ᠬᠤᠷᠴᠢᠨ ᠲᠠᠷᠢᠶᠠᠴᠢᠳ ᠤᠨ ᠨᠣᠳᠤᠬ ᠣᠰᠣᠨ ᠤ ᠨᠠᠪᠳᠠᠬ ᠰᠠᠪᠳᠠᠬ | ᠬᠤᠷᠴᠢᠨ ᠲᠠᠷᠢᠶᠠᠴᠢᠳ ᠠᠴᠠ ᠠᠮᠢᠳᠣᠷᠠᠯ ᠠᠬᠤᠢ ᠶᠢᠨ ᠲᠡᠭᠡᠭᠰᠢᠯᠡᠵᠦ ᠣᠷᠣᠭᠤᠳᠠᠬᠤ ᠨᠢ ᠨᠣᠳᠤᠬ ᠣᠰᠣᠨ ᠤ ᠨᠠᠪᠳᠠᠬ ᠰᠠᠪᠳᠠᠬ ᠲᠠᠢ ᠰᠢᠭᠤᠳ | ᠬᠤᠯᠪᠣᠭ᠎ᠠ ᠲᠠᠢ ᠭᠡᠵᠦ ᠦᠵᠡᠳᠡᠭ ᠠᠴᠠ ᠨᠣᠳᠤᠬ ᠰᠢᠯᠵᠢᠬᠦ ᠪᠣᠶᠣ ᠰᠢᠨ᠎ᠡ ᠭᠡᠷ ᠪᠠᠷᠢᠬᠤ ᠳᠠᠭᠠᠨ ᠯᠠᠮᠠ ᠪᠣᠶᠣ ᠪᠦᠬᠡ᠂ ᠲᠦᠯᠭᠡᠴᠢ ᠵᠠᠯᠠᠵᠦ ᠨᠣᠳᠤᠬ ᠣᠰᠣᠨ ᠤ ᠪᠠᠨ | ᠨᠠᠪᠳᠠᠬ ᠰᠠᠪᠳᠠᠬ ᠢᠶᠠᠨ ᠰᠢᠨᠵᠢᠭᠦᠯᠵᠦ ᠠᠶᠢᠯᠠᠳᠣᠭᠤᠯᠳᠠᠬ᠃ ᠵᠢᠷᠣᠬᠠᠢ ᠶᠢᠨ ᠣᠬᠠᠭᠠᠨ ᠳᠤ᠂ ᠨᠣᠳᠤᠬ ᠣᠰᠣ ᠪᠠᠭᠤᠬᠤ᠂ ᠣᠡᠭᠭᠤᠨ ᠬᠡᠭᠦᠷ ᠲᠠᠯᠪᠢᠬᠤ᠂ ᠭᠡᠷ ᠣᠷᠣᠨ | ᠪᠠᠶᠢᠭᠤᠯᠬᠤ ᠶᠢ ᠰᠢᠨᠵᠢᠬᠦ ᠳᠤ ᠶᠡᠷᠦ ᠠᠴᠠ ᠮᠣᠳᠣ᠂ ᠭᠠᠯ᠂ ᠰᠢᠷᠣᠢ᠂ ᠲᠡᠮᠦᠷ᠂ ᠣᠰᠣ ᠲᠠᠪᠣᠨ ᠮᠠᠬᠠᠪᠣᠳ ᠠᠷᠭ᠎ᠠ ᠪᠢᠯᠢᠭ ᠬᠢᠭᠡᠳ ᠣᠬᠳᠠᠷᠭᠤᠢ᠂ ᠣᠰᠣ᠂ ᠠᠭᠤᠯᠠ | ᠂ ᠮᠣᠳᠣ᠂ ᠬᠡᠢ᠂ ᠭᠠᠯ᠂ ᠰᠢᠷᠣᠢ᠂ ᠲᠡᠮᠦᠷ ᠵᠡᠷᠭᠡ ᠨᠠᠢᠮᠠᠨ ᠣᠷᠣᠨ ᠲᠠᠢ ᠣᠶᠠᠯᠳᠣᠭᠤᠯᠣᠨ ᠰᠢᠨᠵᠢᠳᠡᠭ ᠶᠣᠮ᠃ ᠶᠡᠷᠦ ᠳᠡᠭᠡᠨ ᠨᠣᠳᠤᠬ ᠣᠰᠣ ᠪᠠᠭᠤᠬᠤ ᠳᠤ ᠠᠷᠣ | ᠲᠦᠰᠢᠯᠭᠡ ᠶᠢᠨ ᠠᠭᠤᠯᠠ ᠪᠣᠶᠣ ᠮᠠᠩᠬ᠎ᠠ ᠨᠢ ᠦᠨᠳᠦᠷ ᠰᠦᠷᠯᠢᠭ᠂ ᠣᠢ ᠰᠢᠭᠤᠢ ᠨᠢ ᠰᠣᠷᠭᠤᠬ ᠰᠠᠬᠤᠯᠢᠬ᠂ ᠵᠡᠭᠦᠨ ᠲᠠᠯ᠎ᠠ ᠪᠠᠷ ᠢᠶᠠᠨ ᠠᠭᠤᠯᠠ ᠨᠢ ᠶᠡᠭᠡ | ᠴᠢᠯᠠᠭᠤ ᠲᠠᠢ ᠪᠦᠭᠡᠳ ᠵᠦᠯᠭᠡ ᠲᠠᠢ ᠠᠷᠣ ᠲᠦᠰᠢᠯᠭᠡ ᠠᠴᠠ ᠪᠠᠨ ᠪᠣᠭᠤᠨᠢ ᠰᠢᠬ ᠪᠣᠯ ᠰᠠᠶᠢᠨ ᠭᠡᠳᠡᠭ᠃ ᠡᠮᠦᠨ᠎ᠡ ᠵᠦᠭ ᠲᠤ ᠬᠦᠰᠢᠭᠡ ᠲᠠᠳᠠᠬᠰᠠᠨ ᠰᠢᠬ ᠦᠨᠳᠦᠷ | ᠠᠭᠤᠯᠠ ᠪᠣᠶᠣ ᠡᠷᠳᠡᠨᠢ ᠴᠣᠬᠴᠠᠯᠠᠬᠰᠠᠨ ᠠᠳᠠᠯᠢ ᠲᠣᠪᠤ ᠣᠪᠣᠭ᠎ᠠ ᠲᠠᠢ᠂ ᠪᠠᠷᠠᠭᠤᠨ ᠲᠠᠯ᠎ᠠ ᠳᠠᠭᠠᠨ ᠠᠷᠰᠯᠠᠨ ᠬᠡᠪᠳᠡᠭᠰᠡᠨ ᠰᠢᠭ ᠣᠯᠠᠭᠠᠨ ᠦᠡᠭᠭᠡᠳᠡᠢ ᠭᠤᠷᠪᠠᠯᠵᠢᠨ | ᠡᠰᠡᠬᠦᠯ᠎ᠡ ᠨᠠᠭᠤᠷ ᠪᠦᠷᠢᠳᠦ ᠭᠤᠣᠯ ᠭᠤᠷᠤᠬ᠎ᠠ ᠪᠠᠶᠢᠪᠠᠯ ᠮᠠᠰᠢ ᠰᠠᠶᠢᠨ ᠭᠡᠳᠡᠭ᠃ ᠡᠶᠢᠮᠦ ᠭᠠᠵᠠᠷ ᠰᠠᠭᠤᠪᠠᠯ ᠪᠠᠭᠠᠳᠣᠷ ᠴᠢᠳᠠᠯᠳᠠᠨ ᠭᠠᠷᠴᠦ᠂ ᠬᠦᠪᠡᠭᠦᠳ᠂ | ᠬᠡᠦᠬᠡᠨᠴᠦᠳ ᠭᠤᠶᠣ ᠭᠡᠭᠡᠨᠴᠢᠷ ᠲᠦᠷᠦᠵᠦ ᠣᠷᠳᠣ ᠨᠠᠰᠣᠯᠠᠨ ᠣᠳᠠᠭᠠᠨ ᠵᠢᠷᠭᠠᠵᠦ᠂ ᠡᠳ᠋ ᠮᠠᠯ ᠠᠷᠪᠢᠳᠣᠨ ᠦᠷ᠎ᠡ ᠠᠴᠢ ᠲᠡᠯᠭᠡᠷᠡᠨ᠎ᠡ ᠭᠡᠳᠡᠭ᠃ | ᠨᠠᠰᠣᠳᠠᠶᠢᠴᠣᠳ ᠤᠨ ᠬᠠᠭᠤᠴᠢᠯᠠᠬᠤ ᠪᠠᠷ᠂ ᠣᠣᠯ ᠤᠨ ᠴᠣᠬᠤᠷ ᠬᠠᠯᠬ᠎ᠠ ᠶᠢᠨ ᠬᠤᠰᠢᠭᠤᠨ ᠤ ᠵᠠᠰᠠᠬ ᠰᠠᠭᠤᠬᠰᠠᠨ ᠭᠠᠵᠠᠷ ᠨᠣᠶᠠᠨ ᠬᠤᠷᠢᠶ᠎ᠠ ᠶᠢ ᠪᠠᠶᠢᠭᠤᠯᠬᠤ ᠳᠤ | ᠬᠠᠯᠬ᠎ᠠ ᠸᠠᠩ ᠠᠴᠠ ᠣᠯᠠᠨ ᠰᠢᠨᠵᠢᠭᠡᠴᠢ ᠶᠢ ᠵᠠᠯᠠᠵᠦ ᠨᠣᠳᠤᠬ ᠣᠰᠣᠨ ᠤ ᠪᠠᠨ ᠨᠠᠪᠳᠠᠬ ᠰᠠᠪᠳᠠᠬ ᠢ ᠦᠵᠡᠭᠦᠯᠦᠭᠰᠡᠨ ᠭᠡᠨ᠎ᠡ᠃ ᠲᠦᠷᠦᠭᠦᠦ ᠣᠳᠠᠭ᠎ᠠ ᠨᠢ ᠬᠡᠳᠦᠨ | ᠬᠤᠰᠢᠭᠤ ᠳᠤ ᠠᠯᠳᠠᠷ ᠮᠠᠨᠳᠣᠬᠰᠠᠨ ᠨᠢᠭᠡᠨ ᠨᠡᠷᠡᠳᠦ ᠭᠡᠭᠡᠨ ᠢ ᠵᠠᠯᠠᠵᠦ ᠨᠣᠳᠤᠬ ᠰᠢᠨᠵᠢᠭᠦᠯᠦᠭᠰᠡᠨ ᠳᠤ ᠭᠡᠭᠡᠨ ᠠᠴᠠ ᠬᠤᠷᠳᠣᠨ ᠮᠣᠷᠢ ᠣᠨᠣᠵᠦ ᠬᠠᠯᠬ᠎ᠠ ᠶᠢᠨ | ᠬᠤᠰᠢᠭᠤᠨ ᠤ ᠨᠣᠳᠤᠬ ᠢᠶᠠᠷ ᠬᠡᠳᠦᠨ ᠡᠳᠦᠷ ᠲᠣᠭᠤᠷᠢᠵᠦ ᠰᠢᠨᠵᠢᠭᠡᠳ ᠨᠢᠭᠡᠨ ᠨᠠᠪᠳᠠᠬ ᠰᠠᠪᠳᠠᠬ ᠰᠠᠶᠢᠨ ᠭᠠᠵᠠᠷ ᠢ ᠦᠵᠡᠵᠦ ᠲᠣᠭᠤᠭᠠᠳ ᠭᠠᠣᠯᠢᠨ ᠵᠣᠭᠤᠰ | ᠣᠷᠬᠢᠭᠠᠳ ᠪᠣᠴᠠᠵᠦ ᠢᠷᠡᠭᠰᠡᠨ ᠢᠶᠠᠨ ᠸᠠᠩ ᠨᠣᠶᠠᠨ ᠳᠤ ᠮᠡᠳᠡᠭᠦᠯᠦᠭᠰᠡᠨ ᠭᠡᠨ᠎ᠡ᠃ ᠬᠤᠶᠠᠳᠣᠭᠠᠷ ᠣᠳᠠᠭ᠎ᠠ ᠨᠢ ᠬᠠᠯᠬ᠎ᠠ ᠸᠠᠩ ᠠᠴᠠ ᠨᠢᠭᠡᠨ ᠠᠯᠳᠠᠷᠳᠦ ᠪᠦᠭᠡ ᠶᠢ | ᠵᠠᠯᠠᠵᠦ ᠸᠠᠩ ᠤᠨ ᠣᠷᠳᠣᠨ ᠪᠠᠶᠢᠭᠤᠯᠬᠤ ᠨᠠᠪᠳᠠᠬ ᠰᠠᠪᠳᠠᠬ ᠢᠶᠠᠨ ᠰᠢᠨᠵᠢᠭᠦᠯᠪᠡ᠃ ᠪᠦᠭᠡ ᠮᠦᠨ ᠯᠡ ᠬᠤᠷᠳᠣᠨ ᠮᠣᠷᠢ ᠣᠨᠣᠵᠦ ᠴᠣᠬᠤᠷ ᠬᠠᠯᠬ᠎ᠠ ᠶᠢᠨ | ᠬᠤᠰᠢᠭᠤᠨ ᠤ ᠨᠣᠳᠤᠬ ᠢᠶᠠᠷ ᠬᠡᠳᠦᠨ ᠡᠳᠦᠷ ᠲᠣᠭᠤᠷᠢᠵᠦ ᠰᠢᠨᠵᠢᠭᠡᠳ ᠨᠢᠭᠡᠨ ᠰᠠᠶᠢᠨ ᠭᠠᠵᠠᠷ ᠢ ᠦᠵᠡᠵᠦ ᠲᠣᠭᠤᠭᠠᠳ ᠵᠡᠭᠦᠦ ᠬᠠᠳᠬᠤᠭᠠᠳ ᠪᠣᠴᠠᠵᠦ ᠢᠷᠡᠭᠰᠡᠨ | ᠭᠡᠨ᠎ᠡ᠃ ᠬᠡᠳᠦᠨ ᠡᠳᠦᠷ ᠤᠨ ᠬᠢᠨᠢ ᠲᠠᠷᠠᠭ᠎ᠠ ᠸᠠᠩ ᠨᠣᠶᠠᠨ ᠠᠴᠠ ᠦᠪᠡᠷ ᠤᠨ ᠪᠡᠶ᠎ᠡ ᠪᠠᠷ ᠢᠶᠠᠨ ᠬᠦᠳᠡᠯᠵᠦ ᠠᠯᠪᠠᠳᠦ ᠰᠠᠶᠢᠳ ᠢᠶᠠᠨ ᠲᠠᠭᠠᠭᠤᠯᠵᠦ ᠯᠠᠮᠠ ᠪᠣᠯᠣᠨ | ᠪᠦᠭᠡ ᠶᠢᠨ ᠲᠡᠮᠳᠡᠭ ᠲᠠᠯᠪᠢᠬᠰᠠᠨ ᠭᠠᠵᠠᠷ ᠢ ᠨᠢ ᠬᠠᠶᠢᠵᠦ ᠣᠴᠢᠭᠠᠳ ᠦᠵᠡᠬᠦ ᠳᠤ ᠭᠠᠦᠯᠢᠨ ᠵᠣᠭᠤᠰ ᠤᠨ ᠲᠦᠷᠪᠡᠯᠵᠢᠨ ᠨᠦᠬᠡᠨ ᠳᠤ ᠨᠢᠭᠡᠨ ᠵᠡᠭᠦᠦ ᠶᠢ | ᠬᠠᠳᠬᠤᠭᠠᠳ ᠪᠠᠶᠢᠬᠰᠠᠨ ᠢ ᠨᠢ ᠣᠯᠵᠦ ᠦᠵᠡᠭᠰᠡᠨ ᠭᠡᠨ᠎ᠡ᠃ ᠬᠠᠯᠬ᠎ᠠ ᠸᠠᠩ ᠠᠴᠠ ᠯᠠᠮᠠ ᠪᠣᠯᠣᠨ ᠪᠦᠭᠡ ᠶᠢᠨ ᠡᠷᠳᠡᠮ ᠴᠢᠳᠠᠪᠣᠷᠢ ᠶᠢ ᠶᠡᠬᠡᠳᠡ ᠪᠢᠰᠢᠷᠡᠵᠦ ᠰᠦᠵᠢᠭ | ᠲᠦᠷᠦᠵᠦ ᠲᠡᠳᠡ ᠬᠤᠶᠠᠭᠤᠯᠠ ᠶᠢᠨ ᠦᠵᠡᠵᠦ ᠲᠣᠭᠤᠬᠰᠠᠨ ᠭᠠᠵᠠᠷ ᠴᠣᠬᠤᠷ ᠬᠠᠯᠬ᠎ᠠ ᠶᠢᠨ ᠬᠤᠰᠢᠭᠤᠨ ᠤ ᠲᠦᠪ ᠪᠣᠯᠬᠤ ᠨᠣᠶᠠᠨ ᠬᠤᠷᠢᠶ᠎ᠠ ᠶᠢ ᠪᠠᠶᠢᠭᠤᠯᠣᠬᠰᠠᠨ | ᠭᠡᠳᠡᠭ᠃ | ᠬᠤᠷᠴᠢᠨ ᠤ ᠵᠠᠷᠢᠮ ᠭᠠᠵᠠᠷ ᠢᠶᠠᠷ ᠪᠠᠰᠠ ᠲᠠᠦᠯᠠᠢ ᠭᠤᠷᠭᠤᠣᠯ ᠬᠤᠶᠠᠭᠤᠯᠠ ᠣᠷᠣ ᠪᠣᠯᠢᠶᠠᠯᠳᠣᠵᠦ ᠬᠡᠷᠡᠯᠳᠦᠵᠦ ᠲᠡᠮᠡᠴᠡᠯᠳᠦᠵᠦ ᠪᠠᠶᠢᠬᠤ ᠭᠠᠵᠠᠷ ᠤᠨ ᠨᠠᠪᠳᠠᠬ | ᠰᠠᠪᠳᠠᠬ ᠨᠢ ᠰᠠᠶᠢᠨ ᠭᠡᠵᠦ ᠶᠠᠷᠢᠯᠴᠠᠳᠠᠬ᠃ ᠣᠣᠯ ᠤᠨ ᠪᠢᠡᠭᠳᠦ ᠶᠢᠨ ᠬᠤᠰᠢᠭᠤᠨ ᠤ ᠨᠢᠭᠡᠨ ᠮᠠᠯᠴᠢᠨ ᠠᠴᠠ ᠲᠠᠦᠯᠠᠢ ᠭᠤᠷᠭᠤᠣᠯ ᠬᠤᠶᠠᠭᠤᠯᠠ ᠡᠭᠦᠷ ᠪᠠᠷᠢᠬᠤ ᠭᠠᠵᠠᠷ | ᠪᠣᠯᠢᠶᠠᠯᠳᠣᠵᠦ ᠬᠡᠷᠡᠯᠳᠣᠵᠦ ᠪᠠᠶᠢᠬᠰᠠᠨ ᠭᠠᠵᠠᠷ ᠢ ᠣᠯᠵᠦ ᠬᠠᠷᠠᠭᠠᠳ ᠶᠡᠬᠡᠳᠡ ᠭᠠᠶᠢᠬᠠᠵᠦ ᠨᠣᠳᠤᠬ ᠰᠢᠯᠵᠢᠵᠦ ᠰᠠᠭᠤᠬᠰᠠᠨ ᠠᠴᠠ ᠭᠡᠷ ᠪᠠᠷᠢᠬᠤ ᠲᠡᠷᠡ ᠡᠳᠦᠷ ᠲᠡᠭᠡᠨ | ᠭᠠᠨᠭ᠌ ᠲᠠᠢ ᠮᠦᠡᠭᠬᠦ ᠣᠯᠵᠦ ᠶᠡᠬᠡᠳᠡ ᠪᠠᠶᠠᠵᠢᠬᠰᠠᠨ ᠭᠡᠳᠡᠭ᠃ ᠭᠡᠪᠡᠴᠦ ᠡᠶᠢᠮᠦᠷᠬᠦᠦ ᠦᠵᠡᠭᠳᠡᠯ ᠨᠢ ᠬᠦᠮᠦᠨ ᠪᠦᠬᠦᠨ ᠳᠤ ᠬᠠᠷᠭᠤᠬᠤ ᠪᠢᠰᠢ ᠵᠠᠪᠠᠯ ᠡᠨᠡ ᠨᠣᠳᠤᠬ ᠲᠤ | ᠰᠠᠭᠤᠬᠤ ᠬᠤᠪᠢ ᠪᠣᠶᠠᠨᠳᠠᠢ ᠬᠦᠮᠦᠨ ᠳᠤ ᠰᠠᠶ᠋ᠢ ᠬᠠᠷᠭᠤᠨ᠎ᠠ ᠭᠡᠳᠡᠭ᠃ ᠪᠠᠰᠠ ᠯᠣᠣᠰ ᠡᠵᠡᠯᠡᠭᠰᠡᠨ ᠭᠠᠵᠠᠷ ᠤᠨ ᠲᠣᠯᠣᠭᠠᠢ ᠶᠢᠨ ᠭᠤᠣᠯ ᠳᠤᠨᠢ ᠰᠢᠨ᠎ᠡ ᠭᠡᠷ ᠪᠠᠷᠢᠵᠦ | ᠰᠠᠭᠤᠪᠠᠯ ᠲᠦᠷᠦᠭᠦᠦ ᠪᠠᠶᠠᠨ ᠪᠣᠯᠵᠦ ᠬᠤᠶᠠᠷ ᠯᠣᠣᠰ ᠬᠠᠷᠭᠤᠬᠰᠠᠨ ᠭᠠᠵᠠᠷ ᠰᠠᠭᠤᠪᠠᠯ ᠠᠮᠢᠳᠣᠷᠠᠯ ᠨᠢ ᠦᠭᠡᠳᠡ ᠰᠢᠭ ᠪᠣᠯᠪᠠᠴᠦ ᠬᠡᠯᠡ ᠠᠮᠠ ᠶᠢᠨ ᠵᠢᠭᠤᠷᠠᠭᠠᠨ | ᠲᠠᠰᠣᠷᠠᠬᠤ ᠦᠭᠡᠢ ᠭᠡᠳᠡᠭ᠃ ᠶᠡᠭᠡ ᠵᠠᠮ ᠭᠡᠷ ᠡᠰᠡᠷᠬᠦ ᠰᠣᠮᠣᠳᠠᠵᠦ ᠢᠷᠡᠬᠦ᠂ ᠣᠯᠠᠨ ᠵᠠᠮ ᠤᠨ ᠪᠠᠯᠴᠢᠷ ᠲᠡᠭᠡᠷ᠎ᠡ᠂ ᠰᠦᠮ᠎ᠡ ᠰᠣᠪᠣᠷᠭ᠎ᠠ ᠪᠠᠷᠢᠬᠰᠠᠨ ᠭᠠᠵᠠᠷ᠂ ᠣᠯᠠᠨ | ᠬᠦᠮᠦᠨ ᠤ ᠴᠢᠭᠤᠯᠭᠠᠨ ᠪᠣᠯᠣᠬᠰᠠᠨ ᠭᠠᠵᠠᠷ᠂ ᠡᠪᠡᠰᠦ ᠮᠣᠳᠣ ᠣᠷᠭᠤᠳᠠᠬ ᠦᠭᠡᠢ ᠭᠠᠵᠠᠷ᠂ ᠲᠠᠶᠢᠨ ᠤ ᠲᠠᠯᠠᠪᠠᠢ ᠪᠠᠶᠢᠬᠰᠠᠨ ᠭᠠᠵᠠᠷ᠂ ᠴᠡᠷᠢᠭ ᠪᠠᠭᠤᠬᠰᠠᠨ ᠭᠠᠵᠠᠷ᠂ | ᠣᠰᠣ ᠦᠶᠡᠷᠯᠡᠭᠰᠡᠨ ᠭᠠᠵᠠᠷ᠂ ᠠᠭᠤᠯᠠ ᠨᠢᠷᠣᠭᠤ ᠬᠠᠨᠳᠣᠬᠰᠠᠨ ᠭᠠᠵᠠᠷ᠂ ᠬᠤᠳᠠᠨ ᠡᠭᠦᠳᠡᠨ ᠠᠮᠠᠰᠠᠷ᠂ ᠬᠠᠳᠠ ᠪᠠᠶᠢᠬᠰᠠᠨ ᠭᠠᠵᠠᠷ᠂ ᠪᠣᠷᠣᠭᠤ ᠲᠡᠶᠢᠰᠢ | ᠬᠠᠨᠳᠣᠬᠰᠠᠨ ᠣᠰᠣᠨ ᠵᠠᠮ ᠤᠨ ᠬᠤᠶᠢᠬ ᠵᠡᠷᠭᠡ ᠭᠠᠵᠠᠷ ᠨᠣᠳᠤᠬ ᠪᠠᠭᠤᠴᠠ ᠪᠠᠭᠤᠬᠤ ᠨᠢ ᠶᠡᠭᠡ ᠮᠠᠭᠤ ᠭᠡᠳᠡᠭ᠃ ᠶᠠᠮᠠᠷᠪᠠ ᠭᠠᠵᠠᠷ ᠨᠣᠳᠤᠬ ᠰᠢᠯᠵᠢᠵᠦ ᠰᠠᠭᠤᠬᠰᠠᠨ | ᠴᠦ ᠨᠣᠳᠤᠬ ᠣᠰᠣᠨ ᠤ ᠨᠠᠪᠳᠠᠬ ᠰᠠᠪᠳᠠᠬ ᠢ ᠵᠠᠪᠠᠯ ᠪᠠᠶᠠᠰᠬᠠᠬᠤ ᠶᠣᠰᠣᠳᠠᠢ ᠭᠡᠵᠦ ᠬᠤᠷᠴᠢᠨᠴᠣᠳ ᠦᠵᠡᠳᠡᠭ᠃ ᠬᠤᠷᠴᠢᠨᠴᠣᠳ ᠤᠨ ᠰᠢᠨ᠎ᠡ ᠭᠡᠷ ᠪᠠᠷᠢᠬᠤ ᠲᠣᠬᠠᠢ | ᠭᠠᠳᠠᠰᠣ ᠠᠴᠠ᠄ ︽ᠨᠣᠳᠤᠬ ᠰᠠᠭᠤᠬᠤ ᠭᠠᠵᠠᠷ ᠤᠨ ᠨᠠᠪᠳᠠᠬ ᠢ ᠲᠣᠯᠬᠢᠨ ᠪᠠ ᠵᠦᠭᠡᠯᠡᠨ ᠭᠡᠵᠦ ᠬᠤᠪᠢᠶᠠᠳᠠᠬ ᠶᠣᠮ᠃ ᠬᠡᠷᠪᠡ ᠲᠣᠯᠬᠢᠨ ᠨᠠᠪᠳᠠᠬ ᠰᠠᠪᠳᠠᠬ ᠲᠠᠢ | ᠭᠠᠵᠠᠷ ᠰᠠᠭᠤᠬᠤ ᠴᠢᠬᠤᠯᠠᠲᠠᠢ ᠪᠣᠯ ᠭᠡᠷ ᠪᠠᠷᠢᠬᠤ ᠭᠡᠵᠦ ᠪᠠᠶᠢᠭ᠎ᠠ ᠭᠠᠵᠠᠷ ᠲᠡᠭᠡᠷ᠎ᠡ ᠪᠠᠨ ᠵᠣᠬᠰᠣᠵᠦ ᠲᠦᠷᠪᠡᠨ ᠵᠦᠭ ᠨᠠᠢᠮᠠᠨ ᠵᠣᠪᠬᠢᠰ ᠪᠠ ᠲᠡᠭᠡᠭᠰᠢ ᠲᠣᠷᠣᠬᠰᠢ | ᠴᠦᠮ ᠰᠠᠷᠬᠤᠳ ᠠᠷᠢᠬᠢ ᠰᠦᠷᠴᠢᠵᠦ ᠨᠠᠪᠳᠠᠬ ᠰᠠᠪᠳᠠᠬ ᠲᠤ ᠭᠡᠷ ᠪᠠᠷᠢᠵᠦ ᠰᠠᠭᠤᠬᠤ ᠭᠡᠵᠦ ᠪᠠᠶᠢᠭ᠎ᠠ ᠪᠠᠨ ᠰᠢᠪᠰᠢᠨ ᠲᠠᠭᠠᠳᠬᠠᠵᠦ ᠨᠣᠳᠤᠬ ᠰᠠᠭᠤᠬᠤ ᠭᠠᠵᠠᠷ ᠢ | ᠵᠠᠶᠢᠴᠢᠯᠠᠨ ᠦᠭᠬᠦ ᠶᠢ ᠬᠦᠰᠡᠨ ᠭᠤᠶᠣᠬᠰᠠᠨ ᠤ ᠲᠠᠷᠠᠭ᠎ᠠ ᠬᠠᠷ᠎ᠠ ᠮᠣᠷᠢ ᠪᠣᠶᠣ ᠬᠠᠷ᠎ᠠ ᠦᠬᠡᠷ ᠬᠦᠯᠦᠭᠰᠡᠨ ᠠᠨᠵᠢᠰᠣ ᠪᠠᠷ ᠭᠡᠷ ᠤᠨ ᠡᠵᠡᠨ ᠤ ᠬᠢᠨᠢ ᠲᠣᠰ ᠵᠢᠯ ᠳᠤ | ᠰᠠᠭᠤᠬᠰᠠᠨ ᠨᠠᠢᠮᠠᠨ ᠣᠷᠣᠨ ᠤ ᠬᠢᠨᠢ ᠬᠡᠶᠢᠮᠣᠷᠢ ᠶᠢᠨ ᠵᠦᠭ ᠲᠤ ᠡᠬᠢᠯᠡᠨ ᠠᠨᠵᠢᠰᠣ ᠬᠦᠳᠡᠯᠭᠡᠨ ᠭᠡᠷ ᠪᠠᠷᠢᠬᠤ ᠬᠡᠪᠴᠢᠶ᠎ᠡ ᠪᠠᠷ ᠰᠣᠯᠪᠢᠴᠠᠭᠤᠯᠣᠨ ᠬᠠᠭᠠᠯᠪᠣᠷᠢᠯᠠᠵᠦ | ᠲᠣᠮ ᠲᠠᠷᠣᠯᠭ᠎ᠠ ᠬᠢᠬᠦ ᠶᠢᠨ ᠬᠠᠮᠳᠦ ᠰᠣᠯᠪᠢᠴᠠᠭᠤᠯᠣᠨ ᠬᠠᠭᠠᠯᠪᠣᠷᠢᠯᠠᠬᠰᠠᠨ ᠭᠠᠵᠠᠷ ᠤᠨ ᠢᠶᠠᠨ ᠲᠣᠨᠣᠯᠵᠢᠨ ᠠᠭᠤᠯᠵᠠᠷ ᠲᠤ ᠨᠢᠭᠡ ᠲᠣᠬᠤᠢ ᠬᠠᠭᠠᠰ ᠨᠦᠬᠡ ᠮᠠᠯᠳᠠᠵᠦ | ᠲᠣᠳᠣᠷ᠎ᠠ ᠨᠢ ᠠᠷᠢᠬᠢ᠂ ᠴᠠᠭᠠᠨ ᠢᠳᠡᠭᠡᠨ ᠲᠡᠷᠢᠭᠦᠳᠡᠨ ᠢ ᠪᠣᠯᠠᠵᠦ ᠭᠠᠵᠠᠷ ᠡᠳᠦᠭᠡᠨ ᠰᠠᠬᠢᠭᠤᠰᠣ ᠪᠠᠨ ᠪᠠᠶᠠᠰᠬᠠᠳᠠᠬ᠃ ᠢᠡᠭᠭᠢᠵᠦ ᠬᠢᠵᠦ ᠲᠠᠭᠤᠰᠬᠠᠭᠠᠳ ᠰᠠᠶ᠋ᠢ | ᠭᠡᠷ ᠤᠨ ᠰᠠᠭᠤᠷᠢ ᠵᠠᠰᠠᠬᠤ ᠠᠵᠢᠯ ᠢᠶᠠᠨ ᠡᠬᠢᠯᠡᠭᠦᠯᠳᠡᠭ︾ ᠭᠡᠵᠡᠢ᠃ | ᠰᠢᠨ᠎ᠡ ᠭᠡᠷ ᠪᠣᠰᠬᠠᠬᠤ ᠶᠢᠨ ᠪᠠᠰᠠ ᠨᠢᠭᠡ ᠴᠢᠬᠤᠯᠠ ᠡᠳᠦᠷ ᠪᠣᠯ ᠭᠡᠷ ᠪᠣᠰᠬᠠᠬᠤ ᠡᠳᠦᠷ ᠪᠣᠯᠣᠨ᠎ᠠ᠃ ᠲᠡᠷᠡ ᠨᠢ ᠭᠡᠷ ᠤᠨ ᠲᠠᠮ ᠨᠢᠷᠣᠭᠤ ᠪᠠ ᠭᠡᠷ ᠤᠨ | ᠨᠢᠷᠣᠭᠤ ᠭᠠᠷᠭᠠᠬᠤ ᠡᠳᠦᠷ ᠢ ᠬᠡᠯᠡᠵᠦ ᠪᠠᠶᠢᠨ᠎ᠠ᠃ ᠲᠣᠰ ᠡᠳᠦᠷ ᠨᠢ ᠭᠡᠷ ᠤᠨ ᠮᠣᠳᠣ ᠵᠠᠰᠠᠬᠰᠠᠨ ᠮᠣᠳᠣᠴᠢᠨ ᠪᠠ ᠬᠠᠪᠰᠣᠷᠬᠤ ᠪᠠᠷ ᠢᠷᠡᠭᠰᠡᠨ ᠬᠦᠮᠦᠰ ᠭᠡᠷ ᠤᠨ | ᠮᠣᠳᠣ ᠪᠠᠨ ᠲᠡᠭᠡᠭᠰᠢ ᠭᠠᠷᠭᠠᠵᠦ᠂ ᠬᠠᠮᠤᠬ ᠰᠡᠭᠦᠯ ᠳᠤ ᠪᠦᠬᠦ ᠭᠡᠷ ᠤᠨ ᠢᠶᠠᠨ ᠬᠠᠮᠤᠬ ᠤᠨ ᠲᠣᠮᠳᠠᠬᠢ ᠭᠤᠣᠯ ᠨᠢᠷᠣᠭᠤ ᠶᠢ ᠭᠠᠷᠭᠠᠬᠤ ᠶᠠᠪᠣᠳᠠᠯ ᠪᠣᠯᠣᠨ᠎ᠠ᠃ ᠭᠤᠣᠯ | ᠨᠢᠷᠣᠭᠤ ᠶᠢᠨ ᠭᠤᠣᠯ ᠲᠣᠮᠳᠠ ᠬᠡᠰᠡᠭ ᠤᠨ ᠡᠯᠢᠭᠡᠨ ᠳᠤ ᠣᠯᠠᠭᠠᠨ ᠪᠦᠰ ᠤᠨ ᠲᠡᠭᠡᠷ᠎ᠡ ᠨᠠᠢᠮᠠᠨ ᠣᠷᠣᠨ ᠢ ᠵᠢᠷᠣᠵᠦ᠂ ᠲᠦᠪᠡᠳ ᠮᠣᠩᠭᠤᠯ ᠢᠶᠠᠷ ᠨᠡᠷ᠎ᠡ ᠶᠢ ᠨᠢ | ᠪᠢᠴᠢᠭᠰᠡᠨ ᠵᠢᠷᠤᠬ ᠲᠠᠢ ᠪᠦᠰ ᠢ ᠭᠠᠦᠯᠢᠨ ᠵᠣᠭᠤᠰ ᠢᠶᠠᠷ ᠬᠠᠳᠠᠵᠦ᠂ ᠲᠡᠭᠦᠨ ᠠᠴᠠ ᠲᠣᠷᠣᠬᠰᠢ ᠵᠢᠵᠢᠭ ᠣᠯᠠᠭᠠᠨ ᠪᠦᠰ ᠣᠭᠤᠳᠠᠨ ᠳᠤ ᠲᠠᠪᠣᠨ ᠲᠠᠷᠢᠶᠠᠨ ᠤ ᠦᠷ᠎ᠡ | ᠬᠢᠵᠦ ᠠᠮᠠᠰᠠᠷ ᠢ ᠨᠢ ᠣᠯᠠᠭᠠᠨ ᠦᠡᠭᠭᠡ ᠲᠠᠢ ᠬᠤᠶᠠᠷ ᠰᠠᠪᠬ᠎ᠠ ᠪᠠᠷ ᠲᠣᠨᠣᠯᠵᠢᠯᠠᠭᠤᠯᠣᠨ ᠬᠠᠳᠬᠤᠨ ᠲᠣᠷᠭᠤᠵᠦ᠂ ᠡᠨᠡ ᠬᠦ ᠨᠠᠢᠮᠠᠨ ᠣᠷᠣᠨ ᠤ ᠵᠢᠷᠤᠬ ᠤᠨ ᠭᠤᠣᠯ | ᠲᠣᠮᠳᠠ ᠠᠴᠠ ᠨᠢ ᠲᠣᠷᠣᠬᠰᠢ ᠦᠡᠭᠭᠡ ᠪᠦᠷᠢ ᠶᠢᠨ ᠰᠠᠴᠤᠬ ᠣᠶᠠᠵᠦ ᠲᠡᠭᠦᠵᠢᠯᠡᠨ ᠲᠠᠯᠪᠢᠳᠠᠬ᠃ ᠡᠨᠡ ᠨᠢ ᠨᠠᠢᠮᠠᠨ ᠵᠦᠭ ᠤᠨ ᠡᠵᠡᠳ ᠰᠠᠬᠢᠭᠤᠰᠣ᠂ ᠨᠠᠪᠳᠠᠬ | ᠰᠠᠪᠳᠠᠬ ᠢ ᠪᠠᠶᠠᠰᠬᠠᠵᠦ ᠲᠣᠰ ᠭᠡᠷ ᠲᠤ ᠦᠢᠯᠡᠴᠢᠯᠡᠭᠦᠯᠵᠦ᠂ ᠲᠠᠪᠣᠨ ᠲᠠᠷᠢᠶ᠎ᠠ ᠶᠢᠨ ᠦᠷ᠎ᠡ ᠮᠡᠳᠦ ᠡᠨᠡ ᠭᠡᠷ ᠤᠨ ᠦᠷ᠎ᠡ ᠦᠨᠳᠦᠰᠦ ᠲᠠᠰᠣᠷᠠᠰᠢ ᠦᠭᠡᠢ ᠬᠦᠭᠵᠢᠨ | ᠪᠠᠳᠠᠷᠠᠵᠦ ᠦᠶ᠎ᠡ ᠣᠯᠠᠮᠵᠢᠯᠠᠬᠤ ᠶᠢ ᠵᠦᠡᠭᠨᠡᠨ ᠪᠡᠯᠭᠡᠳᠡᠭᠰᠡᠨ ᠠᠭᠤᠯᠭ᠎ᠠ ᠲᠠᠢ ᠶᠣᠮ᠃ ᠡᠭᠦᠨ ᠢ ᠬᠤᠷᠴᠢᠨᠴᠣᠳ ᠣᠯᠠᠩᠬᠢ ᠳᠠᠭᠠᠨ ᠨᠠᠷᠠᠨ ᠠᠴᠠ ᠡᠮᠦᠨ᠎ᠡ ᠪᠡᠯᠡᠳᠭᠡᠵᠦ | ᠲᠠᠯᠪᠢᠳᠠᠬ᠃ ᠬᠡᠷᠪᠡ ᠨᠠᠷᠠᠨ ᠤ ᠭᠡᠷᠡᠯ ᠡᠨᠡ ᠵᠣᠬᠢᠶᠠᠬᠰᠠᠨ ᠵᠦᠢᠯ ᠳᠤ ᠲᠣᠰᠪᠠᠯ ᠲᠡᠭᠦᠨ ᠤ ᠷᠢᠳᠢ ᠰᠢᠳᠢ ᠶᠢ ᠨᠢ ᠦᠭᠡᠶᠢᠰᠭᠡᠳᠡᠭ ᠭᠡᠵᠦ ᠦᠵᠡᠳᠡᠭ ᠠᠴᠠ ᠭᠡᠷ ᠤᠨ | ᠠᠳᠠᠷ ᠢ ᠭᠠᠷᠭᠠᠵᠦ ᠪᠠᠷᠠᠬᠰᠠᠨ ᠤ ᠲᠠᠷᠠᠭ᠎ᠠ ᠰᠠᠶ᠋ᠢ ᠪᠢᠳᠡᠭᠦᠮᠵᠢᠯᠡᠯ ᠢ ᠨᠢ ᠠᠪᠳᠠᠬ᠃ ᠭᠤᠣᠯ ᠨᠢᠷᠣᠭᠤ ᠪᠠᠨ ᠬᠠᠮᠤᠬ ᠰᠡᠭᠦᠯ ᠳᠤ ᠭᠡᠷ ᠤᠨ ᠣᠷᠣᠢ ᠳᠤ ᠭᠠᠷᠭᠠᠵᠦ | ᠣᠷᠣᠨ ᠳᠤᠨᠢ ᠰᠠᠭᠤᠯᠭᠠᠬᠰᠠᠨ ᠤ ᠲᠠᠷᠠᠭ᠎ᠠ ᠡᠨᠡ ᠡᠳᠦᠷ ᠤᠨ ᠬᠠᠮᠢᠶᠠᠷᠣᠬᠴᠢ ᠠᠴᠠ ᠭᠡᠷ ᠤᠨ ᠣᠷᠣᠢ ᠲᠡᠭᠡᠷ᠎ᠡ ᠠᠴᠠ ᠯᠣᠩᠬᠤ ᠲᠠᠢ ᠠᠷᠢᠬᠢ ᠪᠠᠨ ᠵᠦᠭ ᠪᠦᠬᠦᠨ ᠳᠤ | ᠰᠦᠷᠴᠢᠬᠦ ᠶᠢᠨ ᠬᠠᠮᠳᠦ᠄ ︽ᠵᠠ︕ ᠲᠡᠭᠡᠭᠰᠢ ᠪᠠᠨ ᠶᠡᠷᠡ ᠶᠢᠰᠦᠨ ᠲᠡᠭᠷᠢ ᠮᠢᠨᠢ ᠠᠮᠰᠠᠨ ᠵᠣᠭᠤᠬᠯᠠ ᠣᠮ ᠮᠠ ᠬᠤᠨᠭ᠌︕ ᠲᠣᠷᠣᠬᠰᠢ ᠪᠠᠨ ᠲᠠᠯᠠᠨ ᠲᠣᠯᠣᠭᠠᠨ | ᠭᠠᠵᠠᠷ ᠡᠳᠦᠭᠡᠨ ᠮᠢᠨᠢ ᠠᠮᠰᠠᠨ ᠵᠣᠭᠤᠬᠯᠠ ᠣᠮ ᠮᠠ ᠬᠤᠨᠭ᠌︕ ᠲᠡᠷᠭᠡᠳᠡ ᠪᠠᠶᠢᠭ᠎ᠠ ᠨᠣᠳᠤᠬ ᠣᠰᠣᠨ ᠤ ᠡᠵᠡᠳ ᠰᠠᠬᠢᠭᠤᠰᠣ ᠨᠠᠪᠳᠠᠬ ᠰᠠᠪᠳᠠᠬ ᠮᠢᠨᠢ ᠠᠮᠰᠠᠨ | ᠵᠣᠭᠤᠬᠯᠠ ᠣᠮ ᠮᠠ ᠬᠤᠨᠭ᠌︕︾ ᠭᠡᠵᠦ ᠢᠳᠡᠮᠯᠡᠨ ᠰᠦᠷᠴᠢᠭᠡᠳ ︽ᠡᠳᠦᠷ ᠤᠨ ᠰᠠᠶᠢᠨ ᠢ ᠦᠵᠡᠵᠦ᠂ ᠰᠠᠷ᠎ᠠ ᠶᠢᠨ ᠰᠠᠶᠢᠨ ᠢ ᠰᠣᠩᠭᠤᠵᠦ᠂ ᠴᠠᠬ ᠤᠨ ᠰᠠᠶᠢᠨ ᠢ | ᠰᠢᠯᠢᠭᠰᠡᠭᠡᠷ ᠶᠠᠬ ᠰᠠᠶ᠋ᠢᠬᠠᠨ ᠡᠨᠡ ᠰᠠᠷ᠎ᠠ ᠶᠢᠨ ᠡᠨᠡ ᠡᠳᠦᠷ ᠤᠨ ᠡᠨᠡ ᠴᠠᠬ ᠲᠤ ᠶᠢᠰᠦᠨ ᠴᠠᠭᠠᠨ ᠬᠦᠰᠡᠯ ᠪᠡᠶᠡᠯᠡᠭᠳᠡᠵᠦ ᠠᠷᠪᠠᠨ ᠴᠠᠭᠠᠨ ᠪᠣᠶᠠᠨ ᠲᠡᠯᠭᠡᠷᠡᠬᠦ | ᠦᠯᠵᠡᠶᠢᠳᠡᠢ ᠰᠠᠶᠢᠬᠠᠨ ᠡᠳᠦᠷ ᠲᠣᠬᠢᠶᠠᠯᠳᠣᠬᠰᠠᠨ ᠲᠣᠯᠠ ᠬᠡᠨ ᠭᠤᠸᠠᠢ ᠠᠴᠠ ᠭᠡᠷ ᠢᠶᠠᠨ ᠪᠣᠰᠬᠠᠵᠦ ᠭᠤᠣᠯ ᠨᠢᠷᠣᠭᠤ ᠪᠠᠨ ᠭᠠᠷᠭᠠᠵᠦ ᠣᠷᠣᠨ ᠳᠤᠨᠢ ᠰᠠᠭᠤᠯᠭᠠᠪᠠ᠃ | ᠦᠯᠵᠡᠶᠢᠳᠡᠢ ᠡᠳᠦᠷ ᠤᠨ ᠪᠡᠯᠭᠡ ᠲᠠᠢ ᠴᠠᠬ ᠲᠤ ᠰᠢᠨ᠎ᠡ ᠭᠡᠷ ᠢᠶᠠᠨ ᠪᠣᠰᠬᠠᠬᠰᠠᠨ ᠠᠴᠠ ᠠᠷᠪᠠᠨ ᠵᠦᠭ ᠤᠨ ᠡᠵᠡᠳ ᠰᠠᠬᠢᠭᠤᠰᠣ ᠦᠷᠦᠰᠢᠶᠡᠨ ᠰᠣᠶᠣᠷᠬᠠᠵᠦ᠂ | ᠨᠣᠳᠤᠬ ᠣᠰᠣᠨ ᠤ ᠨᠠᠪᠳᠠᠬ ᠰᠠᠪᠳᠠᠬ ᠲᠡᠮᠵᠢᠨ ᠲᠡᠳᠭᠦᠵᠦ᠂ ᠲᠡᠯ ᠢ ᠨᠢ ᠵᠠᠰᠠᠬᠤ ᠠᠴᠠ ᠠᠳᠣᠭᠤᠨ ᠰᠦᠷᠦᠭ ᠣᠯᠠᠰᠢᠷᠠᠵᠦ᠂ ᠲᠡᠯᠡᠩ ᠢ ᠨᠢ ᠰᠢᠪᠳᠣᠷᠬᠤ ᠠᠴᠠ | ᠦᠬᠡᠷ ᠤᠨ ᠰᠦᠷᠦᠭ ᠨᠢ ᠵᠣᠵᠠᠭᠠᠷᠠᠵᠦ᠂ ᠬᠤᠳᠠᠨ ᠲᠣᠳᠣᠷ᠎ᠠ ᠨᠢ ᠬᠤᠨᠢ ᠢᠮᠠᠭ᠎ᠠ ᠲᠦᠭᠦᠷᠴᠦ᠂ ᠬᠤᠷᠭᠤ ᠲᠣᠳᠣᠷ᠎ᠠ ᠨᠢ ᠮᠦᠡᠭᠬᠦ ᠵᠣᠭᠤᠰ ᠨᠢ ᠪᠢᠯᠬᠠᠷᠠᠵᠦ᠂ ᠬᠡᠷᠡᠭ | ᠵᠠᠷᠭᠤ ᠳᠤ ᠣᠷᠢᠶᠠᠴᠠᠯᠳᠣᠬᠤ ᠦᠭᠡᠢ᠂ ᠬᠢᠵᠢᠭ ᠲᠠᠬᠤᠯ ᠳᠤ ᠣᠨᠣᠬᠳᠠᠬᠤ ᠦᠭᠡᠢ᠂ ᠬᠦᠨᠵᠢᠯᠡ ᠲᠦᠭᠦᠷᠡᠩ ᠬᠡᠦᠬᠡᠳ ᠵᠠᠶᠠᠭᠠᠵᠦ᠂ ᠬᠦᠰᠡᠭᠰᠡᠨ ᠪᠦᠬᠦᠨ ᠨᠢ | ᠰᠡᠳᠭᠢᠯᠴᠢᠯᠡᠨ ᠪᠦᠳᠦᠬᠦ ᠪᠣᠯᠳᠣᠭᠠᠢ ᠁︾ ᠭᠡᠵᠦ ᠢᠷᠦᠭᠡᠯ ᠵᠦᠡᠭᠨᠡᠯ ᠲᠠᠯᠪᠢᠵᠦ ᠰᠢᠨ᠎ᠡ ᠨᠣᠳᠤᠬ ᠤᠨ ᠢᠶᠠᠨ ᠨᠠᠪᠳᠠᠬ ᠰᠠᠪᠳᠠᠬ ᠢ ᠪᠠᠶᠠᠰᠬᠠᠬᠤ ᠪᠠᠷ ᠭᠡᠷ ᠤᠨ | ᠣᠷᠣᠢ ᠲᠡᠭᠡᠷ᠎ᠡ ᠠᠴᠠ ᠪᠣᠣᠪᠤ ᠪᠣᠭᠤᠷᠰᠤᠬ᠂ ᠰᠢᠬᠢᠷ᠂ ᠵᠢᠮᠢᠰ᠂ ᠲᠠᠮᠠᠬᠢ ᠵᠡᠷᠭᠡ ᠶᠢ ᠵᠦᠭ ᠪᠦᠬᠦᠨ ᠳᠤ ᠰᠠᠴᠣᠳᠠᠬ᠃ ᠡᠭᠦᠨ ᠳᠤ ᠬᠦᠷᠦᠯᠴᠡᠨ ᠢᠷᠡᠭᠰᠡᠨ ᠬᠡᠦᠬᠡᠳ | ᠪᠠᠭᠠᠴᠣᠳ ᠪᠠ ᠠᠶᠢᠯ ᠤᠨ ᠬᠦᠮᠦᠰ ᠪᠦᠭᠦᠳᠡᠭᠡᠷ ᠪᠠᠶᠠᠷᠯᠠᠨ ᠬᠦᠭᠡᠷᠦᠯᠳᠦᠵᠦ ︽ᠰᠢᠨ᠎ᠡ ᠨᠣᠳᠤᠬ ᠤᠨ ᠡᠵᠡᠳ ᠰᠠᠬᠢᠭᠤᠰᠣ ᠨᠠᠪᠳᠠᠬ ᠰᠠᠪᠳᠠᠬ ᠤᠨ ᠬᠡᠰᠢᠭ ᠠᠴᠠ | ᠬᠦᠷᠳᠡᠶ᠎ᠡ︾ ᠭᠡᠵᠦ ᠲᠡᠳᠡᠭᠡᠷ ᠰᠠᠴᠣᠬᠰᠠᠨ ᠪᠣᠣᠪᠤ ᠪᠣᠭᠤᠷᠰᠤᠬ ᠤᠨ ᠵᠦᠢᠯ ᠤᠳ ᠢ ᠣᠷᠣᠯᠳᠣᠨ ᠲᠡᠭᠦᠵᠦ ᠠᠪᠳᠠᠬ᠃ ᠬᠤᠷᠴᠢᠨ ᠨᠣᠳᠤᠬ ᠲᠤ ︽ᠦᠨᠳᠦᠷ | ᠭᠠᠵᠠᠷ ᠲᠤ ᠶᠡᠭᠡ ᠭᠡᠷ ᠢ ᠪᠣᠭᠤᠨᠢ ᠪᠠᠷᠢᠵᠦ᠂ ᠪᠣᠭᠤᠨᠢ ᠭᠠᠵᠠᠷ ᠭᠤᠣᠯ ᠭᠡᠷ ᠢ ᠦᠨᠳᠦᠷ ᠪᠠᠷᠢ᠂ ᠪᠠᠷᠠᠭᠤᠨ ᠴᠢᠬᠢᠨ ᠭᠡᠷ ᠦᠨᠳᠦᠷ ᠪᠣᠯ ᠦᠬᠢᠨ ᠳᠤ ᠰᠠᠶᠢᠨ᠂ | ᠬᠦᠪᠡᠭᠦᠨ ᠳᠤ ᠮᠠᠭᠤ᠃ ᠵᠡᠭᠦᠨ ᠴᠢᠬᠢᠨ ᠭᠡᠷ ᠦᠨᠳᠦᠷ ᠪᠣᠯ ᠬᠦᠦ ᠳᠤ ᠰᠠᠶᠢᠨ᠂ ᠦᠬᠢᠨ ᠳᠤ ᠮᠠᠭᠤ᠂ ᠬᠦᠷᠢᠶᠡᠨ ᠲᠣᠳᠣᠷ᠎ᠠ ᠵᠡᠭᠦᠨ ᠡᠮᠦᠨ᠎ᠡ ᠬᠤᠳᠳᠤᠬ ᠪᠠᠶᠢᠪᠠᠯ | ᠠᠵᠣ ᠲᠦᠷᠦᠬᠦᠢ ᠳᠤ ᠰᠠᠶᠢᠨ᠂ ᠨᠢᠳᠣᠨ ᠳᠤ ᠮᠠᠭᠤ᠃ ᠬᠤᠳᠳᠤᠬ ᠢ ᠬᠦᠷᠢᠶᠡᠨ ᠭᠠᠳᠠᠨ᠎ᠠ ᠵᠡᠭᠦᠨ ᠡᠮᠦᠨ᠎ᠡ ᠮᠠᠯᠳᠠᠪᠠᠯ ᠯᠣᠣ ᠶᠢᠨ ᠨᠢᠳᠦ ᠮᠡᠳᠦ ᠮᠠᠰᠢ ᠰᠠᠶᠢᠨ ᠁ | ᠭᠡᠬᠦ ᠮᠡᠳᠦ ᠶᠢᠨ ᠶᠣᠰᠣ ᠣᠴᠢᠷ ᠤᠳ ᠪᠠᠶᠢᠬᠤ ᠠᠴᠠ ᠭᠠᠳᠠᠨ᠎ᠠ ᠬᠠᠭᠠᠯᠭᠠᠨ ᠭᠡᠷ ᠬᠡᠷᠡᠮ ᠠᠴᠠ ᠦᠨᠳᠦᠷ ᠪᠣᠯ ᠭᠡᠷ ᠤᠨ ᠡᠵᠡᠨ ᠰᠡᠳᠭᠢᠯ ᠠᠮᠣᠷ ᠦᠭᠡᠢ᠂ ᠬᠠᠭᠠᠯᠭᠠᠨ | ᠲᠡᠭᠡᠷ᠎ᠡ ᠣᠰᠣ ᠲᠣᠬᠳᠠᠪᠠᠯ ᠬᠦᠷᠦᠩᠭᠡ ᠦᠯᠦ ᠲᠣᠬᠳᠠᠬᠤ᠃ ᠮᠣᠳᠣ ᠪᠠᠶᠢᠪᠠᠯ ᠬᠢᠵᠢᠭ ᠡᠪᠡᠳᠴᠢᠨ ᠳᠤ ᠨᠡᠷᠪᠡᠭᠳᠡᠨ᠎ᠡ᠃ ᠬᠤᠶᠠᠷ ᠵᠠᠮ ᠤᠨ ᠠᠭᠤᠯᠵᠠᠷ ᠬᠠᠭᠠᠯᠭᠠᠨ | ᠲᠡᠷᠭᠡᠳᠡ ᠨᠠᠶᠢᠯᠡᠪᠡᠯ ᠬᠡᠰᠢᠭ ᠬᠤᠳᠤᠬ ᠵᠠᠶᠢᠯᠠᠬᠤ᠃ ᠭᠡᠷ ᠤᠨ ᠲᠦᠷᠪᠡᠨ ᠵᠦᠭ ᠤᠨ ᠠᠯᠢ ᠵᠦᠭ ᠠᠴᠠ ᠭᠡᠰᠡᠨ ᠰᠣᠮᠣ ᠬᠠᠷᠪᠣᠬᠰᠠᠨ ᠮᠡᠳᠦ ᠣᠰᠣ ᠣᠷᠤᠰᠴᠤ ᠢᠷᠡᠪᠡᠯ | ᠬᠡᠦᠬᠡᠳ ᠬᠡᠯᠡᠭᠡᠢ ᠲᠦᠷᠦᠬᠦ᠂ ᠭᠡᠷ ᠤᠨ ᠠᠰ ᠡᠮᠦᠨ᠎ᠡ ᠠᠯᠢᠰᠣ ᠡᠪᠡᠰᠦ ᠬᠤᠷᠢᠶᠠᠪᠠᠯ ᠬᠢᠵᠢᠭ ᠡᠪᠡᠳᠴᠢᠨ ᠪᠣᠯᠣᠨ᠎ᠠ︾ ᠭᠡᠬᠦ ᠮᠡᠳᠦ ᠶᠢᠨ ᠨᠠᠪᠳᠠᠬ ᠰᠠᠪᠳᠠᠬ ᠤᠨ ᠲᠣᠯᠬᠢᠨ | ᠲᠦᠯᠭᠡᠨ ᠢ ᠰᠢᠨᠵᠢᠬᠦ ᠵᠢᠷᠣᠬᠠᠢ ᠶᠢᠨ ᠣᠬᠠᠭᠠᠨ ᠨᠤᠭᠤᠳ ᠪᠠᠶᠢᠳᠠᠬ᠃ | ᠬᠤᠷᠴᠢᠨ ᠤ ᠪᠦᠬᠡ ᠨᠠᠷ ᠠᠴᠠ ᠪᠠᠰᠠ ᠨᠠᠪᠳᠠᠬ ᠰᠠᠪᠳᠠᠬ ᠨᠢ ᠲᠣᠬᠰᠢᠨ ᠪᠣᠶᠣ ᠡᠷᠢᠶᠠᠨ ᠲᠠᠢ ᠭᠠᠵᠠᠷ ᠲᠠᠷᠣᠯᠭ᠎ᠠ ᠬᠢᠬᠦ ᠦᠢᠯᠡ ᠪᠣᠢ᠃ ᠵᠢᠱᠢᠶᠡᠯᠡᠪᠡᠯ᠂ | ᠬᠦᠮᠦᠨ ᠢ ᠰᠦᠨᠢ ᠲᠦᠯᠢ ᠪᠠᠷ ᠠᠮᠠᠷᠬᠠᠨ ᠲᠦᠭᠡᠷᠢᠭᠦᠯᠳᠡᠭ ᠭᠠᠵᠠᠷ ᠢ ᠡᠷᠢᠶᠡᠨ ᠲᠠᠢ ᠭᠠᠵᠠᠷ ᠭᠡᠵᠦ ᠡᠨᠡ ᠭᠠᠵᠠᠷ ᠰᠢᠷᠣᠢ ᠣᠪᠣᠭᠠᠯᠠᠭᠠᠳ ᠦᠨᠳᠦᠷ ᠮᠣᠳᠣᠨ ᠤ ᠭᠤᠣᠯ | ᠰᠠᠯᠠᠭᠠᠨ ᠲᠣᠮᠳᠠ ᠠᠴᠠ ᠲᠡᠭᠷᠢ ᠶᠢᠨ ᠰᠣᠮᠣ ᠡᠯᠬᠦᠵᠦ ᠲᠠᠯᠪᠢᠭᠠᠳ ᠲᠠᠷᠣᠯᠭ᠎ᠠ ᠪᠣᠯᠭᠠᠳᠠᠬ᠃ ᠪᠠᠰᠠ ᠬᠦᠮᠦᠨ ᠢ ᠬᠢᠯᠪᠠᠷᠬᠠᠨ ᠲᠦᠭᠡᠷᠢᠭᠦᠯᠳᠡᠭ᠂ ᠠᠯᠪᠢᠨ ᠭᠠᠯ | ᠰᠣᠯᠪᠢᠴᠠᠳᠠᠬ ᠭᠠᠵᠠᠷ ᠢ ᠪᠣᠮ ᠪᠣᠰᠣᠯ᠎ᠠ ᠭᠡᠵᠦ ᠪᠣᠮ ᠪᠣᠰᠣᠬᠰᠠᠨ ᠭᠠᠵᠠᠷ ᠲᠤ ᠢᠮᠠᠭ᠎ᠠ ᠪᠣᠶᠣ ᠬᠤᠨᠢ ᠠᠯᠠᠵᠦ ᠴᠢᠰᠣ ᠶᠢ ᠨᠢ ᠰᠦᠷᠴᠢᠭᠡᠳ ᠮᠢᠬ᠎ᠠ ᠶᠢ ᠨᠢ ᠴᠢᠨᠡᠵᠦ | ᠢᠳᠡᠭᠡᠳ ᠠᠷᠠᠰᠣᠨ ᠳᠤᠨᠢ ᠭᠡᠳᠡᠰᠦ ᠬᠦᠵᠡᠭᠡ ᠰᠢᠬᠢᠷ᠎ᠡ ᠲᠣᠯᠣᠭᠠᠢ ᠶᠠᠰᠣ ᠵᠡᠷᠭᠡ ᠶᠢ ᠨᠢ ᠪᠠᠭᠯᠠᠵᠦ ᠨᠦᠬᠡᠯᠡᠭᠡᠳ ᠲᠡᠭᠦᠨ ᠤ ᠪᠠᠨ ᠲᠡᠭᠡᠷ᠎ᠡ ᠲᠠᠪᠣᠨ ᠲᠠᠷᠢᠶᠠᠨ ᠦᠷ᠎ᠡ ᠶᠢ | ᠭᠠᠨᠭ᠌ ᠪᠣᠶᠣ ᠪᠣᠳᠣᠩ ᠳᠤ ᠰᠠᠪᠠᠯᠠᠭᠠᠳ ᠴᠢᠯᠠᠭᠤ ᠪᠠᠷ ᠲᠠᠷᠣᠵᠦ ᠲᠠᠯᠪᠢᠨ᠎ᠠ᠃ ᠲᠠᠷᠠᠭ᠎ᠠ ᠨᠢ ᠪᠦᠬᠡ ᠨᠠᠷ ᠠᠴᠠ ᠰᠠᠯᠠᠭ᠎ᠠ ᠵᠠᠮ ᠪᠦᠷᠢ ᠳᠤ ᠰᠠᠭᠠᠬ ᠪᠣᠶᠣ ᠬᠠᠷ᠎ᠠ | ᠪᠣᠷᠴᠠᠬ ᠰᠠᠴᠣᠵᠦ ᠲᠠᠷᠣᠯᠭ᠎ᠠ ᠬᠢᠳᠡᠭ᠃ | ᠣᠡᠭᠭᠤᠨ ᠬᠡᠭᠦᠷ ᠤᠨ ᠨᠠᠪᠳᠠᠬ ᠰᠠᠪᠳᠠᠬ | ᠬᠤᠷᠴᠢᠨ ᠳᠤ ᠨᠣᠳᠤᠬ ᠣᠰᠣᠨ ᠤ ᠨᠠᠪᠳᠠᠬ ᠰᠠᠪᠳᠠᠬ ᠢ ᠡᠷᠬᠢᠮᠯᠡᠳᠡᠭ ᠠᠴᠠ ᠭᠠᠳᠠᠨ᠎ᠠ ᠬᠡᠭᠦᠷ ᠣᠡᠭᠭᠤᠨ ᠤ ᠨᠠᠪᠳᠠᠬ ᠰᠠᠪᠳᠠᠬ ᠢ ᠴᠦ ᠴᠢᠬᠤᠯᠠᠴᠢᠯᠠᠳᠠᠬ | ᠪᠣᠯᠬᠤᠷ ︽ᠨᠣᠳᠤᠬ ᠤᠨ ᠨᠠᠪᠳᠠᠬ ᠨᠢᠭᠡ ᠦᠶ᠎ᠡ ᠲᠠᠭᠠᠵᠦ᠂ ᠣᠡᠭᠭᠤᠨ ᠤ ᠰᠠᠪᠳᠠᠬ ᠦᠶ᠎ᠡ ᠦᠶ᠎ᠡ ᠲᠠᠭᠠᠨ᠎ᠠ︾ ᠭᠡᠳᠡᠭ ᠬᠡᠯᠡᠯᠭᠡ ᠪᠣᠢ ᠪᠣᠯᠵᠠᠢ᠃ ᠠᠷᠠᠳ ᠤᠨ | ᠲᠣᠮᠳᠠᠬᠢ ᠨᠠᠪᠳᠠᠬ ᠰᠠᠪᠳᠠᠬ ᠰᠢᠨᠵᠢᠳᠡᠭ ᠬᠦᠮᠦᠰ ᠴᠦ ᠦᠪᠡᠷ ᠦᠪᠡᠷ ᠤᠨ ᠢᠶᠠᠨ ᠨᠣᠳᠤᠬ ᠣᠰᠣ ᠰᠢᠨᠵᠢᠬᠦ ᠠᠷᠭ᠎ᠠ ᠬᠡᠯᠪᠡᠷᠢ ᠪᠠᠶᠢᠳᠠᠬ ᠪᠣᠯᠪᠠᠴᠦ ᠶᠡᠷᠦᠩᠬᠡᠢ ᠳᠡᠭᠡᠨ | ᠠᠳᠠᠯᠢᠪᠳᠣᠷ ᠰᠢᠬ ᠪᠠᠶᠢᠳᠠᠬ᠃ ᠵᠢᠷᠣᠬᠠᠢ ᠶᠢᠨ ᠣᠬᠠᠭᠠᠨ ᠳᠤ ︽ᠬᠡᠭᠦᠷ ᠣᠡᠭᠭᠤᠨ ᠤ ᠭᠠᠵᠠᠷ ᠢ ᠰᠢᠨᠵᠢᠬᠦ ᠳᠤ ᠵᠡᠭᠦᠨ᠂ ᠪᠠᠷᠠᠭᠤᠨ᠂ ᠡᠮᠦᠨ᠎ᠡ᠂ ᠣᠮᠠᠷ᠎ᠠ ᠲᠦᠷᠪᠡᠨ | ᠵᠦᠭ ᠢ ᠠᠩᠬᠠᠷᠳᠠᠬ ᠶᠣᠮ ᠭᠡᠨ᠎ᠡ᠃ ᠬᠡᠷᠪᠡ ᠣᠡᠭᠭᠤᠨ ᠲᠠᠯᠪᠢᠬᠰᠠᠨ ᠭᠠᠵᠠᠷ ᠨᠢ ᠲᠡᠭᠰᠢ ᠲᠦᠭᠦᠷᠡᠩ᠂ ᠡᠮᠦᠨ᠎ᠡ ᠵᠦᠭ ᠠᠴᠠ ᠨᠢ ᠡᠭᠦᠳᠡ ᠬᠠᠭᠠᠯᠭᠠᠨ ᠤ ᠬᠡᠯᠪᠡᠷᠢᠳᠡᠢ | ᠣᠷᠣᠵᠦ ᠢᠷᠡᠬᠦ ᠬᠤᠪᠬᠢᠯ ᠲᠠᠢ ᠪᠦᠭᠡᠳ ᠪᠠᠷᠠᠭᠤᠨ ᠵᠡᠭᠦᠨ ᠬᠤᠶᠠᠷ ᠠᠭᠤᠯᠠ ᠪᠣᠶᠣ ᠮᠠᠩᠬᠠᠨ ᠬᠤᠨᠭ᠍ᠰᠢᠶᠠᠷ ᠲᠣᠳᠣᠬᠰᠢ ᠦᠡᠭᠭᠡᠶᠢᠭᠰᠡᠨ ᠣᠷᠣᠨ ᠪᠠᠶᠢᠪᠠᠯ ᠲᠡᠭᠦᠨ ᠢ | ᠬᠦᠬᠡ ᠯᠣᠣ ᠴᠠᠭᠠᠨ ᠪᠠᠷᠰ ᠭᠡᠵᠦ ᠡᠶᠢᠮᠦ ᠭᠠᠵᠠᠷ ᠬᠤᠸᠠᠷᠠᠬ ᠪᠣᠯ ᠰᠢᠷᠡᠭᠡᠨ ᠯᠠᠮᠠ ᠰᠠᠭᠤᠵᠦ᠂ ᠢᠵᠠᠭᠤᠷᠳᠠᠨ ᠪᠣᠯ ᠨᠣᠶᠠᠨ ᠲᠠᠪᠰᠢᠵᠦ᠂ ᠡᠭᠡᠯ ᠠᠷᠠᠳ ᠪᠣᠯ | ᠲᠦᠰᠢᠮᠡᠯ ᠰᠠᠭᠤᠵᠦ᠂ ᠬᠡᠦᠬᠡᠨ ᠨᠢ ᠪᠠᠶᠠᠨ ᠨᠣᠶᠠᠨ ᠳᠤ ᠣᠴᠢᠵᠦ᠂ ᠡᠳ᠋ ᠠᠰᠢᠬ ᠡᠯᠪᠡᠭᠵᠢᠵᠦ ᠴᠢᠨᠡᠭᠡᠯᠢᠭᠵᠢᠨ ᠬᠤᠳᠠᠯᠠ ᠲᠡᠭᠦᠰ ᠪᠣᠯᠵᠦ ᠲᠡᠭᠵᠢᠷᠡᠨᠡ᠃ | ᠬᠡᠭᠦᠷ ᠢᠶᠠᠨ ᠲᠣᠯᠣᠭᠠᠨ ᠲᠣᠬᠤᠢ ᠲᠣᠷᠣᠬᠰᠢ ᠶᠠᠬ ᠭᠠᠵᠠᠷ ᠤᠨ ᠢᠳᠡ ᠲᠡᠭᠡᠷ᠎ᠡ ᠲᠠᠯᠪᠢᠪᠠᠯ ᠰᠠᠶᠢᠨ᠃ ᠭᠠᠳᠠᠭᠤᠷ ᠨᠢ ᠭᠠᠷᠬᠠᠯᠠᠬᠰᠠᠨ ᠭᠦᠳᠦᠭᠦᠷ ᠵᠣᠣ ᠮᠠᠩᠬ᠎ᠠ ᠪᠣᠶᠣ | ᠨᠠᠮᠬᠠᠨ ᠠᠭᠤᠯᠠ ᠶᠢ ᠲᠣᠯᠣᠭᠠᠢ ᠰᠡᠭᠦᠯ ᠨᠡᠶᠢᠯᠡᠭᠰᠡᠨ ᠯᠣᠣ ᠭᠡᠵᠦ᠂ ᠰᠣᠪᠠᠬ ᠣᠯᠠᠨ ᠲᠠᠢ ᠨᠢᠭᠡᠨ ᠲᠣᠪᠣᠴᠠᠬ ᠪᠠᠶᠢᠪᠠᠯ ᠠᠯᠳᠠᠨ ᠮᠡᠯᠡᠬᠡᠢ ᠭᠡᠵᠦ᠂ ᠡᠪᠡᠰᠦ ᠣᠷᠭᠤᠳᠠᠬ | ᠦᠭᠡᠢ ᠰᠢᠷ᠎ᠠ ᠲᠣᠪᠣᠴᠠᠬ ᠢ ᠠᠯᠳᠠᠨ ᠠᠭᠠᠯᠵᠢ ᠭᠡᠵᠦ ᠪᠠᠷᠠᠭᠤᠨ ᠬᠤᠶᠢᠨ᠎ᠠ᠂ ᠵᠡᠭᠦᠨ ᠬᠤᠶᠢᠳᠦ ᠠᠴᠠ ᠰᠣᠨᠣᠯᠵᠠᠨ ᠢᠷᠡᠭᠰᠡᠨ ᠬᠦᠳᠦᠯ ᠤᠨ ᠬᠤᠰᠢᠭᠤᠨ ᠳᠤ ᠡᠶᠢᠮᠦ | ᠰᠢᠷ᠎ᠠ ᠲᠣᠪᠣᠴᠠᠬ ᠪᠠᠶᠢᠪᠠᠯ ᠬᠤᠣᠰ ᠯᠣᠣ ᠰᠣᠪᠣᠳ ᠢᠶᠠᠷ ᠲᠣᠬᠯᠠᠬᠤ ᠭᠡᠳᠡᠭ᠃ ᠬᠡᠷᠪᠡ ᠠᠷᠣ ᠠᠴᠠ ᠠᠭᠤᠯᠠ ᠬᠤᠰᠢᠭᠤ ᠪᠠᠶᠢᠪᠠᠯ ᠭᠠᠭ᠋ᠠᠢ ᠶᠢᠨ ᠬᠤᠨᠭ᠍ᠰᠢᠶᠠᠷ ᠭᠡᠳᠡᠭ | ᠲᠣᠯᠠ ᠡᠶᠢᠮᠦ ᠭᠠᠵᠠᠷ ᠬᠡᠭᠦᠷ ᠲᠠᠯᠪᠢᠬᠤ ᠶᠢ ᠴᠡᠭᠡᠷᠯᠡᠬᠦ ᠬᠡᠷᠡᠭᠳᠡᠢ︾ ᠭᠡᠵᠦ ᠲᠣᠳᠣᠷᠬᠠᠢ ᠲᠡᠮᠳᠡᠭᠯᠡᠵᠦ ᠪᠠᠶᠢᠳᠠᠬ᠃ ᠵᠢᠷᠣᠬᠠᠢ ᠶᠢᠨ ᠣᠬᠠᠭᠠᠨ ᠳᠤ ᠲᠡᠮᠳᠡᠭᠯᠡᠭᠰᠡᠨ ᠡᠨᠡ ᠬᠦ | ᠠᠷᠭ᠎ᠠ ᠨᠢ ᠭᠠᠵᠠᠷ ᠤᠨ ᠪᠠᠶᠢᠴᠠ᠂ ᠬᠡᠯᠪᠡᠷᠢ ᠲᠦᠷᠰᠦ᠂ ᠰᠢᠷᠣᠢ ᠶᠢᠨ ᠰᠢᠨᠵᠢ ᠪᠠᠶᠢᠳᠠᠯ ᠵᠡᠷᠭᠡ ᠪᠠᠷ ᠨᠢ ᠨᠠᠪᠳᠠᠬ ᠰᠠᠪᠳᠠᠬ ᠢ ᠨᠢ ᠰᠢᠨᠵᠢᠨ ᠲᠣᠳᠣᠯᠠᠵᠦ ᠪᠠᠶᠢᠭ᠎ᠠ ᠠᠷᠭ᠎ᠠ | ᠪᠣᠯᠣᠨ᠎ᠠ᠃ ᠵᠢᠷᠣᠬᠠᠢ ᠶᠢᠨ ᠣᠬᠠᠭᠠᠨ ᠠᠴᠠ ᠭᠠᠳᠠᠨ᠎ᠠ ᠬᠤᠷᠴᠢᠨ ᠲᠠᠷᠢᠶᠠᠴᠢᠳ ᠤᠨ ᠲᠣᠮᠳᠠ ᠪᠠᠰᠠ ᠣᠡᠭᠭᠤᠨ ᠬᠡᠭᠦᠷ ᠲᠠᠯᠪᠢᠬᠤ ᠨᠠᠪᠳᠠᠬ ᠰᠠᠪᠳᠠᠬ ᠲᠠᠢ ᠭᠠᠵᠠᠷ ᠢ | ᠰᠣᠩᠭᠤᠬᠤ ᠲᠣᠬᠠᠢ ᠣᠯᠠᠨ ᠵᠦᠢᠯ ᠤᠨ ᠠᠷᠭ᠎ᠠ ᠬᠡᠯᠪᠡᠷᠢ ᠪᠠᠶᠢᠳᠠᠬ᠃ ᠠᠷᠠᠳ ᠤᠨ ᠲᠣᠮᠳᠠᠬᠢ ᠣᠯᠠᠮᠵᠢᠯᠠᠯ ᠶᠠᠷᠢᠶ᠎ᠠ ᠶᠢ ᠦᠨᠳᠦᠰᠦᠯᠡᠪᠡᠯ᠂ ᠣᠣᠯ ᠤᠨ ᠴᠣᠬᠤᠷ | ᠬᠠᠯᠬ᠎ᠠ ᠶᠢᠨ ᠬᠤᠰᠢᠭᠤᠨ ᠳᠤ 19 ᠳ᠋ᠦ᠋ᠬᠡᠷ ᠵᠠᠭᠤᠨ ᠤ ᠰᠡᠭᠦᠯᠴᠢ ᠶᠢᠨ ᠦᠶ᠎ᠡ ᠪᠠᠷ ᠨᠢᠭᠡᠨ ᠪᠦᠯᠦᠭ ᠮᠣᠩᠭᠤᠯᠵᠢᠨ ᠬᠤᠰᠢᠭᠤ ᠠᠴᠠ ᠨᠡᠭᠦᠵᠦ ᠢᠷᠡᠭᠰᠡᠨ ᠣᠷᠢᠶᠠᠩᠬᠠᠢ | ᠣᠪᠣᠬᠳᠦ ᠲᠠᠪᠣᠨᠠᠩ ᠤᠳ ᠰᠠᠭᠤᠷᠢᠰᠢᠨ ᠠᠮᠢᠳᠣᠷᠠᠬᠰᠠᠨ ᠭᠡᠳᠡᠭ᠃ ᠨᠢᠭᠡᠨ ᠡᠳᠦᠷ ᠣᠷᠢᠶᠠᠩᠬᠠᠢ ᠣᠪᠣᠬᠳᠦ ᠲᠠᠪᠣᠨᠠᠩ ᠨᠢ ᠲᠡᠭᠡᠳᠦ ᠶᠢᠨ ᠬᠡᠭᠦᠷ ᠢᠶᠠᠨ ᠣᠡᠭᠭᠤᠯᠠᠬᠤ | ᠨᠠᠪᠳᠠᠬ ᠰᠠᠪᠳᠠᠬ ᠲᠠᠢ ᠭᠠᠵᠠᠷ ᠰᠣᠩᠭᠤᠬᠤ ᠪᠠᠷ ᠪᠣᠯᠵᠠᠢ᠃ ᠲᠡᠷᠡ ᠬᠤᠷᠳᠣᠨ ᠮᠣᠷᠢ ᠣᠨᠣᠵᠦ ᠬᠤᠶᠠᠷ ᠭᠤᠷᠪᠠᠨ ᠡᠳᠦᠷ ᠡᠷᠢᠭᠰᠡᠭᠡᠷ ᠪᠠᠶᠢᠵᠦ ᠭᠤᠷᠪᠠᠳᠣᠭᠠᠷ | ᠡᠳᠦᠷ ᠤᠨ ᠬᠢᠨᠢ ᠨᠠᠷᠠᠨ ᠮᠠᠨᠳᠣᠬᠤ ᠦᠶ᠎ᠡ ︵ᠲᠠᠦᠯᠠᠢ ᠴᠠᠬ︶ ᠪᠠᠷ ᠮᠠᠩᠬᠠᠨ ᠤ ᠡᠩᠭᠡᠷ ᠤᠨ ᠨᠠᠷᠠᠨ ᠤ ᠡᠭᠡᠪᠦᠷ ᠭᠠᠵᠠᠷ ᠠᠴᠠ ᠨᠢᠭᠡᠨ ᠲᠠᠦᠯᠠᠢ ᠪᠣᠰᠣᠨ ᠭᠠᠷᠣᠬᠰᠠᠨ ᠢ | ᠣᠯᠵᠦ ᠦᠵᠡᠭᠡᠳ ᠨᠠᠪᠳᠠᠬ ᠰᠠᠪᠳᠠᠬ ᠰᠠᠶᠢᠳᠠᠢ ᠭᠠᠵᠠᠷ ᠭᠡᠵᠦ ᠮᠡᠳᠡᠭᠡᠳ ᠲᠡᠭᠡᠳᠦ ᠶᠢᠨ ᠣᠡᠭᠭᠤᠨ ᠢᠶᠠᠨ ᠲᠣᠬᠳᠠᠭᠠᠬᠰᠠᠨ ᠭᠡᠳᠡᠭ᠃ ᠨᠣᠳᠤᠬ ᠤᠨ | ᠪᠣᠭᠤᠷᠣᠯᠴᠣᠳ ᠤᠨ ᠬᠠᠭᠤᠴᠢᠯᠠᠬᠤ ᠪᠠᠷ ︽ᠣᠷᠢᠶᠠᠩᠬᠠᠢ ᠣᠪᠣᠬᠳᠦ ᠨᠢ ᠡᠶᠢᠮᠦᠷᠬᠦᠦ ᠪᠡᠯᠭᠡᠳᠦ ᠭᠠᠵᠠᠷ ᠲᠡᠭᠡᠳᠦ ᠶᠢᠨ ᠣᠡᠭᠭᠤᠨ ᠢᠶᠠᠨ ᠲᠠᠯᠪᠢᠬᠰᠠᠨ ᠠᠴᠠ ᠬᠤᠶᠢᠴᠢ | ᠦᠶ᠎ᠡ ᠨᠢ ᠨᠠᠷᠠᠨ ᠮᠠᠨᠳᠣᠬᠤ ᠰᠢᠬ ᠦᠭᠡᠳᠡᠯᠡᠵᠦ᠂ ᠦᠶ᠎ᠡ ᠰᠣᠩᠬᠤ ᠲᠣᠰᠣᠮ ᠢᠶᠠᠨ ᠠᠮᠢᠳᠣᠷᠠᠯ ᠠᠬᠤᠢ ᠨᠢ ᠲᠡᠭᠡᠭᠰᠢᠯᠡᠵᠦ᠂ ᠬᠡᠷᠬᠡᠮ ᠵᠡᠷᠭᠡ ᠨᠢ ᠨᠡᠮᠡᠭᠳᠡᠬᠦ ᠪᠣᠯᠵᠠᠢ︾ | ᠭᠡᠳᠡᠭ᠃ ᠡᠭᠦᠨ ᠠᠴᠠ ᠭᠠᠳᠠᠨ᠎ᠠ ᠪᠠᠰᠠ ᠭᠠᠵᠠᠷ ᠤᠨ ᠬᠡᠢ ᠪᠣᠰᠴᠦ ᠣᠰᠣᠨ ᠴᠦᠪᠦᠷᠢᠭᠦᠦ ᠲᠡᠭᠳᠡᠵᠦ ᠪᠠᠶᠢᠭ᠎ᠠ ᠠᠭᠤᠯᠠᠨ ᠡᠩᠭᠡᠷ ᠨᠢ ᠣᠡᠭᠭᠤᠨ ᠲᠠᠯᠪᠢᠬᠤ ᠳᠤ | ᠲᠣᠬᠢᠷᠠᠬᠤ ᠨᠠᠪᠳᠠᠬ ᠰᠠᠪᠳᠠᠬ ᠰᠠᠶᠢᠨ ᠭᠠᠵᠠᠷ ᠭᠡᠳᠡᠭ᠃ ᠬᠦᠷᠢᠶ᠎ᠡ ᠬᠤᠰᠢᠭᠤᠨ ᠤ ᠠᠷᠠᠳ ᠤᠨ ᠲᠣᠮᠳᠠ᠄ ︽ᠬᠦᠷᠢᠶ᠎ᠡ ᠬᠤᠰᠢᠭᠤᠨ ᠤ ᠣᠣᠯ ᠤᠨ ᠰᠢᠶᠠᠨᠵᠢᠨ | ᠰᠣᠮᠣ ᠳᠤ ᠨᠢᠭᠡᠨ ᠯᠢᠦ ᠣᠪᠣᠬᠳᠦ ᠲᠠᠷᠢᠶᠠᠴᠢᠨ ᠠᠬ᠎ᠠ ᠲᠡᠭᠦᠦ ᠬᠤᠶᠠᠭᠤᠯᠠ ᠠᠵᠣ ᠲᠦᠷᠦᠨ ᠠᠮᠢᠳᠣᠷᠠᠵᠦ ᠪᠠᠶᠢᠵᠠᠢ᠃ ᠨᠢᠭᠡ ᠡᠳᠦᠷ ᠯᠢᠦ ᠣᠪᠣᠬᠳᠦ ᠶᠢᠨ ᠡᠭᠦᠳᠡᠨ | ᠭᠠᠳᠠᠨ᠎ᠠ ᠨᠢᠭᠡᠨ ᠣᠷᠠᠩᠬᠠᠢ ᠨᠠᠪᠳᠠᠷᠬᠠᠢ ᠶᠢ ᠡᠮᠦᠰᠦᠭᠰᠡᠨ ᠲᠡᠨᠦᠬᠦᠯ ᠭᠤᠶᠢᠷᠠᠨᠴᠢ ᠢᠷᠡᠭᠡᠳ ᠬᠤᠭᠤᠯᠠ ᠪᠣᠳᠠᠭ᠎ᠠ ᠭᠤᠶᠣᠵᠠᠢ᠃ ᠭᠡᠷ ᠤᠨ ᠡᠵᠡᠨ ᠨᠢ ᠲᠠᠷᠢᠶᠠᠨ | ᠠᠵᠢᠯ ᠳᠠᠭᠠᠨ ᠶᠠᠭᠠᠷᠠᠬᠤ ᠭᠡᠵᠦ ᠬᠡᠭᠡᠷ᠎ᠡ ᠭᠠᠷᠣᠬᠰᠠᠨ ᠪᠣᠯᠬᠤᠷ ᠯᠢᠦ ᠣᠪᠣᠬᠳᠦ ᠶᠢᠨ ᠡᠬᠡᠨᠡᠷ ᠤᠳ ᠨᠢ ᠭᠤᠶᠢᠷᠠᠨᠴᠢ ᠶᠢ ᠭᠡᠷ ᠲᠡᠭᠡᠨ ᠵᠠᠯᠠᠵᠦ ᠣᠷᠣᠭᠤᠯᠬᠤ ᠠᠴᠠ | ᠲᠠᠳᠠᠭᠠᠯᠵᠠᠵᠦ ᠬᠠᠭᠠᠯᠭᠠᠨ ᠭᠠᠳᠠᠨ᠎ᠠ ᠪᠠᠨ ᠬᠤᠭᠤᠯᠠ ᠪᠣᠳᠠᠭ᠎ᠠ ᠬᠦᠷᠭᠡᠭᠡᠳ ᠢᠳᠡᠭᠦᠯᠵᠦ ᠣᠣᠭᠤᠯᠭᠠᠵᠦ ᠪᠠᠶᠢᠬᠰᠠᠨ ᠭᠡᠨ᠎ᠡ᠃ ᠶᠠᠬ ᠡᠨᠡ ᠦᠶᠡᠰ ᠯᠢᠦ ᠣᠪᠣᠬᠳᠦ | ᠠᠬ᠎ᠠ ᠲᠡᠭᠦᠦ ᠬᠤᠶᠠᠭᠤᠯᠠ ᠲᠠᠷᠢᠶᠠᠨ ᠠᠵᠢᠯ ᠠᠴᠠ ᠪᠠᠨ ᠪᠣᠴᠠᠵᠦ ᠢᠷᠡᠭᠰᠡᠨ ᠲᠠᠢ ᠲᠠᠭᠠᠷᠠᠯᠳᠣᠪᠠ᠃ ᠠᠬ᠎ᠠ ᠲᠡᠭᠦᠦ ᠬᠤᠶᠠᠭᠤᠯᠠ ᠪᠠᠨ ᠬᠠᠭᠠᠯᠭᠠᠨ ᠭᠠᠳᠠᠨ᠎ᠠ ᠨᠢ | ᠬᠤᠭᠤᠯᠠ ᠢᠳᠡᠵᠦ ᠪᠠᠶᠢᠬᠰᠠᠨ ᠭᠤᠶᠢᠷᠠᠨᠴᠢ ᠶᠢ ᠦᠵᠡᠭᠡᠳ ᠶᠡᠬᠡᠳᠡ ᠦᠷᠦ ᠡᠪᠡᠳᠴᠦ ︿ᠠᠮᠢᠳᠣᠷᠠᠵᠦ ᠪᠠᠶᠢᠭ᠎ᠠ ᠬᠦᠮᠦᠨ ᠵᠣᠪᠠᠵᠦ ᠭᠠᠴᠢᠬᠳᠠᠬᠤ ᠦᠭᠡᠢ ᠭᠡᠰᠡᠨ | ᠣᠴᠢᠷ ᠪᠠᠶᠢᠨ᠎ᠠ ᠦᠦ︖ ᠡᠭᠦᠳᠡᠨ ᠭᠠᠳᠠᠨ᠎ᠠ ᠪᠠᠨ ᠬᠦᠮᠦᠨ ᠳᠤ ᠬᠤᠭᠤᠯᠠ ᠬᠦᠷᠭᠡᠬᠦ ᠴᠢᠨᠢ ᠬᠡᠳᠦᠢ ᠡᠪ ᠦᠭᠡᠢ ᠣᠴᠢᠷ ᠪᠣᠢ﹀ ᠭᠡᠵᠦ ᠡᠬᠡᠨᠡᠷ ᠲᠡᠭᠡᠨ ᠬᠡᠯᠡᠭᠡᠳ | ᠭᠤᠶᠢᠷᠠᠨᠴᠢ ᠶᠢ ᠭᠡᠷ ᠲᠡᠭᠡᠨ ᠵᠠᠯᠠᠵᠦ ᠣᠷᠣᠭᠤᠯᠣᠭᠠᠳ ᠬᠦᠨᠳᠦᠳᠭᠡᠨ ᠵᠣᠴᠢᠯᠠᠵᠦ ᠪᠣᠴᠠᠬᠤ ᠦᠶᠡᠰ ᠲᠤᠨᠢ ᠪᠠᠰᠠ ᠬᠡᠦᠳᠡᠢ ᠳᠤ ᠴᠠᠭᠠᠨ ᠪᠣᠳᠠᠭ᠎ᠠ ᠪᠠᠨ ᠲᠦᠭᠦᠷᠳᠡᠯ᠎ᠡ | ᠰᠠᠪᠠᠯᠠᠭᠠᠳ ᠡᠯᠵᠢᠭᠡᠨ ᠲᠡᠭᠡᠷ᠎ᠡ ᠪᠠᠨ ᠠᠴᠢᠵᠦ ᠦᠭᠭᠦᠭᠡᠳ ᠬᠦᠷᠭᠡᠭᠰᠡᠨ ᠭᠡᠨ᠎ᠡ᠃ ᠬᠡᠦᠳᠡᠢ ᠲᠠᠢ ᠪᠣᠳᠠᠭ᠎ᠠ᠂ ᠡᠯᠵᠢᠭᠡ ᠣᠯᠣᠬᠰᠠᠨ ᠭᠤᠶᠢᠷᠠᠨᠴᠢ ᠭᠤᠸᠠᠢ ᠶᠡᠬᠡᠳᠡ | ᠪᠠᠶᠠᠷᠯᠠᠵᠦ᠄ ︿ᠭᠤᠷᠪᠠᠨ ᠵᠢᠯ ᠤᠨ ᠲᠠᠷᠠᠭ᠎ᠠ ᠡᠯᠵᠢᠭᠡ ᠪᠣᠳᠠᠭ᠎ᠠ ᠬᠦᠷᠭᠡᠭᠰᠡᠨ ᠠᠴᠢ ᠶᠢ ᠴᠢᠨᠢ ᠵᠠᠭᠤᠨ ᠲᠠᠬᠢᠨ ᠢᠶᠠᠷ ᠬᠠᠷᠢᠭᠤᠯᠠᠨ᠎ᠠ﹀ ᠭᠡᠵᠦ ᠬᠡᠯᠡᠭᠡᠳ ᠶᠠᠪᠣᠬᠰᠠᠨ | ᠭᠡᠨ᠎ᠡ᠃ ᠡᠨᠡ ᠭᠤᠶᠢᠷᠠᠨᠴᠢ ᠬᠡᠳᠦᠨ ᠵᠢᠯ ᠤᠨ ᠬᠤᠭᠤᠴᠠᠭᠠᠨ ᠳᠤ ᠶᠢᠷᠳᠢᠨᠴᠦ ᠶᠢ ᠲᠣᠭᠤᠷᠢᠵᠦ᠂ ᠡᠷᠳᠡᠮᠳᠡᠨ ᠬᠤᠪᠢᠯᠭᠠᠳ ᠢ ᠰᠣᠷᠪᠣᠯᠵᠢᠯᠠᠵᠦ ᠡᠷᠳᠡᠮ ᠮᠡᠳᠡᠯᠭᠡ ᠨᠢ | ᠨᠡᠮᠡᠭᠳᠡᠭᠡᠳ ᠬᠤᠵᠢᠮ ᠨᠢ ᠬᠡᠳᠦᠨ ᠬᠤᠰᠢᠭᠤᠨ ᠳᠤ ᠠᠯᠳᠠᠷᠳᠠᠢ ᠨᠣᠳᠤᠬ ᠰᠢᠨᠵᠢᠭᠡᠴᠢ ᠪᠣᠯᠣᠬᠰᠠᠨ ᠭᠡᠨ᠎ᠡ᠃ ᠨᠢᠭᠡᠨ ᠡᠳᠦᠷ ᠨᠣᠳᠤᠬ ᠰᠢᠨᠵᠢᠭᠡᠴᠢ ᠭᠤᠸᠠᠢ ᠯᠢᠦ | ᠣᠪᠣᠬᠳᠦ ᠶᠢᠨ ᠬᠢᠨ ᠳᠤ ᠢᠷᠡᠭᠡᠳ ᠠᠬ᠎ᠠ ᠲᠡᠭᠦᠦ ᠬᠤᠶᠠᠭᠤᠯᠠ ᠶᠢ ᠲᠠᠭᠠᠭᠤᠯᠵᠦ ᠭᠡᠷ ᠠᠴᠠ ᠨᠢ ᠵᠠᠶᠢᠳᠠᠭᠤᠬᠠᠨ ᠪᠠᠶᠢᠭ᠎ᠠ ᠠᠭᠤᠯᠠᠨ ᠡᠩᠭᠡᠷ ᠲᠤ ᠬᠦᠷᠦᠭᠡᠳ᠄ ︿ᠡᠨᠡ | ᠭᠠᠵᠠᠷ ᠤᠨ ᠭᠠᠵᠠᠷ ᠤᠨ ᠬᠡᠢ ᠨᠢ ᠲᠡᠭᠳᠡᠭᠡᠳ ᠣᠯᠠᠨ ᠣᠰᠣᠨ ᠴᠦᠪᠦᠷᠢᠭᠦᠦ ᠭᠠᠷᠴᠦ ᠪᠦᠮᠪᠦᠭᠡᠯᠡᠵᠦ ᠪᠠᠶᠢᠨ᠎ᠠ᠃ ᠲᠠ ᠨᠠᠷ ᠡ᠊ᠨᠳᠡ ᠲᠡᠭᠡᠳᠦ ᠶᠢᠨ ᠣᠡᠭᠭᠤᠨ ᠢᠶᠠᠨ | ᠲᠣᠬᠳᠠᠭᠠᠪᠠᠯ ᠬᠡᠶᠢᠮᠣᠷᠢ ᠴᠢᠨᠢ ᠲᠡᠭᠳᠡᠵᠦ᠂ ᠦᠶ᠎ᠡ ᠶᠢᠨ ᠦᠶ᠎ᠡ ᠳᠡᠭᠡᠨ ᠦᠭᠡᠳᠡᠯᠡᠨ᠎ᠡ﹀ ᠭᠡᠵᠦ ᠰᠠᠨᠠᠭᠤᠯᠣᠬᠰᠠᠨ ᠭᠡᠨ᠎ᠡ᠃ ᠭᠠᠵᠠᠷ ᠤᠨ ᠲᠦᠪᠰᠢᠨ ᠠᠴᠠ ᠬᠡᠴᠢᠨᠡᠬᠡᠨ | ᠡᠷᠭᠦᠭᠳᠡᠭᠰᠡᠨ ᠠᠭᠤᠯᠠᠨ ᠤ ᠡᠩᠭᠡᠷ ᠲᠤ ᠣᠰᠣᠨ ᠴᠦᠪᠦᠷᠢᠬᠦᠦ ᠪᠦᠮᠪᠦᠭᠡᠯᠡᠵᠦ ᠪᠠᠶᠢᠬᠤ ᠶᠢ ᠬᠠᠷᠠᠬᠰᠠᠨ ᠠᠬ᠎ᠠ ᠲᠡᠭᠦᠦ ᠬᠤᠶᠠᠭᠤᠯᠠ ᠪᠠᠨ ᠶᠡᠬᠡᠳᠡ ᠰᠦᠵᠢᠭ ᠲᠦᠷᠦᠵᠦ | ᠨᠣᠳᠤᠬ ᠰᠢᠨᠵᠢᠭᠡᠴᠢ ᠶᠢᠨ ᠵᠢᠭᠠᠵᠦ ᠦᠭᠬᠦᠭᠰᠡᠨ ᠡᠨᠡ ᠬᠦ ᠭᠠᠵᠠᠷ ᠲᠡᠭᠡᠳᠦ ᠶᠢᠨ ᠣᠡᠭᠭᠤᠨ ᠢᠶᠠᠨ ᠲᠣᠬᠳᠠᠭᠠᠬᠰᠠᠨ ᠠᠴᠠ ᠨᠡᠬᠡᠷᠡᠨ ᠦᠭᠡᠳᠡᠯᠡᠨ ᠪᠠᠶᠠᠵᠢᠵᠦ ᠬᠤᠶᠢᠴᠢ | ᠦᠶ᠎ᠡ ᠳᠤᠨᠢ ᠬᠡᠷᠬᠡᠮ ᠵᠡᠷᠭᠡ ᠦᠨᠳᠦᠷ ᠬᠦᠮᠦᠰ ᠲᠠᠰᠣᠷᠠᠯ ᠦᠭᠡᠢ ᠭᠠᠷᠬᠤ ᠪᠣᠯᠣᠬᠰᠠᠨ ᠭᠡᠳᠡᠭ︾ ᠭᠡᠰᠡᠨ ᠣᠯᠠᠮᠵᠢᠯᠠᠯ ᠶᠠᠷᠢᠶ᠎ᠠ ᠶᠠᠷᠢᠬᠳᠠᠵᠦ ᠪᠠᠶᠢᠳᠠᠬ᠃ | ᠬᠤᠷᠴᠢᠨᠴᠣᠳ ᠤᠨ ᠲᠣᠮᠳᠠ ᠪᠠᠰᠠ ᠶᠠᠮᠠᠷᠪᠠ ᠰᠠᠶᠢᠨ ᠨᠠᠪᠳᠠᠬ ᠰᠠᠪᠳᠠᠬ ᠨᠢ ᠴᠦ ᠪᠣᠰᠣᠳ ᠲᠤ ᠰᠢᠯᠵᠢᠵᠦ ᠦᠭᠬᠦ ᠲᠣᠷ᠎ᠠ ᠦᠭᠡᠢ ᠪᠣᠯᠬᠤᠷ ᠣᠡᠭᠭᠤᠨ ᠬᠡᠭᠦᠷ | ᠲᠠᠯᠪᠢᠬᠤ ᠳᠤ ᠨᠠᠪᠳᠠᠬ ᠰᠠᠪᠳᠠᠬ ᠠᠴᠠ ᠭᠠᠵᠠᠷ ᠭᠤᠶᠣᠬᠤ ᠬᠡᠷᠡᠭᠳᠡᠢ ᠭᠡᠳᠡᠭ᠃ ᠬᠡᠭᠦᠷ ᠣᠡᠭᠭᠤᠨ ᠤ ᠨᠠᠪᠳᠠᠬ ᠰᠠᠪᠳᠠᠬ ᠨᠢ ᠬᠡᠳᠦᠷᠬᠡᠢ ᠲᠣᠬᠰᠢᠨ ᠪᠣᠯ ᠦᠬᠦᠭᠰᠡᠨ | ᠬᠦᠮᠦᠨ ᠲᠠᠢ ᠭᠠᠵᠠᠷ ᠪᠣᠯᠢᠶᠠᠯᠳᠣᠵᠦ ᠰᠦᠨᠢ ᠣᠷᠣᠢ ᠠᠶᠠᠨ ᠤ ᠬᠦᠮᠦᠰ ᠢ ᠲᠦᠭᠡᠷᠢᠭᠦᠯᠳᠡᠭ ᠦᠵᠡᠭᠳᠡᠯ ᠴᠦ ᠭᠠᠷᠳᠠᠬ ᠶᠣᠮ ᠭᠡᠨ᠎ᠡ᠃ ᠠᠷᠠᠳ ᠤᠨ ᠲᠣᠮᠳᠠ ᠰᠦᠨᠢ | ᠣᠷᠣᠢ ᠲᠦᠭᠡᠷᠢᠵᠦ ᠲᠡᠨᠦᠭᠰᠡᠨ ᠬᠦᠮᠦᠨ ᠬᠡᠭᠡᠷ᠎ᠡ ᠭᠠᠳᠠᠭ᠎ᠠ ᠣᠨᠳᠠᠭᠠᠳ ᠦᠷᠯᠦᠭᠡ ᠪᠣᠰᠬᠤ ᠦᠶᠡᠰ ᠣᠡᠭᠭᠤᠨ ᠲᠡᠷᠡᠯᠡᠭᠡᠳ ᠣᠨᠳᠠᠵᠦ ᠪᠠᠶᠢᠬᠰᠠᠨ ᠲᠣᠬᠠᠢ ᠦᠯᠢᠭᠡᠷ | ᠣᠴᠠᠷᠠᠯ ᠤᠳ ᠣᠯᠠᠨ ᠣᠯᠠᠨ ᠲᠣᠬᠢᠶᠠᠯᠳᠣᠳᠠᠬ ᠨᠢ ᠡᠭᠦᠨ ᠲᠠᠢ ᠬᠤᠯᠪᠣᠭ᠎ᠠ ᠲᠠᠢ ᠭᠡᠳᠡᠭ᠃ ᠵᠠᠷᠢᠮ ᠪᠦᠭᠡ ᠨᠠᠷ ᠤᠨ ᠶᠠᠷᠢᠬᠤ ᠪᠠᠷ ᠡᠨᠡ ᠨᠢ ᠡᠷᠢᠶᠠᠨ ᠲᠠᠢ ᠭᠠᠵᠠᠷ ᠲᠠᠢ | ᠢᠯᠭᠠᠭ᠎ᠠ ᠲᠠᠢ ᠭᠡᠨ᠎ᠡ᠃ ᠡᠷᠢᠶᠡᠨ ᠲᠠᠢ ᠭᠠᠵᠠᠷ ᠨᠢ ᠣᠡᠭᠭᠤᠨ ᠬᠡᠭᠦᠷ ᠪᠠᠶᠢᠬᠤ ᠦᠭᠡᠢ ᠭᠠᠵᠠᠷ ᠴᠦ ᠬᠦᠮᠦᠨ ᠢ ᠲᠦᠭᠡᠷᠢᠭᠦᠯᠳᠡᠭ ᠪᠣᠯ ᠣᠡᠭᠭᠤᠨ ᠲᠠᠢ ᠭᠠᠵᠠᠷ | ᠬᠦᠮᠦᠨ ᠢ ᠲᠦᠭᠡᠷᠢᠭᠦᠯᠳᠡᠭ ᠨᠢ ᠦᠬᠦᠭᠰᠡᠳ ᠤᠨ ᠰᠦᠨᠡᠰᠦ ᠬᠦᠮᠦᠨ ᠢ ᠪᠣᠷᠣᠭᠤ ᠵᠠᠮ ᠢᠶᠠᠷ ᠬᠦᠳᠦᠯᠦᠭᠰᠡᠨ ᠠᠴᠠ ᠪᠣᠯᠣᠬᠰᠠᠨ ᠭᠡᠳᠡᠭ᠃ ᠨᠠᠪᠳᠠᠬ ᠰᠠᠪᠳᠠᠬ ᠠᠴᠠ | ᠭᠠᠵᠠᠷ ᠭᠤᠶᠣᠬᠤ ᠲᠣᠬᠠᠢ ᠭᠠᠳᠠᠰᠣ ᠠᠴᠠ᠄ ︽ᠣᠣᠯ ᠤᠨ ᠬᠠᠯᠬ᠎ᠠ ᠵᠡᠭᠦᠨ ᠭᠠᠷ ᠬᠤᠰᠢᠭᠤ᠂ ᠣᠳᠣ ᠶᠢᠨ ᠬᠦᠷᠢᠶ᠎ᠡ ᠬᠤᠰᠢᠭᠤ ᠶᠢᠨ ᠮᠠᠩᠬᠠᠨ ᠰᠣᠮᠣᠨ ᠤ ᠪᠠᠷᠠᠭᠤᠨ | ᠡᠮᠦᠨᠡᠭᠦᠷ ᠪᠠᠶᠢᠭ᠎ᠠ ᠭᠠᠴᠠᠭ᠎ᠠ ᠨᠤᠭᠤᠳ ᠤᠨ ᠬᠢᠨ ᠣᠳᠣ ᠴᠦ ᠬᠦᠮᠦᠨ ᠦᠬᠦᠪᠡᠯ ᠬᠡᠭᠦᠷ ᠢ ᠨᠢ ᠣᠷᠣᠰᠢᠭᠤᠯᠬᠤ ᠳᠠᠭᠠᠨ ᠬᠡᠭᠦᠷ ᠲᠠᠯᠪᠢᠬᠤ ᠭᠠᠵᠠᠷ ᠢᠶᠠᠨ ᠰᠣᠩᠭᠤᠨ | ᠲᠣᠬᠢᠷᠠᠬᠰᠠᠨ ᠤ ᠲᠠᠷᠠᠭ᠎ᠠ ᠪᠣᠭᠤ ᠶᠢᠨ ᠡᠪᠡᠷ ᠢᠶᠠᠷ ᠬᠡᠭᠦᠷ ᠣᠷᠣᠰᠢᠭᠤᠯᠬᠤ ᠭᠠᠵᠠᠷ ᠲᠠᠭᠠᠨ ᠲᠦᠷᠪᠡᠯᠵᠢᠨ ᠲᠣᠳᠣᠷ᠎ᠠ ᠰᠣᠯᠪᠢᠬᠤ ᠲᠡᠮᠳᠡᠭ ᠵᠢᠷᠣᠵᠦ ︿ᠡᠨᠡ ᠭᠠᠵᠠᠷ ᠢ | ᠡᠵᠡᠯᠡᠨ ᠰᠠᠭᠤᠵᠦ ᠪᠠᠶᠢᠭ᠎ᠠ ᠭᠠᠵᠠᠷ ᠤᠨ ᠡᠵᠡᠳ ᠨᠠᠪᠳᠠᠬ ᠰᠠᠪᠳᠠᠬ ᠮᠢᠨᠢ ᠰᠣᠨᠣᠰᠣᠭᠠᠷᠠᠢ︕ ᠡᠨᠡ ᠣᠷᠣ ᠶᠢ ᠪᠣᠰᠣ ᠬᠦᠮᠦᠨ ᠡᠵᠡᠯᠡᠨ ᠰᠠᠭᠤᠬᠤ ᠴᠢᠬᠤᠯᠠᠲᠠᠢ | ᠪᠣᠯᠣᠬᠰᠠᠨ ᠪᠣᠯᠬᠤᠷ ᠦᠷᠦᠰᠢᠶᠡᠯ ᠦᠵᠡᠭᠦᠯᠵᠦ ᠰᠢᠯᠵᠢᠨ ᠦᠭᠬᠦ ᠪᠣᠯᠪᠠ ᠤᠤ︖﹀ ᠭᠡᠵᠦ ᠨᠠᠪᠳᠠᠬ ᠰᠠᠪᠳᠠᠬ ᠠᠴᠠ ᠣᠡᠭᠭᠤᠨ ᠲᠠᠯᠪᠢᠬᠤ ᠭᠠᠵᠠᠷ ᠢᠶᠠᠨ ᠭᠤᠶᠣᠵᠦ | ᠰᠠᠷᠬᠤᠳ ᠠᠷᠢᠬᠢ ᠪᠠᠨ ᠵᠦᠭ ᠵᠦᠭ ᠲᠤ ᠰᠦᠷᠴᠢᠵᠦ᠂ ᠣᠡᠭᠭᠤᠨ ᠲᠠᠯᠪᠢᠬᠤ ᠨᠦᠬᠡ ᠶᠢ ᠮᠠᠯᠳᠠᠭᠠᠳ ᠨᠦᠭᠴᠢᠭᠰᠡᠳ ᠢᠶᠠᠨ ᠣᠷᠣᠰᠢᠭᠤᠯᠳᠠᠬ᠃ ᠬᠡᠷᠪᠡ ᠪᠣᠭᠤ ᠶᠢᠨ | ᠡᠪᠡᠷ ᠣᠯᠳᠠᠬᠤ ᠦᠭᠡᠢ ᠶᠣᠮ ᠪᠣᠯ ᠲᠦᠭᠦᠬᠡᠢ ᠰᠢᠷᠡᠮᠦ ᠪᠠᠷ ᠴᠢᠳᠬᠤᠬᠰᠠᠨ ᠠᠨᠵᠢᠰᠣᠨ ᠬᠤᠰᠢᠭᠤᠨ ᠤ ᠬᠠᠭᠠᠷᠬᠠᠢ ᠪᠠᠷ ᠣᠷᠣᠯᠠᠭᠤᠯᠵᠦ ᠡᠨᠡ ᠬᠦ ᠦᠢᠯᠡ ᠶᠢ | ᠭᠦᠢᠴᠡᠳᠭᠡᠳᠡᠭ︾ ᠭᠡᠵᠡᠢ᠃ | ᠠᠭᠤᠯᠠ ᠬᠠᠶᠢᠷᠬᠠᠨ ᠤ ᠨᠠᠪᠳᠠᠬ ᠰᠠᠪᠳᠠᠬ | ᠠᠭᠤᠯᠠᠨ ᠤ ᠶᠠᠮᠠᠷ ᠨᠢᠭᠡ ᠣᠨᠴᠠᠭᠠᠢ ᠭᠠᠵᠠᠷ ᠨᠢ ᠬᠡᠷᠭᠢᠨ ᠣᠯᠠᠨ ᠪᠦᠬᠦᠨ ᠳᠤ ᠰᠢᠳᠦᠭᠳᠡᠬᠦ ᠪᠣᠯᠣᠬᠰᠠᠨ ᠭᠡᠳᠡᠭ ᠢ ᠮᠣᠩᠭᠤᠯᠴᠣᠳ ᠤᠨ ᠦᠪᠡᠷ ᠤᠨ ᠬᠢᠨᠢ | ᠪᠢᠴᠢᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠤ ᠲᠡᠦᠬᠡᠨ ᠮᠠᠲ᠋ᠧᠷᠢᠶᠠᠯ ᠦᠵᠡᠭᠦᠯᠵᠦ ᠪᠠᠶᠢᠨ᠎ᠠ᠃ ᠦᠨᠳᠦᠷ ᠠᠭᠤᠯᠠᠨ ᠳᠤ ᠠᠮᠢᠵᠢᠷᠠᠯ ᠤᠨ ᠬᠦᠴᠦᠨ ᠲᠠᠢ | ᠭᠡᠵᠦ ᠦᠵᠡᠬᠦ᠂ ᠡᠭᠦᠨ ᠤ ᠣᠯᠠᠮ ᠠᠴᠠ ᠪᠣᠢ ᠪᠣᠯᠣᠬᠰᠠᠨ ᠲᠡᠭᠡᠳᠦᠰ ᠢᠶᠠᠨ ᠪᠠ ᠠᠯᠳᠠᠷᠳᠦ ᠬᠦᠮᠦᠰ ᠢ ᠦᠨᠳᠦᠷ ᠭᠠᠵᠠᠷ ᠲᠤ ᠣᠡᠭᠭᠤᠯᠠᠬᠤ ᠲᠠᠳᠬᠠᠯ ᠨᠢ ᠡᠨᠡ ᠬᠦ | ᠦᠵᠡᠯ ᠰᠠᠨᠠᠭ᠎ᠠ ᠶᠢ ᠣᠯᠠᠮ ᠯᠠᠪᠰᠢᠷᠠᠭᠤᠯᠵᠠᠢ᠃ ᠴᠠᠬᠠᠷ ᠪᠦᠬᠡ ᠶᠢᠨ ᠨᠢᠭᠡ ᠲᠡᠦᠬᠡᠨ ᠵᠣᠬᠢᠶᠠᠯ ᠳᠤ ᠨᠦᠭᠴᠢᠭᠰᠡᠳ ᠲᠡᠭᠡᠳᠦᠰ ᠢᠶᠠᠨ ᠶᠠᠭᠠᠬᠢᠵᠦ ᠦᠨᠳᠦᠷ ᠭᠠᠵᠠᠷ | ᠣᠡᠭᠭᠤᠯᠠᠭᠠᠳ ᠡᠭᠦᠨ ᠤ ᠣᠯᠠᠮ ᠠᠴᠠ ᠰᠦᠭ ᠰᠦᠨᠡᠰᠦ ᠨᠢ ᠬᠡᠷᠬᠢᠨ ᠪᠠᠶᠢᠭᠠᠯᠢ ᠶᠢᠨ ᠬᠦᠴᠦᠨ ᠲᠠᠢ ᠨᠦᠬᠦᠴᠡᠭᠰᠡᠨ ᠢ ᠲᠡᠮᠳᠡᠭᠯᠡᠬᠦ ᠳᠡᠭᠡᠨ ︽ᠬᠡᠭᠦᠷ ᠢ ᠨᠢ ᠦᠨᠦᠴᠢᠨ | ᠬᠠᠳᠠᠨ ᠤ ᠡᠮᠦᠨᠡᠬᠢ ᠲᠠᠯ᠎ᠠ ᠭᠠᠵᠠᠷ ᠣᠷᠣᠰᠢᠭᠤᠯᠣᠭᠠᠳ ᠁ ᠭᠤᠷᠪᠠᠨ ᠵᠢᠯ ᠰᠢᠬᠠᠮ ᠤᠨ ᠬᠤᠭᠤᠴᠠᠭᠠᠨ ᠳᠤ ᠢᠮᠠᠬᠳᠠ ᠲᠠᠶᠢᠯᠭ᠎ᠠ ᠲᠠᠬᠢᠯᠭ᠎ᠠ ᠦᠢᠯᠡᠳᠦᠭᠰᠡᠭᠡᠷ | ᠪᠠᠶᠢᠪᠠ᠃ ᠣᠯᠠᠭᠠᠨ ᠬᠠᠳᠠᠨ ᠤ ᠣᠷᠣᠢ ᠪᠠᠷ ᠡᠭᠦᠯᠡ ᠮᠠᠨᠠᠨ ᠲᠠᠳᠠᠵᠦ᠂ ᠰᠣᠪᠣᠷᠭᠠᠯᠠᠨ ᠲᠡᠭᠳᠡᠵᠦ ᠵᠠᠮᠬᠠᠷᠠᠳᠠᠬ ᠁ ᠲᠡᠭᠦᠨ ᠠᠴᠠ ᠬᠤᠶᠢᠰᠢ ᠨᠦᠭᠴᠢᠭᠰᠡᠨ | ᠡᠴᠢᠭᠡ ᠶᠢᠨ ᠬᠢᠨᠢ ᠰᠦᠭ ᠰᠦᠨᠡᠰᠦ ᠨᠢ ᠠᠭᠤᠯᠠ ᠣᠰᠣᠨ ᠤ ᠨᠠᠪᠳᠠᠬ ᠰᠠᠪᠳᠠᠬ ᠲᠠᠢ ᠨᠡᠶᠢᠯᠡᠵᠡᠢ︾ ᠭᠡᠵᠦ ︽ᠠᠷᠠᠳ ᠤᠨ ᠱᠠᠰᠢᠨ︾ ᠪᠠ ︽ᠬᠦᠮᠦᠨ | ᠲᠦᠷᠦᠯᠬᠢᠳᠡᠨ ᠤ ᠰᠣᠳᠣᠯᠣᠯ ᠰᠡᠳᠭᠦᠯ︾ ᠳᠤ ᠲᠡᠮᠳᠡᠭᠯᠡᠵᠦ ᠪᠠᠶᠢᠳᠠᠬ᠃ ᠮᠣᠩᠭᠤᠯᠴᠣᠳ ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠨᠦᠭᠴᠢᠭᠰᠡᠳ ᠢ ᠦᠨᠳᠦᠷ | ᠭᠠᠵᠠᠷ ᠣᠷᠣᠰᠢᠭᠤᠯᠬᠤ ᠵᠠᠩᠰᠢᠯ ᠲᠠᠢ ᠪᠠᠶᠢᠬᠰᠠᠨ ᠢ ᠣᠯᠠᠭᠠᠨᠬᠠᠳᠠ ᠣᠷᠴᠢᠮ ᠤᠨ ᠬᠠᠭᠤᠴᠢᠨ ᠤ ᠢᠯᠡᠷᠡᠭᠦᠯᠦᠯᠳᠡ ᠭᠡᠷᠡᠴᠢᠯᠡᠵᠦ ᠪᠠᠶᠢᠨ᠎ᠠ᠃ ︽ᠵᠡᠭᠦᠨ ᠮᠣᠩᠭᠤᠯ ᠤᠨ | ᠯᠢᠨᠰᠢ ᠣᠷᠴᠢᠮ ᠤᠨ ᠣᠯᠠᠭᠠᠨᠬᠠᠳᠠ ᠬᠠᠪᠢ ᠪᠠᠷ ᠴᠢᠯᠠᠭᠤᠨ ᠵᠡᠪᠰᠡᠭ ᠤᠨ ᠦᠶ᠎ᠡ ᠶᠢᠨ ᠬᠠᠭᠤᠴᠢᠨ ᠪᠣᠯᠠᠰᠢ ᠣᠯᠳᠠᠬᠰᠠᠨ ᠶᠣᠮ︾ ᠭᠡᠵᠦ ᠶᠠᠫᠣᠨ ᠤ ᠲᠣᠣᠺᠢᠣ᠋ ᠶᠢᠨ | ᠬᠡᠪᠯᠡᠯ ᠤᠨ ︽ᠣᠯᠠᠭᠠᠨᠬᠠᠳᠠ ᠳᠤ ᠮᠠᠯᠳᠠᠯᠭ᠎ᠠ ᠬᠢᠭᠰᠡᠨ ᠨᠢ︾᠂ ︽ᠲᠣᠷᠣᠨᠠᠳᠠᠬᠢᠨ ᠤ ᠬᠠᠭᠤᠴᠢ ᠰᠣᠳᠣᠯᠣᠯ ᠰᠡᠳᠭᠦᠯ︾ ᠤᠨ A ᠲᠦᠷᠦᠯ ᠳᠤ ᠲᠡᠮᠳᠡᠭᠯᠡᠵᠦ ᠪᠠᠶᠢᠨ᠎ᠠ | ᠃ | P · S ᠫᠠᠯᠯᠠᠰ ᠤᠨ ︽ᠮᠣᠩᠭᠤᠯ ᠦᠨᠳᠦᠰᠦᠳᠡᠨ ᠤ ᠲᠡᠦᠬᠡ ᠶᠢᠨ ᠮᠠᠲ᠋ᠧᠷᠢᠶᠠᠯ ᠤᠨ ᠲᠡᠭᠦᠪᠦᠷᠢ︾ ᠳᠤ᠄ ︽ᠮᠣᠩᠭᠤᠯᠴᠣᠳ ᠦᠨᠳᠦᠷ ᠭᠠᠵᠠᠷ᠂ | ᠠᠭᠤᠯᠠ ᠶᠢᠨ ᠬᠦᠳᠦᠯ᠂ ᠵᠠᠮ ᠤᠨ ᠠᠭᠤᠯᠵᠠᠷ ᠲᠡᠭᠡᠷ᠎ᠡ ᠣᠪᠣᠭ᠎ᠠ ᠪᠣᠰᠬᠠᠭᠠᠳ ᠲᠣᠬᠠᠢ ᠶᠢᠨ ᠭᠠᠵᠠᠷ ᠤᠨ ᠡᠵᠡᠳ ᠰᠠᠬᠢᠭᠤᠰᠣ ᠪᠣᠯᠭᠠᠨ ᠣᠨᠴᠠᠭᠠᠢ ᠪᠢᠰᠢᠷᠡᠨ ᠲᠠᠬᠢᠳᠠᠬ | ᠃ ᠦᠨᠳᠦᠷ ᠭᠠᠵᠠᠷ ᠴᠢᠯᠠᠭᠤᠨ ᠣᠪᠣᠭ᠎ᠠ ᠪᠣᠰᠬᠠᠵᠦ ᠲᠡᠮᠳᠡᠭ ᠪᠣᠯᠭᠠᠬᠤ ᠵᠣᠷᠰᠢᠯ ᠲᠣᠮᠳᠠᠳᠦ ᠠᠽᠢᠶ᠎ᠠ ᠪᠠ ᠠᠯᠳᠠᠢ ᠶᠢᠨ ᠦᠨᠳᠦᠰᠦᠳᠡᠨ ᠨᠦᠭᠦᠳ ᠤᠨ ᠲᠣᠳᠣᠷ᠎ᠠ | ᠪᠠᠰᠠ ᠪᠠᠶᠢᠵᠠᠢ︾ ᠭᠡᠵᠦ ᠦᠬᠦᠯᠡᠭᠰᠡᠨ ᠶᠣᠮ᠃ ᠪᠦᠬᠡ ᠶᠢᠨ ᠱᠠᠰᠢᠨ ᠤ ᠦᠵᠡᠯ ᠰᠠᠨᠠᠭᠠᠨ ᠤ ᠬᠡᠪᠴᠢᠶᠡᠨ ᠳᠤ ᠠᠪᠴᠦ ᠬᠡᠯᠡᠪᠡᠯ ᠣᠪᠣᠭ᠎ᠠ ᠨᠢ ᠲᠣᠬᠠᠢ ᠶᠢᠨ | ᠭᠠᠵᠠᠷ ᠤᠨ ᠰᠢᠳᠦᠭᠡᠨ᠂ ᠡᠵᠡᠳ ᠰᠠᠬᠢᠭᠤᠯᠰᠣᠨ ᠨᠠᠷ ᠤᠨ ᠴᠣᠬᠯᠠᠷᠠᠳᠠᠬ ᠭᠠᠵᠠᠷ ᠮᠦᠨ ᠭᠡᠵᠦ ᠦᠵᠡᠳᠡᠭ ᠪᠠᠶᠢᠵᠠᠢ᠃ ᠦᠨᠡᠨ ᠳᠡᠭᠡᠨ ᠠᠭᠤᠯᠠ ᠣᠰᠣᠨ ᠤ ᠨᠠᠪᠳᠠᠬ | ᠰᠠᠪᠳᠠᠬ ᠤᠨ ᠬᠠᠮᠠᠭᠠᠯᠠᠬᠴᠢ ᠶᠢᠨ ᠦᠢᠯᠡᠳᠦᠯ ᠪᠠ ᠣᠪᠣᠭ᠎ᠠ ᠶᠢᠨ ᠰᠢᠳᠦᠯᠭᠡ ᠶᠢᠨ ᠲᠣᠬᠠᠢ ᠮᠣᠩᠭᠤᠯᠴᠣᠳ ᠤᠨ ᠣᠢᠢᠯᠠᠭᠠᠯᠳᠠ ᠨᠢ ᠠᠳᠠᠯᠢᠪᠳᠣᠷ ᠪᠠᠶᠢᠳᠠᠬ᠃ | ᠮᠣᠩᠭᠤᠯᠴᠣᠳ ᠬᠤᠶᠢᠳᠦ ᠮᠣᠩᠭᠤᠯ ᠤᠨ ᠵᠡᠭᠦᠨᠭᠠᠷ ᠠᠭᠤᠯᠠ᠂ ᠪᠠᠶᠠᠨᠵᠢᠷᠦᠬᠡ ᠠᠭᠤᠯᠠ᠂ ᠪᠣᠬᠳᠠ ᠠᠭᠤᠯᠠ᠂ ᠰᠣᠩᠬᠢᠨ᠎ᠠ ᠠᠭᠤᠯᠠ ᠶᠢ ︽ᠠᠭᠤᠯᠠ ᠶᠢᠨ | ᠲᠦᠷᠪᠡᠨ ᠡᠵᠡᠳ︾ ᠭᠡᠵᠦ ᠶᠡᠭᠡ ᠯᠡ ᠰᠢᠳᠦᠳᠡᠭ ᠪᠠᠶᠢᠬᠰᠠᠨ ᠭᠡᠨ᠎ᠡ᠃ ᠯᠠᠮᠠ ᠶᠢᠨ ᠱᠠᠰᠢᠨ ᠤ ᠬᠢᠨ ︽ᠲᠦᠷᠪᠡᠨ ᠠᠭᠤᠯᠠ ᠶᠢᠨ ᠡᠵᠡᠳ︾ ᠤᠨ ᠪᠦᠷᠢᠯᠸ᠎ᠠ ᠶᠢ | ᠴᠠᠮ ᠳᠤ ᠣᠷᠣᠭᠤᠯᠳᠠᠬ᠃ ᠲᠡᠳᠡᠭᠡᠷ ᠤᠨ ᠲᠦᠷᠢ ᠪᠠᠶᠢᠳᠠᠯ ᠨᠢ᠄ ᠪᠠᠶᠠᠨᠵᠢᠷᠦᠬᠡ ᠠᠭᠤᠯᠠ ᠶᠢᠨ ᠡᠵᠡᠳ ᠪᠣᠯ ᠦᠰᠦ ᠪᠠᠨ ᠲᠡᠷᠢᠭᠦᠨ ᠳᠡᠭᠡᠨ ᠪᠣᠮᠪᠠᠶᠢᠯᠭᠠᠬᠰᠠᠨ ᠰᠢᠷ᠎ᠠ | ᠴᠢᠷᠠᠢ ᠲᠠᠢ ᠵᠠᠯᠠᠭᠤ ᠬᠦᠮᠦᠨ᠂ ᠪᠣᠬᠳᠠ ᠠᠭᠤᠯᠠ ᠶᠢᠨ ᠡᠵᠡᠳ ᠨᠢ ᠠᠮᠠᠨ ᠳᠠᠭᠠᠨ ᠮᠣᠭᠠᠢ ᠵᠠᠭᠤᠬᠰᠠᠨ ᠭᠠᠷᠣᠳᠢ ᠰᠢᠪᠠᠭᠤᠨ ᠤ ᠲᠦᠷᠢ ᠲᠠᠢ᠂ ᠵᠡᠭᠦᠨᠭᠠᠷ ᠠᠭᠤᠯᠠ ᠶᠢᠨ | ᠡᠵᠡᠳ ᠨᠢ ᠣᠷᠳᠣ ᠰᠠᠬᠠᠯ ᠲᠠᠢ ᠰᠢᠷ᠎ᠠ ᠴᠢᠷᠠᠶᠢᠳᠦ ᠡᠪᠦᠭᠡᠨ᠂ ᠰᠣᠩᠬᠢᠨ᠎ᠠ ᠠᠭᠤᠯᠠ ᠶᠢᠨ ᠡᠵᠡᠳ ᠨᠢ ᠭᠦᠨ ᠪᠣᠷᠣᠪᠳᠣᠷ ᠴᠢᠷᠠᠢ ᠲᠠᠢ᠂ ᠬᠠᠷ᠎ᠠ ᠬᠦᠮᠦᠰᠭᠡ ᠲᠠᠢ᠂ | ᠪᠢᠳᠡᠭᠦᠦ ᠰᠠᠬᠠᠯ ᠲᠠᠢ ᠵᠣᠪᠠᠭᠤᠷᠢᠯᠠᠬᠰᠠᠨ ᠲᠦᠷᠢ ᠲᠠᠢ ᠡᠪᠦᠭᠡᠨ ᠭᠡᠳᠡᠭ᠃ ᠡᠨᠡ ᠬᠦ ᠰᠢᠷ᠎ᠠ ᠴᠢᠷᠠᠢ ᠲᠠᠢ ᠡᠪᠦᠭᠡᠨ ᠨᠢ ᠣᠷᠢᠳᠦ ᠳᠠᠭᠠᠨ ᠶᠡᠭᠡ ᠪᠦᠬᠡ ᠪᠠᠶᠢᠬᠰᠠᠨ ᠢᠶᠠᠨ | ᠯᠠᠮᠠ ᠶᠢᠨ ᠱᠠᠰᠢᠨ ᠲᠠᠢ ᠦᠵᠡᠯᠴᠡᠭᠰᠡᠭᠡᠷ ᠪᠠᠶᠢᠵᠦ ᠰᠡᠬᠦᠯᠡᠷ ᠨᠢ ᠪᠣᠷᠬᠠᠨ ᠤ ᠱᠠᠰᠢᠨ ᠢ ᠲᠠᠭᠠᠬᠰᠠᠨ ᠭᠡᠵᠦ ᠮᠣᠩᠭᠤᠯ ᠤᠨ ᠲᠣᠮᠤᠬ ᠲᠤ ᠶᠠᠷᠢᠳᠠᠬ᠃ | ᠬᠤᠷᠴᠢᠨ ᠳᠤ ᠠᠭᠤᠯᠠᠨ ᠤ ᠨᠠᠪᠳᠠᠬ ᠰᠠᠪᠳᠠᠬ ᠨᠢ ᠵᠢᠭᠦᠷᠳᠡᠨ᠂ ᠠᠷᠢᠶᠠᠳᠠᠨ ᠁ ᠡᠰᠡᠬᠦᠯ᠎ᠡ ᠬᠦᠮᠦᠨ ᠤ ᠲᠦᠷᠢ ᠪᠠᠷ ᠢᠯᠡᠷᠡᠳᠡᠭ ᠴᠦ ᠪᠣᠢ᠃ ᠬᠦᠷᠢᠶ᠎ᠡ | ᠬᠤᠰᠢᠭᠤᠨ ᠤ ᠠᠷᠠᠳ ᠤᠨ ᠣᠯᠠᠮᠵᠢᠯᠠᠯ ᠶᠠᠷᠢᠶᠠᠨ ᠳᠤ᠄ ︽ᠬᠦᠷᠢᠶ᠎ᠡ ᠬᠤᠰᠢᠭᠤᠨ ᠤ ᠭᠠᠭ᠋ᠠᠢ ᠶᠢᠨ ᠠᠭᠤᠯᠠ ᠶᠢᠨ ᠡᠵᠡᠳ ᠨᠢ ᠠᠷᠪᠠᠨ ᠭᠤᠷᠪᠠᠨ ᠲᠣᠷᠣᠢ | ᠲᠠᠭᠠᠭᠤᠯᠣᠬᠰᠠᠨ ᠠᠯᠳᠠᠨ ᠮᠡᠭᠡᠵᠢ᠂ ᠲᠠᠯᠣ ᠶᠢᠨ ᠠᠭᠤᠯᠠ ᠶᠢᠨ ᠨᠠᠪᠳᠠᠬ ᠰᠠᠪᠳᠠᠬ ᠨᠢ ᠠᠯᠳᠠᠨ ᠵᠢᠭᠦᠷ ᠲᠠᠢ ᠪᠢᠯᠵᠣᠣᠬᠠᠢ᠂ ᠬᠠᠳᠠᠳᠦ ᠶᠢᠨ ᠠᠭᠤᠯᠠ ᠶᠢᠨ ᠨᠠᠪᠳᠠᠬ | ᠰᠠᠪᠳᠠᠬ ᠨᠢ ᠵᠢᠭᠦᠷᠳᠦ ᠠᠯᠳᠠᠨ ᠣᠨᠠᠭ᠎ᠠ︾ ᠭᠡᠳᠡᠭ᠃ ᠡᠭᠦᠨ ᠠᠴᠠ ᠭᠠᠳᠠᠨ᠎ᠠ ᠬᠤᠷᠴᠢᠨ ᠵᠡᠭᠦᠨ ᠭᠠᠷᠣᠨ ᠬᠤᠶᠢᠳᠦ ᠬᠤᠰᠢᠭᠤᠨ ᠤ ᠱᠣᠩᠬᠤᠷ ᠠᠭᠤᠯᠠ ᠶᠢᠨ ᠨᠠᠪᠳᠠᠬ | ᠰᠠᠪᠳᠠᠬ ᠨᠢ ᠠᠯᠳᠠᠨ ᠭᠤᠷᠭᠤᠣᠯᠳᠠᠢ ᠭᠡᠬᠦ ᠶᠠᠷᠢᠶ᠎ᠠ ᠪᠣᠢ᠃ ᠬᠤᠷᠴᠢᠨ ᠳᠤ ᠪᠠᠰᠠ ᠠᠩᠴᠢᠳ ᠠᠡᠭ ᠠᠪᠠ ᠶᠢᠨ ᠣᠯᠵᠠ ᠮᠠᠭᠤᠳᠠᠢ ᠨᠢ ᠠᠪᠠᠯᠠᠬᠰᠠᠨ ᠭᠠᠵᠠᠷ ᠤᠨ | ᠠᠭᠤᠯᠠ ᠣᠰᠣᠨ ᠤ ᠨᠠᠪᠳᠠᠬ ᠰᠠᠪᠳᠠᠬ ᠲᠠᠢ ᠨᠢ ᠬᠤᠯᠪᠣᠭ᠎ᠠ ᠲᠠᠢ ᠭᠡᠬᠦ ᠦᠵᠡᠯᠳᠡ ᠴᠦ ᠪᠠᠶᠢᠳᠠᠬ᠃ ᠬᠦᠷᠢᠶ᠎ᠡ ᠬᠤᠰᠢᠭᠤᠨ ᠤ ᠭᠡᠷᠡᠯ ᠰᠣᠮᠣ ᠶᠢᠨ ᠠᠯᠢᠮᠠᠳᠦ ᠶᠢᠨ | ᠠᠭᠤᠯᠠᠨ ᠤ ᠨᠠᠪᠳᠠᠬ ᠰᠠᠪᠳᠠᠬ ᠨᠢ ᠦᠨᠡᠬᠡᠨ ᠰᠠᠬᠢᠭᠤᠰᠣ ᠭᠡᠵᠦ ᠮᠠᠩᠬᠠᠨ ᠠᠷᠣ ᠶᠢᠨ ᠮᠣᠩᠭᠤᠯᠴᠣᠳ ᠶᠠᠷᠢᠳᠠᠬ ᠶᠣᠮ ᠭᠡᠨ᠎ᠡ᠃ ᠲᠡᠭᠡᠷ᠎ᠡ ᠵᠠᠭᠤᠨ ᠤ ᠡᠬᠢᠨ ᠤ | ᠦᠶ᠎ᠡ ᠪᠠᠷ ᠮᠠᠩᠬᠠᠨ ᠠᠷᠣ ᠶᠢᠨ ᠬᠡᠳᠦᠨ ᠠᠩᠴᠢᠨ ᠨᠢᠭᠡᠨ ᠪᠣᠭᠤᠷᠣᠯ ᠦᠨᠡᠭᠡ ᠶᠢ ᠬᠤᠷᠳᠣᠨ ᠮᠣᠷᠢ ᠪᠠᠷ ᠨᠡᠬᠡᠭᠰᠡᠭᠡᠷ ᠪᠠᠶᠢᠵᠦ ᠠᠯᠢᠮᠠᠳᠦ ᠶᠢᠨ ᠠᠭᠤᠯᠠᠨ ᠳᠤ | ᠬᠦᠷᠦᠭᠡᠳ ᠭᠦᠢᠴᠡᠮᠡᠷ ᠪᠣᠯᠳᠠᠯ᠎ᠠ ᠪᠣᠭᠤᠷᠣᠯ ᠦᠨᠡᠭᠡ ᠭᠡᠨᠡᠳᠳᠡ ᠵᠢᠷᠪᠢᠰᠭᠢᠭᠰᠡᠨ ᠢᠶᠠᠨ ᠠᠯᠠᠭ᠎ᠠ ᠪᠣᠯᠣᠬᠰᠠᠨ ᠭᠡᠨ᠎ᠡ᠃ ᠡᠨᠡ ᠬᠡᠳᠦᠨ ᠠᠩᠴᠢᠨ ᠠᠯᠢᠮᠠᠳᠦ ᠶᠢᠨ | ᠠᠭᠤᠯᠠ ᠪᠠᠷ ᠪᠦᠳᠦᠨ ᠡᠳᠦᠷ ᠡᠷᠢᠭᠰᠡᠨ ᠪᠣᠯᠪᠠᠴᠦ ᠦᠨᠡᠭᠡ ᠶᠢᠨ ᠮᠦᠷ ᠰᠡᠭᠦᠳᠡᠷ ᠢ ᠨᠢ ᠴᠦ ᠣᠯᠵᠦ ᠬᠠᠷᠠᠬᠰᠠᠨ ᠦᠭᠡᠢ ᠭᠡᠳᠡᠭ᠃ ᠠᠭᠤᠯᠠ ᠶᠢᠨ ᠰᠠᠬᠢᠭᠤᠰᠣ ᠶᠢ | ᠨᠡᠬᠡᠭᠰᠡᠨ ᠠᠴᠠ ᠪᠣᠯᠵᠦ ᠡᠨᠡ ᠬᠡᠳᠦᠨ ᠠᠩᠴᠢᠨ ᠨᠢ ᠲᠠᠬᠢᠵᠦ ᠬᠠᠮᠢᠭ᠎ᠠ ᠠᠪᠠᠯᠠᠬᠰᠠᠨ ᠴᠦ ᠠᠡᠭ ᠠᠮᠢᠳᠠᠨ ᠣᠯᠬᠤ ᠦᠭᠡᠢ ᠪᠣᠯᠣᠬᠰᠠᠨ ᠭᠡᠳᠡᠭ᠃ ᠬᠤᠷᠴᠢᠨ ᠳᠤ | ᠪᠠᠰᠠ ᠦᠨᠡᠭᠡ ᠴᠢᠨ᠋᠊ ᠦᠠ᠋ ᠵᠡᠷᠭᠡ ᠶᠢᠨ ᠨᠠᠷᠢᠨ ᠦᠰᠦᠳᠡᠢ ᠠᠡᠭ ᠨᠢ ᠠᠭᠤᠯᠠ ᠣᠰᠣᠨ ᠤ ᠨᠠᠪᠳᠠᠬ ᠰᠠᠪᠳᠠᠬ ᠲᠠᠢ ᠬᠤᠯᠪᠣᠭ᠎ᠠ ᠲᠠᠢ ᠭᠡᠳᠡᠭ ᠪᠣᠯᠬᠤᠷ ᠬᠡᠳᠦᠷᠡᠳᠡᠯ᠎ᠡ | ᠠᠯᠠᠵᠦ ᠪᠣᠯᠬᠤ ᠦᠭᠡᠢ ᠭᠡᠬᠦ ᠶᠠᠷᠢᠶ᠎ᠠ ᠪᠠᠶᠢᠳᠠᠬ᠃ ᠲᠡᠭᠡᠷ᠎ᠡ ᠵᠠᠭᠤᠨ ᠤ ᠲᠠᠯᠠᠭᠠᠳ ᠣᠨ ᠤ ᠰᠡᠭᠦᠯᠴᠢ ᠪᠠᠷ ᠮᠠᠩᠬᠠᠨ ᠠᠷᠣ ᠶᠢᠨ ᠨᠢᠭᠡᠨ ᠠᠩᠴᠢᠨ ᠨᠢᠭᠡ ᠯᠡ ᠵᠢᠯ ᠳᠤ | ᠵᠢᠷᠠᠭᠠᠳ ᠦᠨᠡᠭᠡ ᠠᠯᠠᠬᠰᠠᠨ ᠶᠣᠮ ᠭᠡᠨ᠎ᠡ᠃ ᠵᠢᠷᠠᠳᠣᠭᠠᠷ ᠦᠨᠡᠭᠡ ᠪᠠᠨ ᠠᠯᠠᠬᠰᠠᠨ ᠤ ᠮᠠᠷᠭᠠᠰᠢ ᠠᠴᠠ ᠨᠢ ᠡᠨᠡ ᠠᠩᠴᠢᠨ ᠤ ᠪᠡᠶ᠎ᠡ ᠨᠢ ᠮᠠᠭᠤᠵᠢᠷᠠᠭᠠᠳ ᠰᠣᠯᠢᠶ᠎ᠠ | ᠡᠯᠢᠶ᠎ᠡ ᠦᠭᠡ ᠶᠠᠷᠢᠬᠤ ᠪᠣᠯᠣᠬᠰᠠᠨ ᠭᠡᠨ᠎ᠡ᠃ ᠠᠩᠴᠢᠨ ᠢ ᠡᠪᠡᠳᠴᠢᠯᠡᠭᠰᠡᠨ ᠤ ᠬᠡᠳᠦᠨ ᠡᠳᠦᠷ ᠤᠨ ᠬᠢᠨᠢ ᠲᠠᠷᠠᠭ᠎ᠠ ︽ᠮᠠᠩᠬᠠᠨ ᠡᠮᠦᠨᠡᠬᠢ ᠨᠢᠭᠡᠨ ᠬᠢᠳᠠᠳ | ᠲᠣᠰᠬᠤᠨ ᠳᠤ ᠡᠯᠳᠡᠪ ᠡᠪᠡᠳᠴᠢᠨ ᠢ ᠡᠳᠡᠭᠡᠵᠦ ᠴᠢᠳᠠᠬᠤ ᠡᠮᠡᠭᠳᠡᠢ ᠬᠤᠪᠢᠯᠭᠠᠨ ᠢᠯᠡᠷᠡᠯ᠎ᠡ︾ ᠭᠡᠬᠦ ᠴᠢᠮᠡᠭᠡ ᠶᠢ ᠭᠡᠷ ᠤᠨ ᠬᠦᠮᠦᠰ ᠨᠢ ᠣᠯᠵᠦ ᠰᠣᠨᠣᠰᠣᠭᠠᠳ ᠡᠨᠡ | ᠠᠩᠴᠢᠨ ᠤ ᠡᠪᠡᠳᠴᠢᠨ ᠢ ᠨᠢ ᠵᠠᠰᠠᠭᠤᠯᠬᠤ ᠪᠠᠷ ᠬᠦᠷᠦᠭᠰᠡᠨ ᠭᠡᠨ᠎ᠡ᠃ ᠡᠮᠡᠭᠳᠡᠢ ᠬᠤᠪᠢᠯᠭᠠᠨ ᠨᠢ ᠠᠩᠴᠢᠨ ᠢ ᠦᠵᠡᠬᠦ ᠪᠠᠷ ᠪᠣᠯᠣᠭᠠᠳ ᠰᠢᠳᠦᠭᠡᠨ ᠢᠶᠠᠨ ᠬᠡᠴᠢᠨᠡᠬᠡᠨ | ᠲᠠᠭᠤᠳᠠᠬᠰᠠᠨ ᠪᠣᠯᠪᠠᠴᠦ ᠰᠢᠳᠦᠭᠡᠨ ᠨᠢ ᠪᠠᠭᠤᠵᠦ ᠢᠷᠡᠬᠦ ᠦᠭᠡᠢ ᠶᠡᠭᠡ ᠵᠣᠪᠠᠭᠠᠬᠰᠠᠨ ᠭᠡᠨ᠎ᠡ᠃ ᠬᠡᠳᠦ ᠣᠳᠠᠭ᠎ᠠ ᠲᠠᠭᠤᠳᠠᠬᠰᠠᠨ ᠤ ᠲᠠᠷᠠᠭ᠎ᠠ ᠰᠠᠶ᠋ᠢ ᠰᠢᠳᠦᠭᠡᠨ ᠨᠢ | ᠵᠠᠯᠠᠷᠠᠵᠦ ᠢᠷᠡᠭᠡᠳ ᠴᠡᠴᠡᠷᠬᠢᠯᠡᠭᠰᠡᠨ ᠦᠨᠳᠦᠷ ᠲᠠᠭᠤᠨ ᠢᠶᠠᠷ ︽ᠪᠢ ᠪᠣᠯ ᠠᠯᠢᠮᠠᠳᠦ ᠶᠢᠨ ᠠᠭᠤᠯᠠ ᠶᠢᠨ ᠰᠠᠬᠢᠭᠤᠰᠣ ᠪᠣᠯᠬᠤ ᠦᠨᠡᠬᠡᠨ ᠲᠠᠭᠢᠨᠢ ᠮᠦᠨ᠃ ᠦᠷ᠎ᠡ | ᠬᠡᠦᠬᠡᠳ ᠢᠶᠠᠨ ᠡᠷᠢᠭᠰᠡᠭᠡᠷ ᠬᠡᠴᠢᠨᠡᠬᠡᠨ ᠭᠠᠵᠠᠷ ᠵᠠᠪᠣᠯᠠ᠃ ᠴᠢ ᠮᠠᠭᠤ ᠠᠩᠴᠢᠨ ᠮᠢᠨᠦ ᠦᠷ᠎ᠡ ᠬᠤᠶᠢᠴᠢᠰ ᠢ ᠬᠡᠴᠢᠨᠡᠬᠡᠨ ᠠᠯᠠᠬᠰᠠᠨ ᠢᠶᠠᠨ ᠴᠡᠭᠡᠵᠢᠯᠡᠵᠦ ᠪᠠᠶᠢᠨ᠎ᠠ ᠦᠦ︖ | ᠦᠨᠦᠳᠦᠷ ᠴᠢᠨᠦ ᠬᠤᠪᠢ ᠢᠷᠦᠭᠡᠯ ᠴᠢᠨᠢ ᠲᠠᠭᠠᠷᠠᠭᠠᠳ ᠨᠠᠮᠠᠢᠢ ᠡᠷᠢᠭᠡᠳ ᠢᠷᠡᠭᠰᠡᠨ ᠪᠣᠯᠬᠤᠷ ᠪᠢ ᠴᠢᠨᠦ ᠡᠪᠡᠳᠴᠢᠨ ᠢ ᠵᠠᠰᠠᠭᠠᠳ ᠡᠳᠡᠭᠡᠷᠡᠭᠦᠯᠵᠦ ᠪᠣᠯᠣᠨ᠎ᠠ᠃ | ᠭᠡᠪᠡᠴᠦ ᠦᠷ᠎ᠡ ᠬᠡᠦᠬᠡᠳ ᠤᠨ ᠮᠢᠨᠢ ᠠᠷᠠᠰᠣ ᠶᠢ ᠡ᠊ᠨᠳᠡ ᠬᠦᠷᠭᠡᠵᠦ ᠢᠷ᠎ᠡ︕ ᠡᠭᠦᠨ ᠠᠴᠠ ᠬᠤᠶᠢᠰᠢ ᠲᠠᠬᠢᠵᠦ ᠠᠪᠠ ᠬᠢᠬᠦ ᠦᠭᠡᠢ ᠭᠡᠳᠡᠭ ᠠᠮᠠᠨ ᠲᠠᠩᠭᠠᠷᠢᠬ ᠢᠶᠠᠨ | ᠦᠭ︕︾ ᠭᠡᠵᠦ ᠠᠶᠢᠯᠠᠳᠣᠬᠰᠠᠨ ᠶᠣᠮ ᠭᠡᠨ᠎ᠡ᠃ ᠠᠩᠴᠢᠨ ᠭᠤᠸᠠᠢ ᠡᠮᠡᠭᠳᠡᠢ ᠬᠤᠪᠢᠯᠭᠠᠨ ᠤ ᠱᠠᠭᠠᠷᠳᠠᠯᠭ᠎ᠠ ᠶᠢ ᠵᠦᠪᠰᠢᠶᠡᠷᠡᠭᠡᠳ ᠡᠷᠡᠭᠦᠯᠵᠢᠭᠰᠡᠨ ᠭᠡᠳᠡᠭ ᠶᠠᠷᠢᠶ᠎ᠠ | ᠴᠦ ᠪᠣᠢ᠃ | ᠮᠣᠩᠭᠤᠯᠴᠣᠳ ᠤᠨ ᠪᠣᠰᠣᠳ ᠭᠠᠵᠠᠷ ᠣᠷᠣᠨ ᠢᠶᠠᠷ ᠴᠦ ᠠᠡᠭ ᠤᠨ ᠬᠡᠰᠢᠭ ᠨᠢ ᠨᠠᠪᠳᠠᠬ ᠰᠠᠪᠳᠠᠬ ᠲᠠᠢ ᠬᠤᠯᠪᠣᠭ᠎ᠠ ᠲᠠᠢ ᠭᠡᠬᠦ ᠦᠵᠡᠯᠳᠡ ᠪᠣᠢ᠃ ᠪᠠᠭᠠᠷᠢᠨ ᠤ | ᠠᠩᠴᠢᠳ ᠣᠷᠣᠭᠤ ᠠᠷᠣ ᠭᠡᠳᠡᠭ ᠭᠠᠵᠠᠷ ᠠᠪᠠ ᠬᠢᠭᠡᠳ ᠶᠡᠷᠦ ᠨᠢ ᠣᠯᠵᠠ ᠮᠠᠭᠤᠳᠠᠢ ᠪᠣᠯᠬᠤᠷ ᠣᠷᠣᠭᠤ ᠠᠷᠣ ᠶᠢᠨ ᠨᠠᠪᠳᠠᠬ ᠬᠠᠷᠠᠮᠴᠢ ᠭᠡᠵᠦ ᠭᠤᠮᠣᠳᠠᠳᠠᠬ᠃ | ᠲᠡᠳᠡ ᠴᠠᠢ ᠶᠢᠨ ᠲᠡᠭᠡᠵᠢ ᠪᠠᠨ ᠡᠷᠭᠦᠬᠦ ᠳᠡᠭᠡᠨ ︽ᠠᠭᠤᠯᠠ ᠠᠭᠤᠯᠠ ᠶᠢᠨ ᠡᠵᠡᠳ ᠣᠮ ᠡ ᠬᠤᠨᠭ᠌︕ ᠣᠷᠣᠭᠤ ᠠᠷᠣ ᠶᠢᠨ ᠨᠠᠪᠳᠠᠬ ᠰᠠᠪᠳᠠᠬ ᠲᠤ ᠱᠣᠷᠣ ᠪᠣᠣ | ᠲᠣᠯᠢᠶᠠᠯᠭᠠᠶᠠ︾ ᠭᠡᠵᠦ ᠰᠢᠪᠰᠢᠳᠡᠭ ᠶᠣᠮ ᠭᠡᠨ᠎ᠡ᠃ | ︽ᠰᠢᠳᠦᠯᠭᠡ ᠪᠢᠰᠢᠷᠡᠯ ᠨᠢ ᠬᠦᠮᠦᠨ ᠲᠦᠷᠦᠯᠬᠢᠳᠡᠨ ᠤ ᠦᠪᠡᠷ ᠤᠨ ᠠᠮᠢ ᠨᠠᠰᠣᠨ ᠳᠤ ᠰᠠᠨᠠᠭ᠎ᠠ ᠲᠠᠯᠪᠢᠬᠤ ᠶᠠᠪᠣᠳᠠᠯ ᠠᠴᠠ ᠡᠭᠦᠰᠦᠭᠰᠡᠨ︾ ᠭᠡᠵᠦ ᠡᠷᠳᠡᠮᠳᠡᠳ | ᠶᠠᠷᠢᠵᠦ ᠦᠡᠭᠭᠡᠷᠡᠪᠡ᠃ ᠦᠨᠡᠨ ᠳᠡᠭᠡᠨ ᠰᠢᠳᠦᠯᠭᠡ ᠪᠢᠰᠢᠷᠡᠯ ᠪᠣᠯ ᠬᠦᠮᠦᠨ ᠲᠦᠷᠦᠯᠬᠢᠳᠡᠨ ᠤ ᠡᠬᠡ ᠪᠠᠶᠢᠭᠠᠯᠢ ᠪᠠᠨ ᠲᠦᠰᠢᠵᠦ ᠠᠮᠢᠳᠣᠷᠠᠵᠦ ᠣᠷᠣᠰᠢᠬᠤ ᠲᠣᠮᠳᠠ ᠠᠮᠢ | ᠨᠠᠰᠣ ᠶᠢ ᠣᠢᠢᠯᠠᠭᠠᠵᠦ ᠲᠠᠨᠢᠬᠤ ᠶᠠᠪᠣᠴᠠ ᠳᠤ ᠪᠣᠢ ᠪᠣᠯᠣᠬᠰᠠᠨ ᠵᠦᠢᠯ ᠪᠠᠶᠢᠵᠦ ᠲᠠᠭᠠᠷᠠᠨ᠎ᠠ᠃ ᠣᠰᠣᠨ ᠤ ᠲᠣᠩᠭᠠᠯᠠᠬ ᠢ ᠲᠠᠭᠠᠵᠦ ᠡᠪᠡᠰᠦᠨ ᠤ ᠰᠣᠷᠭᠤᠬ ᠢ | ᠰᠣᠩᠭᠤᠵᠦ ᠨᠨᠭᠦᠳᠡᠯᠯᠡᠨ ᠮᠠᠯᠵᠢᠵᠦ ᠪᠠᠶᠢᠬᠰᠠᠨ ᠬᠤᠷᠴᠢᠨ ᠨᠣᠳᠤᠬ ᠨᠢ ᠴᠠᠬ ᠦᠶ᠎ᠡ ᠶᠢᠨ ᠬᠦᠭᠵᠢᠯᠳᠡ ᠶᠢ ᠲᠠᠭᠠᠯᠳᠣᠨ ᠲᠠᠷᠢᠶ᠎ᠠ ᠲᠦᠮᠦᠰᠦ ᠲᠠᠷᠢᠬᠰᠠᠨ ᠰᠠᠭᠤᠷᠢᠰᠢᠯ | ᠠᠮᠢᠳᠣᠷᠠᠯ ᠲᠠᠢ᠂ ᠮᠣᠩᠭᠤᠯ᠂ ᠬᠢᠳᠠᠳ᠂ ᠪᠣᠰᠣᠳ ᠴᠦᠬᠡᠨ ᠲᠣᠭᠠᠳᠦ ᠦᠨᠳᠦᠰᠦᠳᠡᠨ ᠵᠡᠷᠭᠡ ᠶᠢᠨ ᠬᠤᠯᠢᠯᠳᠣᠨ ᠰᠠᠭᠤᠬᠰᠠᠨ ᠭᠠᠵᠠᠷ ᠣᠷᠣᠨ ᠪᠣᠯᠵᠠᠢ᠃ ᠡᠭᠦᠨ ᠳᠤ | ᠬᠢᠳᠠᠳ ᠦᠨᠳᠦᠰᠦᠳᠡᠨ ᠤ ᠰᠣᠶᠣᠯ᠂ ᠵᠠᠩ ᠦᠢᠯᠡ᠂ ᠪᠡᠯᠭᠡᠳᠡᠯ ᠵᠡᠷᠭᠡ ᠨᠢ ᠬᠤᠷᠴᠢᠨ ᠨᠣᠳᠤᠬ ᠤᠨ ᠦᠨᠴᠦᠭ ᠪᠣᠯᠣᠩ ᠬᠦᠷᠳᠡᠯ᠎ᠡ ᠨᠦᠯᠦᠭᠡᠯᠡᠭᠰᠡᠭᠡᠷ ᠢᠷᠡᠭᠰᠡᠨ | ᠪᠣᠯᠪᠠᠴᠦ ᠬᠤᠷᠴᠢᠨ ᠮᠣᠩᠭᠤᠯᠴᠣᠳ ᠦᠪᠡᠷ ᠤᠨ ᠢᠶᠠᠨ ᠣᠯᠠᠮᠵᠢᠯᠠᠯᠳᠦ ᠵᠠᠩ ᠦᠢᠯᠡ᠂ ᠰᠢᠳᠦᠯᠭᠡ ᠪᠢᠰᠢᠷᠡᠯ᠂ ᠪᠡᠯᠭᠡᠳᠡᠯ ᠢᠶᠠᠨ ᠣᠳᠣ ᠳᠤ ᠲᠣᠯᠳᠠᠯ᠎ᠠ ᠵᠣᠬᠢᠬᠤ | ᠬᠡᠮᠵᠢᠶ᠎ᠡ ᠪᠠᠷ ᠬᠠᠳᠠᠭᠠᠯᠠᠬᠰᠠᠭᠠᠷ ᠢᠷᠡᠵᠡᠢ᠃ ᠬᠤᠷᠴᠢᠨᠴᠣᠳ ᠤᠨ ᠵᠠᠩ ᠴᠢᠨᠠᠷ ᠤᠨ ᠦᠨᠳᠦᠰᠦᠨ ᠣᠨᠴᠠᠯᠢᠬ ᠨᠢ ᠨᠡᠶᠢᠳᠡ ᠮᠣᠩᠭᠤᠯᠴᠣᠳ ᠤᠨ ᠨᠡᠶᠢᠳᠡᠯᠢᠭ ᠰᠢᠨᠵᠢ ᠶᠢ | ᠬᠠᠳᠠᠭᠠᠯᠠᠵᠦ ᠪᠠᠶᠢᠬᠤ ᠠᠴᠠ ᠭᠠᠳᠠᠨ᠎ᠠ ᠣᠷᠣᠨ ᠨᠣᠳᠤᠬ ᠤᠨ ᠰᠢᠨᠵᠢ ᠪᠠᠷ ᠮᠠᠰᠢ ᠴᠢᠩᠭ᠎ᠠ᠂ ᠠᠭᠤᠯᠭ᠎ᠠ ᠬᠡᠯᠪᠡᠷᠢ ᠶᠢᠨ ᠬᠤᠪᠢᠷᠠᠯᠳᠠ ᠬᠦᠭᠵᠢᠯᠳᠡ ᠪᠠᠷ ᠶᠡᠭᠡ | ᠵᠡᠷᠭᠡ ᠶᠢᠨ ᠣᠨᠴᠠᠯᠢᠬ ᠲᠠᠢ ᠪᠠᠶᠢᠳᠠᠬ᠃ ᠰᠢᠳᠦᠯᠭᠡ ᠪᠢᠰᠢᠷᠡᠯ ᠤᠨ ᠵᠠᠩ ᠦᠢᠯᠡ ᠶᠢᠨ ᠲᠠᠯ᠎ᠠ ᠪᠠᠷ ᠴᠦ ᠭᠡᠰᠡᠨ ᠦᠪᠡᠷᠮᠢᠴᠡ ᠣᠨᠴᠠᠯᠢᠬ ᠲᠠᠢ᠂ ᠨᠡᠶᠢᠯᠡᠮᠡᠯ ᠰᠢᠨᠵᠢ ᠲᠠᠢ | ᠪᠠᠶᠢᠳᠠᠬ ᠨᠢ ᠬᠤᠷᠴᠢᠨᠴᠣᠳ ᠤᠨ ᠨᠡᠶᠢᠳᠡᠯᠢᠭ ᠣᠨᠴᠠᠯᠢᠬ ᠪᠣᠯᠣᠨ᠎ᠠ᠃ ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠪᠠᠷ ᠠᠪᠴᠦ ᠦᠵᠡᠭᠰᠡᠨ ᠴᠦ ᠨᠡᠶᠢᠳᠡ | ᠮᠣᠩᠭᠤᠯᠴᠣᠳ ᠤᠨ ᠨᠡᠶᠢᠳᠡᠯᠢᠭ ᠰᠢᠨᠵᠢ ᠶᠢ ᠬᠠᠳᠠᠭᠠᠯᠠᠵᠦ ᠪᠠᠶᠢᠬᠤ ᠪᠠᠷ ᠦᠯᠦ ᠪᠠᠷᠠᠮ ᠮᠠᠰᠢ ᠣᠯᠠᠨ ᠰᠢᠨ᠎ᠡ ᠬᠡᠯᠪᠡᠷᠢ ᠶᠢᠨ ᠵᠠᠩ ᠦᠢᠯᠡ ᠶᠢ ᠨᠡᠮᠡᠭᠳᠡᠭᠦᠯᠵᠦ | ᠦᠪᠡᠷ ᠤᠨ ᠢᠶᠠᠨ ᠣᠨᠴᠠᠯᠢᠬ ᠲᠠᠢ ᠰᠢᠳᠦᠯᠭᠡ ᠪᠢᠰᠢᠷᠡᠯ ᠤᠨ ᠬᠡᠯᠪᠡᠷᠢ ᠶᠢ ᠪᠣᠢ ᠪᠣᠯᠭᠠᠬᠰᠠᠨ ᠪᠠᠶᠢᠳᠠᠬ᠃ ᠶᠡᠷᠦᠩᠬᠡᠶᠢᠯᠡᠭᠡᠳ ᠬᠡᠯᠡᠪᠡᠯ᠂ ᠬᠤᠷᠴᠢᠨᠴᠣᠳ ᠤᠨ ᠰᠢᠳᠦᠯᠭᠡ | ᠪᠢᠰᠢᠷᠡᠯ ᠤᠨ ᠵᠠᠩ ᠦᠢᠯᠡ ᠨᠢ ᠮᠣᠩᠭᠤᠯᠴᠣᠳ ᠤᠨ ᠣᠯᠠᠮᠵᠢᠯᠠᠯᠳᠦ ᠵᠠᠩ ᠦᠢᠯᠡ ᠶᠢᠨ ᠨᠡᠶᠢᠳᠡᠯᠢᠭ ᠰᠢᠨᠵᠢ ᠶᠢ ᠬᠠᠳᠠᠭᠠᠯᠠᠵᠦ ᠬᠠᠷᠠᠭᠤᠯᠣᠬᠰᠠᠨ ᠮᠦᠷᠳᠡᠭᠡᠨ | ᠬᠤᠷᠴᠢᠨ ᠮᠣᠩᠭᠤᠯᠴᠣᠳ ᠤᠨ ᠡᠬᠡ ᠪᠠᠶᠢᠭᠠᠯᠢ ᠪᠠᠨ ᠣᠢᠢᠯᠠᠭᠠᠵᠦ᠂ ᠲᠠᠨᠢᠵᠦ᠂ ᠬᠠᠶᠢᠷᠠᠯᠠᠵᠦ᠂ ᠬᠠᠮᠠᠭᠠᠯᠠᠵᠦ᠂ ᠡᠬᠡ ᠪᠠᠶᠢᠭᠠᠯᠢ ᠲᠠᠢ ᠪᠠᠨ ᠵᠣᠬᠢᠴᠠᠯᠳᠣᠨ ᠣᠷᠣᠰᠢᠬᠤ | ᠰᠡᠳᠭᠢᠬᠦᠢ ᠲᠣᠮᠳᠠ ᠰᠢᠷᠬᠡᠭ ᠡᠪᠡᠰᠦ ᠮᠦᠬᠦᠯᠢᠭ ᠰᠢᠷᠣᠢ ᠳᠠᠭᠠᠨ ᠬᠦᠷᠳᠡᠯ᠎ᠡ ᠰᠢᠳᠢᠴᠢᠯᠡᠨ ᠦᠵᠡᠵᠦ ᠠᠮᠢᠴᠢᠯᠠᠨ ᠰᠢᠳᠦᠵᠦ ᠢᠷᠡᠭᠰᠡᠨ ᠤ ᠣᠯᠠ ᠮᠦᠷ ᠪᠠᠶᠢᠵᠦ | ᠲᠠᠭᠠᠷᠠᠨ᠎ᠠ᠃ |