ᠤᠯᠠᠭᠠᠨ ᠢᠳᠡᠬᠡᠨ ᠤ ᠳᠦᠷᠤᠯ ᠵᠦᠢᠯ | | ᠬᠤᠨᠢ ᠢᠮᠠᠭ᠎ᠠ᠂ ᠦᠬᠡᠷ᠂ ᠳᠡᠮᠡᠭᠡ᠂ ᠠᠳᠤᠭᠤ ᠵᠡᠷᠬᠡ ᠳᠠᠪᠤᠨ ᠬᠤᠰᠢᠭᠤ ᠮᠠᠯ ᠪᠠ ᠠᠡᠭ ᠤᠨ ᠮᠢᠬ᠎ᠠ ᠪᠠᠷ ᠪᠤᠯᠪᠠᠰᠤᠷᠠᠭᠤᠯᠤᠭᠰᠠᠨ ᠢᠳᠡᠬᠡᠨ ᠢ ᠶᠡᠷᠤᠩᠬᠡᠶᠢᠯᠡᠨ ᠤᠯᠠᠭᠠᠨ | ᠢᠳᠡᠭᠡ ᠬᠡᠳᠡᠭ᠃ ᠮᠤᠩᠭᠤᠯᠴᠤᠳ ᠤᠨ ᠤᠯᠠᠭᠠᠨ ᠢᠳᠡᠭᠡ ᠲᠠᠢ ᠬᠤᠯᠪᠤᠭᠳᠠᠭᠰᠠᠨ ᠶᠤᠰᠤ ᠵᠠᠩᠰᠢᠯ ᠦᠷᠬᠡᠨ ᠠᠭᠤᠯᠭ᠎ᠠ ᠶᠢ ᠬᠠᠮᠤᠷᠳᠠᠭ᠃ ᠳᠤᠬᠠᠢᠢᠯᠠᠪᠠᠯ᠂ ᠮᠠᠯ ᠢ ᠠᠯᠠᠵᠤ | ᠨᠢᠳᠤᠯᠬᠤ ᠠᠴᠠ ᠡᠬᠢᠯᠠᠨ ᠮᠦᠴᠢᠯᠡᠵᠤ ᠳᠤᠶᠠᠴᠢᠬᠤ᠂ ᠱᠤᠯᠤᠵᠤ ᠰᠠᠯᠭᠠᠬᠤ᠂ ᠴᠢᠨᠠᠵᠤ ᠪᠤᠯᠭᠤᠬᠤ᠂ ᠠᠮᠰᠠᠵᠤ ᠳᠡᠬᠡᠳᠤᠯᠡᠬᠦ᠂ ᠢᠳᠡᠵᠤ ᠡᠳ᠋ᠯᠡᠬᠦ ᠳᠡᠭᠡᠨ ᠪᠦᠷ ᠳᠤᠭᠳᠠᠭᠰᠠᠨ ᠶᠤᠰᠤ | ᠭᠤᠷᠢᠮ ᠲᠠᠢ ᠪᠠᠶᠢᠳᠠᠭ᠃ | ᠤᠯᠠᠭᠠᠨ ᠢᠳᠡᠭᠡ ᠶᠢ ᠪᠤᠯᠪᠠᠰᠤᠷᠠᠭᠤᠯᠬᠤ ᠠᠷᠭ᠎ᠠ ᠶᠢᠨ ᠳᠠᠯ᠎ᠠ ᠪᠠᠷ ᠴᠢᠨᠠᠬᠤ᠂ ᠰᠢᠷᠠᠬᠤ᠂ ᠬᠠᠳᠠᠭᠠᠬᠤ ᠪᠠᠷ ᠭᠤᠤᠯᠯᠠᠳᠠᠭ ᠪᠦᠬᠡᠳ ᠦᠬᠡᠷ᠂ ᠬᠤᠨᠢ᠂ ᠢᠮᠠᠭᠠᠨ ᠤ ᠬᠡᠳᠡᠰᠤ | ᠳᠤᠳᠤᠷ ᠢ ᠴᠢᠳᠬᠤᠬᠤ᠂ ᠪᠤᠷᠳᠤᠬᠤ᠂ ᠴᠢᠬᠢᠬᠦ᠂ ᠰᠢᠷᠠᠬᠤ᠂ ᠬᠤᠷᠪᠤᠰᠯᠠᠬᠤ ᠮᠡᠳᠤ ᠤᠯᠠᠨ ᠵᠦᠢᠯ ᠤᠨ ᠠᠷᠭ᠎ᠠ ᠪᠠᠷ ᠪᠤᠯᠪᠠᠰᠤᠷᠠᠭᠤᠯᠵᠤ᠂ ᠠᠮᠳᠠ ᠳᠡᠬᠦᠯᠳᠡᠷ ᠢᠳᠡᠬᠡᠨ ᠪᠤᠯᠭᠠᠨ | ᠠᠰᠢᠭᠯᠠᠳᠠᠭ᠃ | ᠴᠢᠨᠠᠭᠰᠠᠨ ᠮᠢᠬ᠎ᠠ | ᠮᠤᠩᠭᠤᠯᠴᠤᠳ ᠳᠠᠪᠤᠨ ᠬᠤᠰᠢᠭᠤ ᠮᠠᠯ ᠤᠨ ᠮᠢᠬ᠎ᠠ ᠪᠤᠯᠤᠨ ᠬᠡᠬᠡᠷ᠎ᠠ ᠶᠢᠨ ᠠᠮᠢᠳᠠᠨ ᠤ ᠮᠢᠬ᠎ᠠ ᠶᠢ ᠢᠳᠡᠬᠦ ᠳᠡᠭᠡᠨ ᠴᠢᠨᠠᠵᠤ ᠪᠤᠯᠭᠤᠬᠤ ᠠᠷᠭ᠎ᠠ ᠪᠠᠷ ᠡᠳ᠋ᠰᠢᠬᠦᠯᠤᠨ | ᠪᠤᠯᠪᠠᠰᠤᠷᠠᠭᠤᠯᠬᠤ ᠨᠢ ᠡᠷᠳᠠ ᠦᠶ᠎ᠠ ᠠᠴᠠ ᠡᠬᠦᠰᠤᠯ ᠲᠠᠢ ᠪᠦᠬᠡᠳ ᠤᠯᠠᠮᠵᠢᠯᠠᠯᠳᠤ ᠠᠷᠭ᠎ᠠ ᠶᠢᠨ ᠦᠨᠳᠤᠰᠤᠨ ᠵᠦᠢᠯ ᠤᠨ ᠬᠤᠪᠢ ᠪᠠᠷ ᠤᠨ ᠤᠳᠠᠭᠠᠨ ᠤᠯᠠᠮᠵᠢᠯᠠᠭᠳᠠᠭᠰᠠᠭᠠᠷ | ᠢᠷᠡᠵᠠᠢ᠃ ᠡᠶᠢᠮᠤ ᠠᠴᠠ ᠴᠢᠨᠠᠭᠰᠠᠨ ᠮᠢᠬ᠎ᠠ ᠬᠡᠳᠡᠭ ᠨᠢ ᠮᠤᠩᠭᠤᠯᠴᠤᠳ ᠤᠨ ᠪᠤᠯᠪᠠᠰᠤᠷᠠᠭᠤᠯᠵᠤ ᠡᠳ᠋ᠰᠢᠬᠦᠯᠦᠭᠰᠡᠨ ᠤᠯᠠᠭᠠᠨ ᠢᠳᠡᠬᠡᠨ ᠤ ᠶᠠᠷᠤᠩᠬᠡᠢ ᠨᠡᠷᠡᠶᠢᠳᠤᠯ ᠪᠤᠯᠤᠭᠰᠠᠨ ᠶᠤᠮ᠃ | | ᠮᠢᠬ᠎ᠠ ᠶᠢ ᠴᠢᠨᠠᠵᠤ ᠪᠤᠯᠪᠠᠰᠤᠷᠠᠭᠤᠯᠬᠤ ᠳᠤ ᠬᠤᠨᠢ᠂ ᠢᠮᠠᠭᠠᠨ ᠤ ᠮᠢᠬ᠎ᠠ ᠶᠢ ᠮᠦᠴᠢ ᠬᠡᠰᠢᠬᠦᠤ ᠪᠠᠷ ᠨᠢ ᠳᠤᠶᠠᠴᠢᠨ ᠰᠠᠯᠭᠠᠵᠤ ᠴᠢᠨᠠᠬᠤ᠂ ᠦᠶ᠎ᠠ ᠬᠡᠰᠢᠬᠦᠤ ᠪᠠᠷ ᠨᠢ | ᠳᠤᠶᠠᠴᠢᠨ ᠰᠠᠯᠭᠠᠵᠤ ᠴᠢᠨᠠᠬᠤ᠂ ᠬᠠᠳᠠᠭᠠᠭᠰᠠᠨ ᠪᠤᠷᠴᠠ ᠶᠢ ᠴᠢᠨᠠᠬᠤ ᠵᠡᠷᠬᠡ ᠠᠳᠠᠯᠢ ᠪᠤᠰᠤ ᠪᠠᠶᠢᠳᠠᠯ ᠢᠶᠠᠷ ᠴᠢᠨᠠᠵᠤ ᠪᠤᠯᠭᠤᠭᠠᠳ ᠢᠳᠡᠬᠦ ᠨᠢ ᠤᠯᠠᠮᠵᠢᠯᠠᠯ ᠪᠤᠯᠵᠤ | ᠬᠠᠳᠠᠭᠠᠯᠠᠭᠳᠠᠭᠰᠠᠨ ᠪᠠᠶᠢᠳᠠᠭ᠃ | ᠬᠤᠨᠢ ᠢᠮᠠᠭᠠᠨ ᠤ ᠮᠢᠬ᠎ᠠ ᠶᠢ ᠮᠦᠴᠢ ᠬᠡᠰᠢᠬᠦᠤ ᠪᠠᠷ ᠨᠢ ᠳᠤᠶᠠᠴᠢᠨ ᠰᠠᠯᠭᠠᠵᠤ ᠴᠢᠨᠠᠬᠤ ᠨᠢ ᠶᠡᠷᠤᠩᠬᠡᠢ ᠳᠡᠭᠡᠨ ᠤᠨᠴᠠᠭᠠᠢ ᠵᠤᠷᠢᠭᠤᠯᠤᠯᠳᠠ ᠶᠢᠨ ᠱᠠᠭᠠᠷᠳᠠᠯᠭ᠎ᠠ ᠠᠴᠠ | ᠪᠤᠯᠤᠭᠰᠠᠨ ᠪᠠᠶᠢᠳᠠᠭ᠃ ᠳᠤᠬᠠᠢᠢᠯᠠᠪᠠᠯ᠂ ᠬᠤᠷᠢᠮ ᠨᠠᠶᠢᠷ᠂ ᠪᠠᠶᠠᠷ ᠳᠤᠷᠠᠰᠬᠠᠯ ᠤᠨ ᠦᠶ᠎ᠠ ᠳᠤ ᠰᠢᠬᠦᠰᠤ ᠪᠡᠯᠡᠳᠬᠡᠬᠦ ᠱᠠᠭᠠᠷᠳᠠᠯᠭ᠎ᠠ ᠠᠴᠠ ᠪᠤᠯᠵᠤ᠂ ᠬᠤᠨᠢ ᠢᠮᠠᠭᠠᠨ ᠤ ᠮᠢᠬ᠎ᠠ ᠶᠢ | ᠮᠦᠴᠢᠯᠠᠨ ᠰᠠᠯᠭᠠᠵᠤ᠂ ᠬᠠ᠂ ᠭᠤᠶ᠎ᠠ᠂ ᠤᠭᠤᠴᠠ᠂ ᠡᠪᠴᠢᠬᠦᠤ ᠵᠡᠷᠬᠡ ᠮᠦᠴᠢ ᠶᠢ ᠴᠢᠨᠠᠵᠤ᠂ ᠪᠦᠬᠦᠯᠢ ᠰᠢᠬᠦᠰᠤ᠂ ᠤᠭᠤᠴᠠ ᠰᠢᠬᠦᠰᠤ᠂ ᠡᠪᠴᠢᠬᠦᠤ ᠰᠢᠬᠦᠰᠤ ᠳᠡᠪᠰᠢᠬᠦᠯᠬᠦ ᠳᠤ | ᠪᠡᠯᠡᠳᠬᠡᠳᠡᠭ᠃ | ᠦᠬᠡᠷ᠂ ᠳᠡᠮᠡᠭᠡ᠂ ᠮᠤᠷᠢᠨ ᠤ ᠮᠢᠬ᠎ᠠ ᠶᠢ ᠴᠢᠨᠠᠵᠤ ᠪᠤᠯᠭᠤᠬᠤ ᠳᠤ ᠶᠠᠷᠤᠩᠬᠡᠢ ᠳᠡᠭᠡᠨ ᠦᠶ᠎ᠠ ᠬᠡᠰᠢᠬᠦᠤ ᠪᠠᠷ ᠨᠢ ᠳᠤᠶᠠᠴᠢᠨ ᠰᠠᠯᠭᠠᠵᠤ᠂ ᠦᠶ᠎ᠠ ᠬᠡᠰᠢᠬᠦᠤ ᠨᠢᠬᠡᠪᠤᠷᠢ ᠶᠢᠨ | ᠮᠢᠬ᠎ᠠ ᠶᠢ ᠨᠢ ᠱᠤᠯᠤᠭᠰᠠᠨ ᠤ ᠳᠠᠷᠠᠭ᠎ᠠ ᠴᠢᠨᠠᠵᠤ ᠪᠤᠯᠭᠤᠭᠠᠳ ᠢᠳᠡᠳᠡᠭ᠃ | ᠮᠤᠩᠭᠤᠯᠴᠤᠳ ᠮᠠᠯ ᠤᠨ ᠮᠢᠬ᠎ᠠ ᠶᠢ ᠴᠢᠨᠠᠵᠤ ᠢᠳᠡᠬᠦ ᠳᠡᠭᠡᠨ ᠴᠢᠨᠠᠵᠤ ᠪᠤᠯᠪᠠᠰᠤᠷᠠᠭᠤᠯᠬᠤ ᠦᠪᠡᠷᠮᠢᠴᠠ ᠤᠨᠴᠠᠭᠠᠢ ᠤᠷ᠎ᠠ ᠮᠡᠷᠬᠡᠵᠢᠯ ᠢ ᠡᠬᠦᠳᠤᠨ ᠪᠦᠳᠤᠬᠡᠭᠰᠡᠨ ᠶᠤᠮ᠃ | ᠡᠨᠡ ᠬᠦ ᠦᠪᠡᠷᠮᠢᠴᠠ ᠤᠨᠴᠠᠭᠠᠢ ᠤᠷ᠎ᠠ ᠮᠡᠷᠬᠡᠵᠢᠯ ᠳᠤ ᠮᠢᠬ᠎ᠠ ᠪᠤᠯᠤᠨ ᠤᠰᠤᠨ ᠤ ᠬᠠᠷᠢᠴᠠᠯ ᠢ ᠳᠡᠩᠴᠡᠬᠦᠯᠬᠦ᠂ ᠭᠠᠯ ᠤᠨ ᠡᠷᠴᠢ ᠬᠦᠴᠤᠨ ᠢ ᠳᠤᠬᠢᠷᠠᠭᠤᠯᠬᠤ᠂ ᠴᠢᠨᠠᠵᠤ ᠪᠤᠯᠭᠤᠬᠤ | ᠬᠡᠮᠵᠢᠶ᠎ᠠ ᠶᠢ ᠠᠩᠬᠠᠷᠬᠤ ᠵᠡᠷᠬᠡ ᠤᠯᠠᠨ ᠳᠠᠯ᠎ᠠ ᠶᠢ ᠵᠤᠬᠢᠴᠠᠭᠤᠯᠳᠠᠭ᠃ | ᠮᠢᠬ᠎ᠠ ᠴᠢᠨᠠᠬᠤ ᠳᠠᠭᠠᠨ ᠤᠷᠢᠳ ᠢᠶᠠᠷ ᠳᠤᠭᠤᠭᠠᠨ ᠳᠠᠬᠢ ᠬᠦᠢᠳᠡᠨ ᠤᠰᠤᠨ ᠳᠤ ᠮᠢᠬ᠎ᠠ ᠪᠠᠨ ᠬᠢᠵᠤ᠂ ᠵᠦᠬᠡᠯᠠᠨ ᠭᠠᠯ ᠢᠶᠠᠷ ᠴᠢᠨᠠᠳᠠᠭ᠃ ᠴᠢᠨᠠᠭᠰᠠᠨ ᠮᠢᠬ᠎ᠠ ᠱᠦᠬᠦᠷᠬᠡᠢ | ᠪᠤᠯᠪᠠᠰᠤᠷᠠᠬᠤ ᠦᠶ᠎ᠠ ᠳᠤ ᠳᠠᠪᠤᠰᠤ᠂ ᠰᠤᠩᠬᠢᠨ᠎ᠠ ᠬᠢᠵᠤ ᠪᠤᠴᠠᠯᠭᠠᠭᠠᠳ᠂ ᠨᠢᠯᠴᠠᠷᠠᠬᠤ ᠠᠴᠠ ᠨᠢ ᠡᠮᠤᠨ᠎ᠠ ᠭᠠᠷᠭᠠᠵᠤ ᠠᠪᠳᠠᠭ᠃ ᠢᠡᠭᠬᠢᠵᠤ ᠴᠢᠨᠠᠭᠰᠠᠨ ᠮᠢᠬ᠎ᠠ ᠰᠢᠬᠦᠰᠦᠯᠢᠭ | ᠰᠠᠶᠢᠬᠠᠨ᠂ ᠵᠠᠵᠢᠯᠤᠭᠤᠷᠢ ᠲᠠᠢ ᠪᠦᠬᠡᠳ ᠠᠮᠳᠠ ᠰᠢᠮ᠎ᠠ ᠲᠠᠢ ᠪᠠᠶᠢᠳᠠᠭ᠃ | ᠬᠡᠳᠡᠰᠤ ᠳᠤᠳᠤᠷ | ᠮᠤᠩᠭᠤᠯᠴᠤᠳ ᠳᠠᠪᠤᠨ ᠬᠤᠰᠢᠭᠤ ᠮᠠᠯ ᠤᠨ ᠮᠢᠬ᠎ᠠ ᠶᠢ ᠠᠮᠳᠠᠳᠤ ᠢᠳᠡᠬᠡᠨ ᠪᠤᠯᠭᠠᠵᠤ ᠠᠰᠢᠭᠯᠠᠬᠤ ᠶᠢᠨ ᠬᠠᠮᠳᠤ᠂ ᠬᠤᠨᠢ᠂ ᠢᠮᠠᠭ᠎ᠠ᠂ ᠦᠬᠡᠷ᠂ ᠳᠡᠮᠡᠭᠡ ᠶᠢᠨ ᠬᠡᠳᠡᠰᠤ | ᠳᠤᠳᠤᠷ ᠢ ᠤᠯᠠᠨ ᠵᠦᠢᠯ ᠤᠨ ᠠᠷᠭ᠎ᠠ ᠪᠠᠷ ᠡᠳ᠋ᠰᠢᠬᠦᠯᠤᠨ ᠪᠤᠯᠪᠠᠰᠤᠷᠠᠭᠤᠯᠵᠤ᠂ ᠦᠨᠤᠷ ᠠᠮᠳᠠᠳᠠᠢ ᠢᠳᠡᠬᠡᠨ ᠪᠤᠯᠭᠠᠨ ᠠᠰᠢᠭᠯᠠᠳᠠᠭ᠃ ᠡᠳᠡᠬᠡᠷ ᠦᠪᠡᠷᠮᠢᠴᠠ | ᠪᠤᠯᠪᠠᠰᠤᠷᠠᠭᠤᠯᠤᠯᠳᠠ ᠪᠠᠷ ᠳᠠᠮᠵᠢᠵᠤ ᠡᠳ᠋ᠰᠢᠬᠦᠯᠦᠭᠰᠡᠨ ᠢᠳᠡᠬᠡᠨ ᠳᠤ ᠴᠢᠳᠬᠤᠭᠰᠠᠨ ᠬᠡᠳᠡᠰᠤ᠂ ᠪᠤᠷᠳᠤᠭᠰᠠᠨ ᠬᠤᠳᠤᠭᠤᠳᠤ᠂ ᠴᠢᠳᠬᠤᠭᠰᠠᠨ ᠤᠯᠤᠭᠠᠢ᠂ ᠠᠷᠢᠯᠭᠠᠭᠰᠠᠨ ᠬᠦᠵᠡᠭᠡ | ᠂ ᠴᠢᠬᠢᠭᠰᠡᠨ ᠬᠤᠰ᠂ ᠪᠤᠷᠳᠤᠭᠰᠠᠨ ᠦᠡᠭᠬᠦᠯᠴᠡᠭ᠂ ᠴᠢᠬᠢᠭᠰᠡᠨ ᠳᠠᠪᠤᠰᠠᠩ᠂ ᠴᠢᠬᠢᠭᠰᠠᠨ ᠳᠠᠯᠢᠬᠦᠤ᠂ ᠰᠢᠷᠠᠭᠰᠠᠨ ᠡᠯᠢᠬᠡ᠂ ᠰᠢᠷᠠᠭᠰᠠᠨ ᠪᠦᠬᠡᠷ᠎ᠠ ᠵᠡᠷᠬᠡ ᠪᠠᠶᠢᠳᠠᠭ᠃ | ᠴᠢᠳᠬᠤᠭᠰᠠᠨ ᠬᠡᠳᠡᠰᠤ ᠊᠊᠊᠊᠊ ᠦᠷᠤᠴᠡᠯᠡᠵᠤ ᠠᠯᠠᠭᠰᠠᠨ ᠦᠬᠡᠷ᠂ ᠬᠤᠨᠢ᠂ ᠢᠮᠠᠭᠠᠨ ᠤ ᠬᠡᠪᠡᠯᠢ ᠳᠠᠬᠢ ᠬᠤᠷᠠᠭᠰᠠᠨ ᠴᠢᠰᠤ ᠶᠢ ᠰᠠᠪᠠᠨ ᠳᠤ ᠠᠪᠴᠤ᠂ ᠡᠯᠢᠬᠡᠰᠢᠭᠰᠡᠨ | ᠴᠢᠰᠤ ᠶᠢ ᠰᠠᠶᠢᠨ ᠪᠠᠵᠠᠵᠤ᠂ ᠪᠦᠬᠦᠯᠢᠳᠡᠭᠰᠡᠨ ᠬᠡᠰᠡᠭ ᠢ ᠨᠢ ᠰᠢᠩᠬᠡᠷᠡᠬᠦᠯᠤᠬᠡᠳ ᠳᠠᠪᠤᠰᠤ᠂ ᠰᠤᠩᠬᠢᠨ᠎ᠠ᠂ ᠰᠤᠷᠢᠰᠤ᠂ ᠬᠡᠮᠬᠡᠳᠡᠭ ᠦᠬᠡᠬᠦ ᠶᠢ ᠵᠢᠵᠢᠭᠯᠠᠨ ᠬᠡᠷᠴᠢᠵᠤ᠂ ᠰᠠᠭᠠᠭ ᠤᠨ | ᠭᠤᠯᠢᠷ ︵ᠪᠤᠶᠤ ᠴᠠᠭᠠᠨ ᠭᠤᠯᠢᠷ︶ ᠬᠢᠵᠤ᠂ ᠴᠢᠰᠤᠨ ᠤ ᠦᠳᠬᠡᠨ ᠰᠢᠩᠬᠡᠨ ᠢ ᠤᠰᠤ ᠨᠡᠮᠡᠵᠤ ᠳᠤᠬᠢᠷᠠᠭᠤᠯᠤᠭᠰᠠᠨ ᠤ ᠳᠠᠷᠠᠭ᠎ᠠ᠂ ᠠᠷᠢᠯᠭᠠᠭᠰᠠᠨ ᠬᠡᠳᠡᠰᠤᠨ ᠳᠡᠭᠡᠨ ᠴᠢᠳᠬᠤᠳᠠᠭ᠃ | ᠠᠷᠢᠯᠭᠠᠭᠰᠠᠨ ᠬᠡᠳᠡᠰᠤᠨ ᠳᠤ ᠴᠢᠰᠤ ᠴᠢᠳᠬᠤᠬᠤ ᠳᠤ ᠰᠠᠪᠠ ᠲᠠᠢ ᠴᠢᠰᠤᠨ ᠠᠴᠠ ᠰᠢᠨᠠᠭ᠎ᠠ ᠪᠠᠷ ᠤᠳᠬᠤᠵᠤ᠂ ᠤᠯᠤᠭᠠᠢ ᠪᠠᠷ ᠳᠠᠮᠵᠢᠭᠤᠯᠤᠨ ᠴᠢᠳᠬᠤᠳᠠᠭ᠃ ᠴᠢᠰᠤ ᠪᠠᠨ | ᠴᠢᠳᠬᠤᠭᠰᠠᠨ ᠤ ᠳᠠᠷᠠᠭ᠎ᠠ᠂ ᠤᠯᠤᠭᠠᠢ ᠶᠢ ᠨᠢ ᠬᠡᠳᠡᠰᠤᠨ ᠠᠴᠠ ᠰᠠᠯᠭᠠᠵᠤ᠂ ᠬᠡᠳᠡᠰᠤᠨ ᠤ ᠦᠵᠤᠬᠦᠷ ᠢ ᠨᠢ ᠵᠠᠩᠬᠢᠳᠬᠤ ᠪᠤᠶᠤ ᠤᠳᠠᠰᠤ ᠪᠠᠷ ᠤᠶᠠᠳᠠᠭ᠃ ᠢᠡᠭᠬᠢᠵᠤ ᠦᠯᠤᠨ | ᠬᠡᠳᠡᠰᠤᠨ ᠳᠤᠨᠢ ᠴᠢᠰᠤ ᠴᠢᠳᠬᠤᠬᠤ ᠶᠢ ᠬᠡᠳᠡᠰᠤ ᠴᠢᠳᠬᠤᠬᠤ ᠬᠡᠨ᠎ᠠ᠃ ᠵᠠᠷᠢᠮ ᠨᠤᠳᠤᠭ ᠲᠤ ᠴᠢᠰᠤ ᠴᠢᠳᠬᠤᠬᠤ ᠬᠡᠳᠡᠭ᠃ ᠬᠡᠳᠡᠰᠤ ᠴᠢᠳᠬᠤᠬᠤ ᠳᠠᠭᠠᠨ ᠤᠷᠢᠳ ᠢᠶᠠᠷ | ᠬᠡᠳᠡᠰᠤ ᠶᠢ ᠠᠷᠢᠯᠭᠠᠵᠤ ᠴᠡᠪᠡᠷᠯᠡᠬᠦ ᠬᠡᠷᠡᠭᠳᠡᠢ᠃ ᠦᠬᠡᠷ᠂ ᠬᠤᠨᠢ᠂ ᠢᠮᠠᠭᠠᠨ ᠤ ᠬᠡᠳᠡᠰᠤ ᠶᠢ ᠠᠷᠢᠯᠭᠠᠬᠤ ᠳᠤ ᠪᠢᠳᠡᠬᠦᠤ ᠪᠠᠷ ᠠᠷᠢᠯᠭᠠᠬᠤ ᠪᠠ ᠤᠷᠪᠠᠭᠤᠯᠵᠤ ᠠᠷᠢᠯᠭᠠᠬᠤ ᠬᠤᠶᠠᠷ | ᠵᠦᠢᠯ ᠪᠠᠶᠢᠳᠠᠭ᠃ ᠪᠢᠳᠡᠬᠦᠤ ᠪᠠᠷ ᠠᠷᠢᠯᠭᠠᠬᠤ ᠳᠤ᠂ ᠦᠬᠡᠷ᠂ ᠬᠤᠨᠢ᠂ ᠢᠮᠠᠭᠠᠨ ᠤ ᠬᠡᠳᠡᠰᠤ ᠶᠢ ᠬᠠᠯᠠᠭᠤᠨ ᠳᠤᠨᠢ ᠤᠬᠢᠶᠠᠨ ᠴᠡᠪᠡᠷᠯᠡᠬᠦ ᠳᠡᠭᠡᠨ ᠠᠭᠤᠰᠬᠢᠨ ᠠᠴᠠ ᠬᠡᠳᠤᠨ ᠬᠡᠰᠡᠭ | ᠤᠭᠳᠤᠯᠤᠨ ᠠᠪᠴᠤ ᠤᠯᠤᠭᠠᠢ ᠪᠠᠷ ᠳᠠᠮᠵᠢᠭᠤᠯᠤᠨ ᠴᠢᠬᠢᠵᠤ᠂ ᠳᠡᠬᠡᠷ᠎ᠠ ᠠᠴᠠ ᠨᠢ ᠳᠠᠪᠤᠰᠤ ᠲᠠᠢ ᠪᠦᠯᠢᠶᠡᠨ ᠤᠰᠤ ᠬᠢᠵᠤ ᠬᠡᠳᠡᠰᠤᠨ ᠳᠠᠬᠢ ᠪᠠᠭᠠᠰᠤ ᠶᠢ ᠬᠦᠬᠡᠬᠡᠵᠤ ᠭᠠᠷᠭᠠᠳᠠᠭ᠃ | ᠡᠨᠡ ᠮᠡᠳᠤ ᠬᠤᠶᠠᠷ ᠤᠳᠠᠭ᠎ᠠ ᠬᠡᠳᠡᠰᠤᠨ ᠤ ᠳᠤᠳᠤᠷᠠᠬᠢ ᠶᠢ ᠴᠡᠪᠡᠷᠰᠢᠬᠦᠯᠤᠨ ᠠᠷᠴᠢᠪᠠᠯ ᠬᠡᠳᠡᠰᠤᠨ ᠤ ᠳᠤᠳᠤᠷᠠᠬᠢ ᠦᠡᠭᠬᠦᠷ ᠨᠢ ᠬᠦᠢᠴᠡᠳ ᠠᠷᠴᠢᠭᠳᠠᠵᠤ ᠰᠠᠪᠠᠰᠤᠨ ᠤ | ᠦᠨᠤᠷ ᠨᠢ ᠦᠬᠡᠢ ᠪᠤᠯᠤᠨ᠎ᠠ᠃ ᠵᠠᠷᠢᠮ ᠨᠤᠳᠤᠭ ᠲᠤ ᠬᠡᠳᠡᠰᠤ ᠶᠢ ᠤᠷᠪᠠᠭᠤᠯᠵᠤ ᠠᠷᠢᠯᠭᠠᠬᠤ ᠳᠠᠭᠠᠨ ᠴᠢᠴᠠᠷᠬᠠᠢ ᠦᠬᠡᠬᠦ ᠶᠢ ᠰᠠᠮᠠᠵᠡᠯᠠᠨ ᠠᠪᠴᠤ᠂ ᠳᠠᠪᠤᠰᠤ ᠲᠠᠢ ᠤᠰᠤ ᠪᠠᠷ | ᠤᠬᠢᠶᠠᠳᠠᠭ᠃ ᠡᠬᠦᠨ ᠢ ᠬᠡᠳᠡᠰᠤ ᠠᠷᠢᠯᠭᠠᠬᠤ ᠪᠤᠶᠤ ᠬᠡᠳᠡᠰᠤ ᠠᠷᠴᠢᠬᠤ ᠬᠡᠳᠡᠭ᠃ | ᠪᠤᠷᠳᠤᠭᠰᠠᠨ ᠬᠤᠳᠤᠭᠤᠳᠤ ᠊᠊᠊᠊᠊ ᠬᠡᠳᠡᠰᠤ ᠴᠢᠳᠬᠤᠬᠤ ᠳᠤ ᠦᠯᠡᠳᠡᠭᠰᠡᠨ ᠨᠦᠵᠢᠷᠡᠭᠰᠡᠨ ᠴᠢᠰᠤ ᠶᠢ ᠪᠠᠵᠠᠵᠤ᠂ ᠦᠬᠡᠬᠦ᠂ ᠰᠤᠩᠬᠢᠨ᠎ᠠ᠂ ᠰᠠᠭᠠᠭ ᠤᠨ ᠭᠤᠯᠢᠷ ᠲᠠᠢ ᠬᠤᠯᠢᠨ | ᠨᠠᠶᠢᠷᠠᠭᠤᠯᠵᠤ ᠬᠤᠳᠤᠭᠤᠳᠤᠨ ᠳᠤ ᠬᠢᠵᠤ᠂ ᠠᠮᠠᠰᠠᠷ ᠢ ᠨᠢ ᠱᠤᠷᠤ ᠲᠠᠢ ᠮᠤᠳᠤ ᠪᠠᠷ ᠬᠦᠨᠳᠡᠯᠠᠨ ᠰᠦᠯᠪᠡᠵᠤ᠂ ᠨᠢᠬᠡ ᠵᠦᠰᠤᠮ ᠠᠭᠤᠰᠬᠢ ᠳᠠᠯᠪᠢᠵᠤ ᠰᠠᠮᠠᠵᠠ ᠪᠠᠷ ᠤᠷᠢᠶᠠᠵᠤ᠂ | ᠦᠯᠤᠨ ᠬᠡᠳᠡᠰᠤᠨ ᠤ ᠦᠵᠤᠬᠦᠷ ᠢᠶᠠᠷ ᠬᠦᠨᠳᠡᠯᠠᠨ ᠰᠦᠯᠪᠡᠭᠰᠡᠨ ᠱᠤᠷᠤ ᠮᠤᠳᠤ ᠪᠠᠨ ᠨᠠᠢᠮᠠᠯᠵᠢᠯᠠᠨ ᠳᠠᠷᠤᠭᠤᠯᠵᠤ᠂ ᠰᠦᠯᠵᠢᠨ ᠤᠷᠢᠶᠠᠬᠤ ᠶᠢ ᠬᠤᠳᠤᠭᠤᠳᠤ ᠴᠢᠳᠬᠤᠬᠤ ᠬᠡᠨ᠎ᠠ᠃ | ᠬᠤᠳᠤᠭᠤᠳᠤ ᠴᠢᠳᠬᠤᠬᠤ ᠴᠢᠰᠤ ᠨᠢ ᠬᠦᠷᠬᠦ ᠦᠬᠡᠢ ᠪᠤᠯ ᠬᠤᠨᠢᠨ ᠤ ᠡᠯᠢᠬᠡ ᠶᠢ ᠬᠡᠮᠬᠡᠯᠤᠨ ᠬᠡᠷᠴᠢᠬᠡᠳ ᠬᠢᠳᠡᠭ᠃ ᠬᠤᠳᠤᠭᠤᠳᠤ ᠴᠢᠳᠬᠤᠬᠤ ᠳᠤ ᠦᠬᠡᠬᠦ ᠪᠤᠯᠤᠨ ᠰᠤᠩᠬᠢᠨ᠎ᠠ᠂ | ᠰᠤᠷᠢᠰᠤ ᠶᠢ ᠨᠡᠯᠢᠶᠡᠳ ᠠᠷᠪᠢᠨ ᠬᠢᠳᠡᠭ ᠪᠤᠯᠬᠤᠷ᠂ ᠳᠤᠰᠤᠯᠢᠭ ᠰᠠᠶᠢᠬᠠᠨ ᠦᠨᠤᠷ ᠠᠮᠳᠠᠳᠠᠢ ᠪᠠᠶᠢᠳᠠᠭ᠃ ᠴᠢᠳᠬᠤᠭᠰᠠᠨ ᠬᠤᠳᠤᠭᠤᠳᠤ ᠶᠢ ᠬᠦᠮᠤᠨ ᠪᠦᠬᠦᠨ ᠳᠤ ᠬᠤᠪᠢ | ᠳᠦᠬᠡᠬᠡᠵᠤ ᠦᠭᠳᠡᠭ ᠪᠦᠬᠡᠳ ᠨᠤᠤᠯᠤᠭᠤᠷ ᠢ ᠨᠢ ᠭᠠᠯ ᠭᠤᠯᠤᠮᠳᠠ ᠪᠠᠨ ᠵᠠᠯᠭᠠᠮᠵᠢᠯᠠᠬᠤ ᠬᠡᠤᠬᠡᠳ ᠨᠢ ᠢᠳᠡᠳᠡᠭ᠃ ᠡᠬᠦᠨ ᠢ ︽ᠨᠤᠤᠯᠤᠭᠤᠷ ᠢᠳᠡᠵᠤ ᠨᠤᠳᠤᠭ ᠢᠶᠠᠨ ᠰᠠᠬᠢᠨ᠎ᠠ︾ | ᠬᠡᠳᠡᠭ᠃ ᠬᠤᠳᠤᠭᠤᠳᠤᠨ ᠳᠤ ᠴᠢᠰᠤ ᠴᠢᠳᠬᠤᠬᠤ ᠠᠴᠠ ᠭᠠᠳᠠᠨ᠎ᠠ᠂ ᠵᠠᠷᠢᠮ ᠳᠠᠭᠠᠨ ᠮᠢᠬ᠎ᠠ᠂ ᠦᠬᠡᠬᠦ ᠶᠢ ᠵᠢᠵᠢᠭ ᠬᠡᠷᠴᠢᠵᠤ᠂ ᠳᠠᠪᠤᠰᠤ᠂ ᠰᠤᠩᠬᠢᠨ᠎ᠠ᠂ ᠰᠤᠷᠢᠰᠤ᠂ ᠰᠠᠷᠢᠮᠰᠠᠭ | ᠬᠤᠯᠢᠵᠤ᠂ ᠬᠤᠳᠤᠭᠤᠳᠤᠨ ᠤ ᠠᠮᠠᠰᠠᠷ ᠢ ᠪᠢᠳᠡᠬᠦᠯᠠᠨ ᠬᠢᠳᠡᠭ ᠴᠤ ᠪᠤᠢ᠃ ᠡᠶᠢᠮᠤ ᠠᠴᠠ ᠬᠤᠳᠤᠭᠤᠳᠤ ᠴᠢᠳᠬᠤᠬᠤ ᠶᠢ ᠪᠠᠰᠠ ᠬᠤᠳᠤᠭᠤᠳᠤ ᠪᠤᠷᠳᠤᠬᠤ ᠬᠡᠳᠡᠭ᠃ | ᠴᠢᠳᠬᠤᠭᠰᠠᠨ ᠤᠯᠤᠭᠠᠢ ᠊᠊᠊᠊᠊ ᠤᠯᠤᠭᠠᠢ ᠶᠢ ᠡᠷᠬᠢᠬᠦᠯᠵᠤ ᠤᠬᠢᠶᠠᠭᠠᠳ᠂ ᠨᠠᠶᠢᠷᠠᠭᠰᠠᠨ ᠴᠢᠰᠤᠨ ᠳᠠᠭᠠᠨ ᠦᠬᠡᠬᠦ᠂ ᠰᠤᠩᠬᠢᠨ᠎ᠠ᠂ ᠳᠠᠪᠤᠰᠤ ᠬᠤᠯᠢᠭᠠᠳ ᠤᠯᠤᠭᠠᠢ ᠳᠤ | ᠬᠢᠵᠤ᠂ ᠬᠤᠯᠤᠰᠤᠨ ᠱᠤᠷᠤ ᠪᠠᠷ ᠴᠢᠭᠳᠠᠯᠠᠨ ᠬᠦᠰᠢᠵᠤ᠂ ᠠᠮᠠᠰᠠᠷ ᠳᠡᠬᠡᠷ᠎ᠠ ᠨᠢ ᠰᠠᠮᠠᠵᠠ ᠳᠠᠯᠪᠢᠵᠤ᠂ ᠨᠠᠷᠢᠨ ᠬᠡᠳᠡᠰᠤ ᠪᠠᠷ ᠳᠤᠨᠤᠯᠵᠢᠯᠠᠨ ᠤᠷᠢᠶᠠᠬᠤ ᠶᠢ ᠤᠯᠤᠭᠠᠢ ᠴᠢᠳᠬᠤᠬᠤ | ᠬᠡᠳᠡᠭ᠃ ᠦᠬᠡᠬᠦ᠂ ᠰᠤᠩᠬᠢᠨ᠎ᠠ ᠶᠢᠨ ᠬᠤᠯᠢᠴᠠ ᠨᠢ ᠴᠢᠳᠬᠤᠭᠰᠠᠨ ᠬᠡᠳᠡᠰᠤᠨ ᠠᠴᠠ ᠢᠯᠡᠬᠦᠤ ᠪᠤᠯᠬᠤᠷ᠂ ᠠᠮᠳᠠ ᠪᠠᠷ ᠰᠠᠶᠢᠬᠠᠨ ᠪᠠᠶᠢᠳᠠᠭ᠃ ᠵᠠᠷᠢᠮ ᠦᠶ᠎ᠠ ᠳᠤ ᠮᠢᠬ᠎ᠠ᠂ | ᠦᠬᠡᠬᠦ ᠶᠢ ᠵᠢᠵᠢᠭ ᠬᠡᠷᠴᠢᠵᠤ᠂ ᠳᠠᠪᠤᠰᠤ᠂ ᠰᠤᠩᠬᠢᠨ᠎ᠠ᠂ ᠰᠤᠷᠢᠰᠤ ᠬᠤᠯᠢᠵᠤ᠂ ᠤᠯᠤᠭᠠᠢ ᠶᠢᠨ ᠠᠮᠠᠰᠠᠷ ᠢ ᠪᠢᠳᠡᠬᠦᠯᠠᠨ ᠤᠶᠠᠳᠠᠭ᠃ ᠡᠬᠦᠨ ᠢ ᠪᠠᠰᠠ ᠤᠯᠤᠭᠠᠢ ᠪᠤᠷᠳᠤᠬᠤ ᠬᠡᠳᠡᠭ | ᠃ | ᠠᠷᠢᠯᠭᠠᠭᠰᠠᠨ ᠬᠦᠵᠡᠭᠡ ᠊᠊᠊᠊᠊ ᠦᠬᠡᠷ᠂ ᠬᠤᠨᠢ᠂ ᠢᠮᠠᠭᠠᠨ ᠤ ᠬᠦᠵᠡᠭᠡ ᠶᠢ ᠰᠠᠪᠠᠰᠤ ᠶᠢ ᠨᠢ ᠭᠠᠷᠭᠠᠭᠰᠠᠨ ᠤ ᠳᠠᠷᠠᠭ᠎ᠠ᠂ ᠪᠤᠴᠠᠯᠤᠭᠰᠠᠨ ᠤᠰᠤ ᠬᠢᠵᠤ᠂ ᠠᠮᠠᠰᠠᠷ ᠢ ᠨᠢ | ᠪᠢᠳᠡᠬᠦᠯᠠᠨ ᠤᠶᠠᠵᠤ ᠤᠳᠠᠰᠬᠢᠬᠡᠳ᠂ ᠤᠰᠤ ᠶᠢ ᠨᠢ ᠠᠰᠬᠠᠵᠤ᠂ ᠬᠦᠵᠡᠭᠡ ᠪᠠᠨ ᠡᠷᠬᠢᠬᠦᠯᠤᠨ ᠬᠢᠳᠤᠭ᠎ᠠ ᠪᠠᠷ ᠬᠦᠵᠡᠬᠡᠨ ᠳᠤ ᠨᠠᠭᠠᠯᠳᠤᠭᠰᠠᠨ ᠰᠠᠪᠠᠰᠤ ᠪᠤᠯᠤᠨ ᠦᠡᠭᠬᠦᠷ ᠢ ᠨᠢ | ᠠᠷᠢᠯᠭᠠᠳᠠᠭ᠃ ᠦᠬᠡᠷ ᠤᠨ ᠬᠦᠵᠡᠭᠡ ᠶᠢ ᠪᠠᠰᠠ ᠬᠠᠭᠤᠯᠵᠤ ᠠᠷᠢᠯᠭᠠᠳᠠᠭ᠃ ᠡᠬᠦᠨ ᠢᠶᠠᠨ ᠬᠦᠵᠡᠭᠡ ᠰᠡᠮᠡᠬᠦ ᠬᠡᠳᠡᠭ᠃ ᠠᠷᠢᠯᠭᠠᠭᠰᠠᠨ ᠬᠦᠵᠡᠭᠡ ᠶᠢ ᠵᠤᠨ᠂ ᠨᠠᠮᠤᠷ ᠤᠨ | ᠤᠯᠠᠷᠢᠯ ᠳᠤ ᠴᠢᠨᠠᠵᠤ ᠢᠳᠡᠳᠡᠭ ᠪᠠ ᠢᠳᠡᠰᠢ ᠭᠠᠷᠭᠠᠬᠤ ᠦᠶ᠎ᠠ ᠳᠤ ᠵᠠᠶᠢᠳᠠᠰᠤ ᠬᠢᠬᠦ ᠳᠤ ᠬᠡᠷᠡᠭᠯᠡᠳᠡᠭ᠃ | ᠴᠢᠬᠢᠭᠰᠡᠨ ᠬᠤᠰ ᠊᠊᠊᠊᠊ ᠮᠠᠯ ᠤᠨ ᠬᠤᠰᠬᠢᠨᠠᠭ ᠢ ᠤᠬᠢᠶᠠᠵᠤ ᠴᠡᠪᠡᠷᠯᠡᠭᠰᠡᠨ ᠤ ᠳᠠᠷᠠᠭ᠎ᠠ ᠳᠤᠳᠤᠭᠰᠢ ᠡᠷᠬᠢᠬᠦᠯᠵᠤ᠂ ᠴᠤᠷᠤᠢ᠂ ᠳᠠᠪᠬᠤᠷ ᠬᠡᠳᠡᠰᠤ᠂ ᠰᠠᠶᠢᠨ ᠰᠠᠷᠬᠢᠨᠠᠭ ᠢ ᠨᠠᠷᠢᠨ | ᠵᠦᠰᠤᠵᠤ ᠴᠢᠬᠢᠳᠡᠭ᠃ | ᠪᠤᠷᠳᠤᠭᠰᠠᠨ ᠦᠡᠭᠬᠦᠯᠴᠡᠭ ᠊᠊᠊᠊᠊ ᠦᠡᠭᠬᠦᠯᠴᠡᠭ ᠲᠤ ᠭᠤᠤᠯ ᠤᠨ ᠮᠢᠬ᠎ᠠ᠂ ᠴᠠᠪᠢ ᠶᠢᠨ ᠮᠢᠬ᠎ᠠ᠂ ᠦᠬᠡᠬᠦ ᠶᠢ ᠵᠢᠵᠢᠭ ᠬᠡᠷᠴᠢᠵᠤ᠂ ᠳᠠᠪᠤᠰᠤ᠂ ᠰᠤᠩᠬᠢᠨ᠎ᠠ᠂ ᠰᠠᠷᠢᠮᠰᠠᠭ᠂ | ᠰᠤᠷᠢᠰᠤ ᠬᠤᠯᠢᠵᠤ ᠴᠢᠬᠢᠵᠤ ᠳᠦᠬᠦᠷᠬᠡᠬᠡᠳ᠂ ᠨᠠᠷᠢᠨ ᠪᠤᠷᠭᠠᠰᠤ ᠵᠡᠷᠬᠡ ᠪᠠᠷ ᠠᠮᠠᠰᠠᠷ ᠢ ᠨᠢ ᠳᠤᠷᠭᠤᠭᠠᠵᠤ ᠪᠢᠳᠡᠬᠦᠯᠡᠭᠰᠡᠨ ᠢ ᠦᠡᠭᠬᠦᠯᠴᠡᠭ ᠴᠢᠬᠢᠬᠦ ᠬᠡᠨ᠎ᠠ᠃ ᠪᠠᠰᠠ ᠦᠡᠭᠬᠦᠯᠴᠡᠭ | ᠪᠤᠷᠳᠤᠬᠤ ᠬᠡᠳᠡᠭ᠃ | ᠴᠢᠬᠢᠭᠰᠡᠨ ᠳᠠᠪᠤᠰᠠᠩ ᠊᠊᠊᠊᠊ ᠳᠠᠪᠤᠰᠠᠩ ᠢ ᠦᠯᠢᠶᠡᠵᠤ ᠨᠢᠮᠬᠡᠷᠡᠬᠦᠯᠤᠬᠡᠳ ᠭᠤᠤᠯ ᠤᠨ ᠮᠢᠬ᠎ᠠ᠂ ᠴᠠᠪᠢ ᠶᠢᠨ ᠮᠢᠬ᠎ᠠ᠂ ᠦᠬᠡᠬᠦ ᠶᠢ ᠵᠢᠵᠢᠭ ᠬᠡᠷᠴᠢᠵᠤ᠂ ᠳᠠᠪᠤᠰᠤ᠂ ᠰᠤᠩᠬᠢᠨ᠎ᠠ | ᠂ ᠰᠠᠷᠢᠮᠰᠠᠭ᠂ ᠰᠤᠷᠢᠰᠤ ᠬᠤᠯᠢᠵᠤ ᠴᠢᠬᠢᠵᠤ ᠳᠦᠬᠦᠷᠬᠡᠬᠡᠳ᠂ ᠨᠠᠷᠢᠨ ᠪᠤᠷᠭᠠᠰᠤ ᠪᠠᠷ ᠠᠮᠠᠰᠠᠷ ᠢ ᠨᠢ ᠪᠢᠳᠡᠬᠦᠯᠡᠭᠰᠡᠨ ᠢ ᠳᠠᠪᠤᠰᠠᠩ ᠴᠢᠬᠢᠬᠦ ᠬᠡᠨ᠎ᠠ᠃ | ᠴᠢᠬᠢᠭᠰᠡᠨ ᠳᠡᠯᠢᠬᠦᠤ ᠊᠊᠊᠊᠊ ᠳᠡᠯᠢᠬᠦᠤ ᠶᠢ ᠬᠠᠪᠳᠠᠭᠠᠢ ᠪᠠᠷ ᠨᠢ ᠬᠠᠭᠠᠯᠵᠤ᠂ ᠵᠠᠪᠰᠠᠷ ᠲᠤᠨᠢ ᠮᠢᠬ᠎ᠠ᠂ ᠦᠬᠡᠬᠦ ᠶᠢ ᠵᠢᠵᠢᠭᠯᠠᠨ ᠬᠡᠷᠴᠢᠵᠤ᠂ ᠳᠠᠪᠤᠰᠤ᠂ ᠰᠤᠩᠬᠢᠨ᠎ᠠ᠂ ᠰᠠᠷᠢᠮᠰᠠᠭ | ᠂ ᠰᠤᠷᠢᠰᠤ ᠬᠤᠯᠢᠵᠤ ᠴᠢᠬᠢᠬᠡᠳ ᠬᠠᠭᠠᠯᠤᠭᠰᠠᠨ ᠳᠠᠯ᠎ᠠ ᠶᠢ ᠤᠶᠤᠵᠤ ᠪᠢᠳᠡᠬᠦᠯᠡᠭᠰᠡᠨ ᠢ ᠳᠡᠯᠢᠬᠦᠤ ᠴᠢᠬᠢᠬᠦ ᠬᠡᠨ᠎ᠠ᠃ ᠳᠡᠯᠢᠬᠦᠤ ᠴᠢᠬᠢᠬᠦ ᠶᠢ ᠪᠠᠰᠠ ᠳᠡᠯᠢᠬᠦᠤ ᠪᠤᠷᠳᠤᠬᠤ ᠬᠡᠳᠡᠭ᠃ | ᠰᠢᠷᠠᠭᠰᠠᠨ ᠡᠯᠢᠬᠡ ᠊᠊᠊᠊᠊ ᠬᠤᠨᠢ᠂ ᠢᠮᠠᠭᠠᠨ ᠤ ᠡᠯᠢᠬᠡ ᠶᠢ ᠰᠠᠮᠠᠵᠠᠨ ᠦᠬᠡᠬᠦ ᠪᠠᠷ ᠪᠤᠭᠤᠵᠤ᠂ ᠴᠤᠭᠰᠢᠭᠰᠠᠨ ᠭᠠᠯ ᠳᠤ ᠰᠢᠷᠠᠵᠤ ᠢᠳᠡᠳᠡᠭ᠃ ᠡᠯᠢᠬᠡ ᠰᠢᠷᠠᠬᠤ ᠳᠠᠭᠠᠨ | ᠱᠦᠷᠬᠡᠢ ᠰᠢᠭ ᠰᠢᠷᠠᠵᠤ ᠢᠳᠡᠪᠡᠯ ᠰᠢᠬᠦᠰᠦᠯᠢᠭ ᠰᠠᠶᠢᠬᠠᠨ ᠪᠠᠶᠢᠵᠤ᠂ ᠠᠮᠳᠠ ᠰᠢᠮ᠎ᠠ ᠲᠠᠢ ᠪᠠᠶᠢᠳᠠᠭ᠃ ᠠᠡᠭ ᠤᠨ ᠠᠮᠢᠳᠠᠨ ᠠᠴᠠ ᠵᠡᠬᠡᠷᠠ᠂ ᠬᠦᠷᠤᠬᠡᠰᠤᠨ ᠤ ᠡᠯᠢᠬᠡ ᠶᠢ ᠰᠢᠷᠠᠵᠤ | ᠢᠳᠡᠬᠦ ᠴᠤ ᠪᠤᠢ᠃ | ᠰᠢᠷᠠᠭᠰᠠᠨ ᠪᠦᠬᠡᠷ᠎ᠠ ᠊᠊᠊᠊᠊ ᠬᠤᠨᠢ᠂ ᠢᠮᠠᠭᠠᠨ ᠤ ᠪᠦᠬᠡᠷ᠎ᠠ ᠶᠢ ᠳᠤᠮᠳᠠᠭᠤᠷ ᠨᠢ ᠬᠠᠭᠠᠯᠵᠤ᠂ ᠰᠠᠮᠠᠵᠠᠨ ᠦᠬᠡᠬᠦᠨ ᠳᠤ ᠪᠤᠭᠤᠭᠠᠳ᠂ ᠴᠤᠭᠰᠢᠭᠰᠠᠨ ᠭᠠᠯ ᠳᠤ ᠰᠢᠷᠠᠵᠤ | ᠪᠤᠯᠭᠤᠵᠤ ᠢᠳᠡᠳᠡᠭ᠃ ᠰᠢᠷᠠᠭᠰᠠᠨ ᠪᠦᠬᠡᠷ ᠠ ᠠᠮᠳᠠ ᠰᠠᠶᠢᠳᠠᠢ ᠪᠦᠬᠡᠳ ᠰᠢᠮ ᠠ ᠳᠡᠵᠢᠬᠡᠯ ᠳᠡᠬᠦᠯᠳᠡᠷ ᠪᠠᠶᠢᠳᠠᠭ᠃ | ᠳᠤᠯᠤᠭᠠᠢ ᠰᠢᠬᠢᠷ᠎ᠠ | ᠵᠤᠨ᠂ ᠨᠠᠮᠤᠷ ᠱᠦᠯᠤ ᠤᠤᠭᠤᠬᠤ ᠪᠠᠷ ᠠᠯᠠᠵᠤ ᠢᠳᠡᠭᠰᠡᠨ ᠪᠤᠶᠤ ᠡᠪᠤᠯ ᠤᠨ ᠢᠳᠡᠰᠢ ᠪᠠᠷ ᠪᠡᠯᠡᠳᠬᠡᠵᠤ ᠠᠯᠠᠭᠰᠠᠨ ᠦᠬᠡᠷ᠂ ᠬᠤᠨᠢ᠂ ᠢᠮᠠᠭᠠᠨ ᠤ ᠳᠤᠯᠤᠭᠠᠢ ᠰᠢᠬᠢᠷ᠎ᠠ ᠶᠢ | ᠬᠤᠷᠢᠭᠯᠠᠵᠤ ᠴᠢᠨᠠᠭᠠᠳ ᠠᠮᠳᠠᠳᠤ ᠢᠳᠡᠬᠡᠨ ᠪᠤᠯᠭᠠᠳᠠᠭ᠃ | ᠦᠬᠡᠷ᠂ ᠬᠤᠨᠢ᠂ ᠢᠮᠠᠭᠠᠨ ᠤ ᠳᠤᠯᠤᠭᠠᠢ᠂ ᠰᠢᠬᠢᠷ᠎ᠠ ᠶᠢᠨ ᠦᠰᠤ ᠶᠢ ᠨᠢ ᠬᠤᠶᠢᠬᠠᠯᠠᠬᠤ ᠳᠤ ᠳᠤᠯᠭ᠎ᠠ ᠶᠢᠨ ᠭᠠᠯ ᠳᠤ ᠬᠤᠶᠢᠬᠠᠯᠠᠬᠤ ᠪᠤᠶᠤ ᠳᠡᠮᠤᠷ ᠢ ᠤᠯᠠᠶᠢᠰᠬᠠᠵᠤ | ᠬᠤᠶᠢᠬᠠᠯᠠᠬᠤ ᠬᠤᠶᠠᠷ ᠵᠦᠢᠯ ᠤᠨ ᠠᠷᠭ᠎ᠠ ᠪᠠᠶᠢᠳᠠᠭ᠃ ᠳᠤᠯᠤᠭᠠᠢ᠂ ᠰᠢᠬᠢᠷ᠎ᠠ ᠶᠢᠨ ᠦᠰᠤ ᠶᠢ ᠨᠢ ᠬᠤᠶᠢᠬᠠᠯᠠᠵᠤ᠂ ᠬᠤᠶᠢᠬᠠᠯᠠᠭᠳᠠᠭᠰᠠᠨ ᠦᠰᠤᠨ ᠤ ᠨᠡᠬᠦᠷᠡᠰᠤ ᠶᠢ ᠬᠢᠳᠤᠭ᠎ᠠ ᠪᠠᠷ | ᠬᠤᠰᠤᠵᠤ᠂ ᠤᠬᠢᠶᠠᠵᠤ ᠴᠡᠪᠡᠷᠯᠡᠬᠡᠳ ᠴᠢᠨᠠᠵᠤ ᠢᠳᠡᠳᠡᠭ᠃ ᠴᠡᠪᠡᠷ ᠰᠠᠶᠢᠬᠠᠨ ᠬᠤᠶᠢᠬᠠᠯᠠᠵᠤ᠂ ᠰᠢᠯᠵᠢᠷᠡᠳᠡᠯᠠ ᠴᠢᠨᠠᠭᠰᠠᠨ ᠳᠤᠯᠤᠭᠠᠢ᠂ ᠰᠢᠬᠢᠷ᠎ᠠ ᠨᠢ ᠢᠳᠡᠬᠦ ᠳᠤ ᠦᠪᠡᠷᠮᠢᠴᠠ | ᠠᠮᠳᠠᠳᠠᠢ ᠪᠠᠶᠢᠳᠠᠭ᠃ ᠳᠤᠯᠤᠭᠠᠢ᠂ ᠰᠢᠬᠢᠷ᠎ᠠ ᠬᠤᠶᠢᠬᠠᠯᠠᠬᠤ ᠶᠢ ᠪᠠᠰᠠ ᠳᠤᠯᠤᠭᠠᠢ ᠰᠢᠬᠢᠷ᠎ᠠ ᠬᠤᠷᠪᠤᠰᠯᠠᠬᠤ ᠬᠡᠳᠡᠭ᠃ ᠳᠤᠯᠤᠭᠠᠢ ᠰᠢᠬᠢᠷ᠎ᠠ ᠴᠢᠨᠠᠭᠰᠠᠨ ᠱᠦᠯᠤᠨ ᠤ ᠳᠤᠰᠤ ᠶᠢ | ᠢᠯᠭᠠᠷᠠᠭᠤᠯᠤᠨ ᠠᠪᠴᠤ᠂ ᠪᠤᠯᠭᠤᠭᠰᠠᠨ ᠭᠤᠯᠢᠷ ᠢ ᠵᠢᠭᠤᠷᠠᠵᠤ ᠢᠳᠡᠬᠦ᠂ ᠴᠠᠭᠠᠨ ᠭᠤᠯᠢᠷ ᠢ ᠬᠠᠭᠤᠷᠴᠤ ᠢᠳᠡᠬᠦ᠂ ᠬᠠᠭᠤᠷᠠᠢ ᠪᠤᠳᠠᠭ᠎ᠠ ᠬᠤᠳᠬᠤᠵᠤ ᠢᠳᠡᠬᠦ ᠳᠤ ᠴᠤ ᠦᠪᠡᠷᠮᠢᠴᠠ | ᠤᠨᠴᠠᠭᠠᠢ ᠦᠨᠤᠷ ᠠᠮᠳᠠᠳᠠᠢ ᠪᠠᠶᠢᠳᠠᠭ᠃ | ᠱᠤᠷᠤᠯᠢᠭ | ᠦᠬᠡᠷ᠂ ᠬᠤᠨᠢ᠂ ᠢᠮᠠᠭ᠎ᠠ ᠪᠤᠯᠤᠨ ᠠᠡᠭ ᠤᠨ ᠮᠢᠬ᠎ᠠ ᠶᠢ ᠮᠤᠳᠤᠨ ᠱᠤᠷᠤ ᠳᠤ ᠰᠦᠯᠪᠠᠵᠤ᠂ ᠴᠤᠭᠰᠢᠭᠰᠠᠨ ᠭᠠᠯ ᠳᠡᠬᠡᠷ᠎ᠠ ᠰᠢᠷᠠᠵᠤ ᠪᠤᠯᠭᠤᠭᠠᠳ ᠢᠳᠡᠬᠦ ᠶᠢ ᠱᠤᠷᠤᠯᠢᠭ | ᠬᠡᠳᠡᠭ᠃ ᠱᠤᠷᠤᠯᠢᠭ ᠬᠢᠬᠦ ᠨᠢ ᠨᠠᠯᠢᠶᠡᠳ ᠡᠷᠳᠡᠨ ᠤ ᠤᠯᠠᠮᠵᠢᠯᠠᠯ ᠲᠠᠢ ᠪᠤᠯᠬᠤ ᠶᠢ ᠮᠤᠩᠭᠤᠯ ᠳᠡᠤᠬᠡᠨ ᠰᠤᠷᠪᠤᠯᠵᠢ ᠪᠢᠴᠢᠭ ᠤᠳ ᠲᠤ ᠳᠡᠮᠳᠡᠭᠯᠠᠵᠤ ᠪᠠᠶᠢᠳᠠᠭ᠃ | ᠬᠤᠷᠬᠤᠭ | ᠬᠤᠨᠢᠨ ᠤ ᠦᠶ᠎ᠠ ᠮᠦᠴᠢ ᠶᠢ ᠰᠠᠯᠭᠠᠵᠤ᠂ ᠳᠤᠰᠬᠠᠢ ᠪᠡᠯᠡᠳᠬᠡᠭᠰᠡᠨ ᠳᠡᠮᠤᠷ ᠰᠠᠪᠠᠨ ᠳᠤ ᠨᠢᠬᠡ ᠮᠦᠷ ᠦᠶ᠎ᠠ ᠮᠦᠴᠢ ᠪᠠ ᠮᠢᠬ᠎ᠠ᠂ ᠨᠢᠬᠡ ᠮᠦᠷ ᠤᠯᠠᠶᠢᠰᠬᠠᠭᠰᠠᠨ | ᠴᠢᠯᠠᠭᠤ ᠶᠢ ᠬᠡᠳᠤᠨ ᠳᠡᠭᠳᠡᠷ ᠬᠢᠵᠤ᠂ ᠳᠠᠪᠤᠰᠤ᠂ ᠰᠤᠩᠬᠢᠨ᠎ᠠ ᠶᠢ ᠵᠤᠬᠢᠴᠠᠭᠤᠯᠤᠨ ᠰᠠᠪᠠᠨ ᠤ ᠠᠮᠠᠰᠠᠷ ᠢ ᠴᠢᠩᠭ᠎ᠠ ᠪᠢᠳᠡᠬᠦᠮᠵᠢᠯᠡᠬᠡᠳ᠂ ᠵᠦᠬᠡᠯᠠᠨ ᠭᠠᠯ ᠢᠶᠠᠷ ᠪᠢᠳᠡᠬᠦᠤ ᠪᠤᠯᠭᠤᠭᠰᠠᠨ | ᠢᠳᠡᠬᠡᠨ ᠢ ᠬᠤᠷᠬᠤᠭ ᠬᠡᠳᠡᠭ᠃ ᠬᠤᠷᠬᠤᠭ ᠬᠢᠬᠦ ᠳᠤ ᠳᠦᠮᠤᠰᠤ᠂ ᠮᠠᠨᠵᠢᠨ᠂ ᠰᠢᠷ᠎ᠠ ᠯᠤᠤᠪᠠᠨᠭ᠌ ᠵᠡᠷᠬᠡ ᠶᠢ ᠬᠡᠷᠴᠢᠵᠤ ᠮᠦᠴᠢᠯᠡᠭᠰᠡᠨ ᠮᠢᠬ᠎ᠠ ᠲᠠᠢ ᠬᠤᠯᠢᠵᠤ ᠬᠢᠪᠠᠯ ᠦᠨᠤᠷ | ᠠᠮᠳᠠ ᠪᠠᠷ ᠨᠠᠩ ᠰᠠᠶᠢᠬᠠᠨ ᠪᠦᠬᠡᠳ ᠰᠢᠮ᠎ᠠ ᠳᠡᠵᠢᠬᠡᠯ ᠳᠡᠬᠦᠯᠳᠡᠷ ᠪᠤᠯᠳᠠᠭ᠃ ᠬᠤᠷᠬᠤᠭ ᠨᠢ ᠪᠢᠳᠡᠬᠦᠤ ᠪᠠᠷ ᠪᠤᠯᠭᠤᠭᠰᠠᠨ ᠪᠤᠯᠬᠤᠷ᠂ ᠮᠢᠬ᠎ᠠ ᠨᠢ ᠵᠦᠬᠡᠯᠠᠨ ᠮᠦᠷᠳᠡᠬᠡᠨ ᠠᠮᠳᠠᠳᠠᠢ | ᠪᠠᠶᠢᠳᠠᠭ᠃ ᠬᠤᠷᠬᠤᠭ ᠪᠠᠵᠠᠭᠠᠬᠤ ᠳᠤ ᠤᠰᠤ ᠬᠢᠳᠡᠭ ᠦᠬᠡᠢ᠂ ᠮᠢᠬᠠᠨ ᠤ ᠬᠢᠨᠢ ᠱᠦᠯᠤ ᠬᠠᠨᠳᠠᠰᠢᠳᠠᠭ ᠤᠴᠢᠷ ᠠᠴᠠ ᠬᠡᠮᠵᠢᠶ᠎ᠠ ᠪᠠᠷ ᠳᠤᠩ ᠪᠠᠭ᠎ᠠ ᠪᠠᠶᠢᠳᠠᠭ᠃ ᠬᠡᠬᠦ ᠳᠡᠭᠡᠨ | ᠬᠤᠷᠬᠤᠭ ᠤᠨ ᠱᠦᠯᠤ ᠨᠢ ᠬᠦᠮᠤᠨ ᠤ ᠪᠡᠶ ᠠ ᠳᠤ ᠤᠨᠴᠠᠭᠠᠢ ᠰᠢᠮ ᠠ ᠳᠡᠵᠢᠬᠡᠯ ᠲᠠᠢ ᠪᠠᠷ ᠪᠠᠷᠠᠬᠤ ᠦᠬᠡᠢ᠂ ᠬᠡᠢ ᠶᠢ ᠳᠠᠷᠤᠵᠤ᠂ ᠪᠡᠶ᠎ᠠ ᠶᠢ ᠴᠢᠬᠢᠷᠠᠭᠵᠢᠭᠤᠯᠳᠠᠭ᠃ | ᠪᠤᠭᠤᠳᠠᠭ | ᠭᠤᠤᠯᠳᠠᠭᠤ ᠳᠠᠷᠪᠠᠭ᠎ᠠ ᠪᠤᠶᠤ ᠢᠮᠠᠭ᠎ᠠ ᠪᠠᠷ ᠪᠤᠭᠤᠳᠠᠭ ᠬᠢᠳᠡᠭ᠃ ᠳᠠᠷᠪᠠᠭ᠎ᠠ ᠪᠤᠶᠤ ᠢᠮᠠᠭ᠎ᠠ ᠶᠢ ᠠᠯᠠᠭᠰᠠᠨ ᠤ ᠳᠠᠷᠠᠭ᠎ᠠ᠂ ᠬᠦᠵᠤᠬᠦᠤ ᠪᠠᠷ ᠨᠢ ᠨᠤᠭᠤᠯᠵᠤ ᠰᠠᠯᠭᠠᠭᠠᠳ᠂ | ᠬᠡᠳᠡᠰᠤ ᠳᠤᠳᠤᠷ ᠢ ᠨᠢ ᠠᠭᠤᠳᠠᠯᠤᠨ ᠭᠠᠷᠭᠠᠬᠤ ᠶᠢᠨ ᠬᠠᠮᠳᠤ᠂ ᠪᠦᠳᠤᠬᠦᠨ ᠶᠠᠰᠤ ᠶᠢ ᠨᠢ ᠦᠶ ᠠ ᠪᠠᠷ ᠨᠢ ᠰᠠᠯᠭᠠᠵᠤ ᠠᠪᠤᠭᠠᠳ᠂ ᠬᠡᠪᠡᠯᠢ ᠳᠤᠨᠢ ᠳᠠᠭᠠᠨ᠎ᠠ᠂ ᠬᠦᠮᠡᠯᠢ᠂ | ᠰᠤᠩᠬᠢᠨ᠎ᠠ᠂ ᠳᠠᠪᠤᠰᠤ ᠶᠢ ᠬᠠᠯᠠᠭᠤᠨ ᠴᠢᠯᠠᠭᠤ ᠲᠠᠢ ᠬᠠᠮᠳᠤ ᠬᠢᠳᠡᠭ᠃ ᠬᠡᠪᠡᠯᠢ ᠳᠤᠨᠢ ᠬᠢᠭᠰᠡᠨ ᠬᠠᠯᠠᠭᠤᠨ ᠴᠢᠯᠠᠭᠤᠨ ᠤ ᠢᠯᠴᠢ ᠪᠠᠷ ᠦᠰᠤ ᠨᠢ ᠵᠤᠮᠠᠷᠠᠬᠤ ᠳᠤ ᠵᠤᠯᠭᠠᠭᠠᠵᠤ | ᠠᠪᠳᠠᠭ ᠪᠦᠬᠡᠳ ᠭᠠᠳᠠᠨ᠎ᠠ ᠠᠴᠠ ᠨᠢ ᠵᠦᠬᠡᠯᠠᠨ ᠭᠠᠯ ᠢᠶᠠᠷ ᠰᠢᠷᠠᠵᠤ ᠪᠤᠯᠭᠤᠳᠠᠭ᠃ ᠪᠤᠭᠤᠳᠠᠭ ᠬᠢᠬᠦ ᠳᠤ ᠬᠡᠳᠤᠷᠬᠡᠢ ᠳᠠᠷᠭᠤᠨ ᠪᠤᠯ ᠰᠢᠷᠠᠬᠤ ᠦᠶ᠎ᠠ ᠳᠤ ᠢᠵᠠᠷᠠᠳᠠᠭ ᠤᠴᠢᠷ ᠠᠴᠠ | ᠳᠤᠮᠳᠠ ᠶᠢᠨ ᠳᠠᠷᠭᠤ ᠲᠠᠢ ᠳᠠᠷᠪᠠᠭ᠎ᠠ᠂ ᠢᠮᠠᠭ᠎ᠠ ᠶᠢ ᠰᠤᠩᠭᠤᠳᠠᠭ ᠪᠦᠬᠡᠳ ᠠᠷᠠᠰᠤ ᠶᠢ ᠨᠢ ᠬᠡᠮᠳᠤᠬᠡᠬᠦ ᠠᠴᠠ ᠬᠢᠴᠢᠶᠡᠳᠡᠭ᠃ ᠪᠤᠭᠤᠳᠠᠭ ᠢ ᠰᠢᠷᠠᠬᠤ ᠶᠠᠪᠤᠴᠠ ᠳᠠᠭᠠᠨ ᠪᠠᠭ᠎ᠠ | ᠪᠠᠭ᠎ᠠ ᠪᠠᠷ ᠤᠰᠤ ᠰᠠᠴᠤᠵᠤ᠂ ᠠᠷᠠᠰᠤ ᠨᠢ ᠢᠵᠠᠷᠠᠬᠤ ᠪᠠ ᠮᠢᠬ᠎ᠠ ᠬᠠᠳᠠᠭᠤ ᠪᠤᠯᠬᠤ ᠠᠴᠠ ᠰᠡᠷᠬᠡᠶᠢᠯᠡᠳᠡᠭ᠃ ᠳᠤᠳᠤᠷ᠎ᠠ ᠭᠠᠳᠠᠨ᠎ᠠ ᠠᠴᠠ ᠨᠢ ᠰᠢᠷᠠᠵᠤ ᠪᠤᠯᠭᠤᠭᠰᠠᠨ ᠪᠤᠯᠬᠤᠷ᠂ | ᠪᠤᠭᠤᠳᠠᠭ ᠤᠨ ᠮᠢᠬ᠎ᠠ ᠨᠢ ᠳᠤᠰᠤ ᠨᠡᠪᠴᠢᠵᠤ᠂ ᠬᠡᠤᠷᠡᠭ ᠰᠠᠶᠢᠬᠠᠨ᠂ ᠠᠮᠳᠠ ᠰᠢᠮᠳᠠ ᠲᠠᠢ ᠪᠠᠶᠢᠳᠠᠭ᠃ ᠰᠡᠬᠦᠯ ᠤᠨ ᠦᠶ᠎ᠠ ᠳᠤ ᠵᠡᠬᠡᠷᠠ᠂ ᠬᠤᠨᠢ ᠪᠠᠷ ᠴᠤ ᠪᠤᠭᠤᠳᠠᠭ ᠬᠢᠬᠦ ᠪᠤᠯᠵᠠᠢ᠃ | | ᠬᠠᠯᠠᠭᠤᠨ ᠳᠤᠭᠤᠭ᠎ᠠ | ᠵᠠᠰ ᠪᠤᠶᠤ ᠭᠠᠤᠯᠢ ᠪᠠᠷ ᠬᠢᠭᠰᠡᠨ ᠳᠤᠰᠬᠠᠢ ᠳᠤᠭᠤᠭᠠᠨ ᠳᠤ ᠮᠤᠳᠤ ᠪᠤᠶᠤ ᠮᠤᠳᠤᠨ ᠨᠡᠬᠦᠷᠡᠰᠤ ᠪᠠᠷ ᠤᠰᠤ ᠪᠠᠨ ᠪᠤᠴᠠᠯᠭᠠᠵᠤ᠂ ᠦᠬᠡᠷ᠂ ᠬᠤᠨᠢᠨ ᠮᠢᠬ᠎ᠠ ᠶᠢ ᠨᠢᠮᠬᠡᠨ | ᠬᠠᠯᠢᠰᠤᠯᠠᠨ ᠬᠡᠷᠴᠢᠬᠡᠳ᠂ ᠪᠤᠴᠠᠯᠤᠭᠰᠠᠨ ᠤᠰᠤᠨ ᠳᠤ ᠮᠢᠬ᠎ᠠ ᠪᠤᠯᠭᠤᠵᠤ ᠢᠳᠡᠬᠦ ᠶᠢ ᠬᠠᠯᠠᠭᠤᠨ ᠳᠤᠭᠤᠭ᠎ᠠ ᠪᠡᠯᠡᠳᠬᠡᠬᠦ ᠬᠡᠳᠡᠭ᠃ ᠬᠠᠯᠠᠭᠤᠨ ᠳᠤᠭᠤᠭᠠᠨ ᠤ ᠰᠠᠪᠠ ᠶᠢ | ᠤᠤᠯ ᠳᠠᠭᠠᠨ ᠭᠠᠤᠯᠢ ᠪᠤᠶᠤ ᠵᠠᠰ ᠢᠶᠠᠷ ᠬᠢᠳᠡᠭ᠃ ᠭᠠᠯ ᠵᠤᠤᠬ᠎ᠠ ᠪᠤᠯᠤᠨ ᠤᠳᠤᠭ᠎ᠠ ᠶᠢᠨ ᠬᠤᠭᠤᠯᠠᠢ ᠶᠢᠨ ᠭᠠᠳᠠᠭᠤᠷ ᠤᠰᠤ ᠪᠤᠴᠠᠯᠭᠠᠬᠤ ᠳᠤᠭᠤᠭ᠎ᠠ ᠪᠠᠨ ᠭᠠᠨᠭ᠍ᠨᠠᠵᠤ | ᠳᠠᠭᠠᠷᠠᠭᠤᠯᠤᠭᠠᠳ᠂ ᠳᠤᠤᠷ᠎ᠠ ᠨᠢ ᠦᠨᠡᠰᠤ ᠤᠨᠠᠬᠤ ᠰᠠᠪᠠ ᠲᠠᠢ ᠪᠠᠶᠢᠳᠠᠭ᠃ ᠳᠤᠭᠤᠭᠠᠨ ᠳᠠᠬᠢ ᠤᠰᠤ ᠪᠤᠴᠠᠯᠬᠤ ᠳᠤ ᠨᠢᠮᠬᠡᠨ ᠬᠠᠯᠢᠰᠤᠯᠠᠨ ᠬᠡᠷᠴᠢᠭᠰᠡᠨ ᠮᠢᠬ᠎ᠠ ᠪᠠᠨ ᠳᠦᠷᠤᠵᠤ | ᠪᠤᠯᠭᠤᠭᠠᠨ ᠢᠳᠡᠳᠡᠭ ᠪᠦᠬᠡᠳ ᠨᠤᠭᠤᠭ᠎ᠠ ᠪᠠᠷ ᠬᠤᠯᠢᠰᠢ ᠪᠤᠯᠭᠠᠳᠠᠭ᠃ ᠢᠡᠭᠬᠢᠵᠤ ᠪᠤᠴᠠᠯᠤᠭᠰᠠᠨ ᠤᠰᠤᠨ ᠳᠤ ᠤᠷᠤᠯᠠᠭᠤᠯᠤᠨ ᠢᠳᠡᠬᠦ ᠨᠢ ᠮᠢᠬᠠᠨ ᠤ ᠰᠢᠨ᠎ᠠ ᠰᠤᠷᠭᠤᠭ ᠢ | ᠪᠠᠳᠤᠯᠠᠵᠤ᠂ ᠰᠢᠮ᠎ᠠ ᠳᠡᠵᠢᠬᠡᠯ ᠳᠡᠬᠦᠯᠳᠡᠷ ᠪᠠᠶᠢᠳᠠᠭ ᠤᠨ ᠬᠠᠮᠳᠤ᠂ ᠱᠦᠯᠤ ᠨᠢ ᠠᠮᠳᠠᠯᠢᠬ ᠰᠠᠶᠢᠬᠠᠨ ᠶᠤᠮ᠃ ᠮᠦᠨ ᠪᠠᠰᠠ ᠳᠤᠭᠤᠭᠠᠨ ᠳᠠᠭᠠᠨ ᠮᠢᠬ᠎ᠠ᠂ ᠨᠤᠭᠤᠭ᠎ᠠ᠂ ᠳᠠᠪᠤᠰᠤ᠂ | ᠤᠰᠤ ᠪᠠᠨ ᠳᠠᠭᠠᠷᠠᠭᠤᠯᠤᠭᠰᠠᠨ ᠤ ᠳᠠᠷᠠᠭ᠎ᠠ᠂ ᠪᠤᠴᠠᠯᠭᠠᠵᠤ ᠢᠳᠡᠬᠦ ᠴᠤ ᠪᠤᠢ᠃ | ᠰᠡᠬᠦᠯ ᠤᠨ ᠦᠶ᠎ᠠ ᠳᠤ᠂ ᠤᠯᠠᠮᠵᠢᠯᠠᠯᠳᠤ ᠬᠠᠯᠠᠭᠤᠨ ᠳᠤᠭᠤᠭ᠎ᠠ ᠶᠢ ᠴᠠᠶᠢᠷ ᠪᠤᠶᠤ ᠫᠠᠯᠠᠨ ᠲᠠᠢ ᠳᠤᠭᠤᠭ᠎ᠠ ᠪᠠᠷ ᠤᠷᠤᠯᠠᠭᠤᠯᠵᠤ᠂ ᠴᠠᠬᠢᠯᠭᠠᠨ ᠵᠤᠤᠬ᠎ᠠ ᠪᠠᠷ ᠪᠤᠴᠠᠯᠭᠠᠬᠤ | ᠪᠤᠯᠤᠭᠰᠠᠨ ᠪᠠᠶᠢᠨ᠎ᠠ᠃ ᠢᠳᠡᠬᠦ ᠠᠷᠭ᠎ᠠ ᠳᠤ ᠬᠤᠪᠢᠷᠠᠯᠳᠠ ᠭᠠᠷᠤᠭᠰᠠᠨ ᠦᠬᠡᠢ᠂ ᠬᠠᠷᠢᠨ ᠬᠤᠯᠢᠵᠤ ᠢᠳᠡᠬᠦ ᠨᠤᠭᠤᠭᠠᠨ ᠤ ᠳᠦᠷᠤᠯ ᠵᠦᠢᠯ ᠨᠢ ᠤᠯᠠᠰᠢᠷᠠᠭᠰᠠᠨ ᠪᠠᠶᠢᠳᠠᠭ᠃ | | | | ᠤᠯᠠᠭᠠᠨ ᠢᠳᠡᠭᠡ ᠪᠤᠯᠪᠠᠰᠤᠷᠠᠭᠤᠯᠬᠤ ᠠᠷᠭ᠎ᠠ | | ᠮᠤᠩᠭᠤᠯᠴᠤᠳ ᠤᠨ ᠢᠳᠡᠬᠡᠨ ᠤᠮᠳᠠᠭᠠᠨ ᠪᠤᠯᠪᠠᠰᠤᠷᠠᠭᠤᠯᠬᠤ ᠠᠷᠭ᠎ᠠ ᠭᠠᠵᠠᠷ ᠭᠠᠵᠠᠷ ᠲᠤ ᠨᠠᠷᠢᠨ ᠢᠯᠭᠠᠭ᠎ᠠ ᠲᠠᠢ ᠪᠤᠯᠪᠠᠴᠤ᠂ ᠦᠨᠳᠤᠰᠤᠨ ᠠᠷᠭ᠎ᠠ᠂ ᠶᠡᠷᠤᠩᠬᠡᠢ | ᠴᠢᠭᠯᠡᠯ ᠢᠶᠠᠷ ᠢᠶᠠᠨ ᠠᠳᠠᠯᠢ ᠪᠠᠶᠢᠳᠠᠭ᠃ ᠨᠠᠶᠢᠳᠠ ᠳᠤᠨᠢ ᠬᠡᠯᠡᠪᠡᠯ᠂ ᠠᠩᠬᠠᠨ ᠤ ᠪᠤᠯᠪᠠᠰᠤᠷᠠᠭᠤᠯᠤᠯᠳᠠ ᠪᠠ ᠬᠤᠶᠠᠳᠡᠬᠢ ᠪᠤᠯᠪᠠᠰᠤᠷᠠᠭᠤᠯᠤᠯᠳᠠ ᠪᠠᠷ ᠤᠯᠠᠨ ᠵᠦᠢᠯ ᠤᠨ ᠢᠳᠡᠬᠡᠨ | ᠤᠮᠳᠠᠭᠠᠨ ᠪᠡᠯᠡᠳᠬᠡᠳᠡᠭ᠃ ᠳᠤᠬᠠᠢᠢᠯᠠᠪᠠᠯ᠂ ᠴᠠᠭᠠᠨ ᠢᠳᠡᠭᠡ ᠵᠡᠷᠤᠩᠬᠡᠢ ᠳᠤᠨᠢ ᠢᠰᠬᠡᠬᠦ᠂ ᠡᠬᠡᠳᠡᠬᠦᠯᠬᠦ᠂ ᠬᠦᠬᠡᠷᠤᠬᠦᠯᠬᠦ ᠵᠡᠷᠬᠡ ᠠᠩᠬᠠᠨ ᠤ ᠪᠤᠯᠪᠠᠰᠤᠷᠠᠭᠤᠯᠤᠯᠳᠠ ᠪᠠᠷ ᠳᠠᠷᠠᠭ᠂ | ᠬᠤᠭᠤᠷᠮᠠᠭ᠂ ᠴᠡᠭᠡ᠂ ᠬᠤᠷᠤᠳ᠂ ᠵᠦᠬᠡᠬᠡᠢ᠂ ᠦᠷᠤᠮ᠎ᠠ ᠬᠡᠬᠦ ᠮᠡᠳᠤ ᠠᠮᠳᠠᠳᠤ ᠢᠳᠡᠬᠡᠨ ᠪᠤᠯᠪᠠᠰᠤᠷᠠᠭᠤᠯᠳᠠᠭ ᠪᠤᠯ᠂ ᠰᠢᠷᠭᠠᠭᠠᠬᠤ᠂ ᠨᠡᠷᠡᠬᠦ ᠵᠡᠷᠬᠡ ᠬᠤᠶᠠᠳᠡᠬᠢ | ᠪᠤᠯᠪᠠᠰᠤᠷᠠᠭᠤᠯᠤᠯᠳᠠ ᠶᠢᠨ ᠠᠷᠭ᠎ᠠ ᠪᠠᠷ ᠰᠢᠷ᠎ᠠ ᠳᠤᠰᠤ᠂ ᠴᠦᠴᠤᠬᠡᠢ᠂ ᠦᠷᠤᠮ᠎ᠠ ᠶᠢᠨ ᠳᠤᠰᠤ᠂ ᠠᠷᠢᠬᠢ ᠵᠡᠷᠬᠡ ᠢᠳᠡᠬᠡᠨ ᠤᠮᠳᠠᠭᠠᠨ ᠢ ᠪᠤᠯᠪᠠᠰᠤᠷᠠᠭᠤᠯᠳᠠᠭ᠃ ᠤᠯᠠᠭᠠᠨ | ᠢᠳᠡᠭᠡ ᠶᠢ ᠭᠤᠤᠯᠳᠠᠭᠤ ᠴᠢᠨᠠᠬᠤ᠂ ᠰᠢᠷᠠᠬᠤ᠂ ᠬᠠᠭᠤᠷᠬᠤ ᠵᠡᠷᠬᠡ ᠠᠩᠬᠠᠨ ᠤ ᠪᠤᠯᠪᠠᠰᠤᠷᠠᠭᠤᠯᠤᠯᠳᠠ ᠪᠠᠷ ᠮᠢᠬ᠎ᠠ ᠱᠦᠯᠤ ᠪᠡᠯᠡᠳᠬᠡᠳᠡᠭ ᠪᠤᠯ ᠴᠢᠨᠠᠭᠠᠳ ᠰᠢᠷᠠᠬᠤ᠂ ᠴᠢᠨᠠᠭᠠᠳ | ᠵᠢᠩᠨᠡᠬᠦ ᠮᠡᠳᠤ ᠬᠤᠶᠠᠳᠡᠬᠢ ᠪᠤᠯᠪᠠᠰᠤᠷᠠᠭᠤᠯᠤᠯᠳᠠ ᠪᠠᠷ ᠰᠢᠬᠦᠰᠤ᠂ ᠬᠠᠭᠠᠷᠢᠭᠰᠠᠨ ᠬᠡᠳᠡᠰᠤ᠂ ᠵᠢᠩᠨᠡᠭᠰᠡᠨ ᠮᠢᠬ᠎ᠠ ᠵᠡᠷᠬᠡ ᠢᠳᠡᠬᠡᠨ ᠢ ᠪᠤᠯᠪᠠᠰᠤᠷᠠᠭᠤᠯᠵᠤ᠂ ᠦᠬᠡᠷ᠂ ᠬᠤᠨᠢ᠂ | ᠢᠮᠠᠭᠠᠨ ᠤ ᠬᠡᠳᠡᠰᠤ ᠳᠤᠳᠤᠷ ᠢ ᠴᠢᠳᠬᠤᠵᠤ᠂ ᠪᠤᠷᠳᠤᠬᠤ᠂ ᠴᠢᠬᠢᠬᠦ᠂ ᠰᠢᠷᠠᠬᠤ᠂ ᠬᠤᠷᠪᠤᠰᠯᠠᠬᠤ ᠮᠡᠳᠤ ᠤᠯᠠᠨ ᠵᠦᠢᠯ ᠤᠨ ᠠᠷᠭ᠎ᠠ ᠪᠠᠷ ᠪᠤᠯᠪᠠᠰᠤᠷᠠᠭᠤᠯᠵᠤ᠂ ᠠᠮᠳᠠ ᠳᠡᠬᠦᠯᠳᠡᠷ | ᠢᠳᠡᠬᠡᠨ ᠪᠤᠯᠭᠠᠨ ᠠᠰᠢᠭᠯᠠᠳᠠᠭ᠃ | ᠴᠢᠨᠠᠬᠤ ᠠᠷᠭ᠎ᠠ | ᠳᠠᠪᠤᠨ ᠬᠤᠰᠢᠭᠤ ᠮᠠᠯ ᠪᠤᠶᠤ ᠠᠡᠭ ᠤᠨ ᠮᠢᠬ᠎ᠠ ᠶᠢ ᠴᠢᠨᠠᠬᠤ ᠠᠷᠭ᠎ᠠ ᠪᠠᠷ ᠪᠤᠯᠪᠠᠰᠤᠷᠠᠭᠤᠯᠵᠤ ᠢᠳᠡᠳᠡᠭ ᠨᠢ ᠬᠠᠮᠤᠭ ᠤᠨ ᠳᠦᠬᠡᠮᠠᠯ ᠶᠤᠮ᠃ ᠮᠢᠬ᠎ᠠ ᠴᠢᠨᠠᠬᠤ ᠳᠤ | ᠤᠷᠢᠳ ᠢᠶᠠᠷ ᠳᠤᠭᠤᠭᠠᠨ ᠳᠠᠭᠠᠨ ᠬᠦᠢᠳᠡᠨ ᠤᠰᠤ ᠬᠢᠵᠤ᠂ ᠳᠤᠶᠠᠴᠢᠵᠤ ᠰᠠᠯᠭᠠᠭᠰᠠᠨ ᠮᠦᠴᠢ ᠬᠡᠰᠢᠬᠦᠤ ᠪᠠᠨ ᠬᠢᠳᠡᠭ᠃ ᠤᠰᠤ ᠬᠠᠯᠠᠭᠰᠠᠨ ᠦᠶ᠎ᠠ ᠳᠤ ᠮᠢᠬ᠎ᠠ ᠪᠠᠨ ᠬᠢᠵᠤ | ᠴᠢᠨᠠᠪᠠᠯ᠂ ᠮᠢᠬᠠᠨ ᠤ ᠦᠡᠭᠬᠡ᠂ ᠠᠮᠳᠠ ᠶᠢ ᠨᠦᠯᠤᠬᠡᠯᠡᠳᠡᠭ᠃ ᠮᠢᠬ᠎ᠠ ᠶᠢ ᠵᠦᠬᠡᠯᠠᠨ ᠭᠠᠯ ᠢᠶᠠᠷ ᠴᠢᠨᠠᠵᠤ᠂ ᠳᠤᠭᠤᠭᠠᠨ ᠳᠠᠬᠢ ᠮᠢᠬ᠎ᠠ ᠨᠡᠯᠢᠶᠡᠳ ᠪᠤᠴᠠᠯᠤᠭᠰᠠᠨ ᠤ ᠳᠠᠷᠠᠭ᠎ᠠ ᠳᠠᠪᠤᠰᠤ | ᠬᠢᠵᠤ ᠪᠤᠯᠭᠤᠭᠠᠪᠠᠯ᠂ ᠮᠢᠬ᠎ᠠ ᠨᠢ ᠱᠦᠯᠦᠯᠢᠭ ᠪᠦᠬᠡᠳ ᠵᠦᠬᠡᠯᠠᠨ ᠪᠤᠯᠳᠠᠭ᠃ | ᠰᠢᠷᠠᠬᠤ ᠠᠷᠭ᠎ᠠ | ᠳᠠᠪᠤᠨ ᠬᠤᠰᠢᠭᠤ ᠮᠠᠯ ᠪᠤᠶᠤ ᠠᠡᠭ ᠤᠨ ᠮᠢᠬ᠎ᠠ ᠶᠢ ᠴᠤᠭᠰᠢᠭᠰᠠᠨ ᠭᠠᠯ ᠳᠤ ᠰᠢᠷᠠᠵᠤ ᠢᠳᠡᠬᠦ ᠪᠠ ᠵᠤᠮ᠎ᠠ ᠰᠢᠬᠦᠰᠤ᠂ ᠪᠤᠭᠤᠳᠠᠭ᠂ ᠡᠯᠢᠬᠡ ᠵᠡᠷᠬᠡ ᠶᠢ ᠰᠢᠷᠠᠵᠤ | ᠪᠤᠯᠭᠤᠬᠤ ᠶᠢ ᠮᠢᠬ᠎ᠠ ᠰᠢᠷᠠᠬᠤ ᠬᠡᠳᠡᠭ᠃ ᠪᠠᠰᠠ ᠰᠢᠬᠦᠰᠤ ᠪᠤᠯᠪᠠᠰᠤᠷᠠᠭᠤᠯᠬᠤ ᠳᠠᠭᠠᠨ ᠴᠢᠨᠠᠵᠤ ᠪᠤᠷᠤᠯᠠᠭᠤᠯᠤᠭᠰᠠᠨ ᠤ ᠳᠠᠷᠠᠭ᠎ᠠ ᠰᠢᠷᠠᠬᠤ ᠴᠤ ᠪᠤᠢ᠃ ᠰᠢᠷᠠᠭᠰᠠᠨ ᠮᠢᠬ᠎ᠠ ᠨᠢ | ᠬᠡᠤᠷᠡᠭ ᠪᠦᠬᠡᠳ ᠳᠤᠰᠤᠯᠢᠬ᠂ ᠦᠨᠤᠷ ᠠᠮᠳᠠ ᠰᠠᠶᠢᠳᠠᠢ ᠪᠠᠶᠢᠳᠠᠭ᠃ ᠰᠢᠨ᠎ᠠ ᠮᠢᠬ᠎ᠠ ᠶᠢ ᠰᠢᠷᠠᠵᠤ ᠢᠳᠡᠬᠦ ᠳᠤ ᠢᠳᠡᠭᠡ ᠰᠢᠬᠦᠰᠤ ᠨᠢ ᠪᠡᠶ᠎ᠠ ᠳᠤᠨᠢ ᠰᠢᠩᠬᠡᠳᠡᠭ ᠪᠤᠯᠬᠤᠷ᠂ | ᠱᠦᠯᠦᠯᠢᠭ ᠰᠠᠶᠢᠬᠠᠨ ᠠᠮᠳᠠᠳᠠᠢ᠃ ᠪᠤᠷᠴᠠᠯᠠᠵᠤ ᠬᠠᠳᠠᠭᠠᠭᠰᠠᠨ ᠮᠢᠬ᠎ᠠ ᠶᠢ ᠠᠶᠠᠨ ᠵᠢᠩ᠂ ᠤᠳᠤᠷ ᠨᠡᠬᠦᠳᠡᠯ ᠳᠤ ᠶᠠᠪᠤᠬᠤ ᠳᠠᠭᠠᠨ ᠰᠢᠷᠠᠵᠤ ᠢᠳᠡᠬᠦ ᠳᠤ ᠴᠠᠭ ᠲᠤ ᠠᠷᠪᠢᠳᠠᠢ᠂ | ᠳᠦᠬᠦᠮ ᠪᠠᠶᠢᠳᠠᠭ᠃ | ᠬᠠᠭᠤᠷᠬᠤ ᠠᠷᠭ᠎ᠠ | ᠦᠬᠡᠷ᠂ ᠬᠤᠨᠢ᠂ ᠢᠮᠠᠭᠠᠨ ᠤ ᠮᠢᠬ᠎ᠠ ᠶᠢ ᠳᠠᠪᠤᠰᠤ᠂ ᠰᠤᠩᠬᠢᠨ᠎ᠠ ᠬᠢᠵᠤ᠂ ᠳᠠᠩ ᠢᠶᠠᠷ ᠨᠢ ᠬᠠᠭᠤᠷᠬᠤ ᠪᠤᠶᠤ ᠤᠯᠠᠨ ᠵᠦᠢᠯ ᠤᠨ ᠨᠤᠭᠤᠭ᠎ᠠ ᠲᠠᠢ ᠬᠤᠯᠢᠵᠤ ᠬᠠᠭᠤᠷᠤᠭᠠᠳ | ᠬᠤᠭᠤᠯᠠ ᠢᠳᠡᠰᠢᠨ ᠤ ᠵᠠᠭᠤᠰᠢ ᠪᠤᠯᠭᠠᠳᠠᠭ᠃ ᠮᠤᠩᠭᠤᠯᠴᠤᠳ ᠤᠨ ᠤᠯᠠᠮᠵᠢᠯᠠᠯᠳᠤ ᠬᠠᠭᠤᠷᠤᠯᠭ᠎ᠠ ᠢᠳᠡᠬᠡᠨ ᠨᠢ ᠮᠢᠬ᠎ᠠ ᠪᠠᠷ ᠭᠤᠤᠯᠳᠠᠵᠤ᠂ ᠨᠤᠭᠤᠭ᠎ᠠ ᠪᠠᠷ ᠠᠮᠳᠠ ᠤᠷᠤᠭᠤᠯᠳᠠᠭ | ᠤᠨᠴᠠᠯᠢᠬ ᠲᠠᠢ᠃ | ᠬᠠᠭᠠᠷᠢᠬᠤ ᠠᠷᠭ᠎ᠠ | ᠮᠤᠩᠭᠤᠯᠴᠤᠳ ᠡᠷᠳᠡ ᠦᠶ᠎ᠠ ᠳᠡᠭᠡᠨ ᠤᠳᠤᠷ ᠨᠡᠬᠦᠳᠡᠯ᠂ ᠠᠶᠠᠨ ᠵᠢᠩ᠂ ᠳᠠᠶᠢᠨ ᠪᠠᠶᠢᠯᠳᠤᠭᠠᠨ ᠤ ᠶᠠᠪᠤᠴᠠ ᠳᠠᠭᠠᠨ ᠳᠠᠪᠤᠨ ᠬᠤᠰᠢᠭᠤ ᠮᠠᠯ ᠤᠨ ᠮᠢᠬ᠎ᠠ ᠪᠠ ᠠᠡᠭ ᠤᠨ | ᠮᠢᠬ᠎ᠠ ᠶᠢ ᠤᠬᠤᠷᠬᠠᠨ ᠴᠠᠭ ᠤᠨ ᠳᠤᠳᠤᠷ᠎ᠠ ᠪᠤᠯᠭᠤᠵᠤ ᠢᠳᠡᠬᠦ ᠠᠷᠭ᠎ᠠ ᠶᠢ ᠰᠦᠪᠡᠭᠴᠢᠯᠠᠵᠤ᠂ ᠮᠢᠬ᠎ᠠ ᠪᠠᠨ ᠱᠤᠷᠤᠯᠠᠨ ᠰᠢᠷᠠᠵᠤ ᠢᠳᠡᠵᠤ ᠪᠠᠶᠢᠭᠰᠠᠨ ᠠᠴᠠ ᠭᠠᠳᠠᠨ᠎ᠠ᠂ | ᠪᠠᠭᠤᠳᠠᠯᠯᠠᠭᠰᠠᠨ ᠭᠠᠵᠠᠷ ᠤᠨ ᠢᠶᠠᠨ ᠪᠡᠯᠡᠨ ᠪᠠᠶᠢᠭᠰᠠᠨ ᠨᠢᠮᠬᠡᠨ ᠬᠠᠪᠳᠠᠭᠠᠢ ᠴᠢᠯᠠᠭᠤ ᠶᠢ ᠬᠠᠯᠠᠭᠠᠵᠤ ᠤᠯᠠᠶᠢᠯᠭᠠᠨ᠂ ᠳᠡᠬᠡᠷ᠎ᠠ ᠨᠢ ᠨᠢᠮᠬᠡᠨ ᠬᠡᠷᠴᠢᠭᠰᠡᠨ ᠮᠢᠬ᠎ᠠ ᠪᠠᠨ ᠪᠤᠯᠭᠤᠵᠤ | ᠢᠳᠡᠳᠡᠭ ᠪᠠᠶᠢᠭᠰᠠᠨ ᠨᠢ ᠠᠷᠾᠧᠯᠤᠬᠢ ᠶᠢᠨ ᠤᠯᠳᠠᠪᠤᠷᠢ ᠪᠤᠯᠤᠨ ᠬᠠᠭᠤᠴᠢ ᠰᠤᠳᠤᠯᠤᠯ ᠤᠳ ᠲᠤ ᠤᠯᠠ ᠮᠦᠷ ᠢᠶᠠᠨ ᠦᠯᠡᠳᠡᠬᠡᠵᠠᠢ᠃ ᠡᠨᠡ ᠨᠢ ᠮᠢᠬ᠎ᠠ ᠶᠢ ᠬᠠᠭᠠᠷᠢᠵᠤ ᠪᠤᠯᠭᠤᠬᠤ | ᠠᠷᠭ᠎ᠠ ᠪᠤᠯᠬᠤ ᠪᠦᠬᠡᠳ ᠰᠡᠬᠦᠯ ᠤᠨ ᠦᠶ᠎ᠠ ᠳᠤ ︽ᠦᠬᠡᠷ ᠤᠨ ᠮᠢᠬ᠎ᠠ ᠶᠢ ᠴᠢᠯᠠᠭᠤᠨ ᠳᠤ ᠬᠠᠭᠠᠷᠢᠬᠤ︾᠂ ︽ᠴᠢᠯᠠᠭᠤ ᠪᠠᠷ ᠬᠠᠭᠠᠷᠢᠭᠰᠠᠨ ᠮᠢᠬ᠎ᠠ︾ ᠵᠡᠷᠬᠡ ᠬᠠᠭᠤᠷᠤᠯᠭ᠎ᠠ | ᠬᠠᠭᠠᠷᠢᠯᠭ᠎ᠠ ᠶᠢᠨ ᠨᠤᠭᠤᠭ᠎ᠠ ᠶᠢᠨ ᠳᠤᠰᠬᠠᠢ ᠨᠠᠷ ᠠ ᠪᠠ ᠤᠷ᠎ᠠ ᠮᠡᠷᠬᠡᠵᠢᠯ ᠢᠶᠠᠷ ᠤᠯᠠᠮᠵᠢᠯᠠᠭᠳᠠᠭᠰᠠᠭᠠᠷ ᠢᠷᠡᠵᠠᠢ᠃ | | | | ᠤᠯᠠᠭᠠᠨ ᠢᠳᠡᠬᠡᠨ ᠬᠠᠳᠠᠭᠠᠯᠠᠬᠤ ᠤᠷ᠎ᠠ ᠮᠡᠷᠬᠡᠵᠢᠯ | | ᠮᠤᠩᠭᠤᠯᠴᠤᠳ ᠤᠢᠢᠯᠡᠳᠪᠤᠷᠢᠯᠠᠯ ᠠᠮᠢᠳᠤᠷᠠᠯ ᠤᠨ ᠤᠢᠢᠯᠡᠳᠤᠯᠬᠡ ᠳᠤᠮᠳᠠ ᠪᠠᠨ ᠤᠷᠤᠰᠢᠨ ᠠᠮᠢᠳᠤᠷᠠᠭᠰᠠᠨ ᠪᠠᠶᠢᠭᠠᠯᠢ ᠶᠢᠨ ᠤᠷᠴᠢᠨ ᠪᠤᠯᠤᠨ ᠨᠡᠬᠦᠳᠡᠯᠯᠠᠨ ᠮᠠᠯᠵᠢᠬᠤ | ᠪᠤᠳᠠᠳᠤ ᠪᠠᠶᠢᠳᠠᠯ ᠳᠠᠭᠠᠨ ᠵᠤᠬᠢᠴᠠᠭᠤᠯᠵᠤ᠂ ᠤᠯᠠᠭᠠᠨ ᠢᠳᠡᠭᠡ ᠶᠢ ᠬᠠᠳᠠᠭᠠᠯᠠᠵᠤ ᠨᠦᠬᠡᠴᠡᠯᠡᠬᠦ ᠤᠯᠠᠨ ᠵᠦᠢᠯ ᠤᠨ ᠠᠷᠭ᠎ᠠ ᠶᠢ ᠡᠬᠦᠳᠴᠤ᠂ ᠪᠠᠶᠠᠯᠢᠬ ᠳᠤᠷᠰᠢᠯᠭ᠎ᠠ | ᠬᠤᠷᠠᠮᠳᠤᠭᠤᠯᠤᠭᠰᠠᠨ ᠶᠤᠮ᠃ ᠶᠠᠷᠤᠩᠬᠡᠢ ᠳᠤᠨᠢ ᠬᠡᠯᠡᠪᠡᠯ᠂ ᠬᠠᠳᠠᠭᠠᠬᠤ᠂ ᠳᠠᠪᠤᠰᠤᠯᠠᠬᠤ᠂ ᠰᠢᠷᠭᠠᠭᠠᠬᠤ᠂ ᠬᠦᠯᠳᠡᠬᠡᠬᠦ ᠵᠡᠷᠬᠡ ᠠᠷᠭ᠎ᠠ ᠨᠤᠭᠤᠳ ᠪᠠᠶᠢᠳᠠᠭ᠃ ᠡᠳᠡᠬᠡᠷ ᠠᠷᠭ᠎ᠠ ᠪᠠᠷ | ᠬᠠᠳᠠᠭᠠᠯᠠᠵᠤ ᠨᠦᠬᠡᠴᠡᠯᠡᠭᠰᠡᠨ ᠮᠢᠬ᠎ᠠ ᠨᠢ ᠠᠳᠠᠯᠢ ᠪᠤᠰᠤ ᠶᠢᠨ ᠦᠨᠤᠷ ᠠᠮᠳᠠᠳᠠᠢ ᠪᠦᠬᠡᠳ ᠮᠢᠬᠠᠨ ᠤ ᠴᠢᠨᠠᠷ ᠢ ᠬᠤᠪᠢᠷᠠᠭᠤᠯᠬᠤ ᠦᠬᠡᠢ ᠤᠳᠠᠭᠠᠨ ᠬᠠᠳᠠᠭᠠᠯᠠᠬᠤ ᠪᠠ ᠤᠳᠤᠷ | ᠨᠡᠬᠦᠳᠡᠯ᠂ ᠠᠶᠠᠨ ᠵᠢᠩ ᠳᠤ ᠠᠪᠴᠤ ᠶᠠᠪᠤᠬᠤ ᠳᠤ ᠳᠦᠬᠦᠮ ᠪᠠᠶᠢᠳᠠᠭ ᠤᠨᠴᠠᠯᠢᠬ ᠲᠠᠢ᠃ | ᠬᠠᠳᠠᠭᠠᠵᠤ ᠬᠠᠳᠠᠭᠠᠯᠠᠬᠤ | ᠳᠠᠪᠤᠨ ᠬᠤᠰᠢᠭᠤ ᠮᠠᠯ ᠪᠤᠯᠤᠨ ᠠᠡᠭ ᠬᠦᠷᠤᠬᠡᠰᠤᠨ ᠤ ᠮᠢᠬ᠎ᠠ ᠶᠢ ᠬᠠᠳᠠᠭᠠᠵᠤ ᠬᠠᠳᠠᠭᠠᠯᠠᠭᠠᠳ ᠨᠦᠬᠡᠴᠡᠯᠠᠨ ᠢᠳᠡᠳᠡᠭ᠃ ᠮᠢᠬ᠎ᠠ ᠶᠢ ᠬᠠᠳᠠᠭᠠᠵᠤ ᠬᠠᠳᠠᠭᠠᠯᠠᠬᠤ ᠳᠤ | ᠱᠤᠯᠤᠭᠰᠠᠨ ᠮᠢᠬ᠎ᠠ ᠪᠠᠨ ᠪᠤᠷᠴᠠᠯᠠᠵᠤ ᠬᠠᠳᠠᠭᠠᠬᠤ ᠪᠤᠶᠤ ᠮᠦᠴᠢ ᠬᠡᠰᠢᠬᠦᠤ ᠪᠠᠷ ᠨᠢ ᠰᠠᠯᠭᠠᠵᠤ ᠮᠦᠴᠢᠯᠡᠵᠤ ᠬᠠᠳᠠᠭᠠᠬᠤ ᠠᠳᠠᠯᠢ ᠪᠤᠰᠤ ᠠᠷᠭ᠎ᠠ ᠪᠠᠶᠢᠳᠠᠭ᠃ ᠵᠤᠨ᠂ ᠨᠠᠮᠤᠷ ᠤᠨ | ᠤᠯᠠᠷᠢᠯ ᠳᠤ ᠮᠢᠬ᠎ᠠ ᠬᠠᠳᠠᠭᠠᠬᠤ ᠳᠠᠭᠠᠨ ᠶᠠᠰᠤᠨ ᠠᠴᠠ ᠨᠢ ᠱᠤᠯᠤᠵᠤ ᠠᠪᠤᠭᠰᠠᠨ ᠮᠢᠬ᠎ᠠ ᠪᠠᠨ ᠨᠠᠷᠢᠨ ᠵᠦᠰᠦᠵᠤ ᠪᠤᠷᠴᠠ ᠪᠤᠯᠭᠠᠨ ᠬᠠᠳᠠᠭᠠᠳᠠᠭ᠃ ᠢᠡᠭᠬᠢᠵᠤ ᠬᠠᠳᠠᠭᠠᠬᠤ ᠳᠠᠭᠠᠨ | ᠪᠤᠷᠴᠠᠯᠠᠭᠰᠠᠨ ᠮᠢᠬ᠎ᠠ ᠪᠠᠨ ᠠᠶᠢᠷᠠᠭ ᠤᠨ ᠰᠢᠷ᠎ᠠ ᠤᠰᠤᠨ ᠳᠤ ᠳᠦᠷᠤᠬᠦ ᠪᠤᠶᠤ ᠳᠠᠪᠤᠰᠤ ᠨᠦᠳᠤᠨ ᠳᠦᠷᠬᠢᠵᠦ᠂ ᠭᠤᠯᠢᠷ ᠦᠷᠤᠵᠤ᠂ ᠰᠠᠯᠬᠢ ᠨᠡᠪᠳᠡᠷᠡᠬᠦ ᠰᠡᠷᠢᠬᠦᠨ ᠭᠠᠵᠠᠷ ᠲᠤ | ᠡᠯᠬᠦᠳᠡᠭ᠃ | ᠳᠠᠪᠤᠰᠤᠯᠠᠵᠤ ᠬᠠᠳᠠᠭᠠᠯᠠᠬᠤ | ᠳᠠᠪᠤᠨ ᠬᠤᠰᠢᠭᠤ ᠮᠠᠯ ᠪᠤᠯᠤᠨ ᠠᠡᠭ ᠬᠦᠷᠤᠬᠡ ᠶᠢᠨ ᠮᠢᠬ᠎ᠠ ᠶᠢ ᠨᠢᠮᠬᠡᠨ ᠬᠡᠷᠴᠢᠵᠤ᠂ ᠨᠦᠳᠤᠵᠤ ᠨᠤᠨᠳᠠᠭᠯᠠᠭᠰᠠᠨ ᠳᠠᠪᠤᠰᠤ ᠦᠷᠤᠬᠡᠳ᠂ ᠸᠠᠭᠠᠷ ᠰᠠᠪᠠ ᠪᠤᠶᠤ ᠫᠠᠯᠠᠠ | ᠰᠠᠪᠠᠨ ᠳᠤ ᠳᠠᠷᠤᠰᠢᠭᠤᠯᠤᠨ ᠬᠢᠵᠤ᠂ ᠠᠮᠠᠰᠠᠷ ᠨᠢ ᠢᠳᠡᠬᠡᠯᠡᠭᠰᠡᠨ ᠬᠦᠵᠡᠭᠡ ᠪᠤᠶᠤ ᠢᠯᠬᠢ ᠪᠠᠷ ᠪᠢᠳᠡᠬᠦᠯᠠᠨ ᠰᠠᠯᠬᠢ ᠤᠷᠤᠭᠤᠯᠬᠤ ᠦᠬᠡᠢ ᠪᠠᠷ ᠰᠡᠷᠢᠬᠦᠨ ᠭᠠᠵᠠᠷ ᠲᠤ ᠬᠠᠳᠠᠭᠠᠯᠠᠳᠠᠭ | ᠃ ᠢᠡᠭᠬᠢᠵᠤ ᠬᠠᠳᠠᠭᠠᠯᠠᠭᠰᠠᠨ ᠮᠢᠬ᠎ᠠ ᠶᠢ ᠰᠡᠷᠢᠬᠦᠨ ᠪᠠᠶᠢᠯᠭᠠᠬᠤ ᠶᠢᠨ ᠳᠦᠯᠤᠬᠡ ᠵᠤᠨ᠂ ᠨᠠᠮᠤᠷ ᠤᠨ ᠤᠯᠠᠷᠢᠯ ᠳᠤ ᠮᠢᠬ᠎ᠠ ᠬᠢᠭᠰᠡᠨ ᠸᠠᠭᠠᠷ ᠰᠠᠪᠠ᠂ ᠫᠠᠯᠠᠨ ᠰᠠᠪᠠ ᠪᠠᠨ | ᠬᠤᠳᠳᠤᠭ ᠤᠨ ᠬᠦᠢᠳᠡᠨ ᠤᠰᠤᠨ ᠳᠤ ᠳᠡᠬᠦᠵᠢᠯᠡᠬᠦ᠂ ᠭᠠᠵᠠᠷ ᠢ ᠤᠬᠤᠵᠤ ᠤᠰᠤᠨ ᠳᠤ ᠰᠠᠭᠤᠯᠭᠠᠬᠤ ᠪᠤᠶᠤ ᠬᠦᠨ ᠮᠠᠯᠳᠠᠭᠰᠠᠨ ᠵᠤᠭᠤᠷᠢ ᠳᠤ ᠬᠠᠳᠠᠭᠠᠯᠠᠬᠤ ᠵᠡᠷᠬᠡ ᠠᠷᠭ᠎ᠠ ᠶᠢ | ᠠᠪᠳᠠᠭ᠃ | ᠰᠢᠷᠭᠠᠭᠠᠵᠤ ᠬᠠᠳᠠᠭᠠᠯᠠᠬᠤ | ᠬᠠᠪᠤᠷ᠂ ᠵᠤᠨ᠂ ᠨᠠᠮᠤᠷ ᠤᠨ ᠤᠯᠠᠷᠢᠯ ᠳᠤ ᠦᠬᠡᠷ᠂ ᠬᠤᠨᠢ᠂ ᠢᠮᠠᠭᠠᠨ ᠤ ᠮᠢᠬ᠎ᠠ ᠶᠢ ᠵᠢᠵᠢᠭ ᠬᠡᠷᠴᠢᠵᠤ᠂ ᠳᠠᠪᠤᠰᠤ ᠶᠢ ᠨᠢ ᠳᠠᠭᠠᠷᠠᠭᠤᠯᠵᠤ ᠪᠠᠭ᠎ᠠ ᠬᠡᠮᠵᠢᠶᠡᠨ ᠤ ᠤᠰᠤ | ᠬᠢᠭᠰᠡᠨ ᠤ ᠳᠠᠷᠠᠭ᠎ᠠ᠂ ᠵᠦᠬᠡᠯᠠᠨ ᠭᠠᠯ ᠢᠶᠠᠷ ᠪᠤᠴᠠᠯᠭᠠᠵᠤ᠂ ᠤᠰᠤ ᠶᠢ ᠨᠢ ᠰᠢᠷᠬᠢᠬᠡᠵᠤ᠂ ᠳᠤᠰᠤ ᠭᠠᠷᠳᠠᠯ᠎ᠠ ᠨᠢ ᠰᠢᠷᠭᠠᠭᠠᠳᠠᠭ᠃ ᠰᠢᠷᠭᠠᠭᠠᠭᠰᠠᠨ ᠮᠢᠬ᠎ᠠ ᠪᠠᠨ ᠸᠠᠭᠠᠷ ᠰᠠᠪᠠ᠂ | ᠫᠠᠯᠠᠨ ᠰᠠᠪᠠ ᠳᠤ ᠳᠠᠷᠤᠰᠢᠭᠤᠯᠤᠨ ᠬᠢᠵᠤ᠂ ᠰᠡᠷᠢᠬᠦᠨ ᠭᠠᠵᠠᠷ ᠲᠤ ᠬᠠᠳᠠᠭᠠᠯᠠᠳᠠᠭ᠃ | ᠬᠦᠯᠳᠡᠬᠡᠵᠤ ᠬᠠᠳᠠᠭᠠᠯᠠᠬᠤ | ᠮᠤᠩᠭᠤᠯᠴᠤᠳ ᠮᠢᠬ᠎ᠠ ᠶᠢ ᠬᠦᠯᠳᠡᠬᠡᠵᠤ ᠬᠠᠳᠠᠭᠠᠯᠠᠬᠤ ᠳᠠᠯ ᠠ ᠪᠠᠷ ᠡᠷᠳᠡᠨ ᠤ ᠤᠯᠠᠮᠵᠢᠯᠠᠯ ᠲᠠᠢ ᠪᠦᠬᠡᠳ ᠤᠷ᠎ᠠ ᠮᠡᠷᠬᠡᠵᠢᠯ ᠨᠢ ᠴᠤ ᠭᠠᠶᠢᠬᠠᠮᠰᠢᠭ ᠪᠠᠶᠢᠳᠠᠭ᠃ ᠡᠪᠤᠯ ᠤᠨ | ᠢᠳᠡᠰᠢ ᠪᠠᠨ ᠢᠳᠡᠭᠰᠡᠨ ᠤ ᠳᠠᠷᠠᠭ᠎ᠠ᠂ ᠬᠠᠪᠤᠷ ᠢᠳᠡᠬᠦ ᠮᠢᠬ᠎ᠠ ᠪᠠᠨ ᠨᠦᠬᠡᠴᠡᠯᠡᠵᠤ ᠬᠠᠳᠠᠭᠠᠯᠠᠬᠤ ᠪᠠᠷ ᠬᠦᠯᠳᠡᠬᠡᠬᠦ ᠳᠡᠭᠡᠨ ᠮᠦᠴᠢᠯᠡᠵᠤ ᠬᠦᠯᠳᠡᠬᠡᠬᠦ᠂ ᠬᠠᠪᠰᠤᠷᠴᠤ ᠬᠦᠯᠳᠡᠬᠡᠬᠦ᠂ | ᠬᠦᠵᠡᠬᠡᠯᠡᠵᠤ ᠬᠦᠯᠳᠡᠬᠡᠬᠦ᠂ ᠠᠪᠳᠠᠷᠠᠯᠠᠵᠤ ᠬᠦᠯᠳᠡᠬᠡᠬᠦ᠂ ᠮᠦᠰᠤᠯᠡᠵᠤ ᠬᠦᠯᠳᠡᠬᠡᠬᠦ᠂ ᠪᠤᠷᠴᠠᠯᠠᠵᠤ ᠬᠦᠯᠳᠡᠬᠡᠬᠦ ᠵᠡᠷᠬᠡ ᠤᠯᠠᠨ ᠵᠦᠢᠯ ᠤᠨ ᠤᠷ᠎ᠠ ᠮᠡᠷᠬᠡᠵᠢᠯ ᠢ ᠬᠡᠷᠡᠭᠯᠡᠳᠡᠭ ᠪᠠᠶᠢᠨ᠎ᠠ᠃ | ᠮᠦᠴᠢᠯᠡᠵᠤ ᠬᠦᠯᠳᠡᠬᠡᠬᠦ ᠊᠊᠊᠊᠊ ᠢᠳᠡᠰᠢᠨ ᠳᠤ ᠬᠡᠷᠡᠭᠯᠡᠬᠦ ᠮᠠᠯ ᠤᠨ ᠮᠢᠬ᠎ᠠ ᠶᠢ ᠳᠦᠷᠪᠡᠨ ᠮᠦᠴᠢ᠂ ᠡᠪᠴᠢᠬᠦᠤ᠂ ᠬᠦᠵᠤᠬᠦᠤ ᠰᠡᠬᠡᠷ᠂ ᠤᠭᠤᠴᠠ ᠪᠠᠷ ᠨᠢ ᠮᠦᠴᠢᠯᠠᠨ | ᠰᠠᠯᠭᠠᠵᠤ ᠬᠡᠤᠳᠠᠢ ᠰᠠᠪᠠᠨ ᠳᠤ ᠬᠢᠵᠤ ᠬᠦᠯᠳᠡᠬᠡᠬᠦ ᠪᠤᠶᠤ ᠠᠷᠠᠰᠤᠨ ᠳᠤ ᠪᠤᠭᠤᠵᠤ ᠬᠦᠯᠳᠡᠬᠡᠳᠡᠭ᠃ | ᠬᠠᠪᠰᠤᠷᠴᠤ ᠬᠦᠯᠳᠡᠬᠡᠬᠦ ᠊᠊᠊᠊᠊ ᠢᠳᠡᠰᠢᠨ ᠳᠤ ᠪᠡᠯᠡᠳᠬᠡᠭᠰᠡᠨ ᠬᠤᠨᠢ᠂ ᠢᠮᠠᠭᠠᠨ ᠤ ᠮᠢᠬ᠎ᠠ ᠶᠢ ᠨᠢᠷᠤᠭᠤᠨ ᠭᠤᠤᠯ ᠠᠴᠠ ᠨᠢ ᠨᠢᠬᠡ ᠦᠶ᠎ᠠ ᠰᠠᠯᠭᠠᠵᠤ ᠠᠪᠤᠭᠠᠳ ᠡᠯᠢᠬᠡᠨ | ᠳᠠᠯ᠎ᠠ ᠪᠠᠷ ᠨᠢ ᠪᠦᠭᠳᠤᠷᠢᠯᠠᠨ ᠨᠤᠭᠤᠯᠬᠤ ᠶᠢ ᠬᠠᠪᠰᠤᠷᠬᠤ ᠪᠤᠶᠤ ᠬᠠᠪᠰᠤᠷᠤᠭ᠎ᠠ ᠬᠡᠳᠡᠭ᠃ ᠬᠠᠪᠰᠤᠷᠤᠭᠰᠠᠨ ᠮᠢᠬ᠎ᠠ ᠪᠠᠨ ᠰᠢᠭᠤᠳ ᠬᠦᠯᠳᠡᠬᠡᠬᠦ ᠪᠤᠶᠤ ᠠᠷᠠᠰᠤᠨ ᠳᠤ ᠪᠤᠭᠤᠵᠤ | ᠬᠦᠯᠳᠡᠬᠡᠬᠡᠳ᠂ ᠬᠠᠪᠤᠷ ᠤᠨ ᠤᠯᠠᠷᠢᠯ ᠳᠤ ᠢᠳᠡᠬᠦ ᠪᠠᠷ ᠨᠦᠬᠡᠴᠡᠯᠡᠳᠡᠭ᠃ | ᠬᠦᠵᠡᠬᠡᠯᠡᠵᠤ ᠬᠦᠯᠳᠡᠬᠡᠬᠦ ᠊᠊᠊᠊᠊ ᠢᠳᠡᠰᠢᠨ ᠳᠤ ᠪᠡᠯᠡᠳᠬᠡᠭᠰᠡᠨ ᠦᠬᠡᠷ᠂ ᠬᠤᠨᠢ᠂ ᠢᠮᠠᠭᠠᠨ ᠤ ᠮᠢᠬ᠎ᠠ ᠶᠢ ᠦᠶ᠎ᠠ ᠬᠡᠰᠢᠬᠦᠤ ᠪᠠᠷ ᠨᠢ ᠰᠠᠯᠭᠠᠵᠤ᠂ ᠬᠦᠵᠡᠬᠡᠨ ᠳᠤᠨᠢ ᠬᠢᠵᠤ | ᠬᠦᠯᠳᠡᠬᠡᠳᠡᠭ᠃ | ᠠᠪᠳᠠᠷᠠᠯᠠᠵᠤ ᠬᠦᠯᠳᠡᠬᠡᠬᠦ ᠊᠊᠊᠊᠊ ᠢᠳᠡᠰᠢᠨ ᠤ ᠮᠢᠬ᠎ᠠ ᠶᠢ ᠬᠠᠳᠠᠭᠠᠯᠠᠵᠤ ᠨᠦᠬᠡᠴᠡᠯᠡᠬᠦ ᠳᠡᠭᠡᠨ ᠠᠪᠳᠠᠷᠠᠯᠠᠵᠤ ᠬᠦᠯᠳᠡᠬᠡᠬᠦ ᠠᠷᠭ᠎ᠠ ᠪᠠᠶᠢᠳᠠᠭ᠃ ᠨᠠᠮᠤᠷ ᠤᠨ ᠰᠡᠬᠦᠯᠴᠢ ᠪᠠᠷ | ᠦᠬᠡᠷ ᠤᠨ ᠪᠠᠭᠠᠰᠤ ᠶᠢ ᠬᠤᠮᠤᠭ ᠲᠠᠢ ᠵᠢᠭᠤᠷᠠᠵᠤ ᠳᠦᠷᠪᠡᠯᠵᠢᠨ ᠠᠪᠳᠠᠷ᠎ᠠ ᠬᠢᠵᠤ ᠰᠡᠪᠡᠷᠡᠬᠡᠬᠦ ᠪᠤᠶᠤ ᠬᠦᠯᠳᠡᠬᠡᠬᠡᠳ᠂ ᠬᠦᠢᠳᠡᠷᠡᠭᠰᠡᠨ ᠤ ᠳᠠᠷᠠᠭ᠎ᠠ ᠳᠤᠳᠤᠷ᠎ᠠ᠂ ᠭᠠᠳᠠᠷ ᠨᠢ ᠤᠰᠤ | ᠰᠦᠷᠴᠢᠪᠠᠯ ᠮᠦᠰᠤ ᠪᠠᠷᠢᠯᠳᠤᠨ ᠬᠦᠯᠳᠡᠬᠡᠳ ᠮᠦᠰᠤᠨ ᠠᠪᠳᠠᠷ᠎ᠠ ᠪᠤᠯᠳᠠᠭ᠃ | ᠮᠦᠰᠤᠯᠡᠵᠤ ᠬᠦᠯᠳᠡᠬᠡᠬᠦ ᠊᠊᠊᠊᠊ ᠢᠳᠡᠰᠢᠨ ᠤ ᠮᠢᠬ᠎ᠠ ᠪᠠᠨ ᠠᠷᠠᠰᠤᠨ ᠳᠤᠨᠢ ᠪᠤᠭᠤᠵᠤ᠂ ᠴᠠᠰᠤ ᠪᠠᠷ ᠬᠤᠴᠢᠭᠠᠳ ᠳᠡᠬᠡᠷ᠎ᠠ ᠨᠢ ᠤᠰᠤ ᠠᠰᠬᠠᠪᠠᠯ ᠵᠤᠵᠠᠭᠠᠨ ᠮᠦᠰᠤᠨ | ᠬᠤᠴᠢᠯᠭ᠎ᠠ ᠲᠠᠢ ᠪᠤᠯᠳᠠᠭ᠃ ᠢᠡᠭᠬᠢᠵᠤ ᠬᠦᠯᠳᠡᠬᠡᠭᠰᠡᠨ ᠮᠢᠬ᠎ᠠ ᠬᠠᠪᠤᠷ ᠤᠨ ᠤᠯᠠᠷᠢᠯ ᠳᠤ ᠴᠠᠰᠤ᠂ ᠮᠦᠰᠤ ᠬᠠᠶᠢᠯᠵᠤ ᠳᠠᠭᠤᠰᠳᠠᠯ᠎ᠠ ᠤᠳᠠᠭᠠᠨ ᠬᠠᠳᠠᠭᠠᠯᠠᠵᠤ ᠴᠢᠳᠠᠬᠤ ᠪᠦᠬᠡᠳ | ᠨᠠᠷᠠ ᠦᠵᠡᠬᠦ ᠦᠬᠡᠢ᠂ ᠰᠠᠯᠬᠢ ᠨᠡᠪᠳᠡᠷᠡᠬᠦ ᠦᠬᠡᠢ ᠪᠤᠯᠬᠤᠷ ᠰᠢᠨ᠎ᠠ ᠰᠤᠷᠭᠤᠭ ᠢᠶᠠᠷ ᠢᠶᠠᠨ ᠪᠠᠶᠢᠵᠤ ᠴᠢᠳᠠᠳᠠᠭ᠃ | ᠪᠤᠷᠴᠠᠯᠠᠵᠤ ᠬᠦᠯᠳᠡᠬᠡᠬᠦ ᠊᠊᠊᠊᠊ ᠢᠳᠡᠰᠢᠨ ᠤ ᠮᠢᠬ᠎ᠠ ᠪᠠᠨ ᠱᠤᠯᠤᠵᠤ ᠪᠦᠳᠤᠬᠦᠨ ᠰᠢᠭ ᠵᠦᠰᠦᠵᠤ ᠪᠤᠷᠴᠠᠯᠠᠭᠠᠳ ᠡᠯᠬᠦᠵᠤ ᠬᠦᠯᠳᠡᠬᠡᠪᠡᠯ ᠮᠢᠬ᠎ᠠ ᠨᠢ ᠬᠦᠪᠰᠤᠬᠡᠷ ᠵᠦᠬᠡᠯᠠᠨ᠂ | ᠦᠡᠭᠬᠡ ᠨᠢ ᠴᠠᠶᠢᠷᠠᠩᠭᠤᠢ ᠴᠠᠭᠠᠨ᠂ ᠢᠳᠡᠬᠦ ᠳᠤ ᠠᠮᠳᠠᠯᠢᠬ ᠰᠠᠶᠢᠬᠠᠨ ᠪᠠᠶᠢᠳᠠᠭ᠃ | ︵ᠳᠤᠰ ᠨᠢᠭᠤᠷ ᠤᠨ ᠡᠬᠡ ᠪᠢᠴᠢᠭ ᠢ ︽ᠮᠤᠩᠭᠤᠯ ᠵᠠᠩ ᠤᠢᠢᠯᠠ ᠰᠤᠶᠤᠯ᠂ ᠢᠳᠡᠬᠡᠨ ᠤᠮᠳᠠᠭᠠᠨ ᠤ ᠵᠠᠩ ᠤᠢᠢᠯᠠ︾ ᠠᠴᠠ ᠪᠠᠭᠤᠯᠭᠠᠪᠠ︶ |