ᠲᠡᠭᠡ ᠶᠢᠨ ᠬᠠᠨ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ ᠲᠤᠷᠤᠭ ᠪᠤᠭᠤ ᠤᠢ ᠰᠢᠭᠤᠢ ᠪᠠᠷ ᠰᠦᠯᠵᠢᠯᠳᠦᠨ ᠲᠠᠪᠬᠢᠯᠳᠤᠨ᠎ᠠ
ᠨᠡᠶᠢᠲᠡᠯᠡᠭᠰᠡᠨ ᠴᠠᠭ᠄
2020/12/3
     ᠡᠪᠦᠯ ᠤᠨ ᠡᠬᠢ ᠪᠠᠷ᠂ ᠵᠠᠷᠤᠳ ᠬᠤᠰᠢᠭᠤᠨ ᠤ ᠲᠡᠭᠡ ᠶᠢᠨ ᠬᠠᠨ ᠤᠯᠤᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠳᠤ ᠲᠤᠷᠤᠭ ᠪᠤᠭᠤ ᠤᠢ ᠰᠢᠭᠤᠢ ᠪᠠᠷ ᠰᠦᠯᠵᠢᠯᠳᠦᠨ ᠲᠠᠪᠬᠢᠵᠤ᠂ ᠦᠵᠡᠮᠵᠢᠳᠤ ᠰᠠᠶᠢᠬᠠᠨ ᠨᠤᠳᠤᠭ ᠤᠰᠤᠨ ᠳᠤ ᠠᠮᠢᠵᠢᠷᠠᠯ ᠤᠨ ᠬᠦᠴᠦᠨ ᠤᠯᠭᠤᠪᠠ᠃ 2008 ᠤᠨ ᠠᠴᠠ ᠡᠬᠢᠯᠡᠨ ᠂ ᠲᠡᠭᠡ ᠶᠢᠨ ᠬᠠᠨ ᠪᠠᠶᠢᠭᠠᠯᠢ ᠶᠢᠨ ᠬᠠᠮᠠᠭᠠᠯᠠᠯᠳᠠ ᠶᠢᠨ ᠤᠷᠤᠨ ᠤ 150 ᠲᠦᠮᠡᠨ ᠮᠦ ᠪᠢᠳᠡᠭᠦᠮᠵᠢᠯᠡᠨ ᠬᠠᠮᠠᠭᠠᠯᠠᠬᠤ ᠤᠷᠤᠨ ᠢ ᠪᠠᠶᠢᠭᠤᠯᠵᠤ᠂ ᠬᠠᠮᠠᠭᠠᠯᠠᠯᠳᠠ ᠶᠢᠨ ᠤᠷᠤᠨ ᠳᠠᠬᠢ ᠰᠠᠭᠤᠷᠢᠰᠢᠯ ᠡᠷᠦᠬᠡ ᠬᠢᠭᠡᠳ ᠤᠳᠤᠷ ᠲᠤᠪᠤ ᠪᠦᠬᠦᠨ ᠢ ᠨᠡᠭᠦᠯᠭᠡᠨ᠂ ᠠᠯᠢᠪᠠ ᠮᠠᠯᠵᠢᠵᠤ ᠲᠠᠷᠢᠶᠠᠯᠠᠬᠤ ᠦᠢᠯᠡᠳᠪᠦᠷᠢᠯᠡᠯ ᠤᠨ ᠠᠵᠢᠯᠯᠠᠭ᠎ᠠ ᠶᠢ ᠴᠠᠭᠠᠵᠠᠯᠠᠭᠰᠠᠨ ᠠᠴᠠ ᠬᠠᠮᠠᠭᠠᠯᠠᠯᠳᠠ ᠶᠢᠨ ᠤᠷᠤᠨ ᠤ ᠠᠮᠢ ᠠᠬᠤᠢ ᠶᠢᠨ ᠤᠷᠴᠢᠨ ᠲᠤᠭᠤᠷᠢᠨ ᠮᠠᠰᠢ ᠲᠦᠷᠬᠡᠨ ᠰᠠᠷᠬᠦᠵᠤ ᠴᠢᠳᠠᠭᠰᠠᠨ ᠪᠠᠶᠢᠨ᠎ᠠ᠃
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ