| ᠨᠠᠷᠢᠮᠣ ᠪᠣᠯ ᠬᠤᠷᠴᠢᠨᠴᠣᠳ ᠤᠨ ᠴᠢᠬᠤᠯᠠ ᠲᠠᠷᠢᠮᠠᠯ ᠤᠨ ᠨᠢᠭᠡ ᠲᠦᠷᠦᠯ ᠪᠣᠯᠬᠤᠷ ᠬᠤᠷᠴᠢᠨ ᠲᠠᠷᠢᠶᠠᠴᠢᠳ ᠠᠴᠠ ᠨᠠᠷᠢᠮᠣ ᠶᠢ ᠲᠠᠪᠣᠨ ᠲᠠᠷᠢᠶᠠᠨ ᠤ | ᠲᠣᠳᠣᠷᠠᠬᠢ ᠨᠢᠭᠡ ᠨᠢ ᠭᠡᠵᠦ ᠦᠵᠡᠳᠡᠭ᠃ ᠬᠤᠷᠴᠢᠨᠴᠣᠳ ᠨᠠᠷᠢᠮᠣ ᠶᠢ ᠮᠣᠩᠭᠤᠯ ᠠᠮᠣ᠂ ᠰᠠᠭᠠᠬ᠂ ᠨᠠᠩᠬᠢ ᠵᠡᠷᠭᠡ ᠶᠢᠨ ᠲᠠᠷᠢᠮᠠᠯ ᠠᠴᠠ ᠰᠡᠭᠦᠯ ᠳᠤ ᠲᠠᠷᠢᠬᠤ | ᠪᠣᠯᠣᠬᠰᠠᠨ ᠪᠣᠯᠪᠠᠴᠦ ᠨᠠᠷᠢᠮᠣ ᠶᠢᠨ ᠣᠯᠠᠨ ᠵᠦᠢᠯ ᠤᠨ ᠬᠡᠷᠡᠭᠴᠡᠭᠡ ᠨᠢ ᠬᠤᠷᠴᠢᠨᠴᠣᠳ ᠤᠨ ᠠᠮᠢᠳᠣᠷᠠᠯ ᠠᠬᠤᠢ ᠶᠢᠨ ᠲᠡᠭᠡᠭᠰᠢᠯᠡᠯᠳᠡ ᠳᠤ ᠶᠡᠬᠡᠬᠡᠨ ᠬᠤᠪᠢ ᠨᠡᠮᠡᠷᠢ | ᠦᠵᠡᠭᠦᠯᠦᠭᠰᠡᠨ ᠪᠢᠯᠡ᠃ | ᠨᠠᠷᠢᠮᠣ ᠶᠢᠨ ᠡᠭᠦᠰᠦᠯ ᠭᠠᠷᠣᠯ ᠵᠢᠴᠢ ᠲᠣᠮᠤᠬ ᠶᠠᠷᠢᠶ᠎ᠠ | ᠨᠠᠷᠢᠮᠣ ᠨᠢ ᠬᠤᠷᠴᠢᠨ ᠨᠣᠳᠤᠬ ᠲᠤ ᠨᠡᠯᠢᠶᠡᠳ ᠬᠤᠵᠢᠭᠤ ᠰᠢᠬ ᠲᠠᠷᠢᠬᠳᠠᠬᠤ ᠪᠣᠯᠣᠬᠰᠠᠨ ᠪᠣᠯᠪᠠᠴᠦ ᠬᠦᠮᠦᠨ ᠲᠦᠷᠦᠯᠬᠢᠳᠡᠨ ᠨᠠᠷᠢᠮᠣ ᠶᠢ ᠲᠠᠷᠢᠵᠦ | ᠬᠡᠷᠡᠭᠯᠡᠭᠰᠡᠨ ᠨᠢ ᠨᠡᠯᠢᠶᠡᠳ ᠡᠷᠳᠡᠨ ᠤ ᠣᠴᠢᠷ ᠪᠣᠯᠣᠨ᠎ᠠ᠃ ᠪᠠᠯᠠᠷ ᠡᠷᠳᠡᠨ ᠤ ᠬᠦᠮᠦᠰ ᠤᠨ ᠠᠮᠢᠳᠣᠷᠠᠵᠦ ᠪᠠᠶᠢᠬᠰᠠᠨ ᠬᠠᠭᠤᠴᠢᠰ ᠪᠠᠭᠤᠷᠢ ᠶᠢᠨ ᠮᠠᠯᠳᠠᠮᠠᠯ ᠵᠢᠴᠢ | ᠡᠷᠳᠡᠮᠳᠡᠳ ᠤᠨ ᠰᠣᠳᠣᠯᠭᠠᠨ ᠢ ᠦᠨᠳᠦᠰᠦᠯᠡᠪᠡᠯ ᠨᠠᠷᠢᠮᠣ ᠶᠢᠨ ᠡᠭᠦᠰᠦᠯ ᠭᠠᠷᠣᠯ ᠨᠢ ᠲᠣᠮᠳᠠᠳᠦ ᠣᠯᠣᠰ ᠤᠨ ᠡᠷᠳᠡᠨ ᠤ ᠬᠠᠳᠣᠨ ᠭᠤᠣᠯ ᠤᠨ ᠰᠠᠪᠠ ᠭᠠᠵᠠᠷ | ᠪᠣᠯᠬᠤ ᠨᠢ ᠨᠡᠯᠢᠶᠡᠳ ᠪᠠᠳᠣᠳᠠᠢ ᠣᠴᠢᠷ ᠪᠣᠯᠵᠠᠢ᠃ ᠡᠶᠢᠮᠦ ᠠᠴᠠ ᠨᠠᠷᠢᠮᠣ ᠨᠢ ᠪᠡᠯᠡᠷ ᠡᠷᠳᠡᠨ ᠤ ᠦᠶ᠎ᠡ ᠠᠴᠠ ᠲᠠᠷᠢᠵᠦ ᠬᠡᠷᠡᠭᠯᠡᠵᠦ ᠢᠷᠡᠭᠰᠡᠨ ᠦᠨᠢ ᠣᠳᠠᠭᠠᠨ | ᠲᠡᠦᠬᠡ ᠲᠠᠢ ᠲᠠᠷᠢᠮᠠᠯ ᠤᠨ ᠨᠢᠭᠡ ᠲᠦᠷᠦᠯ ᠪᠣᠯᠣᠨ᠎ᠠ᠃ ᠮᠦᠨ ᠴᠦ ᠲᠣᠮᠳᠠᠳᠦ ᠣᠯᠣᠰ ᠨᠢ ᠨᠠᠷᠢᠮᠣ ᠶᠢᠨ ᠡᠭᠦᠰᠦᠯ ᠤᠨ ᠭᠠᠵᠠᠷ ᠬᠡᠮᠡᠨ ᠲᠡᠯᠡᠬᠡᠢ ᠳ᠋ᠠᠬᠢᠨ ᠳᠤ | ᠮᠡᠳᠡᠷᠡᠭᠳᠡᠵᠡᠢ᠃ ᠡᠷᠳᠡᠮᠳᠡᠳ ᠤᠨ ᠰᠣᠳᠣᠯᠭᠠᠨ ᠠᠴᠠ ᠭᠠᠳᠠᠨ᠎ᠠ ᠲᠣᠮᠳᠠᠳᠦ ᠶᠢᠨ ᠲᠠᠷᠢᠶᠠᠴᠢᠨ ᠠᠷᠠᠳ ᠤᠨ ᠲᠣᠮᠳᠠ ᠪᠠᠰᠠ ᠨᠠᠷᠢᠮᠣ ᠶᠢᠨ ᠡᠭᠦᠰᠦᠯ ᠭᠠᠷᠣᠯ ᠤᠨ | ᠲᠣᠬᠠᠢ ᠦᠯᠢᠭᠡᠷ ᠲᠣᠮᠤᠬ ᠣᠳᠣ ᠳᠤ ᠲᠣᠯᠳᠠᠯ᠎ᠠ ᠣᠯᠠᠮᠵᠢᠯᠠᠬᠳᠠᠬᠰᠠᠭᠠᠷ ᠪᠠᠶᠢᠨ᠎ᠠ᠃ | ᠡᠷᠳᠡ ᠣᠷᠢᠳᠦ ᠶᠢᠨ ᠴᠠᠬ ᠲᠤ ᠬᠦᠮᠦᠨ ᠲᠦᠷᠦᠯᠬᠢᠳᠡᠨ ᠲᠠᠷᠢᠶ᠎ᠠ ᠭᠡᠳᠡᠭ ᠢ ᠮᠡᠳᠡᠬᠦ ᠦᠭᠡᠢ ᠪᠣᠯᠬᠤᠷ ᠬᠡᠭᠡᠷ᠎ᠡ ᠶᠢᠨ ᠡᠪᠡᠰᠦ ᠨᠣᠭᠤᠭ᠎ᠠ ᠶᠢ ᠲᠡᠭᠦᠵᠦ ᠢᠳᠡᠨ | ᠦᠯ ᠵᠠᠯᠭᠠᠵᠦ ᠠᠮᠢ ᠭᠤᠣᠯ ᠲᠠᠢ ᠶᠠᠪᠣᠵᠦ ᠪᠠᠶᠢᠬᠰᠠᠨ ᠶᠣᠮ ᠭᠡᠨ᠎ᠡ᠃ ᠨᠢᠭᠡ ᠡᠳᠦᠷ ᠬᠡᠳᠦᠨ ᠬᠦᠮᠦᠰ ᠬᠡᠭᠡᠷ᠎ᠡ ᠶᠢᠨ ᠨᠣᠭᠤᠭ᠎ᠠ ᠶᠢ ᠲᠡᠭᠦᠵᠦ ᠠᠪᠣᠭᠠᠳ ᠬᠦᠯᠢᠭᠡᠷ | ᠴᠢᠯᠠᠭᠤ ᠶᠢ ᠲᠣᠭᠤᠷᠢᠨ ᠰᠠᠭᠤᠭᠠᠳ ᠢᠳᠡᠵᠦ ᠪᠠᠶᠢᠳᠠᠯ᠎ᠠ ᠨᠢᠭᠡᠨ ᠪᠢᠯᠵᠣᠣᠬᠠᠢ ᠰᠣᠮᠣ ᠰᠢᠬ ᠨᠢᠰᠦᠨ ᠢᠷᠡᠭᠡᠳ ᠬᠦᠮᠦᠰ ᠤᠨ ᠲᠣᠭᠤᠷᠢᠵᠦ ᠰᠠᠭᠤᠬᠰᠠᠨ ᠬᠦᠯᠢᠭᠡᠷ | ᠴᠢᠯᠠᠭᠤᠨ ᠲᠡᠭᠡᠷ᠎ᠡ ᠪᠠᠭᠤᠬᠰᠠᠨ ᠭᠡᠨ᠎ᠡ᠃ ᠬᠦᠮᠦᠨ ᠵᠣᠨ ᠣᠯᠠᠨ ᠴᠣᠬᠯᠠᠷᠠᠵᠦ ᠪᠠᠶᠢᠭ᠎ᠠ ᠭᠠᠵᠠᠷ ᠢ ᠴᠦ ᠬᠠᠮᠢᠶᠠᠷᠣᠯ ᠦᠭᠡᠢ ᠪᠠᠷ ᠨᠢᠰᠣᠨ ᠢᠷᠡᠭᠰᠡᠨ ᠡᠨᠡ ᠬᠦ | ᠪᠢᠯᠵᠣᠣᠬᠠᠢ ᠨᠢ ᠣᠯᠠᠨ ᠤ ᠠᠩᠬᠠᠷᠣᠯ ᠢ ᠶᠡᠬᠡᠳᠡ ᠲᠠᠳᠠᠪᠠ᠃ ᠣᠯᠠᠨ ᠤ ᠲᠣᠮᠳᠠ ᠠᠴᠠ ᠨᠢᠭᠡᠨ ᠵᠠᠯᠠᠭᠤ ᠪᠢᠯᠵᠣᠣᠬᠠᠢ ᠶᠢ ᠬᠡᠰᠡᠭ ᠠᠵᠢᠬᠯᠠᠵᠦ ᠪᠠᠶᠢᠬᠰᠠᠨ ᠢᠶᠠᠨ | ᠭᠡᠨᠡᠳᠳᠡ ︽ᠡᠨᠡ ᠪᠢᠯᠵᠣᠣᠬᠠᠢ ᠠᠮᠠᠨ ᠳᠠᠭᠠᠨ ᠶᠠᠭᠤ ᠵᠠᠭᠤᠵᠦ ᠪᠠᠶᠢᠬᠤ ᠪᠣᠢ︖︾ ᠭᠡᠵᠦ ᠭᠠᠶᠢᠬᠠᠰᠢᠷᠠᠨ ᠠᠰᠠᠭᠤᠬᠤ ᠳᠤ ᠣᠯᠠᠨ ᠤ ᠬᠠᠷᠠᠴᠠ ᠪᠢᠯᠵᠣᠣᠬᠠᠢ ᠶᠢᠨ | ᠵᠢᠵᠢᠭ ᠬᠤᠰᠢᠭᠤ ᠦᠭᠡᠳᠡ ᠲᠦᠪᠯᠡᠷᠡᠪᠡ᠃ ᠪᠢᠯᠵᠣᠣᠬᠠᠢ ᠬᠠᠷᠢᠨ ᠬᠤᠰᠢᠭᠤᠨ ᠳᠠᠭᠠᠨ ᠬᠢᠯᠳᠦᠭᠡᠨᠡᠭᠰᠡᠨ ᠬᠢᠯᠠᠭᠠᠷ ᠰᠢᠷ᠎ᠠ ᠵᠢᠵᠢᠭ ᠮᠦᠬᠦᠯᠢᠭ ᠵᠠᠭᠤᠴᠢᠬᠠᠭᠠᠳ ᠨᠠᠭᠠᠰᠢ | ᠴᠠᠭᠠᠰᠢ ᠲᠡᠪᠳᠡᠷᠢᠨ ᠦᠰᠦᠷᠴᠦ ᠪᠠᠶᠢᠬᠰᠠᠨ ᠪᠠᠶᠢᠵᠠᠢ᠃ ᠬᠦᠮᠦᠰ ᠪᠢᠯᠵᠣᠣᠬᠠᠢ ᠶᠢᠨ ᠠᠮᠠᠨ ᠳᠠᠬᠢ ᠬᠢᠯᠠᠭᠠᠷ ᠰᠢᠷ᠎ᠠ ᠶᠠᠭᠤᠮ᠎ᠠ ᠨᠢ ᠴᠣᠬᠤᠮ ᠶᠠᠭᠤ ᠪᠣᠯᠬᠤ ᠶᠢ ᠬᠠᠷᠠᠬᠤ | ᠭᠡᠵᠦ ᠦᠨᠳᠡᠯᠵᠡᠨ ᠪᠣᠰᠴᠠᠭᠠᠪᠠ᠃ ᠬᠦᠮᠦᠰ ᠤᠨ ᠦᠢᠮᠡᠬᠡᠨ ᠳᠤ ᠰᠣᠴᠢᠬᠰᠠᠨ ᠪᠢᠯᠵᠣᠣᠬᠠᠢ ᠨᠢᠰᠣᠨ ᠶᠠᠪᠣᠬᠤ ᠳᠠᠭᠠᠨ ᠠᠮᠠᠨ ᠳᠠᠭᠠᠨ ᠵᠠᠭᠤᠬᠰᠠ ᠰᠢᠷ᠎ᠠ | ᠮᠦᠬᠦᠯᠢᠭ ᠢᠶᠠᠨ ᠭᠠᠵᠠᠷ ᠠᠯᠳᠠᠴᠢᠬᠠᠬᠰᠠᠨ ᠪᠠᠶᠢᠵᠠᠢ᠃ ᠰᠢᠷ᠎ᠠ ᠮᠦᠬᠦᠯᠢᠭ ᠪᠦᠮᠪᠦᠷᠢᠭᠰᠡᠭᠡᠷ ᠬᠦᠯᠢᠭᠡᠷ ᠴᠢᠯᠠᠭᠤ ᠶᠢᠨ ᠵᠠᠪᠰᠠᠷ ᠣᠨᠠᠪᠠ᠃ ᠬᠦᠮᠦᠰ ᠰᠢᠷ᠎ᠠ ᠮᠦᠬᠦᠯᠢᠭ ᠢ | ᠠᠪᠬᠤ ᠭᠡᠵᠦ ᠬᠦᠯᠢᠭᠡᠷ ᠴᠢᠯᠠᠭᠤ ᠶᠢ ᠰᠢᠯᠵᠢᠭᠦᠯᠵᠦ ᠪᠠᠶᠢᠳᠠᠯ᠎ᠠ ᠴᠢᠯᠠᠭᠤᠨ ᠤ ᠵᠠᠪᠰᠠᠷ ᠠᠴᠠ ᠨᠢᠭᠡᠨ ᠰᠢᠷᠭᠤᠯᠵᠢ ᠰᠢᠷ᠎ᠠ ᠮᠦᠬᠦᠯᠢᠭ ᠢ ᠵᠠᠭᠤᠬᠰᠠᠭᠠᠷ ᠭᠠᠷᠴᠦ ᠢᠷᠡᠭᠡᠳ | ᠨᠦᠬᠡᠨ ᠳᠡᠭᠡᠨ ᠣᠷᠣᠬᠤ ᠨᠢ ᠬᠠᠷᠠᠬᠳᠠᠪᠠ᠃ ᠬᠦᠮᠦᠰ ᠰᠢᠷ᠎ᠠ ᠮᠦᠬᠦᠯᠢᠭ ᠢ ᠠᠪᠬᠤ ᠶᠢᠨ ᠲᠦᠯᠦᠭᠡ ᠰᠢᠷᠭᠤᠯᠵᠢ ᠶᠢᠨ ᠡᠭᠦᠷ ᠢ ᠮᠠᠯᠳᠠᠨ ᠡᠪᠳᠡᠯᠡᠭᠰᠡᠨ ᠪᠣᠯᠪᠠᠴᠦ ᠰᠢᠷ᠎ᠠ | ᠮᠦᠬᠦᠯᠢᠭ ᠣᠯᠳᠠᠬᠰᠠᠨ ᠦᠭᠡᠢ ᠪᠣᠯᠬᠤᠷ ᠣᠷᠮ᠎ᠠ ᠮᠠᠭᠤᠳᠠᠢ ᠬᠠᠷᠢᠵᠠᠭᠠᠪᠠ᠃ ᠲᠠᠷᠠᠭ᠎ᠠ ᠵᠢᠯ ᠨᠢ ᠰᠢᠷᠭᠤᠯᠵᠢ ᠶᠢᠨ ᠡᠭᠦᠷ ᠤᠨ ᠬᠠᠵᠠᠭᠤ ᠠᠴᠠ ᠨᠢᠭᠡᠨ ᠴᠡᠯᠭᠡᠷᠡᠭᠰᠡᠨ | ᠬᠦᠬᠡ ᠣᠷᠭᠤᠮᠠᠯ ᠣᠷᠭᠤᠭᠠᠳ ᠪᠠᠶᠢᠬᠤ ᠶᠢ ᠬᠦᠮᠦᠰ ᠣᠯᠵᠦ ᠬᠠᠷᠠᠭᠠᠳ ᠶᠡᠬᠡᠳᠡ ᠭᠠᠶᠢᠬᠠᠵᠦ ᠬᠠᠵᠠᠭᠤ ᠶᠢᠨ ᠬᠢᠨᠢ ᠡᠪᠡᠰᠦ ᠪᠣᠵᠠᠷ ᠢ ᠨᠢ ᠦᠭᠳᠡᠭᠡᠨ ᠴᠡᠪᠡᠷᠯᠡᠵᠦ | ᠦᠭᠭᠦᠭᠰᠡᠨ ᠶᠣᠮ ᠭᠡᠨ᠎ᠡ᠃ ᠨᠠᠮᠣᠷ ᠪᠣᠯᠬᠤ ᠳᠤ ᠡᠨᠡ ᠬᠦ ᠣᠷᠭᠤᠮᠠᠯ ᠨᠢ ᠪᠡᠶ᠎ᠡ ᠪᠠᠨ ᠲᠠᠭᠠᠭᠠᠬᠤ ᠦᠭᠡᠢ ᠪᠣᠯᠳᠠᠯ᠎ᠠ ᠲᠣᠯᠣᠭᠠᠢᠢᠯᠠᠵᠦ᠂ ᠲᠣᠯᠣᠭᠠᠢ ᠲᠡᠭᠡᠷ᠎ᠡ ᠨᠢ ᠮᠠᠰᠢ | ᠣᠯᠠᠨ ᠬᠢᠯᠠᠭᠠᠷ ᠰᠢᠷ᠎ᠠ ᠮᠦᠬᠦᠯᠢᠭ ᠪᠠᠭᠰᠢᠷᠠᠨ ᠰᠠᠭᠤᠬᠰᠠᠨ ᠨᠢ ᠬᠠᠷᠠᠬᠳᠠᠵᠠᠢ᠃ ᠬᠦᠮᠦᠰ ᠡᠨᠡ ᠬᠦ ᠬᠢᠯᠠᠭᠠᠷ ᠰᠢᠷ᠎ᠠ ᠮᠦᠬᠦᠯᠢᠭ ᠤᠳ ᠢ ᠨᠢ ᠮᠦᠯᠢᠵᠦ ᠠᠪᠣᠭᠠᠳ | ᠬᠢᠮᠠᠭᠠᠳᠠᠨ ᠬᠠᠳᠠᠭᠠᠯᠠᠬᠰᠠᠭᠠᠷ ᠪᠠᠶᠢᠵᠦ ᠲᠠᠷᠠᠭ᠎ᠠ ᠬᠠᠪᠣᠷ ᠨᠢ ᠪᠣᠯᠬᠤ ᠦᠶᠡᠰ ᠡᠳᠡᠭᠡᠷ ᠮᠦᠬᠦᠯᠢᠭ ᠤᠳ ᠢᠶᠠᠨ ᠰᠢᠮᠡᠯᠢᠭ ᠭᠠᠵᠠᠷ ᠢ ᠰᠣᠩᠭᠤᠨ ᠪᠠᠶᠢᠵᠦ ᠪᠦᠬᠦᠨ ᠢ | ᠲᠠᠷᠢᠬᠰᠠᠨ ᠶᠣᠮ ᠭᠡᠨ᠎ᠡ᠃ ᠡᠨᠡ ᠮᠡᠳᠦ ᠪᠠᠷ ᠬᠤᠶᠠᠷᠬᠠᠨ ᠵᠢᠯ ᠦᠡᠭᠭᠡᠷᠡᠬᠦ ᠶᠢᠨ ᠬᠢᠷᠢ ᠳᠤ ᠬᠢᠯᠠᠭᠠᠷ ᠰᠢᠷ᠎ᠠ ᠮᠦᠬᠦᠯᠢᠭ ᠤᠨ ᠲᠠᠷᠢᠶ᠎ᠠ ᠪᠣᠢ ᠪᠣᠯᠵᠦ᠂ ᠮᠦᠬᠦᠯᠢᠭ ᠢ ᠨᠢ | ᠭᠠᠳᠠᠷ ᠲᠣᠬᠳᠣᠢ ᠠᠴᠠ ᠨᠢ ᠰᠠᠯᠭᠠᠨ ᠠᠪᠣᠪᠠᠯ ᠬᠦᠨᠡᠰᠦ ᠪᠣᠯᠭᠠᠨ ᠬᠡᠷᠡᠭᠯᠡᠵᠦ ᠪᠣᠯᠬᠤ ᠶᠢ ᠬᠦᠮᠦᠰ ᠮᠡᠳᠡᠭᠡᠳ ︽ᠨᠠᠷᠢᠮᠣ︾ ᠭᠡᠵᠦ ᠨᠡᠷᠡᠯᠡᠭᠰᠡᠨ ᠶᠣᠮ ᠭᠡᠨ᠎ᠡ᠃ | ᠠᠷᠠᠳ ᠤᠨ ᠲᠣᠮᠳᠠ ᠣᠯᠠᠮᠵᠢᠯᠠᠬᠳᠠᠬᠰᠠᠨ ᠡᠨᠡ ᠬᠦ ᠦᠯᠢᠭᠡᠷ ᠨᠢ ᠨᠠᠷᠢᠮᠣ ᠶᠢᠨ ᠪᠣᠢ ᠪᠣᠯᠣᠬᠰᠠᠨ ᠲᠣᠬᠠᠢ ᠪᠠᠳᠣᠳᠠᠢ ᠡᠰᠡᠬᠦ ᠨᠢ ᠲᠣᠳᠣᠷᠬᠠᠢ ᠪᠢᠰᠢ ᠪᠣᠯᠪᠠᠴᠦ | ᠨᠠᠷᠢᠮᠣ ᠭᠡᠳᠡᠭ ᠲᠠᠷᠢᠮᠠᠯ ᠢ ᠬᠡᠷᠭᠢᠵᠦ ᠲᠠᠷᠢᠬᠤ ᠪᠣᠯᠣᠬᠰᠠᠨ ᠲᠣᠬᠠᠢ ᠬᠦᠮᠦᠰ ᠲᠤ ᠲᠦᠭᠦᠮ ᠣᠢᠢᠯᠠᠭᠠᠯᠳᠠ ᠦᠭᠴᠦ ᠴᠢᠳᠠᠬᠤ ᠨᠢ ᠯᠠᠪᠳᠠᠢ᠃ ᠶᠠᠭᠤ ᠴᠤ ᠭᠡᠰᠡᠨ | ᠨᠠᠷᠢᠮᠣ ᠶᠢᠨ ᠪᠣᠢ ᠪᠣᠯᠣᠬᠰᠠᠨ ᠭᠠᠵᠠᠷ ᠢ ᠲᠡᠯᠡᠬᠡᠢ ᠶᠢᠨ ᠣᠯᠠᠨ ᠡᠷᠳᠡᠮᠳᠡᠨ ᠠᠴᠠ ᠲᠣᠮᠳᠠᠳᠦ ᠣᠯᠣᠰ ᠤᠨ ᠣᠮᠠᠷᠠᠳᠦ ᠣᠷᠣᠨ ᠭᠡᠵᠦ ᠨᠢᠭᠡᠳᠦᠯᠳᠡᠢ ᠦᠵᠡᠳᠡᠭ ᠪᠦᠭᠡᠳ | ᠲᠡᠦᠬᠡ ᠰᠣᠳᠣᠷ ᠲᠤ ᠴᠦ ᠮᠣᠩᠭᠤᠯᠴᠣᠳ ᠠᠯᠢ ᠡᠷᠳᠡ ᠠᠴᠠ ᠠᠪᠣᠭᠠᠳ ᠨᠠᠷᠢᠮᠣ ᠲᠠᠷᠢᠵᠦ ᠪᠠᠶᠢᠬᠰᠠᠨ ᠲᠡᠮᠳᠡᠭᠯᠡᠯ ᠪᠠᠶᠢᠳᠠᠬ᠃ ᠦᠷᠡᠳᠣᠬᠳᠠᠬᠤ ᠭᠡᠷᠡᠯᠴᠡᠴᠡᠭ ᠤᠨ | ᠵᠣᠬᠢᠶᠠᠬᠰᠠᠨ ︽ᠮᠣᠩᠭᠤᠯ ᠤᠨ ᠲᠠᠷᠢᠶᠠᠯᠠᠩ ᠠᠵᠣ ᠠᠬᠤᠢ ᠬᠢᠭᠡᠳ ᠲᠡᠭᠦᠨ ᠤ ᠬᠤᠪᠢᠷᠠᠯᠳᠠ︾ ᠭᠡᠬᠦ ᠨᠣᠮ ᠳᠤ ᠲᠡᠮᠳᠡᠭᠯᠡᠭᠰᠡᠨ ᠢᠶᠠᠷ᠂ ︽ᠣᠳᠬᠠᠴᠢ ᠲᠦᠰᠢᠮᠡᠯ | ᠵᠧᠦ ᠶᠢᠨ ᠭᠤᠸᠠᠩ ᠤᠨ ᠲᠡᠭᠦᠪᠦᠷᠢ︾ ᠳᠤ᠄ ︽ᠲᠡᠷᠡ ᠭᠠᠵᠠᠷ ᠢ ᠮᠣᠩᠭᠤᠯ ᠢᠶᠠᠷ ᠵᠠᠯᠢ ᠬᠠᠷᠠᠨᠠᠪᠤ ᠭᠡᠳᠡᠭ᠂ ᠬᠤᠶᠠᠷ ᠭᠤᠣᠯ ᠤᠨ ᠵᠠᠪᠰᠠᠷ ᠢᠶᠠᠷ ᠰᠢᠪᠠᠷ ᠪᠠᠶᠢᠰᠢᠩ | ᠬᠤᠸᠠ ᠲᠣᠪᠤ ᠵᠢᠭᠳᠡᠷᠡᠵᠦ ᠬᠠᠷᠠᠬᠳᠠᠮᠣᠢ᠂ ᠵᠠᠭᠤ ᠢᠯᠡᠭᠦᠦ ᠭᠠᠵᠠᠷ ᠴᠡᠯᠡᠶᠢᠭᠰᠡᠨ ᠠᠭᠤᠳᠠᠮ ᠬᠦᠨᠳᠡᠢ ᠳᠤᠷ ᠬᠠᠶᠠᠭ᠎ᠠ ᠬᠠᠶᠠᠭ᠎ᠠ ᠪᠠᠨ ᠨᠠᠭᠠᠯᠳᠣᠬᠰᠠᠨ ᠭᠤᠷᠪᠠᠨ ᠵᠠᠭᠤ | ᠢᠯᠡᠭᠦᠦ ᠡᠷᠦᠬᠡ ᠰᠠᠭᠤᠮᠣᠢ᠂ ᠣᠯᠠᠨ ᠠᠶᠢᠮᠠᠬ ᠤᠨ ᠢᠷᠭᠡᠳ ᠬᠢᠳᠠᠳ ᠬᠦᠮᠦᠨ ᠯᠦᠭᠡ ᠬᠤᠯᠢᠯᠳᠣᠨ ᠨᠣᠳᠣᠬᠯᠠᠬᠰᠠᠨ ᠠᠨᠣ ᠦᠨᠡᠬᠡᠷ ᠬᠤᠳᠠ ᠵᠡᠭᠡᠯᠢ ᠮᠡᠳᠦ | ᠰᠠᠨᠠᠬᠳᠠᠮᠣᠢ ᠁ ᠲᠡᠳᠡ ᠪᠠᠰᠠ ᠦᠬᠡᠷ ᠲᠡᠵᠢᠭᠡᠵᠦ᠂ ᠨᠠᠷᠢᠮᠣ ᠲᠠᠷᠢᠬᠤ ᠲᠠᠳᠬᠠᠯ ᠲᠠᠢ ᠪᠦᠭᠡᠳ ᠬᠦᠮᠦᠨ ᠤ ᠴᠢᠷᠠᠢ ᠶᠢ ᠬᠠᠷᠠᠨ ᠠᠮᠢ ᠵᠢᠭᠤᠬᠤ ᠦᠭᠡᠢ ᠪᠦᠯᠦᠭᠡ︾ | ᠭᠡᠵᠦ ᠲᠡᠮᠳᠡᠭᠯᠡᠵᠦ ᠪᠣᠢ᠃ ᠡᠭᠦᠨ ᠠᠴᠠ ᠪᠢᠳᠡ ᠨᠠᠷᠢᠮᠣ ᠨᠢ ᠮᠣᠩᠭᠤᠯ ᠣᠷᠣᠨ ᠳᠤ ᠠᠯᠢ ᠡᠷᠳᠡ ᠠᠴᠠ ᠲᠡᠷᠢᠬᠳᠠᠵᠦ ᠪᠠᠶᠢᠬᠰᠠᠨ ᠮᠦᠷᠳᠡᠭᠡᠨ ᠮᠣᠩᠭᠤᠯᠴᠣᠳ ᠤᠨ | ᠪᠣᠳᠠᠭᠠᠨ ᠰᠢᠷᠡᠭᠡᠨ ᠳᠠᠬᠢ ᠴᠢᠬᠤᠯᠠ ᠬᠦᠨᠡᠰᠦᠨ ᠤ ᠨᠢᠭᠡ ᠲᠦᠷᠦᠯ ᠪᠠᠶᠢᠬᠰᠠᠨ ᠭᠡᠳᠡᠭ ᠢ ᠴᠤ ᠮᠡᠳᠡᠵᠦ ᠪᠣᠯᠣᠨ᠎ᠠ᠃ ᠭᠡᠪᠡᠴᠦ ᠬᠤᠷᠴᠢᠨ ᠨᠣᠳᠤᠬ ᠲᠤ ᠨᠠᠷᠢᠮᠣ ᠲᠠᠷᠢᠵᠦ | ᠢᠷᠡᠭᠰᠡᠨ ᠨᠢ ᠨᠡᠯᠢᠶᠡᠳ ᠬᠤᠵᠢᠭᠤ ᠰᠢᠬ ᠤᠨ ᠣᠴᠢᠷ ᠶᠣᠮ᠃ ᠡᠷᠳᠡᠮᠳᠡᠳ ᠠᠴᠠ᠄ ︽ᠬᠤᠷᠴᠢᠨ ᠨᠣᠳᠤᠬ ᠲᠤ ᠣᠣᠯ ᠳᠠᠭᠠᠨ ᠮᠣᠩᠭᠤᠯ ᠠᠮᠣ᠂ ᠰᠠᠭᠠᠬ᠂ ᠨᠠᠩᠬᠢ | ᠵᠡᠷᠭᠡ ᠶᠢ ᠪᠦᠳᠦᠭᠦᠯᠢᠭ ᠠᠷᠭ᠎ᠠ ᠪᠠᠷ ᠪᠠᠭ᠎ᠠ ᠰᠠᠭ᠎ᠠ ᠲᠠᠷᠢᠶᠠᠯᠠᠵᠦ ᠪᠠᠶᠢᠬᠰᠠᠨ ᠪᠣᠯᠪᠠᠴᠦ ᠵᠢᠩᠭᠢᠨᠢ ᠪᠠᠷ ᠲᠠᠷᠢᠶᠠᠯᠠᠵᠦ᠂ ᠡᠬᠢᠯᠡᠭᠡᠳ ᠠᠷᠠᠢ ᠭᠤᠷᠪᠠᠨ ᠵᠠᠭᠤᠨ ᠵᠢᠯ ᠴᠦ | ᠪᠣᠯᠤᠭ᠎ᠠ ᠦᠭᠡᠢ ᠶᠣᠮ︾ ᠭᠡᠵᠦ ᠰᠠᠨᠠᠯ ᠨᠢᠭᠡᠳᠡᠢ ᠦᠵᠡᠵᠦ ᠪᠠᠶᠢᠨ᠎ᠠ᠃ ᠡᠭᠦᠨ ᠠᠴᠠ ᠨᠠᠷᠢᠮᠣ ᠨᠢ ᠬᠤᠷᠴᠢᠨ ᠨᠣᠳᠤᠬ ᠲᠤ ᠵᠢᠩᠭᠢᠨᠢ ᠪᠠᠷ ᠲᠠᠷᠢᠬᠳᠠᠵᠦ ᠡᠬᠢᠯᠡᠭᠡᠳ | ᠲᠡᠶᠢᠮᠦ ᠣᠷᠳᠦ ᠬᠤᠭᠤᠴᠠᠭ᠎ᠠ ᠪᠣᠯᠤᠭ᠎ᠠ ᠦᠭᠡᠢ ᠭᠡᠳᠡᠭ ᠨᠢ ᠲᠣᠳᠣᠷᠬᠠᠢ᠃ ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠷᠢᠶᠠᠴᠢᠨ ᠲᠣᠯᠭᠠᠭᠤᠷᠢ ᠶᠢᠨ | ᠬᠠᠭᠤᠴᠢᠯᠠᠬᠰᠠᠨ ᠢᠶᠠᠷ ︽ᠮᠣᠩᠭᠤᠯᠴᠣᠳ ᠨᠠᠷᠢᠮᠣ ᠶᠢ ᠬᠡᠵᠢᠶ᠎ᠡ ᠠᠴᠠ ᠡᠬᠢᠯᠡᠵᠦ ᠲᠠᠷᠢᠵᠦ ᠪᠠᠶᠢᠬᠰᠠᠨ ᠭᠡᠳᠡᠭ ᠢ ᠨᠢ ᠲᠣᠳᠤᠷᠬᠠᠢ ᠮᠡᠳᠡᠬᠦ ᠦᠭᠡᠢ᠃ ᠭᠡᠪᠡᠴᠦ ᠮᠠᠨ ᠤ | ᠨᠣᠳᠤᠬ ᠲᠤ ᠨᠠᠷᠢᠮᠣ ᠶᠢ ᠲᠠᠷᠢᠵᠦ ᠡᠬᠢᠯᠡᠭᠡᠳ ᠵᠠᠭᠤᠨ ᠵᠢᠯ ᠤᠨ ᠣᠷᠴᠢᠮ ᠯᠡ ᠪᠣᠯᠵᠦ ᠪᠠᠶᠢᠨ᠎ᠠ ᠭᠡᠵᠦ ᠨᠠᠰᠣᠳᠠᠶᠢᠴᠣᠳ ᠬᠡᠯᠡᠯᠴᠡᠳᠡᠭ᠃ ᠠᠩᠬ᠎ᠠ ᠡᠬᠢᠨ ᠳᠡᠭᠡᠨ | ᠬᠠᠷᠠᠴᠢᠨ ᠮᠣᠩᠭᠤᠯᠵᠢᠨ ᠠᠴᠠ ᠨᠡᠭᠦᠳᠡᠯᠯᠡᠵᠦ ᠢᠷᠡᠭᠰᠡᠨ ᠨᠢᠭᠡ ᠪᠦᠯᠦᠭ ᠮᠣᠩᠭᠤᠯᠴᠣᠳ ᠠᠴᠠ ᠭᠡᠷ ᠤᠨ ᠢᠶᠠᠨ ᠣᠢᠢᠷᠠᠯᠴᠠᠭ᠎ᠠ ᠪᠠᠶᠢᠭ᠎ᠠ ᠦᠡᠭᠭᠡ ᠰᠢᠮᠡᠯᠢᠭ ᠭᠠᠵᠠᠷ ᠢ | ᠬᠦᠷᠵᠡ ᠪᠠᠷ ᠣᠷᠪᠠᠭᠤᠯᠣᠭᠠᠳ ᠨᠣᠭᠤᠭ᠎ᠠ ᠴᠠᠭ᠎ᠠ ᠲᠠᠷᠢᠵᠦ ᠪᠠᠶᠢᠬᠰᠠᠨ ᠢᠶᠠᠨ ᠬᠤᠵᠢᠮᠳᠡᠵᠦ ᠢᠷᠡᠭᠡᠳ ᠡᠨᠡ ᠬᠦ ᠭᠠᠵᠠᠷ ᠢᠶᠠᠨ ᠦᠷᠭᠡᠳᠭᠡᠵᠦ ᠨᠠᠷᠢᠮᠣ ᠲᠠᠷᠢᠬᠤ | ᠪᠣᠯᠣᠬᠰᠠᠨ ᠶᠣᠮ ᠭᠡᠨ᠎ᠡ᠃ ᠨᠠᠷᠢᠮᠣ ᠭᠡᠳᠡᠭ ᠲᠠᠷᠢᠶ᠎ᠠ ᠨᠢ ᠣᠨᠠᠯᠳᠠ ᠪᠠᠷ ᠨᠡᠯᠢᠶᠡᠳ ᠵᠦᠭᠡᠷ ᠰᠢᠭ ᠲᠠᠷᠢᠶ᠎ᠠ ᠪᠣᠯᠬᠤᠷ ᠴᠢᠯᠦᠭᠡᠯᠡᠭᠳᠡᠭᠰᠡᠨ ᠤ ᠲᠠᠷᠠᠭ᠎ᠠ ᠣᠯᠠᠩᠬᠢ ᠬᠦᠮᠦᠨ | ᠨᠠᠷᠢᠮᠣ ᠲᠠᠷᠢᠬᠤ ᠪᠣᠯᠣᠬᠰᠠᠨ ᠭᠡᠵᠦ ᠬᠡᠯᠡᠯᠴᠡᠳᠡᠭ︾ ᠭᠡᠵᠡᠢ᠃ | ᠨᠠᠷᠢᠮᠣ ᠶᠢ ᠲᠠᠷᠢᠵᠦ ᠠᠷᠠᠴᠢᠯᠠᠬᠤ ᠠᠷᠭ᠎ᠠ | ᠨᠠᠷᠢᠮᠣ ᠪᠣᠯ ᠦᠶᠡᠳᠦ ᠣᠷᠭᠤᠮᠠᠯ ᠤᠨ ᠢᠵᠡᠭᠤᠷᠳᠦ ᠨᠢᠭᠡ ᠨᠠᠰᠣᠳᠣ ᠡᠪᠡᠰᠦᠯᠢᠭ ᠣᠷᠭᠤᠮᠠᠯ ᠶᠣᠮ᠃ ᠨᠠᠷᠢᠮᠣ ᠨᠢ ᠰᠢᠮ᠎ᠡ ᠲᠡᠵᠢᠭᠡᠯ ᠢᠶᠠᠷ ᠡᠯᠪᠡᠭ ᠴᠠᠬ | ᠠᠭᠤᠷ ᠲᠠᠢ ᠲᠣᠬᠢᠷᠠᠯᠴᠠᠬᠤ ᠴᠢᠳᠠᠪᠣᠷᠢ ᠪᠠᠷ ᠴᠢᠩᠭ᠎ᠠ᠂ ᠭᠠᠨᠭ᠌ ᠬᠠᠭᠤᠷᠠᠢ᠂ ᠲᠠᠴᠢᠷ ᠨᠢᠮᠭᠡᠨ ᠬᠦᠷᠦᠰᠦ᠂ ᠬᠦᠢᠳᠡᠨ ᠳᠤ ᠲᠡᠰᠪᠦᠷᠢᠳᠡᠢ ᠨᠢᠭᠡ ᠵᠦᠢᠯ ᠤᠨ ᠠᠮᠣ | ᠪᠣᠳᠠᠭᠠᠨ ᠤ ᠲᠠᠷᠢᠮᠠᠯ ᠶᠣᠮ᠃ ᠨᠠᠷᠢᠮᠣ ᠶᠢᠨ ᠲᠠᠷᠢᠵᠦ ᠠᠷᠠᠴᠢᠯᠠᠬᠤ ᠠᠷᠭ᠎ᠠ ᠪᠠᠷᠢᠯ ᠨᠢ ᠰᠠᠭᠠᠬ᠂ ᠨᠠᠩᠬᠢ᠂ ᠮᠣᠩᠭᠤᠯ ᠠᠮᠣ ᠶᠢ ᠪᠣᠳᠣᠪᠠᠯ ᠨᠡᠯᠢᠶᠡᠳ ᠨᠠᠷᠢᠨ | ᠪᠣᠳᠣᠯᠢᠶᠠᠨᠲᠠᠢ ᠪᠠᠶᠢᠳᠠᠬ᠃ ᠨᠠᠷᠢᠮᠣ ᠲᠠᠷᠢᠬᠤ ᠲᠣᠬᠠᠢ ᠲᠣᠯᠭᠠᠭᠤᠷᠢ ᠠᠴᠠ ︽ᠨᠠᠷᠢᠮᠣ ᠶᠢ ᠬᠤᠷᠴᠢᠨ ᠳᠤ ᠡᠷᠳᠡ ᠶᠢᠨ ᠲᠠᠷᠢᠶ᠎ᠠ ᠳᠤ ᠪᠠᠭᠳᠠᠭᠠᠳᠠᠬ᠃ ᠡᠷᠳᠡ ᠶᠢᠨ | ᠲᠠᠷᠢᠶ᠎ᠠ ᠭᠡᠳᠡᠭ ᠨᠢ ᠡᠷᠳᠡ ᠰᠢᠭ ᠲᠠᠷᠢᠬᠤ ᠲᠠᠷᠢᠶ᠎ᠠ ᠶᠢ ᠵᠢᠭᠠᠵᠦ ᠪᠠᠶᠢᠨ᠎ᠠ᠃ ᠨᠠᠷᠢᠮᠣ ᠶᠢᠨ ᠦᠷ᠎ᠡ ᠶᠢᠨ ᠣᠨᠴᠠᠯᠢᠬ ᠵᠢᠴᠢ ᠪᠣᠯᠪᠠᠰᠣᠷᠠᠬᠤ ᠬᠤᠭᠤᠴᠠᠭ᠎ᠠ ᠶᠢ ᠨᠢ | ᠦᠨᠳᠦᠰᠦᠯᠡᠵᠦ ᠭᠤᠷᠪᠠᠨ ᠲᠦᠷᠦᠯ ᠬᠤᠪᠢᠶᠠᠳᠠᠬ᠃ ᠡᠷᠳᠡ ᠪᠣᠯᠪᠠᠰᠣᠷᠠᠬᠤ ᠨᠠᠷᠢᠮᠣ ᠨᠢ 60 ᠊᠊᠊᠊᠊ 80 ᠡᠳᠦᠷ ᠲᠤ ᠪᠣᠯᠪᠠᠰᠣᠷᠠᠵᠦ᠂ ᠬᠡᠪ ᠤᠨ ᠪᠣᠯᠪᠠᠰᠣᠷᠠᠬᠤ | ᠨᠠᠷᠢᠮᠣ ᠨᠢ 90 ᠊᠊᠊᠊᠊ 110 ᠬᠤᠨᠤᠬ ᠲᠤ ᠪᠣᠯᠪᠠᠰᠣᠷᠠᠵᠦ᠂ ᠣᠷᠣᠢ ᠶᠢᠨ ᠨᠠᠷᠢᠮᠣ ᠨᠢ ᠪᠣᠯᠪᠠᠰᠣᠷᠠᠳᠠᠯᠠ 110 ᠬᠤᠨᠤᠬ ᠠᠴᠠ ᠢᠯᠡᠭᠦᠦ ᠬᠤᠭᠤᠴᠠᠭ᠎ᠠ ᠬᠡᠷᠡᠭᠰᠡᠳᠡᠭ | ᠶᠣᠮ᠃ ᠨᠠᠷᠢᠮᠣ ᠨᠢ ᠠᠭᠠᠷ ᠤᠨ ᠲᠣᠯᠠᠭᠠᠨ ᠤ ᠬᠡᠮᠵᠢᠶ᠎ᠡ 7 ᠭᠷᠡᠳᠦ᠋ᠰ ᠲᠤ ᠰᠣᠶᠣᠭᠠᠯᠠᠵᠦ᠂ 18 ᠊᠊᠊᠊ 25 ᠭᠷᠠᠳᠦ᠋ᠰ ᠤᠨ ᠦᠶᠡᠰ ᠬᠠᠮᠤᠬ ᠬᠤᠷᠳᠣᠨ ᠰᠣᠶᠣᠭᠠᠯᠠᠵᠦ | ᠣᠷᠭᠤᠳᠠᠬ ᠪᠣᠯᠬᠤᠷ ᠠᠭᠠᠷ ᠤᠨ ᠲᠣᠯᠠᠭᠠᠨ ᠤ ᠬᠡᠮᠵᠢᠶ᠎ᠡ 10 ᠭᠷᠠᠳᠦ᠋ᠰ ᠠᠴᠠ ᠲᠡᠭᠡᠭᠰᠢ ᠪᠠᠶᠢᠬᠤ ᠦᠶᠡᠰ ᠲᠠᠷᠢᠪᠠᠯ ᠬᠠᠮᠤᠬ ᠤᠨ ᠲᠣᠬᠢᠷᠠᠮᠵᠢᠳᠠᠢ ᠪᠠᠶᠢᠳᠠᠬ᠃ | ᠬᠤᠷᠴᠢᠨ ᠨᠣᠳᠤᠬ ᠲᠤ ᠨᠠᠷᠢᠮᠣ ᠶᠢ 4 ᠰᠠᠷ᠎ᠠ ᠠᠴᠠ ᠰᠡᠭᠦᠯᠴᠢ 6 ᠰᠠᠷ᠎ᠡ ᠶᠢᠨ ᠡᠬᠢ ᠪᠣᠯᠳᠠᠯᠠᠬᠢ ᠬᠤᠭᠤᠴᠠᠭᠠᠨ ᠳᠤ ᠲᠠᠷᠢᠳᠠᠬ ᠶᠣᠮ︾ ᠭᠡᠵᠡᠢ᠃ ᠨᠠᠷᠢᠮᠣ ᠶᠢ | ᠬᠤᠷᠢᠶᠠᠬᠤ ᠳᠤ ᠭᠤᠣᠯᠳᠠᠭᠤ ᠭᠠᠵᠠᠷ ᠭᠠᠷᠭᠠᠬᠤ᠂ ᠲᠠᠷᠢᠬᠤ᠂ ᠠᠷᠴᠢᠬᠤ᠂ ᠲᠠᠩᠨᠠᠬᠤ᠂ ᠮᠠᠨᠠᠭᠤᠯ ᠪᠤᠰᠬᠠᠬᠤ᠂ ᠬᠠᠳᠣᠬᠤ᠂ ᠬᠤᠷᠢᠶᠠᠬᠤ ᠵᠡᠷᠭᠡ ᠶᠢᠨ ᠠᠯᠬᠤᠮ ᠢ | ᠦᠡᠭᠭᠡᠷᠡᠭᠡᠳᠡᠭ ᠶᠣᠮ᠃ | ᠭᠠᠵᠠᠷ ᠭᠠᠷᠭᠠᠬᠤ᠃ ᠭᠠᠵᠠᠷ ᠭᠠᠷᠭᠠᠬᠤ ᠭᠡᠳᠡᠭ ᠨᠢ ᠲᠠᠷᠢᠶᠠᠴᠢᠳ ᠠᠴᠠ ᠨᠠᠷᠢᠮᠣ ᠲᠠᠷᠢᠬᠤ ᠳᠤ ᠲᠣᠬᠢᠷᠠᠬᠤ ᠭᠠᠵᠠᠷ ᠢᠶᠠᠨ ᠰᠣᠩᠭᠤᠵᠦ ᠲᠣᠬᠳᠠᠭᠠᠬᠰᠠᠨ ᠤ | ᠲᠠᠷᠠᠭ᠎ᠠ ᠠᠨᠵᠢᠰᠣ ᠬᠦᠳᠡᠯᠭᠡᠵᠦ ᠭᠠᠵᠠᠷ ᠢᠶᠠᠨ ᠣᠷᠪᠠᠭᠤᠯᠬᠤ ᠵᠦᠭᠡᠯᠡᠷᠡᠭᠦᠯᠬᠦ ᠶᠢ ᠬᠡᠯᠡᠵᠦ ᠪᠠᠶᠢᠨ᠎ᠠ᠃ ᠬᠤᠷᠴᠢᠨ ᠳᠤ ᠣᠣᠯ ᠳᠠᠭᠠᠨ ᠶᠠᠮᠠᠷ ᠴᠦ ᠲᠠᠷᠢᠶ᠎ᠠ ᠲᠠᠷᠢᠵᠦ | ᠦᠡᠭᠭᠡᠷᠡᠭᠰᠡᠨ ᠦᠭᠡᠢ ᠭᠠᠵᠠᠷ ᠢ ᠰᠢᠨ᠎ᠡ ᠪᠠᠷ ᠡᠪᠳᠡᠵᠦ ᠲᠠᠷᠢᠶ᠎ᠠ ᠭᠠᠷᠭᠠᠬᠤ ᠶᠢ ᠪᠠᠰᠠ ᠭᠠᠵᠠᠷ ᠭᠠᠷᠭᠠᠬᠤ ᠭᠡᠵᠦ ᠬᠡᠯᠡᠳᠡᠭ᠃ ᠭᠠᠵᠠᠷ ᠭᠠᠷᠭᠠᠬᠤ ᠳᠤ ᠶᠡᠷᠦ ᠳᠡᠭᠡᠨ | ᠬᠤᠶᠠᠷ ᠣᠳᠠᠭ᠎ᠠ ᠠᠨᠵᠢᠰᠣ ᠬᠦᠳᠡᠯᠭᠡᠳᠡᠭ᠃ ᠲᠦᠷᠦᠭᠦᠦ ᠣᠳᠠᠭ᠎ᠠ ᠨᠢ ᠬᠦᠷᠦᠰᠦ ᠵᠣᠵᠠᠭᠠᠨ ᠪᠣᠶᠣ ᠡᠪᠡᠰᠦ ᠢᠬᠴᠤ ᠰᠠᠬᠤᠯᠢᠬ ᠭᠠᠵᠠᠷ ᠢ ᠠᠨᠵᠢᠰᠦ ᠪᠠᠷ | ᠬᠦᠷᠪᠡᠭᠦᠯᠵᠦ ᠡᠪᠡᠰᠦ ᠶᠢ ᠨᠢ ᠬᠦᠷᠦᠰᠣᠨ ᠲᠣᠣᠷ᠎ᠠ ᠨᠢ ᠲᠠᠷᠣᠵᠦ ᠲᠠᠯᠪᠢᠨ᠎ᠠ᠃ ᠬᠦᠷᠦᠰᠦᠨ ᠳᠤ ᠪᠣᠯᠠᠬᠳᠠᠬᠰᠠᠨ ᠡᠪᠡᠰᠦ ᠨᠢ ᠠᠮᠠᠷᠬᠠᠨ ᠦᠦᠵᠦ ᠢᠯᠵᠢᠷᠡᠭᠡᠳ | ᠲᠠᠷᠢᠶᠠᠨ ᠳᠤ ᠪᠣᠷᠳᠣᠭᠤᠷ ᠪᠣᠯᠬᠤ ᠮᠦᠷᠳᠡᠭᠡᠨ ᠲᠠᠷᠢᠬᠰᠠᠨ ᠲᠠᠷᠢᠶ᠎ᠠ ᠳᠤ ᠪᠣᠵᠠᠷ ᠡᠪᠡᠰᠦ ᠴᠦᠬᠡᠨ ᠣᠷᠭᠤᠳᠠᠬ ᠶᠣᠮ ᠭᠡᠨ᠎ᠡ᠃ ᠲᠦᠷᠦᠭᠦᠦ ᠣᠳᠠᠭ᠎ᠠ ᠠᠨᠵᠢᠰᠣ | ᠬᠦᠳᠡᠯᠭᠡᠭᠡᠳ ᠬᠡᠰᠡᠭ ᠬᠤᠭᠤᠴᠠᠭ᠎ᠠ ᠦᠡᠭᠭᠡᠷᠡᠭᠰᠡᠨ ᠤ ᠲᠠᠷᠠᠭ᠎ᠠ ᠬᠤᠶᠠᠳᠣᠭᠠᠷ ᠣᠳᠠᠭ᠎ᠠ ᠠᠨᠵᠢᠰᠣ ᠬᠦᠳᠡᠯᠭᠡᠳᠡᠭ᠃ ᠡᠭᠦᠨ ᠢᠶᠠᠨ ᠬᠤᠷᠴᠢᠨᠴᠣᠳ ︽ᠭᠠᠵᠠᠷ ᠲᠠᠬᠢᠬᠤ | ︾ ᠭᠡᠵᠦ ᠬᠡᠯᠡᠳᠡᠭ᠃ ᠭᠠᠵᠠᠷ ᠲᠠᠬᠢᠬᠤ ᠭᠡᠳᠡᠭ ᠨᠢ ᠲᠠᠬᠢᠭᠠᠳ ᠪᠠᠰᠠ ᠨᠢᠭᠡ ᠣᠳᠠᠭ᠎ᠠ ᠠᠨᠵᠢᠰᠣ ᠬᠦᠳᠡᠯᠭᠡᠯᠡ ᠭᠡᠳᠡᠭ ᠣᠳᠬ᠎ᠠ ᠲᠠᠢ ᠦᠭᠡ ᠶᠣᠮ᠃ ᠬᠤᠶᠠᠳᠣᠭᠠᠷ | ᠣᠳᠠᠭ᠎ᠠ ᠠᠨᠵᠢᠰᠣ ᠬᠦᠳᠡᠯᠭᠡᠬᠦ ᠨᠢ ᠬᠠᠳᠠᠭᠤ ᠬᠦᠷᠦᠰᠣ ᠲᠠᠢ ᠭᠠᠵᠠᠷ ᠢ ᠵᠦᠭᠡᠯᠡᠷᠡᠭᠦᠯᠵᠦ ᠪᠣᠯᠪᠠᠰᠣᠷᠠᠭᠤᠯᠬᠤ ᠳᠤ ᠠᠰᠢᠬᠳᠠᠢ᠃ | ᠲᠠᠷᠢᠬᠤ᠃ ᠨᠠᠷᠢᠮᠣ ᠶᠢᠨ ᠲᠠᠷᠢᠶᠠᠨ ᠤ ᠵᠢᠷᠤᠬ᠎ᠠ ᠶᠢᠨ ᠬᠤᠭᠤᠷᠣᠨᠳᠣᠬᠢ ᠵᠠᠢ ᠶᠢ ᠡᠩ ᠤᠨ ᠪᠠᠶᠢᠳᠠᠯ ᠳᠤ ᠦᠷᠭᠡᠨ ᠰᠢᠭ ᠪᠠᠶᠢᠯᠭᠠᠳᠠᠬ ᠶᠣᠮ᠃ ᠠᠨᠵᠢᠰᠣ | ᠬᠦᠯᠭᠡ ᠵᠢᠷᠤᠬ᠎ᠠ ᠭᠠᠷᠭᠠᠵᠦ ᠡᠬᠢᠯᠡᠭᠰᠡᠨ ᠤ ᠲᠠᠷᠠᠭ᠎ᠠ ᠬᠤᠶᠢᠨ᠎ᠠ ᠠᠴᠠ ᠨᠢ ᠨᠢᠭᠡ ᠬᠦᠮᠦᠨ ᠦᠷ᠎ᠡ ᠬᠠᠶᠠᠳᠠᠬ᠃ ᠨᠠᠷᠢᠮᠣ ᠶᠢᠨ ᠦᠷ᠎ᠡ ᠶᠢ ᠬᠠᠶᠠᠬᠤ ᠳᠤ ᠲᠣᠬᠰᠢᠭᠤᠷ | ᠬᠤᠯᠣ ᠬᠡᠷᠡᠭᠰᠡᠳᠡᠭ ᠶᠣᠮ᠃ ᠲᠣᠬᠰᠢᠭᠤᠷ ᠬᠤᠯᠣ ᠪᠠᠷ ᠦᠷ᠎ᠡ ᠬᠠᠶᠠᠬᠤ ᠳᠤ ᠲᠣᠬᠰᠢᠬᠤ ᠮᠡᠷᠭᠡᠵᠢᠯ ᠨᠢ ᠲᠦᠢᠯ ᠤᠨ ᠴᠢᠬᠤᠯᠠ ᠪᠠᠶᠢᠳᠠᠬ᠃ ᠦᠷ᠎ᠡ ᠬᠠᠶᠠᠬᠴᠢ ᠵᠠᠪᠠᠯ | ᠵᠢᠷᠤᠬ᠎ᠠ ᠶᠢ ᠲᠠᠭᠠᠵᠦ ᠠᠯᠬᠤᠬᠤ ᠶᠢᠨ ᠲᠠᠭᠠᠣ ᠮᠦᠷᠦᠪᠴᠢᠯᠡᠵᠦ ᠪᠠᠶᠢᠭ᠎ᠠ ᠲᠣᠬᠰᠢᠭᠤᠷ ᠬᠤᠯᠣ ᠪᠠᠨ ᠲᠣᠬᠰᠢᠭᠤᠷ ᠮᠣᠳᠣ ᠪᠠᠷ ᠵᠢᠭᠳᠡ ᠠᠶᠢᠵᠠᠮ ᠲᠠᠢ ᠪᠠᠷ ᠲᠣᠬᠰᠢᠵᠦ | ᠦᠷ᠎ᠡ ᠶᠢ ᠨᠢ ᠵᠢᠭᠳᠡ ᠲᠡᠩ ᠲᠠᠢ ᠬᠠᠶᠠᠬᠤ ᠬᠡᠷᠡᠭᠳᠡᠢ᠃ ᠬᠡᠷᠪᠡ ᠬᠡᠳᠦᠷᠬᠡᠢ ᠣᠳᠠᠭᠠᠨ ᠲᠣᠬᠰᠢᠪᠠᠯ ᠦᠷ᠎ᠡ ᠰᠡᠶᠢᠷᠡᠭ ᠲᠣᠰᠴᠦ ᠨᠠᠷᠢᠮᠣ ᠶᠢᠨ ᠦᠵᠦᠭ ᠰᠢᠩᠭᠡᠨ ᠪᠣᠯᠵᠦ | ᠂ ᠬᠡᠳᠦᠷᠬᠡᠢ ᠬᠤᠷᠳᠣᠨ ᠲᠣᠬᠰᠢᠪᠠᠯ ᠦᠷ᠎ᠡ ᠨᠢ ᠬᠤᠷᠳᠣᠨ ᠢᠶᠠᠷ ᠰᠠᠳᠠᠷᠠᠨ ᠲᠣᠰᠣᠭᠠᠳ ᠨᠠᠷᠢᠮᠣ ᠶᠢᠨ ᠦᠵᠦᠭ ᠵᠣᠵᠠᠭᠠᠨ ᠪᠣᠯᠬᠤ ᠠᠶᠣᠯᠳᠠᠢ ᠶᠣᠮ᠃ ᠨᠠᠷᠢᠮᠣ ᠶᠢᠨ | ᠦᠵᠦᠭ ᠤᠨ ᠵᠣᠵᠠᠭᠠᠨ ᠰᠢᠩᠭᠡᠨ ᠨᠢ ᠨᠠᠷᠢᠮᠣ ᠶᠢᠨ ᠲᠠᠷᠢᠶ᠎ᠠ ᠶᠢᠨ ᠣᠨᠠᠯᠳᠠ ᠶᠢ ᠰᠢᠭᠤᠳ ᠨᠦᠯᠦᠭᠡᠯᠡᠳᠡᠭ ᠪᠣᠯᠬᠤᠷ ᠦᠷ᠎ᠡ ᠬᠠᠶᠠᠬᠴᠢ ᠠᠴᠠ ᠲᠣᠰ ᠡᠳᠦᠷ ᠤᠨ ᠢᠶᠠᠨ | ᠰᠠᠯᠬᠢ ᠵᠢᠪᠠᠷ ᠤᠨ ᠬᠦᠴᠦᠳᠡᠢ ᠰᠣᠯᠠᠬᠠᠨ ᠪᠠᠶᠢᠬᠤ ᠡᠰᠡᠬᠦ ᠶᠢ ᠴᠦ ᠠᠩᠬᠠᠷᠬᠤ ᠴᠢᠬᠤᠯᠠᠲᠠᠢ ᠪᠠᠶᠢᠳᠠᠬ᠃ ᠦᠷ᠎ᠡ ᠬᠠᠶᠠᠬᠴᠢ ᠠᠴᠠ ᠪᠠᠰᠠ ᠴᠢᠷᠦᠭᠦᠯ ᠲᠠᠳᠠᠵᠦ | ᠬᠠᠶᠠᠬᠰᠠᠨ ᠦᠷ᠎ᠡ ᠪᠠᠨ ᠰᠢᠷᠣᠢ ᠪᠠᠷ ᠲᠠᠷᠣᠵᠦ ᠲᠠᠯᠪᠢᠨ᠎ᠠ᠃ ᠣᠯᠠᠩᠬᠢ ᠲᠠᠷᠢᠶᠠᠴᠢᠨ ᠠᠴᠠ ᠪᠠᠰᠠ ᠴᠢᠷᠦᠭᠦᠯ ᠢᠶᠠᠷ ᠦᠷ᠎ᠡ ᠪᠠᠨ ᠲᠠᠷᠣᠵᠦ ᠪᠠᠷᠠᠬᠰᠠᠨ ᠤ ᠲᠠᠷᠠᠭ᠎ᠠ | ᠡᠯᠵᠢᠭᠡ ᠪᠠᠨ ᠪᠣᠯᠣ ᠳᠤ ᠬᠦᠯᠦᠵᠦ ᠵᠢᠷᠤᠬ᠎ᠠ ᠲᠠᠷᠠᠭᠠᠯᠠᠨ ᠶᠠᠪᠣᠭᠤᠯᠳᠠᠬ ᠶᠣᠮ᠃ | ᠠᠷᠴᠢᠬᠤ᠃ ᠲᠠᠷᠢᠶᠠᠨ ᠴᠢᠬᠢ ᠣᠷᠭᠤᠭᠠᠳ ᠲᠠᠯᠠᠩ ᠲᠠᠪᠠᠭ᠋ᠣ ᠦᠶᠡᠰ ᠠᠷᠴᠢᠬᠤ ᠬᠡᠷᠡᠭᠳᠡᠢ ᠪᠣᠯᠳᠠᠬ᠃ ᠣᠯᠠᠩᠬᠢ ᠲᠠᠷᠢᠶᠠᠴᠢᠨ ᠠᠴᠠ ᠨᠠᠷᠢᠮᠣ ᠶᠢ ᠬᠤᠶᠠᠷ | ᠣᠳᠠᠭ᠎ᠠ ᠠᠷᠴᠢᠳᠠᠬ ᠶᠣᠮ᠃ ᠠᠵᠢᠯ ᠳᠠᠭᠠᠨ ᠰᠠᠶᠢᠨ ᠲᠠᠷᠢᠶᠠᠴᠢᠳ ᠪᠠᠰᠠ ᠭᠤᠷᠪᠠ ᠣᠳᠠᠭ᠎ᠠ ᠠᠷᠴᠢᠳᠠᠬ ᠴᠦ ᠪᠣᠢ᠃ ᠠᠷᠴᠢᠬᠤ ᠨᠢ ᠪᠣᠵᠠᠷ ᠡᠪᠡᠰᠦ ᠶᠢ ᠠᠯᠠᠬᠤ᠂ | ᠬᠦᠷᠦᠰᠦ ᠰᠢᠷᠣᠢ ᠶᠢ ᠵᠦᠭᠡᠯᠡᠷᠡᠭᠦᠯᠬᠦ᠂ ᠲᠠᠷᠢᠶᠠᠨ ᠴᠢᠬᠢ ᠶᠢ ᠵᠣᠬᠢᠴᠠᠭᠤᠯᠬᠤ ᠵᠡᠷᠭᠡ ᠮᠠᠰᠢ ᠴᠢᠬᠤᠯᠠ ᠦᠢᠯᠡᠳᠦᠯ ᠲᠠᠢ ᠶᠣᠮ᠃ ᠨᠠᠷᠢᠮᠣ ᠶᠢ ᠲᠦᠷᠦᠭᠦᠣ ᠣᠳᠠᠭ᠎ᠠ | ᠠᠷᠴᠢᠬᠤ ᠳᠤ ᠪᠣᠵᠠᠷ ᠡᠪᠡᠰᠦ ᠶᠢ ᠨᠢ ᠠᠯᠠᠵᠦ ᠠᠷᠢᠯᠭᠠᠬᠤ ᠶᠢᠨ ᠬᠠᠮᠳᠦ ᠵᠢᠷᠤᠬ᠎ᠠ ᠶᠢᠨ ᠬᠤᠶᠠᠷ ᠲᠠᠯ᠎ᠠ ᠶᠢᠨ ᠲᠠᠯᠠᠩ ᠤᠨ ᠰᠢᠷᠣᠢ ᠶᠢ ᠠᠷᠴᠢᠭᠤᠷ ᠢᠶᠠᠷ ᠵᠢᠷᠤᠬ᠎ᠠ | ᠣᠷᠣᠭᠤ ᠲᠡᠭᠰᠢᠯᠡᠨ ᠲᠠᠳᠠᠵᠦ ᠬᠠᠳᠠᠭᠤ ᠬᠦᠷᠦᠰᠦ ᠶᠢ ᠨᠢ ᠴᠣᠬᠢᠵᠦ ᠪᠠᠯᠪᠠᠯᠣᠨᠠ᠃ ᠬᠤᠶᠠᠳᠣᠭᠠᠷ ᠣᠳᠠᠭ᠎ᠠ ᠠᠷᠴᠢᠬᠤ ᠳᠤ ᠪᠣᠵᠠᠷ ᠡᠪᠡᠰᠦ ᠶᠢ ᠨᠢ ᠠᠷᠴᠢᠭᠤᠷ ᠢᠶᠠᠷ | ᠠᠯᠠᠬᠤ ᠶᠢᠨ ᠬᠠᠮᠳᠦ ᠵᠣᠵᠠᠭᠠᠨ ᠣᠷᠭᠤᠬᠰᠠᠨ ᠴᠢᠬᠢ ᠶᠢ ᠦᠭᠳᠡᠭᠡᠨ ᠰᠢᠩᠭᠡᠯᠡᠵᠦ ᠲᠣᠬᠢᠷᠠᠭᠤᠯᠣᠨ ᠲᠣᠬᠳᠠᠭᠠᠨ᠎ᠠ᠃ ᠵᠠᠷᠢᠮ ᠭᠠᠵᠠᠷ ᠭᠤᠷᠪᠠᠳᠣᠭᠠᠷ ᠣᠳᠠᠭ᠎ᠠ | ᠠᠷᠴᠢᠳᠠᠬ ᠪᠣᠯᠪᠠᠴᠦ ᠣᠯᠠᠩᠬᠢ ᠭᠠᠵᠠᠷ ᠭᠤᠷᠪᠠᠨ ᠵᠢᠵᠢᠭ ᠬᠤᠰᠢᠭᠤ ᠲᠠᠢ ᠠᠨᠵᠢᠰᠣ ᠬᠦᠳᠡᠯᠭᠡᠵᠦ ᠲᠠᠷᠢᠶᠠᠨ ᠴᠢᠬᠢᠨ ᠳᠤ ᠲᠠᠯᠠᠩ ᠤᠨ ᠰᠢᠷᠣᠢ ᠶᠢ ᠪᠠᠭᠤᠯᠭᠠᠳᠠᠬ ᠶᠣᠮ | ᠃ | ᠲᠠᠩᠨᠠᠬᠤ᠃ ᠲᠠᠷᠢᠶ᠎ᠠ ᠣᠷᠭᠤᠭᠠᠳ ᠵᠣᠬᠢᠬᠤ ᠬᠡᠮᠵᠢᠶᠡᠨ ᠳᠤ ᠬᠦᠷᠪᠡᠯ ᠬᠦᠷᠣᠰᠦᠨ ᠤ ᠰᠢᠮ᠎ᠡ ᠲᠣᠳᠠᠬᠳᠠᠳᠠᠬ ᠠᠴᠠ ᠴᠢᠬᠢᠨ ᠳᠤᠨᠢ ᠬᠦᠢᠴᠡᠳ ᠬᠦᠷᠦᠰᠦ | ᠬᠦᠷᠭᠡᠬᠦ ᠴᠢᠬᠤᠯᠠᠲᠠᠢ ᠪᠠᠶᠢᠳᠠᠬ᠃ ᠨᠠᠷᠢᠮᠣ ᠨᠢ ᠲᠣᠬᠤᠢ ᠵᠠᠪᠳᠣᠭᠤ ᠣᠷᠭᠤᠬᠤ ᠬᠢᠷᠢ ᠪᠠᠷ ᠲᠠᠩᠨᠠᠵᠦ ᠡᠬᠢᠯᠡᠳᠡᠭ ᠶᠣᠮ᠃ ᠨᠠᠷᠢᠮᠣ ᠲᠠᠩᠨᠠᠬᠤ ᠳᠤ ᠲᠠᠷᠢᠶᠠᠴᠢᠳ ᠠᠴᠠ | ᠲᠠᠩᠨᠠᠭᠤᠷ ᠤᠨ ᠠᠨᠵᠢᠰᠣ ᠭᠡᠵᠦ ᠲᠣᠰᠬᠠᠢ ᠪᠡᠯᠡᠳᠭᠡᠳᠡᠭ᠃ ᠲᠠᠩᠨᠠᠭᠤᠷ ᠤᠨ ᠠᠨᠵᠢᠰᠣ ᠨᠢ ᠵᠢᠷᠤᠬ᠎ᠠ ᠶᠢᠨ ᠬᠤᠭᠤᠷᠤᠨᠳᠣᠬᠢ ᠲᠠᠯᠠᠩ ᠢ ᠬᠠᠭᠠᠯᠪᠣᠷᠢᠯᠠᠵᠦ ᠰᠢᠷᠣᠢ ᠶᠢ ᠨᠢ | ᠭᠠᠳᠠᠬᠰᠢ ᠢᠷᠠᠭᠠᠳ ᠲᠠᠷᠢᠶᠠᠨ ᠴᠢᠬᠢᠨ ᠳᠤ ᠬᠦᠷᠭᠡᠳᠡᠭ ᠶᠣᠮ᠃ ᠣᠳᠣᠬᠠᠨ ᠳᠤ ᠵᠠᠷᠢᠮ ᠲᠠᠷᠢᠶᠠᠴᠢᠳ ᠠᠴᠠ ᠲᠠᠷᠢᠶᠠᠨ ᠴᠢᠬᠢᠨ ᠳᠡᠭᠡᠨ ᠬᠢᠮᠢ ᠶᠢᠨ ᠪᠣᠷᠳᠣᠭᠤᠷ | ᠬᠦᠷᠭᠡᠭᠰᠡᠨ ᠤ ᠲᠠᠷᠠᠭ᠎ᠠ ᠲᠠᠩᠨᠠᠭᠤᠷ ᠤᠨ ᠠᠨᠵᠢᠰᠣ ᠬᠦᠳᠡᠯᠭᠡᠵᠦ ᠬᠢᠮᠢ ᠶᠢᠨ ᠪᠣᠷᠳᠣᠭᠤᠷ ᠢᠶᠠᠨ ᠬᠦᠷᠦᠰᠦ ᠪᠠᠷ ᠲᠠᠷᠣᠵᠦ ᠲᠠᠯᠪᠢᠬᠤ ᠪᠣᠯᠵᠠᠢ᠃ | ᠮᠠᠨᠠᠭᠤᠯ ᠪᠣᠰᠬᠠᠬᠤ᠃ ᠨᠠᠮᠣᠷ ᠨᠠᠷᠢᠮᠣ ᠶᠢᠨ ᠲᠠᠷᠢᠶ᠎ᠡ ᠦᠷᠡᠯᠡᠵᠦ ᠡᠬᠢᠯᠡᠭᠰᠡᠨ ᠤ ᠲᠠᠷᠠᠭ᠎ᠠ ᠪᠢᠯᠵᠣᠣᠬᠠᠢ ᠪᠣᠯᠵᠣᠮᠣᠷ ᠣᠯᠠᠨ ᠴᠣᠬᠯᠠᠷᠠᠵᠦ ᠨᠠᠷᠢᠮᠣ ᠶᠢᠨ | ᠪᠣᠳᠠᠭ᠎ᠠ ᠶᠢ ᠨᠢ ᠢᠳᠡᠵᠦ ᠰᠦᠢᠳᠭᠡᠳᠡᠭ ᠶᠣᠮ᠃ ᠡᠨᠡ ᠦᠶᠡᠰ ᠮᠣᠳᠣ ᠪᠣᠶᠣ ᠡᠪᠡᠰᠦ ᠪᠠᠷ ᠮᠠᠨᠠᠭᠤᠯ ᠪᠣᠰᠬᠠᠵᠦ ᠲᠡᠭᠡᠷ᠎ᠡ ᠨᠢ ᠮᠠᠯᠠᠭᠠᠢ ᠬᠤᠪᠴᠠᠰᠤ ᠡᠮᠦᠰᠭᠡᠭᠡᠳ | ᠪᠢᠯᠵᠣᠣᠬᠠᠢ ᠶᠢ ᠦᠷᠭᠦᠭᠡᠨ ᠠᠶᠣᠯᠭᠠᠳᠠᠬ᠃ | ᠬᠠᠳᠣᠬᠤ᠃ ᠨᠠᠮᠣᠷ ᠴᠠᠬ ᠪᠣᠯᠣᠭᠠᠳ ᠨᠠᠷᠢᠮᠣ ᠭᠦᠢᠴᠡᠳ ᠪᠣᠯᠪᠠᠰᠣᠷᠠᠬᠰᠠᠨ ᠤ ᠲᠠᠷᠠᠭ᠎ᠠ ᠬᠠᠳᠣᠬᠤ ᠠᠵᠢᠯ ᠡᠬᠢᠯᠡᠳᠡᠭ᠃ ᠨᠠᠷᠢᠮᠣ ᠶᠢ ᠵᠢᠷᠤᠬᠠᠯᠠᠨ ᠬᠠᠳᠣᠬᠤ | ᠪᠣᠯᠣᠨ ᠬᠦᠵᠦᠭᠦᠳᠡᠨ ᠬᠠᠳᠣᠬᠤ ᠭᠡᠳᠡᠭ ᠬᠤᠶᠠᠷ ᠵᠦᠢᠯ ᠤᠨ ᠬᠠᠳᠣᠬᠤ ᠠᠷᠭ᠎ᠠ ᠪᠠᠶᠢᠳᠠᠬ᠃ ᠬᠤᠷᠴᠢᠨᠴᠣᠳ ᠨᠠᠷᠢᠮᠣ ᠶᠢ ᠭᠤᠬᠢᠭᠠᠷ ᠬᠠᠳᠣᠭᠤᠷ ᠢᠶᠠᠷ ᠬᠠᠳᠣᠳᠠᠬ | ᠶᠣᠮ᠃ ᠬᠦᠵᠦᠭᠦᠳᠡᠵᠦ ᠬᠠᠳᠣᠬᠤ ᠭᠡᠳᠡᠭ ᠨᠢ ᠨᠠᠷᠢᠮᠣ ᠶᠢᠨ ᠲᠣᠯᠣᠭᠠᠢ ᠪᠣᠯᠣᠨ ᠰᠦᠷᠡᠯ ᠤᠨ ᠠᠭᠤᠯᠵᠠᠷ ᠢᠶᠠᠷ ᠬᠠᠳᠣᠨ ᠠᠪᠴᠦ ᠲᠣᠯᠣᠭᠠᠢ ᠶᠢ ᠨᠢ ᠬᠤᠷᠢᠶᠠᠨ ᠠᠪᠬᠤ | ᠠᠷᠭ᠎ᠠ ᠪᠣᠯᠣᠨ᠎ᠠ᠃ ᠡᠨᠡ ᠬᠦ ᠠᠷᠭ᠎ᠠ ᠪᠠᠷ ᠬᠠᠳᠣᠵᠦ ᠠᠪᠣᠬᠰᠠᠨ ᠨᠠᠷᠢᠮᠣ ᠶᠢᠨ ᠪᠣᠳᠠᠭ᠎ᠠ ᠶᠢ ᠨᠢ ᠣᠨᠠᠭᠠᠵᠦ ᠠᠪᠬᠤ ᠳᠤ ᠰᠦᠷᠡᠯ ᠲᠠᠢ ᠨᠠᠷᠢᠮᠣ ᠶᠢ ᠣᠨᠠᠭᠠᠬᠤ ᠠᠴᠠ | ᠬᠢᠯᠪᠠᠷᠬᠠᠨ ᠰᠢᠬ ᠪᠠᠶᠢᠳᠠᠬ᠃ ᠬᠤᠷᠴᠢᠨᠴᠣᠳ ᠤᠨ ᠲᠣᠮᠳᠠ ᠨᠠᠷᠢᠮᠣ ᠶᠢ ᠬᠦᠵᠦᠭᠦᠳᠡᠵᠦ ᠬᠠᠳᠣᠭᠠᠳ ᠡᠯᠵᠢᠭᠡ ᠪᠠᠷ ᠠᠶᠠᠯᠠᠵᠦ ᠪᠠᠶᠢᠭ᠎ᠠ ᠬᠦᠮᠦᠨ ᠲᠠᠢ ᠵᠣᠭᠤᠬ | ᠬᠡᠯᠡᠯᠴᠡᠭᠡᠳ ᠱᠠᠩ ᠤᠨ ᠦᠵᠦᠭᠦᠷ ᠭᠠᠷᠴᠢᠬᠠᠬᠤ ᠲᠣᠬᠠᠢ ᠶᠠᠷᠢᠶ᠎ᠠ ᠬᠡᠯᠡᠯᠴᠡᠭᠡ ᠴᠦ ᠪᠠᠶᠢᠳᠠᠬ᠃ ᠵᠢᠷᠤᠬᠠᠯᠠᠵᠦ ᠬᠠᠳᠣᠬᠤ ᠭᠡᠳᠡᠭ ᠨᠢ ᠨᠢᠭᠡ ᠬᠦᠮᠦᠨ ᠨᠠᠷᠢᠮᠣ ᠶᠢᠨ | ᠲᠠᠷᠢᠶ᠎ᠠ ᠶᠢᠨ ᠲᠣᠮᠳᠠᠭᠤᠷ ᠭᠤᠣᠯ ᠴᠣᠭᠤᠯᠵᠦ ᠬᠠᠳᠣᠵᠦ ᠣᠷᠣᠭᠠᠳ ᠬᠤᠶᠠᠷ ᠬᠦᠮᠦᠨ ᠬᠤᠶᠠᠷ ᠬᠠᠵᠠᠭᠤ ᠪᠠᠷ ᠨᠢ ᠲᠠᠷᠠᠭᠠᠯᠠᠨ ᠬᠠᠳᠣᠬᠤ ᠠᠷᠭ᠎ᠠ ᠪᠣᠯᠣᠨ᠎ᠠ᠃ | ᠨᠠᠷᠢᠮᠣ ᠶᠢ ᠰᠦᠷᠡᠯ ᠲᠠᠢ ᠨᠢ ᠬᠠᠳᠣᠬᠤ ᠨᠢ ᠬᠦᠵᠦᠭᠦᠳᠡᠵᠦ ᠬᠠᠳᠣᠬᠤ ᠶᠢ ᠪᠣᠳᠣᠪᠠᠯ ᠢᠯᠡᠭᠦᠦ ᠪᠦᠬᠦ᠋ᠢᠵᠦ ᠭᠠᠷ ᠤᠨ ᠬᠦᠴᠦ ᠢᠯᠡᠭᠦᠦ ᠬᠡᠷᠡᠭᠰᠡᠳᠡᠭ ᠠᠴᠠ | ᠶᠠᠳᠠᠷᠠᠬᠤ ᠨᠢ ᠢᠯᠡᠭᠦᠦ ᠰᠢᠭ ᠮᠦᠷᠳᠡᠭᠡᠨ ᠪᠣᠳᠠᠭ᠎ᠠ ᠶᠢ ᠨᠢ ᠣᠨᠠᠭᠠᠬᠤ ᠳᠤ ᠴᠦ ᠶᠠᠷᠰᠢᠬ ᠰᠢᠬ ᠪᠠᠶᠢᠳᠠᠬ᠃ ᠭᠡᠪᠡᠴᠦ ᠨᠠᠷᠢᠮᠣ ᠶᠢ ᠡᠰᠢ ᠰᠦᠷᠡᠯ ᠲᠠᠢ ᠨᠢ ᠬᠤᠷᠢᠶᠠᠵᠦ | ᠠᠪᠳᠠᠬ ᠨᠢ ᠡᠰᠢ ᠰᠦᠷᠡᠯ ᠢ ᠨᠢ ᠴᠦ ᠠᠮᠢᠳᠣᠷᠠᠯ ᠤᠨ ᠬᠡᠷᠡᠭᠯᠡᠭᠡᠨ ᠳᠤ ᠣᠷᠣᠭᠤᠯᠵᠦ ᠪᠣᠯᠳᠠᠬ᠃ | ᠦᠳᠦᠷᠮᠡᠯᠡᠬᠦ᠃ ᠬᠠᠳᠣᠬᠰᠠᠨ ᠨᠠᠷᠢᠮᠣ ᠶᠢ ᠦᠳᠦᠷᠮᠡᠯᠡᠬᠦ ᠳᠤ ᠲᠡᠭᠡᠭᠡᠬᠦ ᠪᠠ ᠦᠳᠦᠷᠮᠡᠯᠡᠬᠦ ᠭᠡᠬᠦ ᠬᠤᠶᠠᠷ ᠠᠯᠬᠤᠮ ᠢᠶᠠᠷ ᠶᠠᠪᠣᠬᠳᠠᠳᠠᠬ ᠶᠣᠮ᠃ ᠬᠠᠳᠣᠬᠰᠠᠨ | ᠨᠠᠷᠢᠮᠣ ᠭᠦᠢᠴᠡᠳ ᠬᠠᠳᠠᠬᠰᠠᠨ ᠤ ᠲᠠᠷᠠᠭ᠎ᠠ ᠪᠣᠭᠤᠵᠢᠯᠠᠭᠠᠳ ᠲᠡᠷᠭᠡᠨ ᠲᠡᠭᠡᠷ᠎ᠡ ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠲᠡᠭᠡᠭᠡᠨ᠎ᠡ᠃ ᠲᠡᠷᠭᠡ ᠶᠢᠨ ᠬᠤᠶᠠᠷ | ᠬᠠᠵᠠᠭᠤ ᠪᠠᠷ ᠨᠠᠷᠢᠮᠣ ᠶᠢᠨ ᠡᠰᠢ ᠶᠢ ᠭᠠᠳᠠᠬᠰᠢ ᠬᠠᠨᠳᠣᠭᠤᠯᠵᠦ ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠨᠢᠭᠡ ᠮᠦᠷ ᠲᠡᠭᠰᠢᠯᠡᠵᠦ ᠪᠠᠷᠠᠭᠰᠠᠨ ᠤ ᠲᠠᠷᠠᠭ᠎ᠠ | ᠬᠤᠶᠠᠷ ᠲᠠᠯ᠎ᠠ ᠶᠢᠨ ᠨᠠᠷᠢᠮᠣ ᠶᠢᠨ ᠠᠭᠤᠯᠵᠠᠷ ᠢ ᠪᠠᠰᠠ ᠨᠢᠭᠡ ᠮᠦᠷ ᠨᠠᠷᠢᠮᠤ ᠶᠢᠨ ᠪᠤᠭᠤᠵᠢ ᠪᠠᠷ ᠲᠠᠷᠣᠵᠦ ᠲᠠᠯᠪᠢᠨ᠎ᠡ᠃ ᠡᠭᠦᠨ ᠢᠶᠠᠨ ᠭᠤᠣᠯ ᠲᠠᠷᠣᠬᠤ ᠭᠡᠵᠦ ᠬᠡᠯᠡᠳᠡᠭ | ᠃ ᠡᠨᠡ ᠮᠡᠳᠦ ᠪᠠᠷ ᠬᠡᠳᠦᠨ ᠮᠦᠷ ᠲᠡᠭᠡᠭᠡᠭᠰᠡᠨ ᠤ ᠲᠠᠷᠠᠭ᠎ᠠ ᠲᠡᠷᠭᠡ ᠲᠦᠭᠦᠷᠳᠡᠭ ᠶᠣᠮ᠃ ᠬᠠᠰᠢᠷ ᠲᠠᠷᠢᠶᠠᠴᠢᠳ ᠤᠨ ᠬᠠᠭᠤᠴᠢᠯᠠᠬᠰᠠᠨ ᠢᠶᠠᠷ ᠪᠣᠯ ᠲᠦᠷᠪᠡ | ᠬᠦᠯᠦᠭᠰᠡᠨ ᠬᠠᠰᠠᠬ ᠲᠡᠷᠭᠡ ᠨᠢ 70 ᠠᠴᠠ 110 ᠪᠣᠭᠤᠵᠢ ᠣᠷᠴᠢᠮ ᠨᠠᠷᠢᠮᠣ ᠲᠡᠭᠡᠭᠡᠵᠦ ᠲᠡᠶᠢᠯᠳᠡᠭ ᠶᠣᠮ ᠭᠡᠨ᠎ᠡ᠃ ᠣᠳᠣᠬᠠᠨ ᠳᠤ ᠮᠠᠰᠢᠨ ᠮᠧᠬᠠᠨᠢᠬ | ᠬᠡᠷᠡᠭᠯᠡᠭᠰᠡᠨ ᠠᠴᠠ ᠡᠭᠦᠨ ᠠᠴᠠ ᠴᠦ ᠬᠤᠯᠠ ᠢᠯᠡᠭᠦᠦ ᠲᠡᠭᠡᠭᠡᠵᠦ ᠲᠡᠶᠢᠯᠬᠦ ᠪᠣᠯᠵᠠᠢ᠃ ᠲᠡᠭᠡᠭᠡᠭᠰᠡᠨ ᠨᠠᠷᠢᠮᠣ ᠪᠠᠨ ᠦᠳᠦᠷᠮ᠎ᠡ ᠳᠤ ᠬᠤᠷᠢᠶᠠᠬᠤ ᠳᠠᠭᠠᠨ | ᠲᠣᠯᠣᠭᠠᠢ ᠶᠢ ᠨᠢ ᠲᠣᠳᠣᠬᠰᠢ ᠬᠠᠨᠳᠣᠭᠤᠯᠵᠦ ᠬᠤᠷᠢᠶᠠᠭᠠᠳ ᠣᠷᠣᠢ ᠶᠢ ᠨᠢ ᠨᠠᠷᠢᠮᠤ ᠶᠢᠨ ᠪᠤᠭᠤᠵᠢ ᠪᠠᠷ ᠲᠠᠷᠣᠵᠦ ᠲᠠᠯᠪᠢᠨ᠎ᠡ᠃ ᠢᠡᠭᠭᠢᠵᠦ ᠬᠤᠷᠢᠶᠠᠪᠠᠯ ᠰᠢᠪᠠᠭᠤ | ᠪᠣᠯᠵᠣᠮᠣᠷ ᠪᠣᠳᠠᠭ᠎ᠠ ᠶᠢ ᠨᠢ ᠰᠦᠢᠳᠭᠡᠬᠦ ᠨᠢ ᠪᠠᠭ᠎ᠠ ᠭᠡᠳᠡᠭ᠃ | ᠨᠠᠷᠢᠮᠣ ᠶᠢ ᠦᠳᠦᠷᠮᠡᠨ ᠳᠤ ᠠᠪᠬᠤ | ᠨᠠᠷᠢᠮᠣ ᠶᠢ ᠦᠳᠦᠷᠮ᠎ᠡ ᠳᠤ ᠲᠡᠭᠡᠭᠡᠵᠦ ᠣᠷᠣᠭᠤᠯᠤᠭᠠᠳ ᠨᠠᠮᠣᠷ ᠤᠨ ᠬᠤᠷᠢᠶᠠᠯᠳᠠ ᠶᠢᠨ ᠠᠵᠢᠯ ᠨᠡᠯᠢᠶᠡᠳ ᠵᠦᠭᠰᠢᠷᠡᠨ᠂ ᠲᠡᠭᠡᠭᠡᠵᠦ ᠣᠷᠣᠭᠤᠯᠣᠬᠰᠠᠨ ᠲᠠᠷᠢᠶ᠎ᠠ | ᠬᠠᠳᠠᠵᠦ ᠬᠠᠭᠤᠷᠠᠢ ᠪᠣᠯᠣᠬᠰᠠᠨ ᠤ ᠲᠠᠷᠠᠭ᠎ᠠ ᠦᠳᠦᠷᠮ᠎ᠡ ᠠᠪᠬᠤ ᠠᠵᠢᠯ ᠡᠬᠢᠯᠡᠳᠡᠭ᠃ ᠨᠠᠷᠢᠮᠣ ᠶᠢ ᠠᠪᠬᠤ ᠳᠤ ᠪᠣᠳᠠᠭ᠎ᠠ ᠰᠠᠯᠭᠠᠬᠤ᠂ ᠯᠠᠢ ᠰᠠᠶᠢᠵᠠᠳᠠᠬᠤ᠂ ᠡᠰᠢ | ᠰᠦᠷᠡᠯ ᠢ ᠨᠢ ᠡᠳ᠋ᠰᠢᠭᠦᠯᠬᠦ ᠭᠡᠬᠦ ᠭᠤᠷᠪᠠᠨ ᠠᠯᠬᠤᠮ ᠢᠶᠠᠷ ᠶᠠᠪᠣᠬᠳᠠᠳᠠᠬ ᠶᠣᠮ᠃ | ᠪᠣᠳᠠᠭ᠎ᠠ ᠰᠠᠯᠭᠠᠬᠤ᠃ ᠬᠦᠵᠦᠭᠦᠳᠡᠵᠦ ᠬᠠᠳᠣᠬᠰᠠᠨ ᠨᠠᠷᠢᠮᠣ ᠶᠢ ᠪᠣᠯ ᠵᠢᠭᠳᠡᠬᠡᠨ ᠲᠡᠪᠢᠰᠴᠦ ᠲᠠᠯᠪᠢᠭᠠᠳ ᠪᠣᠯᠣ ᠪᠠᠷ ᠪᠣᠯᠣᠳᠠᠵᠦ ᠣᠨᠠᠭᠠᠳᠠᠬ ᠶᠣᠮ᠃ | ᠰᠦᠷᠡᠯ ᠲᠠᠢ ᠨᠢ ᠬᠠᠳᠣᠬᠰᠠᠨ ᠨᠠᠷᠢᠮᠣ ᠶᠢ ᠲᠣᠯᠣᠭᠠᠢ ᠶᠢ ᠨᠢ ᠲᠣᠳᠣᠬᠰᠢ ᠬᠠᠨᠳᠣᠭᠤᠯᠣᠨ ᠵᠢᠭᠳᠡᠬᠡᠨ ᠲᠠᠪᠢᠰᠴᠦ ᠲᠠᠯᠪᠢᠭᠠᠳ ᠲᠣᠯᠣᠭᠠᠢ ᠨᠡᠶᠢᠯᠡᠭᠰᠡᠨ ᠬᠡᠰᠡᠭ ᠢᠶᠠᠷ ᠨᠢ | ᠪᠣᠯᠣ ᠭᠦᠶᠦᠯᠭᠡᠵᠦ ᠡᠰᠢ ᠰᠦᠷᠡᠯ ᠠᠴᠠ ᠨᠢ ᠰᠠᠯᠭᠠᠨ ᠣᠨᠠᠭᠠᠵᠦ ᠠᠪᠳᠠᠬ᠃ ᠵᠠᠷᠢᠮ ᠲᠠᠷᠢᠶᠠᠴᠢᠳ ᠪᠠᠰᠠ ᠦᠭᠡᠷ ᠪᠣᠶᠣ ᠮᠣᠷᠢ ᠶᠢ ᠬᠤᠯᠪᠣᠨ ᠬᠦᠳᠦᠯᠦᠭᠡᠳ | ᠭᠢᠰᠭᠢᠭᠦᠯᠵᠦ ᠠᠪᠳᠠᠬ ᠴᠦ ᠪᠣᠢ᠃ ᠬᠡᠷᠪᠡ ᠲᠡᠪᠢᠰᠦᠭᠰᠡᠨ ᠲᠠᠷᠢᠶᠠᠨ ᠤ ᠬᠡᠪᠴᠢᠶ᠎ᠡ ᠨᠢ ᠪᠠᠭ᠎ᠠ ᠪᠣᠯ ᠬᠤᠶᠠᠷ ᠪᠣᠶᠣ ᠭᠤᠷᠪᠠᠨ ᠦᠬᠡᠷ ᠮᠣᠷᠢ ᠪᠠᠷ ᠭᠢᠰᠭᠢᠭᠦᠯᠵᠦ ᠠᠷᠪᠢᠨ | ᠪᠣᠯ ᠨᠡᠩ ᠣᠯᠠᠨ ᠦᠬᠡᠷ ᠮᠣᠷᠢ ᠬᠡᠷᠡᠭᠰᠡᠳᠡᠭ ᠶᠣᠮ᠃ ᠨᠠᠷᠢᠮᠣ ᠶᠢ ᠡᠰᠢ ᠰᠦᠷᠡᠯ ᠠᠴᠠ ᠨᠢ ᠰᠠᠯᠭᠠᠵᠦ ᠪᠠᠷᠠᠬᠰᠠᠨ ᠤ ᠲᠠᠷᠠᠭ᠎ᠠ ᠵᠢᠪᠡᠷ ᠰᠠᠯᠬᠢᠨ ᠨᠢ ᠲᠣᠬᠢᠷᠠᠮᠵᠢᠳᠠᠢ | ᠡᠳᠦᠷ ᠢ ᠰᠣᠩᠭᠤᠵᠦ ᠮᠣᠳᠣᠨ ᠬᠦᠷᠵᠡ ᠪᠠᠷ ᠬᠠᠶᠠᠵᠦ ᠪᠣᠳᠠᠭ᠎ᠠ ᠶᠢ ᠨᠢ ᠢᠯᠭᠠᠷᠠᠭᠤᠯᠵᠦ ᠠᠪᠳᠠᠬ᠃ ᠡᠭᠦᠨ ᠢ ᠪᠣᠳᠠᠭ᠎ᠠ ᠬᠡᠶᠢᠰᠭᠡᠬᠦ ᠭᠡᠨ᠎ᠡ᠃ ᠡᠭᠦᠨ ᠤ ᠲᠣᠬᠠᠢ | ᠲᠣᠯᠭᠠᠭᠤᠷᠢ ᠠᠴᠠ᠄ ︽ᠡᠰᠢ ᠰᠦᠷᠡᠯ ᠠᠴᠠ ᠨᠢ ᠰᠠᠯᠭᠠᠬᠰᠠᠨ ᠨᠠᠷᠢᠮᠣ ᠪᠠᠨ ᠦᠳᠦᠷᠮ᠎ᠡ ᠶᠢᠨ ᠲᠣᠯᠢ ᠳᠤ ᠣᠪᠣᠭᠠᠯᠠᠵᠦ ᠲᠠᠯᠪᠢᠭᠠᠳ ᠲᠡᠮ ᠲᠠᠢ ᠰᠢᠭ ᠬᠦᠮᠦᠰ ᠨᠢ | ᠮᠣᠳᠣᠨ ᠬᠦᠷᠵᠡ ᠪᠠᠷ ᠵᠢᠪᠠᠷ ᠦᠭᠡᠳᠡ ᠪᠣᠳᠠᠭ᠎ᠠ ᠪᠠᠨ ᠬᠠᠶᠠᠨ᠎ᠠ᠃ ᠪᠣᠳᠠᠭ᠎ᠠ ᠣᠷᠣᠬᠰᠠᠨ ᠢᠶᠠᠷ ᠰᠠᠶᠢᠨ ᠨᠠᠷᠢᠮᠣ ᠨᠢ ᠵᠢᠪᠠᠷ ᠤᠨ ᠲᠡᠭᠡᠷ᠎ᠡ ᠲᠠᠯ᠎ᠠ ᠳᠤ ᠲᠣᠰᠴᠦ᠂ | ᠭᠡᠶᠢᠳᠡᠮ ᠴᠣᠣᠬᠠᠯ ᠪᠣᠶᠣ ᠬᠤᠬ ᠯᠠᠢ ᠨᠢ ᠵᠢᠪᠠᠷ ᠤᠨ ᠲᠣᠣᠷ᠎ᠠ ᠲᠠᠯ᠎ᠠ ᠳᠤ ᠪᠠᠭᠤᠳᠠᠬ᠃ ᠡᠨᠡ ᠦᠶ᠎ᠡ ᠳᠤ ᠵᠢᠪᠠᠷ ᠤᠨ ᠲᠣᠣᠷ᠎ᠠ ᠲᠠᠯ᠎ᠠ ᠳᠤ ᠵᠣᠬᠰᠣᠵᠦ ᠪᠠᠶᠢᠭ᠎ᠠ | ᠬᠦᠮᠦᠨ ᠠᠴᠠ ᠲᠣᠯᠣᠭᠠᠢ ᠪᠠᠨ ᠠᠯᠴᠢᠭᠤᠷ ᠢᠶᠠᠷ ᠣᠷᠢᠶᠠᠵᠦ᠂ ᠨᠠᠬᠢᠯᠵᠠᠭᠤᠷ ᠪᠣᠷᠭᠠᠰᠣᠨ ᠱᠦᠬᠦᠷ ᠢᠶᠠᠷ ᠪᠣᠳᠠᠭ᠎ᠠ ᠲᠠᠢ ᠬᠤᠯᠢᠯᠳᠣᠬᠰᠠᠨ ᠬᠤᠬ ᠯᠠᠢ ᠶᠢ ᠬᠦᠡᠭᠭᠡᠬᠡᠨ | ᠰᠢᠭᠰᠢᠵᠦ ᠱᠦᠭᠦᠷᠳᠡᠨ᠎ᠡ᠃ ᠡᠭᠦᠨ ᠢᠶᠠᠨ ᠨᠠᠷᠢᠮᠣ ᠮᠦᠶᠡᠳᠡᠬᠦ ᠭᠡᠵᠦ ᠶᠠᠷᠢᠳᠠᠬ᠃ ᠬᠡᠷᠪᠡ ᠰᠠᠯᠬᠢ ᠪᠠ ᠬᠠᠶᠠᠬᠤ ᠬᠦᠮᠦᠨ ᠤ ᠭᠠᠷ ᠤᠨ ᠡᠪ ᠲᠠᠭᠠᠷᠠᠬᠰᠠᠨ ᠪᠠᠶᠢᠪᠠᠯ | ᠭᠠᠭᠴᠠᠬᠠᠨ ᠣᠳᠠᠭ᠎ᠠ ᠳᠤ ᠪᠣᠳᠠᠭ᠎ᠠ ᠪᠠ ᠯᠠᠢ ᠨᠢ ᠢᠯᠭᠠᠷᠠᠴᠢᠬᠠᠳᠠᠬ ᠶᠣᠮ︾ ᠭᠡᠵᠡᠢ᠃ ᠨᠠᠷᠢᠮᠣ ᠶᠢᠨ ᠮᠦᠬᠦᠯᠢᠭ ᠨᠢ ᠵᠢᠵᠢᠭᠬᠡᠨ ᠪᠣᠯᠬᠤᠷ ᠮᠣᠩᠭᠤᠯ ᠠᠮᠣ ᠶᠢ | ᠬᠠᠶᠠᠬᠤ ᠲᠠᠢ ᠬᠠᠷᠢᠴᠠᠭᠤᠯᠪᠠᠯ ᠨᠡᠩ ᠶᠡᠭᠡ ᠲᠡᠮ ᠬᠡᠷᠡᠭᠰᠡᠳᠡᠭ ᠶᠣᠮ᠃ ᠡᠶᠢᠮᠦ ᠠᠴᠠ ᠲᠠᠷᠢᠶᠠᠴᠢᠳ ᠨᠠᠷᠢᠮᠣ ᠶᠢ ᠬᠤᠶᠠᠷ ᠠᠴᠠ ᠭᠤᠷᠪᠠ ᠣᠳᠠᠭ᠎ᠠ ᠨᠢᠮᠪᠠᠢ ᠬᠠᠶᠠᠵᠦ | ᠪᠠᠶᠢᠭᠠᠳ ᠰᠠᠶ᠋ᠢ ᠭᠦᠢᠴᠡᠳ ᠰᠠᠯᠭᠠᠵᠦ ᠠᠪᠣᠭᠠᠳ ᠬᠦᠮᠦᠷᠭᠡᠯᠡᠵᠦ ᠲᠠᠯᠪᠢᠳᠠᠬ ᠶᠣᠮ᠃ | ᠯᠠᠢ ᠰᠠᠶᠢᠵᠠᠳᠠᠬᠤ᠃ ᠨᠠᠷᠢᠮᠣ ᠶᠢᠨ ᠬᠡᠶᠢᠳᠡᠮ᠂ ᠴᠣᠣᠬᠠᠯ ᠪᠣᠶᠣ ᠬᠡᠮᠬᠡᠷᠡᠭᠰᠡᠨ ᠨᠠᠪᠴᠢ ᠵᠡᠷᠭᠡ ᠶᠢ ᠬᠤᠷᠢᠶᠠᠩᠭᠤᠢᠢᠯᠠᠭᠠᠳ ᠬᠤᠷᠴᠢᠨ ᠳᠤ ᠨᠠᠷᠢᠮᠣ ᠶᠢᠨ ᠯᠠᠢ | ᠭᠡᠳᠡᠭ᠃ ᠯᠠᠢ ᠶᠢ ᠮᠣᠳᠣᠨ ᠬᠦᠷᠵᠡ ᠪᠣᠶᠣ ᠱᠦᠬᠦᠷ ᠢᠶᠠᠷ ᠦᠳᠦᠷᠮ᠎ᠡ ᠶᠢᠨ ᠲᠣᠯᠢ ᠲᠡᠭᠡᠷ᠎ᠡ ᠪᠠᠨ ᠣᠪᠣᠭᠠᠯᠠᠵᠦ ᠲᠠᠯᠪᠢᠬᠰᠠᠨ ᠤ ᠲᠠᠷᠠᠭ᠎ᠠ ᠰᠠᠶᠢᠵᠠ ᠪᠠᠷ ᠰᠢᠷᠣᠢ ᠶᠢ ᠨᠢ | ᠰᠠᠶᠢᠵᠠᠳᠠᠵᠦ ᠭᠠᠷᠭᠠᠭᠠᠳ ᠣᠭᠤᠳᠠᠨ ᠳᠤ ᠬᠢᠵᠦ ᠬᠠᠳᠠᠭᠠᠯᠠᠵᠦ ᠲᠠᠯᠪᠢᠨ᠎ᠠ᠃ ᠡᠭᠦᠨ ᠢᠶᠠᠨ ᠯᠠᠢ ᠬᠤᠷᠢᠶᠠᠬᠤ ᠭᠡᠳᠡᠭ᠃ ᠬᠤᠷᠢᠶᠠᠬᠰᠠᠨ ᠯᠠᠢ ᠪᠠᠨ ᠬᠠᠯᠠᠭᠤᠨ | ᠣᠰᠣᠨ ᠳᠤ ᠲᠡᠪᠳᠦᠭᠡᠭᠡᠳ ᠭᠠᠭ᠋ᠠᠢ ᠲᠠᠬᠢᠶ᠎ᠠ ᠪᠣᠷᠳᠣᠬᠤ ᠳᠤ ᠬᠡᠷᠡᠭᠯᠡᠳᠡᠭ ᠶᠣᠮ᠃ | ᠨᠠᠷᠢᠮᠣ ᠶᠢᠨ ᠡᠰᠢ ᠰᠦᠷᠡᠯ ᠢ ᠡᠳ᠋ᠰᠢᠭᠦᠯᠬᠦ᠃ ᠨᠠᠷᠢᠮᠣ ᠶᠢᠨ ᠡᠰᠢ ᠰᠦᠷᠡᠯ ᠨᠢ ᠰᠢᠮ᠎ᠡ ᠲᠡᠵᠢᠭᠡᠯ ᠰᠠᠶᠢᠳᠠᠢ ᠪᠣᠯᠬᠤᠷ ᠦᠬᠡᠷ ᠬᠤᠨᠢ ᠪᠣᠷᠳᠣᠬᠤ ᠳᠤ ᠴᠢᠬᠤᠯᠠ | ᠪᠣᠷᠳᠤᠭ᠎ᠠ ᠪᠣᠯᠳᠠᠬ ᠶᠣᠮ᠃ ᠭᠡᠪᠡᠴᠦ ᠨᠠᠷᠢᠮᠣ ᠶᠢᠨ ᠡᠰᠢ ᠨᠢ ᠬᠠᠳᠠᠭᠤ ᠮᠦᠷᠳᠡᠭᠡᠨ ᠱᠦᠷᠦᠭᠦᠨ ᠪᠣᠯᠬᠤᠷ ᠬᠤᠨᠢ ᠮᠠᠯ ᠳᠤ ᠪᠦᠬᠦᠯᠢ ᠪᠠᠷ ᠨᠢ ᠬᠠᠶᠠᠵᠦ ᠢᠳᠡᠭᠦᠯᠪᠡᠯ | ᠭᠡᠭᠡᠵᠦ ᠣᠷᠬᠢᠬᠳᠠᠬᠤ ᠨᠢ ᠢᠯᠡᠭᠦᠦ ᠮᠦᠷᠳᠡᠭᠡᠨ ᠦᠬᠡᠷ ᠤᠨ ᠬᠡᠯᠡ ᠶᠢ ᠵᠣᠯᠭᠠᠭᠠᠵᠦ ᠠᠪᠬᠤ ᠠᠶᠣᠯᠳᠠᠢ ᠭᠡᠳᠡᠭ᠃ ᠡᠨᠡ ᠬᠦ ᠪᠠᠶᠢᠳᠠᠯ ᠳᠤ ᠲᠣᠬᠢᠷᠠᠭᠤᠯᠣᠨ ᠬᠤᠷᠴᠢᠨ | ᠲᠠᠷᠢᠶᠠᠴᠢᠳ ᠠᠴᠠ ᠨᠠᠷᠢᠮᠣ ᠶᠢᠨ ᠰᠦᠷᠡᠯ ᠢ ᠬᠡᠷᠴᠢᠭᠡᠳ ᠡᠷᠳᠡᠨᠢ ᠰᠢᠰᠢ ᠶᠢᠨ ᠡᠰᠢ ᠰᠦᠷᠡᠯ ᠵᠡᠷᠭᠡ ᠶᠢᠨ ᠪᠣᠰᠣᠳ ᠡᠪᠡᠰᠦ ᠪᠣᠷᠳᠤᠭ᠎ᠠ ᠲᠠᠢ ᠬᠤᠯᠢᠵᠦ ᠪᠠᠶᠢᠭᠠᠳ | ᠦᠬᠡᠷ ᠮᠠᠯ ᠢᠶᠠᠨ ᠪᠣᠷᠳᠣᠳᠠᠬ ᠶᠣᠮ᠃ ᠣᠤᠯ ᠳᠠᠭᠠᠨ ᠬᠤᠷᠴᠢᠨ ᠤ ᠵᠠᠷᠢᠮ ᠭᠠᠵᠠᠷ ᠪᠠᠰᠠ ᠨᠠᠷᠢᠮᠣ ᠶᠢᠨ ᠡᠰᠢ ᠰᠦᠷᠡᠯ ᠢᠶᠠᠷ ᠭᠡᠷ ᠤᠨ ᠣᠷᠣᠢ ᠪᠠᠨ ᠡᠯᠪᠡᠵᠦ ᠪᠠᠶᠢᠬᠰᠠᠨ | ᠭᠡᠨ᠎ᠡ᠃ | ᠪᠣᠳᠠᠭ᠎ᠠ ᠪᠠ ᠯᠠᠢ᠂ ᠡᠰᠢ ᠰᠦᠷᠡᠯ ᠵᠡᠷᠭᠡ ᠶᠢ ᠭᠦᠢᠴᠡᠳ ᠬᠤᠷᠢᠶᠠᠵᠦ ᠪᠠᠷᠠᠬᠰᠠᠨ ᠤ ᠲᠠᠷᠠᠭ᠎ᠠ ᠰᠠᠶ᠋ᠢ ᠨᠠᠷᠢᠮᠣ ᠶᠢ ᠦᠳᠦᠷᠮᠡᠨ ᠳᠤ ᠠᠪᠬᠤ ᠠᠵᠢᠯ ᠲᠠᠭᠤᠰᠳᠠᠬ᠃ | | ᠨᠠᠷᠢᠮᠣ ᠪᠠᠷ ᠬᠤᠭᠤᠯᠠ ᠪᠣᠳᠠᠭ᠎ᠠ ᠪᠣᠯᠪᠠᠰᠣᠷᠠᠭᠤᠯᠬᠤ | ᠬᠤᠷᠴᠢᠨ ᠳᠤ ᠨᠠᠷᠢᠮᠣ ᠶᠢ ᠴᠠᠶᠢᠯᠭᠠᠬᠰᠠᠨ ᠤ ᠲᠠᠷᠠᠭ᠎ᠠ ᠴᠣᠯᠭᠤᠢ ᠪᠠᠷ ᠴᠢᠨᠠᠭᠠᠳ ᠱᠦᠭᠦᠵᠦ ᠢᠳᠡᠳᠡᠭ᠃ ᠪᠠᠰᠠ ᠰᠢᠩᠭᠡᠨ ᠪᠣᠳᠠᠭ᠎ᠠ ᠴᠢᠨᠠᠵᠦ ᠢᠳᠡᠳᠡᠭ᠃ | ᠵᠠᠷᠢᠮ ᠭᠠᠵᠠᠷ ᠲᠤ ᠪᠠᠰᠠ ᠨᠠᠷᠢᠮᠣ ᠶᠢ ᠰᠢᠷ᠎ᠠ ᠲᠣᠰᠣᠨ ᠳᠤ ᠬᠠᠭᠤᠷᠣᠭᠠᠳ ᠪᠣᠳᠠᠭ᠎ᠠ ᠲᠠᠢ ᠴᠠᠢ ᠴᠢᠨᠠᠵᠦ ᠣᠣᠭᠤᠳᠠᠬ ᠪᠣᠶᠣ ᠰᠢᠷ᠎ᠠ ᠲᠣᠰᠣ᠂ ᠦᠷᠦᠮ᠎ᠡ ᠲᠠᠢ ᠠᠮᠣᠰᠣ | ᠬᠢᠵᠦ ᠢᠳᠡᠳᠡᠭ᠃ ᠪᠠᠰᠠ ᠲᠠᠯᠬᠠᠳᠠᠭᠠᠳ ᠪᠣᠣᠪᠤ ᠬᠠᠭᠠᠷᠢᠬᠤ ᠪᠣᠶᠣ ᠮᠣᠩᠭᠤᠯ ᠠᠮᠣ ᠰᠢᠬ ᠬᠠᠭᠤᠷᠴᠦ᠂ ᠬᠠᠭᠤᠷᠣᠬᠰᠠᠨ ᠠᠮᠣ ᠪᠣᠯᠭᠠᠨ ᠢᠳᠡᠵᠦ ᠪᠠᠶᠢᠳᠠᠬ᠃ | ᠡᠳᠡᠭᠡᠷ ᠬᠤᠭᠤᠯᠠ ᠣᠮᠳᠠ ᠶᠢ ᠪᠡᠯᠡᠳᠭᠡᠬᠦ ᠠᠴᠠ ᠡᠮᠦᠨ᠎ᠡ ᠡᠩ ᠲᠡᠷᠢᠭᠦᠨ ᠳᠤ ᠨᠠᠷᠢᠮᠣ ᠶᠢ ᠲᠡᠭᠡᠷᠮᠡᠳᠡᠵᠦ ᠴᠠᠶᠢᠯᠭᠠᠬᠤ ᠪᠣᠶᠣ ᠲᠠᠯᠬᠠᠳᠠᠬᠤ ᠠᠵᠢᠯ ᠶᠠᠪᠣᠬᠳᠠᠳᠠᠬ᠃ | ᠨᠠᠷᠢᠮᠣ ᠴᠠᠶᠢᠯᠭᠠᠬᠤ᠃ ᠲᠡᠭᠡᠷᠮᠡᠳᠡᠭᠡᠳ ᠴᠠᠭᠠᠨ ᠪᠣᠳᠠᠭ᠎ᠠ ᠪᠣᠯᠭᠠᠬᠤ ᠶᠠᠪᠣᠴᠠ ᠶᠢ ᠨᠠᠷᠢᠮᠣ ᠴᠠᠶᠢᠯᠭᠠᠬᠤ ᠭᠡᠳᠡᠭ᠃ ᠨᠠᠷᠢᠮᠣ ᠴᠠᠶᠢᠯᠭᠠᠬᠤ ᠨᠢ ᠮᠣᠩᠭᠤᠯ ᠠᠮᠣ | ᠴᠠᠶᠢᠯᠭᠠᠬᠤ ᠠᠴᠠ ᠬᠢᠯᠪᠠᠷᠬᠠᠨ ᠰᠢᠬ ᠪᠠᠶᠢᠳᠠᠬ᠃ ᠶᠠᠭᠤᠨ ᠤ ᠣᠷᠢᠳ ᠨᠠᠷᠢᠮᠣ ᠪᠠᠨ ᠴᠢᠬᠢᠭ ᠦᠭᠡᠢ ᠪᠣᠯᠳᠠᠯ᠎ᠠ ᠭᠦᠢᠴᠡᠳ ᠬᠠᠳᠠᠭᠠᠬᠰᠠᠨ ᠤ ᠲᠠᠷᠠᠭ᠎ᠠ ᠲᠡᠭᠡᠷᠮᠡᠳᠡᠵᠦ | ᠪᠣᠯᠳᠠᠬ᠃ ᠲᠡᠭᠡᠷᠮᠡᠳᠡᠬᠦ ᠶᠠᠪᠣᠴᠠ ᠨᠢ ᠣᠯᠠᠩᠬᠢ ᠳᠠᠭᠠᠨ ᠬᠤᠶᠠᠷ ᠶᠠᠪᠣᠴᠠ ᠶᠢ ᠦᠡᠭᠭᠡᠷᠡᠭᠡᠳᠡᠭ᠃ ᠡᠩ ᠲᠡᠷᠢᠭᠦᠨ ᠳᠤ ᠠᠯᠠᠬᠰᠢᠭᠤᠯᠬᠤ ᠶᠠᠪᠣᠴᠠ ᠪᠣᠯᠣᠨ᠎ᠠ᠃ ᠡᠨᠡ ᠬᠦ | ᠶᠠᠪᠣᠴᠠ ᠳᠤ ᠨᠠᠷᠢᠮᠣ ᠶᠢᠨ ᠭᠠᠳᠠᠷ ᠲᠣᠬᠳᠣᠢ ᠨᠢ ᠪᠣᠳᠠᠭᠠᠨ ᠠᠴᠠ ᠪᠠᠨ ᠬᠤᠪᠬᠤᠷᠠᠨ ᠣᠨᠠᠨ᠎ᠠ᠃ ᠬᠤᠶᠠᠳᠣᠭᠠᠷ ᠶᠠᠪᠣᠴᠠ ᠨᠢ ᠴᠠᠶᠢᠯᠭᠠᠬᠤ ᠶᠠᠪᠣᠴᠠ ᠪᠣᠯᠣᠨ᠎ᠠ᠃ ᠡᠨᠡ | ᠬᠦ ᠶᠠᠪᠣᠴᠠ ᠳᠤ ᠨᠠᠷᠢᠮᠣ ᠶᠢᠨ ᠪᠣᠳᠠᠭᠠᠨ ᠤ ᠭᠠᠳᠠᠭᠤᠷᠬᠢ ᠨᠢᠮᠬᠡᠨ ᠬᠠᠯᠢᠰᠣ ᠨᠢ ᠬᠤᠪᠬᠤᠷᠠᠨ ᠭᠠᠷᠣᠨ᠎ᠠ᠃ ᠴᠠᠶᠢᠯᠭᠠᠬᠰᠠᠨ ᠨᠠᠷᠢᠮᠣ ᠶᠢᠨ ᠭᠠᠳᠠᠷ ᠲᠣᠬᠳᠣᠢ ᠪᠣᠶᠣ | ᠬᠡᠮᠬᠡᠷᠡᠭᠰᠡᠨ ᠢ ᠨᠢ ᠨᠠᠷᠢᠮᠣ ᠶᠢᠨ ᠠᠭᠠᠬ ᠭᠡᠳᠡᠭ᠃ ᠨᠠᠷᠢᠮᠣ ᠶᠢᠨ ᠠᠭᠠᠬ ᠢ ᠪᠣᠴᠠᠯᠣᠬᠰᠠᠨ ᠣᠰᠣᠨ ᠳᠤ ᠲᠡᠪᠳᠦᠭᠡᠭᠡᠳ ᠭᠠᠭ᠋ᠠᠢ ᠲᠠᠬᠢᠶ᠎ᠠ ᠪᠣᠷᠳᠣᠬᠤ ᠳᠤ ᠬᠡᠷᠡᠭᠯᠡᠳᠡᠭ | ᠶᠣᠮ᠃ ᠴᠠᠶᠢᠯᠭᠠᠬᠰᠠᠨ ᠨᠠᠷᠢᠮᠣ ᠶᠢᠨ ᠴᠠᠭᠠᠨ ᠢ ᠰᠢᠭᠤᠳ ᠠᠬᠰᠢᠭᠠᠵᠦ ᠢᠳᠡᠬᠦ ᠪᠣᠶᠣ ᠲᠣᠳᠣᠷᠭ᠎ᠠ ᠪᠣᠳᠠᠭ᠎ᠠ ᠲᠠᠢ ᠬᠤᠯᠢᠵᠦ ᠢᠳᠡᠪᠡᠯ ᠰᠢᠮ᠎ᠡ ᠲᠡᠵᠢᠭᠡᠯ ᠰᠠᠶᠢᠳᠠᠢ | ᠪᠠᠶᠢᠳᠠᠬ᠃ ᠨᠠᠷᠢᠮᠣ ᠶᠢᠨ ᠴᠠᠭᠠᠨ ᠢᠶᠠᠷ ᠵᠤᠳᠠᠩ ᠴᠢᠨᠠᠭᠠᠳ ᠬᠠᠪᠣᠷ ᠤᠨ ᠣᠯᠠᠷᠢᠯ ᠤᠨ ᠲᠠᠷᠳᠠᠬᠰᠠᠨ ᠦᠬᠡᠷ ᠮᠠᠯ ᠳᠤ ᠢᠳᠡᠭᠦᠯᠪᠡᠯ ᠮᠠᠯ ᠤᠨ ᠲᠠᠷᠭᠤ ᠬᠦᠴᠦ ᠬᠤᠷᠳᠣᠨ | ᠨᠡᠮᠡᠭᠳᠡᠳᠡᠭ ᠶᠣᠮ᠃ | ᠨᠠᠷᠢᠮᠣ ᠲᠠᠯᠬᠠᠳᠠᠬᠤ᠃ ᠨᠠᠷᠢᠮᠣ ᠶᠢᠨ ᠴᠠᠭᠠᠨ ᠢᠶᠠᠨ ᠦᠷᠭᠦᠯᠵᠢᠯᠡᠨ ᠭᠤᠯᠢᠷ ᠪᠣᠯᠳᠠᠯ᠎ᠠ ᠲᠠᠯᠬᠠᠳᠠᠨ ᠬᠡᠮᠬᠡᠯᠡᠬᠦ ᠶᠠᠪᠣᠴᠠ ᠶᠢ ᠨᠠᠷᠢᠮᠣ ᠲᠠᠯᠬᠠᠳᠠᠬᠤ ᠭᠡᠨ᠎ᠡ᠃ | ᠲᠠᠯᠬᠠᠳᠠᠬᠰᠠᠨ ᠨᠠᠷᠢᠮᠣ ᠶᠢᠨ ᠴᠠᠭᠠᠨ ᠢᠶᠠᠷ ᠨᠠᠷᠢᠮᠣ ᠶᠢᠨ ᠪᠣᠣᠪᠤ ᠬᠢᠵᠦ ᠵᠢᠩᠨᠡᠬᠦ ᠪᠣᠶᠣ ᠬᠠᠭᠠᠷᠢᠵᠦ ᠢᠳᠡᠳᠡᠭ᠃ ᠨᠠᠷᠢᠮᠣ ᠶᠢᠨ ᠪᠣᠣᠪᠤ ᠨᠢ ᠰᠢᠮ᠎ᠡ ᠲᠡᠵᠢᠭᠡᠯ ᠢᠶᠠᠷ ᠰᠠᠶᠢᠨ | ᠮᠦᠷᠳᠡᠭᠡᠨ ᠶᠡᠭᠡ ᠦᠯ ᠲᠠᠢ ᠪᠠᠶᠢᠳᠠᠬ ᠶᠣᠮ᠃ | ᠨᠠᠷᠢᠮᠣ ᠶᠢᠨ ᠬᠠᠭᠤᠷᠣᠬᠰᠠᠨ ᠠᠮᠣ᠃ ᠨᠠᠷᠢᠮᠣ ᠶᠢ ᠬᠦᠭᠡᠭᠡᠯᠭᠡᠭᠡᠳ ᠬᠠᠭᠤᠷᠠᠢ ᠪᠣᠳᠠᠭ᠎ᠠ ᠪᠣᠯᠭᠠᠵᠦ ᠪᠣᠯᠳᠠᠬ᠃ ᠭᠡᠬᠦ ᠳᠡᠭᠡᠨ ᠬᠦᠭᠡᠭᠡᠯᠭᠡᠬᠦ ᠶᠠᠪᠣᠴᠠ ᠨᠢ ᠮᠣᠩᠭᠤᠯ | ᠠᠮᠣ ᠶᠢ ᠪᠣᠳᠣᠪᠠᠯ ᠬᠤᠷᠳᠣᠨ ᠮᠦᠷᠳᠡᠭᠡᠨ ᠬᠦᠭᠡᠭᠡᠯᠭᠡᠬᠦ ᠬᠤᠭᠤᠴᠠᠭ᠎ᠠ ᠨᠢ ᠣᠬᠤᠷ ᠪᠠᠶᠢᠳᠠᠬ᠃ ᠬᠦᠭᠡᠭᠡᠯᠭᠡᠭᠰᠡᠨ ᠨᠠᠷᠢᠮᠣ ᠪᠠᠨ ᠬᠠᠯᠠᠭᠠᠬᠰᠠᠨ ᠰᠢᠷᠣᠢ ᠳᠤ | ᠬᠠᠭᠤᠷᠣᠬᠰᠠᠨ ᠤ ᠲᠠᠷᠠᠭ᠎ᠠ ᠲᠠᠬᠢᠨ ᠲᠡᠭᠡᠷᠮᠡᠳᠡᠭᠡᠳ ᠨᠠᠷᠢᠮᠣ ᠶᠢᠨ ᠬᠠᠭᠤᠷᠠᠢ ᠪᠣᠳᠠᠭ᠎ᠠ ᠪᠣᠯᠭᠠᠳᠠᠬ᠃ ᠨᠠᠷᠢᠮᠣ ᠪᠠᠷ ᠬᠠᠭᠤᠷᠣᠬᠰᠠᠨ ᠬᠠᠭᠤᠷᠠᠢ ᠪᠣᠳᠠᠭ᠎ᠠ ᠨᠢ | ᠮᠦᠬᠦᠯᠢᠭ ᠢᠶᠠᠷ ᠵᠢᠵᠢᠭ᠂ ᠲᠡᠪᠳᠦᠭᠰᠡᠨ ᠤ ᠲᠠᠷᠠᠭ᠎ᠠ ᠠᠬᠰᠠᠶᠢᠬᠤ ᠨᠢ ᠶᠡᠭᠡ ᠪᠣᠯᠬᠤᠷ ᠦᠯ ᠶᠡᠬᠡᠳᠡᠢ ᠮᠦᠷᠳᠡᠭᠡᠨ ᠬᠡᠳᠦᠷᠬᠡᠢ ᠢᠳᠡᠪᠡᠯ ᠬᠤᠳᠣᠭᠤᠳᠣ ᠡᠪᠡᠳᠬᠦ | ᠠᠶᠣᠯᠳᠠᠢ ᠭᠡᠳᠡᠭ᠃ ᠨᠠᠷᠢᠮᠣ ᠪᠣᠳᠠᠭ᠎ᠠ ᠨᠢ ᠰᠢᠮ᠎ᠡ ᠲᠡᠵᠢᠭᠡᠯ ᠰᠠᠶᠢᠨ᠂ ᠰᠢᠬᠢᠷ ᠪᠠᠭ᠎ᠠ ᠪᠣᠯᠬᠤᠷ ᠰᠢᠬᠢᠷ ᠰᠢᠵᠢᠩ ᠡᠪᠡᠳᠴᠢᠨ ᠲᠠᠢ ᠬᠦᠮᠣᠨ ᠢᠯᠡᠭᠦᠬᠡᠨ ᠢᠳᠡᠪᠡᠯ | ᠬᠦᠴᠦ ᠲᠠᠮᠢᠷ ᠰᠡᠯᠪᠢᠵᠦ ᠬᠤᠳᠣᠭᠤᠳᠦ ᠭᠡᠳᠡᠰᠦ ᠶᠢ ᠨᠢ ᠰᠠᠶᠢᠵᠢᠷᠠᠭᠤᠯᠬᠤ ᠳᠤ ᠶᠡᠭᠡ ᠲᠣᠰᠠᠳᠠᠢ᠃ | ᠡᠭᠦᠨ ᠠᠴᠠ ᠭᠠᠳᠠᠨ᠎ᠠ ᠵᠠᠷᠢᠮ ᠭᠠᠵᠠᠷ ᠲᠤ ᠨᠠᠷᠢᠮᠣ ᠶᠢ ᠠᠷᠢᠬᠢ ᠨᠡᠷᠡᠬᠦ ᠮᠡᠳᠦ ᠪᠠᠷ ᠠᠰᠢᠬᠯᠠᠵᠦ ᠬᠡᠷᠡᠭᠯᠡᠵᠦ ᠪᠠᠶᠢᠨ᠎ᠠ᠃ | ᠨᠠᠷᠢᠮᠣ ᠶᠢ ᠬᠤᠷᠴᠢᠨ ᠨᠣᠳᠤᠬ ᠲᠤ ᠨᠡᠯᠢᠶᠡᠳ ᠣᠷᠣᠢ ᠰᠢᠬ ᠲᠠᠷᠢᠵᠦ ᠬᠡᠷᠡᠭᠯᠡᠭᠰᠡᠨ ᠪᠣᠯᠪᠠᠴᠦ ᠨᠠᠷᠢᠮᠣ ᠶᠢᠨ ᠪᠣᠳᠠᠭ᠎ᠠ ᠠᠴᠠ ᠡᠰᠢ ᠰᠦᠷᠡᠯ ᠳᠤᠨᠢ ᠬᠦᠷᠳᠡᠯ᠎ᠡ | ᠠᠮᠢᠳᠣᠷᠠᠯ ᠤᠨ ᠦᠷᠭᠡᠨ ᠬᠡᠷᠡᠭᠴᠡᠭᠡᠨ ᠳᠤ ᠣᠷᠣᠵᠦ᠂ ᠠᠷᠠᠳ ᠲᠦᠮᠡᠨ ᠤ ᠠᠵᠤ ᠠᠮᠢᠳᠣᠷᠠᠯ ᠤᠨ ᠲᠡᠭᠡᠭᠰᠢᠯᠡᠯᠳᠡ ᠳᠤ ᠶᠡᠬᠡᠬᠡᠨ ᠠᠰᠢᠬ ᠲᠣᠰᠠ ᠬᠦᠷᠳᠡᠭᠡᠭᠰᠡᠭᠡᠷ | ᠪᠠᠶᠢᠨ᠎ᠠ᠃ | ᠨᠠᠩᠬᠢ | ᠨᠠᠩᠭᠢ ᠶᠢ ᠬᠤᠷᠴᠢᠨ ᠠᠴᠠ ᠪᠣᠰᠣᠳ ᠭᠠᠵᠠᠷ ᠪᠠᠰᠠ ᠰᠢᠯᠦᠭᠡᠢ ᠭᠡᠵᠦ ᠨᠡᠷᠡᠯᠡᠳᠡᠭ᠃ ᠨᠠᠩᠬᠢ ᠨᠢ ᠮᠣᠩᠭᠤᠯ ᠣᠷᠣᠨ ᠳᠤ ᠨᠡᠯᠢᠶᠡᠳ ᠡᠷᠳᠡ ᠲᠠᠷᠢᠬᠳᠠᠵᠦ | ᠡᠬᠢᠯᠡᠭᠰᠡᠨ ᠣᠷᠭᠤᠮᠠᠯ ᠪᠣᠯᠣᠨ᠎ᠠ᠃ 1221 ᠣᠨ ᠳᠤ ᠡᠮᠦᠨᠡᠳᠦ ᠰᠦᠡᠭ ᠣᠯᠣᠰ ᠤᠨ ᠡᠯᠴᠢ ᠵᠣᠣ ᠾᠧᠡᠭ ᠤᠨ ᠮᠣᠩᠭᠤᠯ ᠭᠠᠵᠠᠷ ᠠᠴᠠ ᠪᠣᠴᠠᠭᠠᠳ ᠪᠢᠴᠢᠭᠰᠡᠨ ︽ | ᠮᠣᠩᠭᠤᠯ ᠊᠊᠊᠊᠊ ᠲᠠᠲ᠋ᠠᠷ ᠤᠨ ᠲᠣᠬᠠᠢ ᠪᠦᠷᠢᠨ ᠲᠡᠮᠳᠡᠭᠯᠡᠯ︾ ᠳᠤ᠄ ︽ᠲᠡᠳᠡᠨ ᠤ ᠣᠯᠣᠰ ᠲᠤ ᠨᠠᠩᠬᠢ ᠮᠣᠩᠭᠤᠯ ᠠᠮᠣ ᠭᠠᠷᠳᠠᠬ ᠪᠣᠯᠬᠤᠷ ᠲᠡᠳᠡ ᠪᠠᠰᠠ ᠡᠭᠦᠨ ᠢᠶᠠᠷ | ᠪᠣᠳᠠᠭ᠎ᠠ ᠪᠣᠴᠠᠯᠭᠠᠨ ᠰᠢᠩᠭᠡᠯᠡᠨ ᠢᠳᠡᠳᠡᠭ ᠶᠣᠮ︾ ᠭᠡᠵᠦ ᠲᠡᠮᠳᠡᠭᠯᠡᠭᠰᠡᠨ ᠭᠡᠳᠡᠭ᠃ ᠮᠢᠩ ᠣᠯᠣᠰ ᠤᠨ ᠸᠠᠨ ᠯᠢ ᠬᠠᠭᠠᠨ ᠤ ᠦᠶ᠎ᠡ ᠳᠤ ᠲᠦᠮᠡᠳ ᠣᠷᠣᠨ | ᠣᠳᠣ ᠶᠢᠨ ᠬᠦᠬᠡᠬᠤᠳᠠ ᠣᠷᠣᠨ ᠢᠶᠠᠷ ᠡᠯᠴᠢᠯᠡᠵᠦ ᠢᠷᠡᠭᠰᠡᠨ ᠫᠧᠢᠲ᠋ᠠᠯᠢᠨ ᠢᠶᠠᠷ ᠲᠣᠬᠠᠢ ᠶᠢᠨ ᠦᠶ᠎ᠡ ᠶᠢᠨ ᠬᠦᠬᠡᠬᠤᠳᠠ ᠣᠷᠣᠨ ᠤ ᠲᠠᠷᠢᠶᠠᠯᠠᠩ ᠤᠨ ᠪᠠᠶᠢᠳᠠᠯ ᠢ | ᠪᠢᠴᠢᠬᠦ ᠳᠡᠭᠡᠨ᠄ ︽ᠮᠣᠩᠭᠤᠯ ᠨᠢ ᠡᠯᠳᠡᠪ ᠠᠮᠣ ᠪᠣᠳᠠᠭ᠎ᠠ ᠶᠢᠨ ᠭᠠᠷᠣᠯᠳᠠ ᠲᠠᠢ᠃ ᠵᠢᠱᠢᠶᠡᠯᠡᠪᠡᠯ ᠮᠣᠩᠭᠤᠯ ᠠᠮᠣ᠂ ᠰᠢᠯᠦᠭᠡᠢ᠂ ᠪᠣᠭᠤᠳᠠᠢ᠂ ᠬᠠᠪᠣᠷ ᠲᠠᠷᠢᠬᠤ ᠬᠠᠷ᠎ᠠ | ᠪᠣᠭᠤᠳᠠᠢ᠂ ᠠᠷᠪᠠᠢ ᠨᠣᠬᠠᠢ ᠶᠢᠨ ᠬᠤᠰᠢᠭᠤ ᠵᠡᠷᠭᠡ ᠪᠠᠶᠢᠵᠦ ᠪᠠᠰᠠ ᠨᠡᠷ᠎ᠡ ᠶᠢ ᠨᠢ ᠦᠯᠦ ᠮᠡᠳᠡᠬᠦ ᠮᠠᠰᠢ ᠣᠯᠠᠨ ᠲᠠᠷᠢᠮᠠᠯ ᠲᠠᠢ ᠪᠠᠶᠢᠬᠰᠠᠨ ᠁︾ ᠭᠡᠵᠡᠢ᠃ | ᠲᠡᠭᠦᠨ ᠤ ᠶᠠᠷᠢᠬᠰᠠᠨ ᠰᠢᠯᠦᠭᠡᠢ ᠭᠡᠳᠡᠭ ᠨᠢ ᠲᠠᠷᠣᠢ ᠨᠠᠩᠬᠢ ᠶᠢ ᠵᠢᠭᠠᠵᠦ ᠪᠠᠶᠢᠭ᠎ᠠ ᠶᠣᠮ᠃ ᠡᠭᠦᠨ ᠠᠴᠠ ᠪᠢᠳᠡ ᠨᠠᠩᠬᠢ ᠶᠢ ᠮᠣᠩᠭᠤᠯ ᠣᠷᠣᠨ ᠳᠤ ᠨᠡᠯᠢᠶᠡᠳ | ᠡᠷᠳᠡ ᠠᠴᠠ ᠲᠠᠷᠢᠵᠦ ᠬᠡᠷᠡᠭᠯᠡᠵᠦ ᠪᠠᠶᠢᠯ᠎ᠠ ᠭᠡᠳᠡᠭ ᠢ ᠲᠣᠳᠣᠷᠬᠠᠢ ᠮᠡᠳᠡᠵᠦ ᠪᠣᠯᠣᠨ᠎ᠠ᠃ | ᠨᠠᠩᠬᠢ ᠶᠢᠨ ᠢᠵᠡᠭᠤᠷ ᠣᠷᠭᠤᠴᠠ ᠨᠢ ᠮᠣᠩᠭᠤᠯ ᠠᠮᠣ ᠲᠠᠢ ᠲᠦᠰᠦᠭᠡᠳᠡᠢ ᠮᠦᠷᠳᠡᠭᠡᠨ ᠲᠠᠷᠢᠵᠦ᠂ ᠠᠷᠠᠴᠢᠯᠡᠵᠦ᠂ ᠬᠤᠷᠢᠶᠠᠬᠤ ᠶᠠᠪᠣᠴᠠ ᠨᠢ ᠴᠦ ᠮᠣᠩᠭᠤᠯ | ᠠᠮᠣ ᠲᠠᠢ ᠨᠡᠯᠢᠶᠡᠳ ᠣᠢᠢᠷᠠᠯᠴᠠᠭ᠎ᠠ ᠪᠠᠶᠢᠳᠠᠬ᠃ ᠬᠤᠷᠴᠢᠨ ᠳᠤ ᠨᠠᠩᠭᠢ ᠶᠢ ᠭᠤᠤᠯᠳᠠᠭᠤ ᠭᠤᠯᠢᠷ ᠲᠠᠯᠬᠠᠳᠠᠨ ᠪᠣᠣᠪᠤ ᠪᠣᠭᠤᠷᠰᠤᠬ ᠬᠢᠵᠦ ᠢᠳᠡᠳᠡᠭ᠃ ᠵᠠᠷᠢᠮ | ᠭᠠᠵᠠᠷ ᠲᠤ ᠪᠠᠰᠠ ᠠᠬᠰᠢᠭᠠᠭᠠᠳ ᠨᠠᠩᠭᠢ ᠪᠣᠳᠠᠭ᠎ᠠ ᠪᠣᠯᠭᠠᠨ ᠢᠳᠡᠳᠡᠭ ᠴᠦ ᠪᠣᠢ᠃ ᠬᠤᠷᠴᠢᠨ ᠳᠤ ᠨᠠᠩᠬᠢ ᠶᠢᠨ ᠪᠣᠣᠪᠤ ᠶᠢ ᠴᠠᠭᠠᠨ ᠰᠢᠬᠢᠷ᠂ ᠭᠠᠭ᠋ᠠᠢ ᠶᠢᠨ | ᠲᠣᠰᠣ ᠲᠠᠢ ᠵᠢᠭᠤᠷᠠᠵᠦ ᠢᠳᠡᠳᠡᠭ᠃ ᠪᠠᠰᠠ ᠰᠢᠷ᠎ᠠ ᠲᠣᠰᠣ ᠪᠠ ᠴᠠᠭᠠᠨ ᠰᠢᠬᠢᠷ ᠲᠠᠢ ᠵᠢᠭᠤᠷᠠᠵᠦ ᠢᠳᠡᠳᠡᠭ᠃ ᠨᠠᠩᠬᠢ ᠶᠢᠨ ᠪᠣᠣᠪᠤ ᠨᠢ ᠦᠯ ᠰᠠᠶᠢᠳᠠᠢ ᠪᠣᠯᠬᠤᠷ | ᠦᠷᠯᠦᠭᠡ ᠪᠣᠶᠣ ᠦᠳᠡ ᠳᠤ ᠢᠳᠡᠪᠡᠯ ᠡᠳᠦᠷ ᠤᠨ ᠠᠵᠢᠯ ᠳᠤ ᠲᠡᠮᠡᠢ ᠦᠯᠦᠰᠴᠦ ᠣᠮᠳᠠᠭᠠᠰᠬᠤ ᠦᠭᠡᠢ ᠪᠠᠶᠢᠳᠠᠬ ᠶᠣᠮ᠃ ᠬᠤᠷᠴᠢᠨᠴᠣᠳ ᠪᠠᠰᠠ ᠨᠠᠩᠬᠢ ᠶᠢᠨ | ᠲᠣᠮᠳᠠ ᠠᠯᠠᠬ ᠪᠣᠷᠴᠠᠬ ᠬᠠᠪᠴᠢᠭᠤᠯᠵᠦ ᠪᠣᠣᠪᠤ ᠪᠣᠯᠭᠠᠨ ᠢᠳᠡᠬᠦ ᠪᠣᠶᠣ ᠲᠣᠰᠣᠨ ᠳᠤ ᠪᠣᠴᠠᠯᠭᠠᠨ ᠬᠠᠭᠠᠷᠢᠵᠦ ᠢᠳᠡᠳᠡᠭ ᠶᠣᠮ᠃ ᠵᠠᠷᠢᠮ ᠭᠠᠵᠠᠷ ᠪᠠᠰᠠ ᠨᠠᠩᠬᠢ ᠶᠢᠨ | ᠪᠣᠣᠪᠤ ᠶᠢ ᠪᠡᠯᠭᠡ ᠲᠠᠢ ᠢᠳᠡᠭᠡᠨ ᠢᠶᠠᠷ ᠦᠵᠡᠵᠦ ᠦᠳᠦᠷᠮ᠎ᠡ ᠲᠠᠬᠢᠬᠤ ᠪᠣᠶᠣ ᠣᠪᠣᠭ᠎ᠠ ᠱᠠᠩᠰᠢ ᠲᠠᠬᠢᠬᠤ ᠳᠤ ᠬᠡᠷᠡᠭᠯᠡᠬᠦ ᠪᠠᠷ ᠦᠯᠦ ᠪᠠᠷᠠᠨ ᠬᠠᠭᠤᠴᠢᠨ ᠳᠤ ᠪᠠᠰᠠ | ᠬᠠᠷᠢ ᠳᠤ ᠦᠭᠭᠦᠭᠰᠡᠨ ᠬᠡᠦᠬᠡᠨ ᠢᠶᠠᠨ ᠨᠠᠩᠬᠢ ᠶᠢᠨ ᠪᠣᠣᠪᠤ ᠪᠠᠷ ᠡᠷᠭᠢᠳᠡᠭ ᠴᠦ ᠦᠵᠡᠭᠳᠡᠯ ᠪᠠᠶᠢᠵᠠᠢ᠃ | |