ᠨᠢᠬᠡ ᠬᠥᠮᠤᠨ ᠤ ᠡᠬᠡ ᠶᠢᠨ ᠬᠡᠪᠡᠯᠢ ᠳᠤ ᠪᠥᠳᠤᠭᠦ ᠠᠴᠠ ᠨᠠᠰᠤ ᠡᠴᠤᠰᠯᠡᠬᠦ ᠬᠥᠷᠳᠡᠯᠡᠬᠢ ᠬᠤᠷᠢᠨ ᠲᠠᠪᠤᠨ ᠥᠶ᠎ᠡ ᠶᠢᠨ ᠨᠡᠷᠡᠶᠢᠳᠤᠯ
ᠨᠡᠶᠢᠲᠡᠯᠡᠭᠰᠡᠨ ᠴᠠᠭ᠄
2020/8/10
     ᠮᠤᠩᠭᠤᠯ ᠤᠯᠤᠰ ᠤᠨ ᠡᠷᠳᠡᠮᠳᠡᠨ ᠲ᠊ · ᠭᠠᠯᠰᠠᠩ ᠭᠤᠸᠠᠢ ᠬᠡᠤᠬᠡᠤᠨ ᠨᠠᠰᠤᠨ ᠤ ᠢᠯᠭᠠᠪᠤᠷᠢ ᠪᠠᠷ ᠨᠢᠷᠤᠭᠤᠪᠴᠢᠯᠠᠵᠤ᠂ ᠬᠥᠮᠤᠨ ᠤ ᠲᠥᠷᠤᠬᠦ ᠠᠴᠠ ᠨᠠᠰᠤ ᠨᠥᠭᠴᠢᠬᠦ ᠬᠥᠷᠳᠡᠯᠡᠬᠢ ᠠᠮᠢᠳᠤᠷᠠᠯ ᠤᠨ ᠪᠥᠬᠦᠢ ᠯᠡ ᠥᠶ᠎ᠡ ᠶᠢ ᠪᠠᠭᠳᠠᠭᠠᠭᠰᠠᠨ ᠨᠠᠰᠤᠨ ᠤ ᠢᠯᠭᠠᠪᠤᠷᠢ᠂ ᠵᠠᠭᠠᠭ ᠢ ᠬᠤᠷᠢᠨ ᠲᠠᠪᠤᠨ ᠥᠶ᠎ᠡ ᠪᠤᠯᠭᠠᠨ ᠬᠤᠪᠢᠶᠠᠵᠤ᠂ ᠥᠶ᠎ᠡ ᠪᠥᠬᠦᠨ ᠳᠤ ᠤᠤᠭᠠᠯ ᠮᠤᠩᠭᠤᠯ ᠨᠡᠷ᠎ᠠ ᠬᠠᠶᠢᠷᠠᠯᠠᠵᠤ᠂ ᠲᠤᠰ ᠲᠤᠰ ᠤᠨ ᠬᠢᠨᠢ ᠤᠨᠴᠠᠯᠢᠭ ᠢ ᠲᠤᠳᠤᠷᠠᠭᠤᠯᠤᠭᠰᠠᠨ ᠪᠠᠶᠢᠨ᠎ᠠ᠃     1. ᠥᠷ᠎ᠡ ᠪᠤᠶᠠᠨ ᠤ ᠨᠠᠰᠤ᠃ ᠡᠴᠢᠬᠡ ᠶᠢᠨ ᠰᠢᠮ᠎ᠠ ᠲᠤᠰᠤᠯ᠂ ᠡᠬᠡ ᠶᠢᠨ ᠠᠷᠢᠭᠤᠨ ᠬᠡᠪᠡᠯᠢ ᠳᠤ ᠪᠥᠷᠢᠯᠳᠤᠭᠦ ᠥᠶ᠎ᠡ᠃       2.ᠤᠭᠤᠳᠤᠨ᠎ᠠ ᠰᠡᠬᠦᠯᠯᠡᠬᠦ ᠨᠠᠰᠤ᠃ ᠬᠥᠮᠤᠨ ᠲᠥᠷᠰᠤ ᠤᠯᠬᠤ ᠥᠶ᠎ᠡ ᠶᠢ ᠤᠭᠤᠳᠤᠨ᠎ᠠ ᠰᠡᠬᠦᠯᠯᠡᠬᠦ ᠨᠠᠰᠤ ᠬᠡᠨ᠎ᠡ᠃      3. ᠮᠢᠨᠵᠢ ᠪᠤᠯᠠᠭᠠᠨ ᠨᠠᠰᠤ᠃ ᠡᠬᠡ ᠶᠢᠨ ᠤᠰᠤᠨ ᠬᠡᠪᠡᠯᠢ ᠳᠤ ᠮᠢᠨᠵᠢ ᠰᠢᠭ ᠰᠠᠯᠢᠨ᠂ ᠡᠳᠤᠷ ᠠᠴᠠ ᠡᠳᠤᠷ ᠲᠤ᠂ ᠭᠱᠠᠨ ᠠᠴᠠ ᠬᠤᠷᠤᠮ ᠳᠤ᠂ ᠬᠤᠷᠤᠮ ᠠᠴᠠ ᠴᠠᠭ ᠲᠤ᠂ ᠴᠠᠭ ᠠᠴᠠ ᠡᠳᠤᠷ ᠲᠤ ᠰᠠᠯᠢᠨ ᠨᠠᠭᠠᠳᠬᠤ ᠤᠰᠤᠨ ᠤ ᠠᠮᠢᠳᠠᠨ ᠰᠢᠬ ᠨᠠᠰᠤ ᠶᠢ ᠮᠢᠨᠵᠢ ᠪᠤᠯᠠᠭᠠᠨ ᠨᠠᠰᠤ ᠬᠡᠨ᠎ᠡ᠃      4. ᠡᠬᠡ ᠶᠢᠨ ᠨᠠᠰᠤ᠃ ᠤᠯᠤᠭᠰᠠᠨ ᠭᠱᠠᠨ ᠠᠴᠠ ᠲᠦᠷᠦᠭᠰᠡᠨ ᠬᠤᠷᠤᠮ ᠬᠥᠷᠳᠡᠯᠡᠬᠢ ᠬᠤᠭᠤᠴᠠᠭ᠎ᠠ ᠶᠢ ᠡᠬᠡ ᠶᠢᠨ ᠨᠠᠰᠤ ᠬᠡᠨ᠎ᠡ᠃      5. ᠮᠡᠨᠳᠤᠯᠡᠬᠦ ᠨᠠᠰᠤ᠃ ᠤᠳᠤᠮ ᠤᠨ ᠤᠯᠠᠭᠠᠴᠢ᠂ ᠡᠴᠢᠬᠡ ᠶᠢᠨ ᠢᠶᠠᠨ ᠬᠡᠷ ᠲᠤ ᠢᠷᠡᠭᠦ ᠬᠤᠪᠤᠷ ᠵᠠᠶᠠᠭ᠎ᠠ ᠢᠷᠤᠬᠡᠯᠳᠤ ᠥᠶ᠎ᠡ ᠶᠢ ᠮᠡᠨᠳᠤᠯᠡᠬᠦ ᠨᠠᠰᠤ ᠬᠡᠨ᠎ᠡ᠃      6.ᠥᠯᠤᠬᠡᠢ ᠲᠠᠢ ᠨᠠᠰᠤ᠃ ᠮᠠᠨᠴᠤᠢ ᠳᠤ ᠮᠠᠷᠢᠶᠠᠯᠠᠬᠤ ᠥᠶ᠎ᠡ ᠶᠢ ᠥᠯᠤᠬᠡᠢ ᠲᠠᠢ ᠨᠠᠰᠤ ᠬᠡᠨ᠎ᠡ᠃ ᠪᠠᠰᠠ ᠨᠢᠷᠠᠢ ᠨᠠᠰᠤ ᠬᠡᠨ᠎ᠡ᠃      7. ᠤᠬᠢᠯᠠᠮᠠᠬᠠᠢ ᠨᠠᠰᠤ᠃ ᠤᠬᠢᠯᠠᠬᠤ ᠨᠢ ᠡᠪᠡᠳᠴᠢᠨ ᠪᠤᠰᠤ᠂ ︽ᠤᠬᠢᠯᠠᠭᠰᠠᠭᠠᠷ ᠤᠬᠢᠯᠠᠭᠰᠠᠭᠠᠷ ᠬᠥᠮᠤᠨ ᠪᠤᠯᠳᠠᠭ᠂ ᠮᠠᠶᠢᠯᠠᠭᠰᠠᠭᠠᠷ ᠮᠠᠶᠢᠯᠠᠭᠰᠠᠭᠠᠷ ᠮᠠᠯ ᠪᠤᠯᠳᠠᠭ︾᠃ ᠬᠤᠪᠢ ᠤᠢᠢᠷ᠎ᠠ ᠶᠢᠨ ᠬᠢᠨ ᠲᠠᠢ ᠪᠠᠨ ᠬᠠᠰᠬᠢᠷᠤᠨ ︽ᠶᠠᠷᠢᠳᠠᠭ︾ ᠥᠶ᠎ᠡ ᠶᠢ ᠬᠡᠯᠡᠨ᠎ᠡ᠃      8. ᠮᠥᠯᠬᠦᠬᠡ ᠨᠠᠰᠤ᠃ ᠠᠪᠤ ᠶᠢᠨ ᠬᠡᠷ ᠤᠨ ᠬᠤᠶᠢᠮᠤᠷ ᠢ ᠡᠪᠤᠳᠦᠭ ᠲᠤᠬᠤᠢ ᠪᠠᠷ ᠢᠶᠠᠨ ᠲᠤᠭᠤᠯᠬᠤ᠂ ᠡᠯᠢᠬᠡ ᠡᠯᠡᠬᠡᠬᠦ ᠬᠤᠭᠤᠴᠠᠭ᠎ᠠ ᠶᠢ ᠮᠥᠯᠬᠦᠬᠡ ᠨᠠᠰᠤ ᠬᠡᠨ᠎ᠠ᠃       9. ᠬᠥᠯ ᠳᠤ ᠤᠷᠤᠬᠤ ᠨᠠᠰᠤ᠃ ᠲᠡᠭᠰᠢ ᠭᠠᠵᠠᠷ ᠲᠤ ᠲᠡᠩᠴᠡᠨ᠂ ᠲᠡᠨᠳᠡᠷ ᠲᠤᠨᠳᠠᠷ ᠠᠯᠬᠤᠵᠤ ᠡᠬᠢᠯᠡᠬᠦ ᠥᠶ᠎ᠡ ᠶᠢ ᠬᠥᠯ ᠳᠤ ᠤᠷᠤᠬᠤ ᠨᠠᠰᠤ ᠬᠡᠨ᠎ᠡ᠃      10. ᠤᠶᠠᠯᠭ᠎ᠠ ᠪᠠᠳᠤ ᠨᠠᠰᠤ᠃ ᠬᠥᠯ ᠳᠤ ᠤᠷᠤᠵᠤ ᠡᠬᠢᠯᠡᠭᠰᠡᠨ ᠳᠡᠭᠡᠨ ᠬᠥᠬᠡᠷᠦᠭᠰᠡᠨ ᠬᠡᠤᠬᠡᠤᠨ᠂ ᠠᠪᠤ ᠡᠵᠢ ᠶᠢᠨ ᠢᠶᠠᠨ ᠡᠵᠡᠬᠦᠢ ᠳᠤ ᠠᠶᠤᠯ ᠥᠷᠳᠤᠯᠬᠡᠰᠤ ᠳᠤ ᠤᠷᠤᠬᠤ ᠠᠴᠠ ᠰᠡᠷᠬᠡᠶᠢᠯᠡᠵᠤ᠂ ᠪᠠᠷᠠᠭᠤᠨ ᠬᠤᠶᠢᠳᠤ ᠬᠠᠨᠠᠨ ᠠᠴᠠ ᠡᠷ᠎ᠠ ᠰᠤᠷ ᠢᠶᠠᠷ ᠪᠠᠳᠤᠳᠠᠢ ᠤᠶᠠᠵᠤ ᠰᠤᠷᠭᠠᠳᠠᠭ ᠨᠠᠰᠤ ᠶᠢ ᠬᠡᠯᠡᠨ᠎ᠡ᠃ ︽ᠤᠶᠠᠭᠰᠠᠨ ᠬᠡᠤᠬᠡᠤᠨ ᠤᠷᠳᠤ ᠨᠠᠰᠤᠯᠠᠳᠠᠭ︾ ᠬᠡᠰᠡᠨ ᠠᠮᠠᠨ ᠬᠡᠯᠡᠴᠡ ᠪᠤᠢ᠃      11. ᠬᠤᠷᠭᠠᠴᠢᠨ ᠨᠠᠰᠤ᠃ ᠬᠤᠷᠠᠭ᠎ᠠ ᠲᠠᠢ ᠲᠤᠭᠯᠠᠬᠤ᠂ ᠬᠥᠬᠡᠨ᠎ᠡ ᠬᠤᠷᠠᠭ᠎ᠠ ᠢᠰᠢᠬᠡ ᠲᠠᠯᠪᠢᠬᠤ᠂ ᠬᠡᠷ ᠤᠨ ᠤᠢᠢᠷ᠎ᠠ ᠵᠠᠭᠤᠷ᠎ᠠ ᠭᠠᠵᠠᠷ ᠲᠤ ᠬᠤᠷᠠᠭ᠎ᠠ ᠲᠠᠭᠤᠵᠤ ᠠᠪᠴᠢᠷᠠᠬᠤ ᠵᠡᠷᠬᠡ ᠪᠠᠷ ᠠᠪᠤ ᠡᠵᠢ ᠳᠡᠭᠡᠨ ᠭᠠᠷ ᠬᠥᠯ ᠪᠤᠯᠬᠤ ᠥᠶ᠎ᠡ ᠶᠢ ᠬᠤᠷᠭᠠᠴᠢᠨ ᠨᠡᠰᠤ ᠬᠡᠨ᠎ᠡ᠃ ᠮᠤᠩᠭᠤᠯᠴᠤᠤᠨ 4 ᠊᠊᠊᠊᠊ 5 ᠨᠠᠰᠤᠨ ᠤ ᠵᠢᠭᠠᠯ ᠲᠠᠢ ᠪᠤᠯᠪᠠᠯ ︽ᠲᠠᠨ ᠤ ᠬᠢ ᠭᠠᠶᠢᠭᠤᠢ ᠰᠠᠶᠢᠨ ᠬᠤᠷᠠᠭᠠᠴᠢᠨ ᠲᠠᠢ ᠪᠤᠯᠵᠠᠢ︾ ᠬᠡᠵᠤ ᠬᠡᠯᠡᠳᠡᠭ᠃      12. ᠲᠤᠭᠤᠯᠴᠢᠨ ᠨᠠᠰᠤ᠃ ᠵᠠᠯᠠᠨ ᠠᠴᠠ ᠲᠤᠭᠤᠯ ᠲᠠᠯᠪᠢᠬᠤ᠂ ᠤᠢᠢᠷ᠎ᠠ ᠵᠠᠭᠤᠷ᠎ᠠ ᠡᠷᠬᠢᠬᠦᠯᠬᠦ ᠪᠤᠯᠤᠭᠰᠠᠨ ᠥᠶ᠎ᠡ ᠶᠢ ᠲᠤᠭᠤᠯᠴᠢᠨ ᠨᠠᠰᠤ ᠬᠡᠨ᠎ᠡ᠃ ᠡᠨᠡ ᠨᠢ 5 ᠊᠊᠊᠊᠊ 6 ᠨᠠᠰᠤ ᠬᠡᠰᠡᠨ ᠥᠬᠡ᠃      13. ᠪᠤᠳᠤᠭᠤᠴᠢᠨ ᠨᠠᠰᠤ᠃ ᠲᠡᠮᠡᠭᠡ ᠪᠤᠯ ᠤᠷᠳᠤ ᠬᠥᠯ ᠤᠨ ᠠᠮᠢᠳᠠᠨ᠃ ᠲᠤᠤᠱᠢ ᠵᠠᠮ ᠳᠤ ᠨᠢᠬᠡ ᠥᠷᠳᠡᠭᠡ ︵2 ᠺᠢᠯᠣᠮᠧᠲᠷ︶ ᠵᠠᠮ ᠲᠤᠭᠤᠯᠤᠨ᠎ᠠ᠃ ᠪᠤᠳᠤᠭᠤ ᠪᠠᠰᠠ ᠤᠳᠤᠮ ᠢᠶᠠᠨ ᠲᠠᠭᠤᠷᠢᠶᠠᠬᠤ ᠨᠢ ᠢᠯᠡᠷᠬᠡᠢ᠃ ᠬᠡᠷ ᠠᠴᠠ 2 ᠊᠊᠊᠊᠊ 4 ᠺᠢᠯᠣᠮᠧᠲᠷ ᠠᠯᠤᠰᠯᠠᠬᠤ ᠨᠢ ᠶᠡᠷᠤᠳᠡ ᠶᠢᠨ ᠥᠵᠡᠭᠳᠡᠯ᠃ ᠡᠶᠢᠮᠤ ᠲᠤᠬᠢᠶᠠᠯᠳᠤᠯ ᠳᠤ ᠪᠤᠳᠤᠭᠤ ᠪᠤᠴᠠᠭᠠᠬᠤ᠂ ᠢᠡᠭᠭᠡ ᠤᠢᠢᠷᠠᠳᠤᠭᠤᠯᠬᠤ ᠪᠤᠯᠤᠭᠰᠠᠨ ᠬᠡᠤᠬᠡᠤᠨ ᠢ ᠪᠤᠳᠤᠭᠤᠴᠢᠨ ᠨᠠᠰᠤᠨ ᠳᠤ ᠬᠥᠷᠴᠠᠢ ᠬᠡᠳᠡᠭ᠃ ᠪᠤᠳᠤᠭᠤᠴᠢᠨ ᠨᠠᠰᠤ ᠬᠡᠪᠡᠯ 6 ᠊᠊᠊᠊᠊ 8 ᠨᠠᠰᠤ ᠬᠡᠰᠡᠨ ᠥᠬᠡ᠃      14. ᠬᠤᠨᠢᠴᠢᠨ ᠨᠠᠰᠤ᠃ ᠵᠢᠯ ᠤᠨ ᠠᠯᠢ ᠴᠤ ᠤᠯᠠᠷᠢᠯ ᠳᠤ ᠰᠦᠷᠦᠭ ᠬᠠᠷᠢᠭᠤᠯᠬᠤ᠂ ᠲᠥᠯ ᠠᠪᠬᠤ᠂ ᠪᠡᠯᠴᠢᠬᠡᠷ ᠰᠢᠯᠢᠭᠦ ᠴᠡᠬᠡᠯ ᠳᠤ ᠬᠥᠷᠬᠦ ᠥᠶ᠎ᠡ ᠶᠢ ᠬᠤᠨᠢᠴᠢᠨ ᠨᠠᠰᠤ ᠬᠡᠨ᠎ᠡ᠃      15. ᠥᠬᠡᠯᠡᠢ ᠨᠠᠰᠤ᠃ ᠬᠡᠤᠬᠡᠤᠨ ᠨᠠᠰᠤᠨ ᠤ ᠲᠠᠪᠠᠭᠠᠨ ᠲᠡᠬᠡᠷ᠎ᠡ ᠭᠠᠷᠴᠤ᠂ ᠬᠥᠮᠤᠨ ᠶᠤᠰᠤᠨ ᠤ ᠤᠪᠤᠭ᠎ᠠ ᠲᠤᠭᠤᠷᠢᠨ ᠤᠷᠴᠢᠯᠠᠩ ᠳᠤ ᠭᠤᠷᠢᠯᠠᠬᠤ ᠨᠠᠰᠤ ᠪᠤᠯ ᠥᠬᠡᠯᠡᠢ ︵ᠥᠰᠬᠡᠯ︶ ᠨᠠᠰᠤ ᠮᠥᠨ᠃ ᠥᠬᠡᠯᠡᠢ ᠨᠠᠰᠤ ᠪᠤᠯ ᠤᠷᠢ ᠵᠠᠯᠠᠭᠤ ᠨᠠᠰᠤᠨ ᠤ ᠰᠠᠭᠤᠷᠢ᠃ 12 ᠊᠊᠊᠊᠊ 16 ᠨᠠᠰᠤ ᠪᠤᠯ ᠥᠬᠡᠯᠡᠢ ᠨᠠᠰᠤ ᠮᠥᠨ᠃      16. ᠠᠳᠤᠭᠤᠴᠢᠨ ᠨᠠᠰᠤ᠃ ᠥᠷᠯᠤᠬᠡ ᠶᠢᠨ ᠨᠠᠷᠠᠨ ᠠᠴᠠ ᠡᠮᠤᠨ᠎ᠡ ᠠᠳᠤᠭᠤ ᠬᠤᠷᠢᠶᠠᠬᠤ᠂ ᠡᠪᠤᠯ ᠤᠨ ᠰᠥᠨᠢ ᠠᠳᠤᠭᠤ ᠮᠠᠨᠠᠬᠤ ᠴᠡᠬᠡᠯ ᠳᠤ ᠬᠥᠷᠬᠦ ᠥᠶ᠎ᠡ ᠪᠤᠯ ᠠᠳᠤᠭᠤᠴᠢᠨ ᠨᠠᠰᠤ᠃ ᠡᠨᠡ ᠨᠢ ᠲᠤᠮᠳᠠᠴᠢ ᠪᠠᠷ 17 ᠨᠠᠰᠤᠨ ᠠᠴᠠ ᠬᠤᠶᠢᠰᠢᠬᠢ ᠨᠠᠰᠤ ᠶᠤᠮ᠃      17. ᠡᠷᠢᠯᠴᠢᠨ ᠨᠠᠰᠤ᠃ ᠰᠤᠮᠤ ᠰᠤᠩᠭᠠᠵᠤ᠂ ᠠᠶᠢᠮᠠᠭ ᠠᠯᠭᠠᠰᠠᠵᠤ ᠠᠯᠳᠠᠭᠤᠯ ᠮᠠᠯ ᠬᠠᠶᠢᠬᠤ᠂ ᠠᠵᠢᠭᠴᠢ ᠰᠠᠶᠢᠨ ᠤ ᠬᠥᠴᠤ ᠪᠠᠷ ᠤᠯᠬᠤ ᠨᠠᠰᠤ ᠶᠢ ᠡᠷᠢᠯᠴᠢᠨ ᠨᠠᠰᠤ ᠬᠡᠨ᠎ᠡ᠃ ᠡᠷᠢᠯᠴᠢᠨ ᠨᠠᠰᠤ ᠪᠠᠷ ᠨᠢ ᠬᠡᠤᠬᠡᠤᠨ ᠢ ᠮᠠᠯ ᠤᠯᠬᠤ᠂ ᠡᠷᠳᠡᠮ ᠤᠯᠬᠤ ᠶᠢᠨ ᠠᠯᠢ ᠨᠢ ᠪᠤᠯᠬᠤ ᠶᠢ ᠰᠢᠨᠵᠢᠳᠡᠭ ᠡᠷᠳᠡᠨ ᠤ ᠶᠤᠰᠤᠨ ᠪᠤᠢ᠃ ᠡᠨᠡ ᠪᠤᠯ ᠡᠷ᠎ᠠ ᠬᠥᠮᠤᠨ ᠳᠤ ᠶᠠᠰᠤᠨ ᠴᠢᠮᠤᠬᠡ᠂ ᠡᠮᠡᠭᠳᠡᠢ ᠬᠥᠮᠤᠨ ᠳᠤ ᠴᠢᠰᠤᠨ ᠴᠡᠨᠡᠭ ᠪᠥᠷᠢᠳᠭᠦ 18 ᠠᠴᠠ ᠬᠤᠶᠢᠰᠢᠬᠢ ᠨᠠᠰᠤ ᠪᠤᠯᠤᠨ᠎ᠠ᠃      18. ᠤᠷᠢ ᠵᠠᠯᠠᠭᠤ ᠨᠠᠰᠤ᠃ ᠪᠡᠶ᠎ᠡ᠂ ᠤᠶᠤᠨ᠂ ᠥᠡᠭᠭᠡ ᠵᠢᠰᠤ᠂ ᠴᠤᠭ ᠵᠢᠪᠬᠤᠭ᠎ᠠ᠂ ᠡᠷᠴᠢᠮ ᠠᠪᠬᠠᠯᠵᠢ᠂ ᠬᠥᠷᠳᠤ ᠵᠠᠭᠰᠠᠬᠤ ᠡᠨᠡ ᠰᠠᠶᠢᠬᠠᠨ ᠥᠶ᠎ᠡ ᠶᠢ ᠵᠠᠯᠠᠭᠤ ᠨᠠᠰᠤ ᠬᠡᠨ᠎ᠡ᠃ ᠮᠤᠩᠭᠤᠯ ᠤᠯᠠᠮᠵᠢᠯᠠᠯᠳᠤ ᠶᠤᠰᠤᠨ ᠳᠤ ᠵᠢᠪᠬᠤᠯᠠᠩ ᠥᠵᠡᠮᠵᠢ ᠵᠠᠭᠰᠠᠬᠤ᠂ ᠵᠢᠷᠭᠠᠯ ᠴᠡᠩᠭᠡᠯ ᠲᠡᠭᠰᠢᠷᠡᠬᠦ 25 ᠊᠊᠊᠊᠊ 35 ᠨᠠᠰᠤ ᠶᠢ ᠵᠠᠯᠠᠭᠤ ᠨᠠᠰᠤ ᠬᠡᠨ᠎ᠡ᠃      19. ᠢᠳᠡᠷ ᠨᠠᠰᠤ᠃ ᠵᠠᠯᠠᠭᠤ ᠨᠠᠰᠤᠨ ᠤ ᠤᠷᠬᠢᠯ ᠥᠶ᠎ᠡ᠃ ᠢᠳᠡᠷ ᠨᠠᠰᠤ ᠪᠤᠯ 35 ᠊᠊᠊᠊᠊ 45 ᠨᠠᠰᠤ ᠮᠥᠨ᠃      20. ᠬᠢᠵᠢᠶᠡᠯᠢ ᠨᠠᠰᠤ᠃ ᠤᠯᠠᠷᠢᠯ ᠤᠨ ᠪᠤᠯ ᠨᠠᠮᠤᠷ᠂ ᠨᠠᠷᠠᠨ ᠤ ᠪᠤᠯ ᠥᠳᠡ ᠲᠤᠮᠳᠠ ᠠᠴᠠ ᠬᠠᠵᠠᠶᠢᠭᠰᠠᠨ ᠥᠶ᠎ᠡ ᠲᠠᠢ ᠵᠦᠢᠷᠯᠠᠮ᠎ᠠ ᠨᠠᠰᠤ ᠶᠢ ᠬᠢᠵᠢᠶᠡᠯᠢ ᠨᠠᠰᠤ ᠬᠡᠨ᠎ᠡ᠃ ᠡᠨᠡ ᠨᠢ ᠲᠠᠪᠢ᠂ ᠲᠡᠬᠦᠨ ᠠᠴᠠ ᠮᠤᠯᠳᠤᠷᠠᠵᠤ ᠪᠤᠢ ᠨᠠᠰᠤ ᠬᠡᠬᠦ ᠤᠳᠬ᠎ᠠ ᠲᠠᠢ᠃      21. ᠥᠨᠳᠤᠷ ᠨᠠᠰᠤ᠃ ᠠᠷᠢᠭ ᠪᠤᠶᠠᠨ ᠢᠶᠠᠨ ᠡᠳ᠋ᠯᠡᠵᠤ᠂ ᠠᠴᠢ ᠭᠤᠴᠢ ᠳᠠᠭᠠᠨ ᠬᠥᠨᠳᠤᠯᠡᠭᠳᠡᠨ ᠪᠤᠢ ᠨᠠᠰᠤ ᠶᠢ ᠥᠨᠳᠤᠷ ᠨᠠᠰᠤᠳᠠᠨ ᠬᠡᠳᠡᠭ᠃ ᠡᠨᠡ ᠪᠤᠯ 60 ᠠᠴᠠ ᠲᠡᠬᠡᠭᠰᠢ ᠨᠠᠰᠤ ᠪᠤᠯᠤᠨ᠎ᠠ᠃      22. ᠶᠡᠭᠡ ᠨᠠᠰᠤ᠃ ᠨᠠᠶᠠ ᠠᠴᠠ ᠲᠡᠬᠡᠭᠰᠢ ᠵᠢᠯ ᠨᠠᠭᠠᠳᠤᠮ ᠥᠵᠡᠵᠤ ᠶᠠᠪᠤᠭ᠎ᠠ ᠪᠤᠶᠠᠨᠳᠠᠢ ᠪᠤᠭᠤᠷᠤᠯ ᠤᠳ ᠢᠶᠠᠨ ᠶᠡᠭᠡ ᠨᠠᠰᠤᠳᠠᠨ ᠬᠡᠳᠡᠭ᠃     23. ᠲᠤᠷᠠᠬᠷᠤᠤ ᠨᠠᠰᠤ᠃ 80 ᠠᠴᠠ ᠲᠡᠬᠡᠭᠰᠢ ᠨᠠᠰᠤᠳᠠᠢ᠂ ᠪᠡᠶ᠎ᠡ ᠨᠢ ᠡᠳᠤᠷ ᠠᠴᠠ ᠡᠳᠤᠷ ᠲᠤᠷᠦ᠋ᠢᠳᠠᠨ ᠪᠤᠢ ᠬᠥᠭᠰᠢᠤᠨ ᠢ ᠨᠠᠰᠤᠨ ᠲᠤᠷᠠᠭᠷᠤᠤ ᠪᠤᠯᠵᠠᠢ ᠬᠡᠮᠡᠨ᠎ᠡ᠃      24. ᠮᠦᠢᠬᠤ ᠨᠠᠰᠤ᠃ ᠶᠡᠷᠡ᠂ ᠵᠠᠭᠤ᠂ ᠲᠡᠬᠦᠨ ᠠᠴᠠ ᠲᠡᠬᠡᠭᠰᠢ ᠨᠠᠰᠤᠯᠠᠵᠤ ᠤᠢ ᠲᠤᠨᠢ ᠨᠢ ᠰᠤᠯᠠᠳᠠᠭᠠᠤᠨ ᠬᠥᠯ ᠳᠤ ᠤᠷᠤᠵᠤ ᠪᠤᠢ ᠬᠡᠤᠬᠡᠤᠨ᠂ ᠬᠡᠯᠡ ᠳᠤ ᠤᠷᠤᠵᠤ ᠪᠤᠢ ᠵᠢᠭᠠᠯ ᠰᠢᠬ ᠰᠠᠪᠠᠭ᠎ᠠ ᠥᠬᠡᠶᠢᠳᠡᠨ᠂ ᠥᠯᠤᠬᠡᠶᠢᠳᠡᠬᠦᠯᠬᠦ ᠠᠴᠠ ᠨᠠᠭᠠᠭᠤᠷ ᠠᠰᠠᠷᠠᠭᠤᠯᠬᠤ ᠥᠶ᠎ᠡ ᠶᠢ ᠮᠦᠢᠬᠤ ᠨᠠᠰᠤ ᠬᠡᠨ᠎ᠡ᠃ ᠪᠠᠰᠠ ᠵᠥᠨᠤᠭᠦ ᠨᠠᠰᠤ ᠴᠤ ᠬᠡᠳᠡᠭ᠃      25. ᠨᠡᠷᠡᠳᠤ ᠠᠴᠠ ᠪᠤᠴᠠᠬᠤ ᠨᠠᠰᠤ᠃ ᠤᠷᠴᠢᠯᠠᠩ ᠤᠨ ᠮᠥᠡᠭᠭᠡ ᠵᠠᠮ ᠠᠴᠠ ᠬᠡᠨ ᠴᠤ ᠪᠤᠯᠳᠠᠵᠤ ᠥᠯᠤ ᠴᠢᠳᠠᠨ᠎ᠠ᠃ ᠲᠠᠶᠢᠨ ᠬᠦ ᠪᠠᠭᠤᠵᠤ ᠥᠳᠡᠯᠬᠦ ᠬᠤᠷ᠊ ᠣᠠ᠋ ᠠᠴᠠ ᠡᠬᠡᠬᠦ ᠵᠢᠯ ᠢ ᠨᠡᠷᠡᠳᠤ ᠠᠴᠠ ᠪᠤᠴᠠᠬᠤ ᠨᠠᠰᠤ ᠬᠡᠨ᠎ᠡ᠃      ᠰᠤᠨᠢᠷᠬᠠᠯᠳᠠᠢ ᠪᠠᠶᠢᠭ᠎ᠠ ᠪᠢᠵᠠ᠃ ᠬᠥᠮᠤᠨ ᠬᠡᠭᠴᠢ ︽ᠨᠠᠰᠤ ᠪᠠᠷ ᠢᠶᠠᠨ ᠰᠤᠷᠴᠤ᠂ ᠨᠠᠮᠤᠷ ᠢᠶᠠᠷ ᠬᠥᠷᠤᠩᠭᠡᠰᠢᠨ᠎ᠡ︾ ᠬᠡᠳᠡᠭ᠃ ᠬᠥᠮᠤᠨ ᠤ ᠨᠢᠬᠡ ᠨᠠᠰᠤᠨ ᠳᠤ ᠰᠤᠶᠤᠯ ᠰᠤᠷᠭᠠᠯ᠂ ᠲᠥᠷᠢᠮ ᠶᠤᠰᠤ ᠬᠥᠨ᠎ᠡ ᠬᠠᠳᠠᠭᠠᠯᠠᠭᠰᠠᠨ ᠨᠢ ᠶᠠᠭᠤᠳᠠᠢ ᠭᠠᠶᠢᠬᠠᠮᠰᠢᠭ ᠠᠵᠢ᠃
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ