭᠤᠨ ᠣᠷᠣᠭᠤᠯᠣᠭᠰᠡᠨ ᠪᠦᠳᠦᠬᠡᠯ ᠤᠳ ᠪᠣᠯ ᠡᠬᠡᠯ ᠪᠣᠷᠣᠭᠵᠢᠭᠤᠨ | ᠠᠳᠡᠯᠡ ᠪᠠᠨ ᠬᠡᠯᠡ ᠬᠡᠯᠡᠯᠭᠡ ᠤᠷᠤᠰᠤᠮ᠎ᠠ ᠢᠷᠠᠭᠤ᠂ ᠠᠶᠢᠵᠠᠮᠯᠢᠭ ᠤᠶᠠᠩᠭ᠎ᠠ ᠶᠢᠨ ᠭᠦᠭ ᠠᠶᠠᠰ ᠲᠠᠢ᠂ ᠤᠳᠬ᠎ᠠ ᠶᠢᠨ ᠬᠤᠪᠢ ᠳᠤ ᠨᠡᠯᠢᠶᠡᠳ ᠰᠢᠨᠡᠷᠬᠡᠦ ᠪᠠᠶᠢᠵᠦ᠂ | ᠵᠠᠷᠣᠳ ᠬᠠᠩᠭᠠᠢ ᠨᠣᠳᠤᠭ ᠤᠨ ᠮᠠᠯᠵᠢᠬᠤ ᠠᠮᠢᠳᠣᠷᠡᠯ ᠠᠴᠠ ᠡᠬᠦᠰᠣᠯ ᠲᠠᠢ ᠡᠬᠡ ᠪᠠᠶᠢᠭᠠᠯᠢ ᠪᠠᠨ ᠲᠡᠭᠡᠳᠤᠯᠡᠭᠰᠡᠨ᠂ ᠢᠳᠡᠭᠡᠯ ᠨᠠᠶᠢᠳᠠᠪᠤᠷᠢ ᠪᠠᠷ ᠰᠠᠭᠤᠷᠢᠯᠠᠭᠰᠠᠨ | ᠮᠠᠯᠴᠢᠨ ᠬᠦᠮᠦᠨ ᠤ ᠠᠰᠪᠣᠷ ᠴᠠᠶᠢᠯᠭᠠᠨ ᠴᠠᠭᠠᠨ ᠵᠠᠩ ᠠᠷᠠᠨᠰᠢᠨ ᠲᠠᠢ᠂ ᠡᠷᠭᠡ ᠴᠢᠯᠤᠭᠡ ᠶᠢ ᠭᠦᠭᠡᠭᠡᠴᠡᠯᠳᠤᠭᠰᠡᠨ ᠰᠢᠯᠦᠭ ᠤᠳ ᠪᠣᠯᠣᠨ᠎ᠡ᠃ | ︽ᠮᠠᠨ ᠤ ᠨᠣᠳᠤᠭ ᠲᠤ ︿ᠵᠠᠷᠣᠳ ᠮᠠᠯᠴᠢᠨ ᠣᠷᠡᠨ ᠪᠦᠳᠦᠬᠡᠯᠴᠢᠳ ᠤᠨ ᠬᠤᠯᠪᠣᠭ᠎ᠠ﹀ ᠬᠡᠮᠡᠬᠦ ᠲᠡᠪᠢ ᠭᠠᠷᠣᠢ ᠮᠠᠯᠴᠢᠨ ᠣᠷᠡᠨ ᠪᠦᠳᠦᠬᠡᠯᠴᠢᠳ ᠬᠤᠯᠪᠣᠭ᠎ᠠ | ᠪᠠᠶᠢᠳᠠᠭ᠃ ᠬᠤᠯᠪᠣᠭᠠᠨ ᠳᠤ ᠵᠠᠷᠣᠳ ᠨᠣᠳᠤᠭ ᠲᠤ ᠪᠠᠨ ᠨᠠᠯᠢᠶᠠᠳ ᠨᠡᠷ᠎ᠡ ᠨᠦᠯᠦᠬᠡ ᠲᠠᠢ ᠵᠢ᠊ · ᠨᠠᠰᠣᠨᠳᠡᠯᠬᠡᠷ᠂ ᠪᠣᠷᠵᠢᠬᠢᠨ ᠬᠤᠨ᠂ ᠴᠠᠰᠣᠨ ᠠᠶᠠᠯᠭᠤᠨ᠂ | ᠰᠠᠶᠢᠨᠪᠠᠶᠠᠷ ᠮᠡᠳᠣ ᠶᠢᠨ ᠮᠠᠯᠴᠢᠨ ᠢᠷᠠᠭᠤ ᠨᠠᠶᠢᠷᠠᠭᠴᠢ ᠨᠡᠷ ᠪᠠᠶᠢᠳᠠᠭ᠃ ᠬᠤᠯᠪᠣᠭ᠎ᠠ ᠮᠠᠨᠢ ᠪᠠᠶᠢᠭᠤᠯᠣᠭᠳᠠᠭᠠᠳ ᠨᠢᠬᠡᠨᠳᠡ ᠭᠤᠷᠪᠡᠨ ᠵᠢᠯ ᠤᠨ ᠨᠢᠭᠤᠷ ᠬᠠᠷᠡᠵᠦ | ᠪᠠᠶᠢᠨ᠎ᠠ᠃ ᠡᠨᠡ ᠨᠢ ᠪᠢᠳᠡᠨ ᠤ ᠣᠷᠡᠨ ᠪᠦᠳᠦᠬᠡᠯ ᠲᠣᠭᠤᠷᠪᠢᠬᠤ ᠲᠡᠯ᠎ᠡ ᠪᠠᠷ ᠶᠡᠬᠡᠬᠡᠨ ᠲᠡᠮᠵᠢᠯᠬᠡ ᠦᠵᠡᠬᠦᠯᠵᠦ᠂ ᠨᠢᠬᠡᠨ ᠬᠤᠪᠢ ᠳᠤ ᠪᠢᠳᠡᠨ ᠢ ᠣᠷᠮᠠᠰᠢᠭᠤᠯᠬᠤ | ᠦᠢᠯᠡᠳᠣᠯ ᠦᠵᠡᠬᠦᠯᠵᠦ ᠪᠠᠶᠢᠳᠠᠭ᠃ ᠮᠠᠯᠵᠢᠬᠤ ᠠᠮᠢᠳᠣᠷᠡᠯ ᠠᠬᠤᠢ ᠲᠠᠢ ᠦᠢᠷᠠᠳᠣᠭᠰᠡᠨ ᠬᠦᠮᠦᠰ ᠰᠠᠶ᠋ᠢ ᠮᠠᠯᠴᠢᠨ ᠬᠦᠮᠦᠨ ᠤ ᠠᠵᠦ ᠠᠮᠢᠳᠣᠷᠡᠯ ᠢ ᠠᠮᠢᠳᠣᠯᠢᠭ | ᠬᠠᠷᠠᠭᠤᠯᠣᠭᠰᠡᠨ᠂ ᠮᠣᠩᠭᠤᠯ ᠨᠣᠳᠤᠭ ᠤᠨ ᠦᠨᠣᠷ ᠠᠮᠳᠡ ᠲᠠᠢ ᠲᠣᠷᠪᠢᠯᠢᠭ ᠪᠦᠳᠦᠬᠡᠯ ᠭᠠᠷᠭᠠᠵᠦ ᠴᠢᠳᠠᠳᠠᠭ ᠪᠠᠶᠢᠬ᠎ᠠ᠃ ᠲᠡᠶᠢᠮᠣ ᠳᠤ ᠪᠠᠨ ᠮᠠᠯᠴᠢᠨ ᠵᠣᠬᠢᠶᠠᠯᠴᠢᠳ | ᠤᠨ ᠡᠩᠨᠡᠬᠡᠨ ᠤ ᠪᠦᠷᠢᠯᠳᠣᠯ ᠨᠢ ᠴᠦ ᠮᠢᠨᠤ ᠵᠣᠬᠢᠶᠠᠨ ᠪᠦᠳᠦᠬᠡᠬᠦ ᠵᠠᠮ ᠳᠤ ᠶᠡᠬᠡᠬᠡᠨ ᠲᠡᠮᠵᠢᠯᠬᠡ ᠦᠵᠡᠬᠦᠯᠦᠭᠰᠡᠨ ᠶᠤᠮ︾ ᠬᠡᠵᠦ ᠵᠠᠷᠣᠳ ᠮᠠᠯᠴᠢᠨ ᠣᠷᠡᠨ | ᠪᠦᠳᠦᠬᠡᠯᠴᠢᠳ ᠤᠨ ᠬᠤᠯᠪᠣᠭᠠᠨ ᠤ ᠠᠬᠠᠯᠠᠭᠴᠢ ᠲ᠊ · ᠪᠦᠷᠢᠨᠰᠠᠩ ᠠᠴᠠ ᠲᠠᠨᠢᠯᠴᠠᠭᠤᠯᠵᠦ ᠪᠠᠶᠢᠯ᠎ᠠ᠃ | ᠶᠣᠰᠣᠯᠡᠯ ᠲᠡᠭᠡᠷ᠎ᠡ ᠪᠠᠰᠠ ᠵᠠᠷᠣᠳ ᠨᠣᠳᠣᠭᠳᠡᠢ ︽ᠰᠣᠯᠣᠩᠭ᠎ᠠ︾ ᠱᠠᠩᠨᠠᠯᠳᠣ ᠵᠣᠬᠢᠶᠠᠯᠴᠢ ᠶᠢ ᠣᠷᠢᠵᠦ ︽ᠶᠢᠰᠣᠨ ᠭᠤᠣᠯ ᠤᠨ ᠠᠶᠠᠯᠭᠤᠨ︾ ᠰᠢᠯᠦᠭ ᠤᠨ | ᠲᠡᠬᠦᠪᠣᠷᠢ ᠶᠢᠨ ᠲᠣᠭᠤᠷᠢᠨ ᠳᠤ ᠲᠡᠶᠢᠯᠣᠮᠵᠢ ᠬᠢᠬᠦ ᠶᠢᠨ ᠬᠠᠮᠳᠣ ᠦᠵᠡᠯᠳᠡ ᠪᠣᠳᠣᠯᠳᠡ ᠪᠠᠨ ᠰᠣᠯᠢᠯᠴᠠᠵᠦ᠂ ᠮᠠᠯᠴᠢᠳ ᠤᠨ ᠣᠷᠡᠨ ᠵᠣᠬᠢᠶᠠᠯ ᠳᠤ ᠬᠦᠨᠳᠣᠳᠬᠡᠯ ᠢᠶᠠᠨ | ᠲᠡᠪᠰᠢᠬᠦᠯᠪᠡ᠃ | |