| ᠮᠤᠷᠤᠢ ᠶᠢᠨ ᠰᠦᠮ᠎ᠠ ᠶᠢᠨ ᠰᠢᠨ᠎ᠠ ᠪᠠᠷ ᠪᠠᠶᠢᠭᠤᠯᠤᠭᠰᠠᠨ ᠴᠤᠭᠴᠢᠨ ᠳᠤᠭᠠᠡᠭ | | ᠨᠠᠢᠮᠠᠨ ᠰᠠᠷ᠎ᠠ ᠶᠢᠨ ᠬᠤᠷᠠᠯ ᠠᠴᠠ ᠪᠣᠰᠣᠳ ᠨᠢ ᠪᠦᠷ ᠴᠠᠮ ᠲᠠᠢ ᠶᠣᠮ᠃ ᠲᠣᠬᠠᠶᠢᠯᠠᠪᠠᠯ᠂ ᠯᠠ ᠰᠠᠷ᠎ᠠ ᠶᠢᠨ ᠬᠤᠷᠠᠯ᠂ ᠴᠠᠭᠠᠨ ᠰᠠᠷ᠎ᠠ ᠶᠢᠨ ᠬᠤᠷᠠᠯ ᠪᠠ | ᠵᠢᠷᠭᠤᠭᠠᠨ ᠰᠠᠷ᠎ᠠ ᠶᠢᠨ ᠬᠤᠷᠠᠯ ᠤᠨ ᠲᠠᠷᠠᠭ᠎ᠠ ᠪᠦᠷ ᠴᠠᠮ ᠲᠠᠢ᠃ ᠪᠠᠶᠠᠨ ᠮᠣᠷᠣᠢ ᠶᠢᠨ ᠰᠦᠮ᠎ᠡ ᠶᠢᠨ ᠴᠠᠮ ᠴᠠᠮᠨᠠᠬᠤ ᠳᠤ᠂ ᠣᠯᠠᠨ ᠴᠠᠮᠴᠢᠳ ᠴᠦᠮ ᠶᠠᠩᠵᠣ | ᠪᠦᠷᠢ ᠶᠢᠨ ᠪᠠᠭ ᠪᠣᠶᠣ ᠬᠤᠪᠴᠠᠰᠣ ᠵᠠᠰᠠᠯ ᠡᠮᠣᠰᠴᠣ ᠵᠡᠭᠦᠨ᠂ ᠪᠦᠷᠢᠶ᠎ᠡ ᠪᠢᠰᠭᠢᠭᠦᠷ᠂ ᠬᠡᠩᠭᠡᠷᠭᠡ ᠴᠠᠩ ᠵᠡᠷᠭᠡ ᠬᠦᠭᠵᠢᠮ ᠤᠨ ᠠᠶᠠᠰ ᠲᠡᠭᠡᠷ᠎ᠡ ᠠᠶᠢᠵᠠᠮ ᠬᠡᠮ | ᠲᠠᠭᠠᠷᠠᠭᠤᠯᠣᠨ ᠶᠡᠬᠡᠯ᠎ᠡ ᠬᠦᠷ ᠬᠦᠭᠵᠢᠶᠡᠨ ᠲᠠᠢ ᠲᠣᠭᠯᠠᠵᠣ ᠪᠠᠶᠢᠳᠠᠭ᠃ ᠴᠠᠮ ᠤᠨ ᠲᠣᠬᠠᠢ ᠬᠠᠷᠠᠨᠣᠳ ᠮᠣᠣᠨᠣᠬᠠᠢ ᠨᠠᠰᠣᠳᠠᠨ ᠤ ᠰᠣᠷᠪᠣᠯᠵᠢᠯᠠᠭ᠎ᠠ ᠶᠢᠨ ᠲᠡᠪᠳᠡᠷ ᠲᠤ | ᠢᠩᠬᠢᠵᠣ ᠲᠡᠮᠳᠡᠭᠯᠡᠵᠣ ᠪᠠᠶᠢᠭᠰᠠᠨ ᠢ ᠡ᠊ᠨᠳᠡ ᠰᠡᠶᠢᠷᠡᠬᠦᠯᠪᠡᠯ᠂ ᠡᠩ ᠲᠡᠷᠢᠭᠦᠨ ᠳᠤ᠂ ᠬᠤᠣᠰ ᠬᠤᠣᠰ ᠬᠤᠬᠢᠮᠠᠢ ︵ᠴᠦᠮ ᠠᠷᠪᠠᠭᠠᠳ ᠨᠠᠰᠣᠨ ᠤ ᠪᠠᠨᠳᠢ︶ ᠬᠤᠶᠠᠷ | ᠣᠳᠠᠭ᠎ᠠ ᠲᠠᠯᠠᠪᠣᠷ ᠲᠤ ᠭᠠᠷᠴᠣ ᠢᠷᠡᠨ ᠴᠠᠮᠨᠠᠳᠠᠭ᠃ ᠲᠡᠳᠡ ᠴᠣᠭᠴᠢᠨ ᠲᠣᠭᠠᠩ ᠤᠨ ᠡᠭᠦᠳᠡᠨ ᠠᠴᠠ ᠭᠠᠷᠴᠣ ᠢᠷᠡᠨ ᠴᠠᠮᠨᠠᠨ ᠬᠠᠷᠠᠶᠢᠭᠰᠠᠭᠠᠷ ᠲᠠᠯᠠᠪᠣᠷ ᠤᠨ ᠡᠮᠣᠨ᠎ᠡ | ᠡᠭᠦᠳᠡᠨ ᠤ ᠲᠦᠷᠪᠡᠨ ᠮᠠᠬᠠᠷᠠᠨᠽᠠ ᠶᠢᠨ ᠣᠷᠳᠣᠨ ᠳᠤ ᠣᠷᠣᠳᠠᠭ᠃ ᠲᠡᠬᠦᠨ ᠤ ᠲᠠᠷᠠᠭ᠎ᠠ ᠪᠠᠷ᠂ ᠴᠠᠮᠴᠢᠳ ᠬᠤᠣᠰ ᠬᠤᠣᠰ ᠢᠶᠠᠷ ᠭᠠᠷᠴᠣ ᠢᠷᠡᠨ ᠬᠤᠶᠠᠷᠳᠠ | ᠴᠠᠮᠨᠠᠳᠠᠭ᠃ ᠡᠪᠦᠭᠡᠨ ᠴᠠᠮ ᠢ ᠬᠤᠶᠠᠷ ᠬᠤᠬᠢᠮᠠᠢ ᠬᠤᠱᠣᠩᠨᠠᠨ ᠴᠠᠮᠨᠠᠭᠰᠠᠭᠠᠷ ᠲᠠᠯᠠᠪᠣᠷ ᠤᠨ ᠡᠮᠣᠨ᠎ᠡ ᠡᠭᠦᠳᠡᠨ ᠳᠤ ᠬᠦᠷᠬᠦ ᠲᠠᠢ ᠵᠡᠷᠭᠡ ᠠᠷᠭᠠᠮᠵᠢ ᠲᠣᠰᠣᠨ ᠭᠠᠷᠴᠣ | ᠢᠷᠡᠨ ᠣᠭᠲᠣᠨ ᠴᠠᠮᠨᠠᠭᠰᠠᠭᠠᠷ ᠡᠮᠣᠨ᠎ᠡ ᠡᠭᠦᠳᠡ ᠪᠠᠷ ᠠᠪᠴᠣ ᠣᠷᠣᠳᠠᠭ᠃ ᠡᠨᠡ ᠨᠢ ᠮᠠᠰᠢ ᠱᠤᠭ ᠢᠨᠢᠶᠡᠳᠣᠮ ᠲᠠᠢ ᠮᠦᠷᠳᠡᠭᠡᠨ ᠬᠦᠭᠵᠢᠶᠡᠨ ᠨᠠᠷᠭᠢᠶᠠᠨ ᠲᠠᠢ | ᠪᠠᠶᠢᠵᠣ᠂ ᠬᠦᠮᠣᠰ ᠤᠨ ᠨᠢᠳᠦ ᠶᠢ ᠬᠤᠵᠢᠷᠯᠠᠳᠠᠭ ᠪᠢᠯᠡ᠃ ᠬᠤᠣᠰ ᠬᠤᠣᠰ ᠢᠶᠠᠷ ᠭᠠᠷᠴᠣ ᠢᠷᠡᠨ ᠲᠣᠯᠤᠭ᠎ᠠ ᠣᠳᠠᠭ᠎ᠠ ᠴᠠᠮᠨᠠᠨ ᠲᠣᠭᠯᠠᠳᠠᠭ ᠲᠣᠯᠣᠭᠠᠨ | ᠲᠣᠭᠰᠢᠳ ᠨᠢ ᠦᠪᠡᠷ ᠦᠪᠡᠷ ᠤᠨ ᠠᠳᠠᠯᠢ ᠪᠣᠰᠣ ᠪᠠᠭ ᠲᠠᠢ ᠪᠠᠶᠢᠵᠣ᠂ ᠬᠦᠮᠦᠰ ᠲᠤ ᠲᠡᠶᠢᠮᠣ ᠯᠡ ᠰᠦᠷᠯᠢᠭ ᠪᠦᠭᠡᠳ ᠠᠶᠣᠮᠠᠷᠬᠠᠨ ᠰᠠᠨᠠᠭᠳᠠᠭᠤᠯᠣᠨᠠ᠃ | ᠦᠪᠡᠷᠮᠢᠴᠡ ᠣᠨᠴᠠᠯᠢᠭ ᠲᠠᠢ ᠲᠣᠬᠢᠯᠢᠭ ᠣᠷᠠᠯᠠᠵᠣ ᠪᠦᠳᠦᠭᠡᠭᠰᠡᠨ ᠪᠠᠭ ᠵᠠᠰᠠᠯ ᠵᠡᠭᠦᠭᠰᠡᠨ ᠴᠠᠮᠴᠢᠳ ᠤᠨ ᠪᠣᠭᠤ ᠰᠣᠭᠤ ᠴᠠᠮᠨᠠᠳᠠᠭ ᠨᠢ ᠨᠡᠬᠡᠷᠡᠨ ᠬᠠᠪᠣᠯᠢᠭ ᠪᠦᠭᠡᠳ | ᠭᠤᠶᠣ ᠰᠠᠶᠢᠬᠠᠨ ᠪᠠᠶᠢᠳᠠᠭ᠃ ᠬᠤᠷᠢᠨ ᠨᠢᠭᠡᠨ ᠳ᠋ᠠᠷ᠎ᠠ ᠤᠷᠢᠳ ᠢᠶᠠᠷ ᠲᠣᠯᠤᠭ᠎ᠠ ᠲᠣᠯᠤᠭ᠎ᠠ ᠪᠠᠷ ᠭᠠᠷᠴᠣ ᠢᠷᠡᠨ ᠭᠤᠷᠪᠠᠨ ᠵᠡᠷᠭᠡ ᠲᠣᠭᠯᠠᠭᠰᠠᠨ ᠤ ᠲᠠᠷᠠᠭ᠎ᠠ᠂ ᠲᠠᠬᠢᠨ | ᠬᠤᠷᠢᠨ ᠨᠢᠭᠡᠭᠦᠯᠡ ᠪᠠᠨ ᠨᠡᠶᠢᠯᠡᠵᠣ ᠬᠠᠮ ᠴᠠᠮᠨᠠᠳᠠᠭ᠃ ᠴᠦᠢᠷᠵᠢᠯ ᠰᠠᠮᠣᠷᠢ ︵ᠡᠷ᠎ᠡ ᠡᠮ᠎ᠡ ᠪᠣᠷᠬᠠᠨ︶ ᠴᠠᠮᠨᠠᠬᠤ᠃ ᠪᠠᠰᠠ ᠬᠤᠣᠰ ᠯᠢᠶᠠᠩ ᠡᠷᠪᠡᠬᠡᠢ ︵ᠰᠢᠮᠨᠣᠰ︶ | ᠲᠠᠯᠠᠪᠣᠷ ᠲᠤ ᠭᠠᠷᠣᠨ ᠴᠠᠮᠨᠠᠭᠰᠠᠭᠠᠷ ᠡᠮᠣᠨ᠎ᠡ ᠡᠭᠦᠳᠡᠨ ᠳᠤ ᠣᠶᠢᠷᠠᠳᠣᠬᠤ ᠪᠠᠷ ᠪᠦᠬᠦ ᠴᠠᠮᠴᠢᠨ ᠲᠣᠰᠣᠨ ᠭᠠᠷᠴᠣ ᠢᠷᠡᠨ᠂ ᠬᠤᠣᠰ ᠯᠢᠶᠠᠩ ᠡᠷᠪᠡᠬᠡᠢ ᠶᠢ ᠲᠣᠮᠳᠠ ᠪᠠᠨ | ᠬᠠᠪᠴᠢᠨ ᠴᠠᠮᠨᠠᠳᠠᠭ ᠨᠢ ᠴᠢᠳᠭᠦᠷ ᠱᠣᠯᠣᠮ ᠢ ᠬᠤᠮᠢᠨ ᠠᠪᠴᠣ ᠲᠠᠷᠣᠵᠣ ᠪᠠᠶᠢᠭ᠎ᠠ ᠨᠢ ᠲᠡᠷᠡ ᠭᠡᠨ᠎ᠡ᠃ ᠪᠦᠭᠦᠳᠡᠭᠡᠷ ᠴᠠᠮᠨᠠᠵᠣ ᠠᠳᠠᠯ᠎ᠠ ᠬᠤᠶᠠᠷ ᠯᠢᠶᠠᠩ ᠡᠷᠪᠡᠬᠡᠢ ᠶᠢᠨ | ᠪᠡᠶ᠎ᠡ ᠠᠴᠠ ᠲᠡᠳᠡᠨᠣᠰ ᠤᠨ ᠲᠦᠷᠢ ᠲᠠᠢ ᠴᠠᠭᠠᠰᠣᠨ ᠡᠷᠪᠡᠬᠡᠢ ᠭᠠᠷᠴᠣ ᠢᠷᠡᠬᠦ ᠳᠤ᠂ ᠲᠠᠷᠣᠢ ᠲᠦᠷᠭᠡᠨ ᠭᠠᠯ ᠢᠶᠠᠷ ᠲᠦᠯᠡᠵᠣ ᠬᠠᠶᠠᠨ᠎ᠠ᠃ ᠴᠠᠭᠠᠰᠣᠨ ᠡᠷᠪᠡᠬᠡᠢ ᠶᠢᠨ | ᠨᠣᠴᠣᠵᠣ ᠲᠠᠭᠤᠰᠬᠤ ᠶᠢ ᠲᠠᠭᠠᠯᠳᠣᠨ ᠬᠤᠶᠠᠷ ᠯᠢᠶᠠᠩ ᠡᠷᠪᠡᠬᠡᠢ ᠬᠦᠰᠡᠷ ᠰᠠᠪᠠᠨ ᠣᠨᠠᠨ᠎ᠠ᠃ ᠬᠦᠰᠡᠷ ᠣᠨᠠᠭᠰᠠᠨ ᠬᠤᠶᠠᠷ ᠯᠢᠶᠠᠩ ᠡᠷᠪᠡᠬᠡᠢ ᠶᠢ ᠴᠠᠮᠴᠢᠳ | ᠲᠣᠮᠳᠠ ᠪᠠᠨ ᠲᠠᠮᠨᠠᠨ ᠪᠦᠭᠦᠳᠡᠭᠡᠷ ᠮᠠᠬᠠᠷᠠᠨᠽᠠ ᠶᠢᠨ ᠣᠷᠳᠣᠨ ᠳᠤ ᠣᠷᠣᠨ᠎ᠠ᠃ ᠲᠠᠷᠠᠭ᠎ᠠ ᠨᠢ ᠬᠤᠶᠠᠷ ᠬᠦᠮᠦᠨ ᠭᠤᠷᠪᠠᠯᠵᠢᠨ ᠫᠢᠯᠠ ᠲᠠᠢ ᠰᠣᠷ ᠢ ᠲᠠᠮᠨᠠᠨ | ᠮᠠᠬᠠᠷᠠᠨᠽᠠ ᠶᠢᠨ ᠣᠷᠳᠣᠨ ᠤ ᠡᠭᠦᠳᠡᠨ ᠠᠴᠠ ᠭᠠᠷᠴᠣ ᠢᠷᠡᠭᠡᠳ᠂ ᠰᠦᠮ᠎ᠡ ᠶᠢᠨ ᠪᠠᠷᠠᠭᠤᠨ ᠡᠮᠣᠨ᠎ᠡ ᠪᠣᠰᠬᠠᠭᠰᠠᠨ ᠵᠢᠶᠠᠽᠢ ︵ᠪᠣᠷᠭᠠᠰᠣ ᠱᠣᠭᠠᠢ ᠪᠠᠷ ᠪᠦᠲᠦᠬᠡᠭᠰᠡᠨ︶ | ᠶᠢ ᠴᠢᠭᠯᠡᠬᠦ ᠳᠤ᠂ ᠨᠢᠭᠡ ᠰᠢᠷᠡᠭᠡᠳᠦ ᠯᠠᠮᠠ ᠬᠤᠩᠬ᠎ᠠ ᠸᠴᠢᠷ ᠪᠠᠷᠢᠨ ᠨᠣᠮ ᠣᠩᠰᠢᠭᠰᠠᠭᠠᠷ ᠬᠤᠶᠢᠨ᠎ᠠ ᠠᠴᠠ ᠨᠢ ᠭᠠᠷᠬᠤ ᠳᠤ᠂ ᠣᠯᠠᠨ ᠴᠠᠮᠴᠢᠳ ᠮᠦᠷᠭᠦᠯᠴᠢᠳ | ᠪᠠᠰᠠ ᠬᠤᠶᠢᠨ᠎ᠠ ᠠᠴᠠ ᠲᠠᠭᠠᠯᠳᠣᠨ ᠰᠤᠷ ᠬᠠᠶᠠᠬᠤ ᠭᠠᠵᠠᠷ ᠬᠦᠷᠴᠣ ᠭᠠᠯ ᠲᠦᠷᠡᠯᠵᠡᠭᠰᠡᠨ ᠵᠢᠶᠠᠽᠢ ᠶᠢᠨ ᠲᠣᠮᠳᠠ ᠰᠤᠷ ᠢ ᠰᠢᠳᠡᠨ ᠬᠠᠶᠠᠳᠠᠭ᠃ ᠡᠭᠦᠨ ᠢᠶᠠᠷ ᠪᠣᠭ | ᠱᠣᠯᠣᠮ ᠢ ᠨᠣᠮᠣᠬᠠᠳᠬᠠᠨ ᠲᠠᠷᠣᠵᠣ ᠠᠮᠣᠷ ᠲᠦᠪᠰᠢᠨ ᠢ ᠪᠠᠳᠣᠯᠠᠵᠣ ᠪᠠᠶᠢᠭ᠎ᠠ ᠶᠢ ᠵᠦᠩᠨᠡᠨ ᠪᠡᠯᠭᠡᠳᠡᠵᠣ ᠪᠠᠶᠢᠳᠠᠭ᠃ ᠭᠤᠬ᠎ᠠ ᠠᠳᠬᠤᠭᠰᠠᠨ ᠨᠢᠭᠡ ᠨᠢ ᠲᠣᠮᠣ | ᠮᠣᠳᠣᠨ ᠫᠢᠯᠠ ᠪᠠᠨ ᠭᠠᠯ ᠤᠨ ᠲᠣᠮᠳᠠ ᠠᠴᠠ ᠭᠤᠬᠠᠳᠠᠨ ᠠᠪᠬᠤ ᠳᠤ ᠪᠦᠭᠦᠳᠡᠭᠡᠷ ᠰᠦᠮ᠎ᠡ ᠳᠤ ᠪᠠᠨ ᠪᠣᠴᠠᠨ᠎ᠠ᠃ | ᠪᠠᠶᠠᠨ ᠮᠣᠷᠣᠢ ᠶᠢᠨ ᠰᠦᠮ᠎ᠡ ᠶᠢᠨ ᠭᠡᠭᠡᠨ ᠮᠡᠷᠭᠡᠳ | | ᠬᠠᠮᠤᠭ ᠲᠡᠭᠡᠳᠣ ᠲᠦᠷᠢ ᠶᠢᠨ ᠭᠡᠭᠡᠨ ᠯᠣᠪᠰᠠᠩᠳᠠᠮᠪᠠᠷᠠᠪᠵᠠᠢ ᠯᠾᠠᠷᠠᠮᠪᠠ ᠭᠡᠭᠡᠨ᠃ ᠬᠤᠷᠴᠢᠨ ᠤ ᠢᠵᠠᠭᠤᠷᠳᠠᠨ ᠲᠣᠷᠵᠢᠪᠠᠯᠮᠠ ᠶᠢᠨ ᠭᠡᠷ ᠲᠤ ᠲᠡᠭᠷᠢ | ᠲᠡᠳᠭᠦᠭᠴᠢ ᠶᠢᠨ ᠭᠤᠴᠢᠨ ᠨᠢᠭᠡᠨ ᠣᠨ ︵1766︶ ᠳᠤ ᠲᠦᠷᠦᠵᠡᠢ᠃ 7 ᠨᠠᠰᠣᠳᠠᠢ ᠰᠦᠮ᠎ᠡ ᠳᠤ ᠵᠠᠯᠠᠭᠳᠠᠵᠣ᠂ 21 ᠲᠠᠢ ᠳᠤ ᠪᠠᠨ ᠲᠦᠪᠡᠳ ᠲᠤ ᠨᠣᠮ | ᠰᠣᠷᠬᠤ ᠪᠠᠷ ᠣᠴᠢᠪᠠ᠃ ᠲᠦᠷᠦ ᠭᠡᠷᠡᠯᠳᠣ ᠶᠢᠨ ᠠᠩᠬ᠎ᠠ ᠤᠨ ︵1821︶ ᠤ ᠯᠠ ᠰᠠᠷ᠎ᠠ ᠶᠢᠨ ᠰᠢᠨ᠎ᠡ ᠶᠢᠨ ᠬᠤᠶᠠᠷ ᠤᠨ ᠡᠳᠣᠷ ᠤᠨ ᠪᠠᠷᠰ ᠴᠠᠭ ᠲᠤ ᠲᠠᠪᠢᠨ | ᠵᠢᠷᠭᠤᠭᠠᠲᠠᠢ ᠲᠠᠭᠠᠯᠠᠯ ᠲᠡᠭᠦᠰᠪᠡᠢ᠃ | ᠬᠤᠶᠠᠳᠣᠭᠠᠷ ᠲᠦᠷᠢ ᠶᠢᠨ ᠭᠡᠭᠡᠨ ᠰᠡᠴᠡᠨᠴᠣᠭᠳᠣ ᠨᠢ ᠲᠠᠷᠬᠠᠨ ᠬᠤᠰᠢᠭᠤᠨ ᠤ ᠸᠠᠩ ᠵᠢᠭᠳᠡᠨᠸᠠᠩᠭᠤᠷ ᠤᠨ ᠬᠤᠶᠠᠳᠣᠭᠠᠷ ᠬᠦᠪᠡᠭᠦᠨ ᠪᠣᠯᠠᠢ᠃ ᠨᠠᠢᠮᠠᠨ | ᠨᠠᠰᠣᠳᠠᠢ ᠰᠦᠮ᠎ᠡ ᠳᠤ ᠵᠠᠯᠠᠭᠳᠠᠵᠣ᠂ ᠨᠠᠢᠮᠠᠨ ᠵᠢᠯ ᠰᠦᠮ᠎ᠡ ᠳᠤ ᠰᠣᠷᠣᠯᠴᠠᠭᠠᠳ ᠠᠷᠪᠠᠨ ᠵᠢᠷᠭᠤᠭᠠᠳᠠᠢ ᠳᠤ ᠪᠠᠨ ᠲᠡᠭᠡᠳᠣ ᠲᠦᠷᠢ ᠶᠢᠨ ᠭᠡᠭᠡᠨ ᠤ ᠶᠣᠰᠣ ᠪᠠᠷ | ᠲᠦᠪᠡᠳ ᠲᠤ ᠣᠴᠢᠵᠣ ᠲᠠᠯᠠᠢ ᠯᠠᠮᠠ᠂ ᠪᠠᠨᠴᠢᠨ ᠡᠷᠳᠡᠨᠢ ᠳᠤ ᠱᠠᠪᠢ ᠣᠷᠣᠵᠣ ᠨᠣᠮ ᠪᠢᠰᠢᠯᠭᠠᠨ᠂ ᠠᠷᠪᠠᠨ ᠨᠢᠭᠡᠨ ᠵᠢᠯ ᠤᠨ ᠲᠠᠷᠠᠭ᠎ᠠ ᠬᠤᠷᠢ ᠶᠢᠰᠣ ᠲᠠᠢ ᠳᠤ ᠪᠠᠨ | ᠰᠦᠮ᠎ᠡ ᠳᠤ ᠪᠠᠨ ᠡᠭᠡᠪᠡ᠃ ᠨᠣᠮ ᠤᠨ ᠨᠡᠷ᠎ᠡ ᠨᠢ ᠯᠣᠪᠰᠠᠩᠳᠠᠮᠪᠢᠵᠠᠯᠰᠠᠨ ᠭᠡᠳᠡᠭ᠃ ᠰᠦᠮ᠎ᠡ ᠶᠢᠨ ᠬᠡᠷᠡᠭ ᠶᠠᠪᠣᠳᠠᠯ ᠢᠶᠠᠨ ᠬᠠᠷᠢᠭᠤᠴᠠᠭᠰᠠᠨ ᠤ ᠲᠠᠷᠠᠭ᠎ᠠ᠂ ᠲᠡᠷᠡ | ᠬᠦᠳᠡᠭᠡᠪᠣᠷᠢ ᠵᠠᠩ ᠢᠶᠠᠨ ᠬᠠᠶᠠᠬᠤ ᠦᠭᠡᠢ ᠪᠣᠷᠣᠭᠵᠢᠭᠤᠨ ᠠᠮᠢᠳᠣᠷᠠᠵᠣ᠂ ᠰᠦᠮ᠎ᠡ ᠶᠢᠨ ᠠᠵᠣ ᠠᠬᠤᠢ ᠶᠢ ᠨᠡᠩ ᠪᠦᠳᠦᠭᠦᠷᠡᠭᠦᠯᠪᠡ᠃ ᠲᠡᠷᠡ ᠰᠦᠮ᠎ᠡ ᠶᠢᠨ ᠢᠶᠠᠨ | ᠲᠣᠭᠤᠷᠢᠨ ᠳᠤ ᠲᠣᠩ ᠣᠯᠠᠨ ᠴᠢᠯᠠᠭᠤᠨ ᠪᠣᠷᠬᠠᠳ ᠢ ᠪᠣᠰᠬᠠᠪᠠ᠃ ᠰᠦᠮ᠎ᠡ ᠶᠢᠨ ᠡᠮᠣᠨ᠎ᠡ ᠡᠭᠦᠳᠡᠨ ᠤ ᠭᠠᠳᠠᠨ᠎ᠠ ᠨᠣᠭᠤᠭᠠᠨ ᠴᠠᠭᠠᠨ ᠬᠤᠶᠠᠷ ᠳ᠋ᠠᠷ᠎ᠠ᠂ ᠪᠠᠷᠠᠭᠤᠨ | ᠡᠭᠦᠳᠡᠨ ᠳᠤ ᠡᠷᠯᠢᠭ ᠬᠠᠭᠠᠨ᠂ ᠠᠷᠣ ᠡᠭᠦᠳᠡᠨ ᠳᠤ ᠱᠠᠭᠵᠠᠮᠤᠨᠢ᠂ ᠵᠡᠭᠦᠨ ᠡᠭᠦᠳᠡᠨ ᠳᠤ ᠵᠠᠯᠪᠠᠴᠢᠨᠪᠤ ᠶᠢ ᠪᠦᠷ ᠭᠠᠳᠠᠭᠰᠢ ᠬᠠᠨᠳᠣᠭᠤᠯᠣᠨ ᠪᠣᠰᠬᠠᠪᠠ᠃ ᠡᠨᠡ ᠨᠢ ᠪᠣᠭ | ᠴᠢᠳᠭᠦᠷ ᠢ ᠰᠦᠮ᠎ᠡ ᠳᠤ ᠬᠠᠪᠢᠳᠠᠭᠤᠯᠬᠤ ᠦᠭᠡᠢ ᠭᠡᠰᠡᠨ ᠰᠠᠨᠠᠭ᠎ᠠ ᠭᠡᠨ᠎ᠡ᠃ ᠰᠦᠮ᠎ᠡ ᠶᠢᠨ ᠵᠡᠭᠦᠨ ᠡᠮᠣᠨ᠎ᠡ ᠯᠤᠤᠰ ᠤᠨ ᠬᠠᠭᠠᠨ ᠤ ᠣᠷᠳᠣᠨ᠂ ᠪᠠᠷᠠᠭᠤᠨ ᠡᠮᠣᠨ᠎ᠡ ᠨᠢ | ᠣᠰᠣᠨ ᠲᠠᠷᠣᠯᠭ᠎ᠠ ᠶᠢᠨ ᠴᠢᠯᠠᠭᠤᠨ ᠰᠣᠪᠣᠷᠭ᠎ᠠ ᠪᠠᠶᠢᠭᠤᠯᠵᠣ᠂ ᠰᠦᠮ᠎ᠡ ᠶᠢᠨ ᠣᠷᠴᠢᠨ ᠲᠣᠭᠤᠷᠢᠨ ᠢᠶᠠᠨ ᠨᠡᠩ ᠦᠵᠡᠮᠵᠢᠳᠡᠢ ᠰᠦᠷᠯᠢᠭ ᠰᠠᠶᠢᠬᠠᠨ ᠪᠣᠯᠭᠠᠭᠰᠠᠨ | ᠪᠠᠶᠢᠵᠠᠢ᠃ ᠶᠠᠭ ᠡᠨᠡ ᠲᠠᠰᠢᠷᠠᠮ ᠳᠤ ᠸᠠᠩ ᠨᠣᠶᠠᠳ ᠵᠦᠪᠯᠡᠯᠳᠣᠨ᠂ ᠡᠪᠦᠭᠡ ᠲᠡᠭᠡᠳᠣᠰ ᠢᠶᠠᠨ ᠭᠡᠷᠡᠯᠲᠦᠭᠦᠯᠦᠨ᠎ᠡ ᠬᠡᠮᠡᠨ ᠪᠡᠭᠡᠵᠢᠩ ᠮᠠᠶ᠋ᠢᠭ ᠤᠨ ᠯᠢᠣ ᠯᠢ ᠸᠠᠭᠠᠷ ᠲᠠᠢ᠂ | ᠣᠯᠠᠭᠠᠨ ᠲᠣᠯᠭᠠᠭᠤᠷᠢ ᠲᠠᠢ᠂ ᠨᠢᠷᠣᠭᠤ ᠣᠨᠢ ᠨᠢ ᠣᠷᠠᠯᠠᠯ ᠰᠡᠶᠢᠯᠣᠮᠡᠯ ᠲᠠᠢ ᠲᠣᠯᠣᠭᠠᠨ ᠲᠠᠰᠣᠯᠭ᠎ᠠ ᠬᠦᠷᠦᠭ ᠤᠨ ᠰᠦᠮ᠎ᠡ ᠪᠠᠷᠢᠵᠣ᠂ ᠸᠠᠩ ᠤᠨ ᠲᠡᠭᠡᠳᠣ ᠪᠣᠯᠬᠤ | ᠤᠬᠱᠠᠨ᠂ ᠪᠢᠯᠲᠡᠭᠠᠷ᠂ ᠸᠴᠢᠷ᠂ ᠲᠤᠯᠪᠠ᠂ ᠪᠠᠳᠮ᠎ᠠ᠂ ᠠᠯᠲᠡᠨᠬᠡᠷᠡᠯ᠂ ᠵᠠᠮᠪᠠᠯᠵᠠᠮᠰᠦ᠂ ᠭᠦᠩᠭᠠᠷᠡᠪᠲᠡᠨ᠂ ᠯᠾᠠᠸᠠᠩ᠂ ᠭᠠᠯᠰᠠᠩᠳᠣᠩᠷᠣᠪ᠂ ᠪᠠᠳᠣ᠂ ᠵᠢᠭᠳᠡᠨᠸᠠᠩᠭᠤᠷ | ᠵᠡᠷᠭᠡ ᠸᠠᠩ ᠨᠠᠷ ᠤᠨ ᠪᠦᠬᠦ ᠪᠡᠶ᠎ᠡ ᠶᠢᠨ ᠬᠦᠷᠦᠭ ᠢ ᠲᠠᠬᠢᠨ᠂ ᠲᠣᠷᠭ᠎ᠠ ᠲᠣᠷᠳᠣᠩ ᠲᠣᠯᠣᠭᠠᠨ ᠴᠣᠬᠠᠭ ᠨᠠᠢᠮᠠᠨ ᠡᠷᠳᠡᠨᠢ ᠶᠢᠨ ᠬᠠᠳᠬᠤᠮᠠᠯ ᠲᠠᠢ ᠡᠯᠭᠦᠮᠡᠯ | ᠬᠦᠰᠢᠭᠡ ᠲᠠᠢ ᠪᠤᠯᠭᠠᠵᠤ᠂ ᠵᠢᠯ ᠤᠨ ᠲᠦᠷᠪᠡᠨ ᠣᠯᠠᠷᠢᠯ ᠳᠤ ᠲᠠᠬᠢᠯᠭ᠎ᠠ ᠲᠠᠢ᠃ ᠰᠠᠷ᠎ᠠ ᠪᠦᠷᠢ ᠶᠢᠨ ᠰᠢᠨ᠎ᠡ ᠶᠢᠨ ᠨᠠᠢᠮᠠᠨ᠂ ᠠᠷᠪᠠᠨ ᠵᠢᠷᠭᠤᠭᠠᠨ᠂ ᠬᠤᠷᠢᠨ | ᠭᠤᠷᠪᠠᠨ ᠳᠤ ᠨᠣᠮ ᠲᠠᠯᠪᠢᠨ᠂ ᠵᠠᠯᠪᠠᠴᠢᠨᠪᠤ ᠪᠣᠷᠬᠠᠨ ᠢ ᠵᠠᠯᠠᠨ᠂ ᠮᠦᠷᠭᠦᠯᠴᠢᠳ ᠲᠤ ᠦᠵᠡᠯᠭᠡ ᠲᠦᠯᠭᠡ ᠦᠵᠡᠵᠣ ᠦᠭᠳᠡᠭ ᠪᠠᠶᠢᠪᠠ᠃ ᠬᠤᠶᠠᠳᠣᠭᠠᠷ ᠲᠦᠷᠢ ᠶᠢᠨ | ᠭᠡᠭᠡᠨ ᠯᠣᠪᠰᠠᠩᠳᠠᠮᠪᠢᠵᠠᠯᠰᠠᠨ ᠲᠠᠪᠢᠨ ᠨᠢᠭᠡᠳᠡᠢ ᠲᠠᠭᠠᠯᠠᠯ ᠪᠣᠯᠵᠣ᠂ ᠱᠠᠷᠢᠯ ᠢ ᠨᠢ ᠮᠠᠷᠠᠮᠪᠠ ᠷᠠᠰᠠᠩ ᠤᠨ ᠠᠯᠳᠠ ᠪᠠᠷ ᠦᠩᠭᠡᠯᠡᠭᠰᠡᠨ ᠮᠦᠩᠭᠦᠨ ᠰᠣᠪᠣᠷᠭᠠᠨ ᠳᠤ | ᠲᠠᠬᠢᠪᠠ᠃ | ᠭᠤᠷᠪᠠᠳᠣᠭᠠᠷ ᠲᠦᠷᠢ ᠶᠢᠨ ᠭᠡᠭᠡᠨ ᠨᠢ ᠲᠠᠷᠬᠠᠨ ᠸᠠᠩ ᠤᠨ ᠭᠡᠷ ᠲᠦᠷᠦᠯ ᠤᠨ ᠭᠧᠨᠳᠠᠨᠵᠠᠪ ᠤᠨ ᠬᠤᠶᠠᠳᠣᠭᠠᠷ ᠬᠦᠪᠡᠭᠦᠨ ᠪᠣᠯᠣᠨ᠎ᠠ᠃ ᠲᠣᠯᠣᠭᠠᠨ ᠨᠠᠰᠣᠳᠠᠢ | ᠰᠦᠮ᠎ᠡ ᠳᠤ ᠵᠠᠯᠠᠭᠳᠠᠵᠣ᠂ ᠠᠷᠪᠠᠨ ᠨᠠᠢᠮᠠ ᠲᠠᠢ ᠳᠤ ᠨᠢ ᠲᠦᠪᠡᠳ ᠤᠨ ᠯᠾᠠᠰᠠ ᠶᠢᠨ ᠰᠠᠯᠠ ᠬᠡᠶᠢᠳ ᠲᠤ ᠨᠣᠮ ᠰᠣᠷᠭᠠᠨ᠂ ᠲᠠᠯᠠᠢ ᠯᠠᠮᠠ᠂ ᠪᠠᠨᠴᠢᠨ ᠡᠷᠳᠡᠨᠢ | ᠨᠠᠷ ᠠᠴᠠ ᠲᠡᠭᠦᠨ ᠳᠤ ᠠᠩᠬ᠎ᠠ ᠲᠦᠷᠢ ᠶᠢᠨ ᠭᠡᠭᠡᠨ ᠤ ᠨᠣᠮ ᠤᠨ ᠨᠡᠷ᠎ᠡ ᠯᠣᠪᠰᠠᠩᠳᠠᠮᠪᠠᠷᠠᠪᠵᠠᠢ ᠶᠢ ᠬᠠᠶᠢᠷᠠᠯᠠᠪᠠ᠃ ᠯᠾᠠᠰᠠ ᠳᠤ ᠨᠠᠢᠮᠠᠨ ᠵᠢᠯ ᠢᠯᠡᠭᠦᠦ ᠰᠣᠷᠣᠯᠴᠠᠭᠠᠳ | ᠬᠤᠷᠢᠨ ᠵᠢᠷᠭᠤᠭᠠᠲᠠᠢ ᠯᠾᠠᠰᠠ ᠳᠤ ᠲᠠᠭᠠᠯᠠᠯ ᠲᠡᠭᠦᠰᠪᠡ᠃ ᠱᠠᠷᠢᠯ ᠢ ᠨᠢ ᠪᠠᠶᠠᠨ ᠮᠣᠷᠣᠢ ᠶᠢᠨ ᠰᠦᠮ᠎ᠡ ᠳᠤ ᠪᠠᠨ ᠵᠠᠯᠠᠵᠣ ᠠᠪᠴᠢᠷᠠᠭᠠᠳ᠂ ᠮᠠᠷᠠᠮᠪᠠ ᠷᠠᠰᠠᠩ ᠤᠨ | ᠱᠢᠷᠣ ᠶᠢᠨ ᠣᠷᠣᠢ ᠲᠠᠢ ᠮᠦᠩᠭᠦᠨ ᠰᠣᠪᠣᠷᠭᠠᠨ ᠳᠤ ᠲᠠᠬᠢᠪᠠ᠃ | | ᠲᠤᠮᠤ ᠭᠠᠤᠯᠢᠨ ᠵᠢᠩ | | ᠪᠠᠭᠰᠢ ᠶᠢᠨ ᠭᠡᠭᠡᠨ᠂ ᠲᠦᠷᠪᠡᠳᠣᠭᠡᠷ ᠲᠦᠷᠢ ᠶᠢᠨ ᠭᠡᠭᠡᠨ ᠢᠯᠡᠷᠡᠬᠦ ᠠᠴᠠ ᠡᠮᠣᠨ᠎ᠡ ᠪᠠᠶᠠᠨ ᠮᠣᠷᠣᠢ ᠶᠢᠨ ᠰᠦᠮ᠎ᠡ ᠳᠤ ᠪᠠᠰᠠ ᠨᠢᠭᠡᠨ ᠭᠡᠭᠡᠨ ᠢᠯᠡᠷᠡᠵᠣ | ᠪᠠᠶᠢᠭᠰᠠᠨ ᠨᠢ ᠪᠠᠭᠰᠢ ᠶᠢᠨ ᠭᠡᠭᠡᠨ ᠪᠣᠯᠣᠨ᠎ᠠ᠃ ᠡᠩᠬᠡ ᠠᠮᠣᠭᠤᠯᠠᠩ ᠡᠵᠡᠨ ᠤ ᠦᠶᠡᠰ ᠲᠤ᠂ ᠲᠦᠪᠡᠳ ᠠᠴᠠ ᠨᠢᠭᠡ ᠵᠠᠯᠠᠭᠤ ᠬᠤᠸᠠᠷᠠᠭ ᠪᠠᠳᠢᠷᠴᠢᠯᠠᠵᠣ ᠶᠠᠪᠣᠭᠰᠠᠭᠠᠷ | ᠲᠠᠷᠬᠠᠨ ᠬᠤᠰᠢᠭᠤᠨ ᠤ ᠠᠭᠤᠯᠠ ᠭᠦᠩ ᠤᠨ ᠠᠷᠣ ᠠᠭᠤᠯᠠ ᠨᠣᠳᠤᠭ ᠤᠨ ᠬᠤᠩᠬ᠎ᠠ ᠶᠢᠨ ᠠᠭᠤᠯᠠᠨ ᠤ ᠠᠭᠤᠢ ᠳᠤ ᠨᠣᠳᠣᠭᠰᠢᠨ ᠨᠣᠮ ᠪᠢᠰᠢᠯᠭᠠᠵᠣ᠂ ᠬᠤᠷᠴᠢᠨ ᠤ | ᠬᠦᠮᠦᠰ ᠤᠨ ᠪᠢᠰᠢᠷᠡᠯ ᠬᠦᠨᠳᠦ ᠶᠢ ᠣᠯᠵᠣ ᠨᠠᠰᠣᠵᠢᠭᠠᠳ ᠲᠦᠪᠡᠳ ᠲᠤ ᠪᠠᠨ ᠡᠭᠡᠵᠣ ᠲᠠᠭᠠᠯᠠᠯ ᠲᠡᠭᠦᠰᠪᠠᠢ᠃ ᠬᠡᠳᠦ᠋ᠢᠪᠡᠷ ᠲᠠᠭᠠᠯᠠᠯ ᠲᠡᠭᠦᠰᠦᠭᠰᠡᠨ ᠪᠣᠯᠪᠠᠴᠣ | ᠲᠡᠭᠦᠨ ᠤ ᠰᠦᠰᠦᠭᠳᠡᠳ ᠮᠦᠨ ᠯᠡ ᠲᠣᠷᠠᠰᠣᠨ ᠰᠦᠰᠦᠭᠯᠡᠭᠡᠳ ᠪᠠᠶᠢᠪᠠ᠃ ᠡᠨᠡ ᠮᠡᠳᠡᠭᠡ ᠶᠢ ᠲᠠᠯᠠᠢ ᠯᠠᠮᠠ ᠰᠣᠨᠣᠰᠣᠭᠰᠠᠨ ᠤ ᠲᠠᠷᠠᠭ᠎ᠠ ᠲᠠᠷᠣᠢ ᠵᠠᠷᠯᠢᠭ ᠪᠠᠭᠤᠯᠭᠠᠵᠣ | ᠂ ᠠᠷᠪᠠᠨ ᠬᠤᠶᠠᠳᠣᠭᠠᠷ ᠦᠶ᠎ᠡ ᠶᠢᠨ ᠲᠠᠷᠬᠠᠨ ᠸᠠᠩ ᠤᠨ ᠭᠡᠷ ᠲᠤ ᠬᠡᠬᠡᠨ ᠪᠤᠯᠭᠠᠵᠤ ᠢᠯᠡᠷᠡᠬᠦᠯᠪᠡ ᠬᠡᠨ᠎ᠠ᠃ ᠡᠨᠡ ᠬᠦᠮᠦᠨ ᠪᠣᠯ ᠲᠠᠷᠣᠢ ᠨᠠᠮᠵᠢᠯᠰᠧᠷᠡᠩ ᠤᠨ ᠠᠬ᠎ᠠ | ᠯᠣᠪᠰᠠᠩᠪᠠᠯᠳᠠᠨ ᠪᠢᠯᠡ᠃ ᠲᠡᠭᠦᠨ ᠢ ᠬᠤᠰᠢᠭᠤ ᠠᠶᠢᠮᠠᠭ ᠠᠴᠠ ᠴᠢᠩ ᠣᠯᠣᠰ ᠤᠨ ᠦᠨᠳᠣᠰᠦᠳᠡᠨ ᠤ ᠬᠡᠷᠡᠭ ᠡᠷᠬᠢᠯᠡᠬᠦ ᠶᠠᠮᠣᠨ ᠢᠶᠠᠷ ᠲᠠᠮᠵᠢᠭᠤᠯᠣᠨ ︽ᠬᠤᠷᠴᠢᠨ ᠤ | ᠮᠡᠷᠭᠡᠨ ᠰᠠᠩᠪᠤ ᠭᠡᠭᠡᠨ︾ ᠪᠣᠯᠭᠠᠵᠣ᠂ ᠪᠠᠶᠠᠨ ᠮᠣᠷᠣᠢ ᠶᠢᠨ ᠰᠦᠮ᠎ᠡ ᠳᠤ ᠰᠠᠭᠤᠯᠭᠠᠪᠠ᠃ ᠡᠨᠡ ᠦᠶᠡᠰ᠂ ᠲᠣᠰ ᠰᠦᠮ᠎ᠡ ᠶᠢᠨ ᠲᠦᠷᠪᠡᠳᠦᠭᠡᠷ ᠲᠦᠷᠢ ᠶᠢᠨ ᠭᠡᠭᠡᠨ | ᠢᠯᠡᠷᠡᠭᠡᠳᠦᠢ ᠪᠣᠯᠬᠤᠷ ᠮᠡᠷᠭᠡᠨ ᠰᠠᠩᠪᠤ ᠭᠡᠭᠡᠨ ᠲᠦᠷ ᠴᠠᠭ ᠰᠦᠮ᠎ᠡ ᠶᠢᠨ ᠠᠯᠢᠪᠠ ᠶᠢ ᠵᠠᠬᠢᠷᠴᠣ ᠪᠠᠶᠢᠭᠰᠠᠨ ᠶᠤᠮ᠃ ᠬᠤᠵᠢᠮ ᠨᠢ ᠲᠦᠷᠪᠡᠳᠦᠭᠡᠷ ᠲᠦᠷᠢ ᠶᠢᠨ ᠭᠡᠭᠡᠨ | ᠠᠸᠠᠩᠳᠦᠪᠳᠠᠨ ᠭᠡᠭᠡᠨ ᠢᠯᠡᠷᠡᠨ ᠰᠢᠷᠡᠭᠡᠨ ᠳᠤ ᠰᠠᠭᠤᠭᠰᠠᠨ ᠤ ᠲᠠᠷᠠᠭ᠎ᠠ᠂ ᠨᠣᠮ ᠵᠢᠭᠠᠭᠰᠠᠨ ᠪᠣᠯᠬᠤᠷ ᠮᠡᠷᠭᠡᠨ ᠰᠠᠩᠪᠤ ᠭᠡᠭᠡᠨ ᠢ ᠪᠠᠭᠰᠢ ᠶᠢᠨ ᠭᠡᠭᠡᠨ ᠬᠡᠮᠡᠪᠡ᠃ | ᠪᠠᠭᠰᠢ ᠶᠢᠨ ᠭᠡᠭᠡᠨ ᠲᠠᠭᠠᠯᠠᠯ ᠲᠡᠭᠦᠰᠦᠭᠰᠡᠨ ᠤ ᠲᠠᠷᠠᠭ᠎ᠠ᠂ ᠬᠤᠶᠠᠳᠣᠭᠠᠷ ᠲᠦᠷᠢ ᠶᠢᠨ ᠪᠠᠭᠰᠢ ᠶᠢᠨ ᠭᠡᠭᠡᠨ ᠨᠢ ᠲᠠᠷᠬᠠᠨ ᠬᠤᠰᠢᠭᠤᠨ ᠤ ᠴᠠᠭᠠᠯᠵᠢ ᠶᠢᠨ ᠵᠠᠩ | ᠣᠪᠣᠭᠳᠣ ᠶᠢᠨ ᠭᠡᠷ ᠠᠴᠠ ︵ᠰᠢᠷᠠᠭᠴᠢᠨ ᠬᠤᠨᠢᠨ ᠵᠢᠯ ᠲᠠᠢ ᠲᠠᠷᠣᠢ 1919 ᠣᠨ ᠳᠤ ᠮᠡᠨᠳᠦᠯᠡᠪᠡ︶ ᠢᠯᠡᠷᠡᠵᠣ᠂ ᠰᠧᠳᠢᠪᠠᠭᠠᠲᠦᠷ ᠬᠡᠲᠡᠭ ᠨᠠᠷᠠ ᠲᠠᠢ᠂ ᠲᠣᠯᠣᠭᠠᠨ | ᠨᠠᠰᠣᠳᠠᠢ ᠳᠤ ᠨᠢ ᠰᠦᠮ᠎ᠡ ᠳᠤ ᠵᠠᠯᠠᠪᠠ᠃ ᠭᠠᠵᠠᠷ ᠰᠢᠷᠣᠢ ᠶᠢᠨ ᠬᠤᠪᠢᠰᠬᠠᠯ ᠠᠴᠠ ᠬᠤᠶᠢᠨ᠎ᠠ ᠹᠥ᠋ ᠢᠤᠢ ᠲᠦᠨ ᠲᠣᠰᠬᠤᠨ ᠳᠤ ᠲᠠᠭᠠᠯᠠᠯ ᠲᠡᠭᠦᠰᠪᠡ᠃ | ᠲᠦᠷᠪᠡᠳᠦᠭᠡᠷ ᠲᠦᠷᠢ ᠶᠢᠨ ᠭᠡᠭᠡᠨ ᠨᠠᠷᠡᠨᠮᠠᠨᠲᠦᠯᠠ ᠨᠢ ᠴᠠᠬᠠᠷ ᠨᠣᠳᠤᠭ ᠲᠠᠢ ᠬᠤᠷᠴᠢᠨ ᠵᠡᠭᠦᠨ ᠭᠠᠷᠣᠨ ᠬᠤᠶᠢᠳᠣ ᠬᠤᠰᠢᠭᠤᠨ ᠤ ᠰᠢᠷᠠᠯᠳᠠᠢ ᠶᠢᠨ | ᠲᠠᠵᠢᠳᠨᠢᠪᠳᠠᠨ ᠤ ᠬᠦᠦ ᠪᠤᠯᠠᠢ᠃ ᠲᠣᠯᠣᠭᠠᠨ ᠨᠠᠰᠣᠨ ᠳᠤ ᠨᠢ ᠰᠦᠮ᠎ᠡ ᠳᠤ ᠵᠠᠯᠠᠵᠣ᠂ ᠠᠷᠪᠠᠨ ᠲᠦᠷᠪᠡᠳᠡᠢ ᠳᠤ ᠨᠢ ᠲᠦᠢᠨ ᠯᠠᠮᠠ ᠡᠷᠭᠢᠮᠪᠢᠯᠢᠭᠳᠦ ︵ᠵᠣᠷᠢᠭᠳᠣ | ᠸᠠᠩ ᠤᠨ ᠲᠡᠳ᠋ ᠬᠦᠪᠡᠭᠦᠨ︶ ᠲᠠᠢ ᠬᠠᠮᠳᠣ ᠨᠣᠮ ᠰᠣᠷᠭᠠᠬᠤ ᠪᠠᠷ ᠶᠠᠪᠣᠭᠤᠯᠪᠠ᠃ ᠠᠷᠪᠠᠨ ᠭᠤᠷᠪᠠᠳᠣᠭᠠᠷ ᠲᠦᠷᠢ ᠶᠢᠨ ᠲᠠᠯᠠᠢ ᠯᠠᠮᠠ ᠳᠤ ᠮᠦᠷᠭᠦᠬᠦ ᠳᠤ᠂ ᠬᠡᠬᠡᠨ | ᠨᠠᠷᠡᠨᠮᠠᠨᠲᠦᠯᠠ ᠳᠤ ᠠᠸᠠᠩᠳᠦᠪᠳᠠᠨ ᠬᠡᠮᠡᠬᠦ ᠨᠣᠮ ᠤᠨ ᠨᠡᠷ᠎ᠡ ᠶᠢ ᠬᠠᠶᠢᠷᠠᠯᠠᠪᠠ᠃ ᠲᠦᠢᠨ ᠯᠠᠮᠠ ᠳᠤ ᠨᠢ ᠰᠸᠧᠠᠩᠳᠣᠩᠷᠣᠪ ᠬᠡᠮᠡᠬᠦ ᠨᠣᠮ ᠤᠨ ᠨᠡᠷ᠎ᠡ ᠬᠠᠶᠢᠷᠠᠯᠠᠪᠠ᠃ ᠶᠠᠭ | ᠡᠨᠡ ᠦᠶ᠎ᠡ ᠳᠤ ᠡᠷᠭᠢᠮᠪᠢᠯᠢᠭᠳᠦ ᠶᠢᠨ ᠠᠬ᠎ᠠ ᠡᠷᠳᠡᠮᠪᠢᠯᠢᠭᠳᠦ ᠵᠣᠷᠢᠭᠳᠣ ᠸᠠᠩ ᠨᠠᠰᠣ ᠨᠦᠭᠴᠢᠭᠰᠡᠨ ᠲᠣᠯᠠ ᠴᠢᠩ ᠣᠯᠣᠰ ᠤᠨ ᠦᠨᠳᠦᠰᠦᠳᠡᠨ ᠤ ᠬᠡᠷᠡᠭ ᠡᠷᠬᠢᠯᠡᠬᠦ | ᠶᠠᠮᠣᠨ ᠠᠴᠠ ᠵᠣᠷᠢᠭᠳᠣ ᠸᠠᠩ ᠤᠨ ᠲᠡᠭᠦᠦ ᠡᠷᠭᠢᠮᠪᠢᠯᠢᠭᠳᠦ ᠶᠢ ᠸᠠᠩ ᠤᠨ ᠰᠠᠭᠤᠷᠢ ᠶᠢ ᠵᠠᠯᠭᠠᠮᠵᠢᠯᠠᠭᠤᠯᠬᠤ ᠪᠠᠷ ᠲᠣᠭᠳᠠᠵᠣ᠂ ᠯᠾᠠᠰᠠ ᠶᠢᠨ ᠬᠡᠶᠢᠳ ᠠᠴᠠ | ᠡᠷᠬᠢᠮᠪᠢᠯᠢᠭᠲᠦ ᠳᠤ ᠯᠾᠠᠷᠠᠮᠪᠠ ᠵᠡᠷᠭᠡ ᠬᠠᠶᠢᠷᠠᠯᠠᠪᠠ᠃ ᠵᠣᠷᠢᠭᠳᠣ ᠸᠠᠩ ᠡᠷᠬᠢᠮᠪᠢᠯᠢᠭᠲᠦ ᠪᠡᠷᠭᠡᠨ ᠲᠠᠢ ᠪᠠᠨ ᠰᠠᠭᠤᠵᠤ᠂ ᠬᠢᠴᠢᠶᠡᠯᠳᠦ ᠮᠡᠷᠭᠡᠨ ᠬᠡᠬᠦ ᠬᠦᠦ ᠲᠠᠢ | ᠪᠤᠯᠤᠬᠰᠡᠨ ᠪᠦᠬᠡᠳ ᠬᠤᠵᠢᠮ ᠨᠢ ᠬᠢᠲᠡᠳ ᠬᠡᠷᠬᠡᠢ ᠠᠪᠴᠦ᠂ ᠪᠡᠭᠡᠵᠢᠩ ᠳᠤ ᠣᠷᠳᠣ ᠬᠠᠷᠰᠢ ᠪᠠᠶᠢᠭᠤᠯᠣᠨ ︵ᠣᠳᠣ ᠶᠢᠨ ᠱᠢ ᠶᠢᠨ ᠬᠦᠷᠢᠶᠡᠯᠡᠩ ᠳᠤ︶ ᠰᠠᠭᠤᠪᠠ᠃ | | ᠲᠤᠬᠰᠢᠳ ᠤᠨ ᠬᠦᠷᠥᠭ ᠱᠤᠭᠤᠮᠠᠯ | | ᠠᠸᠠᠩᠳᠦᠪᠳᠠᠨ ᠲᠦᠪᠡᠳ ᠲᠤ ᠦᠷᠭᠦᠯᠵᠢᠯᠡᠨ ᠨᠣᠮ ᠳᠤ ᠰᠠᠭᠤᠵᠣ᠂ ᠭᠡᠪᠳᠦ ᠶᠣᠰᠣᠳᠣ ᠶᠢᠨ ᠭᠤᠷᠪᠠᠳᠣᠭᠠᠷ ᠣᠨ ︵1911︶ ᠤ ᠡᠪᠣᠯ᠂ ᠠᠷᠪᠠᠨ ᠨᠢᠭᠡᠨ | ᠵᠢᠯ ᠰᠣᠷᠣᠯᠴᠠᠭᠰᠠᠨ ᠯᠾᠠᠰᠠ ᠠᠴᠠ ᠨᠣᠳᠤᠭ ᠵᠦᠭ ᠲᠤ ᠪᠠᠨ ᠡᠭᠡᠬᠦ ᠳᠤ ᠪᠠᠨ᠂ ᠡᠨᠡᠳᠭᠡᠭ ᠲᠤ ᠬᠦᠷᠴᠣ᠂ ᠡᠨᠡᠳᠭᠡᠭ ᠤᠨ ᠪᠣᠷᠬᠠᠨ ᠱᠠᠰᠢᠨ ᠤ ᠣᠷᠣᠨ ᠢᠶᠠᠷ ᠮᠦᠷᠭᠦᠯ | ᠬᠢᠵᠣ ᠲᠣᠭᠤᠷᠢᠵᠣ ᠶᠠᠪᠣᠬᠤ ᠳᠤ ᠪᠠᠨ ᠰᠢᠶᠠᠩᠭᠠᠩ᠂ ᠰᠢᠩᠭᠠᠫᠤᠷ ᠢᠶᠠᠷ ᠦᠩᠭᠡᠷᠡᠨ ᠰᠧᠴᠣᠸᠠᠨ ᠳᠤ ᠬᠦᠷᠴᠣ᠂ ᠲᠡᠨᠳᠡ ᠠᠴᠠ ᠲᠠᠬᠢᠨ ᠪᠡᠭᠡᠵᠢᠩ ᠳᠤ ᠣᠴᠢᠬᠤ ᠳᠤ | ᠡᠷᠬᠢᠮᠪᠢᠯᠢᠭᠲᠦ ᠸᠠᠩ ᠲᠡᠷᠭᠡᠨ ᠦᠷᠳᠡᠭᠡ ᠠᠴᠠ ᠣᠭᠳᠣᠨ ᠠᠪᠣᠪᠠ᠃ ᠠᠸᠠᠩᠳᠦᠪᠳᠠᠨ ᠪᠡᠭᠡᠵᠢᠩ ᠳᠤ ᠰᠠᠷ᠎ᠠ ᠢᠯᠡᠭᠦᠦ ᠪᠠᠶᠢᠭᠰᠠᠨ ᠬᠤᠭᠤᠴᠠᠭᠠᠨ ᠳᠤ ᠪᠠᠨ ᠣᠷᠢᠳ | ᠬᠤᠵᠢᠳ ᠲᠠᠷᠬᠠᠨ ᠸᠠᠩ ᠨᠠᠮᠵᠢᠯᠰᠧᠷᠡᠩ ᠪᠠ ᠪᠣᠰᠣᠳ ᠨᠣᠶᠠᠳ ᠲᠠᠢ ᠠᠭᠤᠯᠵᠠᠨ ᠵᠣᠯᠭᠠᠵᠣ᠂ ᠦᠨᠳᠦᠰᠦᠳᠡᠨ ᠤ ᠬᠡᠷᠡᠭ ᠡᠷᠬᠢᠯᠡᠬᠦ ᠶᠠᠮᠣᠨ ᠤ ᠬᠠᠷᠢᠭᠤᠴᠠᠯᠭᠠᠳᠠᠨ | ᠬᠠᠷᠠᠴᠢᠨ ᠸᠠᠩ ᠬᠦᠩᠰᠠᠩᠨᠤᠷᠪᠤ ᠨᠠᠷ ᠲᠠᠢ ᠵᠣᠯᠭᠠᠨ᠂ ᠲᠡᠭᠦᠨ ᠤ ᠲᠠᠭᠠᠭᠤᠯᠭ᠎ᠠ ᠪᠠᠷ ᠲᠦᠷ ᠴᠠᠭ ᠤᠨ ᠶᠡᠷᠣᠩᠬᠡᠶᠢᠯᠡᠭᠴᠢ ᠶᠤᠸᠠᠨ ᠱᠢ ᠺᠠᠢ ᠲᠠᠢ ᠠᠭᠤᠯᠵᠠᠭᠠᠳ ︽ | ᠡᠷᠳᠡᠨᠢᠰᠡᠴᠡᠨᠨᠣᠮᠣᠬᠠᠨ ᠭᠡᠭᠡᠨ︾ ᠬᠡᠮᠡᠬᠦ ᠴᠣᠯᠠ ᠣᠯᠪᠠ᠃ ᠶᠤᠸᠠᠨ ᠱᠢ ᠺᠠᠢ᠂ ᠳ᠋ᠤᠸᠠᠨ ᠴᠢ ᠷᠦᠢ᠂ ᠬᠦᠩᠰᠠᠩᠨᠤᠷᠪᠤ ᠵᠢᠴᠢ ᠮᠣᠩᠭᠤᠯ ᠤᠨ ᠸᠠᠩ ᠭᠦᠩ ᠨᠠᠷ | ᠦᠪᠡᠳᠡᠭᠰᠢ ᠲᠠᠶᠢᠯᠠᠯᠭ᠎ᠠ ᠬᠢᠪᠡ᠃ ᠠᠸᠠᠩᠳᠦᠪᠳᠠᠨ ᠣᠳᠠᠯ ᠦᠭᠡᠢ ᠪᠡᠭᠡᠵᠢᠩ ᠠᠴᠠ ᠮᠣᠷᠳᠠᠨ ᠮᠦᠭᠳᠡᠨ ᠳᠤ ᠬᠦᠷᠴᠣ᠂ ᠵᠠᠩ ᠽᠦᠸᠧ ᠯᠢᠨ ᠳᠤ ᠪᠠᠷᠠᠭᠠᠳᠠᠨ᠂ ᠲᠠᠭᠢᠨ | ᠵᠧᠩ ᠶᠧ ︵ᠣᠳᠣ ᠶᠢᠨ ᠵᠧᠩ ᠵᠢᠶᠠ ᠲᠦᠨ︶ ᠦᠷᠳᠡᠭᠡᠨ ᠳᠤ ᠬᠦᠷᠴᠦ ᠲᠡᠷᠭᠡᠨ ᠠᠴᠠ ᠪᠠᠭᠤᠬᠤ ᠳᠤ᠂ ᠪᠠᠶᠠᠨ ᠮᠣᠷᠣᠢ ᠶᠢᠨ ᠰᠦᠮ᠎ᠡ ᠠᠴᠠ ᠲᠡᠷᠭᠡ ᠬᠦᠰᠭᠡ | ᠢᠷᠡᠭᠦᠯᠵᠣ ᠲᠣᠰᠣᠨ ᠠᠪᠠᠴᠢᠪᠠ᠃ ᠠᠸᠠᠩᠳᠦᠪᠳᠠᠨ ᠰᠦᠮ᠎ᠡ ᠳᠤ ᠢᠷᠡᠮᠡᠭᠴᠡ ᠪᠠᠭᠰᠢ ᠶᠢᠨ ᠭᠡᠭᠡᠨ ᠳᠤ ᠪᠠᠨ ᠶᠣᠰᠣᠷᠬᠠᠭ ᠵᠤᠯᠭᠠᠭᠰᠠᠨ ᠪᠦᠭᠡᠳ ᠸᠠᠩ᠂ ᠭᠦᠩ᠂ | ᠭᠡᠭᠡᠨ᠂ ᠬᠤᠪᠢᠯᠭᠠᠨ ᠨᠠᠷ ᠤᠨ ᠬᠠᠯᠠᠭᠤᠨ ᠲᠣᠳᠣᠨᠣ ᠶᠢᠨ ᠤᠭᠳᠤᠯᠭ᠎ᠠ ᠶᠢ ᠬᠦᠯᠢᠶᠡᠭᠡᠳ ᠬᠡᠬᠡᠨ ᠤᠷᠳᠤᠨ ᠳᠤ ᠪᠠᠨ ᠵᠠᠯᠠᠷᠠᠨ ᠮᠦᠷᠭᠦᠯ ᠲᠠᠯᠪᠢᠵᠦ᠂ ᠰᠦᠮ᠎ᠡ ᠶᠢᠨ | ᠠᠯᠢᠪᠠ ᠡᠷᠬᠡ ᠪᠠᠨ ᠭᠡᠭᠡᠨ ᠦᠪᠡᠰᠦᠪᠠᠨ ᠠᠳᠬᠤᠭᠠᠳ ᠰᠦᠮ᠎ᠡ ᠬᠡᠶᠢᠳ ᠤᠨ ᠡᠭᠦᠨ ᠠᠴᠠ ᠬᠤᠶᠢᠰᠢ ᠶᠢᠨ ᠬᠦᠭᠵᠢᠯ ᠪᠠᠳᠠᠷᠠᠯ ᠢ ᠠᠬᠢᠭᠤᠯᠬᠤ ᠶᠢᠨ ᠲᠦᠯᠦᠭᠡ ᠪᠦᠬᠦ | ᠰᠡᠳᠭᠢᠯ ᠪᠦᠬᠦ ᠵᠣᠷᠢᠭ ᠢᠶᠠᠷ ᠢᠶᠠᠨ ᠴᠢᠷᠮᠠᠶᠢᠨ ᠵᠢᠳᠭᠦᠭᠰᠡᠨ ᠪᠠᠶᠢᠨ᠎ᠠ᠃ | ᠲᠣᠬᠠᠢ ᠶᠢᠨ ᠦᠶᠡᠰ᠂ ᠴᠡᠷᠢᠭ ᠤᠨ ᠡᠷᠬᠡᠳᠡᠨ ᠲᠣᠳᠣᠭᠠᠳᠣ ᠶᠢᠨ ᠲᠠᠶᠢᠨ ᠢ ᠲᠡᠭᠳᠡᠭᠡᠵᠣ᠂ ᠵᠡᠭᠦᠨ ᠭᠤᠷᠪᠠᠨ ᠮᠣᠵᠢ ᠳᠤ ᠲᠡᠭᠡᠷᠡᠮ ᠰᠠᠮᠠᠭᠤᠷᠠᠨ᠂ ᠴᠠᠭ ᠤᠨ | ᠪᠠᠶᠢᠳᠠᠯ ᠮᠠᠰᠢ ᠲᠦᠭᠰᠢᠭᠦᠷᠢᠳᠡᠢ ᠪᠠᠶᠢᠪᠠ᠃ ᠠᠸᠠᠩᠳᠦᠪᠳᠠᠨ ᠭᠡᠭᠡᠨ ᠤ ᠠᠪᠤ ᠶᠢ ᠨᠢ ᠲᠡᠭᠡᠷᠡᠮᠴᠤᠳ ᠪᠠᠷᠢᠴᠠᠭᠠᠯᠠᠨ ᠠᠪᠠᠴᠢᠬᠰᠠᠨ ᠳᠤ᠂ ᠬᠡᠳᠦᠢ ᠰᠣᠷᠠᠭᠯᠠᠨ ᠡᠷᠢᠭᠰᠡᠨ | ᠪᠣᠯᠪᠠᠴᠣ ᠵᠦᠪᠬᠡᠨ ᠦᠷᠦᠭᠡᠰᠦᠨ ᠭᠤᠳᠣᠯ ᠢ ᠨᠢ ᠯᠠ ᠡᠷᠢᠵᠦ ᠤᠯᠤᠭᠰᠠᠨ ᠬᠡᠷᠡᠭ ᠭᠠᠷᠤᠭᠰᠠᠨ ᠠᠴᠠ ᠭᠡᠭᠡᠨ ᠲᠡᠭᠡᠳᠣ ᠲᠦᠷᠢ ᠶᠢᠨ ᠭᠡᠭᠡᠳ ᠤᠨ ᠴᠣᠭᠯᠠᠭᠤᠯᠣᠭᠰᠠᠨ | ᠠᠯᠳᠠ ᠮᠦᠩᠭᠦ᠂ ᠡᠳ᠋ ᠡᠷᠳᠡᠨᠢᠰ ᠪᠦᠬᠦᠨ ᠢ ᠲᠦᠩᠯᠢᠶᠣᠣ ᠶᠢᠨ ︽ᠰᠢᠩ ᠶᠧ︾ ᠪᠠᠩᠬᠢ ᠳᠤ ᠬᠠᠳᠠᠭᠠᠯᠠᠪᠠ᠃ ᠪᠠᠰᠠ ᠰᠦᠮ᠎ᠡ ᠪᠠ ᠮᠠᠯ ᠰᠦᠷᠦᠭ ᠢᠶᠠᠨ | ᠬᠠᠮᠠᠭᠠᠯᠠᠬᠤ ᠶᠢᠨ ᠲᠦᠯᠦᠭᠡ ᠵᠠᠩ ᠽᠦᠸᠧ ᠯᠢᠨ ᠢᠶᠠᠷ ᠵᠦᠪᠰᠢᠶᠡᠷᠡᠭᠦᠯᠦᠨ᠂ ᠣᠣᠯ ᠤᠨ ᠪᠠᠶᠢᠭᠰᠠᠨ ᠵᠡᠪᠰᠡᠭᠳᠣ ᠬᠦᠴᠦᠨ ᠢᠶᠠᠨ ᠵᠠᠭᠤ ᠵᠢᠷᠠᠨ ᠬᠦᠮᠦᠨ ᠤ ᠰᠦᠮ᠎ᠡ | ᠬᠠᠮᠠᠭᠠᠯᠠᠬᠤ ᠴᠡᠷᠢᠭ ᠠᠩᠬᠢ ᠪᠣᠯᠭᠠᠪᠠ᠃ ᠴᠡᠷᠢᠭ ᠤᠨ ᠬᠤᠪᠴᠠᠰᠣ ᠬᠤᠨᠠᠷ᠂ ᠵᠡᠷ ᠵᠡᠪᠰᠡᠭ ᠢᠶᠠᠨ ᠰᠢᠨᠡᠳᠭᠡᠨ ᠫᠠᠶᠢᠰᠠ ᠲᠡᠮᠳᠡᠭ ᠲᠠᠢ ᠴᠡᠷᠢᠭ ᠠᠩᠬᠢ ᠪᠣᠯᠭᠠᠵᠣ᠂ | ᠰᠦᠮ᠎ᠡ ᠶᠢᠨ ᠢᠶᠠᠨ ᠭᠠᠳᠠᠭᠤᠷ ᠰᠣᠪᠠᠭ ᠭᠤᠣ ᠲᠠᠳᠠᠨ ᠪᠠᠳᠣ ᠪᠠᠬᠢᠯᠡᠯᠳᠡ ᠲᠠᠢ ᠪᠣᠯᠭᠠᠪᠠ᠃ | ᠰᠦᠮ᠎ᠡ ᠶᠢᠨ ᠰᠠᠩ ᠪᠠ ᠯᠠᠮᠠ ᠬᠤᠸᠠᠷᠠᠭ ᠤᠨ ᠡᠳᠣᠷ ᠲᠣᠳᠣᠮ ᠤᠨ ᠠᠮᠢᠳᠣᠷᠠᠯ ᠤᠨ ᠬᠡᠷᠡᠭᠰᠡᠯ ᠢ ᠬᠠᠩᠭᠠᠬᠤ ᠶᠢᠨ ᠲᠦᠯᠦᠭᠡ᠂ ᠰᠦᠮ᠎ᠡ ᠠᠴᠠ ᠡᠮᠦᠨᠡᠰᠢ | ᠲᠠᠪᠣᠨ ᠭᠠᠵᠠᠷ ᠤᠨ ᠵᠠᠢ ᠳᠤ ᠭᠡᠷ ᠪᠠᠷᠢᠯᠭ᠎ᠠ ᠪᠠᠷᠢᠨ᠂ ᠵᠡᠭᠡᠯᠢ ᠭᠤᠲᠦᠮᠵᠢ ᠲᠠᠢ ᠪᠣᠯᠭᠠᠪᠠ᠃ ᠲᠡᠨᠳᠡ ᠬᠤᠳᠠᠯᠳᠤᠭ᠎ᠠ ᠮᠠᠶᠢᠮᠠᠢ᠂ ᠮᠣᠳᠣ᠂ ᠲᠡᠮᠦᠷ᠂ ᠵᠠᠰ ᠭᠠᠥᠯᠢᠨ ᠤ | ᠫᠦᠰᠡ᠂ ᠠᠷᠢᠭᠢ ᠨᠡᠷᠡᠭᠦ᠂ ᠵᠣᠴᠢᠨ ᠲᠡᠷᠭᠡᠨ ᠤ ᠪᠠᠭᠤᠳᠠᠯ ᠲᠠᠢ᠃ ᠰᠦᠮ᠎ᠡ ᠶᠢᠨ ᠴᠡᠷᠢᠭ ᠤᠨ ᠬᠤᠷᠢᠶ᠎ᠠ ᠪᠠᠨ ᠴᠦ ᠵᠡᠭᠡᠯᠢ ᠭᠤᠲᠦᠮᠵᠢ ᠶᠢᠨ ᠲᠡᠷᠭᠡᠳᠡ ᠬᠦᠷᠢᠶ᠎ᠡ | ᠪᠠᠶᠢᠭᠤᠯᠣᠨ ᠰᠠᠭᠤᠯᠭᠠᠪᠠ᠃ ᠪᠠᠰᠠ ᠠᠷᠪᠠᠨ ᠬᠡᠳᠦᠨ ᠲᠠᠰᠣᠯᠭ᠎ᠠ ᠸᠠᠭᠠᠷ ᠤᠨ ᠭᠡᠷ ᠪᠠᠷᠢᠵᠦ᠂ ᠲᠠᠪᠣᠨ ᠪᠠᠭᠰᠢ ᠵᠠᠯᠠᠨ ᠠᠪᠴᠢᠷᠠᠵᠤ᠂ ᠬᠤᠰᠢᠭᠤᠨ ᠤ ᠲᠣᠳᠣᠨ᠎ᠠ | ᠭᠠᠳᠠᠨ᠎ᠠ ᠠᠴᠠ ᠮᠣᠩᠭᠤᠯ᠂ ᠬᠢᠳᠠᠳ ᠰᠣᠷᠣᠬᠴᠢ ᠵᠠᠭᠤ ᠢᠯᠡᠭᠦᠦ ᠬᠦᠮᠦᠨ ᠡᠯᠰᠡᠵᠦ᠂ ᠪᠠᠶᠠᠨ ᠮᠣᠷᠣᠢ ᠶᠢᠨ ᠰᠦᠮ᠎ᠡ ᠶᠢᠨ ᠰᠣᠷᠭᠠᠭᠤᠯᠢ ᠶᠢ ᠪᠠᠶᠢᠭᠤᠯᠪᠠ᠃ | ᠲᠡᠷᠡ ᠦᠶ᠎ᠡ ᠶᠢᠨ ᠠᠷᠠᠯᠵᠢᠶ᠎ᠠ ᠮᠠᠶᠢᠮᠠᠢ ᠨᠢ ᠦᠨᠳᠦᠰᠦᠨ ᠳᠤ ᠪᠠᠨ ᠪᠠᠷᠠᠭ᠎ᠠ ᠶᠢᠨ ᠰᠣᠯᠢᠯᠴᠠᠭ᠎ᠠ ᠪᠠᠷ ᠭᠤᠣᠯᠯᠠᠵᠦ ᠪᠠᠶᠢᠬᠰᠠᠨ ᠶᠤᠮ᠃ ᠲᠠᠷᠦᠢ ᠨᠠᠮᠦᠷ ᠤᠨ | ᠠᠯᠢᠰᠣ ᠡᠪᠡᠰᠦ᠂ ᠠᠷᠭᠠᠯ ᠲᠦᠯᠡᠭᠡ᠂ ᠪᠣᠳᠠᠭ᠎ᠠ ᠬᠤᠨᠢ ᠦᠬᠡᠷ ᠵᠡᠷᠭᠡ ᠶᠢᠨ ᠠᠷᠠᠯᠵᠢᠶ᠎ᠠ ᠪᠠᠶᠢᠬᠰᠠᠨ ᠪᠢᠯᠡ᠃ | ᠰᠢᠶᠠᠨ ᠪᠠᠯᠭᠠᠰᠣ ᠳᠤ ᠶᠠᠮᠦᠨ ᠪᠠᠶᠢᠭᠤᠯᠣᠨ᠂ ᠠᠳᠠᠷ ᠬᠠᠭᠠᠯᠪᠣᠷᠢᠯᠠᠨ᠂ ᠠᠷᠠᠳ ᠢᠷᠭᠡᠳ ᠢ ᠶᠡᠭᠡ ᠬᠡᠮᠵᠢᠶ᠎ᠡ ᠪᠠᠷ ᠨᠡᠭᠦᠯᠭᠡᠨ ᠣᠷᠣᠭᠤᠯᠵᠦ᠂ ᠨᠣᠳᠤᠭ ᠪᠡᠯᠴᠢᠭᠡᠷ | ᠰᠢᠬᠠᠭᠤ ᠪᠣᠯᠣᠬᠰᠠᠨ ᠠᠴᠠ᠂ ᠪᠠᠶᠠᠨ ᠮᠣᠷᠣᠢ ᠶᠢᠨ ᠰᠦᠮ᠎ᠡ ᠨᠢ ᠲᠠᠪᠣᠨ ᠵᠠᠭᠤ ᠲᠠᠪᠣᠨ ᠠᠷ ᠲᠡᠷᠢᠶ᠎ᠠ ᠠᠴᠠ ᠭᠠᠳᠠᠨ᠎ᠠ᠂ ᠡᠯ᠎ᠡ ᠰᠠᠩ ᠤᠨ ᠣᠯᠠᠰᠢᠷᠠᠬᠰᠠᠨ ᠮᠠᠯ | ᠰᠦᠷᠦᠭ ᠨᠢ ᠪᠡᠯᠴᠢᠭᠡᠷ ᠦᠭᠡᠢ ᠪᠣᠯᠤᠬᠰᠡᠨ ᠠᠴᠠ ᠠᠷᠪᠠᠨ ᠭᠤᠷᠪᠠ ᠣᠳᠠᠭ᠎ᠠ ᠠᠷᠦ ᠮᠠᠩᠬᠠᠨ ︵ᠣᠳᠣ ᠶᠢᠨ ᠬᠤᠸᠠᠬᠤᠰᠢᠭᠤ ᠰᠣᠮᠣ ᠶᠢᠨ ᠪᠠᠷᠠᠭᠤᠨ ᠬᠡᠰᠡᠭ᠂ ᠵᠢᠷᠦᠬᠡ | ᠮᠠᠯᠵᠢᠯ ᠤᠨ ᠲᠠᠯᠠᠪᠠᠢ᠂ ᠠᠷᠣ ᠠᠭᠤᠯᠠᠨ ᠤ ᠡᠮᠣᠨ᠎ᠡ ᠬᠡᠰᠡᠭ︶ ᠤ ᠣᠰᠣ ᠪᠡᠯᠴᠢᠭᠡᠷ ᠰᠠᠶᠢᠨ ᠨᠣᠳᠤᠭ ᠲᠤ ᠨᠡᠭᠦᠯᠭᠡᠨ ᠣᠷᠣᠭᠤᠯᠪᠠ᠃ ᠡᠭᠦᠨ ᠠᠴᠠ ᠭᠠᠳᠠᠨ᠎ᠠ᠂ | ᠰᠦᠮ᠎ᠡ ᠶᠢᠨ ᠰᠠᠩ ᠠᠴᠠ ᠪᠠᠰᠠ ᠬᠤᠵᠢᠷ ᠰᠢᠷᠭᠠᠭᠠᠬᠤ ᠭᠠᠵᠠᠷ᠂ ᠣᠢ ᠰᠢᠭᠤᠢ ᠶᠢᠨ ᠲᠠᠯᠠᠪᠠᠢ᠂ ᠵᠢᠭᠠᠰᠣᠨ ᠨᠠᠭᠤᠷ ᠵᠡᠷᠭᠡ ᠶᠢ ᠡᠭᠦᠳᠦᠨ ᠪᠠᠶᠢᠭᠤᠯᠪᠠ᠃ ᠲᠦᠩᠯᠢᠶᠣᠣ | ᠰᠢᠶᠠᠨ ᠳᠤ ᠵᠡᠭᠦᠨᠰᠢ ᠪᠠᠷᠠᠭᠤᠨᠰᠢ ᠠᠷᠪᠠᠨ ᠵᠠᠩ ᠣᠷᠳᠣ᠂ ᠡᠮᠣᠨᠡᠰᠢ ᠣᠮᠠᠷᠠᠰᠢ ᠵᠢᠷᠠᠨ ᠵᠠᠩ ᠣᠷᠳᠣ ᠪᠠᠶᠢᠬᠤ ᠬᠡᠳᠦᠨ ᠬᠡᠰᠡᠭ ᠭᠠᠵᠠᠷ ᠬᠤᠳᠠᠯᠳᠣᠨ ᠠᠪᠴᠣ᠂ ᠭᠡᠷ | ᠪᠠᠶᠢᠰᠢᠩ ᠪᠠᠷᠢᠨ ᠬᠦᠷᠢᠶ᠎ᠡ ᠬᠠᠰᠢᠶ᠎ᠠ ᠪᠠᠶᠢᠭᠤᠯᠣᠭᠠᠳ ᠭᠤᠣᠯ ᠭᠡᠷ ᠤᠨ ᠡᠭᠦᠳᠡᠨ ᠲᠡᠭᠡᠷ᠎ᠡ ︽ᠡᠷᠳᠡᠨᠢᠰᠡᠴᠡᠨᠨᠣᠮᠣᠬᠠᠨ ᠭᠡᠭᠡᠨ ᠰᠠᠩ︾ ᠬᠡᠮᠡᠬᠦ ᠭᠤᠷᠪᠠᠨ ᠬᠡᠯᠡ ᠶᠢᠨ | ᠪᠢᠴᠢᠭ ᠲᠠᠢ ᠫᠠᠶᠢᠰᠠ ᠡᠯᠭᠦᠪᠡ᠃ ᠡᠭᠦᠳᠡᠨ ᠭᠠᠳᠠᠨ᠎ᠠ ᠪᠠᠨ ᠮᠣᠳᠣᠨ ᠭᠡᠷ ᠪᠠᠷᠢᠵᠣ ᠬᠠᠷᠠᠭᠤᠯ ᠮᠠᠨᠠᠭ᠎ᠠ ᠲᠣᠬᠢᠷᠠᠭᠤᠯᠵᠣ ᠪᠢᠯᠡ᠃ ᠹᠦ᠋ ᠵᠢᠥᠢ ᠠᠮᠣ ᠪᠣᠳᠠᠭᠠᠨ ᠤ ᠫᠦᠰᠡ | ᠂ ᠹᠦ᠋ ᠹᠠ ᠠᠷᠠᠰᠣᠨ ᠡᠳ᠋ᠯᠡᠯ ᠤᠨ ᠫᠦᠰᠡ᠂ ᠲᠢᠶᠠᠨ ᠲᠠᠢ ᠡᠾᠧ ᠪᠦᠷᠢᠨ ᠪᠠᠷᠠᠭᠠᠨ ᠤ ᠫᠦᠰᠡ᠂ ᠰᠢᠩ ᠯᠦᠩ ᠮᠣᠷᠢᠨ ᠲᠡᠷᠭᠡᠨ ᠪᠠᠭᠤᠳᠠᠯ ᠵᠡᠷᠭᠡ ᠶᠢ ᠪᠠᠶᠢᠭᠤᠯᠵᠣ᠂ | ᠦᠯᠡᠳᠡᠭᠰᠡᠨ ᠭᠡᠷ ᠪᠠᠶᠢᠰᠢᠩ ᠢᠶᠠᠨ ᠭᠠᠳᠠᠭᠰᠢ ᠲᠦᠷᠢᠶᠡᠰᠦᠯᠡᠭᠦᠯᠵᠣ᠂ ᠰᠦᠮ᠎ᠡ ᠶᠢᠨ ᠰᠠᠩ ᠢᠶᠠᠨ ᠮᠠᠰᠢ ᠰᠠᠶᠢᠨ ᠬᠦᠭᠵᠢᠭᠦᠯᠦᠭᠰᠡᠨ ᠪᠠᠶᠢᠨ᠎ᠠ᠃ | ᠡᠨᠡ ᠮᠡᠳᠣ ᠨᠢᠭᠡᠨ ᠦᠶ᠎ᠡ ᠨᠡᠷ᠎ᠡ ᠠᠯᠳᠠᠷᠰᠢᠭᠰᠠᠨ ᠰᠦᠮ᠎ᠡ ᠬᠡᠶᠢᠳ ᠪᠣᠯᠬᠤ ᠪᠠᠶᠠᠨ ᠮᠣᠷᠣᠢ ᠶᠢᠨ ᠰᠦᠮ᠎ᠡ ᠶᠢᠨ ᠣᠷᠣ ᠦᠭᠡᠢ ᠪᠣᠯᠳᠠᠯ᠎ᠠ ᠵᠠᠮᠬᠠᠷᠠᠭᠰᠠᠨ ᠢ | ᠪᠣᠳᠣᠬᠤᠯᠠᠷ᠂ ᠳᠣᠳᠣᠷ᠎ᠠ ᠡᠪ ᠦᠭᠡᠶᠢᠬᠡᠨ ᠪᠣᠯᠵᠣ ᠣᠴᠢᠳᠠᠭ ᠨᠢ ᠦᠨᠡᠨ ᠶᠣᠮ ᠰᠠᠨ᠃ 1932 ᠣᠨ ᠤ ᠡᠪᠣᠯ᠂ ᠶᠠᠫᠣᠨ ᠤ ᠭᠤᠸᠠᠨᠳᠦ᠋ᠩᠵᠢᠶᠦ᠋ᠨ ᠤ ᠴᠡᠷᠢᠭ ᠤᠨ | ᠲᠦᠷᠦᠭᠦᠦ ᠪᠧᠨ ᠵᠣᠸᠠᠩ ᠹᠠᠨ᠂ ᠴᠣᠸᠠᠨ ᠳᠣᠣ ᠹᠠᠩ ᠽᠢ᠂ ᠰᠦᠩ ᠵᠢᠩ ᠴᠢᠩ ᠵᠥ᠂ ᠡᠾᠧ ᠲᠢᠶᠠᠨ ᠨᠠᠷ ᠮᠦᠭᠳᠡᠨ ᠳᠤ ᠨᠢᠭᠡᠨ ᠡᠳᠣᠷ ᠤᠨ ᠨᠢᠭᠤᠴᠠ ᠬᠤᠷᠠᠯ | ᠬᠤᠷᠠᠯᠳᠣᠭᠤᠯᠵᠣ᠂ ᠮᠣᠩᠭᠤᠯᠵᠢᠨ ᠤ ᠭᠠᠨᠵᠤᠤᠷᠵᠠᠪ᠂ ᠪᠦᠸᠧ ᠸᠠᠩ ᠬᠤᠰᠢᠭᠤᠨ ︵ᠬᠤᠷᠴᠢᠨ ᠵᠡᠬᠦᠨ ᠭᠠᠷᠤᠨ ᠬᠤᠶᠢᠳᠦ ᠬᠤᠰᠢᠭᠤ︶ ᠤ ᠡᠷᠳᠡᠨᠢᠪᠢᠯᠢᠭ᠂ ᠲᠠᠷᠬᠠᠨ | ᠬᠤᠰᠢᠭᠤᠨ ︵ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ︶ ᠤ ᠬᠠᠨ ᠰᠸᠧᠠᠩ᠂ ᠬᠦᠯᠦᠨ ᠪᠤᠶᠢᠷ ᠤᠨ ᠲᠠᠷᠵᠣᠮᠠᠷᠰᠢ᠂ ᠪᠠᠶᠠᠨ ᠮᠣᠷᠣᠢ ᠶᠢᠨ ᠰᠦᠮ᠎ᠡ ᠶᠢᠨ | ᠠᠸᠠᠩᠳᠦᠪᠳᠠᠨ ᠭᠡᠭᠡᠨ᠂ ᠪᠢᠩᠳᠣ ᠬᠤᠰᠢᠭᠤᠨ ᠤ ᠪᠣᠶᠠᠨᠮᠠᠨᠳᠣᠬᠤ᠂ ᠬᠠᠷᠠᠴᠢᠨ ᠤ ᠲᠡᠮᠣᠷᠪᠠᠭᠠᠨᠠ᠂ ᠵᠡᠭᠦᠨ ᠬᠤᠶᠢᠳᠣ ᠶᠢᠨ ᠮᠣᠩᠭᠤᠯ ᠬᠤᠰᠢᠭᠤᠳ ᠤᠨ ᠪᠠᠭᠰᠢ ᠶᠢᠨ | ᠰᠣᠷᠭᠠᠭᠤᠯᠢ ᠶᠢᠨ ᠰᠣᠷᠣᠭᠴᠢ ᠶᠢᠨ ᠲᠦᠯᠦᠭᠡᠯᠡᠭᠴᠢ ᠣᠷᠣᠯᠴᠠᠭᠰᠠᠨ ᠬᠤᠷᠠᠯ ᠢᠶᠠᠷ ︽ᠦᠪᠦᠷ ᠮᠣᠩᠭᠤᠯ ᠤᠨ ᠦᠪᠡᠷᠳᠡᠭᠡᠨ ᠵᠠᠰᠠᠬᠤ ᠴᠡᠷᠢᠭ︾ ᠪᠠᠶᠢᠭᠤᠯᠬᠤ | ᠶᠠᠪᠣᠳᠠᠯ ᠢ ᠵᠦᠪᠳᠡᠯᠴᠡᠨ ᠲᠣᠭᠳᠠᠵᠣ᠂ ᠭᠤᠷᠪᠠᠨ ᠠᠷᠮᠢ ᠴᠡᠷᠢᠭ ᠪᠠᠶᠢᠭᠤᠯᠣᠭᠠᠳ ᠿᠧ ᠡᠾᠧ ᠮᠣᠵᠢ ᠶᠢ ᠴᠣᠬᠢᠬᠤ ᠪᠠᠷ ᠲᠣᠭᠳᠠᠭᠰᠠᠨ ᠪᠠᠶᠢᠪᠠ᠃ ᠬᠤᠷᠠᠯ | ᠲᠠᠷᠬᠠᠭᠰᠠᠨ ᠤ ᠲᠠᠷᠠᠭ᠎ᠠ ᠭᠡᠷ ᠭᠡᠷ ᠲᠤ ᠪᠠᠨ ᠬᠠᠷᠢᠵᠠᠭᠠᠵᠣ᠂ ᠰᠢᠨᠡᠯᠡᠭᠡᠳ ᠡᠷᠭᠢᠵᠣ ᠢᠷᠡᠪᠡᠯ ᠴᠡᠷᠢᠭ ᠬᠦᠳᠡᠯᠬᠦ ᠪᠠᠷ ᠪᠣᠯᠪᠠ᠃ ᠰᠦᠮ᠎ᠡ ᠳᠤ ᠵᠦᠪᠭᠡᠨ ᠭᠤᠷᠪᠠᠳᠣᠭᠠᠷ | ᠠᠷᠮᠢ ᠶᠢᠨ ᠭᠠᠨᠵᠤᠤᠷᠵᠠᠪ᠂ ᠠᠸᠠᠩᠳᠦᠪᠳᠡᠨ᠂ ᠰᠦᠩ ᠵᠢᠩ ᠨᠠᠷ ᠪᠠᠶᠢᠪᠠ᠃ ᠡᠨᠡ ᠮᠡᠳᠡᠭᠡ ᠶᠢ ᠨᠠᠨᠵᠢᠩ ᠤᠨ ᠭᠤᠮᠢᠨᠳᠠᠩ ᠤᠨ ᠵᠠᠰᠠᠭ ᠤᠨ ᠭᠠᠵᠠᠷ ᠣᠯᠵᠣ ᠮᠡᠳᠡᠭᠡᠳ᠂ | ᠦᠳᠳᠡᠷ ᠲᠦᠷᠭᠡᠨ ᠳ᠋ᠢᠶᠠᠨᠪᠣᠣ ᠢᠯᠡᠭᠡᠨ᠂ ᠿᠧ ᠡᠾᠧ ᠶᠢᠨ ᠴᠡᠷᠢᠭ ᠤᠨ ᠡᠷᠭᠡᠳᠡᠨ ᠠᠷᠪᠠᠨ ᠲᠣᠯᠣᠳᠣᠭᠠᠷ ᠪᠠᠷᠢᠭᠠᠳᠠ ᠶᠢᠨ ᠰᠧᠯᠢᠩ ᠽᠦᠢ ᠰᠢᠩ ᠡᠦ᠂ ᠵᠣᠣ | ᠣᠳᠠ ᠶᠢᠨ ᠮᠣᠩᠭᠤᠯ ᠴᠡᠷᠢᠭ ᠤᠨ ᠯᠢ ᠱᠸᠦ ᠰᠢᠨ᠂ ᠬᠦ ᠪᠣᠣ ᠱᠠᠨ ᠨᠠᠷ ᠢ ᠮᠣᠷᠢᠳᠦ ᠴᠡᠷᠢᠭ ᠲᠣᠮᠢᠯᠠᠨ᠂ ᠪᠠᠶᠠᠨ ᠮᠣᠷᠣᠢ ᠶᠢᠨ ᠰᠦᠮ᠎ᠡ ᠶᠢ ᠪᠦᠰᠡᠯᠡᠨ ᠴᠣᠬᠢᠭᠤᠯᠪᠠ᠃ | ᠪᠠᠶᠢᠯᠳᠤᠭᠠᠨ ᠡᠬᠢᠯᠡᠩᠭᠦᠳᠡ ᠶᠠᠫᠣᠨ ᠤ ᠲᠦᠷᠦᠭᠦᠦ ᠰᠥᠩ ᠵᠢᠩ ᠠᠯᠠᠬᠳᠠᠵᠦ᠂ ᠭᠤᠷᠪᠠᠳᠣᠭᠠᠷ ᠠᠷᠮᠢ ᠶᠢᠨ ᠰᠧᠯᠢᠩ ᠭᠠᠨᠵᠤᠤᠷᠵᠠᠪ᠂ ᠠᠸᠠᠩᠳᠦᠪᠳᠡᠨ ᠨᠠᠷ | ᠰᠦᠮ᠎ᠡ ᠶᠢᠨ ᠡᠮᠦᠨ᠎ᠡ ᠡᠭᠦᠳᠡ ᠪᠠᠷ ᠰᠢᠪᠳᠦᠯᠦᠨ ᠭᠠᠷᠪᠠ᠃ ᠠᠷᠪᠠᠨ ᠳᠣᠯᠣᠳᠣᠭᠠᠷ ᠪᠠᠷᠢᠭᠠᠳᠠ ᠰᠦᠮ᠎ᠡ ᠳᠤ ᠣᠷᠣᠵᠦ ᠢᠷᠡᠭᠡᠳ᠂ ᠰᠦᠮ᠎ᠡ ᠶᠢᠨ ᠵᠠᠭᠤ ᠢᠯᠡᠭᠦᠦ ᠵᠢᠯ | ᠴᠣᠬᠯᠠᠭᠤᠯᠣᠬᠰᠠᠨ ᠠᠯᠳᠠ ᠮᠦᠩᠭᠦᠨ ᠪᠣᠷᠬᠠᠨ᠂ ᠡᠳ᠋ ᠡᠷᠳᠡᠨᠢᠰ᠂ ᠮᠠᠯ ᠰᠦᠷᠦᠭ ᠢ ᠴᠦᠯᠪᠡᠳᠡᠨ ᠳᠡᠭᠡᠷᠡᠮᠳᠡᠭᠡᠳ᠂ ᠭᠠᠯ ᠲᠠᠯᠪᠢᠨ ᠬᠦᠮᠦᠨ ᠠᠯᠠᠨ ᠡᠭᠡᠪᠡ᠃ | ᠰᠦᠮ᠎ᠡ ᠶᠢᠨ ᠭᠠᠵᠠᠷ ᠰᠢᠷᠣᠢ ᠪᠠ ᠲᠦᠩᠯᠢᠶᠣᠣ ᠳᠠᠬᠢ ᠬᠠᠳᠠᠭᠠᠯᠠᠮᠵᠢ ᠯᠠ ᠦᠯᠡᠳᠡᠪᠡ᠃ ᠯᠠᠮᠠ ᠬᠤᠸᠠᠷᠠᠭ ᠨᠢ ᠲᠣᠳᠠᠭᠠᠬᠤ ᠨᠢ ᠲᠣᠳᠠᠭᠠᠵᠣ᠂ ᠡᠭᠦᠨ ᠤ ᠲᠡᠭᠡᠷ᠎ᠡ | ᠬᠤᠯᠣᠭᠠᠨ᠎ᠠ ᠶᠢᠨ ᠬᠢᠵᠢᠭ ᠣᠷᠣᠭᠰᠠᠨ ᠠᠴᠠ ᠮᠢᠩᠭ᠎ᠠ ᠢᠯᠡᠭᠦᠦ ᠯᠠᠮᠠ ᠶᠢᠨ ᠭᠤᠷᠪᠠᠨ ᠵᠠᠭᠤ ᠢᠯᠡᠭᠦᠦ ᠨᠢ ᠬᠤᠷᠣᠭᠳᠠᠪᠠ᠃ | | ᠮᠤᠷᠤᠢ ᠶᠢᠨ ᠰᠦᠮ᠎ᠠ ᠶᠢᠨ ᠬᠠᠷ᠎ᠠ ᠤᠪᠤᠭ᠎ᠠ | | ᠬᠠᠭᠤᠷᠮᠠᠭ ᠮᠠᠨᠵᠦ ᠪᠠᠶᠢᠭᠤᠯᠣᠭᠳᠠᠭᠰᠠᠨ ᠤ ᠲᠠᠷᠠᠭ᠎ᠠ᠂ ᠴᠠᠭ ᠪᠠᠭ᠋ᠠᠨ ᠲᠦᠪᠰᠢᠨ ᠪᠣᠯᠤᠬᠰᠡᠨ ᠠᠴᠠ ᠲᠣᠳᠠᠭᠠᠭᠰᠠᠨ ᠯᠠᠮᠠ ᠬᠤᠸᠠᠷᠠᠭ ᠨᠢ ᠰᠦᠮ᠎ᠡ ᠳᠤ ᠪᠠᠨ | ᠡᠭᠡᠵᠦ᠂ ᠬᠡᠶᠢᠳ ᠪᠣᠷᠬᠠᠳ ᠢᠶᠠᠨ ᠵᠠᠰᠠᠨ ᠰᠡᠯᠪᠢᠨ ᠰᠦᠮ᠎ᠡ ᠶᠢᠨ ᠬᠤᠷᠠᠯ ᠢᠶᠠᠨ ᠰᠡᠷᠭᠦᠭᠡᠪᠡ᠃ | 1936 ᠣᠨ ᠳᠤ ᠶᠠᠫᠣᠨ ᠤ ᠵᠡᠭᠦᠨ ᠡᠮᠦᠨᠡᠲᠦ ᠠᠽᠢᠶ᠎ᠠ ᠶᠢᠨ ᠳᠡᠯᠭᠡᠨ ᠦᠵᠡᠭᠦᠯᠭᠦ ᠬᠤᠷᠠᠯ ᠳᠤ᠂ ᠠᠸᠠᠩᠳᠦᠪᠳᠡᠨ ᠭᠡᠭᠡᠨ ᠶᠠᠫᠣᠨ ᠤ ᠰᠢ ᠪᠧᠨ ᠶᠣᠸᠠᠨ | ᠬᠡᠶᠢᠳ ᠤᠨ ᠲᠡᠳ᠋ ᠡᠷᠬᠢᠯᠡᠭᠴᠢ ᠳ᠋ᠦ᠋ᠸᠧ ᠲᠢᠶᠠᠨ ︵ᠭᠡᠭᠡᠨ ᠲᠠᠢ ᠯᠾᠠᠰᠠ ᠶᠢᠨ ᠰᠠᠯᠠ ᠬᠡᠶᠢᠳ ᠤᠨ ᠬᠠᠮᠳᠦ ᠰᠣᠷᠣᠯᠭᠠᠳᠠᠨ︶ ᠤ ᠣᠷᠢᠯᠭ᠎ᠠ ᠪᠠᠷ ᠠᠷᠪᠠᠨ ᠬᠤᠶᠠᠷ | ᠬᠦᠮᠦᠨ ᠢ ᠳᠠᠭᠠᠭᠤᠯᠣᠨ ᠣᠷᠣᠯᠴᠠᠭᠰᠠᠨ ᠪᠦᠭᠡᠳ ᠶᠠᠫᠣᠨ ᠤ ᠭᠤᠷᠪᠠᠨ ᠵᠠᠮ ᠤᠨ ᠴᠡᠷᠢᠭ ᠤᠨ ᠰᠣᠷᠢᠯᠳᠠ ᠶᠢ ᠴᠦ ᠦᠵᠡᠭᠰᠡᠨ ᠪᠠᠶᠢᠨ᠎ᠠ᠃ | 1942 ᠤᠨ ᠳᠤ ᠠᠸᠠᠩᠳᠦᠪᠳᠡᠨ ᠭᠡᠭᠡᠨ ᠣᠢᠮᠠᠨ ᠡᠪᠡᠳᠴᠢᠨ ᠳᠤ ᠨᠡᠷᠪᠡᠭᠳᠡᠭᠡᠳ᠂ ᠲᠡᠮᠡᠢ ᠵᠠᠰᠠᠭᠰᠠᠨ ᠦᠭᠡᠢ ᠲᠦᠩᠯᠢᠶᠣᠣ ᠶᠢᠨ ᠭᠡᠭᠡᠨ ᠰᠠᠩ ᠳᠤ ᠪᠠᠨ ᠯᠠ | ᠰᠠᠷ᠎ᠠ ᠶᠢᠨ ᠠᠷᠪᠠᠨ ᠳᠦᠷᠪᠡᠨ ᠳᠤ ᠲᠠᠪᠢᠨ ᠲᠠᠪᠣᠳᠠᠢ ᠲᠠᠭᠠᠯᠠᠯ ᠲᠡᠭᠦᠰᠪᠡ᠃ ᠡᠭᠦᠨ ᠳᠤ ᠨᠠᠢᠮᠠᠨ ᠡᠳᠦᠷ ᠤᠨ ᠪᠡᠯᠪᠡᠰᠦᠷᠠᠯ ᠬᠢᠵᠦ᠂ ᠦᠭᠡᠷ᠂ ᠬᠤᠨᠢ᠂ ᠭᠠᠭ᠋ᠠᠢ᠂ | ᠲᠠᠬᠢᠶ᠎ᠠ ᠠᠯᠠᠵᠣ᠂ ᠲᠠᠯᠠᠨ ᠲᠣᠭᠤᠭ᠎ᠠ ᠲᠣᠯᠵᠣ᠂ ᠶᠡᠭᠡ ᠪᠣᠶᠠᠨ ᠦᠢᠯᠡᠳᠪᠡ᠃ ᠴᠢᠨᠳᠠᠷ ᠢ ᠨᠢ ᠬᠦᠷᠭᠡᠭᠦ ᠳᠤ ᠨᠡᠷ᠎ᠡ ᠰᠦᠷᠳᠡᠢ ᠸᠠᠩ ᠭᠦᠩ᠂ ᠭᠡᠭᠡᠨ ᠬᠤᠪᠢᠯᠭᠠᠨ | ᠮᠦᠷᠭᠦᠯᠴᠢᠳ ᠳᠦᠷᠪᠡᠨ ᠵᠦᠭ ᠨᠠᠢᠮᠠᠨ ᠵᠣᠪᠬᠢᠰ ᠠᠴᠠ ᠬᠤᠷᠠᠨ ᠢᠷᠡᠭᠰᠡᠨ ᠪᠦᠭᠡᠳ ᠪᠠᠳᠮᠠᠷᠠᠪᠳᠠᠨ᠂ ᠬᠠᠹᠣᠩᠭ᠎ᠠ᠂ ᠪᠣᠶᠠᠨᠮᠠᠨᠳᠣᠬᠤ᠂ ᠨᠠᠴᠢᠨᠱᠣᠩᠬᠤᠷ᠂ | ᠭᠠᠨᠵᠤᠤᠷᠵᠠᠪ᠂ ᠠᠰᠬᠠᠨ ᠵᠡᠷᠭᠡ ᠡᠯ᠎ᠡ ᠬᠤᠰᠢᠭᠤ ᠰᠢᠶᠠᠨ ᠤ ᠨᠣᠶᠠᠳ ᠬᠦᠷᠣᠯᠴᠡᠨ ᠢᠷᠡᠵᠦ ᠣᠷᠣᠯᠴᠠᠪᠠ᠃ ᠴᠢᠨᠳᠠᠷ ᠢ ᠨᠢ ᠳᠦᠴᠢᠨ ᠬᠦᠮᠦᠨ ᠤ ᠰᠢᠷ᠎ᠠ ᠲᠣᠷᠭᠠᠨ | ᠣᠭᠤᠰᠣᠷ ᠲᠠᠢ ᠲᠠᠮᠨᠠᠭᠤᠷ ᠢᠶᠠᠷ ᠲᠠᠮᠨᠠᠨ᠂ ᠲᠦᠩᠯᠢᠶᠣᠣ ᠶᠢᠨ ᠵᠡᠭᠡᠯᠢ ᠶᠢ ᠨᠢᠭᠡ ᠡᠷᠭᠢᠨ ᠵᠢᠷᠠᠨ ᠭᠠᠵᠠᠷ ᠵᠠᠶᠢᠳᠠᠢ ᠰᠦᠮ᠎ᠡ ᠳᠤ ᠨᠢ ᠬᠦᠷᠬᠦ ᠳᠤ ᠪᠦᠬᠦ ᠰᠦᠮ᠎ᠡ ᠶᠢᠨ | ᠯᠠᠮᠠ᠂ ᠬᠤᠸᠠᠷᠠᠭ ᠨᠠᠷ ᠮᠠᠯᠠᠭᠠᠢ ᠪᠠᠨ ᠠᠪᠴᠦ᠂ ᠡᠩᠭᠡᠷ ᠤᠨ ᠲᠣᠪᠴᠢ ᠪᠠᠨ ᠲᠠᠶᠢᠯᠵᠣ᠂ ᠬᠦᠰᠡᠷ ᠰᠦᠭᠦᠳᠦᠨ ᠬᠦᠵᠢ ᠵᠣᠯᠠ ᠡᠷᠭᠦᠨ ᠮᠦᠷᠭᠦᠨ ᠣᠭᠳᠣᠪᠠ᠃ | ᠰᠦᠮ᠎ᠡ ᠳᠤ ᠴᠢᠨᠳᠠᠷ ᠢ ᠨᠢ ᠲᠣᠯᠣᠭᠠᠨ ᠬᠤᠨᠤᠭ ᠲᠠᠯᠪᠢᠨ ᠡᠯ᠎ᠡ ᠷᠠᠰᠠᠩ ᠭᠠᠨᠵᠤᠤᠷ᠂ ᠲᠠᠨᠵᠣᠷ ᠳ᠋ᠠᠨᠵᠤᠤᠷ ᠣᠩᠰᠢᠨ᠂ ᠦᠭᠡᠷ ᠬᠤᠨᠢ ᠲᠠᠷᠣᠨ ᠶᠡᠭᠡ ᠪᠣᠶᠠᠨ ᠬᠢᠪᠡ᠃ | ᠱᠠᠷᠢᠯ ᠢ ᠨᠢ ᠴᠣᠭᠴᠢᠨ ᠲᠤᠭᠠᠩ ᠤᠨ ᠬᠤᠶᠠᠳᠣᠭᠠᠷ ᠠᠰᠠᠷ ᠲᠠᠬᠢ ᠰᠣᠪᠣᠳ ᠲᠠᠨ᠎ᠠ ᠵᠢᠨ ᠰᠢᠬᠢᠳᠭᠡᠷᠢ ᠲᠠᠢ ᠰᠣᠪᠣᠷᠭᠠᠨ ᠳᠤ ᠲᠠᠭᠢᠪᠠ᠃ | | ᠮᠤᠷᠤᠢ ᠶᠢᠨ ᠰᠦᠮ᠎ᠠ ᠶᠢᠨ ᠪᠠᠭᠤᠷᠡᠯ | | | 1945 ᠣᠨ ᠤ ᠵᠢᠷᠭᠤᠭᠠᠨ ᠰᠠᠷ᠎ᠠ ᠶᠢᠨ ᠰᠢᠨ᠎ᠡ ᠶᠢᠨ ᠳᠣᠯᠤᠭᠠᠨ ᠤ ᠴᠦᠢᠵᠢᠩ ᠨᠢ ᠵᠣᠷᠰᠢᠯ ᠢᠶᠠᠷ ᠵᠡᠭᠦᠨ ᠰᠦᠮ᠎ᠡ ᠳᠤ ᠪᠠᠨ ᠪᠠᠭᠤᠭᠰᠠᠨ ᠶᠤᠮ ︵ᠬᠠᠮᠤᠭ | ᠡᠴᠦᠰ ᠤᠨ︶᠃ ᠣᠯᠠᠨ ᠯᠠᠮᠠ ᠬᠤᠸᠠᠷᠠᠭ ᠪᠦᠷᠢᠶ᠎ᠡ ᠪᠢᠰᠭᠢᠭᠦᠷ ᠬᠡᠩᠭᠡᠷᠭᠡ ᠴᠠᠩ ᠢᠶᠠᠨ ᠴᠣᠬᠢᠨ ᠬᠦᠭ ᠨᠡᠶᠢᠯᠡᠭᠦᠯᠦᠨ᠂ ᠭᠠᠩᠰᠠ ᠣᠩᠰᠢᠬᠤ ᠳᠤ ᠴᠦᠢᠵᠢᠩ | ᠬᠦᠷᠳᠡᠭᠡᠳ ᠮᠠᠰᠢ ᠬᠠᠶᠢᠯᠣᠨ᠂ ᠪᠠᠷᠠᠭᠤᠨ ᠬᠠᠨ᠎ᠠ ᠲᠦᠰᠢᠨ ᠰᠠᠭᠤᠭᠰᠠᠨ ᠪᠠᠭᠰᠢ ᠶᠢᠨ ᠭᠡᠭᠡᠨ ᠢ ᠪᠠᠷᠠᠭᠠᠳᠠᠨ᠂ ᠬᠤᠶᠠᠭ ᠲᠣᠭᠤᠯᠠᠭ᠎ᠠ ᠲᠠᠢ ᠪᠠᠷ ᠢᠶᠠᠨ ᠨᠣᠮᠣ | ᠰᠣᠮᠣ ᠪᠠᠨ ᠠᠪᠴᠦ᠂ ᠰᠦᠮ᠎ᠡ ᠶᠢᠨ ᠭᠠᠳᠠᠨ᠎ᠠ ᠭᠠᠷᠴᠦ ᠰᠣᠮᠣ ᠪᠠᠨ ᠬᠠᠷᠪᠣᠭᠰᠠᠨ ᠳᠤ ᠰᠦᠮ᠎ᠡ ᠶᠢᠨ ᠵᠡᠭᠦᠨ ᠡᠮᠦᠨᠡᠬᠢ ᠬᠦᠭᠰᠢᠨ ᠬᠠᠶᠢᠯᠠᠰᠣᠨ ᠤ ᠣᠭ ᠲᠤ ᠵᠡᠭᠦᠨ | ᠣᠷᠣᠭᠤ ᠬᠠᠨᠳᠣᠨ ᠰᠢᠭᠠᠪᠠ᠃ ᠡᠨᠡ ᠣᠳᠠᠭ᠎ᠠ ᠶᠢᠨ ᠴᠦᠢᠵᠢᠩ ᠤᠨ ᠠᠶᠢᠯᠠᠳᠣᠭᠰᠠᠨ ᠢ ᠯᠣᠣᠰᠪᠠ ᠣᠯᠠᠨ ᠳᠤ ᠢᠩᠭᠢᠵᠣ ᠮᠡᠳᠡᠭᠦᠯᠪᠠ᠃ ︽ᠡᠨᠡ ᠡᠳᠣᠷ ᠠᠴᠠ | ᠠᠪᠣᠭᠠᠳ ᠲᠠᠷᠬᠠᠨ ᠬᠤᠰᠢᠭᠤᠨ ᠤ ᠰᠦᠮ᠎ᠡ ᠬᠡᠶᠢᠳ᠂ ᠰᠢᠷ᠎ᠠ ᠶᠢᠨ ᠱᠠᠰᠢᠨ ᠲᠠᠰᠣᠷᠠᠵᠣ ᠬᠤᠷᠠᠯ ᠨᠣᠮ ᠵᠣᠭᠰᠣᠨ᠎ᠠ︾ ᠭᠡᠪᠡ᠃ ᠦᠨᠡᠭᠡᠷᠡᠨ᠂ ᠣᠳᠠᠯ ᠦᠭᠡᠢ ᠵᠢᠯ | ᠲᠠᠷᠠᠭᠠᠯᠠᠨ ᠰᠦᠮ᠎ᠡ ᠶᠢᠨ ᠬᠤᠶᠠᠷ ᠴᠢᠯᠠᠭᠤᠨ ᠴᠢᠭᠠᠨ ᠤ ᠨᠢᠭᠡ ᠨᠢ ᠵᠡᠭᠦᠨ ᠬᠤᠶᠢᠰᠢ ᠵᠦᠭ ᠭᠤᠶᠠᠳᠠᠨ ᠣᠨᠠᠬᠤ ᠳᠤ ᠪᠠᠨ ᠲᠣᠯᠤᠭ᠎ᠠ ᠲᠠᠰᠣᠷᠠᠵᠣ᠂ ᠨᠦᠭᠦᠭᠡ ᠨᠢ | ᠵᠡᠭᠦᠨ ᠡᠮᠣᠨ᠎ᠡ ᠵᠦᠭ ᠭᠤᠶᠠᠳᠠᠨ ᠣᠨᠠᠵᠣ ᠮᠦᠨ ᠲᠣᠯᠤᠭ᠎ᠠ ᠲᠠᠰᠣᠷᠠᠭᠰᠠᠨ ᠬᠠᠴᠢᠨ ᠬᠡᠷᠡᠭ ᠪᠣᠯᠪᠠ᠃ ᠡᠭᠦᠨ ᠳᠤ ᠬᠦᠮᠦᠰ ᠬᠡᠯᠮᠡᠭᠳᠡᠨ ᠮᠠᠭᠤ ᠢᠷᠸ᠎ᠠ ᠬᠡᠮᠡᠨ ᠰᠡᠵᠢᠭ | ᠠᠪᠴᠣ ᠪᠠᠶᠢᠪᠠ᠃ | 1948 ᠣᠨ ᠤ ᠭᠠᠵᠠᠷ ᠰᠢᠷᠣᠢ ᠶᠢᠨ ᠦᠭᠡᠷᠡᠴᠢᠯᠡᠯᠳᠡ ᠬᠢᠭᠡᠳ 1966 ᠣᠨ ᠠᠴᠠ ᠡᠬᠢᠯᠡᠭᠰᠡᠨ ᠰᠣᠶᠣᠯ ᠤᠨ ᠶᠡᠭᠡ ᠬᠤᠪᠢᠰᠬᠠᠯ ᠤᠨ ᠠᠷᠪᠠᠨ ᠵᠢᠯ ᠤᠨ | ᠶᠡᠭᠡ ᠰᠠᠮᠠᠭᠤᠷᠠᠯ ᠲᠣᠮᠳᠠ᠂ ᠮᠠᠨ ᠤ ᠣᠯᠣᠰ ᠤᠨ ᠵᠡᠭᠦᠨ ᠬᠤᠶᠢᠳᠣ ᠣᠷᠣᠨ ᠤ ᠬᠠᠮᠤᠭ ᠶᠡᠭᠡ ᠰᠦᠮ᠎ᠡ ᠬᠡᠶᠢᠳ ᠬᠡᠮᠡᠨ ᠠᠯᠳᠠᠷᠰᠢᠭᠰᠠᠨ᠂ ᠬᠤᠷᠴᠢᠨ ᠨᠣᠳᠤᠭ ᠲᠤ | 160 ᠭᠠᠷᠤᠢ ᠵᠢᠯ ᠭᠡᠷᠡᠯ ᠭᠢᠯᠪᠠᠭ᠎ᠠ ᠪᠠᠨ ᠰᠠᠴᠣᠷᠠᠭᠤᠯᠣᠭᠰᠠᠨ ᠡᠷᠬᠢᠮᠰᠥᠭ ᠰᠦᠷᠯᠢᠭ ᠪᠠᠶᠠᠨ ᠮᠣᠷᠣᠢ ᠶᠢᠨ ᠰᠦᠮ᠎ᠡ ᠮᠢᠨᠢ ᠰᠦᠢᠳᠬᠡᠭᠲᠡᠨ ᠡᠪᠲᠡᠭᠲᠡᠪᠡ᠃ | ᠠᠶ᠎ᠠ᠂ ᠶᠠᠭᠤᠳᠠᠢ ᠬᠠᠷᠠᠮᠰᠠᠯᠳᠠᠢ︕ ᠶᠠᠭᠤᠳᠠᠢ ᠡᠮᠭᠡᠨᠢᠯᠳᠡᠢ ᠠᠵᠢ︕ | | | ᠮᠤᠷᠤᠢ ᠶᠢᠨ ᠰᠦᠮ᠎ᠠ ᠶᠢ ᠰᠡᠷᠬᠦᠬᠡᠨ ᠪᠠᠷᠢᠵᠤ ᠪᠠᠶᠢᠭ᠎ᠠ ᠪᠠᠶᠢᠲᠡᠯ | | 2011 ᠤᠨ ᠤ ᠵᠤᠨ᠂ ᠪᠢᠳᠡ ᠮᠤᠷᠤᠢ ᠶᠢᠨ ᠰᠦᠮ᠎ᠡ ᠶᠢ ᠰᠢᠨᠡᠳᠭᠡᠨ ᠪᠠᠷᠢᠵᠤ ᠪᠠᠶᠢᠭ᠎ᠠ ᠴᠢᠮᠡᠭᠡ ᠪᠠᠷ ᠲᠦᠩᠯᠢᠶᠤᠤ ᠬᠤᠳᠠ ᠶᠢᠨ ᠬᠤᠷᠴᠢᠨ ᠲᠤᠭᠤᠷᠢᠭ ᠤᠨ | ᠮᠤᠷᠤᠢ ᠶᠢᠨ ᠰᠦᠮ᠎ᠡ ᠰᠤᠮᠤ ᠶᠢᠨ ᠮᠤᠷᠤᠢ ᠶᠢᠨ ᠰᠦᠮ᠎ᠡ ᠭᠠᠴᠠᠭ᠎ᠠ ᠳᠤ ᠬᠦᠷᠦᠭᠰᠡᠨ ᠶᠤᠮ᠃ | ᠮᠤᠷᠤᠢ ᠶᠢᠨ ᠰᠦᠮ᠎ᠡ ᠶᠢᠨ ᠬᠠᠭᠤᠴᠢᠨ ᠪᠠᠭᠤᠷᠢ ᠶᠢᠨ ᠭᠠᠵᠠᠷ ᠵᠦᠢ ᠶᠢᠨ ᠪᠠᠶᠢᠷᠢᠰᠢᠯ ᠨᠢ᠄ ᠵᠡᠬᠦᠨ ᠤᠷᠳᠤᠷᠢᠭ ᠤᠨ 121 ᠭᠷᠡᠲᠦ᠋ᠰ᠂ ᠤᠮᠠᠷᠠᠳᠤ | ᠦᠷᠭᠡᠷᠢᠭ ᠤᠨ 43 ᠭᠷᠡᠲᠦ᠋ᠰ ᠪᠤᠯᠤᠨ᠎ᠠ᠃ ᠤᠳᠤᠬᠠᠨ ᠳᠤ ᠰᠦᠮ᠎ᠡ ᠶᠢᠨ ᠪᠠᠭᠤᠷᠢ ᠲᠡᠭᠡᠷ᠎ᠡ ᠰᠢᠷ᠎ᠡ ᠰᠢᠷ ᠢᠶᠠᠷ ᠦᠩᠭᠡᠯᠡᠭᠰᠡᠨ ᠵᠢᠵᠢᠭ ᠠᠰᠠᠷ ᠪᠠᠷᠢᠭᠰᠠᠨ ᠪᠦᠭᠡᠳ | ᠠᠰᠠᠷ ᠤᠨ ᠬᠦᠷᠢᠶᠡᠨ ᠲᠤᠳᠤᠷ᠎ᠠ ᠨᠢ ᠰᠦᠮ᠎ᠡ ᠶᠢᠨ ᠬᠠᠭᠠᠷᠬᠠᠢ ᠲᠤᠭᠤᠰᠬ᠎ᠠ᠂ ᠬᠡᠯᠳᠦᠷᠭᠡᠢ ᠸᠠᠭᠠᠷ᠂ ᠰᠦᠮ᠎ᠡ ᠶᠢᠨ ᠰᠠᠭᠤᠷᠢ ᠶᠢᠨ ᠴᠢᠯᠠᠭᠤ ᠵᠡᠷᠭᠡ ᠨᠢ ᠬᠠᠷᠠᠭᠳᠠᠵᠤ | ᠪᠠᠶᠢᠨ᠎ᠠ᠃ ᠪᠠᠰᠠ ᠯᠠᠮᠠ ᠨᠠᠷ ᠤᠨ ᠤᠰᠤ ᠢᠳᠡᠵᠦ ᠪᠠᠶᠢᠭᠰᠠᠨ ᠵᠢᠷᠭᠤᠭᠠᠨ ᠲᠠᠯᠠᠳᠤ ᠬᠤᠳᠳᠤᠭ ᠪᠠ ᠰᠦᠮ᠎ᠡ ᠶᠢᠨ ᠰᠠᠩ ᠳᠤ ᠭᠡᠷᠡᠭᠯᠡᠵᠦ ᠪᠠᠶᠢᠬᠰᠠᠨ ᠤᠭᠤᠷ | ᠵᠡᠷᠭᠡ ᠶᠢ ᠤᠯᠵᠤ ᠬᠠᠷᠡᠪᠡ᠃ | ᠰᠢᠨ᠎ᠡ ᠪᠠᠷ ᠪᠠᠶᠢᠭᠤᠯᠵᠤ ᠪᠠᠶᠢᠭ᠎ᠠ ᠮᠤᠷᠤᠢ ᠶᠢᠨ ᠰᠦᠮ᠎ᠡ ᠶᠢᠨ ᠤᠳᠤ ᠶᠢᠨ ᠡᠷᠭᠢᠯᠡᠭᠴᠢ ᠯᠠᠮᠠ ᠾᠧ ᠨᠠᠰᠤᠬᠤᠷᠳᠤ ᠶᠢᠨ ᠲᠠᠨᠢᠯᠴᠠᠭᠤᠯᠤᠭᠰᠠᠨ ᠢᠶᠠᠷ᠄ 2007 | ᠤᠨ ᠳᠤ ᠮᠤᠷᠤᠢ ᠶᠢᠨ ᠰᠦᠮ᠎ᠡ ᠶᠢ ᠰᠡᠷᠭᠦᠭᠡᠨ ᠪᠠᠶᠢᠭᠤᠯᠬᠤ ᠢᠨᠵᠧᠨᠧᠷᠢᠩ ᠤᠨ ᠰᠠᠭᠤᠷᠢ ᠲᠠᠯᠪᠢᠬᠤ ᠶᠤᠰᠤᠯᠠᠯ ᠶᠠᠪᠤᠭᠳᠠᠪᠠ᠃ ᠪᠤᠤ ᠲᠢᠶᠠᠨ ᠬᠦ ᠬᠡᠬᠡᠨ ᠪᠤᠯᠤᠨ | ᠠᠯᠳᠠᠷᠳᠤ ᠮᠤᠷᠢᠨ ᠬᠤᠭᠤᠷᠴᠢᠨ ᠴᠢ᠊ · ᠪᠤᠯᠠᠭ ᠲᠠᠢ ᠬᠤᠶᠠᠭᠤᠯᠠ ᠮᠤᠷᠤᠢ ᠶᠢᠨ ᠰᠦᠮ᠎ᠡ ᠶᠢ ᠤᠤᠯ ᠤᠨ ᠪᠠᠭᠤᠷᠢ ᠶᠢᠨ ᠵᠡᠬᠦᠨ ᠬᠤᠶᠢᠳᠤ ᠲᠠᠯ᠎ᠠ ᠳᠤ 3 ᠭᠠᠵᠠᠷ ᠤᠨ | ᠵᠠᠢ ᠳᠤ ᠰᠡᠷᠭᠦᠭᠡᠨ ᠪᠠᠶᠢᠭᠤᠯᠬᠤ ᠪᠠᠷᠢᠯᠭ᠎ᠠ ᠡᠬᠢᠯᠡᠬᠦᠯᠦᠭᠰᠡᠨ ᠪᠠᠶᠢᠨ᠎ᠠ᠃ ᠪᠠᠷᠢᠯᠭ᠎ᠠ ᠶᠢᠨ ᠬᠠᠭᠠᠰ ᠬᠤᠭᠤᠴᠠᠭ᠎ᠠ ᠬᠦᠷᠦᠭᠡᠳ ᠵᠤᠤ ᠪᠦᠸᠧ ᠬᠡᠮᠡᠭᠴᠢ ᠪᠠᠷᠢᠯᠭ᠎ᠠ ᠶᠢᠨ | ᠠᠵᠢᠯ ᠢ ᠲᠠᠭᠠᠭᠠᠴᠢᠯᠠᠨ ᠭᠦᠢᠴᠡᠳᠭᠡᠵᠦ ᠤᠳᠤ ᠶᠢᠨ ᠪᠠᠶᠢᠳᠠᠯ ᠳᠤ ᠬᠦᠷᠦᠭᠰᠡᠨ ᠪᠠᠶᠢᠨ᠎ᠠ᠃ ᠰᠢᠨ᠎ᠡ ᠪᠠᠷ ᠪᠠᠶᠢᠭᠤᠯᠵᠤ ᠪᠠᠶᠢᠭ᠎ᠠ ᠮᠤᠷᠤᠢ ᠶᠢᠨ ᠰᠦᠮ᠎ᠡ ᠶᠢᠨ ᠭᠠᠵᠠᠷ | ᠵᠦᠢ ᠶᠢᠨ ᠪᠠᠶᠢᠷᠢᠰᠢᠯ ᠨᠢ 121 ᠭᠷᠡᠲᠦ᠋ᠰ᠂ ᠤᠮᠠᠷᠠᠳᠤ ᠦᠷᠭᠡᠷᠢᠭ ᠤᠨ 43 ᠭᠷᠡᠲᠦ᠋ᠰ ᠪᠤᠯᠤᠨ᠎ᠠ᠃ | ᠭᠤᠤᠯ ᠴᠤᠬᠴᠢᠨ ᠲᠤᠭᠠᠩ ᠢ ᠨᠢᠬᠡᠨᠲᠡ ᠪᠠᠷᠢᠵᠤ ᠪᠦᠲᠦᠬᠡᠬᠡᠳ ᠭᠤᠤᠯ ᠡᠬᠦᠲᠡᠨ ᠳᠤ ᠨᠢ ︽ᠡᠩᠬᠡᠵᠢᠬᠦᠯᠤᠨ ᠬᠤᠷᠢᠶᠠᠬᠴᠢ ᠰᠦᠮ᠎ᠠ︾ ᠬᠡᠰᠡᠨ ᠢᠯᠡᠷᠬᠡᠶᠢᠯᠡᠯ | ᠫᠠᠶᠢᠰᠠ ᠡᠯᠬᠦᠵᠡᠢ᠃ ᠪᠠᠰᠠ ᠯᠠᠮᠠ ᠨᠠᠷ ᠤᠨ ᠪᠠᠶᠢᠷᠢ ᠶᠢᠨ ᠠᠰᠠᠷ ᠢ ᠪᠠᠷᠢᠵᠤ ᠲᠡᠭᠤᠰᠬᠠᠬᠰᠡᠨ ᠪᠦᠬᠡᠳ ᠰᠦᠮ᠎ᠠ ᠶᠢᠨ ᠭᠠᠲᠠᠭᠤᠷ ᠬᠤᠲᠡ ᠶᠢᠨ ᠬᠡᠷᠡᠮ ᠪᠡ ᠬᠠᠭᠠᠯᠭ᠎ᠠ | ᠰᠢᠬ ᠬᠦᠷᠢᠶ᠎ᠠ ᠬᠠᠭᠠᠯᠭ᠎ᠠ ᠪᠠᠷᠢᠭᠰᠠᠨ ᠪᠠᠶᠢᠨ᠎ᠠ᠃ ᠴᠠᠭᠠᠨ ᠤᠪᠤᠭ᠎ᠠ ᠶᠢ ᠤᠤᠯ ᠤᠨ ᠤᠷᠤᠨ ᠳᠤ ᠨᠢ ᠰᠡᠷᠬᠦᠬᠡᠨ ᠪᠠᠶᠢᠭᠤᠯᠤᠬᠰᠡᠨ ᠪᠦᠬᠡᠳ ᠴᠠᠭᠠᠨ ᠤᠪᠤᠭ᠎ᠠ ᠶᠢᠨ | ᠠᠷᠦ ᠪᠠᠷ ᠰᠢᠨ᠎ᠠ ᠪᠠᠷ ᠲᠦᠷᠬᠡᠨ ᠰᠦᠮ᠎ᠠ ᠶᠢ ᠪᠠᠶᠢᠭᠤᠯᠪᠡ᠃ 2010 ᠤᠨ ᠤ ᠲᠤᠯᠤᠭᠠᠨ ᠰᠠᠷ᠎ᠠ ᠳᠤ ᠮᠤᠷᠤᠢ ᠶᠢᠨ ᠰᠦᠮ᠎ᠠ ᠶᠢᠨ ᠬᠤᠶᠠᠲᠦᠭᠠᠷ ᠦᠶ᠎ᠠ ᠶᠢᠨ ᠬᠡᠬᠡᠨ | ᠬᠠᠨ ᠵᠢᠦ ᠯᠦᠩ ᠰᠦᠮ᠎ᠠ ᠶᠢᠨ ᠬᠠᠷ᠎ᠠ ᠤᠪᠤᠭ᠎ᠠ ᠶᠢᠨ ᠤᠤᠯ ᠤᠨ ᠪᠠᠭᠤᠷᠢ ᠶᠢᠨ ᠬᠢᠨᠢ ᠵᠡᠬᠦᠨ ᠬᠤᠶᠢᠲᠦ ᠲᠠᠯ᠎ᠠ ᠳᠤ ᠨᠢ ᠬᠠᠷ᠎ᠠ ᠤᠪᠤᠭ᠎ᠠ ᠶᠢ ᠰᠡᠷᠬᠦᠬᠡᠨ ᠪᠠᠷᠢᠬᠰᠡᠨ | ᠪᠠᠶᠢᠨ᠎ᠠ᠃ | ᠪᠠᠶᠠᠯᠢᠬ ᠰᠠᠶᠢᠬᠠᠨ ᠦᠨᠲᠦᠰᠤᠲᠡᠨ ᠤ ᠰᠤᠶᠤᠯ ᠪᠠ ᠱᠠᠰᠢᠨ ᠰᠤᠷᠲᠠᠬᠤᠨ ᠤ ᠦᠪᠡᠷᠮᠢᠴᠠ ᠤᠨᠴᠠᠯᠢᠬ ᠢᠶᠠᠷ ᠢᠶᠠᠨ ᠤᠯᠠᠨ ᠲᠦᠮᠡᠨ ᠤ ᠪᠠᠨ ᠰᠦᠰᠥᠭ ᠪᠢᠰᠢᠷᠡᠯ᠂ | ᠤᠶᠤᠨ ᠤᠬᠠᠭᠠᠨ ᠢ ᠲᠡᠵᠢᠬᠡᠵᠤ᠂ ᠲᠡᠤᠬᠡ ᠰᠤᠶᠤᠯ ᠤᠨ ᠠᠯᠲᠡᠨᠠ ᠬᠠᠭᠤᠲᠡᠰᠤᠨᠠ ᠬᠢᠯᠠᠷᠡᠬᠰᠡᠨ ᠮᠤᠷᠤᠢ ᠶᠢᠨ ᠰᠦᠮ᠎ᠠ ᠮᠠᠨᠢ ᠪᠦᠷᠢᠨ ᠲᠡᠬᠦᠯᠲᠡᠷ ᠪᠠᠶᠢᠭᠤᠯᠤᠬᠲᠡᠵᠤ᠂ | ᠤᠲᠦᠬᠢ ᠨᠡᠶᠢᠬᠡᠮ ᠤᠨ ᠬᠦᠭᠵᠢᠯᠲᠡ ᠶᠢᠨ ᠲᠦᠷᠬᠡᠨ ᠤᠷᠤᠰᠬᠠᠯ ᠳᠤ ᠬᠦᠮᠤᠨ ᠰᠤᠶᠤᠯ ᠤᠨ ᠦᠵᠡᠮᠤᠷᠢ ᠪᠤᠯᠵᠤ᠂ ᠬᠦᠵᠢ ᠶᠢᠨ ᠭᠠᠯ ᠤᠨᠲᠡᠷᠡᠯ ᠦᠬᠡᠢ᠂ ᠨᠤᠮ ᠤᠨ | ᠲᠡᠭᠤᠨ ᠲᠡᠰᠤᠷᠡᠯ ᠦᠬᠡᠢ ᠤᠤᠯ ᠤᠨ ᠭᠠᠯᠪᠢᠷ ᠵᠢᠪᠬᠤᠭ᠎ᠠ ᠪᠠᠨ ᠪᠠᠲᠡᠷᠡᠭᠤᠯᠬᠤ ᠢᠷᠡᠬᠡᠲᠦᠢ ᠲᠠᠢ ᠪᠠᠶᠢᠬᠤ ᠶᠢ ᠨᠢ ᠪᠢᠲᠡ ᠪᠠᠲᠦ ᠢᠲᠡᠬᠡᠵᠤ ᠪᠠᠶᠢᠨ᠎ᠠ᠃ | ︵ᠬᠡᠷᠡᠯ ᠵᠢᠷᠤᠭ ᠢ ᠾᠧ ᠬᠧᠨ ᠴᠢᠤᠸᠠᠨ ᠬᠠᠨᠭ᠍ᠭᠠᠪᠠ︶ |