ᠰᠤᠶᠤᠯ ᠪᠠ ᠵᠢᠭᠤᠯᠴᠢᠯᠡᠯ ᠤᠨ ᠶᠠᠮᠤᠨ᠄ ᠠᠶᠤᠯ ᠳᠦᠭᠰᠢᠬᠦᠷᠢ ᠪᠠᠷ ᠪᠠᠭ᠎ᠠ ᠭᠠᠵᠠᠷ ᠤᠷᠤᠨ ᠤ ᠬᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠡᠷᠬᠢᠯᠡᠵᠦ ᠪᠤᠯᠤᠨ᠎ᠠ
ᠨᠡᠶᠢᠲᠡᠯᠡᠭᠰᠡᠨ ᠴᠠᠭ᠄
2020/5/20
     ᠰᠤᠶᠤᠯ ᠪᠡ ᠵᠢᠭᠤᠯᠴᠢᠯᠡᠯ ᠤᠨ ᠶᠠᠮᠤᠨ ᠤ ᠵᠠᠬ᠎ᠠ ᠳᠡᠯᠬᠡᠬᠦᠷ ᠤᠨ ᠬᠠᠮᠢᠶᠠᠷᠤᠯᠳᠠ ᠶᠢᠨ ᠵᠤᠷᠭᠠᠨ ᠤ ᠤᠢᠢᠷ᠎ᠠ ᠳ᠋ᠤ᠋ ᠳᠠᠷᠤᠮᠠᠯᠯᠠᠨ ᠳᠠᠷᠬᠠᠭᠠᠬᠰᠠᠨ ᠵᠦᠭᠯᠡᠬᠦᠷ ᠢ ᠦᠨᠳᠦᠰᠦᠯᠡᠪᠡᠯ᠂ ᠠᠶᠤᠯ ᠳᠦᠭᠰᠢᠬᠦᠷᠢ ᠪᠠᠷ ᠪᠠᠭ᠎ᠠ ᠭᠠᠵᠠᠷ ᠤᠷᠤᠨ ᠤ ᠬᠢᠨ ᠳᠤᠬᠠᠢ ᠶᠢᠨ ᠭᠠᠵᠠᠷ ᠤᠨ ᠨᠠᠮ ᠤᠨ ᠬᠤᠷᠢᠶ᠎ᠠ ᠵᠠᠰᠠᠬ ᠤᠨ ᠤᠷᠳᠤᠨ ᠤ ᠵᠦᠪᠰᠢᠶᠡᠷᠡᠯ ᠢᠶᠠᠷ ᠳᠠᠮᠵᠢᠨ᠂ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠡᠷᠬᠢᠯᠡᠵᠦ ᠪᠤᠯᠤᠨ᠎ᠠ᠂ ᠬᠡᠪᠡᠴᠦ ᠳᠤᠮᠳᠠ ᠪᠠ ᠳᠤᠮᠤ ᠬᠡᠯᠪᠡᠷᠢ ᠶᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠶᠢ ᠳᠦᠷ ᠬᠤᠶᠢᠰᠢᠯᠠᠭᠤᠯᠬᠤ ᠬᠡᠷᠡᠭᠳᠡᠢ᠃ ᠵᠦᠴᠦᠬᠡ ᠶᠢᠨ ᠬᠦᠷᠢᠶᠡᠯᠡᠩ ᠵᠡᠷᠬᠡ ᠳᠤᠬᠯᠠᠯᠳᠠ ᠶᠢᠨ ᠳᠠᠯᠠᠪᠤᠷ ᠲᠠᠬᠢ ᠦᠵᠡᠭᠴᠢᠳ ᠤᠨ ᠳᠤᠭ᠎ᠠ ᠶᠢ ᠵᠦᠴᠦᠬᠡ ᠶᠢᠨ ᠳᠠᠯᠠᠪᠤᠷ ᠤᠨ ᠰᠠᠭᠤᠳᠠᠯ ᠤᠨ ᠳᠤᠭᠠᠨ ᠤ 30% ᠠᠴᠠ ᠳᠠᠪᠠᠭᠤᠯᠵᠦ ᠪᠤᠯᠬᠤ ᠦᠬᠡᠢ᠂ ᠰᠠᠭᠤᠳᠠᠯ ᠠᠯᠤᠰᠯᠠᠨ ᠰᠠᠭᠤᠯᠭᠠᠵᠦ᠂ 1 ᠮᠧᠲᠷ ᠠᠴᠠ ᠳᠡᠬᠡᠭᠰᠢ ᠵᠠᠶᠢᠳᠠᠢ ᠪᠠᠶᠢᠬᠤ ᠶᠢ ᠪᠠᠳᠤᠯᠠᠬᠤ ᠬᠡᠷᠡᠭᠳᠡᠢ᠃      ᠤᠢᠢᠷ᠎ᠠ ᠳᠤ᠂ ᠰᠤᠶᠤᠯ ᠪᠡ ᠵᠢᠭᠤᠯᠴᠢᠯᠡᠯ ᠤᠨ ᠶᠠᠮᠤᠨ ᠤ ᠵᠠᠬ᠎ᠠ ᠳᠡᠯᠬᠡᠬᠦᠷ ᠤᠨ ᠬᠠᠮᠢᠶᠠᠷᠤᠯᠳᠠ ᠶᠢᠨ ᠵᠤᠷᠭᠠᠨ ᠠᠴᠠ ︽ᠵᠦᠴᠦᠬᠡ ᠶᠢᠨ ᠬᠦᠷᠢᠶᠡᠯᠡᠩ ᠵᠡᠷᠬᠡ ᠳᠤᠬᠯᠠᠯᠳᠠ ᠶᠢᠨ ᠳᠠᠯᠠᠪᠤᠷ ᠤᠨ ᠨᠡᠬᠡᠬᠡᠯᠳᠡ ᠪᠠᠨ ᠰᠡᠷᠭᠦᠭᠡᠵᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ︽ᠢᠨᠲ᠋ᠧᠷ ᠰᠦᠯᠵᠢᠶᠡᠨ ᠤ ᠰᠦᠯᠵᠢᠶᠡᠨ ᠳᠤ ᠭᠠᠷᠬᠤ ᠦᠢᠯᠡᠴᠢᠯᠡᠬᠡᠨ ᠤ ᠡᠵᠡᠩᠨᠡᠯᠳᠡ ᠶᠢᠨ ᠳᠠᠯᠠᠪᠤᠷ ᠤᠨ ᠨᠡᠬᠡᠬᠡᠯᠳᠡ ᠪᠠᠨ ᠰᠡᠷᠬᠦᠬᠡᠵᠤ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ︽ᠵᠤᠭ᠎ᠠ ᠴᠡᠩᠬᠡᠯ ᠤᠨ ᠳᠠᠯᠠᠪᠤᠷ ᠤᠨ ᠨᠡᠬᠡᠬᠡᠯᠳᠡ ᠪᠠᠨ ᠰᠡᠷᠬᠦᠬᠡᠵᠦ ᠬᠢᠵᠢᠭ ᠤᠨ ᠪᠠᠶᠢᠳᠠᠯ ᠢ ᠰᠡᠷᠬᠡᠶᠢᠯᠡᠨ ᠡᠵᠡᠮᠳᠡᠬᠦ ᠠᠷᠭ᠎ᠠ ᠬᠡᠮᠵᠢᠶᠡᠨ ᠤ ᠵᠦᠭᠯᠡᠬᠦᠷ︾ ᠢ ᠳᠠᠷᠤᠮᠠᠯᠯᠠᠨ ᠳᠠᠷᠬᠠᠭᠠᠵᠦ᠂ ᠡᠳᠡᠬᠡᠷ ᠳᠠᠯᠠᠪᠤᠷ ᠤᠨ ᠨᠡᠬᠡᠬᠡᠯᠳᠡ ᠪᠠᠨ ᠰᠡᠷᠬᠦᠬᠡᠬᠦ ᠶᠢ ᠡᠮᠬᠢ ᠵᠢᠷᠦᠮ ᠲᠠᠢ ᠪᠠᠷ ᠠᠬᠢᠭᠤᠯᠬᠤ ᠶᠢ ᠵᠦᠪᠰᠢᠶᠡᠷᠡᠪᠠ᠃      ᠵᠦᠭᠯᠡᠬᠦᠷ ᠲᠤ᠂ ᠪᠠᠶᠢᠩᠭᠤᠵᠢᠬᠰᠠᠨ ᠰᠡᠷᠬᠡᠶᠢᠯᠡᠯᠳᠡ ᠡᠵᠡᠮᠰᠢᠯ ᠢ ᠪᠠᠷᠢᠮᠳᠠᠯᠠᠵᠦ᠂ ᠡᠮᠬᠢ ᠵᠢᠷᠦᠮ ᠲᠠᠢ ᠪᠠᠷ ᠨᠡᠬᠡᠬᠡᠯᠳᠡ ᠬᠢᠵᠦ᠂ ᠤᠷᠢᠳᠴᠢᠯᠡᠨ ᠪᠤᠯᠵᠤᠵᠤ ᠳᠠᠯᠠᠪᠤᠷ ᠲᠤ ᠤᠷᠤᠭᠤᠯᠬᠤ ᠬᠦᠮᠦᠨ ᠤ ᠳᠤᠭ᠎ᠠ ᠶᠢ ᠬᠢᠵᠠᠭᠠᠷᠯᠠᠬᠤ ᠬᠡᠷᠡᠭᠳᠡᠢ᠃ ᠬᠢᠵᠢᠭ ᠢ ᠰᠡᠷᠬᠡᠶᠢᠯᠡᠬᠦ ᠠᠷᠭ᠎ᠠ ᠬᠡᠮᠵᠢᠶ᠎ᠠ ᠶᠢ ᠬᠦᠢᠴᠡᠳ ᠬᠢᠭᠰᠡᠨ ᠪᠠᠶᠢᠳᠠᠯ ᠳᠤᠤᠷ᠎ᠠ᠂ ᠠᠶᠤᠯ ᠳᠦᠭᠰᠢᠬᠦᠷᠢ ᠪᠠᠷ ᠪᠠᠭ᠎ᠠ ᠭᠠᠵᠠᠷ ᠤᠷᠤᠨ ᠤ ᠬᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠡᠷᠬᠢᠯᠡᠵᠦ ᠪᠤᠯᠤᠨ᠎ᠠ᠂ ᠬᠡᠪᠡᠴᠦ ᠳᠤᠮᠳᠠ ᠳᠤᠮᠤ ᠬᠡᠯᠪᠡᠷᠢ ᠶᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠶᠢ ᠳᠦᠷ ᠬᠤᠶᠢᠰᠢᠯᠠᠭᠤᠯᠵᠦ᠂ ᠭᠠᠳᠠᠭᠠᠳᠤ ᠯᠤᠭ᠎ᠠ ᠬᠤᠯᠪᠤᠬᠳᠠᠬᠤ᠂ ᠰᠢᠶᠠᠩᠭᠠᠩ ᠤᠤᠮᠸᠠ ᠯᠤᠭ᠎ᠠ ᠬᠤᠯᠪᠤᠬᠳᠠᠬᠤ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ︵ᠳᠤᠬᠯᠠᠬᠴᠢ ᠨᠢ ᠬᠢᠯᠢ ᠶᠢᠨ ᠳᠤᠳᠤᠷ᠎ᠠ ᠪᠠᠶᠢᠭ᠎ᠠ ᠶᠢ ᠪᠠᠭᠳᠠᠭᠠᠬᠤ ᠦᠬᠡᠢ︶ ᠶᠢ ᠳᠦᠷ ᠬᠤᠶᠢᠰᠢᠯᠠᠭᠤᠯᠬᠤ ᠬᠡᠷᠡᠭᠳᠡᠢ᠃ ᠳᠤᠮᠳᠠ ᠵᠡᠷᠭᠡ ᠶᠢᠨ ᠠᠶᠤᠯ ᠳᠦᠭᠰᠢᠬᠦᠷᠢ ᠲᠠᠢ ᠪᠠ ᠠᠶᠤᠯ ᠲᠦᠭᠰᠢᠭᠦᠷᠢ ᠶᠡᠬᠡᠲᠠᠢ ᠭᠠᠵᠠᠷ ᠤᠷᠤᠨ ᠤ ᠬᠢᠨ ᠡᠵᠡᠩᠨᠡᠯᠳᠡ ᠶᠢᠨ ᠴᠢᠨᠠᠷᠳᠠᠢ ᠳᠤᠬᠯᠠᠯᠳᠠ ᠶᠢᠨ ᠠᠵᠢᠯᠯᠠᠭ᠎ᠠ ᠶᠢ ᠳᠦᠷ ᠬᠤᠶᠢᠰᠢᠯᠠᠭᠤᠯᠬᠤ ᠬᠡᠷᠡᠭᠳᠡᠢ᠃ ᠡᠯ᠎ᠠ ᠭᠠᠵᠠᠷ ᠤᠷᠤᠨ ᠤ ᠬᠢᠨ ᠡᠷᠬᠡᠪᠰᠢ ᠬᠠᠷᠢᠶ᠎ᠠ ᠭᠠᠵᠠᠷ ᠤᠨ ᠢᠶᠠᠨ ᠨᠠᠮ ᠤᠨ ᠬᠤᠷᠢᠶ᠎ᠠ᠂ ᠵᠠᠰᠠᠬ ᠤᠨ ᠤᠷᠳᠤᠨ ᠤ ᠨᠢᠬᠡᠳᠦᠯᠳᠡᠢ ᠪᠠᠶᠢᠷᠢᠯᠠᠭᠤᠯᠤᠯᠳᠠ ᠶᠢ ᠴᠢᠩᠭ᠎ᠠ ᠵᠢᠷᠤᠮᠯᠠᠵᠦ᠂ ᠰᠢᠶᠠᠨ ᠢᠶᠠᠷ ᠨᠢᠬᠡᠴᠢ ᠪᠤᠯᠭᠠᠨ᠂ ᠭᠠᠵᠠᠷ ᠤᠷᠤᠨ ᠬᠤᠪᠢᠶᠠᠨ ᠳᠡᠰ ᠲᠦᠷᠦᠯ ᠬᠤᠪᠢᠶᠠᠨ᠂ ᠰᠦᠯᠵᠢᠶᠡᠨ ᠳᠤ ᠭᠠᠷᠬᠤ ᠦᠢᠯᠡᠴᠢᠯᠡᠬᠡᠨ ᠤ ᠳᠠᠯᠠᠪᠤᠷ᠂ ᠵᠤᠭ᠎ᠠ ᠴᠡᠩᠬᠡᠯ ᠤᠨ ᠳᠠᠯᠠᠪᠤᠷ ᠤᠨ ᠨᠡᠬᠡᠬᠡᠯᠳᠡ ᠶᠢ ᠰᠡᠷᠬᠦᠬᠡᠬᠦ ᠴᠠᠬ ᠪᠤᠯᠤᠨ ᠪᠤᠳᠠᠳᠠᠢ ᠱᠠᠭᠠᠷᠳᠠᠯᠭ᠎ᠠ ᠶᠢ ᠳᠤᠬᠳᠠᠭᠠᠬᠤ ᠬᠡᠷᠡᠭᠳᠡᠢ ᠬᠡᠵᠦ ᠱᠠᠭᠠᠷᠳᠠᠵᠠᠢ᠃      ᠵᠦᠭᠯᠡᠬᠦᠷ ᠲᠤ᠂ ᠨᠡᠬᠡᠬᠡᠯᠳᠡ ᠪᠠᠨ ᠰᠡᠷᠬᠦᠬᠡᠭᠰᠡᠨ ᠳᠤᠬᠯᠠᠯᠳᠠ ᠶᠢᠨ ᠳᠠᠯᠠᠪᠤᠷ᠂ ᠰᠦᠯᠵᠢᠶᠡᠨ ᠳᠤ ᠭᠠᠷᠬᠤ ᠦᠢᠯᠡᠴᠢᠯᠡᠭᠡᠨ ᠤ ᠳᠠᠯᠠᠪᠤᠷ᠂ ᠵᠤᠭ᠎ᠠ ᠴᠡᠩᠬᠡᠯ ᠤᠨ ᠳᠠᠯᠠᠪᠤᠷ ᠤᠨ ᠬᠢᠨ ᠤᠷᠢᠳᠴᠢᠯᠡᠨ ᠪᠤᠯᠵᠤᠵᠦ ᠬᠦᠮᠦᠨ ᠤ ᠲᠤᠭ᠎ᠠ ᠶᠢ ᠬᠢᠵᠠᠭᠠᠷᠯᠠᠬᠤ ᠠᠷᠭ᠎ᠠ ᠬᠡᠮᠵᠢᠶ᠎ᠠ ᠠᠪᠬᠤ ᠬᠡᠷᠡᠭᠳᠡᠢ᠃ ᠤᠯᠠᠨ ᠵᠦᠴᠦᠬᠡ ᠶᠢᠨ ᠳᠠᠯᠠᠪᠠᠢ ᠲᠠᠢ ᠶᠡᠷᠦᠩᠬᠡᠶᠢᠯᠡᠭᠰᠡᠨ ᠴᠢᠨᠠᠷᠳᠠᠢ ᠳᠤᠬᠯᠠᠯᠳᠠ ᠶᠢᠨ ᠳᠠᠯᠠᠪᠤᠷ ᠨᠢ ᠠᠳᠠᠯᠢ ᠨᠢᠬᠡ ᠴᠠᠬ ᠲᠤ ᠨᠢᠬᠡ ᠯᠡ ᠵᠦᠴᠦᠬᠡ ᠶᠢᠨ ᠳᠠᠯᠠᠪᠠᠢ ᠪᠠᠨ ᠨᠡᠬᠡᠬᠡᠵᠦ ᠪᠤᠯᠤᠨ᠎ᠠ᠃ ᠨᠡᠬᠡᠬᠡᠯᠳᠡ ᠪᠠᠨ ᠰᠡᠷᠬᠦᠭᠡᠭᠰᠡᠨ ᠰᠦᠯᠵᠢᠶᠡᠨ ᠳᠤ ᠭᠠᠷᠬᠤ ᠦᠢᠯᠡᠴᠢᠯᠡᠬᠡᠨ ᠤ ᠳᠠᠯᠠᠪᠤᠷ ᠤᠷᠢᠳᠴᠢᠯᠡᠨ ᠪᠤᠯᠵᠤᠬᠤ᠂ ᠤᠷᠬᠢᠯ ᠠᠴᠠ ᠵᠠᠶᠢᠯᠠᠰᠬᠢᠨ ᠳᠠᠯᠠᠪᠤᠷ ᠲᠤ ᠤᠷᠤᠭᠤᠯᠬᠤ᠂ ᠠᠯᠤᠰᠯᠠᠨ ᠰᠠᠭᠤᠯᠭᠠᠬᠤ ᠵᠡᠷᠬᠡ ᠠᠷᠭ᠎ᠠ ᠬᠡᠮᠵᠢᠶ᠎ᠠ ᠶᠢ ᠠᠪᠴᠦ᠂ ᠬᠦᠯᠢᠶᠡᠨ ᠠᠪᠬᠤ ᠬᠡᠷᠡᠭᠯᠡᠭᠴᠢᠳ ᠤᠨ ᠳᠤᠭ᠎ᠠ ᠶᠢ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ᠂ ᠲᠤᠰᠬᠠᠢ ᠦᠷᠦᠬᠡ ᠳᠠᠬᠢ ᠬᠦᠮᠦᠨ ᠤ ᠳᠤᠭ᠎ᠠ ᠶᠢ ᠴᠤ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠤ ᠪᠤᠯᠬᠤ ᠦᠬᠡᠢ᠃ ᠳᠠᠭᠤᠤ ᠪᠦᠵᠢᠭ ᠤᠨ ᠵᠤᠭ᠎ᠠ ᠴᠡᠩᠬᠡᠯ ᠤᠨ ᠳᠠᠯᠠᠪᠤᠷ ᠤᠨ ᠬᠦᠯᠢᠶᠡᠨ ᠠᠪᠬᠤ ᠬᠡᠷᠡᠭᠯᠡᠭᠴᠢᠳ ᠤᠨ ᠳᠤᠭ᠎ᠠ ᠶᠢ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ᠂ ᠲᠤᠰᠬᠠᠢ ᠦᠷᠦᠬᠡ ᠶᠢᠨ ᠬᠦᠯᠢᠶᠡᠨ ᠠᠪᠬᠤ ᠬᠦᠮᠦᠨ ᠤ ᠳᠤᠭ᠎ᠠ ᠶᠢ ᠴᠦ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ︔ ᠨᠠᠭᠠᠳᠤᠮ ᠤᠨ ᠵᠤᠭ᠎ᠠ ᠴᠡᠩᠬᠡᠯ ᠤᠨ ᠳᠠᠯᠠᠪᠤᠷ ᠤᠨ ᠬᠦᠯᠢᠶᠡᠨ ᠠᠪᠬᠤ ᠬᠡᠷᠡᠭᠯᠡᠭᠴᠢᠳ ᠤᠨ ᠳᠤᠭ᠎ᠠ ᠶᠢ ᠬᠢᠨᠠᠨ ᠳᠤᠬᠳᠠᠭᠠᠬᠰᠠᠨ ᠬᠦᠮᠦᠨ ᠤ ᠳᠤᠭᠠᠨ ᠤ 50% ᠠᠴᠠ ᠳᠠᠪᠠᠭᠤᠯᠵᠦ ᠪᠤᠯᠬᠤ ᠦᠬᠡᠢ ᠬᠡᠵᠦ ᠱᠠᠭᠠᠷᠳᠠᠪᠠ᠃      ᠵᠦᠭᠯᠡᠬᠦᠷ ᠲᠤ᠂ ᠦᠵᠡᠭᠴᠢᠳ ᠳᠤᠬᠯᠠᠯᠳᠠ ᠶᠢᠨ ᠳᠠᠯᠠᠪᠤᠷ ᠲᠤ ᠤᠷᠤᠬᠤ ᠳᠠᠭᠠᠨ ᠡᠷᠬᠡᠪᠰᠢ ᠠᠮᠠᠪᠴᠢ ᠵᠡᠬᠦᠵᠦ᠂ ᠪᠠᠶ᠎ᠠ ᠶᠢᠨ ᠲᠤᠯᠠᠭᠠᠨ ᠢᠶᠠᠨ ᠬᠡᠮᠵᠢᠬᠦᠯᠵᠦ᠂ ᠡᠷᠡᠬᠦᠯ ᠮᠡᠨᠳᠦ ᠶᠢᠨ ᠺᠤᠳ᠋ ᠢᠶᠠᠨ ᠦᠵᠡᠬᠦᠯᠬᠦ ᠬᠡᠷᠡᠭᠳᠡᠢ᠃ ᠳᠤᠬᠯᠠᠯᠳᠠ ᠶᠢᠨ ᠳᠠᠯᠠᠪᠤᠷ ᠡᠷᠬᠡᠪᠰᠢ ᠠᠮᠠᠪᠴᠢ᠂ ᠪᠡᠬᠡᠯᠡᠢ ᠵᠡᠷᠬᠡ ᠬᠠᠮᠠᠭᠠᠯᠠᠯᠳᠠ ᠶᠢᠨ ᠡᠳ᠋ ᠪᠤᠳᠠᠰ ᠢ ᠪᠡᠯᠡᠳᠬᠡᠭᠦ ᠶᠢᠨ ᠬᠠᠮᠳᠤ᠂ ᠭᠠᠷ ᠤᠬᠢᠶᠠᠬᠤ ᠳᠠᠰᠤᠬ ᠲᠤ ᠭᠠᠷ ᠤᠬᠢᠶᠠᠬᠤ ᠰᠢᠩᠬᠡᠨ ᠬᠢᠬᠡᠳ ᠠᠷᠢᠭᠤᠳᠬᠠᠯ ᠤᠨ ᠡᠳ᠋ ᠬᠡᠷᠡᠭᠰᠡᠯ ᠪᠡᠯᠡᠳᠬᠡᠭᠰᠡᠨ ᠪᠠᠶᠢᠬᠤ ᠬᠡᠷᠡᠭᠳᠡᠢ᠃ ᠬᠡᠷᠡᠭᠯᠡᠭᠴᠢᠳ ᠰᠦᠯᠵᠢᠶᠡᠨ ᠳᠤ ᠭᠠᠷᠬᠤ ᠦᠢᠯᠡᠴᠢᠯᠡᠬᠡᠨ ᠤ ᠳᠠᠯᠠᠪᠤᠷ᠂ ᠵᠤᠭ᠎ᠠ ᠴᠡᠩᠬᠡᠯ ᠤᠨ ᠳᠠᠯᠠᠪᠤᠷ ᠲᠤ ᠤᠷᠤᠬᠤ ᠳᠠᠭᠠᠨ ᠡᠷᠬᠡᠪᠰᠢ ᠠᠮᠠᠪᠴᠢ ᠵᠡᠬᠦᠵᠦ᠂ ᠪᠠᠶ᠎ᠠ ᠶᠢᠨ ᠲᠤᠯᠠᠭᠠᠨ ᠢᠶᠠᠨ ᠬᠡᠮᠵᠢᠬᠦᠯᠵᠦ᠂ ᠡᠷᠡᠬᠦᠯ ᠮᠡᠨᠳᠦ ᠶᠢᠨ ᠺᠤᠳ᠋ ᠢᠶᠠᠨ ᠦᠵᠡᠬᠦᠯᠬᠦ ᠶᠢᠨ ᠬᠠᠮᠳᠤ᠂ ᠦᠨᠡᠨ ᠨᠡᠷ᠎ᠠ ᠪᠠᠷ ᠢᠶᠠᠨ ᠳᠠᠩᠰᠠᠯᠠᠭᠤᠯᠬᠤ ᠬᠡᠷᠡᠭᠳᠡᠢ ᠬᠡᠵᠦ ᠱᠠᠭᠠᠷᠳᠠᠪᠠ᠃      ᠵᠦᠭᠯᠡᠬᠦᠷ ᠨᠢ ᠰᠦᠯᠵᠢᠶ᠎ᠡ ᠪᠠᠷ ᠦᠢᠯᠡᠴᠢᠯᠡᠬᠦ ᠶᠢ ᠵᠤᠷᠢᠬᠵᠢᠭᠤᠯᠵᠦ᠂ ᠰᠦᠯᠵᠢᠶᠡᠨ ᠳᠡᠬᠡᠷ᠎ᠠ ᠦᠨᠡᠨ ᠨᠡᠷ᠎ᠠ ᠪᠠᠷ ᠪᠢᠯᠧᠲ ᠬᠤᠳᠠᠯᠳᠤᠨ ᠠᠪᠬᠤ ᠪᠠ ᠡᠯᠧᠺᠲᠷᠤᠨ ᠪᠢᠯᠧᠲ ᠬᠤᠳᠠᠯᠳᠤᠨ ᠠᠪᠬᠤ ᠶᠢ ᠵᠤᠷᠢᠬᠵᠢᠭᠤᠯᠵᠦ᠂ ᠰᠦᠯᠵᠢᠶ᠎ᠡ ᠪᠠᠷ ᠵᠤᠭᠤᠰ ᠳᠤᠰᠢᠶᠠᠵᠦ᠂ ᠠᠯᠢ ᠴᠢᠳᠠᠬᠤ ᠪᠠᠷ ᠰᠢᠭᠤᠳ ᠤᠢᠢᠷᠠᠳᠤᠯᠴᠠᠬᠤ ᠶᠢ ᠪᠠᠭᠠᠰᠬᠠᠬᠤ ᠶᠢ ᠵᠤᠷᠢᠬᠵᠢᠭᠤᠯᠪᠡ᠃ ᠵᠦᠴᠦᠬᠡ ᠶᠢᠨ ᠬᠦᠷᠢᠶᠡᠯᠡᠩ ᠵᠡᠷᠬᠡ ᠳᠤᠰᠬᠠᠢ ᠮᠡᠷᠬᠡᠵᠢᠯ ᠤᠨ ᠳᠤᠬᠯᠠᠯᠳᠠ ᠶᠢᠨ ᠳᠠᠯᠠᠪᠤᠷ ᠲᠤ ᠦᠨᠡᠨ ᠨᠡᠷ᠎ᠠ ᠪᠠᠷ ᠪᠢᠯᠧᠲ ᠬᠤᠳᠠᠯᠳᠤᠨ ᠠᠪᠬᠤ ᠪᠠ ᠦᠨᠡᠨ ᠨᠡᠷ᠎ᠠ ᠪᠠᠷ ᠳᠠᠩᠰᠠᠯᠠᠭᠤᠯᠤᠨ ᠳᠠᠯᠠᠪᠤᠷ ᠲᠤ ᠤᠷᠤᠬᠤ ᠶᠢ ᠬᠡᠷᠡᠭᠵᠢᠬᠦᠯᠦᠨ᠎ᠠ᠃
ᠢᠷᠡᠯᠲᠡ᠄ ᠰᠢᠡᠬᠤᠸᠠ ᠬᠤᠷᠢᠶ᠎ᠠ