ᠱᠠᠩᠰᠢ ᠨᠢ ᠬᠤᠷᠴᠢᠨᠴᠣᠳ ᠲᠤ ᠠᠶᠢᠯ ᠲᠣᠰᠬᠤᠨ ᠤ ᠬᠢᠨ ᠦᠮᠦᠭ ᠲᠦᠰᠢᠭ ᠡᠵᠡᠳ ᠰᠠᠬᠢᠭᠤᠰᠣ ᠪᠠᠷ ᠦᠵᠡᠭᠳᠡᠵᠦ ᠪᠠᠶᠢᠬᠰᠠᠨ ᠠᠴᠠ ᠱᠠᠩᠰᠢ ᠶᠢᠨ ᠲᠠᠬᠢᠯᠭ᠎ᠠ ᠪᠠᠨ ᠲᠡᠳᠡ | ᠶᠡᠭᠡ ᠪᠠᠷ ᠬᠦᠨᠳᠦᠳᠭᠡᠳᠡᠭ ᠪᠠᠶᠢᠵᠠᠢ᠃ ᠱᠠᠩᠰᠢ ᠶᠢᠨ ᠮᠤᠳᠦ ᠶᠢᠨ ᠤᠯᠠᠩᠬᠢ ᠨᠢ ᠬᠠᠶᠢᠯᠠᠰᠤᠨ ᠮᠤᠳᠦ ᠪᠤᠯᠪᠠᠴᠤ ᠵᠠᠷᠢᠮ ᠭᠠᠵᠠᠷ ᠤᠨ ᠬᠢᠨ ᠤᠳᠠ ᠪᠠ ᠪᠤᠰᠤᠳ ᠲᠦᠷᠦᠯ ᠤᠨ | ᠮᠤᠳᠦ ᠪᠠᠷ ᠴᠦ ᠱᠠᠩᠰᠢ ᠪᠤᠯᠭᠠᠳᠠᠭ ᠴᠦ ᠪᠤᠢ᠃ ᠱᠠᠩᠰᠢ ᠲᠠᠬᠢᠬᠤ ᠡᠳᠦᠷ ᠪᠣᠯᠬᠤ ᠲᠠᠢ ᠵᠡᠷᠭᠡ ᠠᠶᠢᠯ ᠲᠣᠰᠬᠤᠨ ᠤ ᠡᠷᠡᠭᠳᠡᠶᠢᠴᠣᠳ ᠱᠠᠩᠰᠢ ᠶᠢᠨ ᠮᠣᠳᠣᠨ ᠲᠣᠣᠷ᠎ᠠ ᠪᠠᠨ | ᠴᠣᠬᠯᠠᠷᠠᠯᠳᠣᠵᠦ ᠲᠠᠬᠢᠯᠭ᠎ᠠ ᠶᠢᠨ ᠠᠵᠢᠯ ᠢᠶᠠᠨ ᠡᠬᠢᠯᠡᠭᠦᠯᠳᠡᠭ᠃ ᠬᠤᠷᠴᠢᠨ ᠲᠠᠷᠢᠶᠠᠴᠢᠳ ᠤᠨ ᠱᠠᠩᠰᠢ ᠶᠢᠨ ᠲᠠᠬᠢᠯᠭ᠎ᠠ ᠳᠤ ︽ᠱᠠᠩᠰᠢ ᠶᠢᠨ ᠰᠠᠬᠢᠭᠤᠰᠣ ᠪᠠᠭᠤᠯᠭᠠᠬᠤ ᠶᠣᠰᠣᠨ︾᠂ | ︽ᠱᠠᠩᠰᠢ ᠡᠷᠭᠢᠬᠦ ᠶᠣᠰᠣᠨ︾᠂ ︽ᠱᠠᠩᠰᠢ ᠳᠤ ᠰᠢᠭᠦᠰᠦ ᠡᠷᠭᠦᠬᠦ ᠶᠣᠰᠣᠨ︾᠂ ︽ᠱᠠᠩᠰᠢ ᠪᠠᠶᠠᠰᠬᠠᠬᠤ ᠶᠣᠰᠣᠨ︾ ᠭᠡᠵᠦ ᠪᠠᠶᠢᠳᠠᠬ᠃ | ᠱᠠᠩᠰᠢ ᠶᠢᠨ ᠰᠠᠬᠢᠭᠤᠰᠣ ᠪᠠᠭᠤᠯᠭᠠᠬᠤ ᠶᠣᠰᠣᠨ | ᠬᠤᠷᠴᠢᠨᠴᠣᠳ ᠤᠨ ᠱᠠᠩᠰᠢ ᠶᠢᠨ ᠲᠠᠬᠢᠯᠭ᠎ᠠ ᠨᠢ ᠦᠨᠡᠨ ᠳᠡᠭᠡᠨ᠂ ᠬᠤᠷᠴᠢᠨ ᠤ ᠪᠦᠭᠡ ᠶᠢᠨ ᠱᠠᠰᠢᠨ ᠤ ᠵᠠᠩ ᠦᠢᠯᠡ᠂ ᠣᠯᠠᠮᠵᠢᠯᠠᠯᠳᠦ ᠵᠢᠷᠣᠬᠠᠢ ᠶᠢᠨ ᠣᠬᠠᠭᠠᠨ ᠲᠠᠢ | ᠨᠢᠬᠳᠠ ᠣᠶᠠᠯᠳᠣᠵᠦ ᠬᠤᠯᠪᠣᠯᠳᠣᠬᠰᠠᠨ ᠲᠠᠬᠢᠯᠭ᠎ᠠ ᠪᠣᠯᠣᠨ᠎ᠠ᠃ ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠣᠷᠣᠯᠴᠠᠬᠤ ᠶᠣᠰᠣ ᠪᠠᠶᠢᠳᠠᠬ ᠦᠭᠡᠢ᠃ ᠬᠤᠷᠴᠢᠨᠴᠣᠳ | ᠱᠠᠩᠰᠢ ᠶᠢᠨ ᠮᠣᠳᠣ ᠪᠠᠨ ᠲᠠᠬᠢᠬᠤ ᠳᠠᠭᠠᠨ ᠲᠣᠷ᠎ᠠ ᠶᠢᠨ ᠨᠢᠭᠡ ᠡᠳᠦᠷ ᠰᠣᠩᠭᠤᠭᠠᠳ ᠶᠠᠪᠣᠬᠳᠠᠭᠤᠯᠬᠤ ᠪᠢᠰᠢ ᠵᠠᠪᠠᠯ ᠬᠠᠷ᠎ᠠ᠂ ᠬᠠᠷᠠᠬᠴᠢᠨ᠂ ᠬᠦᠬᠡ᠂ ᠬᠦᠭᠡᠭᠴᠢᠨ ᠡᠳᠦᠷ ᠢ | ᠰᠢᠯᠢᠵᠦ ᠯᠣᠣ᠂ ᠮᠣᠭᠠᠢ ᠡᠳᠦᠷ ᠢ ᠰᠣᠩᠭᠤᠨ᠎ᠠ ᠭᠡᠳᠡᠭ᠃ ᠬᠡᠷᠪᠡ ᠡᠳᠦᠷ ᠤᠨ ᠦᠡᠭᠭᠡ ᠪᠣᠯᠣᠨ ᠡᠳᠦᠷ ᠤᠨ ᠡᠷᠬᠡᠰ ᠨᠢ ᠲᠠᠭᠠᠷᠠᠬᠤ ᠦᠭᠡᠢ ᠪᠣᠯ ᠱᠠᠩᠰᠢ ᠶᠢᠨ ᠰᠠᠬᠢᠭᠤᠰᠣ ᠨᠢ | ᠮᠣᠳᠣᠨ ᠳᠠᠭᠠᠨ ᠪᠠᠭᠤᠬᠤ ᠳᠤ ᠬᠠᠷᠰᠢ ᠲᠣᠬᠢᠶᠠᠯᠳᠣᠳᠠᠬ ᠠᠴᠠ ᠱᠠᠩᠰᠢ ᠶᠢᠨ ᠰᠠᠬᠢᠭᠤᠰᠣ ᠬᠢᠯᠢᠩᠨᠡᠵᠦ ᠲᠡᠭᠡᠳᠦ ᠲᠡᠭᠷᠢ ᠠᠴᠠ ᠪᠣᠷᠣᠭᠠᠨ ᠬᠤᠷ᠎ᠠ ᠭᠤᠶᠣᠵᠦ ᠦᠭᠬᠦ ᠦᠭᠡᠢ | ᠪᠣᠯᠳᠠᠬ ᠠᠴᠠ ᠬᠡᠴᠢᠨᠡᠬᠡᠨ ᠵᠠᠯᠪᠠᠷᠢᠬᠰᠠᠨ ᠴᠦ ᠲᠣᠰᠠ ᠦᠭᠡᠢ ᠶᠣᠮ ᠭᠡᠨ᠎ᠡ᠃ ᠡᠭᠦᠨ ᠤ ᠲᠣᠬᠠᠢ ᠭᠠᠳᠠᠰᠣ ᠠᠴᠠ᠄ ︽ᠬᠠᠷ᠎ᠠ᠂ ᠬᠠᠷᠠᠬᠴᠢᠨ ᠨᠢ ᠮᠣᠩᠭᠤᠯ ᠤᠨ ᠣᠯᠠᠮᠵᠢᠯᠠᠯᠳᠦ | ᠵᠢᠷᠣᠬᠠᠢ ᠶᠢᠨ ᠲᠠᠪᠣᠨ ᠮᠠᠬᠠᠪᠣᠳ ᠤᠨ ᠶᠣᠰᠣᠨ ᠳᠤ ᠣᠰᠣ ᠶᠢ ᠲᠦᠯᠦᠭᠡᠯᠡᠵᠦ᠂ ᠬᠦᠬᠡ᠂ ᠬᠦᠭᠡᠭᠴᠢᠨ ᠨᠢ ᠮᠣᠳᠣ ᠶᠢ ᠲᠦᠯᠦᠭᠡᠯᠡᠳᠡᠭ ᠶᠣᠮ᠃ ᠬᠤᠷᠴᠢᠨ ᠳᠤ ᠪᠠᠰᠠ ︿ᠯᠣᠣ᠂ | ᠮᠣᠭᠠᠢ ᠨᠢ ᠯᠣᠣᠰ ᠤᠨ ᠡᠵᠡᠳ᠂ ᠪᠣᠷᠣᠭᠠᠨ ᠤ ᠰᠠᠬᠢᠭᠤᠰᠣ﹀ ᠭᠡᠵᠦ ᠶᠠᠷᠢᠳᠠᠬ ᠠᠴᠠ ᠱᠠᠩᠰᠢ ᠶᠢᠨ ᠪᠣᠷᠬᠠᠨ ᠨᠢ ᠬᠦᠭᠡᠭᠴᠢᠨ ᠯᠣᠣ᠂ ᠬᠦᠭᠡᠭᠴᠢᠨ ᠮᠣᠭᠠᠢ ᠡᠳᠦᠷ ᠱᠠᠩᠰᠢ ᠶᠢᠨ | ᠮᠣᠳᠣᠨ ᠳᠠᠭᠠᠨ ᠠᠮᠠᠷᠬᠠᠨ ᠵᠠᠯᠠᠷᠠᠨ ᠪᠠᠭᠤᠵᠦ᠂ ᠬᠠᠷᠠᠬᠴᠢᠨ ᠯᠣᠣ᠂ ᠬᠠᠷᠠᠬᠴᠢᠨ ᠮᠣᠭᠠᠢ ᠡᠳᠦᠷ ᠯᠣᠣᠰ ᠤᠨ ᠡᠵᠡᠳ ᠲᠠᠢ ᠰᠠᠨᠠᠭ᠎ᠠ ᠪᠠᠨ ᠲᠦᠷᠭᠡᠨ ᠣᠯᠣᠯᠴᠠᠵᠦ ᠲᠡᠶᠢᠯᠦᠨ᠎ᠡ ᠭᠡᠵᠦ | ᠰᠡᠳᠭᠢᠭᠰᠡᠨ ᠲᠠᠢ ᠬᠤᠯᠪᠣᠭ᠎ᠠ ᠲᠠᠢ᠃ ᠡᠳᠦᠷ ᠤᠨ ᠦᠡᠭᠭᠡ ᠨᠢ ᠲᠠᠭᠠᠷᠠᠪᠠᠯ ᠮᠣᠷᠢ ᠬᠤᠨᠢᠨ ᠡᠳᠦᠷ ᠢ ᠪᠠᠰᠠ ᠰᠣᠩᠭᠤᠵᠦ ᠪᠣᠯᠣᠨ᠎ᠠ ᠭᠡᠳᠡᠭ᠃ ᠱᠠᠩᠰᠢ ᠶᠢᠨ ᠲᠠᠬᠢᠯᠭ᠎ᠠ ᠶᠢ ᠵᠠᠷᠢᠮ | ᠨᠣᠳᠤᠬ ᠤᠨ ᠬᠢᠨ ᠲᠣᠬᠳᠠᠬᠰᠠᠨ ᠡᠳᠦᠷ ᠭᠠᠷᠭᠠᠵᠦ ᠶᠠᠪᠣᠬᠳᠠᠭᠤᠯᠳᠠᠬ᠃ ᠮᠠᠨ ᠤ ᠬᠦᠷᠢᠶ᠎ᠡ ᠬᠤᠰᠢᠭᠤᠨ ᠤ ᠵᠠᠷᠢᠮ ᠭᠠᠵᠠᠷ ᠲᠤ ᠪᠢᠯᠢᠭ ᠤᠨ ᠣᠯᠠᠷᠢᠯ ᠤᠨ ᠲᠠᠪᠣᠨ ᠰᠠᠷ᠎ᠠ ᠶᠢᠨ | ᠠᠷᠪᠠᠨ ᠭᠤᠷᠪᠠᠨ ᠢ ᠰᠣᠩᠭᠤᠵᠦ ᠱᠠᠩᠰᠢ ᠶᠢᠨ ᠲᠠᠬᠢᠯᠭ᠎ᠠ ᠪᠠᠨ ᠶᠠᠪᠣᠬᠳᠠᠭᠤᠯᠳᠠᠬ ᠶᠣᠮ︾ ᠭᠡᠪᠡ᠃ | ᠱᠠᠩᠰᠢ ᠶᠢᠨ ᠰᠠᠬᠢᠭᠤᠰᠣ ᠪᠠᠭᠤᠯᠭᠠᠬᠤ ᠶᠣᠰᠣ ᠭᠡᠳᠡᠭ ᠨᠢ ᠱᠠᠩᠰᠢ ᠲᠠᠬᠢᠬᠤ ᠭᠡᠵᠦ ᠪᠠᠶᠢᠭ᠎ᠠ ᠠᠶᠢᠯ ᠲᠣᠰᠬᠤᠨ ᠤ ᠬᠢᠨ ᠯᠠᠮᠠ ᠪᠣᠶᠣ ᠪᠦᠬᠡ ᠵᠠᠯᠠᠵᠦ ᠨᠣᠮ ᠲᠠᠷᠨᠢ | ᠣᠡᠭᠰᠢᠭᠤᠯᠵᠦ ᠪᠠᠶᠢᠭᠠᠳ ᠱᠠᠩᠰᠢ ᠶᠢᠨ ᠪᠣᠷᠬᠠᠨ ᠢ ᠱᠠᠩᠰᠢ ᠶᠢᠨ ᠮᠣᠳᠣᠨ ᠳᠤᠨᠢ ᠵᠠᠯᠠᠵᠦ ᠪᠠᠭᠤᠯᠭᠠᠬᠤ ᠶᠢ ᠬᠡᠯᠡᠳᠡᠭ᠃ ᠱᠠᠩᠰᠢ ᠪᠠᠭᠤᠯᠭᠠᠬᠤ ᠶᠣᠰᠣᠨ ᠤ ᠲᠣᠬᠠᠢ ᠭᠠᠳᠠᠰᠣ ᠠᠴᠠ᠄ | ︽ᠮᠣᠩᠭᠤᠯᠴᠣᠳ ᠡᠷᠳᠡ ᠲᠡᠭᠡᠳᠦ ᠦᠶ᠎ᠡ ᠳᠤ ᠪᠦᠭᠡ ᠶᠢᠨ ᠱᠠᠰᠢᠨ ᠢ ᠰᠢᠳᠦᠵᠦ ᠪᠠᠶᠢᠬᠰᠠᠨ ᠪᠤᠯᠬᠤᠷ ᠰᠢᠷ᠎ᠠ ᠶᠢᠨ ᠱᠠᠰᠢᠨ ᠨᠢ ᠬᠤᠷᠴᠢᠨ ᠨᠣᠳᠤᠬ ᠲᠤ ᠣᠯᠠᠮᠵᠢᠯᠠᠬᠳᠠᠨ ᠣᠷᠣᠵᠦ | ᠢᠷᠡᠬᠦ ᠠᠴᠠ ᠡᠮᠦᠨ᠎ᠡ ᠱᠠᠩᠰᠢ ᠶᠢᠨ ᠰᠠᠬᠢᠭᠤᠰᠣ ᠪᠠᠭᠤᠯᠭᠠᠬᠤ ᠠᠵᠢᠯ ᠢ ᠪᠦᠭᠡ ᠨᠠᠷ ᠬᠦᠢᠴᠡᠳᠭᠡᠵᠦ ᠪᠠᠶᠢᠬᠰᠠᠨ ᠨᠢ ᠯᠠᠪᠳᠠᠢ᠃ ᠪᠦᠭᠡ ᠢᠳᠣᠭᠠᠨ ᠨᠠᠷ ᠤᠨ ᠣᠡᠭᠭᠤᠳ | ᠰᠢᠳᠦᠭᠡᠨ ᠨᠢ ᠢᠮᠠᠬᠳᠠ ᠬᠡᠭᠡᠷ᠎ᠡ ᠭᠠᠳᠠᠨ᠎ᠠ ᠭᠠᠭᠴᠠ ᠮᠣᠳᠣᠨ ᠳᠤ ᠰᠠᠭᠤᠳᠠᠬ ᠪᠣᠶᠣ ᠮᠣᠳᠣ ᠲᠠᠢ ᠬᠤᠯᠪᠣᠭ᠎ᠠ ᠲᠠᠢ ᠭᠡᠳᠡᠭ᠃ ᠡᠶᠢᠮᠦ ᠠᠴᠠ ᠪᠦᠬᠡ ᠨᠠᠷ ᠱᠠᠩᠰᠢ ᠶᠢᠨ ᠮᠣᠳᠣ ᠶᠢ | ᠰᠠᠬᠢᠭᠤᠰᠣ ᠪᠣᠯᠭᠠᠨ ᠲᠠᠬᠢᠳᠠᠬ ᠪᠦᠭᠡᠳ ᠲᠡᠭᠷᠢ ᠲᠠᠬᠢᠬᠤ ᠪᠠᠷ ᠪᠣᠰᠬᠠᠬᠰᠠᠨ ᠣᠪᠣᠭᠠᠨ ᠲᠡᠭᠡᠷ᠎ᠡ ᠪᠠᠨ ᠵᠡᠯᠮ᠎ᠡ ᠶᠢᠨ ᠮᠣᠳᠣ ᠬᠠᠳᠬᠤᠳᠠᠬ ᠶᠣᠮ ᠭᠡᠨ᠎ᠡ᠃ ᠡᠷᠳᠡᠨ ᠳᠤ ᠪᠦᠭᠡ | ᠢᠳᠣᠭᠠᠨ ᠦᠬᠦᠪᠡᠯ ᠪᠠᠰᠠ ᠲᠦᠷᠪᠡᠨ ᠮᠦᠴᠢ ᠪᠠᠷ ᠨᠢ ᠲᠣᠶᠠᠴᠢᠵᠦ ᠱᠠᠩᠰᠢ ᠶᠢᠨ ᠮᠣᠳᠣᠨ ᠳᠤ ᠡᠯᠬᠦᠳᠡᠭ ᠴᠦ ᠪᠠᠶᠢᠵᠠᠢ᠃ ᠡᠯᠭᠦᠵᠦ ᠲᠠᠯᠪᠢᠬᠰᠠᠨ ᠶᠠᠰᠣ ᠮᠢᠬ᠎ᠠ ᠶᠢ ᠨᠢ ᠬᠡᠳᠦᠨ | ᠲᠣᠯᠤᠭ᠎ᠠ ᠬᠤᠨᠤᠬ ᠲᠤ ᠰᠢᠪᠠᠭᠤ᠂ ᠱᠠᠭᠠᠵᠠᠭᠠᠢ᠂ ᠡᠯᠢᠶ᠎ᠡ᠂ ᠪᠦᠷᠭᠦᠳ ᠵᠡᠷᠭᠡ ᠶᠢᠨ ᠵᠢᠭᠦᠷᠳᠡᠨ ᠠᠮᠢᠳᠠᠳ ᠢᠳᠡᠵᠦ ᠪᠠᠷᠠᠪᠠᠯ ᠶᠡᠭᠡ ᠰᠠᠶᠢᠨ ᠭᠡᠳᠡᠭ ᠶᠤᠮ᠃ ᠡᠭᠦᠨ ᠢ ᠪᠠᠰᠠ ︿ | ᠰᠦᠷᠯᠡᠡ ᠣᠷᠣᠰᠢᠭᠤᠯᠬᠤ﹀ ᠭᠡᠵᠦ ᠬᠡᠯᠡᠳᠡᠭ᠃ ᠪᠦᠭᠡ ᠶᠢᠨ ᠱᠠᠰᠢᠨ ᠤ ᠶᠣᠰᠣᠨ ᠳᠤ ᠪᠦᠭᠡ ᠨᠠᠷ ᠦᠬᠦᠪᠡᠯ ᠰᠦᠨᠡᠰᠦ ᠨᠢ ᠰᠠᠬᠢᠭᠤᠰᠣ ᠪᠣᠶᠣ ᠰᠢᠳᠦᠭᠡᠨ ᠪᠣᠯᠳᠠᠬ ᠠᠴᠠ ᠪᠢᠰᠢ | ᠡᠩ ᠤᠨ ᠬᠦᠮᠦᠨ ᠤ ᠰᠦᠨᠡᠰᠦ ᠰᠢᠭ ᠲᠦᠷᠦᠯ ᠡᠷᠢᠵᠦ ᠶᠠᠪᠣᠳᠠᠬ ᠦᠭᠡᠢ ᠭᠡᠨ᠎ᠡ᠃ ᠬᠤᠷᠴᠢᠨᠴᠣᠳ ᠪᠠᠰᠠ ᠪᠦᠭᠡ ᠶᠢ ᠲᠡᠭᠷᠢ ᠶᠢᠨ ᠵᠢᠭᠡ ᠭᠡᠵᠦ ᠰᠢᠳᠢᠴᠢᠯᠡᠨ ᠶᠠᠷᠢᠳᠠᠬ ᠪᠣᠯᠬᠤᠷ | ᠦᠬᠦᠭᠰᠡᠨ ᠪᠦᠭᠡ ᠨᠠᠷ ᠢ ᠱᠠᠩᠰᠢ ᠶᠢᠨ ᠮᠣᠳᠣᠨ ᠳᠤ ᠬᠡᠢ ᠲᠠᠯᠪᠢᠨ ᠣᠷᠣᠰᠢᠭᠤᠯᠪᠠᠯ ᠱᠠᠩᠰᠢ ᠶᠢᠨ ᠰᠠᠬᠢᠭᠤᠰᠣ ᠠᠴᠠ ᠦᠬᠦᠭᠰᠡᠨ ᠪᠦᠭᠡ ᠶᠢᠨ ᠰᠦᠭ ᠰᠦᠨᠡᠰᠦ ᠶᠢ ᠨᠢ ᠢᠪᠡᠭᠡᠵᠦ | ᠰᠢᠳᠢ ᠶᠢᠨ ᠬᠦᠴᠦᠨ ᠢ ᠨᠢ ᠨᠡᠮᠡᠭᠳᠡᠭᠦᠯᠦᠨ ᠡᠷᠳᠡᠮᠳᠡᠨ ᠪᠦᠭᠡ ᠶᠢᠨ ᠲᠣᠬᠰᠢᠨ ᠰᠢᠳᠦᠭᠡᠨ ᠪᠣᠯᠭᠠᠵᠦ ᠲᠡᠶᠢᠯᠦᠨ᠎ᠡ ᠭᠡᠳᠡᠭ᠃ ᠬᠤᠵᠢᠮ ᠨᠢ ᠪᠣᠯᠵᠦ ᠢᠷᠡᠭᠡᠳ ᠡᠨᠡ ᠬᠦ ᠪᠦᠭᠡ ᠨᠠᠷ ᠢ | ︿ᠰᠦᠷᠯᠠᠡ ᠣᠷᠤᠰᠢᠭᠤᠯᠬᠤ﹀ ᠶᠣᠰᠣ ᠨᠢ ᠠᠷᠠᠳ ᠤᠨ ᠲᠣᠮᠳᠠ ᠴᠦ ᠲᠠᠷᠬᠠᠬᠰᠠᠨ ᠶᠣᠮ᠃ ᠮᠠᠨ ᠤ ᠠᠶᠢᠯ ᠠᠴᠠ ᠬᠤᠶᠢᠰᠢ ᠲᠠᠪᠣᠨ ᠭᠠᠵᠠᠷ ᠤᠨ ᠠᠯᠣᠰ ᠲᠤ ᠨᠢᠭᠡ ᠭᠠᠷᠪᠤ ᠶᠢ ᠬᠡᠢ | ᠲᠡᠭᠡᠷ᠎ᠡ ᠲᠡᠭᠳᠡᠭᠡᠭᠰᠡᠨ ᠭᠡᠳᠡᠭ ᠮᠣᠳᠣ ᠪᠠᠶᠢᠬᠰᠠᠨ ᠶᠣᠮ᠃ ᠡᠨᠡ ᠮᠣᠳᠣᠨ ᠲᠡᠭᠡᠷ᠎ᠡ ᠵᠢᠷᠠᠭᠠᠳ ᠣᠨ ᠤ ᠦᠶ᠎ᠡ ᠳᠤ ᠭᠠᠷᠪᠤ ᠭᠡᠳᠡᠭ ᠬᠦᠮᠦᠨ ᠤ ᠬᠡᠭᠦᠷ ᠢ ᠲᠠᠯᠪᠢᠬᠰᠠᠨ ᠭᠡᠳᠡᠭ᠃ | ᠢᠡᠭᠭᠢᠵᠦ ᠲᠡᠭᠳᠡᠭᠡᠵᠦ ᠲᠠᠯᠪᠢᠬᠰᠠᠨ ᠡᠭᠡᠯ ᠬᠦᠮᠦᠨ ᠤ ᠰᠦᠨᠡᠰᠦ ᠨᠢ ᠴᠦ ᠪᠦᠭᠡ ᠨᠠᠷ ᠤᠨ ᠬᠦᠯᠦᠭ ᠪᠣᠯᠵᠦ ᠠᠳᠠ ᠴᠢᠳᠭᠦᠷ ᠲᠤ ᠲᠠᠷᠣᠯᠭ᠎ᠠ ᠬᠢᠬᠦ ᠳᠤᠨᠢ ᠬᠠᠪᠰᠣᠷᠤᠯᠭᠠ ᠪᠣᠯᠳᠠᠬ᠃ | ᠡᠭᠦᠨ ᠠᠴᠠ ᠪᠢᠳᠡ ᠱᠠᠩᠰᠢ ᠨᠢ ᠪᠦᠭᠡ ᠨᠠᠷ ᠤᠨ ᠴᠢᠬᠤᠯᠠ ᠨᠢᠭᠡ ᠰᠢᠳᠦᠭᠡᠨ ᠪᠠᠶᠢᠬᠰᠠᠨ ᠭᠡᠳᠡᠭ ᠢ ᠮᠡᠳᠡᠵᠦ ᠪᠣᠯᠣᠨ᠎ᠠ︾ ᠭᠡᠵᠡᠢ᠃ ᠬᠦᠷᠢᠶ᠎ᠡ ᠬᠤᠰᠢᠭᠤᠨ ᠤ ᠪᠦᠭᠡ ᠶᠢᠨ | ᠣᠷᠢᠯᠭ᠎ᠠ ᠳᠤ᠄ | ᠴᠠᠰᠣ ᠴᠠᠭᠠᠨ ᠠᠭᠤᠯᠠ | ᠴᠠᠬᠢᠭᠤᠷ ᠴᠠᠭᠠᠨ ᠬᠠᠳᠠ | ᠱᠠᠰᠳᠢᠷ ᠤᠨ ᠭᠠᠭᠴᠠ ᠮᠣᠳᠣ | ᠰᠠᠯᠠᠭ᠎ᠠ ᠪᠣᠯᠭᠠᠨ ᠨᠢ ᠰᠠᠨᠠᠯ | ᠰᠠᠨᠠᠯ ᠤᠨ ᠮᠢᠩᠭᠠᠨ ᠰᠣᠬᠠᠢ | ᠨᠠᠪᠴᠢ ᠶᠢᠨ ᠲᠦᠮᠡᠨ ᠦᠵᠦᠭ | ᠭᠡᠵᠦ ᠭᠠᠷᠳᠠᠬ ᠪᠠ ︽ᠠᠷᠣ ᠬᠢᠨᠭ᠍ᠭᠠᠨ ᠤ ᠠᠷᠣ ᠳᠠᠬᠢ ᠠᠷᠪᠠᠨ ᠭᠤᠷᠪᠠᠨ ᠣᠪᠣᠭᠠᠨ ᠲᠣᠮᠳᠠᠬᠢ ᠠᠭᠠᠷᠣ ᠽᠠᠨᠳᠠᠨ ᠮᠣᠳᠣᠨ ᠤ ᠪᠠᠷᠠᠭᠤᠨ ᠬᠤᠶᠢᠳᠦ ᠰᠠᠯᠠᠭᠠᠨ ᠳᠤ ᠬᠤᠪᠣᠬᠳᠦ | ᠠᠪᠤ ᠶᠢᠨ ᠪᠠᠶᠢᠷᠢ ᠰᠠᠭᠤᠳᠠᠯ ᠲᠠᠢ᠂ ᠵᠡᠭᠦᠨ ᠣᠷᠢᠳᠦ ᠰᠠᠯᠠᠭᠠᠨ ᠳᠤ ᠬᠤᠳᠣᠬᠳᠦ ᠠᠪᠠᠢ ᠰᠠᠭᠤᠳᠠᠬ︾ ᠶᠣᠮ ᠭᠡᠨ᠎ᠡ᠃ ︽ᠲᠡᠭᠦᠨ ᠢ ᠪᠠᠰᠠ ᠲᠡᠭᠷᠢ ᠶᠢᠨ ᠬᠦᠯ︾ ᠬᠡᠯᠴᠡᠳᠡᠭ ᠭᠡᠵᠦ | ᠪᠠ᠊ · ᠰᠦᠬᠡ ᠶᠢᠨ ᠭᠤᠣᠯᠯᠠᠨ ᠨᠠᠶᠢᠷᠠᠭᠤᠯᠣᠬᠰᠠᠨ ︽ᠠᠨᠳᠠᠢ ᠶᠢᠨ ᠨᠣᠳᠤᠬ ᠬᠦᠷᠢᠶ᠎ᠡ ᠬᠤᠰᠢᠭᠤᠨ ᠤ ᠲᠡᠦᠬᠡ ᠰᠣᠶᠣᠯ ᠤᠨ ᠲᠣᠪᠴᠢᠶ᠎ᠠ︾ ᠭᠡᠬᠦ ᠨᠣᠮ ᠳᠤ ᠲᠣᠳᠣᠷᠬᠠᠢ ᠲᠡᠮᠳᠡᠭᠯᠡᠵᠦ | ᠪᠠᠶᠢᠭ᠎ᠠ ᠶᠣᠮ᠃ ᠲᠣᠰ ᠲᠡᠮᠳᠡᠭᠯᠡᠯ ᠠᠴᠠ ᠦᠵᠡᠪᠡᠯ ᠬᠤᠪᠣᠬᠳᠤ ᠪᠦᠬᠡ ᠪᠠ ᠬᠤᠳᠣᠬᠳᠦ ᠠᠪᠠᠢ ᠨᠢ ᠪᠦᠷ ᠱᠠᠩᠰᠢ ᠶᠢᠨ ᠮᠣᠳᠣᠨ ᠳᠤ ᠰᠠᠭᠤᠳᠠᠬ ᠨᠢ ᠲᠣᠳᠣᠷᠬᠠᠢ᠃ ᠬᠤᠪᠣᠬᠳᠤ | ᠪᠦᠭᠡ ᠶᠢ ᠬᠤᠷᠴᠢᠨ ᠪᠦᠭᠡ ᠨᠠᠷ ᠤᠨ ᠶᠡᠭᠡ ᠪᠠᠭᠰᠢ᠂ ᠡᠪᠦᠭᠡ ᠭᠡᠵᠦ ᠬᠤᠷᠴᠢᠨᠴᠣᠳ ᠦᠵᠡᠳᠡᠭ ᠠᠴᠠ ᠰᠢᠨᠵᠢᠪᠡᠯ ᠱᠠᠩᠰᠢ ᠶᠢᠨ ᠲᠠᠬᠢᠯᠭ᠎ᠠ ᠶᠢ ᠠᠯᠢ ᠡᠷᠳᠡ ᠳᠤ ᠪᠦᠭᠡ ᠨᠠᠷ | ᠡᠷᠭᠢᠯᠡᠨ ᠶᠠᠪᠣᠬᠳᠠᠭᠤᠯᠵᠦ ᠪᠠᠶᠢᠭᠰᠠᠨ ᠨᠢ ᠯᠠᠪᠳᠠᠢ᠃ ᠲᠣᠰ ᠨᠣᠮ ᠳᠤ ᠲᠡᠮᠳᠡᠭᠯᠡᠭᠰᠡᠨ ᠢᠶᠠᠷ᠄ ︽ᠵᠠᠷᠢᠮ ᠠᠶᠢᠯ ᠤᠨ ᠬᠢᠨ ᠪᠠᠰᠠ ᠠᠶᠢᠯ ᠠᠶᠢᠮᠠᠬ ᠲᠠᠭᠠᠨ ᠬᠡᠯᠡᠮᠦᠷᠴᠢ ᠴᠣᠯᠠ ᠲᠠᠢ | ᠨᠠᠰᠣᠳᠠᠨ ᠢᠶᠠᠨ ︿ᠴᠠᠭᠠᠨ ᠡᠪᠦᠭᠡᠨ﹀ ᠡᠷᠭᠦᠮᠵᠢᠯᠡᠭᠡᠳ ᠱᠠᠩᠰᠢ ᠶᠢᠨ ᠡᠵᠡᠨ ᠤ ᠵᠠᠬ᠎ᠠ ᠳᠤ ᠰᠠᠭᠤᠯᠭᠠᠵᠦ᠂ ︿ᠬᠡᠰᠢᠭ ᠤᠨ ᠲᠡᠭᠡᠵᠢ﹀ ᠬᠤᠨᠢᠨ ᠡᠪᠴᠢᠭᠦᠦ ᠪᠠᠷᠢᠭᠤᠯᠵᠦ ᠢᠷᠦᠭᠡᠯ | ᠣᠡᠭᠰᠢᠭᠤᠯᠬᠤ ᠶᠢᠨ ᠬᠠᠮᠳᠦ ᠣᠯᠠᠨ ᠢᠶᠠᠷ ᠢᠶᠠᠨ ᠮᠦᠷᠭᠦᠵᠡᠭᠡᠳᠡᠭ ᠶᠣᠮ᠃ ᠡᠨᠡ ᠦᠶᠡᠰ ᠴᠠᠭᠠᠨ ᠡᠪᠦᠭᠡᠨ ᠨᠢ᠄ | ᠡᠭᠦᠯᠡᠨ ᠤ ᠵᠠᠪᠰᠠᠷ ᠢᠶᠠᠷ ᠲᠡᠭᠷᠢ ᠦᠵᠡ | ᠡᠭᠦᠳᠡᠨ ᠤ ᠴᠢᠯᠦᠭᠡ ᠪᠠᠷ ᠪᠣᠷᠬᠠᠨ ᠦᠵᠡ | ᠦᠷ᠎ᠡ ᠬᠡᠦᠬᠡᠳ ᠲᠤ ᠮᠢᠨᠢ ᠡᠪᠡᠳᠴᠢᠨ ᠦᠭᠡᠢ | ᠡᠩ ᠲᠡᠯᠡᠬᠡᠢ ᠳᠤ ᠰᠠᠮᠠᠭᠤᠨ ᠦᠭᠡᠢ | ᠦᠯᠵᠡᠢ ᠵᠢᠷᠭᠠᠯ ᠬᠤᠣᠰᠯᠠᠬᠤ ᠶᠣᠮ ᠡ | ᠦᠨᠢ ᠡᠭᠦᠷᠢᠳᠡ ᠲᠠᠶᠢᠪᠤᠡᠭ ᠶᠣᠮ ᠡ | ᠲᠠᠪᠣᠨ ᠲᠠᠷᠢᠶ᠎ᠠ ᠲᠡᠭᠰᠢ ᠲᠦᠷᠦᠬᠦ ᠶᠣᠮ ᠡ | ᠲᠠᠪᠣᠨ ᠬᠤᠰᠢᠭᠤ ᠮᠠᠯ ᠠᠳᠠᠯᠢ ᠦᠰᠬᠦ ᠶᠣᠮ ᠡ᠃ | ᠭᠤᠣᠨᠢ ᠪᠡᠶ᠎ᠡ ᠳᠤ ᠭᠠᠷᠣᠵᠠ ᠦᠭᠡᠢ | ᠭᠤᠸᠠᠩᠭᠠᠨ ᠰᠣᠪᠳᠠᠬ ᠲᠤ ᠭᠡᠮ ᠦᠭᠡᠢ | ᠭᠠᠯ ᠭᠤᠯᠣᠮᠳᠠ ᠪᠠᠳᠠᠷᠠᠬᠤ ᠶᠣᠮ ᠡ | ᠭᠠᠴᠢᠬ ᠵᠣᠪᠠᠯᠠᠩ ᠠᠴᠠ ᠬᠡᠯᠳᠦᠷᠢᠬᠦ ᠶᠣᠮ ᠡ | ᠦᠨᠦᠴᠢᠨ ᠬᠡᠦᠬᠡᠳ ᠲᠤ ᠡᠮᠬᠡᠭ ᠦᠭᠡᠢ | ᠡᠷ᠎ᠡ ᠦᠭᠡᠢ ᠪᠡᠯᠪᠡᠰᠦᠨ ᠳᠤ ᠨᠢᠭᠦᠯ ᠦᠭᠡᠢ | ᠡᠴᠢᠭᠡ ᠡᠬᠡ ᠪᠠᠨ ᠬᠦᠨᠳᠦᠯᠡᠬᠦ ᠶᠣᠮ ᠡ | ᠦᠷ᠎ᠡ ᠵᠣᠯᠵᠠᠭ᠎ᠠ ᠪᠠᠨ ᠦᠰᠭᠡᠬᠦ ᠶᠣᠮ ᠡ᠃ | ᠮᠣᠩᠭᠤᠯ ᠲᠠᠷᠢᠶ᠎ᠠ ᠪᠠᠨ ᠬᠠᠶᠢᠷᠠᠯᠠᠪᠠᠯ | ᠮᠦᠡᠭᠬᠡ ᠲᠡᠭᠷᠢ ᠪᠠᠶᠠᠰᠬᠤ ᠶᠣᠮ ᠡ | ᠮᠦᠨᠳᠦᠷ ᠦᠭᠡᠢ ᠵᠦᠰᠡᠷ ᠪᠣᠷᠣᠭᠠᠨ ᠢ | ᠮᠦᠨᠦ ᠮᠠᠷᠭᠠᠰᠢ ᠣᠷᠣᠭᠤᠯᠬᠤ ᠶᠣᠮ ᠡ | ᠬᠤᠷᠠᠭ᠎ᠠ ᠢᠰᠢᠭᠡ ᠪᠠᠨ ᠬᠠᠶᠢᠷᠠᠯᠠᠪᠠᠯ | ᠬᠤᠷᠮᠣᠰᠳᠠ ᠲᠡᠭᠷᠢ ᠪᠠᠶᠠᠰᠬᠤ ᠶᠣᠮ ᠡ | ᠬᠤᠣᠷ ᠦᠭᠡᠢ ᠵᠦᠭᠡᠯᠡᠨ ᠬᠤᠷ᠎ᠠ ᠶᠢ | ᠬᠤᠭᠤᠴᠠᠭ᠎ᠠ ᠬᠤᠭᠤᠴᠠᠭᠠᠨ ᠳᠤᠨᠢ ᠪᠠᠭᠤᠯᠭᠠᠬᠤ ᠶᠣᠮ ᠡ ᠭᠡᠬᠦ ᠮᠡᠳᠦ ᠪᠠᠷ ᠢᠷᠦᠭᠡᠯ ᠲᠠᠯᠪᠢᠳᠠᠬ︾ ᠭᠡᠵᠦ ᠬᠦᠷᠢᠶ᠎ᠡ ᠬᠤᠰᠢᠭᠤᠨ ᠤ ᠵᠠᠷᠢᠮ ᠭᠠᠵᠠᠷ ᠤᠨ ᠱᠠᠩᠰᠢ ᠲᠠᠬᠢᠬᠤ | ᠶᠣᠰᠣᠨ ᠤ ᠲᠣᠬᠠᠢ ᠵᠠᠩ ᠦᠢᠯᠡ ᠶᠢ ᠲᠡᠮᠳᠡᠭᠯᠡᠵᠠᠢ᠃ | ᠱᠠᠩᠰᠢ ᠲᠠᠬᠢᠬᠤ ᠡᠳᠦᠷ ᠪᠣᠯᠬᠤ ᠲᠠᠢ ᠵᠡᠷᠭᠡ ᠠᠶᠢᠯ ᠤᠨ ᠣᠯᠠᠨ ᠢᠶᠠᠷ ᠢᠶᠠᠨ ᠱᠠᠩᠰᠢ ᠶᠢᠨ ᠮᠣᠳᠣᠨ ᠤ ᠪᠠᠨ ᠲᠣᠣᠷ᠎ᠠ ᠴᠣᠬᠯᠠᠷᠠᠬᠰᠠᠨ ᠤ ᠲᠠᠷᠠᠭ᠎ᠠ ᠵᠠᠯᠠᠯᠭᠠᠨ ᠳᠤ ᠢᠷᠡᠭᠰᠡᠨ | ᠯᠠᠮᠠ ᠨᠢ ᠱᠠᠩᠰᠢ ᠶᠢᠨ ᠮᠣᠳᠣᠨ ᠤ ᠬᠤᠶᠢᠳᠦ ᠵᠦᠭ ᠲᠤ ᠰᠢᠷᠡᠭᠡ ᠲᠠᠯᠪᠢᠵᠦ ᠱᠠᠩᠰᠢ ᠶᠢᠨ ᠮᠣᠳᠣ ᠵᠦᠭ ᠡᠮᠦᠨᠡᠰᠢ ᠬᠠᠨᠳᠣᠨ ᠰᠠᠭᠤᠭᠠᠳ ᠠᠷᠠᠵᠠ ᠬᠦᠵᠢ ᠠᠰᠠᠭᠠᠵᠦ᠂ ᠴᠠᠭᠠᠨ | ᠢᠳᠡᠭᠡ ᠦᠷᠦᠵᠦ᠂ ᠬᠤᠨᠭ᠍ᠬᠤ ᠰᠠᠵᠢᠨ ᠱᠠᠩᠰᠢ ᠶᠢᠨ ᠪᠣᠷᠬᠠᠨ ᠢ ᠲᠠᠭᠤᠳᠠᠵᠦ᠂ ᠯᠣᠣᠰ ᠤᠨ ᠡᠵᠡᠨ ᠢ ᠪᠠᠶᠠᠰᠬᠠᠬᠤ ᠨᠣᠮ ᠲᠠᠷᠨᠢ ᠪᠠᠨ ᠡᠬᠢᠯᠡᠭᠦᠯᠳᠡᠭ᠃ ᠪᠠᠰᠠ ᠨᠦᠬᠦᠴᠡᠯ ᠰᠠᠶᠢᠨ | ᠠᠶᠢᠯ ᠤᠨ ᠬᠢᠨ ᠬᠡᠳᠦ ᠬᠡᠳᠦᠨ ᠯᠠᠮᠠ ᠵᠠᠯᠠᠵᠦ ᠨᠣᠮ ᠣᠡᠭᠰᠢᠭᠤᠯᠳᠠᠬ ᠴᠦ ᠪᠣᠢ᠃ ᠱᠠᠩᠰᠢ ᠪᠠᠨ ᠲᠠᠬᠢᠵᠦ ᠪᠠᠷᠠᠬᠰᠠᠨ ᠤ ᠲᠠᠷᠠᠭᠠᠬᠢ ᠭᠤᠷᠪᠠᠨ ᠬᠤᠨᠤᠬ ᠲᠤ ᠬᠤᠷ᠎ᠠ ᠪᠣᠷᠣᠭᠠᠨ | ᠪᠠᠭᠤᠪᠠᠯ ᠱᠠᠩᠰᠢ ᠶᠢᠨ ᠢᠷᠦᠭᠡᠯ ᠣᠡᠭᠰᠢᠬᠰᠠᠨ ᠯᠠᠮᠠ ᠶᠢ ᠣᠡᠭᠰᠢᠯᠭ᠎ᠠ ᠰᠠᠶᠢᠨ ᠯᠠᠮᠠ ᠭᠡᠵᠦ ᠪᠦᠭᠦᠳᠡᠭᠡᠷ ᠢᠶᠠᠨ ᠡᠷᠭᠦᠨ ᠮᠠᠬᠳᠠᠵᠦ᠂ ᠦᠭᠯᠢᠭᠡ ᠪᠠᠷᠢᠴᠠ ᠪᠠᠷᠢᠵᠦ᠂ ᠡᠷᠦᠬᠡ | ᠭᠡᠷ ᠲᠡᠭᠡᠨ ᠵᠠᠯᠠᠵᠦ ᠨᠣᠳᠤᠬ ᠣᠰᠣ ᠪᠠᠨ ᠪᠠᠶᠠᠰᠬᠠᠬᠤ ᠨᠣᠮ ᠣᠡᠭᠰᠢᠭᠤᠯᠳᠠᠬ ᠶᠣᠮ᠃ | ᠱᠠᠩᠰᠢ ᠡᠷᠭᠢᠬᠦ ᠶᠣᠰᠣᠨ | ᠯᠠᠮᠠ ᠨᠠᠷ ᠠᠴᠠ ᠱᠠᠩᠰᠢ ᠲᠠᠬᠢᠬᠤ ᠨᠣᠮ ᠢᠶᠠᠨ ᠣᠡᠭᠰᠢᠵᠦ ᠪᠠᠷᠠᠬᠰᠠᠨ ᠤ ᠲᠠᠷᠠᠭ᠎ᠠ᠂ ᠠᠶᠢᠯ ᠤᠨ ᠣᠯᠠᠨ ᠢᠶᠠᠷ ᠢᠶᠠᠨ ᠱᠠᠩᠰᠢ ᠶᠢᠨ ᠮᠣᠳᠣᠨ ᠳᠠᠭᠠᠨ ᠮᠦᠷᠭᠦᠨ ᠲᠠᠭᠠᠳᠬᠠᠵᠦ | ᠮᠦᠷᠯᠡᠨ ᠵᠢᠬᠰᠠᠭᠠᠵᠦ᠂ ᠬᠠᠭᠤᠷᠠᠢ ᠪᠣᠳᠠᠭ᠎ᠠ᠂ ᠠᠷᠢᠬᠢ᠂ ᠴᠠᠭᠠᠨ ᠢᠳᠡᠭᠡ᠂ ᠰᠦ ᠰᠠᠭᠠᠯᠢ᠂ ᠵᠡᠷᠭᠡ ᠶᠢ ᠪᠡᠷᠢᠵᠦ ᠱᠠᠩᠰᠢ ᠶᠢᠨ ᠮᠣᠳᠣᠨ ᠳᠠᠭᠠᠨ ᠢᠳᠡᠭᠡᠨ ᠣᠮᠳᠠᠭᠠᠨ ᠤ | ᠲᠡᠭᠡᠵᠢ ᠪᠠᠨ ᠡᠷᠭᠦᠨ ᠰᠡᠷᠵᠢᠮᠯᠡᠵᠦ᠂ ᠵᠦᠡᠭ ᠪᠡᠯᠭᠡᠳᠦ ᠦᠭᠡ ᠬᠠᠶᠢᠷᠠᠯᠠᠵᠦ ᠨᠠᠷᠠᠨ ᠤ ᠡᠷᠭᠢᠯᠳᠡ ᠶᠢ ᠲᠠᠭᠠᠵᠦ ᠭᠤᠷᠪᠠ ᠣᠳᠠᠭ᠎ᠠ ᠲᠣᠭᠤᠷᠢᠨ ᠡᠷᠭᠢᠨ᠎ᠡ᠃ ᠭᠡᠬᠦ ᠳᠤ ᠡᠮᠡᠭᠳᠡᠢ | ᠬᠦᠮᠦᠰ ᠱᠠᠩᠰᠢ ᠶᠢᠨ ᠲᠠᠬᠢᠯᠭ᠎ᠠ ᠳᠤ ᠣᠷᠣᠯᠴᠠᠪᠠᠯ ᠱᠠᠩᠰᠢ ᠶᠢᠨ ᠪᠣᠷᠬᠠᠨ ᠬᠢᠯᠢᠩᠨᠡᠬᠦ ᠪᠣᠶᠣ ᠪᠣᠵᠠᠷᠯᠠᠬᠳᠠᠵᠦ ᠰᠢᠳᠢ ᠶᠢᠨ ᠬᠦᠴᠦᠨ ᠨᠢ ᠪᠠᠭᠤᠷᠠᠳᠠᠬ ᠶᠣᠮ ᠭᠡᠨ᠎ᠡ᠃ ᠲᠠᠬᠢᠯᠭ᠎ᠠ ᠳᠤ | ᠣᠷᠣᠯᠴᠠᠬᠰᠠᠨ ᠡᠮᠡᠭᠳᠡᠢ ᠴᠦ ᠱᠠᠩᠰᠢ ᠶᠢᠨ ᠪᠣᠷᠬᠠᠨ ᠢ ᠬᠢᠯᠢᠩᠨᠡᠭᠦᠯᠦᠭᠰᠡᠨ ᠠᠴᠠ ᠪᠣᠯᠵᠦ ᠰᠡᠪᠤᠷᠬᠡᠵᠦ᠂ ᠰᠣᠯᠢᠶ᠎ᠠ ᠡᠯᠢᠶ᠎ᠡ ᠡᠪᠡᠳᠴᠢᠨ ᠲᠣᠰᠬᠤ ᠪᠣᠶᠣ ᠬᠠᠨᠢᠶᠠᠳᠦ ᠲᠠᠬᠰᠢᠭᠤᠷ ᠲᠤ | ᠨᠡᠷᠪᠡᠭᠳᠡᠬᠦ ᠠᠶᠣᠯᠳᠠᠢ᠃ ᠡᠭᠦᠨ ᠤ ᠲᠣᠬᠠᠢ ᠭᠠᠳᠠᠰᠣ ᠠᠴᠠ᠄ ︽ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠢ ᠣᠷᠣᠯᠴᠠᠭᠤᠯᠳᠠᠬ ᠦᠭᠡᠢ ᠶᠣᠰᠣ ᠨᠢ ᠬᠡᠵᠢᠶ᠎ᠡ ᠠᠴᠠ ᠪᠣᠢ | ᠪᠣᠯᠵᠠᠢ ᠭᠡᠳᠡᠭ ᠨᠢ ᠣᠳᠣ ᠪᠣᠯᠳᠠᠯ᠎ᠠ ᠲᠣᠳᠣᠷᠬᠠᠢ ᠦᠭᠡᠢ ᠪᠠᠶᠢᠬᠰᠠᠭᠠᠷ᠃ ᠡᠨᠡ ᠨᠢ ᠮᠣᠩᠭᠤᠯ ᠣᠷᠣᠨ ᠳᠤ ᠰᠢᠷ᠎ᠠ ᠶᠢᠨ ᠱᠠᠰᠢᠨ ᠲᠡᠯᠭᠡᠷᠡᠵᠦ᠂ ᠯᠠᠮᠠ ᠨᠠᠷ ᠠᠴᠠ ᠲᠠᠬᠢᠯᠭ᠎ᠠ ᠶᠢᠨ | ᠶᠣᠰᠣᠯᠠᠯ ᠡᠷᠬᠢᠯᠡᠬᠦ ᠪᠣᠯᠣᠬᠰᠠᠨ ᠤ ᠲᠠᠷᠠᠭ᠎ᠠ ᠪᠣᠢ ᠪᠣᠯᠣᠬᠰᠠᠨ ᠶᠠᠪᠣᠳᠠᠯ ᠪᠠᠶᠢᠵᠦ ᠴᠦ ᠮᠡᠳᠡᠨ᠎ᠡ᠃ ᠣᠴᠢᠷ ᠨᠢ ᠰᠢᠷ᠎ᠠ ᠶᠢᠨ ᠱᠠᠰᠢᠨ ᠤ ᠶᠣᠰᠣ ᠭᠤᠷᠢᠮ ᠳᠤ ᠰᠠᠬᠢᠯ ᠰᠠᠨᠸᠠᠷ | ᠠᠪᠣᠬᠰᠠᠨ ᠯᠠᠮᠠ ᠨᠠᠷ ᠡᠬᠡᠨᠡᠷ ᠠᠪᠴᠦ ᠪᠣᠯᠳᠠᠬ ᠦᠭᠡᠢ᠂ ᠡᠮᠡᠭᠳᠡᠢ ᠬᠦᠮᠦᠨ ᠲᠠᠢ ᠣᠢᠢᠷᠠᠳᠴᠦ ᠪᠣᠯᠬᠤ ᠦᠭᠡᠢ ᠭᠡᠳᠡᠭ ᠶᠣᠰᠣ ᠪᠠᠶᠢᠳᠠᠬ ᠠᠴᠠ ᠱᠠᠩᠰᠢ ᠶᠢᠨ ᠰᠠᠬᠢᠭᠤᠰᠣ ᠶᠢ | ᠯᠠᠮᠠ ᠶᠢᠨ ᠱᠠᠰᠢᠨ ᠤ ᠨᠢᠭᠡ ᠲᠦᠷᠦᠯ ᠪᠣᠯᠭᠠᠨ ᠱᠠᠩᠰᠢ ᠶᠢᠨ ᠮᠤᠳᠦ ᠶᠢ ᠪᠣᠷᠬᠠᠨᠴᠢᠯᠠᠨ ᠦᠵᠡᠭᠰᠡᠨ ᠯᠦᠭᠡ ᠬᠤᠯᠪᠣᠭ᠎ᠠ ᠲᠠᠢ ᠮᠠᠭᠠᠳ︾ ᠭᠡᠵᠡᠢ᠃ | ᠰᠢᠷ᠎ᠠ ᠶᠢᠨ ᠱᠠᠰᠢᠨ ᠨᠢ ᠬᠤᠷᠴᠢᠨ ᠨᠣᠳᠤᠬ ᠲᠤ ᠴᠡᠴᠡᠭᠯᠡᠯᠳᠡ ᠪᠠᠨ ᠣᠯᠬᠤ ᠠᠴᠠ ᠡᠮᠦᠨ᠎ᠡ ᠲᠠᠬᠢᠯᠭ᠎ᠠ ᠲᠠᠪᠢᠯᠭ᠎ᠠ ᠶᠢᠨ ᠶᠣᠰᠣᠯᠠᠯ ᠤᠨ ᠦᠢᠯᠡ ᠶᠢ ᠭᠤᠣᠯᠳᠠᠭᠤ ᠪᠦᠭᠡ | ᠢᠳᠣᠭᠠᠨ ᠨᠠᠷ ᠬᠦᠢᠴᠡᠳᠭᠡᠵᠦ ᠪᠠᠶᠢᠵᠠᠢ᠃ ᠪᠦᠭᠡ ᠶᠢᠨ ᠱᠠᠰᠢᠨ ᠳᠤ ᠡᠷᠡᠭᠳᠡᠢ ᠶᠢ ᠨᠢ ᠪᠦᠭᠡ ᠭᠡᠵᠦ᠂ ᠡᠮᠡᠭᠳᠡᠢ ᠶᠢ ᠨᠢ ᠢᠳᠣᠭᠠᠨ ᠭᠡᠵᠦ ᠬᠡᠯᠡᠳᠡᠭ᠃ ᠪᠦᠭᠡ ᠮᠦᠷᠭᠦᠯ ᠢ | ᠡᠬᠡᠴᠢᠯᠡᠯ ᠤᠨ ᠣᠪᠣᠬ ᠲᠦᠷᠦᠯ ᠤᠨ ᠦᠶ᠎ᠡ ᠳᠤ ᠪᠣᠢ ᠪᠣᠯᠵᠠᠢ ᠭᠡᠵᠦ ᠡᠷᠳᠡᠮᠳᠡᠳ ᠦᠵᠡᠳᠡᠭ ᠠᠴᠠ ᠠᠯᠢ ᠡᠷᠳᠡ ᠪᠠᠯᠠᠷ ᠡᠷᠳᠡᠨ ᠤ ᠦᠶ᠎ᠡ ᠳᠤ ᠢᠳᠦᠭᠠᠨ ᠨᠢ ᠪᠦᠭᠡ ᠶᠢᠨ | ᠱᠠᠰᠢᠨ ᠳᠤ ᠭᠤᠣᠯᠯᠠᠵᠦ᠂ ᠱᠠᠰᠢᠨ ᠤ ᠦᠢᠯᠡ ᠶᠢ ᠡᠷᠭᠢᠯᠡᠳᠡᠭ ᠪᠠᠶᠢᠯ᠎ᠠ᠃ ᠢᠳᠣᠭᠠᠨ ᠨᠢ ᠬᠡᠳᠦ᠋ᠢᠪᠡᠷ ᠲᠡᠭᠷᠢ ᠪᠠ ᠡᠵᠡᠳ ᠰᠠᠬᠢᠭᠤᠰᠣ ᠶᠢ ᠲᠦᠯᠦᠭᠡᠯᠡᠵᠦ ᠦᠭᠡ ᠶᠠᠷᠢᠳᠠᠬ | ᠪᠣᠯᠪᠠᠴᠦ ᠡᠮᠡᠭᠳᠡᠢ ᠬᠦᠮᠦᠨ ᠪᠣᠯᠬᠤᠷ ᠮᠣᠳᠣᠨ ᠲᠠᠬᠢᠯᠭ᠎ᠠ᠂ ᠲᠡᠭᠷᠢ ᠲᠠᠬᠢᠯᠭ᠎ᠠ ᠁ ᠮᠡᠳᠦ ᠶᠢᠨ ᠲᠠᠬᠢᠯᠭ᠎ᠠ ᠲᠠᠪᠢᠯᠭ᠎ᠠ ᠶᠢᠨ ᠶᠣᠰᠣᠯᠠᠯ ᠵᠡᠷᠭᠡ ᠳᠤ ᠡᠮᠡᠭᠳᠡᠢ ᠬᠦᠮᠦᠨ ᠣᠷᠣᠯᠴᠠᠵᠦ | ᠪᠠᠶᠢᠬᠰᠠᠨ ᠨᠢ ᠯᠠᠪᠳᠠᠢ᠃ ᠡᠬᠡᠴᠢᠯᠡᠯ ᠤᠨ ᠨᠡᠶᠢᠭᠡᠮ ᠵᠠᠳᠠᠷᠠᠬᠰᠠᠨ ᠤ ᠲᠠᠷᠠᠭ᠎ᠠ ᠡᠴᠢᠭᠡᠴᠢᠯᠡᠯ ᠤᠨ ᠨᠡᠶᠢᠭᠡᠮ ᠪᠣᠢ ᠪᠣᠯᠵᠦ ᠪᠦᠭᠡ ᠨᠠᠷ ᠠᠴᠠ ᠲᠠᠬᠢᠯᠭ᠎ᠠ ᠲᠠᠪᠢᠯᠭ᠎ᠠ ᠶᠢᠨ ᠶᠣᠰᠣᠯᠠᠯ ᠢ | ᠡᠷᠬᠢᠯᠡᠨ ᠬᠢᠬᠦ ᠪᠣᠯᠵᠠᠢ᠃ ᠣᠯᠣᠰ ᠪᠠᠶᠢᠭᠤᠯᠤᠭᠳᠠᠬᠤ ᠠᠴᠠ ᠡᠮᠦᠨᠡᠬᠡᠨ ᠪᠣᠯᠳᠠᠯ᠎ᠠ ᠡᠮᠡᠭᠳᠡᠶᠢᠴᠣᠳ ᠤᠨ ᠪᠠᠶᠢᠷᠢ ᠰᠠᠭᠤᠷᠢ ᠨᠢ ᠡᠷᠡᠭᠳᠡᠢ ᠬᠦᠮᠦᠨ ᠠᠴᠠ ᠲᠣᠣᠷ᠎ᠠ ᠪᠠᠶᠢᠬᠰᠠᠨ ᠴᠦ | ᠡᠮᠡᠭᠳᠡᠶᠢᠴᠦᠳ ᠢ ᠲᠠᠬᠢᠯᠭ᠎ᠠ ᠰᠢᠳᠦᠯᠭᠡ ᠶᠢᠨ ᠶᠣᠰᠣᠯᠠᠯ ᠳᠤ ᠣᠷᠣᠯᠴᠠᠭᠤᠯᠬᠤ ᠦᠭᠡᠢ ᠭᠡᠵᠦ ᠭᠠᠳᠠᠭᠤᠷᠬᠠᠵᠦ ᠦᠵᠡᠳᠡᠭ ᠮᠣᠩᠭᠤᠯᠴᠣᠳ ᠤᠨ ᠲᠣᠬᠠᠢ ᠶᠣᠰᠣ ᠵᠠᠩᠰᠢᠯ ᠢ | ᠲᠡᠮᠳᠡᠭᠯᠡᠭᠰᠡᠨ ᠰᠣᠳᠣᠷ ᠨᠣᠮ ᠲᠣᠩ ᠴᠦᠬᠡᠨ ᠬᠠᠷᠠᠬᠳᠠᠨ᠎ᠠ᠃ ᠭᠡᠪᠡᠴᠦ ᠡᠷᠳᠡ ᠦᠶ᠎ᠡ ᠳᠤ ᠠᠷᠪᠠᠨ ᠨᠠᠢᠮᠠᠨ ᠨᠠᠰᠣᠳᠠᠢ ᠬᠡᠦᠬᠡᠨ ᠢᠶᠠᠷ ᠯᠣᠣᠰ ᠲᠠᠬᠢᠵᠦ ᠪᠠᠶᠢᠬᠰᠠᠨ᠂ ᠡᠰᠡᠬᠦᠯ᠎ᠡ | ᠶᠠᠮᠠᠷ ᠨᠢᠭᠡᠨ ᠰᠢᠳᠦᠭᠡᠨ ᠢᠶᠠᠨ ᠲᠠᠬᠢᠬᠤ ᠳᠤ ᠡᠮᠡᠭᠳᠡᠢ ᠬᠦᠮᠦᠨ ᠪᠤᠶᠤ ᠬᠡᠤᠬᠡᠳ ᠢᠶᠠᠷ ᠠᠮᠢᠳᠦ ᠬᠦᠮᠦᠨ ᠤ ᠲᠠᠬᠢᠯᠭ᠎ᠠ ᠪᠣᠯᠭᠠᠵᠦ ᠪᠠᠶᠢᠬᠰᠠᠨ ᠲᠣᠬᠠᠢ ᠦᠯᠢᠭᠡᠷ ᠲᠣᠮᠤᠬ ᠣᠳᠣᠬᠠᠨ | ᠪᠣᠯᠳᠠᠯ᠎ᠠ ᠣᠯᠠᠮᠵᠢᠯᠠᠬᠳᠠᠬᠰᠠᠭᠠᠷ ᠪᠠᠶᠢᠨ᠎ᠠ᠃ ᠱᠠᠩᠰᠢ ᠶᠢᠨ ᠲᠠᠬᠢᠯᠭ᠎ᠠ ᠳᠤ ᠡᠮᠡᠭᠳᠡᠢ ᠬᠦᠮᠦᠨ ᠣᠷᠣᠯᠴᠠᠪᠠᠯ ᠰᠡᠪᠤᠷᠬᠡᠵᠦ ᠡᠪᠡᠳᠴᠢᠯᠡᠨ᠎ᠡ ᠭᠡᠳᠡᠭ ᠨᠢ ᠪᠠᠷᠤᠬ ᠲᠣᠮᠤᠬ ᠲᠤ ᠭᠠᠷᠳᠠᠬ | ᠡᠷᠳᠡ ᠦᠶ᠎ᠡ ᠶᠢᠨ ᠪᠠᠯᠠᠷᠯᠢᠬ ᠲᠠᠬᠢᠯᠭ᠎ᠠ ᠠᠴᠠ ᠦᠨᠳᠦᠰᠦᠯᠡᠯ ᠲᠠᠢ ᠪᠠᠶᠢᠵᠦ ᠮᠡᠳᠡᠨ᠎ᠡ᠃ | ᠲᠠᠬᠢᠯᠭ᠎ᠠ ᠳᠤ ᠣᠷᠣᠯᠴᠠᠬᠰᠠᠨ ᠬᠦᠮᠦᠰ ᠱᠠᠩᠰᠢ ᠶᠢᠨ ᠮᠣᠳᠣ ᠪᠠᠨ ᠨᠠᠷᠠᠨ ᠡᠷᠭᠢᠯᠳᠡ ᠪᠠᠷ ᠭᠤᠷᠪᠠᠨᠳᠠ ᠲᠣᠭᠤᠷᠢᠵᠦ ᠰᠢᠪᠰᠢᠨ ᠲᠠᠭᠠᠳᠬᠠᠵᠦ ᠪᠠᠷᠠᠬᠰᠠᠨ ᠤ ᠲᠠᠷᠠᠭ᠎ᠠ | ᠱᠠᠩᠰᠢ ᠶᠢᠨ ᠮᠣᠳᠣᠨ ᠲᠡᠭᠡᠷ᠎ᠡ ᠪᠠᠨ ᠰᠠᠭᠤᠯᠠᠭ᠎ᠠ ᠰᠠᠪᠠ ᠪᠠᠷ ᠣᠰᠣ ᠰᠦᠷᠴᠢᠵᠦ ᠪᠣᠷᠣᠭᠠᠨ ᠬᠦᠰᠡᠵᠦ ᠪᠠᠶᠢᠬᠤ ᠰᠠᠨᠠᠭ᠎ᠠ ᠪᠠᠨ ᠢᠯᠡᠳᠭᠡᠳᠡᠭ᠃ ᠱᠠᠩᠰᠢ ᠶᠢᠨ ᠮᠣᠳᠣᠨ ᠳᠤ ᠣᠰᠣ | ᠰᠦᠷᠴᠢᠵᠦ ᠪᠠᠷᠠᠬᠰᠠᠨ ᠤ ᠲᠠᠷᠠᠭ᠎ᠠ᠂ ᠴᠣᠬᠯᠠᠷᠠᠬᠰᠠᠨ ᠣᠯᠠᠨ ᠢᠶᠠᠷ ᠢᠶᠠᠨ ᠨᠠᠰᠣᠳᠠᠢ ᠵᠠᠯᠠᠭᠤᠰ ᠢᠯᠭᠠᠯ ᠦᠭᠡᠢ ᠬᠠᠷᠢᠯᠴᠠᠨ ᠣᠰᠣ ᠰᠦᠷᠴᠢᠯᠳᠦᠵᠦ ︽ᠪᠤᠷᠤᠭᠠᠨ ᠤᠷᠤᠵᠦ ᠪᠠᠶᠢᠨ᠎ᠠ | ︾ ᠭᠡᠵᠦ ᠬᠦᠭᠡᠷᠦᠯᠳᠦᠨ ᠪᠠᠶᠠᠰᠣᠯᠴᠠᠳᠠᠬ ᠶᠣᠮ᠃ ᠬᠤᠷᠴᠢᠨᠴᠣᠳ ᠡᠨᠡ ᠬᠦ ᠱᠠᠩᠰᠢ ᠶᠢᠨ ᠲᠠᠬᠢᠯᠭ᠎ᠠ ᠳᠤ ᠣᠰᠣ ᠰᠦᠷᠴᠢᠬᠦ ᠶᠤᠰᠦ ᠪᠠᠨ᠄ ︽ᠬᠡᠳᠦᠢ ᠠᠷᠪᠢᠨ ᠣᠰᠣ ᠰᠦᠷᠴᠢᠵᠦ | ᠬᠡᠳᠦᠢ ᠶᠡᠭᠡ ᠨᠣᠷᠪᠠᠯ ᠲᠡᠳᠦᠢ ᠶᠡᠭᠡ ᠪᠣᠷᠣᠭᠠᠨ ᠣᠷᠣᠨ᠎ᠠ᠃ ᠬᠡᠨ ᠨᠢ ᠣᠰᠣᠨ ᠳᠤ ᠢᠯᠡᠭᠦᠦ ᠨᠣᠷᠤᠬᠳᠠᠪᠠᠯ ᠲᠡᠭᠦᠨ ᠤ ᠲᠠᠷᠢᠶ᠎ᠡ ᠡᠨᠡ ᠵᠢᠯ ᠲᠡᠯᠪᠡ ᠲᠦᠷᠦᠨ᠎ᠡ︾ ᠬᠡᠮᠡᠨ | ᠪᠡᠯᠭᠡᠰᠢᠶᠡᠳᠡᠭ᠃ | ᠱᠠᠩᠰᠢ ᠳᠤ ᠰᠢᠭᠦᠰᠦ ᠡᠷᠭᠦᠬᠦ ᠶᠣᠰᠣᠨ | ᠱᠠᠩᠰᠢ ᠳᠤ ᠰᠢᠭᠦᠰᠦ ᠡᠷᠭᠦᠬᠦ ᠳᠤ ᠭᠤᠣᠯᠳᠠᠭᠤ ᠬᠤᠨᠢ ᠪᠣᠶᠣ ᠢᠮᠠᠭ᠎ᠠ ᠪᠠᠷ ᠰᠢᠭᠦᠰᠦ ᠡᠷᠭᠦᠳᠡᠭ᠃ ᠭᠡᠬᠦ ᠳᠤ ᠡᠮ᠎ᠡ ᠬᠤᠨᠢ ᠪᠣᠶᠣ ᠡᠮ᠎ᠡ ᠢᠮᠠᠭ᠎ᠠ ᠪᠠᠶᠢᠵᠦ ᠪᠣᠯᠬᠤ ᠦᠭᠡᠢ | ᠵᠠᠪᠠᠯ ᠢᠷᠭᠡ ᠪᠣᠶᠣ ᠰᠡᠷᠬᠡ ᠪᠠᠶᠢᠵᠦ᠂ ᠲᠡᠮᠳᠡᠭ ᠦᠭᠡᠢ ᠰᠢᠷᠬ᠎ᠠ ᠰᠣᠷᠪᠢ ᠦᠭᠡᠢ ᠲᠣᠩ ᠴᠠᠭᠠᠨ ᠬᠤᠨᠢ ᠪᠣᠯ ᠬᠠᠮᠤᠬ ᠰᠠᠶᠢᠨ ᠪᠠᠶᠢᠳᠠᠬ᠃ | ᠡᠭᠦᠨ ᠤ ᠲᠣᠬᠠᠢ ᠭᠠᠳᠠᠰᠣ ᠠᠴᠠ᠄ ︽ᠮᠣᠩᠭᠤᠯᠴᠣᠳ ᠡᠷᠳᠡᠨ ᠠᠴᠠ ᠠᠪᠣᠭᠠᠳ ᠲᠠᠪᠣᠨ ᠬᠤᠰᠢᠭᠤ ᠮᠠᠯ ᠤᠨ ᠨᠢᠭᠡ ᠪᠣᠯᠬᠤ ᠬᠤᠨᠢ ᠶᠢ ᠬᠠᠯᠠᠭᠤᠨ ᠬᠤᠰᠢᠭᠤᠳᠦ | ᠲᠡᠵᠢᠭᠡᠪᠦᠷᠢ ᠭᠡᠵᠦ ᠬᠦᠨᠳᠦᠳᠭᠡᠨ ᠲᠡᠭᠷᠢ ᠶᠢᠨ ᠲᠠᠬᠢᠯᠭ᠎ᠠ᠂ ᠣᠪᠣᠭ᠎ᠠ ᠱᠠᠩᠰᠢ ᠶᠢᠨ ᠲᠠᠬᠢᠯᠭ᠎ᠠ ᠁ ᠶᠣᠰᠣᠯᠠᠯ ᠲᠠᠬᠢᠯᠭ᠎ᠠ ᠵᠡᠷᠭᠡ ᠳᠤ ᠬᠦᠨᠳᠦᠳᠭᠡᠨ ᠬᠡᠷᠡᠭᠯᠡᠭᠰᠡᠭᠡᠷ ᠢᠷᠡᠭᠰᠡᠨ | ᠶᠣᠮ᠃ ᠨᠡᠩ ᠢᠯᠠᠩᠭᠤᠶ᠎ᠠ ᠲᠡᠮᠳᠡᠭ ᠦᠭᠡᠢ ᠴᠠᠭᠠᠨ ᠬᠤᠨᠢ ᠨᠢ ᠲᠡᠭᠷᠢ ᠪᠣᠷᠬᠠᠨ ᠵᠢᠴᠢ ᠡᠵᠡᠳ ᠰᠠᠬᠢᠭᠤᠰᠣ ᠶᠢᠨ ᠨᠢᠳᠦᠨ ᠳᠤ ᠲᠠᠭᠠᠯᠠᠬᠳᠠᠳᠠᠬ ᠠᠴᠠ ᠪᠦᠭᠡ ᠨᠠᠷ ᠴᠦ ᠭᠡᠰᠡᠨ | ᠪᠢᠯᠢᠭ ᠤᠨ ᠣᠯᠠᠷᠢᠯ ᠤᠨ ᠶᠢᠰᠦᠨ ᠰᠠᠷ᠎ᠠ ᠶᠢᠨ ᠶᠢᠰᠦᠨ ᠤ ᠡᠳᠦᠷ ᠲᠡᠭᠷᠢ ᠲᠠᠬᠢᠬᠤ ᠳᠠᠭᠠᠨ ᠲᠡᠮᠳᠡᠭ ᠦᠭᠡᠢ ᠴᠠᠭᠠᠨ ᠬᠤᠨᠢ ᠪᠠᠷ ᠲᠠᠬᠢᠯ ᠪᠣᠯᠭᠠᠳᠠᠬ᠃ ᠱᠠᠩᠰᠢ ᠶᠢᠨ ᠲᠠᠬᠢᠯᠭ᠎ᠠ ᠨᠢ | ᠴᠦ ᠡᠭᠦᠨ ᠲᠠᠢ ᠬᠤᠯᠪᠣᠭ᠎ᠠ ᠲᠠᠢ ᠪᠠᠶᠢᠵᠦ ᠮᠡᠳᠡᠨ᠎ᠡ︾ ᠭᠡᠵᠡᠢ᠃ | ᠱᠠᠩᠰᠢ ᠶᠢᠨ ᠲᠠᠬᠢᠯᠭ᠎ᠠ ᠳᠤ ᠬᠡᠷᠡᠭᠯᠡᠬᠦ ᠬᠤᠨᠢ ᠪᠠᠨ ᠱᠠᠩᠰᠢ ᠶᠢᠨ ᠮᠣᠳᠣᠨ ᠤ ᠲᠣᠣᠷ᠎ᠠ ᠠᠪᠠᠴᠢᠭᠠᠳ ︽ᠱᠠᠩᠰᠢ ᠶᠢᠨ ᠪᠣᠷᠬᠠᠨ ᠳᠤ ᠡᠷᠭᠦᠬᠦ ᠬᠤᠨᠢ︾ ᠭᠡᠵᠦ ᠨᠡᠷ᠎ᠡ | ᠵᠢᠭᠠᠬᠰᠠᠨ ᠤ ᠲᠠᠷᠠᠭ᠎ᠠ ᠱᠠᠩᠰᠢ ᠶᠢᠨ ᠮᠣᠳᠣᠨ ᠤ ᠲᠣᠣᠷ᠎ᠠ ᠬᠦᠯᠢᠵᠦ ᠲᠠᠯᠪᠢᠨ᠎ᠠ᠃ ᠡᠨᠡ ᠦᠶᠡᠰ ᠱᠠᠩᠰᠢ ᠶᠢᠨ ᠵᠠᠯᠠᠯᠭ᠎ᠠ ᠳᠤ ᠢᠷᠡᠭᠰᠡᠨ ᠯᠠᠮᠠ ᠠᠴᠠ ᠲᠠᠬᠢᠯ ᠲᠠᠪᠰᠢ ᠲᠠᠯᠪᠢᠨ ᠱᠠᠩᠰᠢ | ᠲᠠᠬᠢᠬᠤ ᠨᠣᠮ ᠣᠡᠭᠰᠢᠨᠠ᠃ ᠨᠣᠮ ᠦᠨᠳᠦᠷᠯᠡᠭᠰᠡᠨ ᠤ ᠲᠠᠷᠠᠭ᠎ᠠ ᠱᠠᠩᠰᠢ ᠳᠤ ᠨᠡᠷ᠎ᠡ ᠵᠢᠭᠠᠬᠰᠠᠨ ᠡᠨᠡ ᠬᠦ ᠬᠤᠨᠢ ᠪᠠᠨ ᠦᠷᠦᠴᠡᠯᠡᠨ ᠨᠢᠳᠦᠯᠵᠦ ᠱᠠᠩᠰᠢ ᠳᠤ ᠰᠢᠭᠦᠰᠦ ᠡᠷᠭᠦᠨ᠎ᠡ᠃ | ᠱᠠᠩᠰᠢ ᠶᠢᠨ ᠰᠢᠭᠦᠰᠦ ᠴᠢᠨᠠᠬᠰᠠᠨ ᠱᠦᠯᠦᠨ ᠳᠤ ᠴᠠᠭᠠᠨ ᠪᠣᠳᠠᠭ᠎ᠠ ᠣᠢᠢᠵᠦ ᠠᠮᠤᠰᠣ ᠪᠣᠯᠭᠠᠭᠠᠳ ᠠᠶᠢᠯ ᠤᠨ ᠣᠯᠠᠨ ᠢᠶᠠᠷ ᠢᠶᠠᠨ ᠱᠠᠩᠰᠢ ᠶᠢᠨ ᠬᠡᠰᠢᠭ ᠭᠡᠵᠦ ᠬᠤᠪᠢᠶᠠᠯᠴᠠᠵᠦ | ᠢᠳᠡᠳᠡᠭ᠃ ᠠᠮᠦᠰᠣ ᠳᠤ ᠬᠡᠷᠡᠭᠯᠡᠬᠦ ᠴᠠᠭᠠᠨ ᠪᠣᠳᠠᠭ᠎ᠠ ᠶᠢ ᠱᠠᠩᠰᠢ ᠶᠢᠨ ᠲᠠᠬᠢᠯᠭ᠎ᠠ ᠳᠤ ᠣᠷᠣᠯᠴᠠᠬᠤ ᠬᠦᠮᠦᠨ ᠪᠣᠯᠭᠠᠨ ᠭᠡᠷ ᠠᠴᠠ ᠪᠠᠨ ᠠᠪᠴᠦ ᠣᠴᠢᠳᠠᠬ ᠶᠣᠮ᠃ ᠭᠠᠭᠴᠠ | ᠡᠷᠦᠬᠡ ᠪᠣᠶᠣ ᠬᠡᠳᠦᠬᠡᠨ ᠭᠡᠷ ᠤᠨ ᠬᠢᠨ ᠱᠠᠩᠰᠢ ᠶᠢᠨ ᠲᠠᠬᠢᠯᠭ᠎ᠠ ᠳᠤ ᠬᠡᠷᠡᠭᠯᠡᠬᠦ ᠴᠠᠭᠠᠨ ᠪᠣᠳᠠᠭ᠎ᠠ ᠶᠢ ᠭᠠᠷᠭᠠᠬᠤ ᠶᠢ ᠠᠶᠢᠯ ᠬᠤᠳᠠᠯᠠᠭᠠᠷ ᠢᠶᠠᠨ ᠵᠦᠪᠰᠢᠶᠡᠷᠡᠳᠡᠭ ᠦᠭᠡᠢ ᠶᠣᠰᠣ | ᠪᠠᠶᠢᠳᠠᠬ᠃ ᠡᠭᠦᠨ ᠤ ᠲᠣᠬᠠᠢ ᠭᠠᠳᠠᠰᠣ ᠠᠴᠠ᠄ ︽ᠱᠠᠩᠰᠢ ᠶᠢᠨ ᠲᠠᠬᠢᠯᠭ᠎ᠠ ᠶᠢᠨ ᠡᠳᠦᠷ ᠪᠣᠯᠬᠤ ᠲᠠᠢ ᠵᠡᠷᠭᠡ ᠱᠠᠩᠰᠢ ᠶᠢᠨ ᠲᠠᠬᠢᠯᠭ᠎ᠠ ᠳᠤ ᠣᠷᠣᠯᠴᠠᠬᠤ ᠬᠦᠮᠦᠨ ᠪᠦᠷᠢ | ᠱᠠᠩᠰᠢ ᠶᠢᠨ ᠲᠠᠬᠢᠯᠭ᠎ᠠ ᠳᠤ ᠬᠡᠷᠡᠭᠰᠡᠬᠦ ᠴᠠᠭᠠᠨ ᠪᠣᠳᠠᠭ᠎ᠠ ᠭᠡᠵᠦ ᠭᠡᠷ ᠠᠴᠠ ᠪᠠᠨ ᠨᠢᠭᠡ ᠠᠶᠠᠭ᠎ᠠ ᠪᠣᠶᠣ ᠬᠤᠶᠠᠷ ᠠᠶᠠᠭ᠎ᠠ ᠲᠡᠭᠦᠵᠢᠯᠡᠵᠦ ᠣᠴᠢᠭᠠᠳ ᠱᠠᠩᠰᠢ ᠪᠠᠨ ᠬᠠᠮᠳᠦ ᠪᠠᠷ | ᠲᠠᠬᠢᠳᠠᠬ ᠶᠣᠮ᠃ ︿ᠣᠯᠠᠨ ᠤ ᠬᠦᠴᠦᠨ ᠳᠤ ᠣᠪᠣᠭ᠎ᠠ ᠰᠢᠯᠵᠢᠨ᠎ᠡ﹀ ᠭᠡᠳᠡᠭ ᠢᠶᠠᠷ ᠣᠯᠠᠨ ᠬᠦᠮᠦᠨ ᠤ ᠰᠦᠵᠢᠭ ᠤᠨ ᠬᠦᠴᠦᠨ ᠳᠤ ᠡᠵᠡᠳ ᠰᠠᠬᠢᠭᠤᠰᠣ ᠴᠦ ᠲᠣᠬᠳᠣᠯᠣᠨ | ᠪᠠᠶᠠᠰᠳᠠᠬ ᠶᠣᠰᠣ ᠪᠠᠶᠢᠳᠠᠬ ᠠᠴᠠ ᠱᠠᠩᠰᠢ ᠶᠢᠨ ᠲᠠᠬᠢᠯᠭ᠎ᠠ ᠶᠢ ᠬᠠᠮᠢᠶᠠᠷᠣᠬᠴᠢ ᠴᠦ ᠠᠶᠢᠯ ᠲᠣᠰᠬᠤᠨ ᠤ ᠪᠠᠨ ᠬᠡᠨ ᠨᠢᠭᠡ ᠬᠦᠮᠦᠨ ᠤ ᠲᠠᠬᠢᠯᠭ᠎ᠠ ᠳᠤ ᠬᠡᠷᠡᠭᠰᠡᠬᠦ ᠴᠠᠭᠠᠨ ᠪᠣᠳᠠᠭ᠎ᠠ ᠶᠢ | ᠣᠷᠬᠢᠬᠳᠠᠭᠤᠯᠣᠯ ᠦᠭᠡᠢ ᠬᠡᠷᠡᠭᠯᠡᠬᠦ ᠶᠢ ᠬᠢᠴᠢᠶᠡᠳᠡᠭ᠃ ᠡᠪᠦᠭᠡᠴᠦᠳ ᠤᠨ ᠶᠠᠷᠢᠶᠠᠨ ᠳᠤ ︿ᠵᠠᠭᠤᠨ ᠡᠷᠦᠬᠡ ᠶᠢᠨ ᠪᠦᠰ ᠤᠨ ᠦᠭᠡᠳᠡᠰᠦ ᠪᠠᠷ ᠬᠤᠶᠠᠭ ᠬᠢᠭᠰᠡᠨ ᠪᠦᠭᠡ ᠨᠠᠷ ᠰᠠᠶ᠋ᠢ | ᠲᠡᠭᠷᠢ ᠳᠤ ᠭᠠᠷᠬᠤ ᠣᠪᠠᠳᠢᠰ ᠪᠦᠷᠢᠳᠦᠭᠦᠯᠵᠦ ᠴᠢᠳᠠᠨ᠎ᠠ᠃ ᠵᠠᠭᠤᠨ ᠠᠶᠢᠯ ᠤᠨ ᠴᠠᠪ ᠢ ᠪᠠᠷᠢᠵᠦ ᠶᠠᠪᠣᠬᠰᠠᠨ ᠪᠠᠳᠢᠷᠴᠢ ᠯᠠᠮᠠ ᠰᠠᠶ᠋ᠢ ᠪᠣᠷᠬᠠᠨ ᠪᠣᠯᠬᠤ ᠦᠨᠡᠨ ᠤ ᠮᠦᠷ ᠢ ᠣᠯᠵᠦ | ᠴᠢᠳᠠᠨ᠎ᠠ﹀ ᠭᠡᠳᠡᠭ᠃ ᠮᠣᠩᠭᠤᠯ ᠤᠨ ᠰᠡᠴᠡᠨ ᠦᠭᠡᠨ ᠳᠤ ᠪᠠᠰᠠ ︿ᠭᠠᠭᠴᠠ ᠮᠣᠳᠣ ᠭᠠᠯ ᠪᠣᠯᠬᠤ ᠦᠭᠡᠢ᠂ ᠭᠠᠭᠴᠠ ᠬᠦᠮᠦᠨ ᠠᠶᠢᠯ ᠪᠣᠯᠬᠤ ᠦᠭᠡᠢ﹀ ᠭᠡᠬᠦ ᠰᠠᠶᠢᠬᠠᠨ ᠦᠭᠡ | ᠪᠠᠶᠢᠳᠠᠬ ᠠᠴᠠ ᠱᠠᠩᠰᠢ ᠶᠢᠨ ᠰᠠᠬᠢᠭᠤᠰᠣ ᠨᠢ ᠴᠦ ᠣᠯᠠᠨ ᠡᠷᠦᠬᠡ ᠶᠢᠨ ᠴᠠᠭᠠᠨ ᠪᠣᠳᠠᠭ᠎ᠠ ᠶᠢᠨ ᠲᠠᠬᠢᠯᠭ᠎ᠠ ᠳᠤ ᠰᠠᠶ᠋ᠢ ᠰᠢᠳᠢ ᠶᠢᠨ ᠬᠦᠴᠦᠨ ᠨᠢ ᠨᠡᠮᠡᠭᠳᠡᠵᠦ ᠬᠤᠷ᠎ᠠ ᠪᠣᠷᠣᠭᠠᠨ | ᠣᠷᠣᠭᠤᠯᠵᠦ ᠲᠡᠶᠢᠯᠳᠡᠭ ᠶᠣᠮ︾ ᠭᠡᠵᠡᠢ᠃ | ᠱᠠᠩᠰᠢ ᠶᠢᠨ ᠲᠠᠬᠢᠯᠭ᠎ᠠ ᠶᠢᠨ ᠰᠢᠭᠦᠰᠦ᠂ ᠪᠣᠳᠠᠭ᠎ᠠ ᠶᠢ ᠲᠠᠶᠠᠭᠠᠷ ᠢᠶᠠᠨ ᠬᠤᠪᠢᠶᠠᠯᠴᠠᠵᠦ ᠢᠳᠡᠨ᠎ᠡ᠃ ᠭᠡᠬᠦ ᠳᠡᠭᠡᠨ ᠪᠣᠯᠢᠶᠠᠯᠳᠣᠵᠦ ᠪᠣᠯᠳᠠᠬ ᠦᠭᠡᠢ᠃ ᠱᠠᠩᠰᠢ ᠶᠢᠨ | ᠲᠠᠬᠢᠯᠭ᠎ᠠ ᠳᠤ ᠬᠡᠷᠡᠭᠦᠯ ᠶᠠᠷᠭᠢᠶᠠᠨ ᠭᠠᠷᠪᠠᠯ ᠱᠠᠩᠰᠢ ᠶᠢᠨ ᠪᠣᠷᠬᠠᠨ ᠬᠢᠯᠢᠩᠨᠡᠵᠦ᠂ ᠭᠤᠷᠪᠠᠨ ᠵᠢᠯ ᠭᠠᠨᠭ᠌ ᠭᠠᠴᠢᠬ ᠪᠣᠯᠬᠤ᠂ ᠵᠠᠭᠤᠷᠮᠠᠬ ᠰᠦᠨᠡᠰᠦ ᠣᠯᠠᠰᠢᠷᠠᠬᠤ᠂ ᠡᠪᠡᠳᠴᠢᠨ ᠬᠢᠵᠢᠭ | ᠲᠡᠯᠭᠡᠷᠡᠬᠦ ᠮᠡᠳᠦ ᠶᠢᠨ ᠦᠭᠡᠳᠡ ᠦᠭᠡᠢ ᠣᠴᠢᠷ ᠠᠶᠢᠯ ᠬᠤᠳᠠᠯᠠᠭᠠᠷ ᠤᠨ ᠲᠣᠮᠳᠠ ᠲᠣᠬᠢᠶᠠᠯᠳᠣᠨ᠎ᠠ ᠭᠡᠳᠡᠭ ᠶᠣᠮ᠃ ︽︿ᠠᠪᠤ ᠶᠢᠨ ᠬᠡᠦᠬᠡᠳ ᠠᠳᠠᠯᠢ ᠦᠭᠡᠢ᠂ ᠠᠷᠪᠠᠨ ᠬᠤᠷᠣᠭᠤ | ᠲᠡᠭᠰᠢ ᠦᠭᠡᠢ ᠭᠡᠳᠡᠭ﹀ ᠢᠶᠠᠷ ᠵᠠᠷᠢᠮ ᠠᠶᠢᠯ ᠤᠨ ᠬᠢᠨ ᠲᠦᠷᠦᠭᠦᠦ ᠬᠡᠳᠦᠨ ᠵᠢᠯ ᠱᠠᠩᠰᠢ ᠶᠢᠨ ᠲᠠᠬᠢᠯᠭ᠎ᠠ ᠳᠤ ᠬᠤᠭᠤᠷᠣᠨᠳᠦ ᠪᠠᠨ ᠬᠡᠯᠡ ᠠᠮᠠ ᠪᠣᠯᠣᠬᠰᠠᠨ ᠠᠴᠠ ᠭᠤᠷᠪᠠᠨ ᠵᠢᠯ ᠳᠤ | ᠲᠣᠰᠣᠯ ᠪᠣᠷᠣᠭᠠᠨ ᠴᠦ ᠣᠷᠣᠬᠰᠠᠨ ᠦᠭᠡᠢ ᠦᠵᠡᠭᠳᠡᠯ ᠴᠦ ᠭᠠᠷᠴᠦ ᠦᠡᠭᠭᠡᠷᠡᠭᠰᠡᠨ ᠶᠣᠮ᠃ ᠲᠡᠭᠷᠢ ᠲᠦᠮᠡᠨ ᠨᠢᠳᠦ ᠲᠠᠢ ᠭᠡᠳᠡᠭ ᠨᠢ ᠦᠨᠡᠨ ᠶᠣᠮ ᠪᠠᠶᠢᠵᠠᠢ᠃ ᠢᠪ ᠢᠯᠡᠬᠡᠨ | ᠬᠤᠶᠢᠳᠦ ᠠᠶᠢᠯ ᠳᠤ ᠪᠣᠷᠣᠭᠠᠨ ᠨᠡᠪᠳᠡᠷᠡᠳᠡᠯ᠎ᠡ ᠣᠷᠣᠬᠰᠠᠨ ᠪᠠᠶᠢᠳᠠᠯ᠎ᠠ ᠱᠠᠩᠰᠢ ᠶᠢᠨ ᠲᠠᠬᠢᠯᠭ᠎ᠠ ᠳᠤ ᠬᠡᠯᠡ ᠠᠮᠠ ᠪᠣᠯᠵᠦ ᠦᠡᠭᠭᠡᠷᠡᠭᠰᠡᠨ᠂ ᠪᠡᠯᠴᠢᠭᠡᠷ ᠣᠰᠣ ᠨᠡᠶᠢᠯᠡᠵᠦ ᠪᠠᠶᠢᠭ᠎ᠠ | ᠡᠮᠦᠨ᠎ᠡ ᠠᠶᠢᠯ ᠳᠤᠨᠢ ᠲᠣᠰᠣᠯ ᠪᠣᠷᠣᠭᠠᠨ ᠴᠦ ᠣᠷᠣᠬᠤ ᠦᠭᠡᠢ ᠦᠵᠡᠭᠳᠡᠯ ᠭᠠᠷᠳᠠᠬ ᠨᠢ ᠰᠣᠨᠢᠨ ᠡ︾ ᠭᠡᠵᠦ ᠬᠦᠷᠢᠶ᠎ᠡ ᠨᠣᠳᠣᠬᠳᠠᠢ ᠨᠢᠭᠡᠨ ᠲᠠᠷᠢᠶᠠᠴᠢᠨ ᠡᠪᠦᠭᠡᠨ ᠠᠴᠠ | ᠬᠠᠭᠤᠴᠢᠯᠠᠵᠦ ᠪᠠᠶᠢᠬᠰᠠᠨ ᠶᠣᠮ᠃ ᠱᠠᠩᠰᠢ ᠶᠢᠨ ᠲᠠᠬᠢᠯᠭ᠎ᠠ ᠳᠤ ᠬᠡᠯᠡ ᠠᠮᠠ ᠪᠣᠯᠬᠤ ᠠᠴᠠ ᠬᠦᠮᠦᠨ ᠪᠦᠬᠦᠨ ᠬᠢᠴᠢᠶᠡᠳᠡᠭ ᠠᠴᠠ ᠠᠶᠢᠯ ᠠᠶᠢᠮᠠᠬ ᠲᠠᠭᠠᠨ ᠢᠳᠡᠭᠡᠯ ᠲᠠᠢ᠂ ᠲᠦᠪ | ᠭᠤᠣᠯᠴᠢ᠂ ᠬᠡᠯᠡ ᠠᠮᠠᠨ ᠳᠠᠭᠠᠨ ᠬᠤᠷᠴᠠ᠂ ᠣᠷᠢᠶᠠᠯᠠᠬᠤ ᠬᠦᠴᠦᠨ ᠢᠶᠠᠷ ᠴᠢᠩᠭ᠎ᠠ ᠨᠢᠭᠡ ᠶᠢ ᠪᠠᠨ ᠪᠦᠭᠦᠳᠡᠭᠡᠷ ᠢᠶᠠᠨ ᠱᠠᠩᠰᠢ ᠬᠠᠮᠢᠶᠠᠷᠣᠬᠴᠢ ᠪᠠᠷ ᠰᠣᠩᠭᠤᠨ ᠭᠠᠷᠭᠠᠵᠦ | ᠱᠠᠩᠰᠢ ᠶᠢᠨ ᠬᠡᠰᠢᠭ ᠢ ᠬᠦᠮᠦᠨ ᠪᠦᠷᠢ ᠳᠤ ᠠᠳᠠᠯᠢ ᠲᠡᠭᠰᠢ ᠬᠤᠪᠢᠶᠠᠨ ᠦᠭᠬᠦ ᠶᠢ ᠬᠢᠴᠢᠶᠡᠳᠡᠭ ᠪᠦᠭᠡᠳ ᠲᠠᠬᠢᠯᠭ᠎ᠠ ᠳᠤ ᠣᠷᠣᠯᠴᠠᠬᠰᠠᠨ ᠬᠦᠮᠦᠰ ᠴᠦ ᠡᠷᠦᠢ ᠬᠤᠷᠣᠢ ᠦᠭᠡ | ᠶᠠᠷᠢᠵᠦ ᠱᠠᠩᠰᠢ ᠶᠢᠨ ᠪᠣᠷᠬᠠᠨ ᠢ ᠬᠢᠯᠢᠩᠨᠡᠭᠦᠯᠬᠦ ᠠᠴᠠ ᠬᠡᠷᠰᠡᠦᠯᠡᠳᠡᠭ᠃ ᠣᠯᠠᠨ ᠢᠶᠠᠷ ᠢᠶᠠᠨ ᠱᠠᠩᠰᠢ ᠶᠢᠨ ᠬᠡᠰᠢᠭ ᠢ ᠬᠦᠷᠳᠡᠵᠦ ᠪᠠᠷᠠᠬᠰᠠᠨ ᠤ ᠲᠠᠷᠠᠭ᠎ᠠ ᠱᠠᠩᠰᠢ ᠶᠢᠨ ᠰᠢᠭᠦᠰᠦ | ᠪᠣᠳᠠᠭ᠎ᠠ ᠨᠢ ᠪᠠᠰᠠ ᠦᠯᠡᠳᠡᠪᠦᠷᠢ ᠲᠠᠢ ᠪᠠᠶᠢᠪᠠᠯ ᠬᠡᠨ ᠬᠦᠮᠦᠨ ᠴᠦ ᠭᠡᠰᠡᠨ ᠭᠡᠷ ᠲᠡᠭᠡᠨ ᠠᠪᠠᠴᠢᠵᠦ ᠪᠣᠯᠳᠠᠬ ᠦᠭᠡᠢ ᠶᠣᠮ᠃ ᠱᠠᠩᠰᠢ ᠶᠢᠨ ᠬᠡᠰᠢᠭ ᠢ ᠭᠡᠷ ᠲᠡᠭᠡᠨ ᠬᠤᠯᠠᠭᠤᠵᠦ | ᠠᠪᠠᠴᠢᠬᠰᠠᠨ ᠬᠦᠮᠦᠨ ᠪᠠᠶᠢᠪᠠᠯ ᠠᠶᠢᠯ ᠲᠣᠰᠬᠤᠨ ᠳᠤ ᠬᠤᠯᠠᠭᠠᠢᠢᠴᠢ ᠲᠡᠭᠡᠷᠡᠮ ᠰᠠᠮᠠᠭᠤᠷᠠᠵᠦ᠂ ᠱᠠᠩᠰᠢ ᠶᠢᠨ ᠬᠡᠰᠢᠭ ᠬᠤᠯᠠᠭᠠᠢᠢᠯᠠᠬᠰᠠᠨ ᠬᠦᠮᠦᠨ ᠤ ᠭᠡᠷ ᠲᠤ ᠠᠶᠣᠯ ᠭᠠᠮᠰᠢᠬ | ᠪᠣᠯᠣᠨ᠎ᠠ ᠭᠡᠵᠦ ᠣᠯᠠᠨ ᠢᠶᠠᠷ ᠢᠶᠠᠨ ᠦᠵᠡᠳᠡᠭ ᠠᠴᠠ ᠦᠯᠡᠳᠡᠭᠰᠡᠨ ᠱᠠᠩᠰᠢ ᠶᠢᠨ ᠴᠠᠪ ᠢᠶᠠᠨ ᠰᠢᠳᠠᠭᠠᠬᠤ ᠪᠣᠶᠣ ᠱᠠᠩᠰᠢ ᠶᠢᠨ ᠮᠣᠳᠣᠨ ᠤ ᠬᠠᠪᠢ ᠳᠤ ᠨᠦᠬᠡ ᠮᠠᠯᠳᠠᠭᠠᠳ ᠢᠷᠦᠭᠡᠯ᠂ | ᠨᠣᠮ ᠣᠡᠭᠰᠢᠵᠦ ᠪᠠᠶᠢᠭᠠᠳ ᠪᠣᠯᠠᠵᠦ ᠬᠠᠶᠠᠬᠤ ᠶᠣᠰᠣ ᠪᠠᠶᠢᠳᠠᠬ᠃ ᠨᠣᠮ ᠣᠡᠭᠰᠢᠬᠤ ᠦᠢᠯᠡ ᠶᠢ ᠱᠠᠩᠰᠢ ᠶᠢᠨ ᠵᠠᠯᠠᠯᠭ᠎ᠠ ᠳᠤ ᠢᠷᠡᠭᠰᠡᠨ ᠯᠠᠮᠠ ᠨᠠᠷ ᠠᠴᠠ ᠬᠦᠢᠴᠡᠳᠭᠡᠳᠡᠭ᠃ | ᠱᠠᠩᠰᠢ ᠶᠢᠨ ᠲᠠᠬᠢᠯᠭ᠎ᠠ ᠣᠷᠣᠬᠰᠢ ᠲᠠᠢ ᠪᠣᠯᠪᠠᠯ ᠱᠠᠩᠰᠢ ᠶᠢᠨ ᠰᠠᠬᠢᠭᠤᠰᠣ ᠨᠢ ᠮᠣᠳᠣᠨ ᠳᠠᠭᠠᠨ ᠲᠦᠷᠭᠡᠨ ᠵᠠᠯᠠᠷᠠᠨ ᠰᠠᠭᠠᠳᠠᠭᠠᠳ ᠰᠡᠳᠭᠢᠯ ᠰᠠᠨᠠᠭ᠎ᠠ ᠨᠢ ᠬᠦᠭᠰᠡᠨ | ᠪᠠᠶᠠᠰᠴᠦ ᠲᠠᠬᠢᠯᠭ᠎ᠠ ᠶᠢᠨ ᠦᠢᠯᠡ ᠪᠠᠷᠠᠬᠤ ᠠᠴᠠ ᠡᠮᠦᠨ᠎ᠡ ᠵᠦᠭᠡᠯᠡᠨ ᠰᠠᠯᠬᠢ ᠬᠦᠳᠡᠯᠭᠡᠵᠦ᠂ ᠴᠢᠬᠢᠭ ᠤᠨ ᠦᠨᠦᠷ ᠰᠡᠩᠭᠢᠨᠡᠭᠦᠯᠦᠨ ᠡᠭᠦᠯᠡ ᠡᠪᠬᠡᠷᠡᠯᠳᠦᠭᠦᠯᠵᠦ ᠬᠤᠷ᠎ᠠ | ᠪᠣᠷᠣᠭᠠᠨ ᠢᠶᠠᠨ ᠵᠠᠯᠠᠨ ᠪᠠᠭᠤᠯᠭᠠᠳᠠᠬ ᠶᠣᠮ ᠭᠡᠨ᠎ᠡ᠃ | ᠱᠠᠩᠰᠢ ᠪᠠᠶᠠᠰᠬᠠᠬᠤ ᠶᠣᠰᠣᠨ | ᠱᠠᠩᠰᠢ ᠪᠠᠨ ᠡᠷᠭᠢᠵᠦ᠂ ᠱᠠᠩᠰᠢ ᠳᠠᠭᠠᠨ ᠰᠢᠭᠦᠰᠦ ᠡᠷᠭᠦᠵᠦ ᠪᠠᠷᠠᠬᠰᠠᠨ ᠤ ᠲᠠᠷᠠᠭ᠎ᠠ ᠮᠣᠩᠭᠤᠯ ᠤᠨ ᠣᠯᠠᠮᠵᠢᠯᠠᠯᠳᠦ ᠡᠷ᠎ᠡ ᠶᠢᠨ ᠭᠤᠷᠪᠠᠨ ᠨᠠᠭᠠᠳᠣᠮ ᠢ ᠶᠠᠪᠣᠬᠳᠠᠭᠤᠯᠳᠠᠬ᠃ | ᠡᠭᠦᠨ ᠳᠤ ︽ᠰᠣᠷ ᠬᠠᠷᠪᠣᠬᠤ︾ ︽ᠪᠦᠬᠡ ᠪᠠᠷᠢᠯᠳᠣᠬᠤ︾ ︽ᠮᠣᠷᠢ ᠣᠷᠣᠯᠳᠣᠬᠤ︾ ᠵᠡᠷᠭᠡ ᠪᠠᠭᠳᠠᠨ᠎ᠠ᠃ ᠡᠭᠦᠨ ᠢᠶᠠᠨ ᠪᠠᠰᠠ ᠬᠤᠷᠴᠢᠨᠴᠣᠳ ︽ᠱᠠᠩᠰᠢ ᠪᠠᠶᠠᠰᠬᠠᠬᠤ︾ | ᠭᠡᠳᠡᠭ᠃ | ᠱᠠᠩᠰᠢ ᠶᠢᠨ ᠲᠠᠬᠢᠯᠭ᠎ᠠ ᠶᠠᠪᠣᠬᠳᠠᠭᠤᠯᠵᠦ ᠪᠠᠶᠢᠭ᠎ᠠ ᠴᠢᠮᠡᠭᠡ ᠪᠠᠷ ᠬᠤᠯᠠ ᠣᠢᠢᠷ᠎ᠠ ᠶᠢᠨ ᠠᠶᠢᠯ ᠲᠣᠰᠬᠤᠨ ᠤ ᠨᠡᠷᠡᠳᠦ ᠪᠦᠭᠡᠴᠤᠳ᠂ ᠬᠠᠪᠣᠳᠦ ᠰᠣᠷᠴᠢᠳ᠂ ᠬᠤᠷᠳᠣᠨ | ᠮᠣᠷᠢᠨ ᠤ ᠣᠶᠠᠭᠠᠴᠢᠳ ᠱᠠᠩᠰᠢ ᠶᠢᠨ ᠨᠠᠶᠢᠷ ᠲᠤ ᠣᠷᠣᠯᠴᠠᠬᠤ ᠭᠡᠵᠦ ᠬᠤᠷᠠᠨ ᠴᠣᠬᠯᠠᠷᠠᠵᠦ ᠨᠠᠶᠢᠷ ᠲᠤ ᠬᠦᠷ ᠨᠡᠮᠡᠳᠡᠭ᠃ ᠡᠶᠢᠮᠦᠷᠬᠦᠤ ᠨᠠᠶᠢᠷ ᠨᠢ ᠵᠠᠷᠢᠮ ᠭᠠᠵᠠᠷ ᠲᠤ ᠬᠤᠶᠠᠷ | ᠭᠤᠷᠪᠠᠨ ᠡᠳᠦᠷ ᠢᠶᠠᠷ ᠦᠷᠭᠦᠯᠵᠢᠯᠡᠳᠡᠭ ᠴᠦ ᠪᠣᠢ᠃ ᠱᠠᠩᠰᠢ ᠶᠢᠨ ᠪᠣᠷᠬᠠᠨ ᠨᠢ ᠨᠠᠶᠢᠷ ᠬᠦᠷ ᠲᠤ ᠲᠣᠷᠠᠳᠠᠢ ᠡᠪᠦᠬᠡᠨ ᠰᠠᠬᠢᠭᠤᠰᠣ ᠪᠣᠯᠬᠤᠷ ᠨᠠᠶᠢᠷ ᠨᠠᠭᠠᠳᠣᠮ ᠨᠢ ᠪᠦᠷ | ᠱᠠᠩᠰᠢ ᠶᠢᠨ ᠮᠣᠳᠣᠨ ᠤ ᠣᠷᠴᠢᠮ ᠳᠤ ᠶᠠᠪᠣᠬᠳᠠᠳᠠᠬ ᠪᠠᠶᠢᠵᠠᠢ᠃ ᠱᠠᠩᠰᠢ ᠶᠢᠨ ᠨᠠᠶᠢᠷ ᠲᠤ ᠲᠡᠷᠢᠭᠦᠯᠡᠭᠰᠡᠨ ᠮᠣᠷᠢ᠂ ᠪᠦᠬᠡ᠂ ᠬᠠᠷᠪᠣᠭᠠᠴᠢᠨ ᠵᠡᠷᠭᠡ ᠪᠠᠨ ᠪᠠᠰᠠ ︽ᠱᠠᠩᠰᠢ ᠶᠢᠨ | ᠨᠠᠶᠢᠷ ᠲᠤ ᠬᠡᠳᠦ ᠣᠳᠠᠭ᠎ᠠ ᠲᠡᠷᠢᠭᠦᠯᠡᠭᠰᠡᠨ︾ ᠭᠡᠵᠦ ᠠᠯᠳᠠᠷ ᠴᠣᠯᠠ ᠶᠢ ᠨᠢ ᠡᠷᠭᠦᠨ ᠢᠷᠦᠬᠡᠨ ᠮᠠᠬᠳᠠᠵᠦ ᠱᠠᠩᠰᠢ ᠶᠢᠨ ᠱᠠᠩ ᠬᠦᠷᠳᠡᠭᠡᠳᠡᠭ ᠠᠴᠠ ᠱᠠᠩᠰᠢ ᠲᠠᠬᠢᠬᠰᠠᠨ ᠠᠶᠢᠯ | ᠲᠣᠰᠬᠤᠨ ᠤ ᠬᠢᠨ ᠴᠦ ᠱᠠᠩᠰᠢ ᠶᠢᠨ ᠲᠡᠷᠢᠬᠦᠨ ᠢᠶᠠᠨ ᠪᠣᠰᠣᠳ ᠲᠤ ᠠᠯᠳᠠᠬᠤ ᠦᠭᠡᠢ ᠭᠡᠵᠦ ᠨᠠᠶᠢᠷ ᠲᠤ ᠢᠳᠡᠪᠬᠢᠳᠡᠢ ᠣᠷᠣᠯᠴᠠᠵᠦ ᠰᠠᠶᠢᠨ ᠮᠣᠷᠢ᠂ ᠰᠠᠶᠢᠨ ᠬᠠᠷᠪᠣᠭᠠᠴᠢ᠂ ᠰᠠᠶᠢᠨ | ᠪᠦᠬᠡᠴᠦᠳ ᠢᠶᠠᠨ ᠭᠠᠷᠭᠠᠵᠦ ᠱᠠᠩᠰᠢ ᠶᠢᠨ ᠪᠣᠷᠬᠠᠨ ᠢᠶᠠᠨ ᠪᠠᠶᠠᠰᠠᠬᠳᠠᠬ᠃ ᠨᠠᠶᠢᠷ ᠦᠨᠳᠦᠷᠯᠡᠭᠰᠡᠨ ᠤ ᠲᠠᠷᠠᠭ᠎ᠠ ᠱᠠᠩᠰᠢ ᠲᠠᠬᠢᠬᠴᠢᠳ ᠠᠴᠠ ᠱᠠᠩᠰᠢ ᠶᠢᠨ ᠬᠡᠰᠢᠭ ᠢᠶᠠᠨ ᠬᠦᠷᠳᠡᠵᠦ | ᠨᠢᠭᠡ ᠵᠢᠯ ᠤᠨ ᠱᠠᠩᠰᠢ ᠶᠢᠨ ᠲᠠᠬᠢᠯᠭ᠎ᠠ ᠶᠢᠨ ᠠᠵᠢᠯ ᠢᠶᠠᠨ ᠬᠤᠷᠢᠶᠠᠳᠠᠬ᠃ ᠭᠡᠪᠡᠴᠦ ᠱᠠᠩᠰᠢ ᠶᠢᠨ ᠲᠠᠬᠢᠯᠭ᠎ᠠ ᠶᠢ ᠡᠷᠭᠢᠯᠡᠨ ᠶᠠᠪᠣᠬᠳᠠᠭᠤᠯᠪᠠᠯ ᠵᠠᠪᠠᠯ ᠭᠤᠷᠪᠠᠨ ᠵᠢᠯ ᠲᠠᠷᠠᠭᠠᠯᠠᠨ | ᠲᠣᠬᠳᠠᠬᠰᠠᠨ ᠡᠳᠦᠷ ᠲᠡᠭᠡᠨ ᠵᠠᠪᠡᠯ ᠬᠢᠬᠦ ᠶᠣᠰᠣᠳᠠᠢ ᠪᠠᠶᠢᠳᠠᠬ᠃ ᠬᠡᠷᠪᠡ ᠭᠤᠷᠪᠠᠨ ᠵᠢᠯ ᠤᠨ ᠲᠤᠭ᠎ᠠ ᠬᠤᠭᠤᠴᠠᠭ᠎ᠠ ᠨᠢ ᠭᠦᠢᠴᠡᠬᠦ ᠦᠭᠡᠢ ᠪᠣᠯ ᠱᠠᠩᠰᠢ ᠶᠢᠨ ᠪᠣᠷᠬᠠᠨ ᠭᠤᠮᠣᠷᠬᠠᠵᠦ | ᠭᠠᠨᠭ᠌ ᠭᠠᠴᠢᠭ ᠪᠣᠯᠣᠭᠠᠳ ᠬᠡᠴᠢᠨᠡᠬᠡᠨ ᠣᠳᠠᠭ᠎ᠠ ᠲᠠᠬᠢᠯᠭ᠎ᠠ ᠶᠠᠪᠣᠬᠳᠠᠭᠤᠯᠣᠬᠰᠠᠨ ᠴᠦ ᠪᠣᠷᠣᠭᠠᠨ ᠬᠤᠷ᠎ᠠ ᠪᠠᠭᠤᠬᠤ ᠦᠭᠡᠢ ᠶᠣᠮ ᠭᠡᠨ᠎ᠡ᠃ ᠨᠣᠳᠤᠬ ᠤᠨ ᠬᠦᠮᠦᠰ ᠤᠨ | ᠬᠠᠭᠤᠴᠢᠯᠠᠬᠤ ᠪᠠᠷ᠄ ︽ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠪᠤᠨᠮᠣᠳᠦ ᠭᠠᠴᠠᠭᠠᠨ ᠤ ᠴᠣᠬᠴᠢᠭᠦᠦ ᠭᠡᠳᠡᠭ ᠠᠶᠢᠯ ᠨᠢ ᠲᠡᠭᠡᠷ᠎ᠡ ᠵᠠᠭᠤᠨ ᠤ ᠶᠡᠷᠡᠨ ᠨᠠᠢᠮᠠᠨ ᠣᠨ ᠤ ᠶᠡᠭᠡ | ᠦᠶᠡᠷ ᠣᠰᠣᠳᠣᠯ ᠤᠨ ᠦᠶ᠎ᠡ ᠳᠤ᠂ ᠪᠣᠰᠣᠳ ᠠᠶᠢᠯ ᠤᠨ ᠬᠢᠨ ᠬᠠᠰᠢᠯᠭ᠎ᠠ ᠪᠣᠰᠬᠠᠭᠠᠳ ᠶᠠᠭᠠᠷᠠᠵᠦ ᠪᠠᠶᠢᠬᠤ ᠳᠤ ᠡᠨᠡ ᠠᠶᠢᠯ ᠤᠨ ᠬᠢᠨ ᠱᠠᠩᠰᠢ ᠶᠢᠨ ᠲᠠᠬᠢᠯᠭ᠎ᠠ ᠶᠠᠪᠣᠬᠳᠠᠭᠤᠯᠵᠦ | ᠪᠠᠶᠢᠯ᠎ᠠ︾ ᠭᠡᠳᠡᠭ᠃ ᠡᠭᠦᠨ ᠤ ᠲᠣᠬᠠᠢ ᠲᠣᠰ ᠠᠶᠢᠯ ᠤᠨ ᠲᠠᠷᠢᠶᠠᠴᠢᠨ ᠪᠠᠢ ᠬᠤ᠋ ᠬᠠᠭᠤᠴᠢᠯᠠᠬᠤ ᠳᠠᠭᠠᠨ᠄ ︽ᠲᠡᠭᠡᠷ᠎ᠡ ᠵᠠᠭᠤᠨ ᠤ ᠶᠡᠷᠡᠨ ᠵᠢᠷᠭᠤᠭᠠᠨ ᠣᠨ ᠳᠤ ᠮᠠᠨ ᠤ ᠡ᠊ᠨᠳᠡ | ᠶᠡᠭᠡ ᠭᠠᠨᠭ᠌ ᠬᠠᠭᠰᠠᠷᠠᠭᠠᠨ ᠪᠣᠯᠵᠦ ᠪᠢᠳᠠᠨ ᠤ ᠠᠶᠢᠯ ᠲᠣᠰᠬᠤᠨ ᠢᠶᠠᠷ ᠢᠶᠠᠨ ᠱᠠᠩᠰᠢ ᠶᠢᠨ ᠮᠣᠳᠣ ᠪᠠᠨ ᠲᠠᠬᠢᠬᠰᠠᠨ ᠶᠣᠮ᠃ ᠶᠡᠷᠡᠨ ᠲᠣᠯᠣᠭᠠᠨ ᠣᠨ ᠴᠦ ᠭᠠᠶᠢᠭᠤᠢ᠂ ᠶᠡᠷᠡᠨ | ᠨᠡᠢᠮᠡᠨ ᠣᠨ ᠳᠤ ᠬᠤᠷ᠎ᠠ ᠪᠣᠷᠣᠭᠠᠨ ᠶᠡᠬᠡᠳᠦᠭᠡᠳ ᠡᠷᠭᠢᠨ ᠲᠣᠭᠤᠷᠢᠨ ᠤ ᠠᠶᠢᠯ ᠲᠣᠰᠬᠤᠨ ᠳᠤ ᠶᠡᠭᠡ ᠦᠶᠡᠷ ᠣᠰᠤᠳᠣᠯ ᠪᠣᠯᠣᠬᠰᠠᠨ ᠶᠣᠮ᠃ ᠭᠡᠪᠡᠴᠦ ᠱᠠᠩᠰᠢ ᠶᠢᠨ ᠲᠠᠬᠢᠯᠭ᠎ᠠ | ᠶᠠᠪᠣᠬᠳᠠᠭᠤᠯᠪᠠᠯ ᠵᠠᠪᠠᠯ ᠭᠤᠷᠪᠠᠨ ᠵᠢᠯ ᠲᠠᠷᠠᠭᠠᠯᠠᠨ ᠲᠣᠬᠳᠠᠬᠰᠠᠨ ᠡᠳᠦᠷ ᠲᠡᠭᠡᠨ ᠲᠠᠬᠢᠯᠭ᠎ᠠ ᠲᠠᠯᠪᠢᠬᠤ ᠶᠣᠰᠣᠳᠠᠢ ᠭᠡᠳᠡᠭ ᠲᠡᠭᠡᠳᠦ ᠠᠴᠠ ᠣᠯᠠᠮᠵᠢᠯᠠᠬᠰᠠᠨ ᠶᠣᠰᠣ ᠪᠠᠶᠢᠳᠠᠬ ᠪᠣᠯᠬᠤᠷ | ᠪᠢᠳᠡ ᠠᠷᠭ᠎ᠠ ᠦᠭᠡᠢ ᠶᠡᠷᠡᠨ ᠨᠠᠢᠮᠠᠨ ᠣᠨ ᠳᠤ ᠪᠠᠰᠠ ᠱᠠᠩᠰᠢ ᠶᠢᠨ ᠲᠠᠬᠢᠯᠭ᠎ᠠ ᠪᠠᠨ ᠶᠠᠪᠣᠬᠳᠠᠭᠤᠯᠵᠠᠢ᠃ ᠪᠠᠰᠠ ᠨᠢᠭᠡ ᠠᠪᠴᠦ ᠬᠡᠯᠡᠪᠡᠯ᠂ ᠮᠠᠩᠬᠠᠨ ᠨᠣᠳᠤᠬ ᠲᠤ ᠦᠶᠡᠷ | ᠣᠰᠣᠳᠣᠯ ᠤᠨ ᠭᠠᠮᠰᠢᠬ ᠡᠭᠦᠰᠬᠦ ᠨᠢ ᠲᠣᠩ ᠴᠦᠬᠡᠨ᠃ ᠬᠠᠷᠢᠨ ᠨᠢᠭᠡᠯᠬᠡᠨ ᠭᠠᠷᠠᠬ ᠬᠤᠷ᠎ᠠ ᠪᠠᠭᠤᠬᠤ ᠦᠭᠡᠢ ᠪᠣᠯ ᠭᠠᠨᠭ᠌ ᠭᠠᠴᠢᠬ ᠪᠣᠯᠴᠢᠬᠠᠳᠠᠬ ᠪᠣᠯᠬᠤᠷ ᠣᠯᠠᠮᠵᠢᠯᠠᠯᠳᠦ | ᠶᠣᠰᠣ ᠪᠠᠨ ᠡᠷᠡᠰ ᠪᠠᠷᠢᠮᠳᠠᠯᠠᠬᠤ ᠶᠢ ᠠᠶᠢᠯ ᠬᠤᠳᠠᠯᠠᠭᠠᠷ ᠢᠶᠠᠨ ᠰᠠᠨᠠᠯ ᠨᠢᠭᠡᠳᠡᠢ ᠵᠦᠪᠰᠢᠶᠡᠷᠡᠭᠰᠡᠨ ᠶᠣᠮ︾ ᠭᠡᠵᠡᠢ᠃ | ᠮᠣᠩᠭᠤᠯᠴᠣᠳ ᠡᠷᠳᠡ ᠲᠡᠭᠡᠳᠦ ᠦᠶ᠎ᠡ ᠠᠴᠠ ᠪᠠᠨ ᠣᠰᠣᠨ ᠤ ᠲᠣᠩᠭᠠᠯᠠᠬ ᠡᠪᠡᠰᠦᠨ ᠤ ᠰᠣᠷᠭᠤᠬ ᠢ ᠲᠠᠭᠠᠵᠦ ᠨᠡᠭᠦᠳᠡᠯᠯᠡᠨ ᠮᠠᠯᠵᠢᠵᠦ᠂ ᠡᠬᠡ ᠪᠠᠶᠢᠭᠠᠯᠢ ᠲᠠᠢ ᠪᠠᠨ | ᠵᠣᠬᠢᠴᠠᠯᠳᠣᠨ ᠠᠮᠢᠳᠣᠷᠠᠬᠰᠠᠭᠠᠷ ᠢᠷᠡᠪᠡ᠃ ᠡᠬᠡ ᠪᠠᠶᠢᠭᠠᠯᠢ ᠶᠢᠨ ᠢᠶᠠᠨ ᠣᠡᠭᠭᠤᠨ ᠲᠠᠷᠬᠠᠨ ᠲᠦᠷᠢ ᠲᠦᠷᠬᠦ ᠶᠢ ᠵᠠᠭᠤᠨ ᠮᠢᠩᠭᠠᠨ ᠵᠢᠯ ᠢᠶᠠᠷ ᠬᠠᠮᠠᠭᠠᠯᠠᠵᠦ ᠬᠢᠮᠠᠭᠠᠳᠠᠵᠦ | ᠢᠷᠡᠬᠦ ᠳᠡᠭᠡᠨ ᠠᠮᠢᠳᠠᠨ ᠪᠣᠳᠠᠰ ᠢᠶᠠᠨ ᠰᠠᠬᠢᠭᠤᠯᠰᠣᠨᠴᠢᠯᠠᠨ ᠰᠢᠳᠦᠬᠦ ᠠᠷᠭ᠎ᠠ ᠪᠠᠷᠢᠯ ᠢᠶᠠᠷ ᠪᠠᠶᠢᠭᠠᠯᠢ ᠲᠠᠢ ᠪᠠᠨ ᠰᠠᠨᠠᠭ᠎ᠠ ᠪᠠᠨ ᠣᠯᠣᠯᠴᠠᠵᠦ ᠪᠠᠶᠢᠵᠠᠢ᠃ ᠮᠣᠩᠭᠤᠯᠴᠣᠳ ᠤᠨ ᠲᠣᠮᠳᠠ | ︽ᠠᠭᠤᠯᠠ ᠪᠣᠯᠭᠠᠨ ᠳᠤ ᠰᠠᠬᠢᠭᠤᠰᠣ ᠲᠠᠢ᠂ ᠣᠷᠭᠤᠮᠠᠯ ᠪᠣᠯᠭᠠᠨ ᠳᠤ ᠡᠵᠡᠳ ᠲᠠᠢ︾ ᠭᠡᠵᠦ ᠶᠠᠷᠢᠬᠳᠠᠳᠠᠬ ᠠᠴᠠ ᠲᠡᠳᠡ ᠠᠭᠤᠯᠠ ᠠᠴᠠ ᠣᠷᠭᠤᠮᠠᠯ᠂ ᠣᠰᠣ᠂ ᠴᠢᠮᠬᠢ | ᠰᠢᠷᠣᠢ ᠳᠠᠭᠠᠨ ᠬᠦᠷᠳᠡᠯ᠎ᠡ ᠬᠠᠶᠢᠷᠠᠯᠠᠨ ᠬᠠᠮᠠᠭᠠᠯᠠᠵᠦ ᠰᠢᠳᠣᠨ ᠪᠢᠰᠢᠷᠡᠭᠰᠡᠭᠡᠷ ᠢᠷᠡᠪᠡ᠃ ᠬᠤᠵᠢᠮ ᠨᠢ ᠲᠠᠷᠢᠶᠠᠯᠠᠬᠤ ᠰᠣᠶᠣᠯ ᠨᠢ ᠬᠡᠳᠦ᠋ᠢᠪᠡᠷ ᠨᠡᠪᠴᠢᠨ ᠣᠷᠣᠵᠦ ᠢᠷᠡᠭᠰᠡᠨ | ᠪᠣᠯᠪᠠᠴᠦ ᠲᠡᠳᠡᠡ ᠤ ᠡᠬᠡ ᠪᠠᠶᠢᠭᠠᠯᠢ ᠪᠠᠨ ᠰᠢᠳᠦᠨ ᠪᠢᠰᠢᠷᠡᠵᠦ᠂ ᠬᠠᠶᠢᠷᠠᠯᠠᠵᠦ᠂ ᠬᠠᠮᠠᠭᠠᠯᠠᠬᠤ ᠵᠠᠩ ᠵᠠᠩᠰᠢᠯ ᠨᠢ ᠠᠯᠳᠠᠬᠳᠠᠭᠠ ᠦᠭᠡᠢ ᠪᠠᠷ ᠣᠳᠣ ᠳᠤ ᠲᠣᠯᠳᠠᠯ᠎ᠠ | ᠦᠷᠭᠦᠯᠵᠢᠯᠡᠭᠰᠡᠭᠡᠷ ᠪᠠᠶᠢᠨ᠎ᠠ᠃ | ᠱᠠᠩᠰᠢ ᠶᠢᠨ ᠮᠣᠳᠣ ᠪᠠᠷ ᠵᠢᠷᠣᠬᠠᠢ ᠦᠵᠡᠬᠦ ᠠᠷᠭ᠎ᠠ | ᠬᠤᠷᠴᠢᠨᠴᠣᠳ ᠤᠨ ᠲᠣᠮᠳᠠ ︽ᠱᠠᠩᠰᠢ ᠶᠢᠨ ᠮᠣᠳᠣ ᠶᠢ ᠰᠢᠨᠵᠢᠵᠦ ᠵᠢᠯ ᠤᠨ ᠦᠡᠭᠭᠡ ᠶᠢ ᠪᠠᠷᠣᠬᠴᠠᠭᠠᠯᠠᠨ ᠮᠡᠳᠡᠬᠦ︾ ᠨᠢᠭᠤᠴᠠ ᠨᠢᠭᠡᠨ ᠵᠢᠷᠣᠬᠠᠢ ᠶᠢᠨ ᠣᠬᠠᠭᠠᠨ | ᠣᠳᠣ ᠳᠤ ᠲᠣᠯᠳᠠᠯ᠎ᠠ ᠣᠯᠠᠮᠵᠢᠯᠠᠬᠳᠠᠵᠦ ᠢᠷᠡᠵᠡᠢ᠃ ᠭᠡᠪᠡᠴᠦ ᠡᠨᠡ ᠬᠦ ᠵᠢᠷᠣᠬᠠᠢ ᠶᠢᠨ ᠣᠬᠠᠭᠠᠨ ᠢ ᠬᠤᠷᠴᠢᠨᠴᠣᠳ ᠪᠦᠬᠦᠨ ᠮᠡᠳᠡᠬᠦ ᠪᠢᠰᠢ ᠴᠦᠬᠡᠨ ᠲᠣᠭᠠᠨ ᠤ ᠠᠵᠢᠬᠴᠢ | ᠬᠢᠷᠠᠬᠠᠢ ᠨᠠᠰᠣᠳᠠᠶᠢᠴᠣᠣᠯ ᠯᠡ ᠰᠠᠶ᠋ᠢ ᠮᠡᠳᠡᠳᠡᠭ ᠪᠣᠯᠪᠠᠴᠦ ᠪᠦᠷᠢᠨ ᠮᠡᠳᠡᠭᠴᠢᠳ ᠲᠣᠩ ᠴᠦᠬᠡᠨ ᠪᠠᠶᠢᠨ᠎ᠠ᠃ ᠱᠠᠩᠰᠢ ᠶᠢᠨ ᠮᠣᠳᠣ ᠪᠠᠷ ᠵᠢᠷᠣᠬᠠᠢ ᠰᠢᠨᠵᠢᠬᠦ ᠳᠤ ᠶᠠᠭᠤᠨ ᠤ ᠣᠷᠢᠳ | ᠱᠠᠩᠰᠢ ᠶᠢᠨ ᠮᠣᠳᠣᠨ ᠤ ᠵᠣᠭᠠᠯᠠᠬᠤ᠂ ᠨᠠᠪᠴᠢᠯᠠᠬᠤ᠂ ᠬᠦᠬᠡᠷᠡᠬᠦ᠂ ᠨᠠᠪᠴᠢ ᠨᠢ ᠰᠢᠷᠡᠯᠠᠬᠤ ᠳᠤᠨᠢ ᠬᠦᠷᠳᠡᠯ᠎ᠡ ᠨᠢᠬᠳᠠ ᠰᠢᠨᠵᠢᠯᠡᠵᠦ ᠡᠳᠦᠷ᠂ ᠰᠠᠷ᠎ᠠ᠂ ᠣᠯᠠᠷᠢᠯ ᠲᠠᠢ ᠬᠠᠷᠭᠤᠭᠤᠯᠣᠨ | ᠰᠢᠨᠵᠢᠯᠡᠬᠦ ᠴᠢᠬᠤᠯᠠᠳᠠᠢ ᠶᠣᠮ᠃ ᠡᠨᠡ ᠬᠦ ᠠᠷᠭ᠎ᠠ ᠶᠢᠨ ᠲᠣᠬᠠᠢ ᠭᠠᠳᠠᠰᠣ ᠠᠴᠠ᠄ ︽ᠣᠷᠭᠤᠮᠠᠯ᠂ ᠠᠮᠢᠳᠠᠨ ᠨᠢ ᠵᠢᠯ ᠤᠨ ᠦᠡᠭᠭᠡ ᠶᠢ ᠲᠠᠨᠢᠵᠦ ᠮᠡᠳᠡᠬᠦ ᠲᠠᠯ᠎ᠠ ᠪᠠᠷ ᠬᠦᠮᠦᠨ ᠠᠴᠠ | ᠬᠠᠪᠢ ᠦᠭᠡᠢ ᠮᠡᠷᠭᠡᠨ ᠪᠠᠶᠢᠳᠠᠬ᠃ ᠨᠡᠩ ᠢᠯᠠᠩᠭᠤᠶ᠎ᠠ ᠱᠠᠩᠰᠢ ᠶᠢᠨ ᠮᠣᠳᠣ ᠨᠢ ᠣᠷᠳᠦ ᠣᠳᠠᠭᠠᠨ ᠰᠠᠯᠬᠢ ᠪᠣᠷᠣᠭᠠᠨ ᠢ ᠦᠡᠭᠭᠡᠷᠡᠭᠦᠯᠵᠦ ᠣᠨ ᠵᠢᠯ ᠣᠳᠠᠬᠰᠠᠨ ᠮᠣᠳᠣ ᠪᠣᠯᠬᠤᠷ | ᠦᠨᠳᠦᠰᠦ ᠨᠢ ᠬᠤᠯᠠ ᠭᠦᠶᠦᠵᠦ᠂ ᠨᠠᠪᠴᠢ ᠨᠠᠮᠠᠭ᠎ᠠ ᠨᠢ ᠶᠡᠭᠡ ᠪᠠᠷ ᠰᠢᠬᠦᠷᠯᠡᠨ ᠣᠷᠭᠤᠳᠠᠬ ᠠᠴᠠ ᠪᠠᠶᠢᠭᠠᠯᠢ ᠶᠢᠨ ᠠᠭᠤᠷ ᠠᠮᠢᠰᠬᠤᠯ ᠢ ᠲᠠᠨᠢᠬᠤ ᠲᠠᠯ᠎ᠠ ᠪᠠᠷ ᠣᠨᠣᠪᠴᠢᠳᠠᠢ | ᠪᠠᠶᠢᠳᠠᠬ᠃ ᠱᠠᠩᠰᠢ ᠶᠢᠨ ᠮᠣᠳᠣ ᠠᠴᠠ ᠴᠠᠬ ᠠᠭᠤᠷ ᠢ ᠰᠢᠨᠵᠢᠬᠦ ᠶᠢ ᠵᠢᠷᠣᠬᠠᠢ ᠶᠢᠨ ᠣᠬᠠᠭᠠᠨ ᠭᠡᠵᠦ ᠬᠡᠯᠡᠭᠰᠡᠨ ᠴᠦ ᠪᠣᠯᠣᠨ᠎ᠠ᠃ ᠪᠠᠰᠠ ᠠᠵᠢᠬᠴᠢ ᠬᠢᠷᠠᠬᠠᠢ ᠬᠦᠮᠦᠰ ᠤᠨ | ᠰᠢᠨᠵᠢᠯᠡᠨ ᠰᠣᠳᠣᠯᠵᠦ ᠮᠡᠳᠡᠭᠰᠡᠨ ᠠᠮᠢᠳᠣᠷᠠᠯ ᠤᠨ ᠲᠣᠮᠳᠠᠬᠢ ᠲᠣᠷᠰᠢᠯᠭ᠎ᠠ ᠭᠡᠵᠦ ᠶᠠᠷᠢᠬᠰᠠᠨ ᠴᠦ ᠪᠣᠯᠣᠨ᠎ᠠ︾ ᠭᠡᠵᠡᠢ᠃ ᠱᠠᠩᠰᠢ ᠶᠢᠨ ᠮᠣᠳᠣ ᠶᠢ ᠭᠤᠣᠯᠳᠠᠭᠤ ᠬᠠᠪᠣᠷ᠂ ᠵᠣᠨ ᠤ | ᠣᠯᠠᠷᠢᠯ ᠳᠤ ᠰᠢᠨᠵᠢᠳᠡᠭ ᠶᠣᠮ᠃ ᠲᠣᠣᠷ᠎ᠠ ᠬᠡᠳᠦᠨ ᠠᠷᠭ᠎ᠠ ᠠᠴᠠ ᠬᠤᠪᠢᠶᠠᠯᠴᠠᠶ᠎ᠠ᠃ | ᠬᠠᠪᠣᠷ ᠤᠨ ᠣᠯᠠᠷᠢᠯ ᠳᠤ ᠱᠠᠩᠰᠢ ᠶᠢᠨ ᠮᠣᠳᠣ ᠶᠢ ᠰᠢᠨᠵᠢᠬᠦ ᠠᠷᠭ᠎ᠠ᠃ ᠬᠠᠪᠣᠷ ᠤᠨ ᠣᠯᠠᠷᠢᠯ ᠳᠤ ᠭᠤᠣᠯᠳᠠᠭᠤ ᠱᠠᠩᠰᠢ ᠶᠢᠨ ᠮᠣᠳᠣ ᠪᠠᠷ ᠵᠢᠯ ᠤᠨ ᠬᠤᠷ᠎ᠠ ᠪᠣᠷᠣᠭᠠᠨ᠂ | ᠰᠠᠯᠬᠢ᠂ ᠡᠪᠡᠳᠴᠢᠨ ᠬᠢᠵᠢᠭ ᠵᠡᠷᠭᠡ ᠶᠢ ᠰᠢᠨᠵᠢᠯᠡᠳᠡᠭ᠃ ᠬᠠᠪᠣᠷ ᠮᠣᠳᠣ ᠬᠦᠯᠦᠭᠡᠯᠡᠬᠦ ᠦᠶᠡᠰ ᠱᠠᠩᠰᠢ ᠶᠢᠨ ᠮᠣᠳᠣᠨ ᠤ ᠡᠭᠡᠪᠦᠷ ᠲᠠᠯ᠎ᠠ ᠨᠢ ᠡᠷᠳᠡ ᠬᠦᠯᠦᠭᠡᠯᠡᠭᠰᠡᠨ ᠪᠠᠶᠢᠪᠠᠯ | ᠵᠣᠨ ᠤ ᠣᠯᠠᠷᠢᠯ ᠤᠨ ᠡᠬᠢᠨ ᠰᠠᠷ᠎ᠠ ᠪᠠᠷ ᠪᠣᠷᠣᠭᠠᠨ ᠬᠤᠷ᠎ᠠ ᠴᠦᠬᠡᠨ᠂ ᠲᠣᠮᠳᠠ ᠰᠠᠷ᠎ᠠ ᠪᠠᠷ ᠪᠣᠷᠣᠭᠠᠨ ᠬᠤᠷ᠎ᠠ ᠡᠯᠪᠡᠭ᠃ ᠰᠡᠭᠦᠳᠡᠷ ᠲᠠᠯ᠎ᠠ ᠶᠢᠨ ᠬᠢᠨ ᠡᠷᠳᠡ ᠬᠦᠯᠦᠭᠡᠯᠡᠭᠰᠡᠨ | ᠪᠠᠶᠢᠪᠠᠯ ᠬᠠᠪᠣᠷ ᠤᠨ ᠲᠠᠷᠢᠯᠭ᠎ᠠ ᠶᠢᠨ ᠬᠤᠭᠤᠴᠠᠭᠠᠨ ᠳᠤ ᠪᠣᠷᠣᠭᠠᠨ ᠬᠤᠷ᠎ᠠ ᠲᠣᠳᠠᠬᠤ ᠦᠭᠡᠢ᠃ ᠪᠦᠬᠦᠳᠡᠭᠡᠷ ᠢᠶᠠᠨ ᠵᠢᠭᠳᠡ ᠭᠦᠯᠦᠭᠡᠯᠡᠭᠰᠡᠨ ᠪᠠᠶᠢᠪᠠᠯ ᠪᠣᠷᠣᠭᠠᠨ ᠬᠤᠷ᠎ᠠ ᠲᠡᠭᠰᠢᠬᠡᠨ | ᠵᠢᠯ ᠪᠣᠯᠣᠨ᠎ᠠ᠃ ᠬᠠᠶᠢᠯᠠᠰᠣᠨ ᠱᠠᠩᠰᠢ ᠵᠣᠭᠠᠯᠠᠬᠤ ᠦᠶᠡᠰ ᠲᠤ ᠮᠣᠳᠣᠨ ᠤ ᠣᠷᠣᠢ ᠳᠤᠨᠢ ᠵᠤᠭ᠎ᠠ ᠵᠣᠵᠠᠭᠠᠨ ᠰᠠᠭᠤᠬᠰᠠᠨ ᠪᠣᠯ ᠠᠶᠢᠯ ᠠᠴᠠ ᠠᠷᠪᠠᠨ ᠲᠠᠪᠣᠨ ᠭᠠᠵᠠᠷ ᠠᠴᠠ | ᠭᠤᠴᠢᠨ ᠭᠠᠵᠠᠷ ᠵᠠᠢ ᠳᠤ ᠪᠠᠶᠢᠭ᠎ᠠ ᠠᠶᠢᠯ ᠲᠣᠰᠬᠤᠨ ᠢᠶᠠᠷ ᠪᠣᠷᠣᠭᠠᠨ ᠬᠤᠷ᠎ᠠ ᠡᠯᠪᠡᠭ ᠰᠢᠭ᠂ ᠵᠣᠨ ᠤ ᠡᠬᠢᠨ ᠰᠠᠷ᠎ᠠ ᠪᠠᠷ ᠭᠠᠨᠭ᠍ᠳᠠᠵᠦ ᠨᠠᠮᠣᠷ ᠣᠢᠢᠷᠠᠳᠬᠤ ᠪᠠᠷ ᠪᠣᠷᠣᠭᠠᠨ ᠬᠤᠷ᠎ᠠ | ᠡᠯᠪᠡᠭ᠃ ᠮᠣᠳᠣᠨ ᠤ ᠲᠣᠣᠷᠠᠬᠢ ᠰᠠᠯᠠᠭ᠎ᠠ ᠨᠠᠮᠠᠭ᠎ᠠ ᠶᠢᠨ ᠵᠤᠭ᠎ᠠ ᠨᠢ ᠵᠣᠵᠠᠭᠠᠨ ᠪᠣᠯ ᠵᠣᠨ ᠤ ᠡᠬᠢᠨ ᠰᠠᠷ᠎ᠠ ᠪᠠᠷ ᠪᠣᠷᠣᠭᠠᠨ ᠲᠠᠢ᠂ ᠵᠣᠨ ᠤ ᠭᠤᠣᠯ ᠬᠠᠯᠠᠭᠤᠨ ᠳᠤ ᠭᠠᠨᠭ᠌ ᠪᠣᠯᠣᠨ᠎ᠠ᠃ | ᠵᠤᠭ᠎ᠠ ᠵᠢᠭᠳᠡ ᠪᠠᠷ ᠵᠣᠵᠠᠭᠠᠨ ᠰᠠᠭᠤᠪᠠᠯ ᠬᠤᠷ᠎ᠠ ᠪᠣᠷᠣᠭᠠᠨ ᠲᠡᠭᠰᠢ ᠵᠢᠯ ᠪᠣᠯᠣᠨ᠎ᠠ᠃ ᠵᠤᠭ᠎ᠠ ᠪᠦᠬᠦᠨ ᠢᠶᠠᠷ ᠢᠶᠠᠨ ᠰᠡᠶᠢᠷᠡᠭ ᠪᠠᠶᠢᠪᠠᠯ ᠵᠣᠨ ᠤ ᠣᠯᠠᠷᠢᠯ ᠳᠤ ᠬᠤᠷ᠎ᠠ ᠪᠣᠷᠣᠭᠠᠨ | ᠴᠦᠬᠡᠨ᠂ ᠡᠪᠦᠯ ᠤᠨ ᠣᠯᠠᠷᠢᠯ ᠳᠤ ᠴᠠᠰᠣ ᠵᠣᠳ ᠡᠯᠪᠡᠭ ᠵᠢᠯ ᠪᠣᠯᠣᠨ᠎ᠠ᠃ | ᠵᠣᠨ ᠤ ᠣᠯᠠᠷᠢᠯ ᠳᠤ ᠱᠠᠩᠰᠢ ᠶᠢᠨ ᠮᠣᠳᠣ ᠶᠢ ᠰᠢᠨᠵᠢᠬᠦ ᠠᠷᠭ᠎ᠠ᠃ ᠱᠠᠩᠰᠢ ᠶᠢᠨ ᠮᠣᠳᠣ ᠪᠣᠳᠠᠯᠠᠵᠦ ᠨᠠᠪᠴᠢᠯᠠᠬᠤ ᠦᠶᠡᠰ ᠵᠡᠭᠦᠨ ᠬᠤᠶᠢᠳᠦ ᠵᠦᠭ ᠤᠨ ᠰᠠᠯᠠᠭᠠᠨ ᠳᠠᠬᠢ | ᠨᠠᠪᠴᠢ ᠨᠢ ᠡᠷᠳᠡ ᠢᠯᠡᠭᠦᠦ ᠬᠦᠬᠡᠷᠡᠭᠰᠡᠨ ᠪᠠᠶᠢᠪᠠᠯ ᠵᠣᠨ ᠤ ᠲᠣᠮᠳᠠ ᠰᠠᠷ᠎ᠠ ᠪᠠᠷ ᠪᠠᠷᠠᠭᠤᠨ ᠡᠮᠦᠨ᠎ᠡ ᠵᠦᠭ ᠠᠴᠠ ᠰᠠᠯᠬᠢ ᠡᠯᠪᠡᠭ ᠪᠣᠯᠵᠦ ᠭᠠᠨᠭ᠌ ᠪᠣᠯᠬᠤ ᠠᠶᠣᠯᠳᠠᠢ᠂ ᠡᠷᠭᠢᠬᠦ | ᠵᠢᠯ ᠤᠨ ᠬᠠᠪᠣᠷ ᠡᠪᠡᠳᠴᠢᠨ ᠬᠢᠵᠢᠭ ᠲᠡᠯᠭᠡᠷᠡᠨ᠎ᠡ᠃ ᠪᠠᠷᠠᠭᠤᠨ ᠬᠤᠶᠢᠳᠦ ᠵᠦᠭ ᠲᠤ ᠡᠷᠳᠡ ᠬᠦᠬᠡᠷᠡᠭᠰᠡᠨ ᠪᠠᠶᠢᠪᠠᠯ ᠨᠠᠮᠣᠷ ᠰᠠᠯᠬᠢ ᠢᠯᠡᠭᠦᠦ᠂ ᠬᠤᠶᠢᠳᠦ ᠵᠦᠭ ᠲᠤ ᠡᠷᠳᠡ | ᠬᠦᠬᠡᠷᠡᠭᠰᠡᠨ ᠪᠣᠯ ᠭᠠᠨᠭ᠌ ᠪᠣᠯᠣᠨ᠎ᠠ᠂ ᠪᠠᠷᠠᠭᠤᠨ ᠲᠠᠯ᠎ᠠ ᠨᠢ ᠡᠷᠳᠡ ᠬᠦᠬᠡᠷᠡᠭᠰᠡᠨ ᠪᠣᠯ ᠬᠢᠷᠠᠭᠤ ᠡᠷᠳᠡ ᠣᠨᠠᠨ᠎ᠠ᠃ ᠪᠠᠷᠠᠭᠤᠨ ᠡᠮᠦᠨ᠎ᠡ ᠵᠦᠭ ᠲᠤ ᠡᠷᠳᠡ ᠬᠦᠬᠡᠷᠡᠭᠰᠡᠨ ᠪᠣᠯ | ᠨᠠᠮᠣᠷ ᠲᠤ ᠪᠣᠷᠣᠭᠠᠨ ᠡᠯᠪᠡᠭ ᠪᠣᠯᠣᠨ᠎ᠠ᠂ ᠡᠮᠦᠨ᠎ᠡ ᠡᠷᠳᠡ ᠬᠦᠬᠡᠷᠡᠭᠰᠡᠨ ᠪᠣᠯ ᠬᠤᠷ᠎ᠠ ᠡᠯᠪᠡᠭ ᠦᠶᠡᠷ ᠣᠰᠣᠳᠣᠯ ᠤᠨ ᠭᠠᠮᠰᠢᠬ ᠪᠣᠯᠵᠦ ᠮᠡᠳᠡᠨ᠎ᠡ᠃ ᠵᠡᠭᠦᠨ ᠡᠮᠦᠨ᠎ᠠ ᠬᠦᠬᠡᠷᠡᠭᠰᠡᠨ | ᠪᠣᠯ ᠪᠦᠷᠬᠦᠭ ᠡᠳᠦᠷ ᠠᠷᠪᠢᠨ᠂ ᠪᠣᠷᠣᠭᠠᠨ ᠲᠠᠢ ᠡᠳᠦᠷ ᠴᠦᠬᠡᠨ ᠪᠣᠯᠬᠤᠷ ᠭᠤᠸ᠎ᠠ ᠶᠢᠨ ᠲᠠᠷᠢᠶᠠᠨ ᠳᠤ ᠮᠠᠭᠤ᠃ ᠵᠡᠭᠦᠨ ᠡᠷᠳᠡ ᠬᠦᠬᠡᠷᠡᠭᠰᠡᠨ ᠪᠣᠯ ᠣᠷᠣᠢ ᠶᠢᠨ ᠲᠠᠷᠢᠶ᠎ᠠ ᠳᠤ | ᠰᠠᠶᠢᠨ᠃ ᠬᠦᠬᠡᠷᠡᠭᠰᠡᠨ ᠨᠢ ᠪᠣᠰᠣᠳ ᠮᠣᠳᠣᠨ ᠠᠴᠠ ᠬᠤᠯᠠ ᠣᠷᠣᠢ ᠪᠣᠯ ᠲᠠᠷᠠᠭ᠎ᠠ ᠡᠪᠦᠯ ᠲᠡᠰᠭᠢᠮ᠎ᠡ ᠬᠦᠢᠳᠡᠨ᠂ ᠡᠪᠦᠯ ᠤᠨ ᠣᠯᠠᠷᠢᠯ ᠳᠤ ᠨᠠᠰᠣᠳᠠᠢ ᠨᠢᠯᠬᠠᠰ ᠡᠪᠡᠳᠴᠢᠯᠡᠬᠦ | ᠬᠦᠮᠦᠨ ᠣᠯᠠᠨ᠃ ᠣᠷᠣᠢ ᠨᠢ ᠡᠷᠳᠡ ᠬᠦᠬᠡᠷᠡᠭᠰᠡᠨ ᠪᠣᠯ ᠡᠷᠳᠡ ᠶᠢᠨ ᠲᠠᠷᠢᠶ᠎ᠠ ᠳᠤ ᠰᠠᠶᠢᠨ᠂ ᠲᠣᠣᠷᠠᠬᠢ ᠰᠠᠯᠠᠭ᠎ᠠ ᠨᠢ ᠡᠷᠳᠡ ᠬᠦᠬᠡᠷᠡᠭᠰᠡᠨ ᠪᠣᠯ ᠪᠣᠷᠴᠠᠬ ᠡᠯᠪᠡᠭ ᠬᠤᠷᠢᠶᠠᠨ᠎ᠠ᠃ | ᠪᠦᠬᠦᠳᠡᠭᠡᠷ ᠢᠶᠠᠨ ᠵᠢᠭᠳᠡ ᠬᠦᠬᠡᠷᠡᠭᠰᠡᠨ ᠪᠣᠯ ᠬᠤᠷ᠎ᠠ ᠪᠣᠷᠣᠭᠠᠨ ᠲᠡᠭᠰᠢ ᠵᠢᠯ ᠪᠣᠯᠣᠨ᠎ᠠ ᠭᠡᠳᠡᠭ᠃ | ᠡᠭᠦᠨ ᠠᠴᠠ ᠭᠠᠳᠠᠨ᠎ᠠ᠂ ᠬᠤᠷᠴᠢᠨ ᠤ ᠵᠠᠷᠢᠮ ᠪᠦᠭᠡ ᠨᠠᠷ ᠠᠴᠠ ᠬᠡᠭᠡᠷ᠎ᠡ ᠭᠠᠳᠠᠨ᠎ᠠ ᠣᠨ ᠵᠢᠯ ᠣᠳᠠᠳᠠᠯ᠎ᠠ ᠬᠤᠷ᠎ᠠ ᠣᠷᠭᠤᠬᠰᠠᠨ ᠮᠣᠳᠣ ᠶᠢ ᠱᠠᠩᠰᠢ ᠬᠡᠮᠡᠨ ᠰᠢᠳᠦᠵᠦ᠂ | ᠰᠠᠬᠢᠭᠤᠰᠣ ᠪᠣᠯᠭᠠᠨ ᠬᠡᠷᠡᠭᠯᠡᠳᠡᠭ ᠶᠣᠮ ᠭᠡᠨ᠎ᠡ᠃ ᠰᠢᠨᠵᠢᠯᠡᠬᠦ ᠣᠬᠠᠭᠠᠨ ᠬᠠᠷᠠᠬᠠᠨ ᠴᠡᠴᠡᠭᠯᠡᠨ ᠬᠦᠭᠵᠢᠭᠡ ᠦᠭᠡᠢ ᠪᠠᠶᠢᠬᠰᠠᠨ ᠡᠷᠳᠡ ᠴᠠᠬ ᠲᠤ ᠪᠦᠭᠡ ᠨᠠᠷ ᠠᠴᠠ ᠱᠠᠩᠰᠢ ᠶᠢᠨ | ᠮᠣᠳᠣᠨ ᠤ ᠰᠠᠬᠢᠭᠤᠰᠣ ᠶᠢ ᠪᠡᠶ᠎ᠡ ᠳᠡᠭᠡᠨ ᠣᠷᠣᠰᠢᠭᠤᠯᠣᠬᠰᠠᠨ ᠤ ᠲᠠᠷᠠᠭ᠎ᠠ ᠦᠡᠭᠭᠡᠷᠡᠭᠰᠡᠨ ᠢᠷᠡᠭᠡᠳᠦᠢ ᠶᠢ ᠰᠢᠠᠵᠢᠯᠡᠵᠦ ᠦᠵᠡᠯᠭᠡ ᠲᠦᠯᠭᠡ ᠠᠶᠢᠯᠠᠳᠣᠨ ᠮᠡᠷᠭᠡᠯᠡᠵᠦ ᠴᠢᠳᠠᠳᠠᠬ ᠶᠣᠮ | ᠭᠡᠨ᠎ᠡ᠃ ᠪᠠᠰᠠ ᠬᠤᠷᠣᠭᠤ ᠪᠠᠨ ᠬᠠᠵᠠᠵᠦ᠂ ᠭᠡᠳᠡᠰᠦ ᠪᠠᠨ ᠵᠢᠳᠠᠯᠠᠨ ᠴᠢᠰᠣ ᠭᠠᠷᠭᠠᠭᠠᠳ ᠪᠣᠰᠣᠳ ᠲᠤ ᠵᠠᠶ᠋ᠢᠬ ᠲᠠᠷᠨᠢ ᠪᠢᠴᠢᠵᠦ ᠦᠭᠭᠦᠭᠡᠳ ᠡᠪᠡᠳᠴᠢᠨ ᠬᠠᠭᠤᠴᠢᠨ ᠢ ᠨᠢ | ᠵᠠᠰᠠᠳᠠᠬ ᠪᠠᠶᠢᠪᠠ᠃ ᠡᠭᠦᠨ ᠤ ᠲᠣᠬᠠᠢ ᠬᠦᠷᠢᠶ᠎ᠡ ᠬᠤᠰᠢᠭᠤ ᠨᠣᠳᠤᠬ ᠲᠠᠢ ᠬᠠᠰᠪᠠᠶᠠᠷ ᠪᠦᠬᠡ ᠠᠴᠠ᠄ ︽ᠪᠦᠭᠡ ᠨᠠᠷ ᠤᠨ ᠲᠣᠮᠳᠠ ᠵᠢᠳᠠ ᠰᠢᠩᠭᠡᠬᠦ ᠭᠡᠳᠡᠭ ᠨᠢᠭᠡᠨ ᠨᠢᠭᠤᠴᠠ | ᠣᠪᠠᠳᠢᠰ ᠪᠠᠶᠢᠳᠠᠬ᠃ ᠡᠨᠡ ᠨᠢ ᠲᠣᠬᠰᠢᠨ ᠠᠳᠠ ᠴᠢᠳᠭᠦᠷ ᠢ ᠨᠣᠮᠣᠬᠠᠳᠬᠠᠬᠤ᠂ ᠬᠦᠨᠳᠦ ᠡᠪᠡᠳᠴᠢᠳᠡᠨ ᠢ ᠪᠦᠭᠡᠯᠡᠨ ᠵᠠᠰᠠᠬᠤ ᠳᠤ ᠬᠡᠷᠡᠭᠯᠡᠳᠡᠭ ᠡᠷᠳᠡᠮ ᠪᠣᠯᠣᠨ᠎ᠠ᠃ ᠡᠭᠦᠨ ᠢ | ᠡᠷᠳᠡᠮ ᠴᠢᠳᠠᠯ ᠪᠦᠷᠢᠳᠦᠭᠰᠡᠨ ᠮᠣᠳᠣᠨ ᠰᠢᠳᠦᠯᠭᠡ ᠲᠠᠢ ᠪᠦᠬᠡ ᠨᠠᠷ ᠰᠠᠶ᠋ᠢ ᠬᠦᠢᠴᠠᠳᠬᠡᠵᠤ ᠴᠢᠳᠠᠳᠠᠬ ᠠᠴᠠ ᠪᠢᠰᠢ ᠬᠢᠷᠢ ᠪᠠᠷᠤᠬ ᠤᠨ ᠪᠦᠭᠡ ᠨᠠᠷ ᠬᠢᠵᠦ ᠴᠢᠳᠠᠳᠠᠬ ᠦᠭᠡᠢ ᠶᠣᠮ᠃ | ᠡᠷᠳᠡᠮ ᠴᠢᠳᠠᠯ ᠬᠦᠢᠴᠡᠬᠦ ᠦᠬᠡᠢ ᠪᠦᠭᠡ ᠨᠠᠷ ᠰᠢᠩᠬᠡᠬᠡᠪᠠᠯ ᠠᠮᠢ ᠪᠠᠨ ᠴᠦ ᠠᠯᠳᠠᠬᠤ ᠠᠶᠣᠯ ᠲᠠᠢ᠃ ᠱᠠᠩᠰᠢ ᠶᠢᠨ ᠮᠣᠳᠣᠨ ᠤ ᠰᠢᠳᠦᠯᠭᠡ ᠲᠠᠢ ᠪᠦᠭᠡ ᠨᠢ ᠪᠦᠭᠡᠯᠡᠭᠡᠳ | ᠰᠢᠳᠦᠭᠡᠨ ᠢᠶᠠᠨ ᠵᠠᠯᠠᠬᠰᠠᠨ ᠤ ᠲᠠᠷᠠᠭ᠎ᠠ ᠭᠡᠳᠡᠰᠦ ᠪᠠᠨ ᠵᠢᠳᠠᠯᠠᠨ ᠴᠢᠰᠣ ᠭᠠᠷᠭᠠᠭᠠᠳ ᠵᠠᠶ᠋ᠢᠬ ᠲᠠᠷᠨᠢ ᠪᠢᠴᠢᠳᠡᠭ ᠪᠣᠯᠪᠠᠴᠦ ᠭᠡᠳᠡᠰᠦ ᠨᠢ ᠣᠬᠳᠣᠬᠠᠨ ᠴᠦ ᠰᠢᠷᠬ᠎ᠠ ᠰᠣᠷᠪᠢ ᠣᠯᠳᠠᠬ | ᠦᠭᠡᠢ᠂ ᠬᠠᠷᠢᠨ ᠰᠢᠳᠦᠵᠦ ᠪᠠᠶᠢᠬᠰᠠᠨ ᠱᠠᠩᠰᠢ ᠶᠢᠨ ᠮᠣᠳᠣ ᠨᠢ ᠰᠢᠷᠬᠠᠳᠣᠵᠦ ᠭᠠᠳᠠᠷ ᠵᠣᠵᠠᠭᠠᠨ ᠬᠠᠯᠢᠰᠣ ᠨᠢ ᠬᠡᠭᠵᠡᠷᠡᠵᠦ ᠮᠣᠳᠣᠨ ᠠᠴᠠ ᠰᠢᠭᠦᠰᠦ ᠨᠢ ᠴᠢᠰᠣ ᠰᠢᠬ ᠨᠡᠪᠴᠢᠨ | ᠭᠤᠭᠤᠵᠢᠳᠠᠬ ᠶᠣᠮ︾ ᠭᠡᠵᠦ ᠬᠠᠭᠤᠴᠢᠯᠠᠬᠰᠠᠨ ᠭᠡᠳᠡᠭ᠃ | ᠪᠦᠬᠡ ᠶᠢᠨ ᠱᠠᠰᠢᠨ ᠤ ᠱᠠᠩᠰᠢ ᠶᠢᠨ ᠰᠠᠬᠢᠭᠤᠰᠣ ᠣᠷᠣᠰᠢᠭᠤᠯᠬᠤ ᠡᠷᠳᠡᠮ ᠭᠡᠰᠡᠨ ᠴᠦ ᠲᠡᠷᠡ᠂ ᠱᠠᠩᠰᠢ ᠶᠢᠨ ᠮᠣᠳᠣ ᠪᠠᠷ ᠵᠢᠯ ᠤᠨ ᠦᠡᠭᠭᠡ ᠶᠢ ᠰᠢᠨᠵᠢᠯᠡᠬᠦ ᠠᠷᠭ᠎ᠠ ᠭᠡᠰᠡᠨ | ᠴᠦ ᠲᠡᠷᠡ᠂ ᠪᠦᠷ ᠯᠡ ᠰᠢᠨᠵᠢᠯᠡᠬᠦ ᠣᠬᠠᠭᠠᠨ ᠤ ᠪᠣᠳᠠᠳᠠᠢ ᠪᠠᠷᠢᠮᠳᠠ ᠴᠦᠬᠡᠨ᠂ ᠵᠦᠪ ᠣᠨᠣᠪᠴᠢᠳᠠᠢ ᠭᠡᠵᠦ ᠬᠡᠯᠡᠬᠦ ᠶᠢᠨ ᠠᠷᠭ᠎ᠠ ᠦᠭᠡᠢ ᠪᠣᠯᠬᠤᠷ ᠪᠢᠳᠡ ᠡᠨᠡ ᠪᠦᠬᠦᠨ ᠢ ᠦᠬᠦᠨ | ᠢᠳᠡᠭᠡᠵᠦ ᠦᠨᠡᠮᠰᠢᠵᠦ ᠪᠣᠯᠬᠤ ᠦᠭᠡᠢ ᠶᠣᠮ᠃ ᠭᠡᠪᠡᠴᠦ ᠡᠳᠡᠭᠡᠷ ᠱᠠᠰᠢᠨ ᠰᠣᠷᠳᠠᠬᠤᠨ ᠤ ᠰᠢᠳᠦᠯᠭᠡ ᠲᠠᠬᠢᠯᠭ᠎ᠠ ᠵᠢᠴᠢ ᠠᠷᠠᠳ ᠤᠨ ᠲᠣᠮᠳᠠᠬᠢ ᠵᠢᠷᠣᠬᠠᠢ ᠶᠢᠨ ᠣᠬᠠᠭᠠᠨ ᠵᠡᠷᠭᠡ ᠨᠢ | ᠬᠤᠷᠴᠢᠨ ᠲᠠᠷᠢᠶᠠᠴᠢᠳ ᠤᠨ ᠦᠶ᠎ᠡ ᠤᠯᠠᠷᠢᠠ ᠠᠮᠢᠳᠣᠷᠠᠨ ᠣᠷᠣᠰᠢᠬᠤ ᠳᠠᠭᠠᠨ ᠬᠤᠷᠠᠮᠳᠤᠭᠤᠯᠵᠦ᠂ ᠠᠮᠢᠳᠣᠷᠠᠯ ᠤᠨ ᠲᠣᠮᠳᠠ ᠠᠴᠠ ᠪᠠᠨ ᠰᠡᠷᠡᠵᠦ ᠮᠡᠳᠡᠭᠰᠡᠨ᠂ ᠴᠢᠨᠠᠬᠰᠢᠯᠠᠭᠠᠳ | ᠬᠦᠮᠦᠨ ᠲᠦᠷᠦᠯᠬᠢᠳᠡᠨ ᠤ ᠪᠠᠶᠢᠭᠠᠯᠢ ᠪᠠᠨ ᠲᠠᠨᠢᠬᠤ ᠪᠠᠷ ᠴᠢᠷᠮᠠᠶᠢᠬᠰᠠᠨ ᠲᠦᠭᠦᠮᠬᠡᠨ ᠠᠷᠭ᠎ᠠ ᠬᠡᠯᠪᠡᠷᠢ᠂ ᠪᠠᠶᠢᠭᠠᠯᠢ ᠲᠠᠢ ᠪᠠᠨ ᠣᠶᠠᠯᠳᠣᠬᠤ ᠪᠠᠷ ᠴᠢᠷᠮᠠᠶᠢᠬᠰᠠᠨ ᠵᠠᠩ ᠦᠢᠯᠡ | ᠭᠡᠳᠡᠭ ᠢ ᠪᠢᠳᠡ ᠣᠢᠢᠯᠠᠭᠠᠬᠤ ᠬᠡᠷᠡᠭᠳᠡᠢ᠃ | ᠬᠤᠷᠴᠢᠨᠴᠣᠳ ᠤᠨ ᠱᠠᠩᠰᠢ ᠶᠢᠨ ᠰᠢᠳᠦᠯᠭᠡ ᠳᠤ ᠠᠶᠢᠯ ᠲᠣᠰᠬᠤᠨ ᠤ ᠬᠤᠭᠤᠷᠣᠨᠳᠣᠬᠢ ᠶᠣᠰᠣ ᠵᠠᠩᠰᠢᠯ ᠨᠢ ᠵᠠᠷᠢᠮ ᠲᠠᠯ᠎ᠠ ᠪᠠᠷ ᠠᠳᠠᠯᠢ ᠦᠭᠡᠢ ᠪᠣᠶᠣ ᠪᠠᠭᠠᠬᠠᠨ | ᠵᠦᠷᠢᠶᠡᠲᠠᠢ ᠰᠢᠭ ᠪᠣᠯᠪᠠᠴᠦ ᠶᠡᠷᠦᠩᠬᠡᠢ ᠳᠡᠭᠡᠨ ᠨᠡᠯᠢᠶᠡᠳ ᠠᠳᠠᠯᠢᠪᠳᠣᠷ ᠶᠣᠮ᠃ ᠡᠨᠡ ᠬᠦ ᠲᠠᠬᠢᠯᠭ᠎ᠠ ᠶᠢᠨ ᠶᠣᠰᠣ ᠨᠢ ᠬᠡᠳᠦ᠋ᠢᠪᠡᠷ ᠬᠦᠷᠢᠶ᠎ᠡ ᠬᠡᠪᠴᠢᠶ᠎ᠡ ᠪᠠᠷ ᠲᠦᠢᠯ ᠤᠨ ᠪᠠᠭ᠎ᠠ᠂ | ᠨᠣᠳᠤᠬ ᠣᠰᠣᠨ ᠤ ᠰᠢᠳᠦᠯᠭᠡ ᠲᠡᠳᠦᠢ ᠪᠣᠯᠪᠠᠴᠦ ᠬᠤᠷᠴᠢᠨ ᠲᠠᠷᠢᠶᠠᠴᠢᠳ ᠤᠨ ᠵᠠᠩ ᠦᠢᠯᠡ᠂ ᠰᠣᠶᠣᠯ ᠲᠡᠦᠬᠡ᠂ ᠵᠢᠷᠣᠬᠠᠢ ᠶᠢᠨ ᠣᠬᠠᠭᠠᠨ᠂ ᠱᠠᠰᠢᠨ ᠤ ᠣᠬᠠᠭᠠᠨ ᠵᠡᠷᠭᠡ ᠶᠢ | ᠬᠠᠮᠣᠷᠣᠬᠰᠠᠨ ᠰᠣᠶᠣᠯ ᠤᠨ ᠭᠡᠷᠡᠯᠳᠦ ᠲᠠᠯᠠᠰᠳᠦ ᠪᠣᠯᠬᠤᠷ ᠪᠢᠳᠡ ᠨᠡᠩ ᠴᠢᠨᠠᠬᠰᠢᠳᠠ ᠰᠢᠨᠵᠢᠯᠡᠨ ᠰᠣᠳᠣᠯᠬᠤ ᠴᠢᠬᠤᠯᠠᠳᠠᠢ᠃ |