ᠮᠣᠩᠭᠤᠯᠴᠣᠳ ᠲᠦᠮᠡᠨ ᠪᠣᠳᠠᠰ ᠲᠤ ᠰᠦᠨᠡᠰᠦ ᠪᠣᠢ ᠭᠡᠬᠦ ᠦᠵᠡᠯ ᠢ ᠦᠨᠳᠦᠰᠦᠯᠡᠨ ᠪᠣᠢ ᠪᠦᠬᠦᠢ ᠭᠠᠵᠠᠷ ᠰᠢᠷᠣᠢ ᠴᠦᠮ ᠦᠯᠵᠡᠢ ᠪᠡᠯᠭᠡ ᠪᠠ ᠭᠠᠢ | ᠪᠠᠷᠴᠢᠳ ᠤᠨ ᠬᠦᠴᠦᠨ ᠤ ᠬᠠᠷᠠᠭ᠎ᠠ ᠪᠠᠷ ᠠᠮᠢ ᠣᠷᠣᠵᠦ᠂ ᠨᠦᠭᠴᠢᠭᠰᠡᠨ ᠲᠡᠭᠡᠳᠦᠰ ᠤᠨ ᠪᠦᠷᠢᠯᠸ᠎ᠠ ᠪᠣᠯᠳᠠᠬ ᠭᠡᠵᠦ ᠦᠵᠡᠳᠡᠭ᠃ ᠮᠣᠩᠭᠤᠯ ᠰᠣᠶᠣᠯ ᠤᠨ | ᠬᠦᠷᠦᠰᠦᠨ ᠳᠤ ᠰᠣᠶᠣᠭᠠᠯᠠᠨ ᠴᠡᠴᠡᠭᠯᠡᠭᠰᠡᠨ ᠬᠤᠷᠴᠢᠨᠴᠣᠳ ᠨᠢ ᠴᠦ ᠦᠶ᠎ᠡ ᠣᠯᠠᠷᠢᠨ ᠠᠮᠢᠳᠣᠷᠠᠨ ᠣᠷᠣᠰᠢᠬᠤ ᠳᠠᠭᠠᠨ ᠪᠠᠰᠠ ᠭᠠᠵᠠᠷ ᠲᠠᠷᠢᠶ᠎ᠠ᠂ ᠮᠦᠷᠡᠨ ᠭᠤᠣᠯ᠂ | ᠠᠭᠤᠯᠠ ᠬᠠᠶᠢᠷᠬᠠᠨ᠂ ᠲᠠᠪᠠᠭ᠎ᠠ ᠨᠢᠷᠣᠭᠤ᠂ ᠨᠠᠭᠤᠷ ᠣᠰᠣᠨ ᠳᠤ ᠶᠠᠮᠠᠷ ᠨᠢᠭᠡᠨ ᠬᠦᠴᠦᠨ ᠪᠦᠬᠦᠢ ᠡᠵᠡᠳ ᠰᠠᠬᠢᠭᠤᠰᠣ ᠣᠷᠣᠰᠢᠵᠦ ᠪᠠᠶᠢᠨ᠎ᠠ ᠬᠡᠮᠡᠨ ᠦᠵᠡᠵᠦ | ᠡᠭᠦᠨ ᠢᠶᠠᠨ ᠨᠠᠪᠳᠠᠬ ᠰᠠᠪᠳᠠᠬ ᠭᠡᠵᠦ ᠶᠠᠷᠢᠳᠠᠬ᠃ ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠨᠢ ᠪᠣᠰᠣᠳ ᠦᠨᠳᠦᠰᠦᠳᠡᠨ ᠶᠠᠰᠣᠳᠠᠨ ᠤ ᠰᠣᠶᠣᠯ ᠠᠴᠠ | ᠣᠯᠠᠮᠵᠢᠯᠠᠬᠳᠠᠨ ᠣᠷᠣᠵᠦ ᠢᠷᠡᠭᠰᠡᠨ ᠪᠢᠰᠢ ᠬᠠᠷᠢᠨ ᠮᠣᠩᠭᠤᠯᠴᠣᠳ ᠤᠨ ᠣᠣᠭᠠᠯ ᠰᠤᠶᠤᠯ ᠠᠴᠠ ᠣᠯᠠᠮᠵᠢᠯᠠᠬᠳᠠᠵᠦ ᠢᠷᠡᠭᠰᠡᠨ ᠰᠢᠳᠦᠯᠭᠡ ᠪᠣᠯᠣᠨ᠎ᠠ᠃ | ᠭᠠᠵᠠᠷ ᠡᠳᠦᠬᠡᠨ ᠤ ᠰᠢᠳᠦᠯᠭᠡ | ᠬᠤᠷᠴᠢᠨᠴᠣᠳ ᠤᠨ ᠨᠠᠪᠳᠠᠬ ᠰᠠᠪᠳᠠᠬ ᠤᠨ ᠰᠢᠳᠦᠯᠭᠡ ᠶᠢᠨ ᠲᠣᠬᠠᠢ ᠶᠠᠷᠢᠬᠤ ᠳᠤ ᠡᠩ ᠲᠡᠷᠢᠭᠦᠨ ᠳᠤ ᠮᠣᠩᠭᠤᠯᠴᠣᠳ ᠤᠨ ᠭᠠᠵᠠᠷ ᠡᠳᠦᠬᠡᠨ ᠤ | ᠰᠢᠳᠦᠯᠭᠡ ᠶᠢᠨ ᠲᠣᠬᠠᠢ ᠶᠠᠷᠢᠬᠤ ᠴᠢᠬᠤᠯᠠᠳᠠᠢ᠃ ᠣᠴᠢᠷ ᠨᠢ ᠨᠠᠪᠳᠠᠬ ᠰᠠᠪᠳᠠᠬ ᠤᠨ ᠰᠢᠳᠦᠯᠭᠡ ᠨᠢ ᠭᠠᠵᠠᠷ ᠡᠳᠦᠬᠡᠨ ᠤ ᠰᠢᠳᠦᠯᠭᠡ ᠲᠠᠢ ᠨᠢᠬᠳᠠ ᠬᠤᠯᠪᠣᠭ᠎ᠠ ᠲᠠᠢ | ᠶᠣᠮ᠃ ᠭᠠᠵᠠᠷ ᠡᠳᠦᠭᠡᠨ ᠤ ᠰᠢᠳᠦᠯᠭᠡ ᠭᠡᠳᠡᠭ ᠨᠢ ᠭᠠᠵᠠᠷ ᠲᠠᠷᠢᠶ᠎ᠠ᠂ ᠮᠦᠷᠡᠨ ᠭᠤᠣᠯ᠂ ᠠᠭᠤᠯᠠ ᠬᠠᠶᠢᠷᠬᠠᠨ᠂ ᠲᠠᠪᠠᠭ᠎ᠠ ᠨᠢᠷᠣᠭᠤ᠂ ᠨᠠᠭᠤᠷ ᠣᠰᠣᠨ ᠳᠤ ᠶᠠᠮᠠᠷ | ᠨᠢᠭᠡᠨ ᠬᠦᠴᠦᠨ ᠪᠦᠬᠦᠢ ᠰᠠᠬᠢᠭᠤᠰᠣ ᠣᠷᠣᠰᠢᠵᠦ ᠪᠠᠶᠢᠨ᠎ᠠ ᠭᠡᠵᠦ ᠦᠵᠡᠭᠡᠳ ᠭᠠᠵᠠᠷ ᠢ ᠡᠬᠡ ᠭᠡᠵᠦ ᠬᠦᠨᠳᠦᠳᠭᠡᠨ ᠰᠢᠳᠦᠭᠰᠡᠨ ᠨᠡᠷ᠎ᠡ ᠪᠣᠯᠣᠨ᠎ᠠ᠃ ᠮᠣᠩᠭᠤᠯᠴᠣᠳ | ᠭᠠᠵᠠᠷ ᠡᠳᠦᠭᠡᠨ ᠢ ᠰᠠᠬᠢᠭᠤᠰᠣ ᠪᠣᠯᠭᠠᠨ ᠰᠢᠳᠦᠵᠦ ᠪᠠᠶᠢᠬᠰᠠᠨ ᠢ ᠲᠣᠮᠳᠠᠳᠦ ᠵᠠᠭᠤᠨ ᠤ ᠦᠶ᠎ᠡ ᠶᠢᠨ ᠵᠢᠭᠤᠯᠴᠢᠯᠠᠬᠴᠢᠤᠠ ᠠᠯᠢ ᠡᠷᠳᠡ ᠲᠠᠨᠢᠯᠴᠠᠭᠤᠯᠵᠦ ᠦᠡᠭᠭᠡᠷᠡᠭᠰᠡᠨ | ᠪᠢᠯᠡ᠃ ᠮᠠᠷᠺᠦ ᠫᠣᠯᠦ ᠶᠢᠨ ᠵᠢᠭᠤᠯᠴᠢᠯᠠᠯ ᠤᠨ ᠲᠡᠮᠳᠡᠭᠯᠡᠯ ᠳᠤ᠄ ︽ᠲᠡᠳᠡ ᠪᠠᠰᠠ ᠨᠢᠭᠡᠨ ᠨᠠᠳᠠᠭᠠᠢ ᠬᠡᠮᠡᠬᠦ ᠰᠠᠬᠢᠭᠤᠯᠰᠣᠨ ᠢ ᠲᠠᠬᠢᠮᠣᠢ᠃ ᠲᠡᠭᠦᠨ ᠤ ᠲᠦᠷᠢ ᠶᠢ ᠢᠨᠦ | ᠢᠰᠡᠭᠡᠢ ᠪᠣᠶᠣ ᠪᠦᠰ ᠮᠡᠳᠦᠰ ᠤᠨ ᠶᠠᠭᠤᠮ᠎ᠠ ᠪᠠᠷ ᠪᠦᠳᠦᠭᠡᠵᠦ᠂ ᠠᠶᠢᠯ ᠪᠣᠯᠭᠠᠨ ᠳᠤ ᠲᠠᠬᠢᠵᠦ ᠠᠮᠣᠢ ᠁ ᠲᠡᠳᠡ ᠡᠨᠡ ᠰᠠᠬᠢᠭᠤᠯᠰᠣᠨ ᠢᠶᠠᠨ ᠲᠡᠳᠡᠨ ᠤ ᠦᠷ᠎ᠡ | ᠬᠦᠪᠡᠭᠦᠳ ᠢ ᠬᠠᠮᠠᠭᠠᠯᠠᠨ ᠰᠠᠬᠢᠬᠤ ᠪᠦᠭᠡᠳ ᠢᠯᠠᠩᠭᠤᠶ᠎ᠠ ᠭᠠᠵᠠᠷ ᠨᠣᠳᠤᠬ᠂ ᠮᠠᠯ ᠲᠡᠵᠢᠭᠡᠪᠦᠷᠢ ᠲᠠᠷᠢᠶ᠎ᠠ ᠲᠦᠮᠦᠰᠦ ᠶᠢ ᠰᠠᠬᠢᠨ ᠬᠠᠷᠠᠮᠣᠢ ᠬᠡᠮᠡᠮᠦᠢ︾ ᠭᠡᠵᠦ | ᠲᠡᠮᠳᠡᠭᠯᠡᠭᠰᠡᠨ ᠪᠠᠶᠢᠳᠠᠬ᠃ ᠡᠨᠡ ᠬᠦ ᠵᠢᠭᠤᠯᠴᠢᠯᠠᠯ ᠤᠨ ᠲᠡᠮᠳᠡᠭᠯᠡᠯ ᠳᠠᠬᠢ ᠨᠠᠳᠠᠭᠠᠢ ᠭᠡᠬᠦ ᠰᠢᠳᠦᠭᠡᠨ ᠢ ᠵᠠᠷᠢᠮ ᠡᠷᠳᠡᠮᠳᠡᠳ ᠠᠴᠠ ︽ᠮᠣᠩᠭᠤᠯᠴᠣᠳ ᠤᠨ ᠶᠡᠷᠦ ᠳᠡᠭᠡᠨ | ᠰᠢᠳᠦᠵᠦ ᠪᠠᠶᠢᠬᠰᠠᠨ ᠵᠣᠯ ᠵᠠᠶᠠᠭᠠᠴᠢ ᠶᠢ ᠶᠠᠷᠢᠯ᠎ᠠ᠃ ᠵᠠᠶᠠᠭᠠᠴᠢ ᠨᠢ ᠪᠠᠰᠠ ᠭᠠᠭᠴᠠ ᠠᠳᠣᠭᠤ ᠮᠠᠯ ᠬᠠᠮᠢᠶᠠᠷᠬᠤ ᠠᠴᠠ ᠪᠠᠨ ᠬᠦᠮᠦᠨ ᠮᠠᠯ ᠢ ᠵᠡᠷᠭᠡ ᠪᠠᠷ ᠬᠠᠮᠠᠭᠠᠯᠠᠬᠤ | ᠪᠣᠯᠵᠦ ᠴᠢᠨᠠᠬᠰᠢᠯᠠᠭᠠᠳ ᠣᠷᠣᠨ ᠰᠠᠭᠤᠴᠠ ᠲᠠᠷᠢᠶᠠᠯᠠᠩ ᠵᠡᠷᠭᠡ ᠨᠡᠩ ᠣᠯᠠᠨ ᠲᠠᠯ᠎ᠠ ᠶᠢ ᠬᠠᠮᠢᠶᠠᠷᠬᠤ ᠪᠣᠯᠵᠦ ᠬᠦᠭᠵᠢᠵᠡᠢ︾ ᠭᠡᠵᠦ ᠲᠣᠳᠣᠷᠬᠠᠢᠢᠯᠠᠵᠦ ᠦᠡᠭᠭᠡᠷᠡᠪᠡ᠃ | ᠡᠭᠦᠨ ᠠᠴᠠ ᠭᠠᠳᠠᠨ᠎ᠠ ᠫᠠᠯᠠ ᠺᠠᠷᠫᠠᠨᠢ ᠲᠡᠭᠦᠨ ᠢ ︽ᠢᠳᠤᠬᠠ︾ ᠭᠡᠵᠦ ᠨᠡᠷᠡᠯᠡᠳᠡᠭ ᠭᠡᠵᠦ ᠲᠡᠮᠳᠡᠭᠯᠡᠭᠰᠨ ᠨᠢ ︽ᠪᠠᠨᠵᠠᠷᠣᠸ᠋ ᠤᠨ ᠪᠦᠷᠢᠨ ᠵᠣᠬᠢᠶᠠᠯ︾ ᠪᠣᠯᠣᠨ ︽ | ᠮᠣᠩᠭᠤᠯ ᠳᠤ ᠢᠯᠡᠴᠢᠯᠡᠭᠰᠡᠨ︾ ᠲᠡᠮᠳᠡᠭᠯᠡᠯ ᠳᠤ ᠪᠠᠶᠢᠭ᠎ᠠ ᠶᠣᠮ᠃ ᠡᠭᠦᠨ ᠢᠶᠠᠷ ᠦᠵᠡᠪᠡᠯ ᠵᠢᠭᠤᠯᠴᠢᠯᠠᠬᠴᠢᠤᠠ ᠤᠨ ᠲᠡᠮᠳᠡᠭᠯᠡᠭᠰᠡᠨ ︽ᠨᠠᠳᠠᠭᠠᠢ︾ ᠭᠡᠬᠦ ᠰᠢᠳᠦᠭᠡᠨ ᠨᠢ | ᠮᠣᠩᠭᠤᠯᠴᠣᠳ ᠤᠨ ᠬᠡᠯᠡᠳᠡᠭ ᠡᠳᠦᠬᠡᠨ ᠡᠬᠡ ᠭᠡᠳᠡᠭ ᠰᠠᠬᠢᠭᠤᠯᠰᠣᠨ ᠪᠠᠶᠢᠬᠰᠠᠨ ᠪᠣᠯᠣᠯᠴᠠᠭ᠎ᠠ ᠶᠡᠭᠡ ᠪᠠᠶᠢᠨ᠎ᠠ᠃ ᠮᠣᠩᠭᠤᠯᠴᠣᠳ ᠤᠨ ᠱᠠᠰᠢᠨ ᠤ ᠨᠣᠮ ᠳᠤ | ᠲᠡᠮᠳᠡᠭᠯᠡᠭᠰᠡᠨ ᠢᠶᠠᠷ ᠡᠳᠦᠬᠡᠨ ᠡᠬᠡ ᠶᠢ ᠠᠯᠳᠠᠨ ᠵᠢᠷᠦᠬᠡᠳᠦ ᠶᠢᠨ ᠣᠷᠣᠨ ᠤ ᠡᠵᠡᠯᠡᠭᠴᠢ ᠭᠡᠵᠦ ᠲᠡᠮᠳᠡᠭᠯᠡᠭᠰᠡᠨ ᠪᠦᠭᠡᠳ ᠡᠳᠦᠬᠡᠨ ᠡᠬᠡ ᠪᠠ ᠭᠠᠵᠠᠷ ᠤᠨ | ᠰᠠᠬᠢᠭᠤᠯᠰᠣᠨ ᠤ ᠬᠤᠭᠤᠷᠣᠨᠳᠦ ᠪᠠᠰᠠ ᠡᠯᠪᠡᠭ ᠲᠡᠯᠪᠡᠭ ᠡᠳ᠋ ᠠᠭᠤᠷᠰᠣᠨ ᠲᠠᠢ ᠨᠢᠭᠡ ᠶᠢᠷᠳᠢᠨᠴᠦ ᠪᠠᠶᠢᠳᠠᠬ ᠪᠦᠭᠡᠳ ᠠᠯᠢᠪᠠ ᠪᠦᠬᠦᠨ ᠲᠡᠭᠦᠨ ᠠᠴᠠ ᠡᠭᠦᠰᠬᠦ | ᠪᠣᠯᠬᠤᠷ ︽ᠲᠡᠭᠡᠷ᠎ᠡ ᠶᠡᠷᠡ ᠶᠢᠰᠦᠨ ᠲᠡᠭᠷᠢ᠂ ᠲᠣᠣᠷ᠎ᠠ ᠲᠠᠯᠠᠨ ᠲᠣᠯᠣᠭᠠᠨ ᠡᠳᠦᠬᠡᠨ ᠡᠬᠡ︾ ᠭᠡᠳᠡᠭ ᠭᠡᠵᠦ ᠲᠡᠮᠳᠡᠭᠯᠡᠵᠦ ᠪᠠᠶᠢᠨ᠎ᠠ᠃ ᠲᠡᠭᠡᠷᠡᠬᠢ | ᠪᠠᠷᠢᠮᠳᠠ ᠨᠤᠭᠤᠳ ᠠᠴᠠ ᠦᠵᠡᠪᠡᠯ ᠮᠣᠩᠭᠤᠯᠴᠣᠳ ᠤᠨ ᠭᠠᠵᠠᠷ ᠡᠳᠦᠬᠡᠨ ᠤ ᠰᠢᠳᠦᠯᠭᠡ ᠨᠢ ᠪᠠᠯᠠᠷ ᠡᠷᠳᠡᠨ ᠤ ᠴᠠᠬ ᠦᠶ᠎ᠡ ᠴᠢᠨᠠᠬᠰᠢᠯᠠᠭᠠᠳ ᠲᠡᠭᠦᠨ ᠠᠴᠠ ᠴᠦ | ᠡᠷᠳᠡ ᠪᠣᠢ ᠪᠣᠯᠣᠬᠰᠠᠨ ᠰᠢᠳᠦᠯᠭᠡ ᠶᠢᠨ ᠨᠢᠭᠡ ᠲᠦᠷᠦᠯ ᠪᠣᠯᠣᠨ᠎ᠠ᠃ ᠡᠷᠳᠡᠮᠳᠡᠳ ᠤᠨ ᠰᠣᠳᠣᠯᠣᠬᠰᠠᠨ ᠢᠶᠠᠷ ︽ᠮᠣᠩᠭᠤᠯᠴᠣᠳ ᠤᠨ ᠬᠠᠮᠳᠦ ᠶᠢᠨ ᠱᠠᠰᠢᠨ ᠪᠣᠯᠬᠤ | ᠪᠦᠭᠡ ᠶᠢᠨ ᠱᠠᠰᠢᠨ ᠨᠢ ᠶᠡᠭᠡ ᠲᠦᠯᠦᠪ ᠪᠠᠯᠠᠷ ᠡᠷᠳᠡᠨ ᠤ ᠦᠶ᠎ᠡ ᠳᠠᠬᠢ ᠡᠭᠡᠴᠢᠯᠡᠯ ᠤᠨ ᠨᠡᠶᠢᠭᠡᠮ ᠤᠨ ᠦᠶ᠎ᠡ ᠳᠤ ᠪᠣᠢ ᠪᠣᠯᠣᠬᠰᠠᠨ ᠮᠦᠷᠳᠡᠭᠡᠨ ᠡᠷᠡᠭᠳᠡᠢ ᠶᠢ ᠨᠢ ᠪᠦᠭᠡ | ᠭᠡᠳᠡᠭ᠂ ᠡᠮᠡᠭᠳᠡᠢ ᠶᠢ ᠨᠢ ᠢᠳᠣᠭᠠᠨ ᠭᠡᠳᠡᠭ᠃ ᠪᠦᠭᠡ ᠮᠦᠷᠭᠦᠯ ᠠᠩᠬ᠎ᠠ ᠪᠣᠢ ᠪᠣᠯᠬᠤ ᠳᠤ ᠲᠡᠭᠦᠨ ᠤ ᠱᠠᠰᠢᠨ ᠤ ᠦᠢᠯᠡ ᠶᠢ ᠡᠷᠬᠢᠯᠡᠳᠡᠭ ᠨᠢ ᠪᠦᠷ ᠢᠳᠣᠭᠠᠨ ᠨᠠᠷ | ᠪᠠᠶᠢᠵᠦ ᠬᠤᠵᠢᠮ ᠨᠢ ᠰᠠᠶ᠋ᠢ ᠡᠷᠡᠭᠳᠡᠢ ᠬᠦᠮᠦᠨ ᠪᠦᠭᠡ ᠡᠷᠬᠢᠯᠡᠬᠦ ᠪᠣᠯᠵᠠᠢ︾ ᠭᠡᠵᠡᠢ᠃ ᠡᠭᠦᠨ ᠤ ᠲᠣᠬᠠᠢ ᠭᠠᠳᠠᠰᠣ ᠠᠴᠠ᠄ ︽ᠢᠳᠣᠭᠠᠨ ᠪᠡ ᠡᠳᠦᠭᠡᠨ ᠭᠡᠳᠡᠭ | ᠦᠭᠡ ᠨᠢ ᠦᠨᠡᠨ ᠳᠡᠭᠡᠨ ᠡᠬᠡ ᠪᠣᠶᠣ ᠡᠮᠡᠭᠳᠡᠢ ᠭᠡᠳᠡᠭ ᠦᠭᠡᠨ ᠠᠴᠠ ᠡᠭᠦᠰᠦᠯᠳᠡᠢ᠃ ᠡᠳᠦᠭᠡᠨ ᠢ ᠵᠠᠷᠢᠮ ᠨᠣᠮ ᠳᠤ ᠢᠳᠤᠬᠠ ᠭᠡᠵᠦ ᠲᠡᠮᠳᠡᠭᠯᠡᠵᠦ ᠪᠠᠶᠢᠨ᠎ᠠ᠃ | ᠢᠳᠤᠬᠠ ᠨᠢ ᠢᠳᠣᠭᠠᠨ ᠲᠠᠢ ᠨᠡᠯᠢᠶᠡᠳ ᠣᠢᠢᠷᠠᠯᠴᠠᠭ᠎ᠠ ᠦᠭᠡ ᠮᠦᠨ᠃ ︿ᠢᠳᠣᠭᠠᠨ﹀ ᠭᠡᠳᠡᠭ ᠨᠢ ᠪᠦᠭᠡ ᠮᠦᠷᠭᠦᠯ ᠤᠨ ᠲᠣᠳᠣᠷᠠᠬᠢ ᠡᠮᠡᠭᠳᠡᠢ ᠪᠦᠭᠡ ᠶᠢ ᠵᠢᠭᠠᠳᠠᠬ᠃ | ︿ᠡᠳᠦᠭᠡᠨ﹀ ᠭᠡᠳᠡᠭ ᠦᠭᠡ ᠶᠢ ᠨᠠᠷᠢᠨ ᠰᠢᠨᠵᠢᠪᠡᠯ ᠡᠭᠦᠳᠦᠭᠰᠡᠨ᠂ ᠪᠦᠳᠦᠭᠡᠭᠰᠡᠨ ᠭᠡᠳᠡᠭ ᠦᠭᠡ ᠲᠠᠢ ᠣᠢᠢᠷᠠᠯᠴᠠᠭ᠎ᠠ ᠰᠢᠬ ᠰᠠᠨᠠᠬᠳᠠᠨ᠎ᠠ᠃ ᠲᠠᠷᠣᠢ ᠪᠠᠯᠠᠷ ᠡᠷᠳᠡᠨ ᠤ | ᠬᠦᠮᠦᠰ ᠡᠮᠡᠭᠳᠡᠢ ᠬᠦᠮᠦᠨ ᠨᠢ ᠬᠦᠮᠦᠨ ᠢ ᠲᠦᠷᠦᠵᠦ ᠡᠭᠦᠳᠦᠭᠰᠡᠨ᠂ ᠭᠠᠵᠠᠷ ᠨᠢ ᠲᠦᠮᠡᠨ ᠪᠣᠳᠠᠰ ᠢ ᠡᠭᠦᠳᠦᠨ ᠪᠦᠳᠦᠭᠡᠭᠰᠡᠨ ᠭᠡᠵᠦ ᠦᠵᠡᠭᠡᠳ ᠭᠠᠵᠠᠷ ᠢ ︿ | ᠡᠭᠦᠳᠦᠭᠰᠡᠨ ᠡᠬᠡ﹀ ᠭᠡᠵᠦ ᠬᠦᠨᠳᠦᠳᠭᠡᠨ ᠰᠢᠳᠦᠭᠰᠡᠨ ᠠᠴᠠ ᠪᠣᠢ ᠪᠣᠯᠣᠬᠰᠠᠨ ᠦᠭᠡ ᠪᠣᠯᠣᠨ᠎ᠠ᠃ ᠣᠳᠣ ᠴᠦ ᠭᠡᠰᠡᠨ ᠮᠠᠨ ᠤ ᠮᠣᠩᠭᠤᠯᠴᠣᠳ ᠲᠡᠭᠷᠢ ᠶᠢ ᠡᠴᠢᠭᠡ | ᠲᠡᠭᠷᠢ᠂ ᠭᠠᠵᠠᠷ ᠢ ᠡᠬᠡ ᠭᠠᠵᠠᠷ ᠭᠡᠵᠦ ᠬᠦᠨᠳᠦᠳᠭᠡᠨ ᠶᠠᠷᠢᠬᠰᠠᠭᠠᠷ ᠪᠠᠶᠢᠨ᠎ᠠ᠃ ᠢᠳᠣᠭᠠᠨ ᠪᠠ ᠡᠳᠦᠭᠡᠨ ᠭᠡᠳᠡᠭ ᠨᠢ ᠪᠦᠷ ᠡᠮᠡᠭᠳᠡᠢ᠂ ᠡᠭᠦᠳᠦᠭᠰᠡᠨ᠂ ᠪᠦᠳᠦᠭᠡᠭᠰᠡᠨ | ᠭᠡᠰᠡᠨ ᠣᠳᠬ᠎ᠠ ᠲᠠᠢ ᠦᠭᠡ︾ ᠭᠡᠵᠡᠢ᠃ | ᠮᠣᠩᠭᠤᠯ ᠤᠨ ᠡᠪᠦᠭᠡ ᠲᠡᠭᠡᠳᠦᠰ ᠡᠷᠳᠡ ᠦᠶ᠎ᠡ ᠠᠴᠠ ᠪᠠᠨ ᠪᠠᠶᠢᠭᠠᠯᠢ ᠶᠢ ᠰᠢᠳᠦᠨ ᠪᠢᠰᠢᠷᠡᠵᠦ ᠡᠬᠡ ᠲᠡᠯᠡᠬᠡᠢ ᠶᠢᠨ ᠲᠦᠮᠡᠨ ᠪᠣᠳᠠᠰ ᠲᠤ ᠡᠵᠡᠳ | ᠣᠡᠭᠭᠤᠳ ᠲᠠᠢ ᠭᠡᠬᠦ ᠠᠩᠬᠠᠨ ᠤ ᠰᠦᠰᠦᠭ ᠪᠢᠰᠢᠷᠡᠯ ᠢ ᠪᠣᠢ ᠪᠣᠯᠭᠠᠵᠦ ᠲᠦᠮᠡᠨ ᠪᠣᠳᠠᠰ ᠨᠢ ᠭᠠᠯ᠂ ᠰᠢᠷᠣᠢ᠂ ᠲᠡᠮᠦᠷ᠂ ᠣᠰᠣ᠂ ᠮᠣᠳᠣ ᠭᠡᠬᠦ ᠲᠠᠪᠣᠨ | ᠮᠠᠬᠠᠪᠣᠳ ᠢᠶᠠᠷ ᠪᠦᠳᠦᠯᠡ ᠭᠡᠵᠦ ᠦᠵᠡᠵᠡᠢ᠃ ᠡᠨᠡ ᠬᠦ ᠲᠠᠪᠣᠨ ᠮᠠᠬᠠᠪᠣᠳ ᠤᠨ ᠲᠣᠳᠣᠷᠠᠬᠢ ᠰᠢᠷᠣᠢ ᠨᠢ ᠲᠠᠷᠣᠢ ᠪᠠᠶᠢᠭᠠᠯᠢ ᠶᠢᠨ ᠲᠦᠮᠡᠨ ᠪᠣᠳᠠᠰ ᠤᠨ ᠡᠬᠡ ᠪᠣᠯᠬᠤ | ᠭᠠᠵᠠᠷ ᠢ ᠵᠢᠭᠠᠬᠰᠠᠨ ᠦᠭᠡ ᠪᠠᠶᠢᠵᠦ᠂ ᠰᠢᠷᠣᠢ ᠨᠢ ᠲᠠᠪᠣᠨ ᠮᠠᠬᠠᠪᠣᠳ ᠤᠨ ᠲᠣᠮᠳᠠ ᠪᠠᠶᠢᠷᠢᠰᠢᠳᠠᠬ ᠠᠴᠠ ᠭᠠᠵᠠᠷ ᠨᠢ ᠪᠣᠳᠠᠰ ᠤᠨ ᠰᠢᠳᠦᠯᠭᠡ ᠶᠢᠨ ᠲᠣᠳᠣᠷ᠎ᠠ ᠴᠦ | ᠣᠷᠦ᠋ᠢᠯᠠᠬᠤ ᠪᠠᠶᠢᠷᠢ ᠰᠠᠭᠤᠷᠢ ᠲᠠᠢ ᠪᠠᠶᠢᠬᠰᠠᠨ ᠢ ᠮᠡᠳᠡᠵᠦ ᠪᠣᠯᠣᠨ᠎ᠠ᠃ ᠬᠦᠮᠦᠨ ᠲᠦᠷᠦᠯᠬᠢᠳᠡᠨ ᠠᠴᠠ ᠪᠠᠶᠢᠭᠠᠯᠢ ᠶᠢᠨ ᠪᠣᠳᠠᠰ ᠢ ᠰᠢᠳᠦᠬᠦ ᠪᠣᠯᠣᠬᠰᠠᠨ ᠨᠢ ᠱᠠᠰᠢᠨ | ᠪᠣᠢ ᠪᠣᠯᠬᠤ ᠠᠴᠠ ᠡᠮᠦᠨᠡᠬᠢ ᠣᠴᠢᠷ ᠶᠤᠮ᠃ ᠬᠦᠮᠦᠨ ᠲᠦᠷᠦᠯᠬᠢᠳᠡᠨ ᠠᠴᠠ ᠡᠬᠢᠯᠡᠨ ᠠᠮᠢᠳᠠᠨ ᠠᠷᠢᠶᠠᠳᠠᠨ ᠬᠦᠷᠳᠡᠯ᠎ᠡ ᠠᠮᠢ ᠨᠠᠰᠣ ᠶᠢ ᠣᠯᠣᠮᠠᠬᠴᠠ | ᠲᠦᠷᠦᠭᠦᠯᠦᠭᠰᠡᠨ ᠡᠬᠡ ᠶᠢᠨ ᠢᠶᠠᠨ ᠣᠭᠤᠷᠠᠬ ᠰᠦᠨ ᠢᠶᠠᠷ ᠲᠣᠷᠨᠢᠵᠦ ᠡᠬᠡ ᠪᠠᠨ ᠰᠢᠳᠦᠨ ᠪᠢᠰᠢᠷᠡᠳᠡᠭ᠃ ᠨᠡᠩ ᠴᠢᠨᠠᠬᠰᠢᠯᠠᠭᠠᠳ ᠬᠦᠮᠦᠨ ᠤ ᠣᠢ ᠲᠠᠷᠢᠬᠢ ᠵᠢᠭᠠᠬᠠᠨ | ᠬᠦᠭᠵᠢᠯᠳᠡ ᠪᠠᠨ ᠣᠯᠣᠮᠠᠬᠴᠠ ᠢᠳᠡᠰᠢ ᠣᠣᠭᠤᠰᠢ᠂ ᠣᠷᠣᠨ ᠰᠠᠭᠤᠴᠠ᠂ ᠠᠮᠢᠳᠣᠷᠠᠯ ᠤᠨ ᠬᠡᠷᠡᠭᠰᠡᠯ ᠁ ᠶᠠᠭᠤ ᠪᠦᠬᠦᠨ ᠢ ᠬᠠᠨᠭ᠍ᠭᠠᠳᠠᠬ ᠭᠠᠵᠠᠷ ᠢ ᠡᠬᠡ ᠬᠡᠮᠡᠨ | ᠰᠢᠳᠦᠬᠦ ᠨᠢ ᠠᠶᠠᠨᠳᠠᠭᠠᠨ ᠤ ᠣᠴᠢᠷ ᠪᠣᠯᠣᠨ᠎ᠠ᠃ ︽ᠮᠠᠷᠺᠤ ᠫᠣᠯᠣ ᠶᠢᠨ ᠠᠶᠠᠯᠠᠯ ᠤᠨ ᠲᠡᠮᠳᠡᠭᠯᠡᠯ︾ ᠳᠤ ᠡᠬᠡ ᠨᠢ ᠠᠯᠢᠪᠠ ᠪᠦᠬᠦᠨ ᠢ ᠬᠠᠮᠠᠭᠠᠯᠠᠨ ᠰᠣᠶᠣᠷᠬᠠᠵᠦ ᠶᠠᠭᠤ | ᠪᠦᠬᠦᠨ ᠢ ᠣᠯᠭᠤᠳᠠᠬ ᠪᠣᠯᠬᠤᠷ ᠮᠣᠩᠭᠤᠯᠴᠣᠳ ᠲᠡᠭᠦᠨ ᠢ ᠮᠠᠰᠢ ᠬᠦᠨᠳᠦᠳᠭᠡᠨ ᠲᠠᠬᠢᠳᠠᠬ ᠭᠡᠵᠦ ᠪᠢᠴᠢᠵᠡᠢ᠃ ᠲᠡᠦᠬᠡ ᠶᠢᠨ ᠪᠠᠷᠢᠮᠳᠠ ᠵᠢᠴᠢ ᠠᠷᠠᠳ ᠤᠨ ᠲᠣᠮᠳᠠᠬᠢ | ᠦᠯᠢᠭᠡᠷ ᠲᠣᠮᠤᠬ ᠢ ᠦᠨᠳᠦᠰᠦᠯᠡᠪᠡᠯ ᠡᠳᠦᠭᠡᠨ ᠭᠡᠳᠡᠭ ᠦᠭᠡ ᠨᠢ ᠪᠦᠬᠡ ᠶᠢᠨ ᠱᠠᠰᠢᠨ ᠪᠣᠢ ᠪᠣᠯᠬᠤ ᠶᠢ ᠲᠠᠭᠠᠯᠳᠣᠨ ᠢᠳᠣᠭᠠᠨ ᠲᠠᠢ ᠠᠳᠠᠯᠢ ᠪᠠᠷ ᠡᠬᠡᠴᠢᠯᠡᠯ ᠤᠨ | ᠨᠡᠶᠢᠭᠡᠮ ᠤᠨ ᠦᠶ᠎ᠡ ᠳᠤ ᠪᠣᠢ ᠪᠣᠯᠣᠬᠰᠠᠨ ᠪᠣᠯᠣᠯᠴᠠᠭ᠎ᠠ ᠶᠡᠭᠡ ᠪᠣᠯᠪᠠᠴᠦ ᠬᠦᠮᠦᠨ ᠲᠦᠷᠦᠯᠬᠢᠳᠡᠨ ᠠᠴᠠ ᠭᠠᠵᠠᠷ ᠪᠠ ᠣᠰᠣ᠂ ᠮᠣᠳᠣ ᠵᠡᠷᠭᠡ ᠶᠢᠨ ᠪᠣᠳᠠᠰ ᠢ ᠰᠢᠳᠦᠵᠦ | ᠡᠬᠢᠯᠡᠭᠰᠡᠨ ᠨᠢ ᠡᠭᠦᠨ ᠠᠴᠠ ᠴᠦ ᠡᠷᠳᠡ ᠪᠣᠢ ᠪᠣᠯᠣᠬᠰᠠᠨ ᠣᠴᠢᠷ ᠪᠠᠶᠢᠵᠦ ᠲᠠᠭᠠᠷᠠᠨ᠎ᠠ᠃ | ᠡᠬᠡ ᠡᠳᠦᠭᠡᠨ ᠢ ᠪᠠᠰᠠ ︽ᠬᠦᠷᠡᠩ ᠬᠤᠨᠢᠶᠠᠰᠣᠳᠦ ᠡᠳᠦᠬᠡᠨ ᠡᠬᠡ︾ ᠭᠡᠳᠡᠭ ᠪᠦᠭᠡᠳ ᠬᠦᠷᠡᠩ ᠬᠤᠨᠢᠶᠠᠰᠣ ᠲᠦᠭᠦᠷᠦᠭᠰᠡᠨ ᠠᠯᠳᠠᠨ ᠵᠢᠷᠦᠬᠡᠳᠦ ᠶᠢᠨ | ᠣᠷᠣᠨ ᠭᠡᠳᠡᠭ ᠭᠡᠵᠦ ︽ᠣᠯᠠᠨᠰᠦ᠋ᠮᠡ ᠠᠴᠠ ᠣᠯᠠᠳᠠᠬᠰᠠᠨ ᠮᠣᠩᠭᠤᠯ ᠬᠦᠰᠢᠶᠡᠨ ᠤ ᠪᠢᠴᠢᠭᠡᠰᠦ ᠪᠠ ᠬᠠᠭᠤᠯᠣᠮᠠᠯ ᠲᠡᠪᠳᠡᠷ ᠤᠨ ᠲᠠᠮᠳᠣᠷᠬᠠᠢ ᠨᠤᠭᠤᠳ︾ ᠭᠡᠬᠦ | ᠨᠣᠮ ᠳᠤ ᠲᠡᠮᠳᠡᠭᠯᠡᠵᠦ ᠪᠠᠶᠢᠳᠠᠬ᠃ ᠯᠠᠮᠠ ᠶᠢᠨ ᠱᠠᠰᠢᠨ ᠨᠢ ᠮᠣᠩᠭᠤᠯ ᠣᠷᠣᠨ ᠳᠤ ᠣᠯᠠᠮᠵᠢᠯᠠᠬᠳᠠᠬᠰᠠᠨ ᠤ ᠲᠠᠷᠠᠭ᠎ᠠ ᠪᠦᠭᠡ ᠶᠢᠨ ᠱᠠᠰᠢᠨ ᠤ ᠵᠠᠷᠢᠮ ᠵᠦᠢᠯᠡᠰ ᠨᠢ | ᠪᠣᠷᠬᠠᠨ ᠤ ᠱᠠᠰᠢᠨ ᠤ ᠦᠡᠭᠭᠡ ᠪᠣᠳᠤᠬ ᠲᠠᠢ ᠪᠣᠯᠣᠨ ᠬᠤᠪᠢᠷᠠᠵᠠᠢ᠃ ᠮᠣᠩᠭᠤᠯᠴᠣᠳ ᠤᠨ ᠭᠠᠵᠠᠷ ᠣᠰᠣᠨ ᠤ ᠰᠢᠳᠦᠯᠭᠡ ᠶᠢᠨ ᠵᠠᠷᠢᠮ ᠵᠦᠢᠯ ᠢ ᠴᠦ ᠯᠠᠮᠠ ᠶᠢᠨ | ᠱᠠᠰᠢᠨ ᠨᠢ ᠠᠯᠢ ᠡᠷᠳᠡ ᠡᠵᠡᠮᠰᠢᠨ ᠠᠪᠣᠭᠠᠳ ᠱᠠᠰᠢᠨ ᠤ ᠣᠯᠠᠨ ᠰᠠᠬᠢᠭᠤᠯᠰᠣᠨ ᠢ ᠯᠠᠮᠠ ᠶᠢᠨ ᠱᠠᠰᠢᠨ ᠤ ᠰᠢᠰᠲ᠋ᠧᠮ ᠳᠡᠭᠡᠨ ᠣᠷᠣᠭᠤᠯᠣᠨ ᠠᠪᠴᠠᠢ᠃ ᠡᠨᠡ ᠨᠢ | ᠮᠣᠩᠭᠤᠯ ᠳᠠᠬᠢ ᠯᠠᠮᠠ ᠶᠢᠨ ᠱᠠᠰᠢᠨ ᠤ ᠭᠡᠭᠡᠨ ᠬᠤᠪᠢᠯᠭᠠᠳ ᠤᠨ ᠠᠵᠢᠯᠯᠠᠭᠠᠨ ᠳᠤ ᠵᠢᠷᠣᠮᠯᠠᠬᠤ ᠬᠡᠪ ᠵᠠᠬᠪᠣᠷ ᠪᠣᠯᠣᠬᠰᠠᠨ ᠶᠣᠮ᠃ ᠠᠷᠪᠠᠨ ᠵᠢᠷᠭᠤᠳᠣᠭᠠᠷ ᠵᠠᠭᠤᠨ ᠤ | ᠦᠶ᠎ᠡ ᠳᠤ ᠪᠢᠴᠢᠭᠳᠡᠭᠰᠡᠨ ᠡᠳᠦᠭᠡᠨ ᠰᠠᠬᠢᠭᠤᠯᠰᠣᠨ ᠪᠠ ᠭᠠᠯ ᠤᠨ ᠲᠠᠬᠢᠯᠭ᠎ᠠ ᠶᠢᠨ ᠡᠷᠳᠡᠨ ᠤ ᠰᠣᠳᠣᠷ ᠤᠳ ᠲᠤ ᠯᠠᠮᠠ ᠶᠢᠨ ᠱᠠᠰᠢᠨ ᠤ ᠨᠦᠯᠦᠭᠡ ᠮᠡᠷ ᠰᠡᠷ | ᠮᠡᠳᠡᠭᠳᠡᠵᠦ ᠪᠠᠶᠢᠨ᠎ᠠ᠃ | ᠬᠤᠷᠴᠢᠨ ᠲᠠᠷᠢᠶᠠᠴᠢᠳ ᠤᠨ ᠨᠠᠪᠳᠠᠬ ᠰᠠᠪᠳᠠᠬ ᠤᠨ ᠲᠣᠬᠠᠢ ᠣᠢᠢᠯᠠᠭᠠᠯᠳᠠ | ᠮᠣᠩᠭᠤᠯᠴᠣᠳ ᠨᠢ ᠠᠯᠢ ᠡᠷᠳᠡᠨ ᠠᠴᠠ ᠪᠠᠶᠢᠭᠠᠯᠢ ᠶᠢᠨ ᠲᠦᠮᠡᠨ ᠪᠣᠳᠠᠰ ᠲᠤ ᠡᠵᠡᠳ ᠰᠠᠬᠢᠭᠤᠰᠣ ᠲᠠᠢ ᠭᠡᠵᠦ ᠦᠵᠡᠭᠡᠳ ᠠᠩᠬᠠᠨ ᠤ ᠰᠢᠳᠦᠯᠭᠡ ᠶᠢ ᠪᠣᠢ | ᠪᠣᠯᠭᠠᠬᠰᠠᠨ ᠶᠣᠮ᠃ ᠨᠠᠪᠳᠠᠬ ᠰᠠᠪᠳᠠᠬ ᠭᠡᠳᠡᠭ ᠨᠢ ᠲᠠᠷᠣᠢ ᠭᠠᠵᠠᠷ ᠣᠰᠣᠨ ᠤ ᠡᠵᠡᠳ ᠰᠠᠬᠢᠭᠤᠰᠣ ᠶᠢ ᠵᠢᠭᠠᠵᠦ ᠪᠠᠶᠢᠭ᠎ᠠ ᠦᠭᠡ ᠪᠣᠯᠣᠨ᠎ᠠ᠃ ᠡᠭᠦᠨ ᠤ ᠲᠣᠬᠠᠢ | ᠭᠠᠳᠠᠰᠣ ᠠᠴᠠ᠄ ︽ᠨᠠᠪᠳᠠᠬ ᠰᠠᠪᠳᠠᠬ ᠨᠢ ᠮᠣᠩᠭᠤᠯ ᠣᠷᠣᠨ ᠤ ᠭᠠᠵᠠᠷ ᠨᠣᠳᠤᠬ ᠢ ᠲᠤᠭ᠎ᠠ ᠲᠣᠮᠰᠢ ᠦᠭᠡᠢ ᠣᠯᠠᠨ ᠬᠡᠰᠡᠭᠯᠡᠨ ᠵᠠᠬᠢᠷᠣᠬᠰᠠᠨ ᠵᠢᠵᠢᠭ | ᠰᠠᠬᠢᠭᠤᠯᠰᠣᠨ ᠨᠤᠭᠤᠳ ᠪᠠᠶᠢᠭ᠎ᠠ ᠶᠣᠮ᠃ ᠨᠠᠪᠳᠠᠬ ᠨᠢ ᠵᠠᠷᠢᠮ ᠳᠠᠭᠠᠨ ᠶᠡᠷᠦᠩᠬᠡᠶᠢᠯᠡᠭᠰᠡᠨ ᠰᠢᠳᠦᠭᠡᠨ ᠤ ᠨᠡᠷᠡᠶᠢᠳᠦᠯ ᠪᠣᠯᠵᠦ ᠡᠵᠡᠳ ᠪᠠ ᠯᠣᠣᠰ ᠢ ᠪᠠᠭᠳᠠᠭᠠᠳᠠᠬ᠃ | ᠭᠡᠪᠡᠴᠦ ᠶᠡᠷᠦ ᠳᠡᠭᠡᠨ ᠲᠡᠳᠡᠭᠡᠷ ᠤᠨ ᠬᠤᠭᠤᠷᠣᠨᠳᠦ ᠨᠠᠷᠢᠨ ᠢᠯᠭᠠᠭ᠎ᠠ ᠲᠠᠢ᠃ ᠡᠵᠡᠳ ᠨᠢ ᠠᠭᠤᠯᠠ᠂ ᠣᠪᠣᠭ᠎ᠠ᠂ ᠮᠣᠳᠣ ᠵᠡᠷᠭᠡ ᠪᠣᠳᠠᠳᠠᠢ ᠪᠡᠶ᠎ᠡ ᠳᠤ ᠣᠷᠣᠰᠢᠵᠦ᠂ | ᠯᠣᠣᠰ ᠨᠢ ᠭᠤᠣᠯ ᠮᠦᠷᠡᠨ᠂ ᠨᠠᠭᠤᠷ ᠪᠣᠯᠠᠬ᠂ ᠬᠤᠳᠳᠤᠬ ᠵᠡᠷᠭᠡ ᠪᠣᠳᠠᠳᠠᠢ ᠪᠡᠶ᠎ᠡ ᠳᠤ ᠣᠷᠣᠰᠢᠵᠦ ᠪᠠᠶᠢᠬᠤ ᠳᠤ᠂ ᠨᠠᠪᠳᠠᠬ ᠰᠠᠪᠳᠠᠬ ᠪᠣᠯ ᠬᠠᠷᠢᠨ ᠵᠠᠪᠠᠯ ᠪᠣᠳᠠᠳᠠᠢ | ᠪᠣᠳᠠᠰ ᠲᠤ ᠣᠷᠤᠰᠢᠳᠠᠬ ᠪᠢᠰᠢ᠂ ᠭᠠᠵᠠᠷ ᠤᠨ ᠪᠠᠶᠢᠷᠢ ᠪᠠᠶᠢᠴᠠ ᠢᠯᠭᠠᠳᠠᠬ ᠦᠭᠡᠢ᠂ ᠭᠠᠵᠠᠷ ᠨᠣᠳᠤᠬ ᠪᠣᠯᠭᠠᠨ ᠳᠤ ᠡᠵᠡᠯᠡᠨ ᠰᠠᠭᠤᠵᠦ ᠪᠠᠶᠢᠳᠠᠬ᠃ ᠡᠶᠢᠮᠦ ᠠᠴᠠ | ᠨᠠᠪᠳᠠᠬ ᠰᠠᠪᠳᠠᠬ ᠢ ᠪᠠᠰᠠ ᠭᠠᠵᠠᠷ ᠤᠨ ᠡᠵᠡᠨ ᠪᠣᠶᠣ ᠭᠠᠵᠠᠷ ᠡᠳᠦᠭᠡᠨ ᠭᠡᠳᠡᠭ᠃ ᠨᠠᠪᠳᠠᠬ ᠰᠠᠪᠳᠠᠬ ᠨᠢ ᠬᠡᠳᠦᠢ ᠶᠡᠭᠡ ᠭᠠᠵᠠᠷ ᠢ ᠡᠷᠬᠡᠰᠢᠶᠡᠳᠡᠭ ᠪᠣᠢ ᠭᠡᠪᠡᠯ | ᠶᠡᠷᠦᠩᠬᠡᠢ ᠳᠡᠭᠡᠨ ᠬᠤᠷᠢ ᠠᠴᠠ ᠲᠦᠴᠢᠨ ᠺᠢᠯᠣᠮᠧᠲᠷ ᠤᠨ ᠭᠠᠵᠠᠷ ᠲᠤ ᠨᠠᠪᠳᠠᠬ ᠰᠠᠪᠳᠠᠬ ᠤᠨ ᠡᠷᠬᠡᠰᠢᠶᠡᠯ ᠤᠨ ᠬᠦᠴᠦᠨ ᠲᠠᠢ ᠶᠠᠪᠣᠬᠳᠠᠳᠠᠬ ᠭᠡᠨ᠎ᠡ᠃ ᠭᠡᠪᠡᠴᠦ | ᠡᠭᠦᠨ ᠳᠤ ᠨᠠᠷᠢᠨ ᠲᠣᠬᠳᠠᠭᠠᠯ ᠪᠠᠶᠢᠭ᠎ᠠ ᠦᠭᠡᠢ᠃ ᠨᠢᠭᠡ ᠡᠷᠦᠬᠡ ᠶᠢᠨ ᠭᠠᠵᠠᠷ ᠲᠤ ᠴᠦ ᠲᠣᠰᠬᠠᠢ ᠨᠠᠪᠳᠠᠬ ᠰᠠᠪᠳᠠᠬ ᠲᠠᠢ ᠪᠠᠶᠢᠵᠦ᠂ ᠡᠵᠡᠭᠦᠢ ᠭᠠᠵᠠᠷ ᠨᠢ ᠴᠦ ᠬᠡᠰᠡᠭ | ᠬᠡᠰᠡᠭ ᠬᠤᠪᠢᠶᠠᠬᠳᠠᠨ ᠨᠡᠷᠡᠯᠡᠭᠳᠡᠭᠰᠡᠨ ᠲᠣᠰ ᠪᠦᠷᠢ ᠳᠡᠭᠡᠨ ᠨᠠᠪᠳᠠᠬ ᠰᠠᠪᠳᠠᠬ ᠲᠠᠢ ᠪᠠᠶᠢᠳᠠᠬ ᠠᠵᠢ︾ ᠭᠡᠵᠡᠢ᠃ | ᠠᠯᠢ ᠡᠷᠳᠡᠨ ᠠᠴᠠ ᠮᠣᠩᠭᠤᠯᠴᠣᠳ ᠠᠭᠤᠯᠠ ᠬᠠᠶᠢᠷᠬᠠᠨ ᠲᠠᠪᠠᠭ᠎ᠠ ᠨᠢᠷᠣᠭᠤ ᠳᠤ ᠨᠠᠪᠳᠠᠬ ᠰᠠᠪᠳᠠᠬ ᠣᠷᠣᠰᠢᠵᠦ ᠪᠣᠢ ᠭᠡᠵᠦ ᠦᠵᠡᠭᠰᠡᠭᠡᠷ ᠢᠷᠡᠵᠡᠢ᠃ ᠲᠡᠳᠡ | ᠪᠠᠰᠠ ᠠᠭᠤᠯᠠ ᠣᠰᠣᠨ ᠤ ᠨᠠᠪᠳᠠᠬ ᠨᠢ ᠬᠦᠮᠦᠨ ᠠᠮᠢᠳᠠᠨ ᠤ ᠬᠦᠭᠵᠢᠯ ᠪᠠᠳᠠᠷᠠᠯ ᠢ ᠢᠪᠡᠭᠡᠨ᠎ᠡ ᠭᠡᠵᠦ ᠪᠣᠳᠣᠳᠠᠬ᠃ ᠪ᠊ · ᠠ᠊ · ᠺᠠᠽᠡᠭᠧᠧᠴᠢ ︽ᠭᠠᠵᠠᠷ ᠤᠨ | ᠨᠡᠷᠡᠰ ᠤᠨ ᠰᠢᠨᠵᠢᠯᠡᠭᠡᠨ︾ ᠭᠡᠬᠦ ᠨᠣᠮ ᠳᠠᠭᠠᠨ ︽ᠮᠣᠩᠭᠤᠯᠴᠣᠳ ᠠᠭᠤᠯᠠ ᠶᠢᠨ ᠰᠠᠪᠳᠠᠬ ᠠᠴᠠ ᠮᠠᠰᠢ ᠠᠶᠣᠨ ᠡᠮᠢᠶᠡᠵᠦ ᠨᠡᠷ᠎ᠡ ᠶᠢ ᠨᠢ ᠬᠦᠷᠳᠡᠯ᠎ᠡ ︿ᠬᠠᠶᠢᠷᠬᠠᠨ﹀ ︿ | ᠦᠨᠳᠦᠷ ᠪᠣᠬᠳᠠ﹀ ᠭᠡᠬᠦ ᠮᠡᠳᠦᠴᠢᠯᠡᠨ ᠲᠠᠭᠤᠳᠠᠳᠠᠬ︾ ᠭᠡᠰᠡᠨ ᠪᠠᠶᠢᠨ᠎ᠠ᠃ ︽ᠮᠣᠩᠭᠤᠯ ᠤᠨ ᠨᠢᠭᠤᠴᠠ ᠲᠣᠪᠴᠢᠶᠠᠨ︾ ᠳᠤ ᠪᠠᠰᠠ ᠴᠢᠩᠬᠢᠰ ᠬᠠᠭᠠᠨ ᠠᠴᠠ | ᠪᠣᠷᠬᠠᠨ ᠬᠠᠯᠳᠣᠨ ᠠᠭᠤᠯᠠ ᠶᠢ ᠰᠢᠳᠦᠵᠦ ᠪᠠᠶᠢᠬᠰᠠᠨ ᠢ ᠲᠡᠮᠳᠡᠭᠯᠡᠬᠦ ᠳᠡᠭᠡᠨ᠄ ︽ᠬᠠᠯᠳᠣᠨ ᠠᠭᠤᠯᠠᠨ ᠳᠤ ᠨᠢᠭᠤᠬᠳᠠᠵᠦ᠂ ᠬᠠᠷᠢᠶᠠᠴᠠᠢ ᠶᠢᠨ ᠲᠡᠳᠦᠢ ᠠᠮᠢ ᠪᠠᠨ | ᠬᠠᠯᠬᠠᠯᠠᠨ ᠭᠠᠷᠪᠠ᠃ ᠮᠠᠰᠢ ᠠᠶᠣᠵᠦ ᠶᠡᠭᠡ ᠰᠠᠨᠳᠣᠷᠪᠠ᠃ ᠪᠣᠷᠬᠠᠨ ᠬᠠᠯᠳᠣᠨ ᠠᠭᠤᠯᠠ ᠶᠢ ᠦᠷᠯᠦᠭᠡ ᠪᠦᠷᠢ ᠮᠢᠯᠢᠶᠡᠶᠡ︕ ᠡᠳᠦᠷ ᠡᠳᠦᠷ ᠦᠴᠢᠶᠡ︕ | ᠦᠶ᠎ᠡ ᠶᠢᠨ ᠦᠶ᠎ᠡ ᠳᠡᠭᠡᠨ ᠦᠨᠢᠳᠡ ᠲᠠᠬᠢᠶ᠎ᠠ ᠭᠡᠵᠡᠢ᠃ ᠢᠡᠭᠭᠢᠵᠦ ᠲᠠᠭᠠᠳᠬᠠᠬᠤ ᠳᠠᠭᠠᠨ ᠪᠦᠰᠡ ᠪᠠᠨ ᠬᠦᠵᠦᠭᠦᠨ ᠳᠡᠭᠡᠨ ᠡᠭᠡᠯᠳᠦᠷᠭᠡᠯᠡᠵᠦ᠂ ᠮᠠᠯᠠᠭᠠᠢ ᠪᠠᠨ | ᠭᠠᠷ ᠲᠠᠭᠠᠨ ᠰᠡᠭᠡᠯᠳᠦᠷᠭᠡᠯᠡᠵᠦ᠂ ᠭᠠᠷ ᠢᠶᠠᠷ ᠢᠶᠠᠨ ᠡᠪᠴᠢᠭᠦᠦ ᠪᠠᠨ ᠲᠠᠷᠣᠵᠦ᠂ ᠨᠠᠷᠠ ᠦᠭᠡᠳᠡ ᠬᠠᠨᠳᠣᠨ ᠰᠦᠭᠦᠳᠴᠦ᠂ ᠶᠢᠰᠦᠨᠳᠡ ᠮᠦᠷᠭᠦᠵᠦ᠂ ᠰᠡᠷᠵᠢᠮ ᠡᠷᠭᠦᠵᠦ | ᠵᠠᠯᠪᠠᠷᠢᠳᠠᠬ︾ ᠭᠡᠵᠦ ᠲᠡᠮᠳᠡᠭᠯᠡᠵᠦ ᠪᠠᠶᠢᠳᠠᠬ᠃ ᠨᠠᠪᠳᠠᠬ ᠰᠠᠪᠳᠠᠬ ᠤᠨ ᠲᠣᠬᠠᠢ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠷᠢᠶᠠᠴᠢᠨ ᠪᠠᠢ ᠬᠤ᠋ ᠠᠴᠠ᠄ ︽ | ᠮᠠᠨ ᠤ ᠨᠣᠳᠤᠬ ᠲᠤ ᠢᠳᠡᠰᠢᠨ ᠮᠢᠬ᠎ᠠ ᠪᠠᠨ ᠢᠳᠡᠬᠦ ᠠᠴᠠ ᠪᠠᠨ ᠡᠮᠦᠨ᠎ᠡ ᠲᠡᠭᠡᠵᠢ ᠶᠢ ᠨᠢ ᠵᠠᠪᠠᠯ ᠪᠣᠷᠬᠠᠨ᠂ ᠡᠵᠡᠳ ᠰᠠᠬᠢᠭᠤᠯᠰᠣᠨ᠂ ᠲᠡᠭᠡᠳᠦᠰ᠂ ᠨᠠᠪᠳᠠᠬ | ᠰᠠᠪᠳᠠᠬ ᠲᠤ ᠡᠷᠭᠦᠨ᠎ᠡ ᠭᠡᠵᠦ ᠡᠪᠴᠢᠭᠦᠦ ᠣᠭᠤᠴᠠ ᠠᠴᠠ ᠣᠬᠳᠣᠯᠣᠨ ᠠᠪᠴᠦ ᠭᠡᠷ ᠤᠨ ᠣᠷᠣᠢ ᠲᠡᠭᠡᠷ᠎ᠡ ᠪᠠᠨ ᠬᠠᠶᠠᠳᠠᠬ᠃ ᠵᠠᠷᠢᠮ ᠬᠦᠮᠦᠰ ᠪᠠᠰᠠ ᠬᠤᠨᠢ | ᠭᠠᠷᠭᠠᠪᠠᠯ ᠵᠢᠷᠦᠬᠡ ᠶᠢ ᠨᠢ ᠡᠷᠭᠦᠳᠡᠭ᠃ ᠡᠳᠡᠭᠡᠷ ᠢᠳᠡᠭᠡᠨ ᠢ ᠱᠠᠭᠠᠵᠠᠭᠠᠢ ᠢᠳᠡᠪᠡᠯ ᠰᠠᠶᠢᠨ᠂ ᠬᠤᠨᠭ᠌ ᠬᠡᠷᠢᠶ᠎ᠡ ᠢᠳᠡᠪᠡᠯ ᠮᠠᠭᠤ ᠭᠡᠳᠡᠭ︾ ᠭᠡᠵᠡᠢ᠃ | ᠬᠤᠷᠴᠢᠨ ᠳᠤ ᠨᠠᠪᠳᠠᠬ ᠰᠠᠪᠳᠠᠬ ᠨᠢ ᠵᠠᠷᠢᠮ ᠦᠶᠡᠰ ᠪᠠᠰᠠ ᠠᠮᠢᠳᠠᠨ ᠤ ᠲᠦᠷᠰᠦ ᠲᠠᠢ ᠮᠡᠳᠦ ᠣᠢᠢᠯᠠᠭᠠᠬᠳᠠᠵᠦ ᠨᠠᠪᠳᠠᠬ ᠰᠠᠪᠳᠠᠬ ᠤᠨ ᠲᠣᠬᠠᠢ ᠦᠯᠢᠭᠡᠷ | ᠲᠣᠮᠤᠬ ᠣᠯᠠᠮᠵᠢᠯᠠᠬᠳᠠᠬᠰᠠᠭᠠᠷ ᠪᠠᠶᠢᠨ᠎ᠠ᠃ ᠡᠭᠦᠨ ᠤ ᠲᠣᠬᠠᠢ ᠭᠠᠳᠠᠰᠣ ᠠᠴᠠ᠄ ︽ᠭᠠᠵᠠᠷ ᠭᠠᠵᠠᠷ ᠤᠨ ᠨᠠᠪᠳᠠᠬ ᠰᠠᠪᠳᠠᠬ ᠨᠢ ᠠᠳᠠᠯᠢ ᠦᠭᠡᠢ ᠪᠠᠶᠢᠳᠠᠬ᠃ ᠵᠠᠷᠢᠮ | ᠭᠠᠵᠠᠷ ᠤᠨ ᠨᠠᠪᠳᠠᠬ ᠰᠠᠪᠳᠠᠬ ᠨᠢ ᠲᠠᠦᠯᠠᠢ ᠪᠠᠶᠢᠬᠤ ᠳᠤ ᠵᠠᠷᠢᠮ ᠭᠠᠵᠠᠷ ᠤᠨ ᠬᠢᠨᠢ ᠴᠢᠨ᠋ᠸ᠎ᠠ ᠶᠢᠨ ᠬᠦᠳᠦᠯ᠂ ᠵᠠᠷᠢᠮ ᠠᠶᠢᠯ ᠤᠨ ᠬᠢᠨᠢ ᠬᠦᠷᠡᠭᠴᠢ ᠦᠨᠢᠶ᠎ᠡ᠂ ᠵᠠᠷᠢᠮ | ᠠᠶᠢᠯ ᠤᠨ ᠬᠢᠨᠢ ᠰᠢᠷᠭ᠎ᠠ ᠠᠵᠢᠷᠭ᠎ᠠ᠂ ᠯᠣᠣᠰ ᠁ ᠭᠡᠬᠦ ᠮᠡᠳᠦ ᠪᠠᠷ ᠣᠯᠠᠨ ᠵᠦᠢᠯ ᠤᠨ ᠨᠠᠪᠳᠠᠬ ᠰᠠᠪᠳᠠᠬ ᠪᠠᠶᠢᠳᠠᠬ ᠶᠣᠮ᠃ ᠵᠢᠱᠢᠶᠡᠯᠡᠭᠡᠳ ᠬᠡᠯᠡᠪᠡᠯ᠂ ᠮᠠᠨ ᠤ | ᠠᠶᠢᠯ ᠠᠴᠠ ᠪᠠᠷᠠᠭᠤᠨ ᠵᠦᠭ ᠲᠤ ᠠᠷᠪᠠᠭᠠᠳ ᠭᠠᠵᠠᠷ ᠤᠨ ᠠᠯᠣᠰ ᠲᠤ ᠨᠢᠭᠡ ᠬᠤᠸᠠ ᠠᠵᠢᠷᠭ᠎ᠠ ᠶᠢᠨ ᠲᠠᠯ᠎ᠠ ᠭᠡᠵᠦ ᠪᠠᠶᠢᠳᠠᠬ᠃ ᠵᠠᠷᠢᠮ ᠬᠦᠮᠦᠰ ᠤᠨ ᠬᠡᠯᠡᠬᠦ ᠪᠠᠷ | ᠡᠨᠡ ᠲᠠᠯ᠎ᠠ ᠶᠢᠨ ᠨᠠᠪᠳᠠᠬ ᠰᠠᠪᠳᠠᠬ ᠨᠢ ᠬᠤᠸᠠ ᠵᠢᠰᠣᠮ ᠤᠨ ᠠᠵᠢᠷᠭ᠎ᠠ ᠶᠣᠮ ᠭᠡᠨ᠎ᠡ᠃ ᠪᠠᠰᠠ ᠮᠠᠨ ᠤ ᠠᠶᠢᠯ ᠤᠨ ᠣᠷᠴᠢᠮ ᠢᠶᠠᠷ ᠲᠠᠣᠯᠠᠢ ᠶᠢᠨ ᠨᠠᠪᠳᠠᠬ | ᠰᠠᠪᠳᠠᠬ ᠲᠠᠢ ᠭᠠᠵᠠᠷ ᠪᠠᠶᠢᠬᠰᠠᠨ ᠶᠣᠮ ᠭᠡᠨ᠎ᠡ᠃ ᠡᠶᠢᠮᠦᠷᠬᠦᠦ ᠭᠠᠵᠠᠷ ᠢ ᠪᠠᠰᠠ ᠮᠠᠨ ᠤ ᠨᠣᠳᠤᠬ ᠲᠤ ᠲᠠᠦᠯᠠᠢ ᠶᠢᠨ ᠵᠣ ᠭᠡᠵᠦ ᠶᠠᠷᠢᠳᠠᠬ᠃ ᠬᠦᠮᠦᠰ ᠲᠠᠦᠯᠠᠢ ᠶᠢᠨ ᠵᠣ | ᠲᠡᠭᠡᠷ᠎ᠡ ᠭᠡᠷ ᠬᠤᠷᠤᠭ᠎ᠠ ᠪᠠᠷᠢᠵᠦ ᠨᠣᠳᠣᠬᠯᠠᠵᠦ ᠰᠠᠭᠤᠪᠠᠯ ᠶᠡᠬᠡᠯ᠎ᠡ ᠦᠭᠡᠶᠢᠷᠡᠨ᠎ᠡ ᠭᠡᠳᠡᠭ᠃ ᠲᠠᠦᠯᠠᠢ ᠶᠢᠨ ᠵᠣ ᠶᠢᠨ ᠲᠣᠬᠠᠢ ᠮᠠᠨ ᠤ ᠨᠣᠳᠤᠬ ᠲᠤ ᠨᠢᠭᠡᠨ ᠮᠠᠰᠢ | ᠰᠣᠨᠢᠷᠬᠠᠯᠳᠠᠢ ᠦᠯᠢᠭᠡᠷ ᠣᠯᠠᠮᠵᠢᠯᠠᠬᠳᠠᠬᠰᠠᠭᠠᠷ ᠪᠠᠶᠢᠨ᠎ᠠ᠃ ᠵᠠᠭᠤ ᠭᠠᠷᠣᠢ ᠵᠢᠯ ᠤᠨ ᠡᠮᠦᠨ᠎ᠡ ᠮᠠᠨ ᠤ ᠨᠣᠳᠤᠬ ᠢᠶᠠᠷ ᠡᠮᠦᠨ᠎ᠡ ᠭᠠᠵᠠᠷ ᠤᠨ ᠨᠣᠳᠤᠬ ᠰᠢᠨᠵᠢᠭᠡᠴᠢ ᠪᠠᠶᠢᠨ | ᠲᠠᠬᠢᠨ ᠢᠷᠡᠳᠡᠭ ᠪᠠᠶᠢᠬᠰᠠᠨ ᠭᠡᠨ᠎ᠡ᠃ ᠡᠭᠦᠨ ᠢ ᠨᠣᠳᠤᠬ ᠤᠨ ᠬᠦᠮᠦᠰ ᠨᠠᠨᠮᠠᠨᠽᠢ ᠭᠡᠵᠦ ᠶᠠᠷᠢᠳᠠᠬ᠃ ᠨᠢᠭᠡᠨ ᠵᠣᠨ ᠤ ᠡᠳᠦᠷ ᠤᠨ ᠭᠤᠣᠯ ᠦᠳᠡ ᠶᠢᠨ ᠬᠠᠯᠠᠭᠤᠨ ᠤ | ᠦᠶ᠎ᠡ ᠪᠠᠷ ᠶᠠᠬ ᠨᠢᠭᠡᠨ ᠨᠠᠨᠮᠠᠨᠽᠢ ᠮᠠᠨ ᠤ ᠨᠣᠳᠤᠬ ᠢᠶᠠᠷ ᠦᠡᠭᠭᠡᠷᠡᠬᠦ ᠲᠠᠭᠠᠷᠠᠵᠦ ᠠᠩᠭᠠᠵᠦ ᠤᠮᠳᠠᠭᠠᠰᠤᠭᠠᠳ ᠣᠰᠣ ᠣᠯᠵᠦ ᠣᠣᠭᠤᠬᠤ ᠭᠡᠵᠦ ᠨᠢᠭᠡ ᠲᠠᠷᠢᠶᠠᠴᠢᠨ ᠤ | ᠭᠡᠷ ᠲᠤ ᠣᠷᠣᠵᠦ ᠢᠷᠡᠭᠰᠡᠨ ᠭᠡᠨ᠎ᠡ᠃ ᠡᠨᠡ ᠲᠠᠷᠢᠶᠠᠴᠢᠨ ᠨᠢ ᠴᠣᠬᠤᠮ ᠶᠠᠮᠠᠷ ᠨᠡᠷ᠎ᠡ ᠲᠠᠢ ᠪᠠᠶᠢᠬᠰᠠᠨ ᠳᠤᠨᠢ ᠬᠦᠷᠳᠡᠯ᠎ᠡ ᠨᠣᠳᠤᠬ ᠤᠨ ᠪᠣᠭᠤᠷᠣᠯᠴᠣᠳ ᠬᠠᠭᠤᠴᠢᠯᠠᠵᠦ | ᠪᠠᠶᠢᠬᠰᠠᠨ ᠶᠣᠮ᠃ ᠭᠡᠪᠡᠴᠦ ᠦᠯᠢᠭᠡᠷ ᠡᠭᠦᠰᠦᠭᠡᠳ ᠨᠡᠯᠢᠶᠡᠳ ᠵᠢᠯ ᠣᠳᠠᠴᠢᠬᠠᠬᠰᠠᠨ ᠪᠣᠯᠬᠤᠷ ᠨᠣᠳᠤᠬ ᠤᠨ ᠬᠦᠮᠦᠰ ᠴᠦ ᠮᠠᠷᠳᠠᠯ ᠪᠣᠯᠴᠢᠬᠠᠵᠠᠢ᠃ ᠮᠠᠨ ᠤ | ᠨᠣᠳᠤᠬ ᠤᠨ ᠬᠦᠮᠦᠰ ᠠᠩᠭᠠᠬᠰᠠᠨ ᠬᠦᠮᠦᠨ ᠳᠤ ᠣᠰᠣ ᠪᠠᠨ ᠬᠠᠷᠠᠮᠨᠠᠪᠠᠯ ᠡᠷᠭᠢᠬᠦ ᠲᠦᠷᠦᠯ ᠳᠡᠭᠡᠨ ᠮᠡᠯᠡᠬᠡᠢ ᠪᠣᠯᠵᠦ ᠲᠦᠷᠦᠨ᠎ᠡ ᠭᠡᠵᠦ ᠦᠵᠡᠳᠡᠭ ᠠᠴᠠ ᠣᠰᠣ | ᠴᠠᠢ ᠪᠠᠨ ᠪᠣᠰᠣᠳ ᠠᠴᠠ ᠬᠠᠷᠠᠮᠨᠠᠳᠠᠬ ᠦᠭᠡᠢ ᠶᠣᠰᠣ ᠪᠠᠶᠢᠳᠠᠬ᠃ ᠶᠠᠭᠤ ᠴᠦ ᠭᠡᠰᠡᠨ ᠭᠠᠳᠠᠨ᠎ᠠ ᠠᠴᠠ ᠠᠩᠭᠠᠬᠰᠠᠨ ᠬᠦᠮᠦᠨ ᠣᠷᠣᠵᠦ ᠢᠷᠡᠭᠰᠡᠨ ᠢ ᠦᠵᠡᠭᠡᠳ | ᠭᠡᠷ ᠤᠨ ᠡᠵᠡᠭᠳᠡᠢ ᠶᠡᠭᠡ ᠯᠡ ᠦᠷᠦᠪᠳᠡᠵᠦ ᠬᠤᠯᠣ ᠪᠠᠷ ᠢᠶᠠᠨ ᠣᠰᠣ ᠬᠤᠳᠬᠤᠵᠦ ᠦᠭᠭᠦ ᠳᠡᠭᠡᠨ ᠲᠣᠳᠣᠷ᠎ᠠ ᠨᠢ ᠴᠢᠮᠬᠢ ᠰᠢᠷᠣᠢ ᠣᠷᠬᠢᠭᠠᠳ ᠦᠭᠭᠦᠭᠰᠡᠨ ᠶᠣᠮ | ᠭᠡᠨ᠎ᠡ᠃ ᠡᠨᠡ ᠨᠢ ᠬᠡᠳᠦᠷᠬᠡᠢ ᠠᠩᠭᠠᠬᠰᠠᠨ ᠬᠦᠮᠦᠨ ᠣᠰᠣ ᠶᠢ ᠨᠢᠭᠡ ᠯᠡ ᠠᠮᠢᠰᠬᠤᠭ᠎ᠠ ᠪᠠᠷ ᠣᠣᠭᠤᠪᠠᠯ ᠬᠠᠭ᠋ᠠᠵᠦ ᠵᠠᠩᠭᠢᠷᠠᠭᠠᠳ ᠬᠠᠷᠠᠯᠠᠨ ᠣᠨᠠᠬᠤ ᠠᠴᠠ | ᠬᠢᠴᠢᠶᠡᠭᠰᠡᠨ ᠠᠷᠭ᠎ᠠ ᠶᠣᠮ᠃ ᠬᠤᠯᠣ ᠲᠠᠢ ᠣᠰᠣᠨ ᠳᠤ ᠰᠢᠷᠣᠢ ᠶᠢ ᠪᠠᠭ᠎ᠠ ᠴᠢᠮᠬᠢᠵᠦ ᠠᠪᠣᠭᠠᠳ ᠬᠢᠪᠡᠯ ᠠᠩᠭᠠᠬᠰᠠᠨ ᠬᠦᠮᠦᠨ ᠰᠢᠷᠣᠢ ᠲᠠᠢ ᠣᠰᠣ ᠣᠣᠭᠤᠬᠤ ᠠᠴᠠ | ᠬᠢᠴᠢᠶᠡᠨ ᠣᠰᠣᠨ ᠲᠡᠭᠡᠷ᠎ᠡ ᠲᠡᠭᠳᠡᠭᠰᠡᠨ ᠰᠢᠷᠣᠢ ᠶᠢ ᠨᠢ ᠦᠯᠢᠶᠡᠨ ᠪᠠᠭ᠎ᠠ ᠪᠠᠭ᠎ᠠ ᠪᠠᠷ ᠣᠰᠣ ᠶᠢ ᠨᠢ ᠣᠣᠭᠤᠳᠠᠬ ᠠᠴᠠ ᠬᠠᠭ᠋ᠠᠵᠦ ᠵᠠᠩᠭᠢᠷᠠᠬᠤ ᠠᠶᠣᠯ ᠦᠭᠡᠢ ᠪᠣᠯᠳᠠᠬ᠃ | ᠭᠡᠳᠡᠯ᠎ᠡ ᠣᠰᠣ ᠶᠢ ᠨᠢ ᠲᠣᠰᠴᠦ ᠠᠪᠣᠬᠰᠠᠨ ᠨᠠᠨᠮᠠᠨᠽᠢ ᠡᠨᠡ ᠣᠴᠢᠷ ᠢ ᠮᠡᠳᠡᠬᠦ ᠦᠭᠡᠢ ᠪᠣᠯᠬᠤᠷ ᠭᠡᠷ ᠤᠨ ᠡᠵᠡᠭᠳᠡᠢ ᠶᠢ ᠣᠰᠣ ᠪᠠᠨ ᠬᠠᠷᠠᠮᠨᠠᠭᠠᠳ ᠲᠣᠳᠣᠷ᠎ᠠ ᠨᠢ | ᠰᠢᠷᠣᠢ ᠬᠤᠯᠢᠯᠠ ᠭᠡᠵᠦ ᠪᠣᠳᠣᠭᠠᠳ ᠬᠠᠷ᠎ᠠ ᠰᠠᠨᠠᠬᠤ ᠳᠠᠭᠠᠨ ᠣᠰᠣ ᠪᠠᠨ ᠬᠠᠷᠠᠮᠨᠠᠬᠰᠠᠨ ᠲᠠᠨ ᠢ ᠲᠣᠯᠣᠭᠠᠨ ᠵᠢᠯ ᠤᠨ ᠲᠣᠳᠣᠷ᠎ᠠ ᠲᠣᠯᠢᠶᠠᠬᠤ ᠶᠠᠭᠤᠮ᠎ᠠ ᠦᠭᠡᠢ | ᠪᠣᠯᠳᠠᠯ᠎ᠠ ᠦᠭᠡᠶᠢᠷᠡᠭᠦᠯᠦᠨᠡ ᠭᠡᠵᠦ ᠬᠠᠳᠠᠭᠤᠬᠠᠨ ᠪᠣᠳᠣᠬᠰᠠᠨ ᠪᠠᠶᠢᠵᠠᠢ᠃ ᠲᠡᠷᠡ ᠬᠤᠯᠣ ᠲᠠᠢ ᠣᠰᠣ ᠶᠢ ᠠᠶᠠᠷᠬᠠᠨ ᠣᠣᠭᠤᠵᠦ ᠣᠮᠳᠠ ᠪᠠᠨ ᠲᠠᠷᠣᠬᠰᠠᠨ ᠤ ᠲᠠᠷᠠᠭ᠎ᠠ | ᠬᠡᠰᠡᠭ ᠣᠳᠠᠬᠰᠠᠨ ᠢᠶᠠᠨ ︿ᠵᠠ᠂ ᠣᠰᠣ ᠶᠢ ᠴᠢᠨᠢ ᠣᠣᠭᠤᠭᠠᠳ ᠣᠮᠳᠠ ᠬᠠᠷᠢᠭᠠᠳ ᠶᠡᠭᠡ ᠪᠠᠶᠠᠷᠯᠠᠯ᠎ᠠ᠃ ᠣᠰᠣᠨ ᠤ ᠴᠢᠨᠢ ᠬᠠᠷᠢᠭᠤ ᠳᠤ ᠲᠠᠨ ᠳᠤ ᠨᠣᠳᠤᠬ | ᠦᠵᠡᠵᠦ ᠦᠭᠭᠦᠶ᠎ᠡ﹀ ᠭᠡᠵᠦ ᠶᠠᠷᠢᠬᠰᠠᠨ ᠢᠶᠠᠨ ᠭᠡᠷ ᠤᠨ ᠠᠷᠣ ᠶᠢᠨ ᠬᠢᠨᠢ ᠦᠨᠳᠦᠷ ᠵᠣ ᠶᠢ ᠵᠢᠭᠠᠵᠦ᠂ ︿ᠲᠠ ᠡᠨᠡ ᠵᠣ ᠲᠡᠭᠡᠷ᠎ᠡ ᠨᠣᠳᠣᠬᠯᠠᠪᠠᠯ ᠭᠤᠷᠪᠠᠨ ᠵᠢᠯ ᠳᠤ | ᠯᠠᠪᠳᠠᠢ ᠶᠡᠭᠡ ᠪᠠᠶᠠᠨ ᠪᠣᠯᠣᠨ᠎ᠠ﹀ ᠭᠡᠵᠦ ᠬᠡᠯᠡᠭᠡᠳ ᠰᠡᠮᠬᠡᠨ ᠢᠨᠢᠶᠡᠭᠰᠡᠭᠡᠷ ᠶᠠᠪᠣᠬᠰᠠᠨ ᠭᠡᠨ᠎ᠡ᠃ ᠴᠠᠭᠠᠪᠣᠷ ᠰᠡᠳᠭᠢᠯ ᠲᠠᠢ ᠡᠷ᠎ᠡ ᠡᠮ᠎ᠡ ᠬᠤᠶᠠᠭᠤᠯᠠ ᠪᠠᠨ ᠨᠡᠬᠡᠷᠡᠨ | ᠨᠠᠮᠨᠬᠽᠢ ᠶᠢᠨ ᠦᠭᠡ ᠶᠢ ᠢᠳᠡᠭᠡᠵᠦ ᠬᠡᠳᠦᠨ ᠡᠳᠦᠷ ᠤᠨ ᠬᠢᠨᠢ ᠲᠠᠷᠠᠭ᠎ᠠ ᠭᠡᠷ ᠡᠷᠦᠬᠡ ᠪᠠᠨ ᠪᠠᠭᠤᠯᠭᠠᠵᠦ ᠠᠷᠣ ᠶᠢᠨ ᠵᠣ ᠲᠡᠭᠡᠷ᠎ᠡ ᠪᠠᠨ ᠨᠣᠳᠤᠬ ᠰᠢᠯᠵᠢᠵᠦ ᠰᠠᠭᠤᠬᠰᠠᠨ | ᠭᠡᠨ᠎ᠡ᠃ ᠣᠨ ᠵᠢᠯ ᠣᠷᠣᠰᠣᠬᠰᠠᠭᠠᠷ ᠠᠷᠪᠠ ᠰᠢᠬᠠᠮ ᠵᠢᠯ ᠦᠡᠭᠭᠡᠷᠡᠪᠡ᠃ ︿ᠭᠠᠵᠠᠷ ᠢ ᠪᠠᠷᠠᠵᠦ ᠭᠠᠭ᠋ᠠᠢ ᠶᠢᠨ ᠲᠣᠯᠣᠭᠠᠢ ᠬᠡᠮᠡᠯᠢᠵᠦ ᠶᠠᠪᠣᠬᠰᠠᠨ﹀ ᠨᠠᠨᠮᠠᠨᠽᠢ ᠭᠤᠸᠠᠢ | ᠬᠠᠪᠴᠢᠬ ᠲᠠᠷᠢᠶᠠᠴᠢᠨ ᠤ ᠲᠠᠦᠯᠠᠢ ᠶᠢᠨ ᠵᠣ ᠳᠤ ᠨᠣᠳᠣᠬᠯᠠᠭᠠᠳ ᠬᠢᠷᠢ ᠵᠡᠷᠭᠡ ᠪᠠᠷ ᠦᠭᠡᠶᠢᠷᠡᠭᠰᠡᠨ ᠢ ᠨᠢ ᠬᠠᠷᠠᠶ᠎ᠠ ᠭᠡᠵᠦ ᠪᠣᠳᠣᠭᠠᠳ ᠪᠣᠴᠠᠵᠦ ᠢᠷᠡᠭᠰᠡᠨ ᠢᠶᠠᠨ | ᠭᠠᠶᠢᠬᠠᠯ ᠪᠣᠯᠵᠦ ᠰᠣᠴᠢᠬᠤ ᠳᠠᠭᠠᠨ ᠪᠡᠶ᠎ᠡ ᠠᠴᠠ ᠨᠢ ᠬᠦᠢᠳᠡᠨ ᠬᠦᠯᠦᠰᠦ ᠴᠢᠳᠬᠤᠯᠠᠬᠰᠠᠨ ᠭᠡᠨ᠎ᠡ᠃ ᠣᠴᠢᠷ ᠨᠢ ᠲᠠᠦᠯᠠᠢ ᠶᠢᠨ ᠵᠣ ᠲᠡᠭᠡᠷ᠎ᠡ ᠨᠣᠳᠣᠬᠯᠠᠬᠰᠠᠨ | ᠲᠠᠷᠢᠶᠠᠴᠢᠨ ᠬᠠᠷᠢᠨ ᠦᠭᠡᠶᠢᠷᠡᠭᠰᠡᠨ ᠦᠭᠡᠢ ᠮᠦᠷᠳᠡᠭᠡᠨ ᠲᠠᠷᠢᠶ᠎ᠠ ᠪᠣᠳᠠᠭ᠎ᠠ ᠨᠢ ᠰᠠᠩ ᠨᠢ ᠪᠠᠭᠳᠠᠬᠤ ᠦᠭᠡᠢ ᠪᠢᠯᠬᠠᠯᠠᠵᠦ᠂ ᠠᠳᠣᠭᠤ ᠮᠠᠯ ᠨᠢ ᠵᠣ ᠲᠦᠭᠦᠷᠳᠡᠯ᠎ᠡ | ᠪᠡᠯᠴᠢᠭᠡᠳ ᠣᠢᠢᠷ᠎ᠠ ᠣᠷᠴᠢᠮ ᠳᠠᠭᠠᠨ ᠨᠡᠷᠡᠳᠦ ᠶᠡᠭᠡ ᠪᠠᠶᠠᠨ ᠪᠣᠯᠴᠢᠬᠠᠭᠠᠳ ᠪᠠᠶᠢᠵᠠᠢ᠃ ᠲᠠᠦᠯᠠᠢ ᠶᠢᠨ ᠵᠣ ᠳᠤ ᠨᠣᠳᠣᠬᠯᠠᠬᠰᠠᠨ ᠬᠦᠮᠦᠨ ᠵᠠᠪᠠᠯ ᠦᠭᠡᠶᠢᠷᠡᠬᠦ ᠶᠣᠰᠣᠳᠠᠢ | ᠪᠠᠶᠢᠳᠠᠯ᠎ᠠ ᠡᠨᠡ ᠬᠠᠷᠠᠮᠴᠢ ᠶᠠᠭᠠᠬᠢᠭᠠᠳ ᠡᠳᠦᠢ ᠶᠡᠭᠡ ᠪᠠᠶᠠᠵᠢᠬᠰᠠᠨ ᠪᠣᠢ ᠭᠡᠵᠦ ᠰᠡᠵᠢᠭ ᠲᠦᠷᠦᠭᠰᠡᠨ ᠨᠠᠨᠮᠠᠨᠽᠢ ᠭᠤᠸᠠᠢ ᠲᠠᠷᠢᠶᠠᠴᠢᠨ ᠤ ᠬᠦᠷᠢᠶᠡᠨ ᠭᠠᠳᠠᠨ᠎ᠠ ᠨᠢ | ᠬᠦᠷᠬᠦ ᠳᠤ ᠲᠠᠷᠢᠶᠠᠴᠢᠨ ᠤ ᠡᠬᠡᠨᠡᠷ ᠨᠢ ︿ᠬᠠᠷᠴᠠᠭᠠᠢ᠂ ᠪᠦᠷᠭᠦᠳ ᠡ︕ ᠮᠢᠨᠦ ᠬᠡᠦᠬᠡᠳ ᠬᠤᠷᠳᠣᠨ ᠢᠷᠡᠵᠦ ᠬᠤᠭᠤᠯᠠ ᠪᠠᠨ ᠢᠳᠡ︕﹀ ᠭᠡᠵᠦ ᠬᠡᠦᠬᠡᠳ ᠢᠶᠠᠨ | ᠲᠠᠭᠤᠳᠠᠵᠦ ᠪᠠᠶᠢᠬᠤ ᠶᠢ ᠨᠢ ᠰᠣᠨᠣᠰᠣᠭᠠᠳ ᠪᠠᠶᠠᠵᠢᠬᠰᠠᠨ ᠣᠴᠢᠷ ᠢ ᠨᠢ ᠮᠡᠳᠡᠵᠦ ︿ᠪᠣᠶᠠᠨ ᠲᠠᠢ ᠬᠦᠮᠦᠨ ᠢ ᠲᠠᠷᠣᠵᠦ ᠪᠣᠯᠬᠤ ᠦᠭᠡᠢ᠂ ᠪᠣᠯᠠᠬ ᠤᠨ ᠣᠰᠣ ᠶᠢ | ᠬᠠᠰᠢᠵᠦ ᠪᠣᠯᠳᠠᠬ ᠦᠭᠡᠢ﹀ ᠭᠡᠳᠡᠭ ᠨᠢ ᠦᠨᠡᠨ ᠪᠠᠶᠢᠵᠠᠢ ᠭᠡᠵᠦ ᠶᠠᠷᠢᠬᠰᠠᠭᠠᠷ ᠡᠷᠭᠢᠵᠦ ᠬᠠᠷᠠᠯ ᠦᠭᠡᠢ ᠪᠣᠴᠠᠬᠰᠠᠨ ᠭᠡᠨ᠎ᠡ᠃ ᠬᠠᠷᠴᠠᠭᠠᠢ ᠪᠦᠷᠭᠦᠳ ᠭᠡᠳᠡᠭ ᠪᠣᠯ | ᠲᠠᠦᠯᠠᠢ ᠶᠢᠨ ᠲᠠᠷᠣᠯᠭ᠎ᠠ ᠨᠢ ᠶᠣᠮ᠃ ᠲᠠᠷᠢᠶᠠᠴᠢᠨ ᠵᠦᠢᠷᠡᠢ ᠬᠦᠦ ᠳᠡᠭᠡᠨ ᠬᠠᠷᠴᠠᠭᠠᠢ᠂ ᠪᠦᠷᠭᠦᠳ ᠭᠡᠳᠡᠭ ᠨᠡᠷ᠎ᠡ ᠬᠠᠶᠢᠷᠠᠯᠠᠬᠰᠠᠨ ᠨᠢ ᠲᠠᠦᠯᠠᠢ ᠶᠢᠨ ᠵᠣ ᠶᠢᠨ ᠲᠠᠷᠣᠯᠭ᠎ᠠ | ᠪᠣᠯᠣᠭᠠᠳ ᠦᠭᠡᠶᠢᠷᠡᠭᠰᠡᠨ ᠦᠭᠡᠢ ᠮᠦᠷᠳᠡᠭᠡᠳ ᠪᠠᠶᠠᠵᠢᠬᠰᠠᠨ ᠣᠴᠢᠷ ᠨᠢ ᠡᠨᠡ ᠪᠠᠶᠢᠵᠠᠢ︾ ᠭᠡᠪᠡ᠃ | ᠡᠭᠦᠨ ᠠᠴᠠ ᠭᠠᠳᠠᠨ᠎ᠠ ᠬᠤᠷᠴᠢᠨ ᠠᠷᠠᠳ ᠤᠨ ᠲᠠᠭᠤᠣ ︽ᠵᠠᠭᠠᠨ᠎ᠠ ᠪᠠᠯᠵᠢᠨᠢᠮ᠎ᠠ︾ ᠳᠤ ᠬᠤᠷᠴᠢᠨ ᠵᠡᠭᠦᠨ ᠭᠠᠷᠣᠨ ᠬᠤᠶᠢᠳᠦ ᠬᠤᠰᠢᠭᠤᠨ ᠤ ᠱᠣᠩᠬᠤᠷ | ᠠᠭᠤᠯᠠᠨ ᠳᠤ ᠰᠣᠪᠣᠷᠭ᠎ᠠ ᠪᠣᠰᠬᠠᠬᠰᠠᠨ ᠲᠣᠬᠠᠢ ︽ᠠᠯᠳᠠᠨ ᠭᠤᠷᠭᠤᠤᠯᠳᠠᠢ ᠶᠢᠨ ᠲᠣᠩᠭᠤᠳᠣᠬᠰᠠᠨ ᠨᠠᠪᠳᠠᠬ ᠰᠠᠪᠳᠠᠬ ᠢ ᠨᠢ ᠲᠠᠷᠣᠨ᠎ᠠ ᠭᠡᠳ ᠠᠷᠪᠠᠨ ᠭᠤᠷᠪᠠᠨ | ᠦᠶᠡᠳᠦ ᠠᠯᠳᠠᠨ ᠰᠣᠪᠣᠷᠭ᠎ᠠ ᠶᠢ ᠱᠣᠩᠬᠤᠷ ᠤᠨ ᠠᠭᠤᠯᠠᠨ ᠳᠤ ᠪᠣᠰᠬᠠᠯ᠎ᠠ︾ ᠭᠡᠵᠦ ᠲᠠᠭᠤᠯᠠᠳᠠᠬ᠃ ᠪᠠᠰᠠ ︽ᠲᠣᠬᠳᠠᠬᠤ︾ ᠭᠡᠬᠦ ᠠᠷᠠᠳ ᠤᠨ ᠲᠠᠭᠤᠣ ᠳᠤ ︽ | ᠲᠠᠬᠤ ᠶᠢᠨ ᠬᠤᠳᠠ ᠶᠢᠨ ᠨᠠᠪᠳᠠᠬ ᠰᠠᠪᠳᠠᠬ ᠢ ᠲᠠᠷᠣᠨ᠎ᠠ ᠭᠡᠳ ᠲᠠᠶᠢᠽᠦ᠋ᠡᠭ ᠬᠠᠭᠠᠨ ᠤ ᠮᠡᠷᠭᠡᠨ ᠪᠠᠭᠰᠢ ᠰᠢᠤᠢ ᠮᠣᠣ ᠭᠦᠡᠭ ᠠᠴᠠ ᠲᠠᠪᠣᠨ ᠦᠶᠡᠳᠦ ᠡᠷᠳᠡᠨᠢ ᠶᠢᠨ | ᠰᠣᠪᠣᠷᠭ᠎ᠠ ᠪᠣᠰᠬᠠᠬᠰᠠᠨ ᠲᠣᠬᠠᠢ︾ ᠶᠠᠷᠢᠳᠠᠬ᠃ ᠡᠭᠦᠨ ᠠᠴᠠ ᠭᠠᠳᠠᠨ᠎ᠠ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠰᠣᠪᠣᠷᠭᠠᠨᠳᠠᠯᠠ ᠭᠡᠳᠡᠭ ᠠᠶᠢᠯ ᠳᠤ | ᠰᠣᠪᠣᠷᠭ᠎ᠠ ᠪᠣᠰᠬᠠᠬᠰᠠᠨ ᠲᠣᠬᠠᠢ ᠠᠷᠠᠳ ᠤᠨ ᠲᠣᠮᠳᠠ ᠡᠶᠢᠮᠦ ᠨᠢᠭᠡ ᠦᠯᠢᠭᠡᠷ ᠣᠯᠠᠮᠵᠢᠯᠬᠠᠳᠠᠵᠦ ᠪᠠᠶᠢᠨ᠎ᠠ᠃ ︽ᠰᠣᠪᠣᠷᠭᠠᠨᠳᠠᠯᠠ ᠭᠡᠳᠡᠭ ᠠᠶᠢᠯ ᠳᠤ ᠣᠣᠯ ᠨᠢ | ᠴᠣᠬᠤᠷ ᠬᠠᠯᠬ᠎ᠠ ᠶᠢᠨ ᠬᠤᠰᠢᠭᠤᠨ ᠤ ᠵᠠᠬᠢᠷᠣᠬᠴᠢ ᠰᠠᠭᠤᠵᠦ ᠪᠠᠶᠢᠬᠰᠠᠨ ᠭᠡᠨ᠎ᠡ᠃ ᠰᠣᠪᠣᠷᠭᠠᠨᠳᠠᠯᠠ ᠠᠶᠢᠯ ᠤᠨ ᠨᠠᠪᠳᠠᠬ ᠰᠠᠪᠳᠠᠬ ᠨᠢ ᠨᠣᠭᠤᠭᠠᠨ ᠮᠣᠷᠢ ᠪᠣᠯᠬᠤᠷ | ᠵᠠᠬᠢᠷᠣᠬᠴᠢ ᠶᠢᠨ ᠦᠬᠡᠷ ᠮᠠᠯ ᠨᠢ ᠦᠨᠢᠷ ᠦᠰᠴᠦ ᠠᠳᠣᠭᠤᠨ ᠤ ᠬᠢᠨᠢ ᠲᠣᠮᠳᠠ ᠠᠴᠠ ᠨᠢ ᠵᠢᠭᠦᠷᠳᠦ ᠬᠦᠯᠦᠭ ᠭᠠᠷᠣᠬᠰᠠᠨ ᠪᠠᠶᠢᠵᠠᠢ᠃ ᠵᠠᠬᠢᠷᠣᠬᠴᠢ ᠭᠤᠸᠠᠢ | ᠮᠠᠨᠵᠦ ᠶᠢᠨ ᠬᠠᠭᠠᠨ ᠲᠠᠢ ᠪᠠᠷᠠᠭᠠᠳᠠᠬᠤ ᠭᠡᠪᠡᠯ ᠵᠢᠭᠦᠷᠳᠦ ᠬᠦᠯᠦᠭ ᠲᠡᠭᠡᠨ ᠮᠣᠷᠳᠠᠭᠠᠳ ᠭᠠᠷᠪᠠᠯ ᠪᠡᠭᠡᠵᠢᠩ ᠬᠤᠳᠠ ᠳᠤ ᠨᠠᠷᠠ ᠮᠠᠨᠳᠣᠬᠤ ᠠᠴᠠ ᠡᠮᠦᠨ᠎ᠡ ᠬᠦᠷᠴᠦ | ᠬᠠᠭᠠᠨ ᠲᠠᠢ ᠪᠠᠷᠠᠭᠠᠳᠠᠨ ᠣᠴᠠᠷᠠᠭᠠᠳ ᠦᠳᠡ ᠶᠢᠨ ᠨᠠᠷᠠ ᠪᠣᠯᠬᠤ ᠠᠴᠠ ᠡᠮᠦᠨ᠎ᠡ ᠭᠡᠷ ᠲᠡᠭᠡᠨ ᠪᠣᠴᠠᠭᠠᠳ ᠢᠷᠡᠴᠢᠬᠡᠳᠡᠭ ᠭᠡᠨ᠎ᠡ᠃ ᠨᠢᠭᠡᠨ ᠡᠳᠦᠷ ᠵᠠᠬᠢᠷᠣᠬᠴᠢ | ᠨᠣᠶᠠᠨ ᠢ ᠬᠠᠭᠠᠨ ᠲᠠᠢ ᠪᠠᠷᠠᠭᠠᠳᠠᠬᠤ ᠦᠶ᠎ᠡ ᠳᠤ ᠬᠠᠭᠠᠨ ᠤ ᠯᠣᠣ ᠶᠢᠨ ᠰᠢᠷᠡᠭᠡ ᠨᠢ ᠭᠡᠨᠡᠳᠳᠡ ᠲᠣᠯᠬᠢᠰᠣᠨ ᠬᠦᠳᠡᠯᠦᠭᠰᠡᠨ ᠳᠤ ᠡᠵᠡᠨ ᠬᠠᠭᠠᠨ ᠶᠡᠬᠡᠳᠡ ᠰᠣᠴᠢᠭᠠᠳ | ᠵᠠᠬᠢᠷᠣᠬᠴᠢ ᠶᠢ ᠭᠠᠷᠣᠬᠰᠠᠨ ᠤ ᠲᠠᠷᠤᠭ᠎ᠠ ᠮᠡᠷᠭᠡᠨ ᠲᠦᠰᠢᠮᠡᠳ ᠠᠴᠠ ᠪᠠᠨ ᠠᠰᠠᠭᠤᠪᠠ᠃ ᠮᠡᠷᠭᠡᠨ ᠲᠦᠰᠢᠮᠡᠯ ᠨᠢ ᠬᠤᠷᠣᠭᠤ ᠲᠠᠷᠣᠵᠦ ᠬᠢᠮᠦᠰᠣ ᠨᠢᠰᠠᠯᠣᠬᠰᠠᠨ ᠢᠶᠠᠨ ︿ | ᠰᠣᠪᠣᠷᠭᠠᠨᠳᠠᠯᠠ ᠶᠢᠨ ᠨᠠᠪᠳᠠᠬ ᠰᠠᠪᠳᠠᠬ ᠨᠢ ᠨᠣᠭᠤᠭᠠᠨ ᠦᠡᠭᠭᠡᠳᠦ ᠬᠤᠪᠢᠯᠭᠠᠨ ᠮᠣᠷᠢ ᠪᠣᠯᠣᠨ᠎ᠠ᠃ ᠡᠵᠡᠨ ᠬᠠᠭᠠᠨ ᠬᠡᠷᠪᠡ ᠨᠠᠪᠳᠠᠬ ᠰᠠᠪᠳᠠᠬ ᠢ ᠨᠢ ᠲᠠᠷᠣᠵᠦ | ᠰᠣᠪᠣᠷᠭ᠎ᠠ ᠪᠣᠰᠬᠠᠬᠤ ᠦᠭᠡᠢ ᠪᠣᠯ ᠡᠨᠡ ᠬᠦ ᠭᠠᠵᠠᠷ ᠠᠴᠠ ᠬᠠᠭᠠᠨ ᠲᠦᠷᠦ ᠶᠢ ᠪᠣᠯᠢᠶᠠᠬᠤ ᠬᠦᠴᠦᠳᠦ ᠡᠷ᠎ᠡ ᠭᠠᠷᠬᠤ ᠪᠣᠯᠣᠨ᠎ᠠ﹀ ᠭᠡᠵᠦ ᠮᠡᠳᠡᠭᠦᠯᠦᠭᠰᠡᠨ ᠠᠴᠠ | ᠮᠠᠨᠵᠣ ᠶᠢᠨ ᠬᠠᠭᠠᠨ ᠶᠡᠬᠡᠳᠡ ᠰᠠᠨᠳᠣᠷᠴᠦ ᠠᠷᠪᠠᠨ ᠨᠠᠢᠮᠠᠨ ᠨᠠᠰᠣᠳᠠᠢ ᠬᠡᠦᠬᠡᠨ ᠢ ᠠᠮᠢᠳᠦ ᠪᠠᠷ ᠨᠢ ᠪᠣᠯᠠᠵᠦ ᠪᠠᠶᠢᠭᠠᠳ ᠨᠠᠪᠳᠠᠬ ᠰᠠᠪᠳᠠᠬ ᠢ ᠨᠢ ᠲᠠᠷᠣᠬᠤ ᠰᠣᠪᠣᠷᠭ᠎ᠠ | ᠪᠣᠰᠬᠠᠬᠰᠠᠨ ᠭᠡᠨ᠎ᠡ᠃ ᠪᠠᠰᠠ ᠬᠦᠷᠢᠶ᠎ᠡ ᠬᠤᠰᠢᠭᠤᠨ ᠤ ᠭᠠᠭ᠋ᠠᠢ ᠶᠢᠨ ᠠᠭᠤᠯᠠ ᠶᠢᠨ ᠨᠠᠪᠳᠠᠬ ᠰᠠᠪᠳᠠᠬ ᠨᠢ ᠠᠷᠪᠠᠨ ᠬᠤᠶᠠᠷ ᠲᠣᠷᠣᠢ ᠲᠠᠢ ᠠᠯᠳᠠᠨ ᠭᠠᠭ᠋ᠠᠢ ᠭᠡᠬᠦ᠂ | ᠲᠠᠯᠣ ᠶᠢᠨ ᠠᠭᠤᠯᠠ ᠶᠢᠨ ᠨᠠᠪᠳᠠᠬ ᠰᠠᠪᠳᠠᠬ ᠨᠢ ᠠᠯᠳᠠᠨ ᠪᠢᠯᠵᠣᠣᠬᠠᠢ ᠭᠡᠬᠦ ᠁ ᠮᠡᠳᠦ ᠶᠢᠨ ᠣᠯᠠᠨ ᠣᠯᠠᠨ ᠨᠠᠪᠳᠠᠭ ᠰᠠᠪᠳᠠᠬ ᠤᠨ ᠲᠣᠬᠠᠢ ᠦᠯᠢᠭᠡᠷ ᠲᠣᠮᠤᠬ | ᠬᠤᠷᠴᠢᠨ ᠨᠣᠳᠤᠬ ᠲᠤ ᠶᠠᠷᠢᠬᠳᠠᠵᠦ᠂ ᠲᠠᠭᠤᠯᠠᠬᠳᠠᠵᠦ᠂ ᠣᠯᠠᠮᠵᠢᠯᠠᠬᠳᠠᠬᠰᠠᠭᠠᠷ ᠪᠠᠶᠢᠨ᠎ᠠ᠃ ᠬᠤᠷᠴᠢᠨ ᠤ ᠵᠠᠷᠢᠮ ᠭᠠᠵᠠᠷ ᠲᠤ ᠪᠠᠰᠠ ᠨᠠᠪᠳᠠᠬ ᠰᠠᠪᠳᠠᠬ ᠨᠢ | ᠬᠦᠮᠦᠨ ᠤ ᠲᠦᠷᠢ ᠪᠠᠷ ᠢᠯᠡᠷᠡᠳᠡᠭ᠃ ᠵᠢᠱᠢᠶᠡᠯᠡᠪᠡᠯ ᠬᠤᠷᠴᠢᠨ ᠪᠠᠷᠠᠭᠤᠨ ᠭᠠᠷᠣᠨ ᠲᠣᠮᠳᠠᠳᠦ ᠬᠤᠰᠢᠭᠤᠨ ᠤ ᠪᠠᠯᠵᠣᠣᠷ ᠭᠡᠳᠡᠭ ᠠᠶᠢᠯ ᠨᠢ ᠪᠠᠯᠵᠣᠣᠷ ᠭᠡᠳᠡᠭ ᠪᠠᠶᠠᠨ | ᠪᠣᠰᠤᠭ᠎ᠠ ᠪᠤᠡᠭ ᠪᠣᠰᠣᠭᠠᠳ ᠡᠨᠡ ᠭᠠᠵᠠᠷ ᠲᠠᠷᠣᠬᠰᠠᠨ ᠠᠴᠠ ᠡᠭᠦᠰᠦᠯᠳᠡᠢ ᠭᠡᠳᠡᠭ᠃ | ᠦᠯᠢᠭᠡᠷ ᠲᠣᠮᠤᠬ ᠨᠢ ᠬᠡᠳᠦ᠋ᠢᠪᠡᠷ ᠪᠣᠳᠠᠳᠠᠢ ᠵᠦᠢᠯ ᠲᠠᠢ ᠨᠡᠶᠢᠴᠡᠬᠦ ᠦᠭᠡᠢ ᠵᠦᠢᠯ ᠣᠯᠠᠨ ᠪᠠᠶᠢᠭ᠎ᠠ ᠪᠣᠯᠪᠠᠴᠦ ᠦᠨᠡᠨ ᠣᠴᠢᠷ ᠠᠴᠠ ᠡᠭᠦᠰᠦᠯᠲᠠᠢ ᠭᠡᠳᠡᠭ᠃ | ᠪᠢᠳᠡ ᠨᠣᠳᠤᠬ ᠣᠰᠣᠨ ᠤ ᠦᠯᠢᠭᠡᠷ ᠵᠢᠴᠢ ᠠᠷᠠᠳ ᠤᠨ ᠲᠠᠭᠤᠣ ᠵᠡᠷᠭᠡ ᠠᠴᠠ ᠨᠣᠳᠤᠬ ᠣᠰᠣᠨ ᠤ ᠵᠠᠩ ᠠᠭᠠᠯᠢ᠂ ᠠᠮᠢᠳᠣᠷᠠᠯ ᠤᠨ ᠠᠷᠭ᠎ᠠ ᠬᠡᠯᠪᠡᠷᠢ ᠵᠡᠷᠭᠡ ᠶᠢ | ᠰᠢᠨᠵᠢᠨ ᠮᠡᠳᠡᠵᠦ ᠪᠣᠯᠣᠨ᠎ᠠ᠃ | ᠶᠡᠷᠦᠩᠬᠡᠶᠢᠯᠡᠭᠡᠳ ᠬᠡᠯᠡᠪᠡᠯ᠂ ᠨᠠᠪᠳᠠᠬ ᠰᠠᠪᠳᠠᠬ ᠪᠣᠯ ᠡᠷᠳᠡᠨ ᠤ ᠭᠠᠵᠠᠷ ᠡᠳᠦᠭᠡᠨ ᠠᠴᠠ ᠡᠭᠦᠰᠦᠯᠲᠠᠢ ᠨᠢ ᠦᠨᠡᠨ᠃ ︽ᠮᠣᠩᠭᠤᠯ ᠤᠨ ᠨᠢᠭᠤᠴᠠ ᠲᠣᠪᠴᠢᠶᠠᠨ | ︾ ᠳᠤ ᠲᠡᠮᠳᠡᠭᠯᠡᠵᠦ ᠪᠠᠶᠢᠬᠤ ︽ᠭᠠᠵᠠᠷ ᠣᠰᠣᠨ ᠤ ᠡᠵᠡᠳ ᠬᠠᠭᠠᠳ︾ ᠭᠡᠳᠡᠭ ᠣᠢᠢᠯᠠᠭᠠᠯᠳᠠ ᠪᠣᠯᠣᠨ ᠯᠠᠮᠠ ᠶᠢᠨ ᠱᠠᠰᠢᠨ ᠤ ᠭᠠᠵᠠᠷ ᠤᠨ ᠡᠵᠡᠳ ᠢ ᠰᠢᠳᠦᠬᠦ | ᠣᠢᠢᠯᠠᠭᠠᠯᠳᠠ ᠶᠢᠨ ᠣᠶᠣᠯᠳᠣᠯ ᠠᠴᠠ ᠨᠠᠪᠳᠠᠬ ᠰᠠᠪᠳᠠᠬ ᠤᠨ ᠭᠡᠳᠡᠭ ᠣᠢᠢᠯᠠᠭᠠᠯᠳᠠ ᠪᠣᠢ ᠪᠣᠯᠵᠠᠢ᠃ | ᠬᠤᠷᠴᠢᠨ ᠲᠠᠷᠢᠶᠠᠴᠢᠳ ᠤᠨ ᠨᠠᠪᠳᠠᠬ ᠰᠠᠪᠳᠠᠬ ᠢ ᠰᠢᠳᠦᠬᠦ ᠶᠢᠨ ᠣᠴᠢᠷ | ᠨᠠᠪᠳᠠᠬ ᠰᠠᠪᠳᠠᠬ ᠨᠢ ᠬᠤᠷᠴᠢᠨ ᠮᠣᠩᠭᠤᠯᠴᠣᠳ ᠤᠨ ᠵᠠᠩ ᠦᠢᠯᠡ ᠳᠤ ᠦᠷᠭᠦᠯᠵᠢ ᠬᠤᠯᠪᠣᠬᠳᠠᠳᠠᠬ ᠰᠢᠳᠦᠭᠡᠨ ᠪᠣᠯᠣᠨ᠎ᠠ᠃ ᠭᠡᠪᠡᠴᠦ ᠬᠤᠷᠴᠢᠨᠴᠣᠳ | ᠨᠠᠪᠳᠠᠬ ᠰᠠᠪᠳᠠᠬ ᠢ ᠪᠣᠰᠣᠳ ᠦᠨᠳᠦᠰᠦᠳᠡᠨ ᠤ ᠬᠢ ᠰᠢᠬ ︿ᠭᠠᠵᠠᠷ ᠤᠨ ᠡᠵᠡᠨ﹀ ᠤ ᠰᠦᠮ᠎ᠡ ᠪᠣᠰᠬᠠᠵᠦ ᠲᠠᠬᠢᠵᠦ ᠪᠠᠶᠢᠭ᠎ᠠ ᠨᠢ ᠣᠳᠣ ᠪᠣᠯᠳᠠᠯ᠎ᠠ ᠬᠠᠷᠠᠬᠳᠠᠭᠠ | ᠦᠭᠡᠢ ᠪᠠᠶᠢᠬᠰᠠᠭᠠᠷ᠃ ᠬᠤᠷᠴᠢᠨᠴᠣᠳ ᠨᠠᠪᠳᠠᠬ ᠰᠠᠪᠳᠠᠬ ᠢ ᠲᠠᠬᠢᠵᠦ ᠪᠠᠶᠠᠰᠬᠠᠬᠤ ᠳᠠᠭᠠᠨ ᠦᠪᠡᠷ ᠤᠨ ᠢᠶᠠᠨ ᠭᠡᠰᠡᠨ ᠵᠠᠩ ᠵᠠᠩᠰᠢᠯ ᠶᠣᠰᠣ ᠭᠤᠷᠢᠮ ᠪᠠᠶᠢᠳᠠᠬ᠃ | ᠡᠭᠦᠨ ᠳᠤ ᠰᠢᠨ᠎ᠡ ᠨᠣᠳᠤᠬ ᠲᠤ ᠪᠠᠭᠤᠪᠠᠯ ᠨᠠᠪᠳᠠᠬ ᠰᠠᠪᠳᠠᠬ ᠲᠤ ᠴᠠᠭᠠᠨ ᠪᠠᠯᠢᠩ ᠡᠷᠭᠦᠳᠡᠭ᠃ ᠠᠶᠠᠨ ᠤ ᠬᠦᠮᠦᠰ ᠨᠠᠪᠳᠠᠬ ᠰᠠᠪᠳᠠᠬ ᠠᠴᠠ ᠡᠮᠢᠶᠡᠨ ᠵᠣᠣᠬᠠᠨ | ᠨᠦᠬᠡ ᠪᠠᠨ ᠡᠷᠡᠭᠦᠯ ᠬᠦᠷᠦᠰᠦ ᠪᠠᠷ ᠨᠢ ᠡᠳᠡᠭᠡᠭᠡᠵᠦ ᠲᠠᠯᠪᠢᠳᠠᠬ᠃ ᠶᠠᠮᠠᠷ ᠴᠦ ᠦᠶ᠎ᠡ ᠬᠠᠮᠢᠶ᠎ᠠ ᠦᠭᠡᠢ ᠨᠦᠬᠡ ᠮᠠᠯᠳᠠᠬᠤ᠂ ᠭᠠᠵᠠᠷ ᠲᠤ ᠶᠠᠭᠤᠮ᠎ᠠ ᠵᠢᠷᠣᠬᠤ᠂ ᠭᠠᠵᠠᠷ ᠢ | ᠲᠣᠬᠰᠢᠬᠤ᠂ ᠴᠢᠴᠢᠯᠡᠬᠦ᠂ ᠲᠠᠰᠢᠭᠤᠷᠳᠠᠬᠤ ᠨᠢ ᠴᠡᠭᠡᠷ ᠲᠠᠢ ᠪᠠᠶᠢᠳᠠᠬ᠃ | ᠬᠤᠷᠴᠢᠨ ᠲᠠᠷᠢᠶᠠᠴᠢᠳ ᠠᠴᠠ ᠨᠠᠪᠳᠠᠬ ᠰᠠᠪᠳᠠᠬ ᠰᠠᠶᠢᠨ ᠭᠠᠵᠠᠷ ᠨᠣᠳᠣᠬᠯᠠᠬᠤ ᠪᠣᠶᠣ ᠬᠡᠭᠦᠷ ᠣᠡᠭᠭᠤᠨ ᠲᠠᠯᠪᠢᠪᠠᠯ ᠠᠮᠢᠳᠣᠷᠠᠯ ᠠᠬᠤᠢ ᠨᠢ ᠲᠡᠭᠡᠭᠰᠢᠯᠡᠵᠦ | ᠦᠷ᠎ᠡ ᠬᠤᠶᠢᠴᠢᠰ ᠠᠴᠠ ᠨᠢ ᠡᠷᠳᠡᠮᠳᠡᠨ᠂ ᠮᠡᠷᠭᠡᠳ᠂ ᠨᠣᠶᠠᠳ᠂ ᠲᠦᠰᠢᠮᠡᠳ ᠴᠣᠯᠭᠤᠷᠠᠨ ᠭᠠᠷᠣᠨ᠎ᠠ ᠭᠡᠵᠦ ᠦᠵᠡᠳᠡᠭ ᠠᠴᠠ ᠨᠣᠳᠤᠬ ᠰᠢᠯᠵᠢᠬᠦ᠂ ᠣᠡᠭᠭᠤᠨ | ᠲᠠᠯᠪᠢᠬᠤ ᠨᠠᠪᠳᠠᠬ ᠰᠠᠪᠳᠠᠬ ᠲᠤ ᠬᠦᠷᠳᠡᠯ᠎ᠡ ᠦᠵᠡᠭᠡᠴᠢ ᠲᠦᠯᠭᠡᠴᠢ ᠪᠠᠷ ᠰᠢᠨᠵᠢᠭᠦᠯᠵᠦ ᠠᠶᠢᠯᠠᠳᠣᠭᠤᠯᠬᠤ ᠶᠢ ᠡᠷᠬᠢᠮᠯᠡᠳᠡᠭ᠃ ᠵᠢᠱᠢᠶᠡᠯᠡᠪᠡᠯ ᠬᠦᠷᠢᠶ᠎ᠡ ᠬᠤᠰᠢᠭᠤᠨ ᠤ | ᠮᠠᠩᠬᠠᠨ ᠰᠣᠮᠣᠨ ᠤ ᠴᠣᠬᠴᠢᠭᠦᠦ ᠭᠡᠬᠦ ᠠᠶᠢᠯ ᠤᠨ ᠡᠮᠦᠨ᠎ᠡ ᠵᠠᠬ᠎ᠠ ᠳᠤ ᠨᠢᠭᠡ ᠵᠢᠵᠢᠭ ᠠᠯᠠᠭᠠᠬ ᠭᠠᠵᠠᠷ ᠪᠠᠶᠢᠳᠠᠬ᠃ ᠨᠣᠳᠤᠬ ᠤᠨ ᠬᠦᠮᠦᠰ ᠤᠨ ᠶᠠᠷᠢᠬᠤ ᠪᠠᠷ ᠵᠢᠵᠢᠭ | ᠠᠯᠠᠭᠠᠬ ᠤᠨ ᠨᠠᠪᠳᠠᠬ ᠨᠢ ᠠᠯᠠᠬ ᠱᠠᠭᠠᠵᠠᠭᠠᠢ ᠪᠣᠯᠬᠤᠷ ᠡᠨᠡ ᠭᠠᠵᠠᠷ ᠲᠤ ᠨᠣᠳᠣᠬᠰᠢᠪᠠᠯ ᠠᠯᠠᠬ ᠵᠢᠰᠦᠮ ᠤᠨ ᠮᠠᠯ ᠰᠠᠶᠢᠨ ᠦᠷᠡᠵᠢᠨ᠎ᠡ ᠭᠡᠳᠡᠭ᠃ ᠭᠡᠪᠡᠴᠦ ᠡᠨᠡ | ᠠᠯᠠᠭᠠᠬ ᠲᠤ ᠦᠰᠦ ᠪᠠᠨ ᠣᠷᠢᠶᠠᠬᠰᠠᠨ ᠡᠬᠡᠨᠡᠷ ᠬᠦᠮᠦᠨ ᠭᠤᠷᠪᠠ ᠠᠴᠠ ᠢᠯᠡᠭᠦᠦ ᠰᠠᠭᠤᠵᠦ ᠲᠣᠬᠳᠠᠬᠤ ᠦᠭᠡᠢ ᠭᠡᠨ᠎ᠠ᠃ | ᠬᠤᠷᠴᠢᠨᠴᠣᠳ ᠪᠠᠰᠠ ᠨᠠᠪᠳᠠᠬ ᠰᠠᠪᠳᠠᠬ ᠨᠢ ᠲᠣᠬᠰᠢᠨ ᠭᠠᠵᠠᠷ ᠲᠤ ᠨᠣᠳᠣᠬᠯᠠᠬᠤ ᠠᠴᠠ ᠵᠠᠶᠢᠯᠠᠰᠭᠢᠵᠦ ᠡᠶᠢᠮᠦᠷᠬᠦᠤ ᠭᠠᠵᠠᠷ ᠲᠤ ᠡᠳ᠋ᠯᠡᠬᠦ ᠪᠣᠶᠠᠨ ᠲᠠᠢ ᠬᠦᠮᠦᠨ | ᠰᠠᠶ᠋ᠢ ᠨᠣᠳᠣᠬᠯᠠᠵᠦ ᠪᠣᠯᠬᠤ ᠠᠴᠠ ᠪᠢᠰᠢ ᠡᠭᠡᠯ ᠬᠦᠮᠦᠨ ᠨᠣᠳᠣᠬᠯᠠᠪᠠᠯ ᠡᠪᠡᠳᠴᠢᠨ ᠵᠤᠪᠠᠯᠠᠩ ᠲᠠᠰᠣᠷᠠᠬᠤ ᠦᠭᠡᠢ ᠪᠣᠯᠬᠤ ᠪᠣᠶᠣ ᠦᠭᠡᠶᠢᠷᠡᠵᠦ ᠬᠤᠭᠤᠰᠣᠷᠠᠨ᠎ᠠ | ᠭᠡᠳᠡᠭ᠃ ᠲᠣᠰ ᠠᠶᠢᠯ ᠤᠨ ᠪᠠᠷᠠᠭᠤᠨ ᠵᠠᠬ᠎ᠠ ᠳᠤ ᠣᠣᠯ ᠳᠠᠭᠠᠨ ᠬᠠᠨᠵᠦ ᠰᠢᠬ ᠲᠡᠭᠰᠢᠬᠡᠨ ᠠᠯᠠᠭᠠᠬ ᠭᠠᠵᠠᠷ ᠪᠠᠶᠢᠬᠰᠠᠨ ᠠᠴᠠ ᠬᠦᠮᠦᠰ ︽ᠬᠠᠨᠵᠦ ᠶᠢᠨ ᠠᠯᠠᠭᠠᠬ︾ | ᠭᠡᠵᠦ ᠨᠡᠷᠡᠯᠡᠳᠡᠭ ᠪᠠᠶᠢᠬᠰᠠᠨ ᠭᠡᠨ᠎ᠡ᠃ ᠨᠣᠳᠤᠬ ᠤᠨ ᠪᠣᠭᠤᠷᠣᠯᠴᠣᠳ ᠤᠨ ᠬᠠᠭᠤᠴᠢᠯᠠᠬᠤ ᠪᠠᠷ᠄ ︽ᠬᠠᠨᠵᠣ ᠶᠢᠨ ᠠᠯᠠᠭᠠᠬ ᠤᠨ ᠨᠠᠪᠳᠠᠬ ᠰᠠᠪᠳᠠᠬ ᠨᠢ ᠨᠠᠢᠮᠠᠨ | ᠬᠦᠯᠢᠰ ᠤᠨ ᠲᠣᠮᠳᠠ ᠠᠷᠬᠢᠷᠠᠬᠰᠠᠨ ᠴᠠᠭᠠᠨ ᠪᠠᠷᠰ ᠪᠣᠯᠬᠤᠷ ᠶᠡᠭᠡ ᠲᠣᠬᠰᠢᠨ ᠶᠣᠮ᠃ ᠴᠢᠩ ᠣᠯᠣᠰ ᠤᠨ ᠰᠡᠭᠦᠯᠴᠢ ᠶᠢᠨ ᠦᠶ᠎ᠡ ᠪᠠᠷ ᠬᠠᠭᠠᠨ ᠡᠵᠡᠨ ᠤ ᠨᠣᠳᠤᠬ | ᠰᠢᠨᠵᠢᠭᠡᠴᠢ ᠲᠦᠰᠢᠮᠡᠯ ᠨᠢ ᠬᠠᠨᠵᠦ ᠶᠢᠨ ᠠᠯᠠᠭᠠᠬ ᠢᠶᠠᠷ ᠦᠡᠭᠭᠡᠷᠡᠬᠦ ᠦᠶᠡᠰ ᠡᠨᠡ ᠭᠠᠵᠠᠷ ᠶᠡᠭᠡ ᠰᠠᠯᠬᠢ ᠲᠡᠭᠳᠡᠵᠦ ᠶᠠᠪᠣᠬᠤ ᠵᠠᠮ ᠳᠤᠨᠢ ᠬᠠᠷᠰᠢ ᠰᠠᠭᠠᠳ | ᠣᠴᠡᠷᠡᠭᠤᠯᠣᠬᠰᠠ ᠭᠡᠨ᠎ᠡ᠃ ᠰᠢᠨᠵᠢᠭᠡᠴᠢ ᠠᠴᠠ ᠡᠨᠡ ᠭᠠᠵᠠᠷ ᠢ ᠨᠠᠷᠢᠨ ᠰᠢᠨᠵᠢᠭᠡᠳ ᠨᠠᠪᠳᠠᠬ ᠰᠠᠪᠳᠠᠬ ᠨᠢ ᠠᠮᠠ ᠪᠠᠨ ᠠᠩᠭᠠᠢᠢᠬᠰᠠᠨ ᠴᠠᠭᠠᠨ ᠪᠠᠷᠰ ᠪᠣᠯᠬᠤ ᠶᠢ | ᠮᠡᠳᠡᠭᠡᠳ ᠶᠡᠬᠡᠳᠡ ᠰᠣᠴᠢᠵᠦ ᠡᠵᠡᠨ ᠬᠤᠳᠠᠠ ᠳᠠᠭᠠᠨ ᠪᠣᠴᠠᠬᠰᠠᠨ ᠤ ᠪᠠᠨ ᠲᠠᠷᠠᠭ᠎ᠠ ︿ᠴᠣᠬᠤᠷ ᠬᠠᠯᠬ᠎ᠠ ᠶᠢᠨ ᠬᠠᠷᠢᠶᠠᠳᠦ ᠭᠠᠵᠠᠷ ᠲᠤ ᠴᠠᠭᠠᠨ ᠪᠠᠷᠰ ᠠᠮᠠ ᠪᠠᠨ | ᠠᠩᠭᠠᠢᠢᠬᠰᠠᠨ ᠨᠠᠪᠳᠠᠬ ᠰᠠᠪᠳᠠᠬ ᠲᠠᠢ ᠬᠠᠨᠵᠦ ᠰᠢᠬ ᠲᠡᠭᠰᠢᠬᠡᠨ ᠭᠠᠵᠠᠷ ᠢ ᠬᠠᠷᠠᠯ᠎ᠠ᠃ ᠡᠨᠡ ᠭᠠᠵᠠᠷ ᠰᠦᠮ᠎ᠡ ᠪᠣᠰᠬᠠᠵᠦ ᠲᠠᠷᠣᠯᠭ᠎ᠠ ᠬᠢᠬᠦ ᠦᠬᠡᠢ ᠪᠣᠯ ᠵᠠᠭᠤᠨ | ᠵᠢᠯ ᠤᠨ ᠲᠠᠷᠠᠭ᠎ᠠ ᠡᠨᠡ ᠨᠣᠳᠤᠬ ᠲᠤ ᠰᠦᠰᠦ ᠶᠡᠭᠡ ᠬᠦᠮᠦᠨ ᠲᠦᠷᠦᠵᠦ ᠬᠠᠭᠠᠨ ᠲᠦᠷᠦ ᠲᠠᠢ ᠬᠠᠷᠰᠢᠯᠳᠣᠬᠤ ᠲᠠᠶᠢᠰᠣᠨ ᠪᠣᠰᠬᠤ ᠪᠣᠯᠣᠨ᠎ᠠ﹀ ᠭᠡᠵᠦ ᠪᠣᠬᠳᠠ | ᠡᠵᠡᠨ ᠳᠡᠭᠡᠨ ᠮᠡᠳᠡᠭᠦᠯᠦᠭᠰᠡᠨ ᠠᠴᠠ ᠣᠯᠣᠰ ᠤᠨ ᠰᠠᠩ ᠠᠴᠠ ᠡᠳ᠋ ᠮᠦᠡᠭᠬᠦ ᠭᠠᠷᠭᠠᠵᠦ ᠬᠠᠨᠵᠦ ᠶᠢᠨ ᠠᠯᠠᠭᠠᠬ ᠤᠨ ᠪᠠᠷᠠᠭᠤᠨ ᠬᠤᠶᠢᠳᠦ ᠲᠠᠯ᠎ᠠ ᠳᠤ ᠨᠢᠭᠡᠨ ᠨᠡᠢᠮᠠᠨ | ᠲᠠᠯᠠᠳᠦ ᠰᠦᠮ᠎ᠡ ᠪᠣᠰᠬᠠᠬᠤ ᠪᠠᠷ ᠪᠣᠯᠵᠠᠢ᠃ ᠬᠠᠭᠠᠨ ᠤ ᠵᠠᠷᠯᠢᠬ ᠢᠶᠠᠷ ᠢᠷᠡᠭᠰᠡᠨ ᠪᠠᠷᠢᠯᠭᠠᠴᠢᠳ ᠠᠴᠠ ᠬᠤᠶᠠᠷ ᠭᠤᠷᠪᠠᠨ ᠰᠠᠷ᠎ᠠ ᠶᠢᠨ ᠬᠤᠭᠤᠴᠠᠭ᠎ᠠ ᠬᠡᠷᠡᠭᠰᠡᠵᠦ | ᠰᠦᠮ᠎ᠡ ᠶᠢ ᠠᠷᠠᠢ ᠭᠡᠵᠦ ᠪᠣᠰᠬᠠᠭᠠᠳ ᠪᠠᠶᠢᠳᠠᠯ᠎ᠠ ᠭᠡᠨᠡᠳᠳᠡ ᠪᠠᠷ ᠬᠦᠷᠦᠰᠦᠳᠦ ᠭᠠᠵᠠᠷ ᠲᠣᠷᠭᠢᠨ ᠴᠡᠴᠡᠷᠡᠵᠦ ᠪᠣᠰᠬᠠᠬᠰᠠᠨ ᠨᠠᠢᠮᠠᠨ ᠲᠠᠯᠠᠳᠦ ᠰᠦᠮ᠎ᠡ ᠨᠢ | ᠪᠦᠬᠦᠨ ᠢᠶᠠᠷ ᠢᠶᠠᠨ ᠶᠡᠭᠦᠷᠡᠵᠦ ᠣᠨᠠᠬᠰᠠᠨ ᠭᠡᠨ᠎ᠡ᠃ ᠬᠤᠶᠠᠳᠣᠭᠠᠷ ᠣᠳᠠᠭ᠎ᠠ ᠨᠢ ᠪᠠᠷᠢᠯᠭᠠᠴᠢᠳ ᠠᠴᠠ ᠰᠦᠮ᠎ᠡ ᠶᠢᠨ ᠬᠡᠷᠡᠮ ᠢ ᠬᠠᠭᠠᠰ ᠪᠣᠰᠬᠠᠭᠠᠳ ᠪᠠᠶᠢᠳᠠᠯ᠎ᠠ ᠶᠡᠭᠡ | ᠰᠠᠯᠬᠢ ᠬᠦᠳᠡᠯᠵᠦ ᠪᠣᠰᠬᠠᠬᠰᠠᠨ ᠬᠡᠷᠡᠮ ᠢ ᠨᠢ ᠬᠤᠬ ᠲᠠᠰᠣ ᠬᠡᠶᠢᠰᠭᠡᠵᠦ ᠣᠷᠬᠢᠬᠰᠠᠨ ᠭᠡᠨ᠎ᠡ᠃ ᠭᠤᠷᠪᠠᠳᠣᠭᠠᠷ ᠣᠳᠠᠭ᠎ᠠ ᠨᠢ ᠰᠦᠮ᠎ᠡ ᠶᠢᠨ ᠰᠠᠭᠤᠷᠢ ᠶᠢ ᠠᠷᠠᠢ ᠭᠡᠵᠦ | ᠲᠠᠯᠪᠢᠵᠦ ᠲᠠᠭᠤᠰᠳᠠᠯ᠎ᠠ ᠡᠯᠡᠰᠦᠨ ᠰᠢᠭᠤᠷᠭ᠎ᠠ ᠬᠤᠮᠠᠬ ᠰᠢᠷᠣᠢ ᠪᠣᠳᠠᠷᠠᠭᠠᠳ ᠰᠦᠮ᠎ᠡ ᠶᠢᠨ ᠰᠠᠭᠤᠷᠢ ᠶᠢ ᠪᠦᠬᠦᠨ ᠢᠶᠠᠷ ᠨᠢ ᠡᠯᠡᠰᠦ ᠰᠢᠷᠣᠢ ᠪᠠᠷ ᠲᠠᠷᠣᠵᠦ ᠬᠠᠶᠠᠭᠠᠳ | ᠶᠡᠭᠡ ᠮᠠᠩᠬ᠎ᠠ ᠪᠣᠯᠭᠠᠬᠰᠠᠨ ᠠᠴᠠ ᠡᠨᠡ ᠭᠠᠵᠠᠷ ᠰᠦᠮ᠎ᠡ ᠪᠣᠰᠬᠠᠵᠦ ᠲᠡᠶᠢᠯᠦᠭᠰᠡᠨ ᠦᠭᠡᠢ ᠭᠡᠳᠡᠭ᠃ ᠴᠢᠯᠦᠭᠡᠯᠡᠭᠳᠡᠭᠰᠡᠨ ᠤ ᠲᠠᠷᠠᠭ᠎ᠠ ᠨᠢᠭᠡᠨ ᠰᠦᠰᠦ ᠪᠦᠳᠦᠭᠦᠨ | ᠲᠠᠷᠢᠶᠠᠴᠢᠨ ᠡᠷ᠎ᠡ ᠪᠣᠰᠣᠳ ᠤᠨ ᠬᠤᠷᠢᠬᠯᠠᠬᠤ ᠶᠢ ᠰᠣᠨᠣᠰᠣᠯ ᠦᠭᠡᠢ ᠪᠠᠷ ᠡᠨᠡ ᠭᠠᠵᠠᠷ ᠲᠤ ᠨᠣᠳᠣᠬᠯᠠᠬᠤ ᠭᠡᠵᠦ ᠭᠡᠷ ᠪᠣᠰᠬᠠᠭᠠᠳ ᠠᠷᠠᠢ ᠬᠤᠶᠠᠷ ᠬᠤᠨᠣᠬᠰᠠᠨ | ᠦᠭᠡᠢ ᠪᠠᠷ ᠡᠷᠦᠬᠡ ᠭᠡᠷ ᠤᠨ ᠬᠢᠨᠢ ᠡᠷᠡᠭᠳᠡᠢ ᠡᠮᠡᠭᠳᠡᠢ ᠢᠯᠭᠠᠯ ᠦᠭᠡᠢ ᠦᠰᠦ ᠨᠢ ᠪᠦᠬᠦᠨ ᠢᠶᠠᠷ ᠢᠶᠠᠨ ᠣᠨᠠᠭᠠᠳ ᠭᠢᠯᠠᠶᠢᠮᠠ ᠬᠤᠵᠢᠭᠢᠷ ᠪᠣᠯᠣᠬᠰᠠᠨ ᠠᠴᠠ ᠶᠡᠬᠡᠯ᠎ᠡ | ᠠᠶᠣᠵᠦ ᠨᠣᠳᠤᠬ ᠰᠢᠯᠵᠢᠭᠰᠡᠨ ᠶᠣᠮ᠃ ᠮᠠᠨ ᠤ ᠠᠶᠢᠯ ᠤᠨ ᠬᠢᠨᠢ ᠣᠳᠣ ᠪᠣᠯᠳᠠᠯ᠎ᠠ ᠡᠨᠡ ᠭᠠᠵᠠᠷ ᠤᠨ ᠨᠠᠪᠳᠠᠬ ᠰᠠᠪᠳᠠᠬ ᠢ ᠲᠣᠬᠰᠢᠨ ᠭᠡᠳ ᠨᠣᠳᠣᠬᠯᠠᠬᠰᠠᠨ ᠬᠦᠮᠦᠨ | ᠭᠠᠷᠤᠭ᠎ᠠ ᠦᠭᠡᠢ ᠪᠠᠶᠢᠬᠰᠠᠭᠠᠷ︾ ᠭᠡᠨ᠎ᠡ᠃ ᠪᠠᠰᠠ ︽ᠭᠠᠭ᠋ᠠᠢ ᠶᠢᠨ ᠠᠭᠤᠯᠠ ᠶᠢᠨ ᠨᠠᠪᠳᠠᠬ ᠰᠠᠪᠳᠠᠬ ᠨᠢ ᠠᠷᠪᠠᠨ ᠬᠤᠶᠠᠷ ᠲᠣᠷᠣᠢ ᠲᠠᠢ ᠠᠯᠳᠠᠨ ᠮᠡᠭᠡᠵᠢ ᠪᠣᠯᠬᠤᠷ | ᠵᠠᠩᠵᠣᠨ ᠬᠦᠮᠦᠨ ᠲᠡᠭᠡᠷ᠎ᠡ ᠨᠢ ᠭᠠᠷᠪᠠᠯ ᠬᠡᠢ ᠮᠣᠷᠢ ᠨᠢ ᠬᠡᠪᠳᠡᠵᠦ ᠲᠠᠶᠢᠨ ᠳᠤ ᠢᠯᠠᠬᠳᠠᠨᠠ᠃ ᠭᠡᠪᠡᠴᠦ ᠠᠭᠤᠯᠠ ᠶᠢᠨ ᠲᠡᠭᠡᠷᠡᠬᠢ ᠬᠠᠳᠠᠨ ᠤ ᠬᠠᠬ ᠢ ᠨᠢ ᠬᠠᠮᠣᠵᠦ | ᠠᠪᠣᠭᠠᠳ ᠪᠣᠴᠠᠯᠣᠬᠰᠠᠨ ᠣᠰᠣ ᠪᠠᠷ ᠲᠠᠷᠣᠭᠤᠯᠵᠦ ᠣᠣᠭᠤᠪᠠᠯ ᠬᠦᠮᠦᠨ ᠤ ᠬᠦᠢᠳᠡᠨ ᠬᠡᠢ ᠡᠪᠡᠳᠴᠢᠨ ᠳᠤ ᠲᠣᠰᠠᠳᠠᠢ︾ ᠭᠡᠵᠦ ᠨᠠᠰᠣᠳᠠᠶᠢᠴᠣᠣᠯ ᠬᠠᠭᠤᠴᠢᠯᠠᠳᠠᠬ᠃ | | ᠬᠤᠷᠴᠢᠨᠴᠣᠳ ᠤᠨ ᠨᠣᠳᠤᠬ ᠣᠰᠣᠨ ᠤ ᠲᠣᠮᠤᠬ ᠲᠤ ᠡᠮᠦᠨ᠎ᠡ ᠭᠠᠵᠠᠷ ᠠᠴᠠ ᠢᠷᠡᠭᠰᠡᠨ ᠨᠣᠳᠤᠬ ᠣᠰᠣ ᠰᠢᠡᠵᠢᠭᠴᠢ᠂ ᠬᠤᠳᠠᠯᠳᠣᠭᠠᠴᠢᠳ ᠮᠣᠩᠭᠤᠯ | ᠣᠷᠣᠨ ᠤ ᠨᠠᠪᠳᠠᠬ ᠰᠠᠪᠳᠠᠬ ᠢ ᠬᠤᠯᠠᠭᠠᠢᠢᠯᠠᠬᠤ᠂ ᠡᠵᠡᠯᠡᠬᠦ᠂ ᠰᠢᠯᠵᠢᠭᠦᠯᠬᠦ᠂ ᠲᠠᠷᠣᠬᠤ ᠦᠢᠯᠡ ᠶᠢ ᠣᠯᠠᠨ ᠦᠢᠯᠡᠳᠴᠡᠢ ᠭᠡᠳᠡᠭ᠃ ᠵᠢᠱᠢᠶᠡᠯᠡᠪᠡᠯ᠂ ᠬᠦᠷᠢᠶ᠎ᠡ | ᠬᠤᠰᠢᠭᠤᠨ ᠤ ᠲᠠᠯᠣ ᠶᠢᠨ ᠠᠭᠤᠯᠠᠨ ᠤ ᠨᠠᠪᠳᠠᠬ ᠰᠠᠪᠳᠠᠬ ᠨᠢ ᠠᠯᠳᠠᠨ ᠵᠢᠭᠦᠷᠳᠡᠢ ᠪᠢᠯᠵᠣᠣᠬᠠᠢ ᠶᠣᠮ ᠭᠡᠨ᠎ᠡ᠃ ᠡᠨᠡ ᠠᠭᠤᠯᠠᠨ ᠤ ᠨᠠᠪᠳᠠᠬ ᠰᠠᠪᠳᠠᠬ ᠢ ᠨᠢᠭᠡᠨ | ᠨᠠᠨᠮᠠᠨᠽᠢ ᠰᠢᠨᠵᠢᠵᠦ ᠮᠡᠳᠡᠭᠡᠳ ᠬᠤᠯᠠᠭᠠᠢᠢᠯᠠᠵᠦ ᠠᠪᠠᠴᠢᠬᠤ ᠭᠡᠳ ᠴᠢᠳᠠᠯ ᠨᠢ ᠬᠦᠷᠦᠭᠰᠡᠨ ᠦᠭᠡᠢ ᠠᠭᠤᠯᠠᠨ ᠳᠤ ᠬᠤᠷᠢᠬᠳᠠᠵᠦ ᠦᠬᠦᠭᠰᠡᠨ ᠭᠡᠳᠡᠭ᠃ ᠣᠣᠯ ᠤᠨ ︽ | ᠪᠢᠡᠭᠳᠦ ᠶᠢᠨ ᠬᠤᠰᠢᠭᠤᠨ︾ ᠤ ᠨᠠᠪᠳᠠᠬ ᠰᠠᠪᠳᠠᠬ ᠨᠢ ᠠᠯᠳᠠᠨ ᠣᠨᠠᠭ᠎ᠠ ᠶᠣᠮ ᠭᠡᠨ᠎ᠡ᠃ ᠡᠮᠦᠨ᠎ᠡ ᠭᠠᠵᠠᠷ ᠤᠨ ᠨᠠᠮᠨᠨᠽᠢ ᠢᠷᠡᠭᠡᠳ ᠠᠯᠳᠠᠨ ᠣᠨᠠᠭ᠎ᠠ ᠶᠢᠨ ᠲᠣᠬᠯᠠᠵᠦ | ᠪᠠᠶᠢᠬᠰᠠᠨ ᠭᠠᠵᠠᠷ ᠢ ᠨᠢ ᠰᠢᠨᠵᠢᠵᠦ ᠮᠡᠳᠡᠭᠡᠳ ᠬᠤᠯᠠᠭᠠᠢᠢᠯᠠᠵᠦ ᠠᠪᠠᠴᠢᠬᠤ ᠭᠡᠳ ᠪᠦᠳᠦᠭᠰᠡᠨ ᠦᠭᠡᠢ ᠪᠣᠯᠬᠤᠷ ᠠᠯᠳᠠᠨ ᠣᠨᠠᠭᠠᠨ ᠤ ᠪᠣᠷᠣᠭᠤᠳᠠᠢ ᠲᠣᠭᠤᠷᠠᠢ ᠶᠢ ᠨᠢ | ᠭᠡᠮᠳᠦᠭᠡᠭᠰᠡᠨ ᠶᠣᠮ ᠭᠡᠨ᠎ᠡ ᠁ ᠭᠡᠬᠦ ᠮᠡᠳᠦ᠃ | ᠨᠠᠪᠳᠠᠬ ᠰᠠᠪᠳᠠᠬ ᠨᠢ ᠬᠦᠮᠦᠨ ᠠᠮᠢᠳᠠᠨ ᠳᠤ ᠬᠤᠣᠷᠯᠠᠯ ᠬᠢᠳᠡᠭ ᠣᠳᠠᠭ᠎ᠠ ᠲᠠᠢ ᠲᠣᠯᠠ ᠬᠤᠷᠴᠢᠨᠴᠣᠳ ᠤᠨ ᠲᠣᠮᠳᠠ ᠪᠠᠰᠠ ᠨᠠᠪᠳᠠᠬ ᠰᠠᠪᠳᠠᠬ ᠢ ᠠᠶᠣᠯᠭᠠᠨ | ᠰᠦᠷᠳᠡᠭᠦᠯᠬᠦ ᠪᠣᠶᠣ ᠲᠠᠷᠣᠯᠭ᠎ᠠ ᠬᠢᠳᠡᠭ ᠪᠠᠶᠢᠪᠠ᠃ ᠵᠢᠱᠢᠶᠡᠯᠡᠪᠡᠯ᠂ ᠬᠡᠦᠬᠡᠨ ᠬᠦᠷᠭᠡᠬᠦ ᠬᠦᠮᠦᠰ ᠲᠡᠷᠭᠡᠨ ᠤ ᠪᠠᠨ ᠡᠮᠦᠨ᠎ᠡ ᠮᠡᠯᠡᠬᠡᠢ ᠶᠢᠨ ᠵᠢᠷᠤᠬ ᠡᠯᠭᠦᠵᠦ᠂ | ᠲᠡᠭᠦᠨ ᠢ ᠪᠠᠨ ᠨᠠᠪᠳᠠᠬ ᠰᠠᠪᠳᠠᠬ ᠤᠨ ᠲᠠᠷᠣᠯᠭ᠎ᠠ ᠭᠡᠳᠡᠭ᠃ ᠠᠮᠢᠳᠣᠷᠠᠯ ᠨᠢ ᠦᠭᠡᠳᠡ ᠦᠭᠡᠢ᠂ ᠬᠢᠵᠢᠭ ᠲᠠᠬᠤᠯ᠂ ᠬᠡᠷᠡᠭᠦᠯ ᠱᠣᠣᠭᠢᠶᠠᠨ ᠲᠠᠰᠣᠷᠠᠬᠤ ᠦᠭᠡᠢ ᠪᠣᠯ | ᠰᠠᠭᠤᠬᠰᠠᠨ ᠨᠣᠳᠤᠬ ᠤᠨ ᠨᠠᠪᠳᠠᠬ ᠰᠠᠪᠳᠠᠬ ᠨᠢ ᠲᠣᠬᠰᠢᠨ ᠭᠡᠵᠦ ᠪᠦᠭᠡ ᠵᠠᠯᠠᠵᠦ ᠲᠠᠷᠣᠯᠭ᠎ᠠ ᠬᠢᠯᠭᠡᠳᠡᠭ ᠪᠠᠶᠢᠵᠠᠢ᠃ ᠪᠦᠭᠡ ᠨᠠᠷ ᠠᠴᠠ ︽ᠲᠠᠦᠯᠠᠢ ᠶᠢᠨ ᠬᠡᠪᠳᠡᠰᠢ︾ | ᠳᠤ ᠰᠠᠭᠤᠬᠰᠠᠨ ᠬᠦᠮᠦᠨ ᠤ ᠨᠠᠪᠳᠠᠬ ᠰᠠᠪᠳᠠᠬ ᠲᠤ ᠲᠠᠷᠣᠯᠭ᠎ᠠ ᠬᠢᠬᠦ ᠳᠡᠭᠡᠨ ᠠᠯᠠᠵᠦ ᠢᠳᠡᠭᠰᠡᠨ ᠠᠳᠣᠭᠤᠰᠣ ᠠᠮᠢᠳᠠᠨ ᠤ ᠶᠠᠰᠣ ᠶᠢ ᠪᠠᠷᠠᠭᠤᠨ ᠬᠤᠶᠢᠳᠦ ᠵᠦᠭ ᠲᠤ | ᠬᠠᠶᠠᠭᠤᠯᠳᠠᠬ᠃ ᠡᠷᠳᠡ ᠳᠡᠭᠡᠨ ᠶᠡᠭᠡ ᠵᠠᠮ ᠦᠡᠭᠭᠡᠷᠡᠵᠦ ᠪᠠᠶᠢᠬᠰᠠᠨ ᠪᠣᠶᠣ ᠭᠤᠣᠯ ᠣᠷᠣᠰᠴᠦ ᠪᠠᠶᠢᠬᠰᠠᠨ ᠭᠠᠵᠠᠷ ᠨᠣᠳᠣᠬᠯᠠᠬᠰᠠᠨ ᠬᠦᠮᠦᠨ ᠢ ︽ᠭᠦᠶᠦᠳᠡᠯ︾ | ᠲᠡᠭᠡᠷ᠎ᠡ ᠰᠠᠭᠤᠬᠰᠠᠨ ᠪᠣᠯᠬᠤᠷ ᠨᠠᠪᠳᠠᠬ ᠰᠠᠪᠳᠠᠬ ᠨᠢ ᠬᠠᠳᠠᠭᠤ ᠭᠡᠵᠦ ᠭᠡᠷ ᠤᠨ ᠢᠶᠠᠨ ᠬᠠᠵᠠᠭᠤ ᠪᠣᠶᠣ ᠠᠷᠣ ᠪᠠᠷ ᠨᠣᠶᠠᠨ ᠮᠣᠳᠣ ᠵᠠᠶᠢᠯᠠᠬᠤ ᠪᠣᠶᠣ ᠬᠠᠰᠢᠶ᠎ᠠ ᠰᠠᠷᠠᠪᠴᠢ | ᠪᠣᠰᠬᠤ ᠮᠡᠳᠦ ᠶᠢᠨ ᠠᠷᠭ᠎ᠠ ᠪᠠᠷ ᠨᠠᠪᠳᠠᠬ ᠰᠠᠪᠳᠠᠬ ᠢ ᠨᠢ ᠵᠦᠬᠡᠯᠡᠷᠡᠭᠦᠯᠳᠡᠭ ᠶᠣᠮ᠃ | ᠬᠤᠷᠴᠢᠨ ᠲᠠᠷᠢᠶᠠᠴᠢᠳ ᠠᠴᠠ ᠨᠠᠪᠳᠠᠬ ᠰᠠᠪᠳᠠᠬ ᠢ ᠲᠠᠷᠢᠶ᠎ᠠ ᠲᠦᠮᠦᠰᠦ᠂ ᠬᠤᠨᠢ ᠮᠠᠯ᠂ ᠡᠪᠡᠳᠴᠢᠨ ᠬᠢᠵᠢᠭ ᠁ ᠵᠡᠷᠭᠡ ᠶᠢᠨ ᠠᠮᠢᠳᠣᠷᠠᠯ ᠠᠬᠤᠢ ᠶᠢᠨ | ᠲᠡᠭᠡᠭᠰᠢᠯᠡᠯᠳᠡ ᠳᠤ ᠣᠶᠣᠨ ᠰᠠᠨᠠᠭᠠᠨ ᠤ ᠲᠦᠰᠢᠭ ᠲᠣᠯᠭᠠᠭᠤᠷᠢ ᠪᠣᠯᠳᠠᠬ ᠰᠠᠬᠢᠭᠤᠰᠣ ᠭᠡᠵᠦ ᠦᠵᠡᠳᠡᠭ ᠠᠴᠠ ᠭᠡᠮᠳᠦᠭᠡᠬᠦ ᠪᠣᠶᠣ ᠲᠠᠷᠣᠯᠭ᠎ᠠ ᠬᠢᠬᠦ ᠠᠴᠠ ᠪᠠᠶᠠᠰᠬᠠᠬᠤ | ᠪᠣᠶᠣ ᠬᠠᠶᠢᠷᠠᠯᠠᠵᠦ ᠬᠠᠮᠭᠠᠯᠠᠬᠤ ᠶᠢ ᠡᠷᠬᠢᠮ ᠪᠣᠯᠭᠠᠬᠰᠠᠭᠠᠷ ᠢᠷᠡᠵᠡᠢ᠃ ᠣᠯᠠᠩᠬᠢ ᠬᠤᠷᠴᠢᠨᠴᠣᠳ ᠠᠴᠠ ᠴᠠᠬ ᠪᠦᠷᠢ ᠶᠢᠨ ᠴᠠᠢ ᠶᠢᠨ ᠲᠡᠭᠡᠵᠢ ᠪᠠᠨ ᠨᠠᠪᠳᠠᠬ | ᠰᠠᠪᠳᠠᠬ ᠲᠠᠭᠠᠨ ᠰᠠᠴᠣᠨ ᠡᠷᠭᠦᠬᠦ᠂ ᠠᠷᠢᠬᠢ ᠶᠢᠨ ᠢᠶᠠᠨ ᠲᠡᠭᠡᠵᠢ ᠶᠢ ᠢᠳᠠᠮ ᠬᠤᠷᠣᠭᠤ ᠪᠠᠷ ᠢᠶᠠᠨ ᠨᠣᠳᠤᠬ ᠣᠰᠣᠨ ᠤ ᠪᠠᠨ ᠨᠠᠪᠳᠠᠬ ᠰᠠᠪᠳᠠᠬ ᠲᠤ ᠰᠡᠷᠵᠢᠮᠯᠡᠨ | ᠡᠷᠭᠦᠵᠦ᠂ ᠬᠦᠮᠦᠨ ᠮᠠᠯ ᠤᠨ ᠢᠶᠠᠨ ᠡᠷᠡᠭᠦᠯ ᠡᠩᠬᠡ ᠠᠯᠢᠪᠠ ᠰᠠᠶᠢᠨ ᠰᠠᠶᠢᠬᠠᠨ ᠪᠠᠶᠢᠬᠤ ᠪᠠᠨ ᠲᠠᠭᠠᠳᠬᠠᠳᠠᠬ᠃ ᠡᠭᠦᠨ ᠠᠴᠠ ᠭᠠᠳᠠᠨ᠎ᠠ ᠬᠤᠷᠴᠢᠨ ᠲᠠᠷᠢᠶᠠᠴᠢᠳ ᠪᠠᠰᠠ | ᠲᠠᠷᠢᠶ᠎ᠠ ᠲᠠᠷᠢᠬᠤ ᠠᠴᠠ ᠪᠠᠨ ᠡᠮᠦᠨ᠎ᠡ ᠡᠳᠦᠷ ᠰᠣᠳᠣᠷ ᠣᠷᠪᠠᠭᠤᠯᠵᠦ ᠠᠨᠵᠢᠰᠣ ᠬᠦᠳᠡᠯᠭᠡᠬᠦ ᠰᠠᠶᠢᠨ ᠡᠳᠦᠷ ᠢᠶᠠᠨ ᠦᠵᠡᠬᠦ ᠪᠦᠭᠡᠳ ᠬᠡᠷ ᠪᠠᠷᠢᠬᠤ᠂ ᠬᠡᠭᠦᠷ ᠲᠠᠯᠪᠢᠬᠤ᠂ | ᠠᠳᠠᠷ ᠬᠠᠭᠠᠯᠪᠣᠷᠢᠯᠠᠬᠤ᠂ ᠭᠤᠣ ᠮᠠᠯᠳᠠᠬᠤ ᠵᠡᠷᠭᠡ ᠪᠠᠷ ᠰᠢᠷᠣᠢ ᠬᠦᠳᠡᠯᠭᠡᠬᠦ ᠦᠶ᠎ᠡ ᠳᠤ ᠨᠠᠪᠳᠠᠬ ᠰᠠᠪᠳᠠᠬ ᠢᠶᠠᠨ ᠪᠠᠶᠠᠰᠬᠠᠬᠤ ᠭᠡᠵᠦ ᠯᠠᠮᠠ ᠵᠠᠯᠠᠵᠦ ᠰᠠᠩ | ᠣᠡᠭᠰᠢᠭᠤᠯᠳᠠᠬ ᠪᠠᠶᠢᠪᠠ᠃ ᠰᠠᠩ ᠣᠡᠭᠰᠢᠭᠤᠯᠬᠤ ᠭᠡᠳᠡᠭ ᠨᠢ ᠠᠷᠴᠠ ᠬᠦᠵᠢ ᠠᠰᠠᠭᠠᠵᠦ ᠯᠠᠮᠠ ᠠᠴᠠ ᠨᠣᠳᠤᠬ ᠣᠰᠣᠨ ᠤ ᠨᠠᠪᠳᠠᠬ ᠰᠠᠪᠳᠠᠬ ᠢ ᠪᠠᠶᠠᠰᠬᠠᠬᠤ ᠨᠣᠮ | ᠣᠡᠭᠰᠢᠬᠤ ᠶᠠᠪᠣᠳᠠᠯ ᠪᠣᠯᠣᠨ᠎ᠠ᠃ ᠢᠡᠭᠭᠢᠵᠦ ᠲᠠᠬᠢᠵᠦ ᠪᠠᠶᠠᠰᠬᠠᠪᠠᠯ ᠡᠭᠦᠰᠦᠭᠰᠡᠨ ᠦᠢᠯᠡᠰ ᠨᠢ ᠦᠭᠡᠳᠡ ᠡᠰᠡᠷᠡᠭ ᠭᠠᠢ ᠪᠠᠷᠴᠢᠳ ᠦᠭᠡᠢ ᠪᠣᠯᠣᠨ᠎ᠠ ᠭᠡᠵᠦ ᠶᠠᠷᠢᠳᠠᠬ᠃ | ᠶᠠᠮᠠᠷ ᠨᠢᠭᠡᠨ ᠨᠠᠶᠢᠷ ᠨᠠᠭᠠᠳᠣᠮ᠂ ᠲᠠᠬᠢᠯᠭ᠎ᠠ᠂ ᠪᠠᠶᠠᠷ ᠲᠣᠷᠠᠰᠬᠠᠯ ᠤᠨ ᠡᠳᠦᠷ᠂ ᠬᠤᠷᠢᠮ ᠬᠤᠷᠠᠯ ᠲᠡᠭᠡᠷ᠎ᠡ ᠭᠠᠵᠠᠷ ᠣᠰᠣᠨ ᠤ ᠨᠠᠪᠳᠠᠬ ᠰᠠᠪᠳᠠᠬ ᠢᠶᠠᠨ ᠵᠠᠯᠠᠵᠦ | ᠡᠷᠭᠦᠴᠡ ᠲᠠᠬᠢᠯᠭ᠎ᠠ ᠡᠷᠭᠦᠬᠦ ᠪᠠᠨ ᠮᠠᠷᠳᠠᠪᠠᠯ ᠬᠡᠷᠡᠭᠦᠯ ᠱᠣᠣᠭᠢᠶᠠᠨ ᠪᠣᠯᠵᠦ ᠭᠠᠢ ᠪᠠᠷᠴᠢᠳ ᠡᠭᠦᠰᠦᠨ᠎ᠡ ᠭᠡᠳᠡᠭ᠃ ᠪᠠᠰᠠ ᠨᠠᠪᠳᠠᠬ ᠰᠠᠪᠳᠠᠬ ᠤᠨ ᠣᠷᠣᠰᠢᠵᠦ | ᠰᠠᠭᠤᠳᠠᠬ ᠨᠣᠳᠤᠬ ᠣᠰᠣᠨ ᠤ ᠪᠠᠨ ᠮᠣᠳᠣ ᠰᠢᠭᠤᠢ ᠶᠢ ᠲᠣᠷ᠎ᠠ ᠪᠠᠷ ᠣᠬᠳᠣᠯᠵᠦ ᠰᠦᠢᠳᠭᠡᠳᠡᠭ ᠦᠭᠡᠢ᠃ ᠪᠣᠷᠭᠠᠰᠣ᠂ ᠰᠢᠪᠠᠬ᠂ ᠬᠠᠷᠭᠠᠨ᠎ᠠ᠂ ᠪᠣᠳᠠ᠂ ᠪᠣᠷᠣᠯᠵᠢ᠂ | ᠴᠡᠴᠡᠭ ᠬᠤᠸᠠᠷ᠂ ᠵᠡᠷᠭᠡ ᠶᠢ ᠲᠣᠷ᠎ᠠ ᠪᠠᠷ ᠬᠠᠳᠣᠵᠦ᠂ ᠠᠳᠠᠷ ᠭᠠᠵᠠᠷ ᠢ ᠲᠣᠷ᠎ᠠ ᠪᠠᠷ ᠡᠪᠳᠡᠵᠦ ᠲᠠᠷᠢᠶᠠᠨ ᠭᠠᠵᠠᠷ ᠪᠣᠯᠭᠠᠬᠤ ᠨᠢ ᠨᠣᠳᠤᠬ ᠣᠰᠣᠨ ᠤ ᠨᠠᠪᠳᠠᠬ | ᠰᠠᠪᠳᠠᠬ ᠢ ᠭᠡᠮᠳᠦᠭᠡᠵᠦ ᠪᠠᠶᠢᠨ᠎ᠠ ᠬᠡᠮᠡᠨ ᠦᠵᠡᠳᠡᠭ᠃ ᠨᠡᠩ ᠢᠯᠠᠩᠭᠤᠶ᠎ᠠ ᠲᠣᠪᠤ ᠲᠣᠪᠣᠴᠠᠬ᠂ ᠠᠮᠠᠷᠬᠠᠨ ᠰᠠᠯᠬᠢᠨ ᠳᠤ ᠬᠡᠶᠢᠰᠬᠦ ᠮᠠᠩᠬ᠎ᠠ ᠵᠣ ᠲᠡᠭᠡᠷ᠎ᠡ ᠣᠷᠭᠤᠵᠦ | ᠪᠠᠶᠢᠭ᠎ᠠ ᠡᠪᠡᠰᠦ ᠮᠣᠳᠣ᠂ ᠣᠳᠠᠭᠠᠨ ᠵᠢᠯ ᠪᠣᠯᠣᠬᠰᠠᠨ ᠱᠠᠩᠰᠢ ᠵᠡᠷᠭᠡ ᠶᠢ ᠲᠣᠷ᠎ᠠ ᠪᠠᠷ ᠣᠬᠳᠣᠯᠵᠦ ᠬᠠᠳᠣᠪᠠᠯ ᠨᠣᠳᠤᠬ ᠣᠰᠣᠨ ᠤ ᠨᠠᠪᠳᠠᠬ ᠰᠠᠪᠳᠠᠬ ᠬᠢᠯᠢᠩᠨᠡᠬᠦ | ᠪᠣᠶᠣ ᠪᠣᠰᠣᠳ ᠭᠠᠵᠠᠷ ᠲᠤ ᠵᠠᠶᠢᠯᠠᠨ᠎ᠠ ᠭᠡᠵᠦ ᠦᠵᠡᠳᠡᠭ ᠠᠴᠠ ᠨᠣᠳᠤᠭ ᠣᠰᠣᠨ ᠤ ᠪᠠᠨ ᠰᠢᠷᠬᠡᠭ ᠡᠪᠡᠰᠦ ᠮᠦᠬᠦᠯᠢᠭ ᠰᠢᠷᠣᠢ ᠳᠠᠭᠠᠨ ᠬᠦᠷᠳᠡᠯ᠎ᠡ ᠠᠮᠢ ᠪᠠᠨ ᠰᠢᠬ | ᠬᠠᠶᠢᠷᠠᠯᠠᠵᠦ ᠬᠠᠮᠠᠭᠠᠯᠠᠬᠰᠠᠭᠠᠷ ᠢᠷᠡᠪᠡ᠃ |