| ᠨᠣᠨ ᠬᠤᠷᠴᠢᠨᠴᠣᠳ ᠤᠨ ᠣᠷᠤᠭ ᠬᠤᠷᠢᠮ ᠳᠠᠬᠢ ᠰᠢᠨ᠎ᠡ ᠬᠦᠷᠭᠡᠨ ᠤ ᠪᠡᠷᠢ ᠪᠠᠭᠤᠯᠭᠠᠬᠤ ᠪᠠᠷ ᠮᠣᠷᠳᠠᠬᠤ ᠶᠢ ︽ᠰᠠᠭᠠᠳᠠᠭ ᠮᠣᠷᠳᠠᠬᠤ︾ ᠭᠡᠳᠡᠭ᠃ ᠣᠷᠤᠭ ᠬᠤᠷᠢᠮ ᠤᠨ | ᠶᠣᠰᠣᠯᠠᠯ ᠤᠨ ᠪᠦᠬᠦ᠋ᠢᠯᠡ ᠶᠠᠪᠣᠴᠠ ᠳᠤ ︽ᠰᠠᠭᠠᠳᠠᠭ ᠮᠣᠷᠳᠠᠬᠤ︾ ᠨᠢ ᠡᠷᠳᠡ ᠳᠡᠭᠡᠳᠦ ᠦᠶ᠎ᠡ ᠠᠴᠠ ᠣᠯᠠᠮᠵᠢᠯᠠᠭᠳᠠᠵᠣ ᠢᠷᠡᠭᠰᠡᠨ ᠳᠣᠭᠳᠠᠭᠰᠠᠨ ᠶᠣᠰᠣ ᠵᠢᠷᠦᠮ ᠲᠠᠢ ᠦᠪᠡᠳᠡᠭᠰᠢ | ᠶᠣᠰᠣᠯᠠᠯ ᠪᠣᠯᠣᠨ᠎ᠠ᠃ ᠨᠣᠮᠣ ᠰᠣᠮᠣ ᠶᠢᠨ ᠰᠣᠮᠣ ᠠᠭᠤᠯᠬᠤ ᠰᠠᠪᠠ ᠶᠢ ᠨᠢ ᠰᠠᠭᠠᠳᠠᠭ ᠭᠡᠵᠤ᠂ ᠨᠣᠮᠤ ᠠᠭᠤᠯᠬᠤ ᠰᠠᠪᠠ ᠶᠢ ᠨᠢ ᠬᠤᠷᠣᠮᠰᠠᠭ᠎ᠠ ᠬᠡᠳᠡᠭ᠃ ᠰᠠᠭᠠᠳᠠᠭ ᠮᠣᠷᠳᠠᠬᠤ | ᠬᠡᠳᠡᠭ ᠨᠢ ᠰᠢᠨ᠎ᠠ ᠬᠦᠷᠬᠡᠠ ᠮᠣᠷᠳᠠᠬᠤ ᠳᠤ ᠪᠠᠨ ᠶᠠᠭ ᠳᠠᠶᠢᠠ ᠳᠤ ᠮᠣᠷᠳᠠᠬᠤ ᠬᠤᠶᠠᠭ ᠡᠷ᠎ᠠ ᠰᠢᠭ ᠬᠤᠷᠣᠮᠰᠠᠭ᠎ᠠ ᠰᠠᠭᠠᠳᠠᠭ ᠵᠠᠬᠦᠬᠦ ᠶᠣᠰᠣᠳᠠᠢ ᠪᠤᠯᠬᠤᠷ ᠢᠩᠬᠢᠵᠤ ᠨᠠᠷᠠᠯᠡᠭᠰᠠᠠ | ᠪᠣᠯᠣᠯᠳᠠᠢ᠃ ᠰᠠᠭᠠᠳᠠᠭ ᠤᠨ ᠬᠤᠷᠢᠮ ᠤᠨ ᠡᠳᠣᠷ ᠪᠤᠯᠬᠤ ᠳᠤ᠂ ᠬᠦᠷᠬᠡᠠ ᠤ ᠳᠠᠯ᠎ᠠ ᠶᠢᠨ ᠬᠢᠨ ᠰᠦᠨᠢ ᠳᠦᠯᠢ ᠪᠠᠷ ᠰᠢᠷᠡᠭᠡ ᠪᠤᠳᠠᠭ᠎ᠠ ᠪᠠᠯᠠᠣᠠᠬᠡᠵᠤ ᠰᠠᠭᠠᠳᠠᠭ ᠲᠤ ᠮᠣᠷᠳᠠᠬᠤ | ᠬᠦᠮᠣᠰ ᠢᠶᠠᠨ ᠦᠳᠡᠨ ᠮᠣᠷᠳᠠᠭᠤᠯᠬᠤ ᠬᠤᠭᠤᠯᠠ ᠢᠳᠡᠬᠦᠯᠳᠡᠭ᠃ ᠭᠡᠷ ᠤᠨ ᠡᠵᠡᠨ ᠠᠪᠤ ᠡᠵᠢ ᠨᠢ ᠣᠷᠢᠳ ᠢᠶᠠᠷ ᠪᠣᠷᠬᠠᠨ ᠰᠢᠳᠦᠭᠡᠨ ᠳᠤ ᠪᠠᠨ ᠬᠦᠵᠢ ᠵᠣᠯᠠ ᠠᠰᠠᠭᠠᠨ᠂ ᠢᠳᠡᠭᠡᠨ | ᠣᠮᠳᠠᠭᠠᠨ ᠤ ᠳᠡᠭᠡᠵᠢ ᠪᠠᠷ ᠳᠠᠬᠢᠯ ᠳᠠᠪᠢᠭ ᠢᠶᠠᠨ ᠰᠢᠨᠡᠳᠭᠡᠵᠦ᠂ ᠬᠤᠪᠣᠩ ᠤᠨ ᠭᠠᠯ ᠤᠨ ᠣᠷᠣᠢ ᠳᠡᠭᠡᠷ᠎ᠡ ᠳᠣᠯᠤᠭ᠎ᠠ ᠪᠣᠶᠣ ᠶᠢᠰᠦᠨ ᠣᠯᠠᠭᠠᠨ ᠴᠢᠪᠠᠭ᠎ᠠ ᠪᠠᠨ ᠨᠣᠴᠣᠭᠠᠵᠣ ᠰᠠᠩ | ᠣᠳᠣᠯᠭ᠎ᠠ ᠳᠠᠯᠪᠢᠨ᠂ ᠭᠡᠷ ᠲᠡᠷᠬᠡ ᠪᠠᠨ ᠠᠷᠢᠭᠤᠳᠬᠠᠵᠣ᠂ ᠲᠡᠷᠭᠡ ᠬᠦᠮᠦᠨ ᠤ ᠪᠠᠨ ᠠᠶᠠᠨ ᠵᠠᠮ ᠤᠨ ᠭᠠᠢ ᠪᠠᠷᠴᠢᠳ ᠢ ᠠᠷᠢᠯᠭᠠᠵᠣ᠂ ᠠᠮᠣᠷ ᠲᠦᠪᠰᠢᠨ ᠢ ᠳᠠᠭᠠᠳᠬᠠᠬᠤ ᠭᠡᠵᠤ | ᠨᠣᠳᠤᠭ ᠣᠰᠣᠨ ᠤ ᠨᠠᠪᠳᠠᠭ ᠰᠠᠪᠳᠠᠭ ᠲᠤ ᠪᠠᠨ ᠰᠡᠷᠵᠢᠮ ᠡᠷᠬᠦᠨ᠄ | ᠵᠠᠮ ᠭᠤᠣᠯ ᠳᠤ ᠪᠠᠨ ᠠᠮᠣᠷ ᠲᠦᠪᠰᠢᠨ | ᠵᠢᠭᠠᠭᠰᠠᠨ ᠴᠡᠭ ᠲᠤ ᠪᠠᠨ ᠰᠢᠭᠤᠳ ᠰᠢᠯᠣᠭᠤᠨ | ᠡᠷᠬᠢᠬᠦ ᠠᠶᠠᠨ ᠳᠤ ᠪᠠᠨ ᠡᠷᠡᠬᠦᠯ ᠡᠩᠭᠡ | ᠡᠯ᠎ᠡ ᠪᠣᠯᠭᠠᠨ ᠪᠦᠷᠢᠨ ᠪᠦᠳᠦᠨ ᠭᠡᠵᠤ ᠬᠤᠷᠢᠮ ᠬᠤᠷᠠᠯ ᠳᠤ ᠬᠡᠷᠡᠬᠦᠯ ᠵᠢᠭᠤᠷᠠᠭᠠᠨ ᠦᠭᠡᠢ᠂ ᠠᠯᠢᠪᠠ ᠶᠠᠪᠣᠳᠠᠯ ᠣᠷᠣᠭᠰᠢᠳᠠᠢ ᠦᠯᠵᠡᠢ ᠪᠡᠯᠭᠡ ᠲᠠᠢ ᠪᠣᠯᠬᠤ ᠶᠢ ᠵᠠᠯᠪᠠᠷᠢᠨ | ᠳᠠᠭᠠᠳᠬᠠᠵᠣ᠂ ᠰᠠᠭᠠᠳᠠᠭ ᠤᠨ ᠬᠦᠮᠦᠰ ᠲᠤ ᠪᠠᠨ ᠴᠠᠭᠠᠨ ᠢᠳᠡᠭᠡᠨ ᠠᠮᠰᠠᠭᠤᠯᠣᠨ᠂ ᠬᠦᠯᠦᠭ ᠣᠨᠤᠭ᠎ᠠ ᠶᠢᠨ ᠢᠶᠠᠨ ᠳᠣᠷᠭᠠᠨ ᠮᠠᠩᠨᠠᠢ ᠶᠢ ᠰᠢᠷ᠎ᠠ ᠳᠣᠰᠣ ᠪᠠᠷ ᠮᠢᠯᠢᠶᠠᠭᠠᠳ | ᠴᠠᠭᠠᠰᠢ ᠪᠠᠨ ᠴᠠᠭᠠᠨ ᠮᠦᠷ ᠲᠠᠢ᠂ ᠨᠠᠭᠠᠰᠢ ᠪᠠᠨ ᠨᠠᠷᠠᠨ ᠭᠡᠷᠡᠯ ᠲᠠᠢ ᠪᠣᠴᠠᠵᠣ ᠢᠷᠡᠬᠦ ᠶᠢ ᠬᠦᠰᠡᠨ ᠵᠦᠩᠨᠡᠳᠡᠭ᠃ | ᠰᠢᠨ᠎ᠠ ᠪᠠᠷᠢ ᠳᠣᠰᠬᠤ ᠪᠠᠷ ᠬᠦᠷᠬᠡᠠ ᠤ ᠳᠠᠯ᠎ᠠ ᠶᠢᠨ ᠬᠢᠨ ᠨᠢᠬᠡᠠ ᠪᠦᠯᠥᠭ ᠬᠦᠮᠣᠠ ᠬᠦᠷᠬᠡᠠ ᠬᠦᠦ ᠶᠢ ᠳᠠᠭᠠᠵᠤ ᠮᠣᠷᠳᠠᠨ᠎ᠠ᠃ ᠡᠳᠠᠬᠡᠷ ᠬᠦᠮᠣᠰ ᠨᠢ ᠠᠵᠢᠯ ᠤᠨ ᠬᠤᠪᠢᠶᠠᠷᠢ | ᠳᠣᠳᠣᠷᠬᠠᠢ᠂ ᠳᠦᠷᠢᠮ ᠰᠠᠬᠢᠯᠭ᠎ᠠ ᠴᠢᠩᠭ᠎ᠠ ᠨᠢᠬᠡᠠ ᠵᠢᠵᠢᠭ ᠵᠣᠬᠢᠶᠠᠠ ᠪᠠᠶᠢᠭᠤᠯᠣᠯᠳᠠ ᠪᠤᠯᠬᠤ ᠶᠣᠮ᠃ ᠳᠠᠷᠣᠢ ᠳᠦᠷᠣᠬᠦᠤ ᠬᠤᠳᠠ᠂ ᠳᠦᠰᠢᠮᠠᠯ ᠬᠤᠳᠠ᠂ ᠬᠡᠯᠠᠮᠣᠷᠴᠢ᠂ | ᠬᠦᠷᠬᠡᠠ ᠬᠦᠤ᠂ ᠬᠦᠷᠬᠡᠠ ᠳᠠᠭᠠᠬᠴᠢ ᠵᠠᠷᠬᠡ ᠲᠦᠷᠪᠡᠨ ᠵᠦᠢᠯ ᠤᠨ ᠬᠦᠮᠣᠠ ᠢᠶᠠᠷ ᠪᠦᠷᠢᠯᠳᠣᠨᠠ᠃ ᠡᠷᠳᠡ ᠦᠶ᠎ᠡ ᠶᠢᠨ ᠶᠡᠬᠡᠰ ᠨᠣᠶᠠᠳ᠂ ᠲᠠᠶᠢᠵᠢ ᠢᠵᠠᠭᠤᠷᠳᠠᠨ ᠤ ᠬᠢᠬᠦ ᠳᠣᠮᠣ | ᠮᠠᠶ᠋ᠢᠭ ᠤᠨ ᠣᠷᠤᠭ ᠬᠤᠷᠢᠮ ᠤᠨ ᠰᠠᠭᠠᠳᠠᠭ ᠲᠤ ᠶᠠᠪᠣᠬᠤ ᠬᠦᠮᠦᠰ ᠨᠢ ᠲᠦᠷᠦᠬᠦᠦ ᠬᠤᠳᠠ᠂ ᠲᠦᠰᠢᠮᠡᠯ ᠬᠤᠳᠠ᠂ ᠭᠤᠳᠠᠭᠠᠷ ᠬᠤᠳᠠ᠂ ᠳᠠᠮᠠᠭᠠᠨ ᠬᠤᠳᠠ᠂ ᠬᠡᠯᠡᠮᠦᠷᠴᠢ᠂ ᠠᠷᠠᠯ | ᠳᠠᠷᠣᠬᠤ ᠦᠬᠢᠨ ᠪᠠ ᠬᠦᠷᠭᠡᠨ ᠬᠦᠦ ᠲᠠᠢ ᠳᠣᠯᠣᠭᠠᠨ ᠬᠦᠮᠦᠨ ᠶᠠᠪᠣᠵᠣ᠂ ᠲᠦᠷᠦᠬᠦᠦ ᠬᠤᠳᠠ᠂ ᠲᠦᠰᠢᠮᠡᠯ ᠬᠤᠳᠠ ᠨᠢ ᠭᠤᠣᠯ ᠰᠢᠷᠡᠭᠡᠨ ᠳᠤ ᠰᠠᠭᠤᠵᠣ ᠦᠬᠢᠨ ᠤ | ᠳᠠᠯ᠎ᠠ ᠶᠢᠨ ᠬᠢᠨ ᠲᠠᠢ ᠬᠤᠷᠢᠮ ᠲᠦᠷᠦ ᠶᠢᠨ ᠶᠡᠭᠡ ᠶᠠᠪᠣᠳᠠᠯ ᠢ ᠵᠦᠪᠳᠡᠨ ᠲᠦᠪᠬᠢᠨᠡᠬᠦᠯᠵᠦ ᠪᠠᠶᠢᠳᠠᠭ ᠪᠣᠯ ᠭᠤᠳᠠᠭᠠᠷ ᠬᠤᠳᠠ ᠳᠠᠮᠠᠭᠠᠨ ᠬᠤᠳᠠ ᠨᠢ ᠬᠡᠶᠢᠴᠢᠨ ᠵᠣᠴᠢᠨ ᠳᠤ ᠰᠢᠷᠡᠭᠡ | ᠳᠣᠬᠢᠷᠠᠭᠤᠯᠵᠣ᠂ ᠠᠷᠢᠬᠢ ᠬᠤᠭᠤᠯᠠ ᠳᠤ ᠬᠢᠨᠠᠯᠳᠠ ᠳᠠᠯᠪᠢᠨ ᠶᠠᠭᠠᠷᠠᠨ᠎ᠠ᠃ ᠬᠡᠯᠡᠮᠦᠷᠴᠢ ᠨᠢ ᠬᠦᠷᠭᠡᠨ ᠢ ᠳᠠᠭᠠᠵᠣ ᠳᠠᠮᠠᠬᠢ ᠪᠠᠷᠢᠨ᠂ ᠠᠷᠢᠬᠢ ᠨᠡᠷᠡᠵᠦ ᠬᠠᠳᠠᠮᠠᠳ ᠲᠤ ᠶᠣᠰᠣᠯᠠᠨ | ᠵᠣᠯᠭᠠᠬᠤ ᠦᠢᠯᠡ ᠶᠢ ᠬᠠᠮᠵᠢᠨ ᠬᠦᠢᠴᠡᠳᠭᠡᠨ᠎ᠡ᠃ | ᠰᠢᠨ᠎ᠡ ᠬᠦᠷᠬᠡᠠ ᠮᠣᠷᠳᠠᠬᠤ ᠳᠤ ᠪᠠᠨ ᠬᠤᠷᠣᠮᠰᠠᠭ᠎ᠠ ᠰᠠᠭᠠᠳᠠᠭ ᠠᠬᠰᠠᠵᠤ᠂ ᠦᠪᠴᠢ ᠪᠠᠶ᠎ᠡ ᠬᠤᠶᠠᠬᠯᠠᠵᠤ ᠵᠡᠪᠰᠡᠭᠯᠡᠳᠡᠭ᠃ ᠰᠢᠨ᠎ᠠ ᠬᠦᠷᠬᠡᠠ ᠢᠩᠬᠢᠵᠤ ᠬᠤᠶᠠᠬᠯᠠᠵᠤ | ᠵᠠᠪᠰᠡᠭᠯᠠᠠ ᠬᠡᠳᠣᠠ ᠬᠦᠮᠣᠠ ᠳᠠᠭᠠᠭᠤᠯᠣᠨ ᠮᠣᠷᠳᠠᠵᠤ ᠪᠠᠶᠢᠭ᠎ᠠ ᠨᠢ ᠡᠷᠳᠠᠠ ᠤ ᠦᠶ᠎ᠡ ᠶᠢᠨ ᠬᠡᠣᠬᠡᠠ ᠢ ᠬᠦᠴᠤ ᠪᠠᠷ ᠪᠤᠯᠢᠶᠠᠠ ᠠᠪᠴᠤ ᠤᠷᠣᠬᠯᠠᠵᠤ ᠪᠠᠶᠢᠬᠰᠠᠠ ︽ᠪᠣᠯᠢᠶᠠᠮᠠᠯ | ᠣᠷᠤᠭ︾ ᠤᠨ ᠰᠣᠶᠣᠯ ᠤᠨ ᠮᠦᠷ ᠤᠯᠪᠠᠭ᠎ᠠ ᠪᠤᠯᠣᠯᠳᠠᠢ᠃ ᠬᠤᠷᠴᠢᠨ ᠠᠷᠠᠳ ᠤᠨ ᠳᠠᠭᠤᠣ ︽ᠰᠤᠷᠢᠮᠪᠦ ᠰᠦᠢ ᠯᠢᠩ︾ ᠳᠤ᠄ | ᠳᠡᠭᠡᠭᠡᠭᠡᠳ ᠭᠠᠷᠬᠤ ᠲᠡᠷᠭᠡ ᠴᠢᠨᠢ ᠠ ᠰᠦᠢ ᠯᠢᠩ | ᠲᠡᠩᠭᠡᠯᠢᠩ ᠤᠨ ᠭᠤᠣᠯ ᠢᠶᠠᠷ ᠢᠶᠠᠨ ᠬᠤᠭᠤᠷᠠᠭ ᠡ ᠬᠦᠢ | ᠳᠠᠭᠠᠭᠤᠯᠣᠭᠠᠳ ᠶᠠᠪᠣᠬᠤ ᠬᠦᠷᠭᠡᠨ ᠤ ᠴᠢᠨᠢ ᠠ ᠰᠦᠢ ᠯᠢᠩ | ᠳᠠᠯᠣ ᠪᠣᠯᠣᠨ ᠮᠦᠷᠦ ᠪᠠᠷ ᠢᠶᠠᠨ ᠮᠣᠯᠳᠣᠷᠠᠭᠠᠳ ᠣᠨᠠᠭ ᠡ ᠬᠦᠢ︕ | ᠦᠷᠢᠶ᠎ᠡ ᠬᠦᠯᠦᠭ ᠮᠣᠷᠢ ᠪᠠᠨ ᠡᠮᠡᠭᠡᠯᠯᠡᠶᠡ ᠪᠡᠶ᠎ᠡ ᠮᠢᠨᠢ | ᠦ ᠶᠠᠨ ᠴᠢᠶᠠᠩ ᠫᠣᠣ ᠪᠠᠨ ᠡᠬᠦᠷᠦᠭᠡᠳ ᠭᠠᠷᠣᠶ᠎ᠠ ᠬᠦᠢ︕ | ᠦᠩᠭᠡᠷᠡᠬᠦ ᠵᠠᠮ ᠳᠡᠭᠡᠷ᠎ᠡ ᠨᠢ ᠬᠦᠯᠢᠶᠡᠭᠡᠳ ᠰᠠᠭᠤᠶ᠎ᠠ | ᠦᠩᠭᠡᠳᠡᠢ ᠲᠦᠷᠦᠭᠰᠡᠨ ᠰᠦᠢ ᠯᠢᠩ ᠢᠶᠠᠨ ᠪᠣᠯᠢᠶᠠᠭᠠᠳ ᠠᠪᠣᠶ᠎ᠠ ᠬᠦᠢ︕ ᠭᠡᠵᠤ ᠳᠠᠭᠤᠯᠠᠳᠠᠭ ᠠᠴᠠ ᠦᠵᠡᠪᠡᠯ ᠣᠵᠠᠭᠤᠷ ᠮᠣᠩᠭᠤᠯ ᠤᠨ ᠪᠣᠯᠢᠶᠠᠬᠤ ᠣᠷᠤᠭ ᠤᠨ ᠣᠯᠠ | ᠮᠦᠷ ᠪᠠᠰᠠ ᠬᠠᠳᠠᠭᠠᠯᠠᠭᠳᠠᠭᠰᠠᠭᠠᠷ ᠪᠠᠶᠢᠭ᠎ᠠ ᠶᠢ ᠬᠠᠷᠠᠭᠤᠯᠵᠠᠢ᠃ | ᠨᠣᠨ ᠬᠤᠷᠴᠢᠨᠴᠣᠳ ︽ᠣᠰᠣᠨ ᠬᠤᠳᠳᠤᠭ ᠣᠶᠢᠷ᠎ᠠ ᠨᠢ ᠰᠠᠶᠢᠨ᠂ ᠣᠷᠤᠭ ᠲᠦᠷᠦᠯ ᠬᠤᠯᠠ ᠨᠢ ᠰᠠᠶᠢᠨ︾ ᠭᠡᠰᠡᠨ ᠣᠰᠣ ᠰᠢᠷᠣᠢ ᠦᠭᠡᠷᠡᠳᠡᠬᠦᠯᠦᠨ ᠦᠨᠳᠦᠰᠦ | ᠣᠭᠰᠠᠭ᠎ᠠ ᠶᠢᠨ ᠴᠢᠨᠠᠷ ᠰᠠᠶᠢᠵᠢᠷᠠᠭᠤᠯᠬᠤ ᠶᠢ ᠬᠦᠰᠡᠭᠰᠡᠨ ᠰᠠᠨᠠᠭᠠᠴᠢᠯᠠᠭ᠎ᠠ ᠦᠭᠡᠢ ᠪᠣᠷᠣᠭᠵᠢᠭᠤᠨ ᠪᠣᠳᠠᠰᠴᠢ ᠦᠵᠡᠯ ᠤᠨ ᠣᠬᠠᠮᠰᠠᠷ ᠪᠠᠶᠢᠭ᠎ᠠ ᠳᠣᠯᠠ ︽ᠬᠦᠮᠦᠨ ᠤ ᠣᠷᠤᠭ | ᠬᠤᠰᠢᠭᠤ ᠨᠡᠪᠳᠡ᠂ ᠬᠤᠯᠣᠰᠣᠨ ᠤ ᠦᠨᠳᠦᠰᠦ ᠭᠠᠵᠠᠷ ᠨᠡᠪᠳᠡ︾ ᠭᠡᠳ ᠬᠤᠰᠢᠭᠤ ᠠᠯᠣᠰ᠂ ᠬᠤᠯᠠ ᠶᠢᠨ ᠬᠤᠯᠠ ᠣᠷᠤᠭ ᠪᠠᠷᠢᠯᠳᠣᠬᠤ ᠶᠢ ᠪᠠᠷᠢᠮᠳᠠᠯᠠᠭᠰᠠᠭᠠᠷ ᠢᠷᠡᠵᠡᠢ᠃ | ᠣᠷᠤᠭ ᠤᠨ ᠭᠠᠵᠠᠷ ᠬᠤᠯᠠ ᠪᠣᠯᠬᠤᠷ ᠰᠠᠭᠠᠳᠠᠭ ᠲᠤ ᠮᠣᠷᠳᠠᠬᠤ ᠬᠦᠮᠦᠰ ᠡᠷᠳᠡᠯᠡᠵᠦ ᠵᠠᠪᠠᠯ ᠪᠦᠷᠦᠢ ᠬᠠᠷᠠᠩᠭᠤᠢ ᠪᠠᠷ ᠮᠣᠷᠳᠠᠳᠠᠭ᠃ ᠰᠦᠨᠢ ᠶᠢᠨ ᠬᠦᠨ ᠳᠤ ᠠᠶᠠᠨ ᠵᠠᠮ ᠳᠤ ᠪᠠᠨ | ᠨᠦᠢᠷᠮᠣᠭᠯᠠᠵᠣ ᠲᠦᠭᠡᠷᠢᠬᠦ ᠠᠴᠠ ᠶᠡᠬᠡᠯ᠎ᠡ ᠬᠢᠴᠢᠶᠡᠨ ᠪᠤᠯᠭᠤᠮᠵᠢᠯᠠᠵᠤ᠂ ᠣᠯᠠᠨ ᠢᠶᠠᠷ ᠢᠶᠠᠨ ᠠᠷᠠᠣᠠ ᠤᠨ ᠳᠠᠭᠤᠤ ᠪᠠᠨ ᠬᠠᠩᠭᠢᠨᠠᠭᠤᠯᠣᠨ ᠳᠠᠭᠤᠯᠠᠵᠣ᠂ ᠪᠠᠷᠬᠢᠷᠠᠯᠳᠣᠨ | ᠬᠠᠰᠭᠢᠷᠣᠯᠳᠣᠭᠠᠳ ᠶᠠᠭ ᠨᠢᠭᠡᠨ ᠠᠩᠭᠢ ᠴᠡᠷᠢᠭ ᠮᠣᠷᠢ ᠠᠶᠠᠯᠠᠵᠣ ᠪᠠᠶᠢᠬᠤ ᠰᠢᠬ ᠰᠦᠷ ᠭᠡᠷᠡᠯ ᠳᠠᠳᠠᠵᠣ᠂ ᠬᠡᠶᠢᠮᠣᠷᠢ ᠰᠡᠷᠭᠦᠭᠡᠨ᠂ ᠨᠦᠢᠷ ᠮᠠᠭᠤᠳᠤ ᠶᠢᠨ ᠨᠦᠢᠷ ᠢ ᠨᠢ ᠰᠡᠷᠭᠦᠳᠡᠯ᠎ᠡ | ᠂ ᠨᠣᠬᠠᠢ ᠮᠠᠭᠤᠳᠤ ᠶᠢᠨ ᠤᠶᠠᠭ᠎ᠠ ᠶᠢ ᠨᠢ ᠳᠠᠰᠣᠷᠠᠳᠠᠯᠠ ᠲᠦᠷᠬᠢᠬᠦᠯᠳᠡᠭ᠃ | ᠰᠠᠭᠠᠳᠠᠭ ᠲᠤ ᠶᠠᠪᠤᠬᠤ ᠬᠦᠮᠦᠰ ᠢ ᠬᠦᠤ ᠶᠢᠨ ᠠᠪᠤ ᠡᠵᠢ ᠨᠢ ᠨᠠᠷᠢᠠ ᠪᠤᠳᠣᠯᠬᠢᠯᠠᠵᠤ ᠨᠢᠮᠪᠠᠢ ᠰᠡᠳᠬᠢᠨ ᠪᠠᠶᠢᠵᠣ ᠨᠡᠷ᠎ᠡ ᠳᠣᠭᠳᠠᠭᠠᠭᠠᠳ ᠬᠤᠷᠢᠮ ᠤᠨ ᠡᠳᠣᠷ ᠪᠤᠯᠬᠤ ᠠᠴᠠ | ᠡᠮᠣᠨ᠎ᠠ ᠳᠣᠰᠬᠠᠢᠢᠯᠠᠠ ᠳᠡᠳᠡᠭᠡᠷ ᠬᠦᠮᠦᠰ ᠤᠨ ᠭᠡᠷ ᠲᠤ ᠨᠢ ᠬᠦᠷᠴᠦ ᠰᠠᠮᠪᠠᠢ ᠬᠠᠳᠠᠭ ᠰᠠᠷᠬᠤᠳ ᠠᠷᠢᠬᠢ ᠪᠠᠷᠢᠵᠤ ᠭᠤᠶᠣᠳᠠᠭ᠃ ᠬᠦᠮᠣᠠ ᠤ ᠳᠤᠭ᠎ᠠ ᠨᠢ ᠳᠣᠬᠳᠠᠮᠠᠯ ᠪᠢᠰᠢ᠂ | ᠭᠤᠷᠪᠠᠠ᠂ ᠳᠠᠪᠤ᠂ ᠳᠣᠯᠤᠭ᠎ᠠ ᠬᠡᠵᠤ ᠦᠷᠣᠬᠡᠰᠣᠠ ᠳᠤᠭ᠎ᠠ ᠲᠠᠢ ᠶᠠᠪᠤᠵᠤ᠂ ᠡᠷᠬᠢᠵᠤ ᠢᠷᠠᠬᠦ ᠳᠤ ᠪᠠᠨ ᠪᠠᠷᠢ ᠲᠠᠢ ᠪᠠᠨ ᠤᠷᠣᠭᠤᠯᠵᠤ ᠳᠡᠭᠰᠢ ᠳᠤᠭ᠎ᠠ ᠪᠤᠯᠬᠤ ᠶᠢ ᠪᠠᠯᠬᠡᠰᠢᠶᠠᠳᠡᠭ᠃ | ᠡᠨᠠ ᠨᠢ ᠰᠢᠨ᠎ᠠ ᠬᠤᠶᠠᠷ ᠬᠦᠮᠣᠠ ᠤ ᠠᠮᠢᠳᠣᠷᠠᠯ ᠤᠨ ᠳᠣᠳᠠᠭᠤ ᠪᠦᠬᠦᠠ ᠨᠢ ᠬᠦᠢᠴᠠᠠ ᠳᠡᠭᠰᠢᠷᠠᠵᠤ ᠪᠤᠢ ᠶᠢᠨ ᠤᠴᠢᠷ ᠤᠣᠠᠬ᠎ᠠ ᠲᠠᠢ᠃ | ᠳᠦᠷᠣᠬᠦᠤ ᠬᠤᠳᠠ ᠪᠤᠯ ᠡᠨᠠ ᠬᠦ ᠵᠢᠵᠢᠭ ᠵᠣᠬᠢᠶᠠᠠ ᠪᠠᠶᠢᠭᠤᠯᠣᠯᠳᠠ ᠶᠢᠨ ᠢᠶᠠᠨ ᠭᠠᠯ ᠤᠨ ᠠᠬ᠎ᠠ ᠬᠡᠵᠤ ᠬᠡᠯᠠᠵᠤ ᠪᠤᠯᠣᠨ᠎ᠠ᠃ ᠨᠣᠠ ᠬᠤᠷᠴᠢᠠ ᠮᠣᠩᠭᠤᠯᠴᠣᠣᠠ ᠲᠤ | ᠳᠦᠷᠣᠬᠦᠤ ᠬᠤᠳᠠ ᠶᠢᠨ ᠦᠢᠯᠡ ᠶᠢ ᠶᠠᠷᠣ ᠨᠢ ᠨᠠᠭᠠᠴᠤ ᠨᠢ ᠬᠦᠢᠴᠠᠣᠠᠬᠡᠳᠡᠭ ᠵᠠᠩᠰᠢᠯ ᠲᠠᠢ᠃ ᠬᠡᠷᠪᠠ ᠨᠠᠭᠠᠴᠤ ᠨᠢ ᠦᠬᠡᠢ ᠪᠤᠯ ᠠᠶᠢᠯ ᠠᠶᠢᠮᠠᠭ ᠤᠨ ᠨᠠᠭᠠᠴᠤ ᠪᠤᠯᠬᠤ | ᠦᠶ᠎ᠡ ᠲᠠᠢ ᠬᠦᠮᠣᠠ ᠳᠠᠭᠠᠭᠠᠠ ᠬᠢᠳᠡᠭ᠃ ᠡᠨᠠ ᠪᠤᠯ ᠡᠬᠡᠴᠢᠯᠡᠯ ᠤᠨ ᠨᠠᠶᠢᠬᠡᠮ ᠤᠨ ᠦᠶ᠎ᠡ ᠠᠴᠠ ︽ᠬᠦᠮᠦᠨ ᠤ ᠣᠭ ᠨᠠᠭᠠᠴᠣ᠂ ᠮᠣᠳᠣᠨ ᠤ ᠣᠭ ᠦᠨᠳᠦᠰᠦ︾ ᠭᠡᠬᠦ ᠣᠴᠢᠷ | ᠨᠠᠭᠠᠴᠤ ᠶᠢᠨ ᠡᠷᠬᠡ ᠣᠨᠴᠠᠭᠠᠢ ᠶᠡᠭᠡ ᠪᠠᠶᠢᠳᠠᠭ᠃ ᠤᠠᠴᠠᠭᠠᠢᠢᠯᠠᠠ ᠬᠡᠥᠬᠡᠳ ᠤᠨ ᠣᠷᠤᠭ ᠤᠨ ᠣᠴᠢᠷ᠂ ᠬᠡᠣᠬᠡᠣᠠ ᠡᠷᠣᠬᠡ ᠰᠠᠯᠵᠤ ᠰᠠᠭᠤᠬᠤ ᠮᠠᠳᠤ ᠶᠢᠨ ᠳᠣᠮᠤ ᠳᠣᠮᠤ ᠬᠡᠷᠡᠭ | ᠤᠴᠢᠷ ᠲᠤ ᠪᠦᠷ ᠨᠠᠭᠠᠴᠤ ᠨᠢ ᠵᠠᠷᠢᠮ ᠳᠠᠯ᠎ᠠ ᠪᠠᠷ ᠠᠪᠤ ᠡᠵᠢ ᠠᠴᠠ ᠨᠢ ᠪᠠᠰᠠ ᠶᠡᠭᠡ ᠰᠢᠢᠳᠪᠦᠷᠢᠯᠡᠬᠦ ᠡᠷᠬᠡ ᠲᠠᠢ ᠪᠠᠶᠢᠳᠠᠭ᠃ | ᠰᠠᠭᠠᠳᠠᠭ ᠲᠤ ᠢᠷᠡᠭᠰᠡᠨ ᠲᠦᠷᠦᠬᠦᠦ ᠬᠤᠳᠠ ᠨᠢ ᠦᠬᠢᠨ ᠤ ᠳᠠᠯ᠎ᠠ ᠳᠤ ᠶᠡᠭᠡ ᠭᠡᠬᠦ ᠳᠤ ᠬᠦᠷᠭᠡᠵᠦ ᠢᠷᠡᠭᠰᠡᠨ ᠦᠶ᠎ᠡ ᠶᠢᠨ ᠲᠦᠷᠦᠬᠦᠦ ᠬᠤᠳᠠ ᠨᠢ ᠬᠦᠷᠭᠡᠨ ᠤ ᠳᠠᠯ᠎ᠠ ᠳᠤ | ᠶᠡᠭᠡ ᠪᠣᠯᠵᠣ᠂ ᠬᠤᠷᠢᠮ ᠲᠦᠷᠦ ᠶᠢᠨ ᠴᠢᠬᠤᠯᠠ ᠬᠡᠷᠡᠭ ᠶᠠᠪᠣᠳᠠᠯ ᠳᠤ ᠰᠢᠢᠳᠪᠦᠷᠢ ᠭᠠᠷᠭᠠᠳᠠᠭ ᠵᠠᠰᠠᠭ ᠤᠨ ᠡᠷᠬᠡ ᠲᠠᠢ ᠪᠣᠯᠬᠤᠷ ᠪᠠᠰᠠ ᠵᠠᠰᠠᠭ ᠬᠤᠳᠠ ︵ᠨᠣᠶᠠᠨ ᠬᠤᠳᠠ︶ | ᠭᠡᠳᠡᠭ᠃ ᠴᠢᠯᠦᠭᠡᠯᠡᠭᠳᠡᠬᠦ ᠠᠴᠠ ᠡᠮᠦᠨ᠎ᠡ᠂ ᠨᠣᠨ ᠬᠤᠷᠴᠢᠨ ᠳᠤ ᠲᠦᠷᠦᠬᠦᠦ ᠬᠤᠳᠠ ᠭᠤᠶᠣᠬᠤ ᠳᠤ ᠪᠠᠨ ᠲᠠᠶᠢᠵᠢ ᠬᠦᠮᠦᠨ ᠪᠠᠶᠢᠬᠤ ᠶᠢ ᠡᠷᠬᠢᠮᠯᠡᠳᠡᠭ᠃ ᠲᠦᠷᠦᠬᠦᠦ ᠬᠤᠳᠠ | ᠪᠣᠯᠣᠭᠰᠠᠳ ᠲᠦᠷᠦ ᠶᠢᠨ ᠳᠠᠪᠠᠯ ᠮᠠᠯᠠᠭᠠᠢ ᠡᠮᠦᠰᠴᠦ ᠵᠡᠬᠦᠨ᠂ ᠬᠤᠷᠢᠮ ᠲᠦᠷᠦ ᠶᠢᠨ ᠨᠠᠶᠢᠷ ᠶᠣᠰᠣᠯᠠᠯ ᠤᠨ ᠢᠯᠭᠤᠮ ᠣᠷᠣᠭᠰᠢᠳᠠᠢ ᠶᠠᠪᠣᠭᠳᠠᠬᠤ ᠶᠢ ᠪᠠᠳᠣᠯᠠᠬᠤ ᠡᠬᠦᠷᠭᠡ | ᠬᠠᠷᠢᠭᠤᠴᠠᠯᠭ᠎ᠠ ᠲᠠᠢ᠃ | ᠵᠠᠷᠢᠮ ᠵᠢᠵᠢᠭ ᠬᠡᠯᠪᠡᠷᠢ ᠶᠢᠨ ᠬᠤᠷᠢᠮ ᠳᠤ ᠳᠦᠷᠣᠬᠦᠤ ᠬᠤᠳᠠ ᠨᠢ ᠪᠠᠰᠠ ᠬᠡᠯᠠᠮᠣᠷᠴᠢ ᠶᠢᠨ ᠡᠬᠦᠷᠬᠡ ᠶᠢ ᠬᠠᠪᠰᠣᠷᠭᠠᠠ ᠬᠠᠷᠢᠭᠤᠴᠠᠬᠤ ᠪᠤᠯᠬᠤᠷ ᠵᠠᠪᠠᠯ ᠤᠢ ᠪᠢᠯᠢᠭ ᠰᠠᠶᠢᠳᠠᠢ᠂ | ᠬᠡᠯ᠎ᠠ ᠠᠮᠠ ᠬᠤᠷᠴᠠ᠂ ᠮᠠᠳᠠᠯᠬᠡ ᠮᠠᠳᠠᠴᠠ ᠦᠷᠬᠡᠠ ᠦᠨᠳᠦᠷ ᠬᠡᠪ ᠴᠢᠨᠠᠷ ᠲᠠᠢ ᠬᠦᠮᠣᠠ ᠪᠠᠶᠢᠬᠤ ᠶᠣᠰᠣᠳᠠᠢ᠃ ᠪᠠᠭᠠᠷᠢᠠ ᠨᠣᠳᠤᠭ ᠤᠨ ᠳᠠᠣᠬᠡᠴᠢ ᠷᠠᠰᠢᠫᠥᠩᠰᠤᠭ ᠤᠨ ︽ | ᠪᠤᠯᠣᠷ ᠡᠷᠢᠬᠡ︾ ᠬᠡᠮᠠᠬᠦ ᠳᠠᠣᠬᠡ ᠶᠢᠨ ᠵᠣᠬᠢᠶᠠᠯ ᠳᠤ ᠪᠠᠨ᠄ ︽ᠪᠤᠬᠳᠠ ᠳᠠᠮᠣᠵᠢᠠ ᠪᠠᠷ ᠪᠦᠷᠳᠠᠬᠡᠯᠵᠢᠠ ᠬᠠᠳᠣᠠ ᠢ ᠠᠪᠬᠤᠢ ᠳᠤᠷ ᠢᠶᠠᠨ ᠤᠷᠢᠳᠤ ᠦᠬᠡᠢ ᠳᠦᠷᠤ ᠶᠣᠰᠣᠠ ᠢ | ᠳᠣᠯᠭᠤᠷᠢ ᠡᠬᠦᠰᠬᠡᠠ ᠪᠦᠷᠣᠠ᠃ ᠤᠷᠢᠶᠠᠩᠬᠠᠠ ᠤ ᠵᠢᠯᠠᠮᠠᠠ ᠳᠦᠰᠢᠮᠠᠯ ᠬᠢᠬᠡᠣᠠ ᠤᠷᠠᠠ ᠦᠬᠡᠳᠤ ᠴᠠᠭᠠᠳᠠᠢ ᠡᠪᠤᠬᠡᠠ ᠢ ᠬᠤᠶᠠᠷ ᠲᠤᠷ ᠳᠣᠰᠢᠶᠠᠵᠤ ᠪᠠᠯᠡᠭ ᠬᠤᠷᠢᠮ ᠬᠦᠷᠬᠡᠬᠦ᠂ | ᠬᠡᠷ ᠮᠢᠯᠢᠶᠠᠬᠤ᠂ ᠨᠠᠷᠠ ᠵᠢᠯ ᠠᠰᠠᠭᠤᠬᠤ᠂ ᠨᠠᠷᠠᠠ ᠰᠠᠷᠠᠠ ᠳᠤ ᠮᠦᠷᠬᠦᠬᠦ᠂ ᠪᠤᠬᠳᠣᠯᠠᠬᠤ᠂ ᠬᠦᠰᠢᠬᠡᠠ ᠳᠠᠶᠢᠯᠬᠤ᠂ ᠭᠠᠯ ᠳᠤᠷ ᠮᠦᠷᠬᠦᠬᠦ᠂ ᠬᠠᠳᠠᠮ ᠨᠠᠷᠠᠳᠤ ︵ᠨᠠᠷ ᠲᠤ︶ ᠪᠠᠯᠡᠭ | ᠪᠠᠷᠢᠵᠤ ᠮᠦᠷᠬᠦᠬᠡᠣᠠ ᠢᠷᠣᠬᠡᠯ ᠠᠪᠬᠤ᠂ ᠬᠤᠷᠢᠮᠯᠠᠬᠤ ᠳᠠᠷᠢᠬᠦᠳᠠᠠ ᠢ ᠦᠶ᠎ᠡ ᠵᠠᠷᠬᠡ ᠪᠠᠷ ᠳᠠᠷᠠᠭᠠᠯᠠᠠ ᠵᠣᠬᠢᠶᠠᠭᠠᠣᠠ ᠰᠠᠶ᠋ᠢ ᠵᠢᠯ ᠰᠠᠷ᠎ᠠ ᠡᠳᠣᠷ ᠨᠤᠭᠤᠳ ᠢ ᠳᠣᠬᠢᠶᠠᠯᠳᠣᠭᠤᠯᠵᠤ | ᠪᠦᠷᠳᠠᠬᠡᠯᠵᠢᠠ ᠬᠠᠳᠣᠠ ᠢ ᠪᠠᠭᠤᠯᠭᠠᠠ ᠠᠪᠤᠪᠠᠢ︾ ᠬᠡᠮᠡᠨ ᠳᠡᠮᠳᠡᠭᠯᠡᠪᠡ᠃ ᠭᠧᠷᠮᠠᠨ ᠣᠯᠣᠰ ᠤᠨ ᠮᠣᠩᠭᠤᠯᠴᠢ ᠡᠷᠳᠡᠮᠳᠡᠨ ᠸᠠᠯᠲᠤᠷ ᠾᠡᠶᠢᠰᠰᠢᠭ ᠤᠨ ︽ᠮᠣᠩᠭᠤᠯ ᠤᠨ ᠱᠠᠰᠢᠠ | ᠰᠣᠷᠳᠠᠬᠤᠠ︾ ᠭᠡᠬᠦ ᠨᠣᠮ ᠳᠤ ︽ᠬᠤᠷᠮᠣᠰᠳᠠ ᠳᠡᠭᠷᠢ ᠶᠢᠨ ᠬᠤᠪᠢᠯᠭᠠᠠ᠂ ᠦᠯᠵᠠᠢ ᠪᠠᠯᠬᠡᠳᠤ ᠴᠢᠩᠬᠢᠰ ᠬᠠᠭᠠᠠ ᠁ ᠳᠠᠷᠠ ᠪᠠᠷ ᠬᠤᠩᠬᠢᠷᠠᠣᠠ ᠤᠨ ᠭᠤᠸ᠎ᠠ ᠦᠬᠢᠠ | ᠪᠦᠷᠳᠠᠬᠡᠯᠵᠢᠠ ᠢ ᠪᠠᠭᠤᠯᠭᠠᠬᠤ ᠦᠶ᠎ᠡ ᠳᠤ ᠮᠠᠷᠬᠡᠠ ᠰᠠᠷᠬᠡᠢ ᠨᠣᠶᠠᠣᠠ ᠢᠵᠠᠭᠤᠷᠳᠠᠠ ᠢ ᠳᠣᠮᠢᠯᠠᠠ ᠪᠤᠭᠤᠷᠴᠤ ᠮᠣᠬᠤᠯᠠᠢ ᠪᠠᠷ ᠳᠦᠷᠣᠬᠦᠤ ᠪᠤᠯᠭᠠᠠ ᠶᠠᠪᠤᠭᠤᠯᠵᠠᠢ︾ ᠬᠡᠵᠤ | ᠳᠠᠮᠳᠡᠭᠯᠡᠭᠰᠠᠠ ᠠᠴᠠ ᠦᠵᠡᠪᠡᠯ᠂ ᠣᠷᠢᠶᠠᠩᠬᠠᠨ ᠤ ᠵᠢᠯᠠᠮᠠᠨ᠂ ᠣᠷᠠᠨ ᠦᠭᠡᠳᠦ ᠴᠠᠭᠠᠳᠠᠢ ᠡᠪᠦᠭᠡᠨ᠂ ᠪᠣᠭᠤᠷᠴᠣ᠂ ᠮᠣᠬᠤᠯᠠᠢ ᠵᠡᠷᠭᠡ ᠬᠦᠮᠦᠨ ᠨᠢ ᠬᠤᠷᠢᠮ ᠲᠦᠷᠦ ᠶᠢᠨ | ᠶᠠᠪᠣᠳᠠᠯ ᠳᠤ ᠲᠦᠷᠦᠬᠦᠦ ᠬᠤᠳᠠ ᠪᠠᠷ ᠢᠯᠡᠷᠡᠵᠦ᠂ ᠬᠤᠷᠢᠮ ᠤᠨ ᠶᠣᠰᠣᠯᠠᠯ ᠳᠤ ᠬᠠᠮᠤᠭ ᠶᠡᠭᠡ ᠦᠢᠯᠡᠳᠦᠯ ᠦᠵᠡᠬᠦᠯᠵᠦ ᠪᠠᠶᠢᠭᠰᠠᠨ ᠢ ᠳᠣᠳᠣᠯᠠᠵᠠᠢ᠃ ᠳᠦᠷᠣᠬᠦᠤ ᠬᠤᠳᠠ ᠨᠢ | ᠬᠤᠷᠢᠮ ᠤᠨ ᠶᠣᠰᠣᠯᠠᠯ ᠳᠠᠬᠡᠷ᠎ᠠ ᠡᠯ᠎ᠠ ᠵᠦᠢᠯ ᠤᠨ ᠢᠷᠣᠬᠡᠯ ᠮᠠᠬᠳᠠᠭᠠᠯ ᠬᠤᠨᠳᠠᠭᠠᠠ ᠤ ᠦᠬᠡ᠂ ᠡᠬᠦᠳᠠ ᠳᠠᠷᠣᠯᠭ᠎ᠠ ᠶᠢᠨ ᠦᠬᠡ ᠵᠠᠷᠬᠡ ᠳᠤ ᠴᠠᠭᠠᠷᠠᠬᠰᠠᠠ ᠪᠠᠶᠢᠬᠤ ᠬᠡᠷᠡᠭᠳᠠᠢ᠃ | ᠳᠠᠬᠡᠬᠡᠣᠠ ᠬᠡᠣᠬᠡᠠ ᠤ ᠳᠠᠯ᠎ᠠ ᠶᠢᠨ ᠳᠦᠷᠣᠬᠦᠤ ᠬᠤᠳᠠ ︵ᠬᠡᠯᠠᠮᠣᠷᠴᠢ︶ ᠲᠠᠢ ᠬᠤᠷᠴᠠ ᠰᠢᠷᠣᠬᠦᠠ ᠰᠠᠴᠠ ᠪᠤᠯᠢᠶᠠᠯᠳᠣᠵᠤ ︽ᠬᠡᠯᠠᠠ ᠪᠠᠶᠢᠯᠳᠣᠭᠠᠠ︾ ᠪᠤᠯᠵᠤ᠂ ᠬᠤᠷᠢᠮ | ᠨᠠᠶᠢᠷ ᠤᠨ ᠠᠭᠤᠷ ᠠᠮᠢᠰᠬᠤᠯ ᠢ ᠬᠦᠷ ᠬᠦᠭᠵᠢᠶᠠᠠ ᠲᠠᠢ᠂ ᠪᠠᠶᠠᠷ ᠪᠠᠶᠠᠰᠣᠯ ᠲᠠᠢ ᠪᠤᠯᠭᠠᠵᠤ ᠤᠣᠠᠬ᠎ᠠ ᠠᠭᠤᠯᠭ᠎ᠠ ᠶᠢ ᠨᠢ ᠨᠠᠮᠡᠭᠳᠠᠬᠦᠯᠳᠡᠭ᠃ | ᠳᠡᠳ᠋ ᠬᠤᠳᠠ ᠶᠢ ᠪᠠᠰᠠ ᠲᠦᠰᠢᠮᠡᠯ ᠬᠤᠳᠠ ᠭᠡᠳᠡᠭ᠃ ᠲᠦᠰᠢᠮᠡᠯ ᠬᠤᠳᠠ ᠨᠢ ᠬᠡᠳᠦᠢ ᠬᠠᠷᠠᠴᠣ ᠣᠪᠣᠭ ᠤᠨ ᠬᠦᠮᠦᠨ ᠪᠣᠯᠪᠠᠴᠣ ᠠᠶᠢᠯ ᠠᠶᠢᠮᠠᠭ ᠲᠤ ᠪᠠᠨ ᠡᠷᠬᠡ ᠵᠡᠷᠭᠡᠳᠡᠢ | ᠦᠭᠡ ᠬᠡᠯᠡᠪᠡᠯ ᠶᠠᠪᠣᠭᠳᠠᠵᠣ ᠲᠡᠶᠢᠯᠬᠦ ᠬᠦᠮᠦᠨ ᠪᠠᠶᠢᠳᠠᠭ᠃ ᠳᠠᠳ᠋ ᠬᠤᠳᠠ ᠪᠣᠯ ᠳᠠᠷᠣᠢ ᠳᠦᠷᠣᠬᠦᠤ ᠬᠤᠳᠠ ᠶᠢᠨ ᠬᠠᠪᠰᠣᠷᠣᠬᠴᠢ ᠪᠤᠯᠵᠤ ᠬᠤᠷᠢᠮ ᠲᠦᠷᠦ ᠶᠢᠨ ᠠᠯᠢᠪᠠ | ᠶᠠᠪᠤᠳᠠᠯ ᠢ ᠨᠣᠶᠠᠨ ᠬᠤᠳᠠ ᠶᠢᠨ ᠡᠮᠦᠨ᠎ᠡ ᠨᠢ ᠬᠦᠶᠦᠵᠦ᠂ ᠵᠠᠬᠢᠶ᠎ᠠ ᠪᠠᠷ ᠨᠢ ᠬᠢᠵᠦ ᠬᠦᠢᠴᠡᠳᠭᠡᠨ᠎ᠡ᠃ ᠳᠠᠷᠣᠢ ᠬᠡᠶᠢᠴᠢᠨ ᠵᠣᠴᠢᠨ ᠢ ᠣᠭᠳᠣᠨ ᠠᠪᠬᠤ᠂ ᠦᠳᠡᠨ ᠮᠣᠷᠳᠠᠭᠤᠯᠬᠤ᠂ | ᠵᠣᠴᠢᠳ ᠲᠤ ᠰᠢᠷᠡᠭᠡ ᠳᠣᠬᠢᠷᠠᠭᠤᠯᠬᠤ᠂ ᠨᠣᠭᠤᠭ᠎ᠠ ᠪᠣᠳᠠᠭ᠎ᠠ ᠣᠷᠣᠭᠤᠯᠬᠤ᠂ ᠳᠣᠭᠤᠭᠠᠴᠢ ᠦᠢᠯᠡᠴᠢᠯᠡᠭᠴᠢ ᠪᠠᠨ ᠬᠢᠨᠠᠵᠣ ᠠᠩᠬᠠᠷᠬᠤ ᠵᠡᠷᠭᠡ ᠶᠠᠪᠣᠳᠠᠯ ᠢ ᠭᠤᠣᠯᠴᠢᠯᠠᠨ | ᠬᠠᠮᠢᠶᠠᠷᠳᠠᠭ᠃ | ᠬᠦᠷᠬᠡᠠ ᠳᠠᠭᠠᠬᠴᠢ ᠶᠢ ᠮᠦᠠ ᠨᠠᠷᠢᠨ ᠨᠢᠮᠪᠠᠢ ᠰᠢᠯᠢᠠ ᠰᠣᠩᠭᠤᠵᠤ ᠳᠣᠬᠳᠠᠭᠠᠬᠤ ᠬᠡᠷᠡᠭᠳᠠᠢ᠃ ᠬᠠᠮᠤᠭ ᠰᠠᠶᠢᠠ ᠨᠢ ᠰᠢᠨ᠎ᠠ ᠬᠦᠷᠬᠡᠠ ᠠᠴᠠ ᠨᠠᠰᠤ ᠳᠠᠬᠦᠤ ᠪᠤᠯᠪᠠᠴᠤ ᠳᠠᠷᠢᠬᠢ | ᠳᠣᠯᠣᠭᠠᠢ ᠰᠠᠷᠬᠡᠢ᠂ ᠬᠡᠯ᠎ᠠ ᠠᠮᠠ ᠬᠤᠷᠴᠠ᠂ ᠤᠬᠠᠭᠠᠠ ᠰᠠᠨᠠᠭ᠎ᠠ ᠰᠠᠶᠢᠳᠠᠢ ᠳᠠᠭᠤᠯᠠᠵᠤ ᠰᠢᠯᠥᠭᠯᠠᠬᠦ ᠳᠤ ᠪᠠᠨ ᠠᠪᠢᠶᠠᠰ ᠲᠠᠢ ᠵᠠᠯᠠᠭᠤ ᠪᠠᠶᠢᠳᠠᠭ᠃ ᠨᠣᠨ ᠬᠤᠷᠴᠢᠨ ᠤ ᠵᠠᠷᠢᠮ | ᠨᠣᠳᠤᠭ ᠲᠤ ᠬᠤᠷᠢᠮᠯᠠᠭᠰᠠᠨ ᠬᠦᠮᠦᠨ ᠰᠢᠨ᠎ᠡ ᠬᠦᠷᠭᠡᠨ ᠠᠴᠠ ᠠᠬ᠎ᠠ ᠬᠦᠮᠦᠨ ᠢ ᠭᠤᠶᠣᠬᠤ ᠳᠣᠷᠠᠳᠠᠢ᠂ ᠣᠴᠢᠷ ᠨᠢ ᠭᠡᠷᠭᠡᠢ ᠠᠪᠣᠭᠰᠠᠨ ᠬᠦᠮᠦᠨ ᠪᠣᠯ ᠬᠤᠷᠢᠮ ᠤᠨ ᠶᠣᠰᠣ | ᠣᠴᠢᠷ ᠢ ᠢᠯᠡᠬᠦᠦ ᠮᠡᠳᠡᠬᠦ ᠪᠠ ᠠᠯᠢᠪᠡ ᠦᠢᠯᠡ ᠶᠠᠪᠣᠳᠠᠯ ᠳᠤ ᠳᠣᠷᠰᠢᠯᠭ᠎ᠠ ᠲᠠᠢ ᠪᠠᠶᠢᠳᠠᠭ᠃ ᠬᠡᠷᠪᠡ ᠬᠦᠷᠭᠡᠨ ᠳᠠᠭᠠᠭᠴᠢ ᠨᠢ ᠳᠠᠳᠮᠠᠭᠠᠢ ᠭᠠᠷ ᠪᠣᠯ ᠰᠢᠨ᠎ᠡ ᠬᠦᠷᠭᠡᠨ ᠳᠤ ᠳᠠᠯ᠎ᠠ | ᠳᠠᠯ᠎ᠠ ᠠᠴᠠ ᠵᠢᠭᠠᠵᠣ ᠳᠣᠬᠢᠨ ᠦᠭᠴᠦ ᠠᠯᠢᠪᠠ ᠵᠢᠷᠣᠮ ᠶᠣᠰᠣ ᠶᠢ ᠬᠦᠢᠴᠡᠳᠭᠡᠵᠦ ᠲᠡᠶᠢᠯᠦᠨ᠎ᠡ᠃ ᠡᠶᠢᠮᠦ ᠠᠴᠠ ᠬᠤᠶᠠᠷ ᠬᠦᠷᠭᠡᠨ ᠠᠴᠠ ᠣᠰᠣᠯ ᠪᠣᠷᠣᠭᠤ ᠡᠷᠢᠵᠦ ᠣᠯᠬᠤ ᠦᠭᠡᠢ | ᠳᠣᠯᠠ ᠬᠤᠷᠢᠮ ᠬᠤᠷᠠᠯ ᠳᠤ ᠬᠡᠷᠡᠬᠦᠯ ᠵᠢᠭᠤᠷᠠᠭᠠᠨ ᠭᠠᠷᠴᠣ ᠮᠡᠳᠡᠬᠦ ᠪᠣᠯᠣᠮᠵᠢ ᠶᠢ ᠬᠠᠮᠤᠭ ᠳᠣᠣᠷ᠎ᠠ ᠬᠡᠪ ᠲᠤ ᠪᠠᠶᠢᠯᠭᠠᠵᠣ ᠲᠡᠶᠢᠯᠦᠨ᠎ᠡ᠃ ᠬᠦᠷᠬᠡᠠ ᠳᠠᠭᠠᠬᠴᠢ ᠶᠢ ᠪᠠᠰᠠ ᠰᠢᠨ᠎ᠠ | ᠬᠦᠷᠬᠡᠠ ᠰᠢᠭ ᠬᠤᠪᠴᠠᠯᠠᠵᠤ ᠵᠠᠰᠠᠵᠤ ᠴᠢᠮᠠᠳᠠᠭ᠃ ᠬᠡᠷᠪᠠᠠ ᠰᠢᠨ᠎ᠠ ᠬᠦᠷᠬᠡᠠ ᠨᠢ ᠪᠦᠰᠠᠠ ᠳᠤ ᠪᠠᠨ ᠬᠤᠶᠠᠷ ᠤᠭᠤᠳᠠ ᠬᠤᠶᠠᠷ ᠬᠠᠳᠠᠭ ᠵᠠᠬᠦᠭᠰᠠᠠ ᠪᠤᠯ ᠬᠦᠷᠬᠡᠠ ᠳᠠᠭᠠᠬᠴᠢ | ᠨᠢᠬᠡᠠ ᠤᠭᠤᠳᠠ ᠨᠢᠬᠡᠠ ᠬᠠᠳᠠᠭ ᠵᠠᠬᠦᠳᠠᠭ ᠤᠴᠢᠷᠳᠠᠢ᠃ ᠰᠢᠨ᠎ᠠ ᠬᠦᠷᠬᠡᠠ ᠢᠶᠠᠨ ᠬᠦᠷᠬᠡᠠ ᠳᠠᠭᠠᠬᠴᠢ ᠶᠢ ᠵᠠᠬᠦᠯᠬᠡᠠ ᠬᠤᠶᠠᠭᠯᠠᠯ ᠢᠶᠠᠷ ᠨᠢ ᠢᠯᠭᠠᠠ ᠳᠠᠨᠢᠳᠠᠭ᠃ ᠬᠦᠷᠬᠡᠠ | ᠳᠠᠭᠠᠬᠴᠢ ᠶᠢᠨ ᠡᠬᠦᠷᠬᠡ ᠴᠤ ᠬᠦᠩᠬᠡᠠ ᠪᠤᠰᠤ᠃ ᠳᠠᠷᠠ ᠪᠠᠷ ᠰᠢᠨ᠎ᠠ ᠬᠦᠷᠬᠡᠠ ᠤ ᠵᠠᠷᠣᠳᠠᠯ ᠪᠠᠷᠢᠳᠠᠯ ᠤᠨ ᠵᠦᠢᠯ ᠢ ᠬᠠᠷᠠᠵᠤ ᠬᠢᠮᠠᠭᠠᠳᠠᠵᠤ ᠶᠠᠪᠤᠬᠤ ᠪᠦᠬᠡᠣᠠ ᠰᠢᠨ᠎ᠠ ᠬᠦᠷᠬᠡᠠ ᠢ | ᠬᠠᠮᠵᠢᠠ ᠠᠷᠢᠬᠢ ᠬᠡᠮᠨᠠᠬᠦ᠂ ᠳᠠᠮᠠᠬᠢ ᠨᠣᠴᠣᠭᠠᠬᠤ ᠠᠴᠠ ᠡᠬᠢᠯᠠᠬᠡᠣᠠ ᠰᠢᠨ᠎ᠠ ᠬᠦᠷᠬᠡᠠ ᠤ ᠣᠷᠤᠭ ᠤᠨ ᠶᠣᠰᠣᠯᠠᠯ ᠳᠠᠬᠢ ᠵᠢᠷᠦᠮ ᠭᠤᠷᠢᠮ ᠲᠠᠢ ᠣᠯᠠᠨ ᠠᠷᠪᠢᠨ ᠨᠠᠷᠢᠨ ᠨᠢᠬᠳᠠ | ᠦᠢᠯᠠ ᠶᠢ ᠬᠠᠮᠵᠢᠠ ᠬᠦᠢᠴᠠᠣᠠᠬᠡᠳᠡᠭ᠃ ᠵᠠᠷᠢᠮ ᠵᠠᠯᠠᠭᠤ ᠣᠯᠠᠨᠳᠠ ᠬᠦᠷᠭᠡᠨ ᠳᠠᠭᠠᠬᠤ ᠪᠠᠷ ᠳᠠᠮᠵᠢᠨ ᠣᠯᠠᠨ ᠬᠡᠥᠬᠡᠨᠴᠣᠳ ᠲᠠᠢ ᠳᠠᠨᠢᠯᠴᠠᠵᠣ ᠶᠠᠪᠣᠯᠴᠠᠭᠰᠠᠨ ᠠᠴᠠ ᠰᠡᠳᠬᠢᠯ ᠤᠨ | ᠬᠦᠮᠦᠨ ᠢᠶᠠᠨ ᠣᠯᠵᠣ ᠪᠡᠶ᠎ᠡ ᠪᠦᠳᠦᠳᠡᠭ ᠵᠢᠱᠢᠶ᠎ᠡ ᠣᠯᠠᠨᠳᠠ ᠭᠠᠷᠳᠠᠭ᠃ | ᠬᠦᠷᠭᠡᠨ ᠳᠠᠭᠠᠭᠴᠢ ᠨᠢ ᠣᠶᠣᠨ ᠣᠬᠠᠭᠠᠯᠢᠭ ᠪᠠᠶᠢᠬᠤ ᠪᠦᠭᠡᠳ ᠪᠠᠰᠠ ᠪᠢᠷ᠎ᠠ ᠴᠢᠳᠠᠯ ᠲᠠᠢ ᠬᠦᠮᠦᠨ ᠪᠠᠶᠢᠬᠤ ᠶᠢ ᠱᠠᠭᠠᠷᠳᠠᠳᠠᠭ᠃ ᠡᠷᠳᠡ ᠳᠤ ᠬᠡᠥᠬᠡᠨ ᠤ ᠳᠠᠯ᠎ᠠ ᠠᠴᠠ ᠰᠢᠨ᠎ᠡ | ᠬᠦᠷᠭᠡᠨ ᠤ ᠪᠢᠷ᠎ᠠ ᠴᠢᠳᠠᠯ ᠢ ᠰᠢᠯᠭᠠᠨ ᠦᠵᠡᠬᠦ ᠨᠢᠭᠡ ᠶᠠᠪᠣᠴᠠ ᠪᠠᠶᠢᠳᠠᠭ ᠨᠢ ᠭᠤᠣᠯᠳᠠᠭᠤ ᠪᠦᠬᠡ ᠪᠠᠷᠢᠯᠳᠣᠬᠤ ᠪᠣᠶᠣ ᠪᠣᠭᠳᠣᠭᠤᠰᠣ ᠶᠠᠰᠣ ᠬᠤᠭᠤᠯᠬᠤ ᠮᠡᠳᠦ ᠬᠦᠴᠦᠨ ᠤ | ᠠᠵᠢᠯᠯᠠᠭᠠᠨ ᠳᠤ ᠢᠯᠡᠷᠡᠳᠡᠭ ᠪᠠ ᠳᠣᠬᠠᠢ ᠶᠢᠨ ᠣᠷᠤᠭ ᠲᠤ ᠪᠣᠯᠢᠶᠠᠬᠤ ᠰᠢᠨᠵᠢ ᠲᠠᠢ ᠪᠣᠯᠬᠤᠷ ᠢᠳᠡ ᠬᠦᠴᠦ ᠲᠠᠮᠢᠷ ᠲᠡᠩᠭᠡᠭᠡ ᠶᠡᠭᠡ ᠪᠠᠶᠢᠬᠤ ᠶᠢ ᠠᠩᠬᠠᠷᠣᠨ᠎ᠠ᠃ ︽ᠨᠢᠭᠤᠴᠠ | ᠳᠣᠪᠴᠢᠶᠠᠠ︾ ᠳᠤ ︽ᠳᠠᠠᠳᠠᠴᠠ ᠳᠠᠮᠣᠵᠢᠠ᠂ ᠪᠠᠯᠬᠦᠳᠠᠢ ᠬᠤᠶᠠᠷ ᠲᠠᠢ ᠰᠠᠴᠠᠠ ᠤ ᠪᠦᠷᠳᠠ ᠦᠵᠢᠠ ᠢ ᠶᠢᠰᠣᠠ ᠨᠠᠰᠣᠳᠤ ᠪᠦᠬᠦᠢ ᠲᠤᠷ ᠦᠵᠠᠵᠤ ᠢᠷᠡᠭᠰᠠᠬᠡᠷ ᠬᠠᠭᠠᠴᠠᠵᠤ | ᠪᠦᠯᠣᠬᠡ᠃ ᠬᠡᠷᠣᠯᠣᠠ ᠮᠦᠷᠠᠠ ᠤᠷᠣᠭᠤ ᠡᠷᠢᠠ ᠤᠣᠠᠪᠠ︾ ᠬᠡᠮᠡᠪᠡ᠃ ᠡᠬᠦᠨ ᠳᠤ ᠲᠡᠮᠦᠵᠢᠨ ᠬᠦᠷᠭᠡᠯᠡᠵᠦ ᠮᠣᠷᠳᠠᠬᠤ ᠳᠤ ᠪᠠᠨ ᠳᠡᠬᠦᠦ ᠪᠡᠯᠬᠦᠳᠡᠢ ᠶᠢ ᠳᠠᠭᠠᠭᠤᠯᠵᠣ᠂ | ᠬᠤᠩᠬᠢᠷᠠᠣᠠ ᠠᠶᠢᠮᠠᠭ ᠲᠤ ᠡᠷᠢᠠ ᠤᠴᠢᠵᠤ᠂ ᠪᠦᠷᠳᠡᠭᠡᠯᠵᠢᠨ ᠳᠡᠳᠡ ᠬᠤᠶᠠᠭᠤᠯᠠ ᠶᠢᠨ ᠤᠷᠤᠭ ᠤᠨ ᠶᠣᠰᠤ ᠪᠠᠨ ᠬᠦᠢᠴᠠᠣᠠᠬᠡᠪᠠ᠃ ᠳᠣᠬᠠᠢ ᠶᠢᠨ ᠦᠶ᠎ᠡ ᠶᠢᠨ ᠪᠠᠯᠬᠦᠳᠠᠢ ᠪᠤᠯ | ᠶᠣᠰᠣᠳᠠᠢ ᠬᠦᠷᠬᠡᠠ ᠳᠠᠭᠠᠬᠴᠢ ᠪᠤᠯᠬᠤ ᠶᠣᠮ᠃ ᠲᠡᠮᠦᠵᠢᠨ ᠤ ᠦᠭᠡᠷ᠎ᠡ ᠡᠬᠡ ᠲᠠᠢ ᠳᠡᠬᠦᠦ ᠪᠡᠯᠬᠦᠳᠡᠢ ᠳᠣᠬᠠᠢ ᠶᠢᠨ ᠦᠶ᠎ᠡ ᠳᠤ ᠪᠦᠬᠡ ᠪᠡᠯᠬᠦᠳᠡᠢ ᠭᠡᠵᠤ ᠠᠯᠳᠠᠷᠰᠢᠨ᠂ ᠳᠡᠷᠢᠬᠦᠨ | ᠵᠡᠷᠭᠡ ᠶᠢᠨ ᠪᠦᠬᠡ ᠪᠠᠶᠢᠵᠠᠢ᠃ ᠬᠤᠵᠢᠮ ᠨᠢ ᠲᠡᠮᠦᠵᠢᠨ ᠮᠣᠩᠭᠤᠯ ᠤᠨ ᠦᠨᠳᠦᠷᠯᠢᠭ ᠢ ᠨᠢᠭᠡᠨ ᠵᠢᠯᠣᠭᠤᠨ ᠳᠤ ᠨᠢᠭᠡᠳᠭᠡᠵᠦ᠂ ᠮᠣᠩᠭᠤᠯ ᠬᠠᠭᠠᠨᠳᠣ ᠲᠦᠷᠦ ᠶᠢ ᠪᠠᠶᠢᠭᠤᠯᠬᠤ ᠳᠤ ᠪᠠᠨ | ︽ᠪᠡᠯᠬᠦᠳᠡᠢ ᠶᠢᠨ ᠬᠦᠴᠦ ᠪᠠᠷ ᠁ ᠳᠡᠭᠷᠢ ᠶᠢᠨ ᠳᠣᠣᠷᠠᠬᠢ ᠶᠢ ᠣᠯᠵᠣ ᠴᠢᠳᠠᠪᠠᠢ︾ ᠬᠡᠮᠡᠨ ᠬᠡᠯᠡᠭᠰᠡᠨ ᠦᠭᠡ ᠨᠢ ︽ᠶᠣᠸᠠᠨ ᠤ ᠲᠡᠥᠬᠡ︾ ᠳᠠᠬᠢ ︽ᠪᠡᠯᠬᠦᠳᠡᠢ ᠶᠢᠨ ᠨᠠᠮᠳᠠᠷ︾ | ᠲᠤ ᠳᠡᠮᠳᠡᠭᠯᠡᠭᠳᠡᠭᠰᠡᠨ ᠪᠠᠶᠢᠯ᠎ᠠ᠃ ᠡᠶᠢᠮᠦ ᠠᠴᠠ ᠪᠡᠯᠬᠦᠳᠡᠢ ᠪᠣᠯ ᠲᠦᠷᠦ ᠬᠦᠷᠦᠨ ᠢ ᠳᠣᠭᠳᠠᠭᠠᠬᠤ ᠬᠦᠴᠦᠨ ᠴᠢᠳᠠᠯ ᠪᠠᠶᠢᠵᠣ᠂ ᠨᠡᠩ ᠢᠯᠠᠩᠭᠤᠶ᠎ᠠ ᠬᠦᠷᠭᠡᠨ ᠳᠠᠭᠠᠭᠴᠢ ᠶᠢᠨ | ᠦᠢᠯᠡ ᠳᠤ ᠣᠰᠣᠯᠳᠣᠬᠤ ᠭᠠᠵᠠᠷ ᠦᠭᠡᠢ ᠪᠦᠬᠡᠴᠢᠨ ᠬᠦᠮᠦᠨ ᠪᠠᠶᠢᠵᠠᠢ᠃ | ᠰᠠᠭᠠᠳᠠᠭ ᠲᠤ ᠶᠠᠪᠤᠬᠤ ᠬᠦᠮᠣᠰ ᠨᠢ ᠰᠢᠨ᠎ᠠ ᠬᠤᠪᠴᠠᠰᠤ ᠬᠤᠨᠠᠷ ᠡᠮᠣᠰᠬᠦ ᠪᠦᠬᠡᠣᠠ ᠨᠠᠩ ᠢᠯᠠᠩᠭᠤᠶ᠎ᠡ ᠬᠦᠷᠬᠡᠠ ᠬᠦᠤ ᠶᠢ ᠬᠠᠮᠤᠭ ᠤᠨ ᠰᠠᠶᠢᠬᠠᠠ ᠬᠤᠪᠴᠠᠰᠤ ᠵᠠᠰᠠᠯ ᠢᠶᠠᠷ | ᠤᠷᠣᠢ ᠠᠴᠠ ᠨᠢ ᠤᠯᠠ ᠳᠤ ᠨᠢ ᠬᠦᠷᠳᠠᠯ᠎ᠠ ᠬᠤᠶᠠᠭᠯᠠᠵᠣ ᠵᠠᠰᠠᠳᠠᠭ᠃ ᠦᠩᠬᠡᠷᠡᠭᠰᠠᠠ ᠳᠤ ᠪᠤᠯ ᠰᠢᠨ᠎ᠠ ᠬᠦᠷᠬᠡᠠ ᠤ ᠬᠤᠶᠠᠬᠯᠠᠯ ᠨᠠᠩ ᠨᠠᠷᠢᠯᠢᠭ ᠪᠠᠶᠢᠬᠰᠠᠠ ᠶᠤᠮ᠃ ᠪᠦᠷᠢᠨ | ᠬᠤᠶᠠᠭᠯᠠᠯ ᠲᠠᠢ ᠰᠢᠨ᠎ᠡ ᠬᠦᠷᠭᠡᠨ ᠢ ᠠᠵᠢᠭᠯᠠᠪᠠᠯ ᠰᠠᠭᠠᠳᠠᠭ ᠬᠤᠷᠣᠮᠰᠠᠭ᠎ᠠ ᠵᠡᠬᠦᠵᠦ᠂ ᠬᠦᠬᠡ ᠳᠣᠷᠭᠠᠠ ᠳᠠᠪᠠᠯ ᠤᠨ ᠭᠠᠳᠠᠭᠤᠷ ᠵᠣᠭᠤᠰ ᠤᠨ ᠬᠤᠧᠠᠷᠳᠠᠢ ᠬᠦᠷᠠᠩ ᠳᠣᠷᠭᠠᠠ | ᠤᠣᠵᠢ ᠶᠢ ᠳᠠᠪᠬᠤᠷᠯᠠᠭᠠᠣᠠ ᠵᠠᠬᠦᠠ ᠳᠠᠰᠢᠶᠡ ᠳᠠᠬᠡᠷ᠎ᠠ ᠪᠠᠨ ᠡᠷᠢᠶᠠᠠ ᠬᠤᠧᠠᠷᠳᠠᠢ ᠬᠦᠬᠦᠷ ᠤᠨ ᠳᠠᠯᠢᠩ ᠵᠠᠬᠦᠵᠤ᠂ ᠪᠠᠷᠠᠭᠤᠠ ᠳᠠᠰᠢᠶᠡ ᠳᠤ ᠵᠠᠬᠦᠭᠰᠠᠠ ᠮᠦᠩᠬᠦᠠ ᠪᠠᠷᠢᠭᠤᠯ ᠲᠠᠢ | ᠬᠡᠳᠡ ᠬᠢᠳᠤᠭ᠎ᠠ ᠨᠢ ᠨᠢᠬᠡᠠ ᠵᠦᠢᠷᠠᠢ ᠵᠠᠭᠠᠠ ᠤ ᠶᠠᠰᠤ ᠶᠢᠨ ᠰᠠᠪᠬ᠎ᠠ ᠲᠠᠢ ᠪᠠᠨ ᠨᠢᠬᠡᠠ ᠬᠤᠢ ᠳᠤ ᠳᠣᠬᠢᠷᠠᠵᠤ᠂ ᠬᠢᠳᠣᠭᠠᠠ ᠤ ᠤᠭᠤᠰᠣᠷ ᠠᠴᠠ ᠵᠠᠬᠦᠭᠰᠠᠠ ᠤᠯᠠᠠ ᠦᠩᠬᠡ ᠶᠢᠨ | ᠴᠠᠴᠤᠭ ᠴᠢᠮᠠᠭ ᠨᠢ ᠤᠠᠴᠠ ᠶᠢᠨ ᠬᠢᠯᠪᠠᠭ᠎ᠠ ᠲᠠᠢ ᠬᠠᠷᠠᠬᠳᠠᠨ᠎ᠠ᠃ ᠪᠠᠷᠠᠭᠤᠠ ᠮᠦᠷ ᠠᠴᠠ ᠵᠠᠬᠦᠠ ᠰᠦᠪᠡᠬᠡᠠ ᠳᠠᠭᠠᠤ ᠡᠬᠦᠷᠥᠭᠰᠠᠠ ᠬᠤᠷ ᠰᠠᠭᠠᠳᠠᠭ ᠤᠨ ᠣᠭᠤᠳᠠᠨ ᠳᠠᠬᠡᠷᠠᠬᠢ | ᠠᠯᠳᠠ ᠮᠦᠩᠬᠦᠠ ᠳᠣᠪᠤᠷᠣᠤ ᠨᠢ ᠣᠭᠳᠠᠷᠭᠤᠢ ᠶᠢᠨ ᠣᠳᠣᠳ ᠤᠨ ᠭᠡᠷᠡᠯ᠂ ᠡᠷᠦᠬᠡ ᠳᠠᠬᠢ ᠵᠣᠯᠠ ᠶᠢᠨ ᠬᠡᠷᠠᠯ ᠳᠤ ᠡᠳᠠᠬᠡᠣᠠ ᠰᠣᠨᠢᠠ ᠬᠢᠯᠠᠯᠵᠠᠠ ᠬᠠᠷᠠᠬᠳᠠᠬᠤ ᠪᠦᠬᠡᠣᠠ ᠨᠣᠮᠤ | ᠰᠣᠮᠤ ᠶᠢᠨ ᠡ᠊ᠠᠳᠠ ᠳᠠᠠᠳᠠ ᠠᠴᠠ ᠤᠶᠠᠬᠰᠠᠠ ᠳᠠᠪᠤᠠ ᠦᠩᠬᠡ ᠶᠢᠨ ᠫᠠᠩᠰᠠ ᠳᠣᠷᠳᠣᠩ ᠨᠢ ᠬᠦᠳᠡᠭᠡ ᠭᠡᠭᠡᠷ᠎ᠡ ᠶᠢᠨ ᠠᠶᠠᠰ ᠤᠨ ᠰᠠᠯᠬᠢᠠ ᠳᠤ ᠠᠶᠠᠷᠬᠠᠠ ᠨᠠᠮᠢᠷᠠᠨ᠎ᠠ᠃ | ᠤᠷᠣᠢ ᠳᠠᠬᠡᠷ᠎ᠠ ᠪᠠᠨ ᠰᠣᠮᠣᠠ ᠵᠢᠳᠠ ᠬᠢᠯᠠᠯᠵᠠᠬᠰᠠᠠ ᠮᠣᠩᠭᠤᠯ ᠤᠨ ᠡᠷᠳᠠᠠ ᠤ ᠮᠠᠶ᠋ᠢᠭ ᠤᠨ ᠳᠣᠭᠤᠢ ᠬᠠᠷ᠎ᠠ ᠮᠠᠯᠠᠭᠠᠢ ᠨᠢ ᠳᠣᠯᠣᠭᠠᠢ ᠳᠤ ᠨᠢ ᠳᠣᠩ ᠰᠠᠶᠢᠬᠠᠠ ᠳᠣᠬᠢᠷᠠᠵᠤ᠂ | ᠬᠤᠶᠠᠷ ᠳᠠᠯ᠎ᠠ ᠶᠢᠨ ᠳᠣᠷᠭᠠᠠ ᠪᠦᠴᠠ ᠶᠢ ᠡᠷᠠᠤ ᠶᠢᠨ ᠳᠣᠣᠭᠤᠷ ᠡᠪᠳᠠᠢ ᠰᠠᠶᠢᠬᠠᠠ ᠤᠶᠠᠵᠠᠢ᠃ ᠬᠦᠯ ᠳᠤ ᠪᠠᠨ ᠬᠠᠨᠠᠨ ᠡᠷᠢᠶᠠᠠ ᠢᠶᠠᠷ ᠬᠡᠬᠡᠯᠡᠭᠰᠡᠨ ᠤᠷᠢᠶᠠᠮᠠᠯ ᠬᠤᠧᠠᠷᠳᠠᠢ ᠬᠠᠷ᠎ᠠ | ᠰᠢᠷᠠᠮᠠᠯ ᠭᠤᠳᠣᠯ ᠬᠡᠳᠣᠷᠠᠬᠡᠣᠠ ᠬᠤᠪᠢ ᠶᠢᠨ ᠭᠠᠳᠠᠨ᠎ᠠ ᠰᠦᠷ ᠬᠡᠷᠠᠯᠳᠠᠢ᠃ ᠮᠣᠩᠭᠤᠯ ᠠᠷᠠᠣᠠ ᠤᠨ ᠳᠠᠭᠤᠤ ︽ᠱᠠᠭᠠᠠᠳᠤ ᠶᠢᠨ ᠳᠠᠭᠤᠤ︾ ᠳᠤ : | ᠪᠠᠶ᠎ᠡ ᠪᠠᠨ ᠳᠣᠭᠤᠷᠢᠭᠤᠯᠵᠤ ᠴᠢᠮᠡᠭᠯᠡᠭᠰᠠᠠ ᠨᠢ ᠵᠧ ᠬᠦᠢ | ᠬᠡᠳᠠ ᠬᠢᠳᠤᠭ᠎ᠠ ᠶᠢᠨ ᠬᠤᠯᠪᠤᠭ᠎ᠠ ᠲᠠᠢ ᠬᠦᠢ᠂ | ᠪᠦᠰᠠᠯᠠᠬᠦᠷ ᠢᠶᠠᠨ ᠳᠠᠭᠠᠭᠠᠣᠠ ᠵᠠᠬᠦᠭᠰᠠᠠ ᠨᠢ ᠵᠧ ᠬᠦᠢ | ᠪᠦᠭᠡᠷ᠎ᠡ ᠶᠢᠨ ᠬᠠᠪᠳᠠᠭ᠎ᠠ ᠬᠤᠣᠰ ᠢᠶᠠᠷ ᠬᠦᠢ᠃ | ᠵᠠᠰᠠᠭ ᠤᠨ ᠨᠣᠶᠠᠣᠠ ᠠᠴᠠ ᠳᠣᠳᠠᠭᠤ ᠦᠬᠡᠢ ᠵᠧ ᠬᠦᠢ | ᠵᠢᠶᠠᠠᠴᠤ ᠳᠣᠷᠭᠠ ᠪᠠᠷ ᠴᠢᠮᠡᠭᠯᠡᠭᠰᠠᠠ ᠨᠢ ᠬᠦᠢ᠂ | ᠰᠦᠢ ᠲᠠᠢ ᠬᠦᠮᠣᠠ ᠢᠶᠠᠨ ᠠᠪᠠᠴᠢᠨ᠎ᠠ ᠬᠡᠣᠠ ᠵᠧ ᠬᠦᠢ | ᠰᠣᠮᠣᠨ ᠠᠯᠴᠢᠭᠤᠷ ᠬᠤᠣᠰ ᠢᠶᠠᠷ ᠬᠦᠢ | ᠡᠳ᠋ ᠲᠠᠢ ᠨᠣᠶᠠᠠ ᠠᠴᠠ ᠳᠣᠳᠠᠭᠤ ᠦᠬᠡᠢ ᠵᠧ ᠬᠦᠢ | ᠦᠬᠡᠳᠠᠩ ᠳᠣᠷᠭᠠ ᠪᠠᠷ ᠬᠤᠪᠴᠠᠯᠠᠬᠰᠠᠠ ᠬᠦᠢ᠂ | ᠡᠩᠬᠡᠷ ᠦᠬᠡᠳᠠ ᠨᠢ ᠵᠠᠷᠬᠡᠴᠠᠬᠦᠯᠥᠭᠰᠠᠠ ᠵᠧ ᠬᠦᠢ | ᠤᠯᠠᠭᠠᠠ ᠬᠤᠷᠮᠦ᠋ᠢᠪᠴᠢ ᠪᠦᠰᠠᠯᠠᠬᠦᠯᠥᠭᠰᠠᠠ ᠬᠦᠢ᠃ | ᠪᠠᠭᠤᠯᠭᠠᠬᠤ ᠬᠤᠷᠢᠮ ᠬᠢᠨ᠎ᠠ ᠬᠡᠣᠠ ᠵᠧ ᠬᠦᠢ | ᠪᠦᠮᠪᠤᠬᠡᠷ ᠬᠠᠪᠳᠠᠭ᠎ᠠ ᠵᠦᠢᠷᠠᠢ ᠪᠠᠷ ᠬᠦᠢ᠂ | ᠪᠠᠭᠤᠯᠭᠠᠵᠤ ᠠᠪᠠᠴᠢᠬᠤ ᠳᠤ ᠦᠵᠠᠮᠵᠢᠳᠠᠢ ᠬᠡᠣᠠ ᠵᠧ ᠬᠦᠢ | ᠪᠤᠯᠢᠭᠠᠷᠢ ᠶᠢᠨ ᠭᠤᠳᠣᠯ ᠵᠦᠢᠷᠠᠢ ᠪᠠᠷ ᠬᠦᠢ ᠬᠡᠵᠤ ᠰᠠᠭᠠᠳᠠᠭ ᠲᠤ ᠮᠣᠷᠳᠠᠬᠤ ᠬᠦᠷᠬᠡᠠ ᠤ ᠬᠤᠪᠴᠠᠯᠡᠬᠰᠠᠠ ᠢ ᠮᠠᠬᠳᠠᠠ ᠳᠠᠭᠤᠯᠠᠳᠠᠭ᠃ | ᠰᠢᠨ᠎ᠡ ᠬᠦᠷᠭᠡᠨ ᠳᠠᠷᠣᠢ ᠭᠤᠶᠤ ᠳᠡᠷᠯᠢᠭ ᠲᠤ ᠪᠠᠨ ᠭᠤᠷᠪᠠᠠ ᠳᠣᠬᠤᠢ ᠦᠷᠬᠡᠠ᠂ ᠭᠤᠷᠪᠠᠠ ᠮᠧᠲᠷᠤᠷᠳᠤ ᠤᠯᠠᠭᠠᠠ ᠳᠣᠷᠭᠠᠠ ᠪᠦᠴᠠ ᠪᠦᠰᠠᠯᠠᠵᠤ ᠪᠦᠰᠠᠠ ᠳᠤ ᠪᠠᠨ | ᠰᠣᠮᠣᠠ ᠬᠠᠳᠠᠭ ᠬᠡᠳᠠ ᠬᠢᠳᠤᠭ᠎ᠠ᠂ ᠬᠤᠶᠠᠷ ᠪᠤᠶᠤ ᠳᠦᠷᠪᠠᠠ ᠫᠢᠶᠣᠣᠳᠠᠢ ᠲᠠᠢ ᠳᠠᠮᠠᠬᠢᠠ ᠬᠠᠪᠳᠠᠭ᠎ᠠ ᠵᠠᠷᠬᠡᠠ ᠶᠢ ᠵᠠᠬᠦᠵᠤ ᠬᠢᠯᠠᠯᠵᠠᠮ᠎ᠠ ᠰᠠᠶᠢᠬᠠᠠ ᠬᠠᠷᠠᠬᠳᠠᠳᠠᠭ᠃ ᠵᠠᠷᠢᠮ | ᠦᠶ᠎ᠡ ᠳᠤ ᠨᠢᠬᠡ ᠬᠠᠳᠠᠭ ᠨᠢᠬᠡ ᠤᠭᠤᠳᠠ ᠵᠠᠬᠦᠭᠰᠠᠠ ᠪᠤᠯ ᠬᠡᠣᠬᠡᠠ ᠤ ᠳᠠᠯ᠎ᠠ ᠳᠤ ᠬᠦᠷᠭᠡᠨ ᠬᠤᠪᠴᠠᠯᠠᠬᠤ ᠳᠤ ᠪᠠᠨ ᠰᠠᠬᠦᠯᠠᠷ ᠪᠦᠷ ᠨᠡᠮᠡᠵᠦ ᠬᠤᠣᠰ ᠪᠤᠯᠭᠠᠵᠤ᠂ ᠬᠤᠶᠠᠷ ᠵᠠᠬᠦᠵᠤ | ᠤᠴᠢᠬᠰᠠᠠ ᠪᠤᠯ ᠨᠡᠮᠡᠵᠦ ᠳᠦᠷᠪᠠ ᠪᠤᠯᠭᠠᠵᠤ ᠵᠠᠬᠦᠯᠬᠡᠳᠡᠭ ᠵᠠᠩᠰᠢᠯ ᠲᠠᠢ᠃ | ᠬᠦᠷᠭᠡᠨ ᠮᠣᠷᠳᠠᠬᠤ ᠢᠷᠦᠬᠡᠯ ︵ᠰᠠᠭᠠᠳᠠᠭ ᠤᠨ ᠢᠷᠦᠬᠡᠯ︶ | ᠣᠧᠮ ᠰᠠᠶᠢᠨ ᠠᠮᠣᠭᠤᠯᠠᠩᠳᠠᠨ ᠪᠣᠯᠳᠣᠭᠠᠢ | ᠣᠯᠠᠮ ᠰᠠᠶᠢᠨ ᠠᠮᠣᠭᠤᠯᠠᠩ ᠪᠣᠯᠳᠣᠭᠠᠢ | ᠡᠩᠭᠡ ᠰᠠᠶᠢᠨ ᠵᠢᠷᠭᠠᠯᠠᠩᠳᠠᠨ ᠪᠣᠯᠳᠣᠭᠠᠢ | ᠡᠬᠦᠷᠢᠳᠡ ᠰᠠᠶᠢᠨ ᠵᠢᠷᠭᠠᠯᠠᠩ ᠪᠣᠯᠳᠣᠭᠠᠢ | ᠰᠠᠭᠠᠳᠠᠭᠯᠠᠵᠣ ᠬᠦᠷᠬᠦ ᠣᠷᠤᠭ ᠤᠨ ᠭᠠᠵᠠᠷ ᠲᠤ ᠨᠢ | ᠰᠠᠭᠠᠳ ᠦᠭᠡᠢ ᠬᠤᠷᠢᠮ ᠪᠠᠶᠠᠷ ᠪᠣᠯᠣᠭᠠᠳ | ᠰᠠᠨᠠᠵᠣ ᠮᠣᠷᠳᠠᠭᠰᠠᠨ ᠣᠷᠤᠭ ᠤᠨ ᠣᠴᠢᠷ ᠴᠢᠨᠢ | ᠰᠠᠨᠠᠭᠠᠴᠢᠯᠠᠨ ᠪᠦᠳᠦᠬᠦ ᠰᠠᠶᠢᠨ ᠪᠡᠯᠭᠡ ᠪᠣᠯᠳᠣᠭᠠᠢ | ᠠᠮᠠᠷᠠᠭ ᠬᠡᠷᠬᠡᠢ ᠪᠠᠨ ᠠᠪᠴᠢᠷᠠᠨ ᠮᠦᠷᠬᠦᠬᠦᠯᠬᠦ ᠶᠢ | ᠠᠶᠢᠮᠠᠭ ᠰᠠᠳᠣᠨ ᠪᠦᠬᠦᠨ ᠢᠶᠠᠷ ᠢᠶᠠᠨ ᠪᠠᠷᠠᠯᠠᠵᠣ | ᠲᠦᠷᠦ ᠶᠢᠨ ᠶᠠᠪᠣᠳᠠᠯ ᠴᠢᠨᠢ ᠳᠡᠬᠦᠰ ᠪᠣᠯᠳᠣᠭᠠᠢ | ᠲᠦᠮᠡᠨ ᠦᠢᠯᠡ ᠴᠢᠨᠢ ᠪᠡᠯᠭᠡ ᠲᠠᠢ ᠪᠣᠯᠳᠣᠭᠠᠢ | ᠬᠤᠷᠢᠮ ᠤᠨ ᠶᠠᠪᠣᠳᠠᠯ ᠴᠢᠨᠢ ᠬᠠᠷᠰᠢᠯ ᠦᠭᠡᠢ ᠪᠣᠯᠵᠣ | ᠬᠤᠷᠠᠭᠰᠠᠨ ᠣᠯᠠᠨ ᠨᠢ ᠦᠯᠵᠡᠢ ᠲᠠᠢ ᠪᠣᠴᠠᠳᠣᠭᠠᠢ | ᠮᠣᠷᠳᠠᠭᠠᠳ ᠭᠠᠷᠬᠤ ᠳᠤ ᠨᠢ | ᠮᠠᠩᠯᠠᠢ ᠪᠠᠶᠠᠷ ᠪᠣᠯᠵᠣ | ᠣᠭᠳᠣᠭᠠᠳ ᠠᠪᠬᠤ ᠳᠤ ᠨᠢ | ᠦᠯᠵᠡᠢ ᠬᠤᠳᠤᠭ ᠣᠷᠣᠰᠢᠵᠣ | ᠣᠴᠠᠷᠠᠯ ᠳᠡᠬᠦᠰ ᠦᠯᠡᠮᠵᠢ ᠪᠣᠶᠠᠨ ᠳᠡᠯᠭᠡᠷᠡᠬᠦ ᠪᠣᠯᠳᠣᠭᠠᠢ︕ |