ᠮᠤᠷᠤᠢ ᠶᠢᠨ ᠰᠦᠮ᠎ᠠ ᠶᠢᠨ ᠮᠠᠨᠲᠤᠯ | | ᠲᠠᠷᠬᠠᠨ ᠬᠤᠰᠢᠭᠤᠨ ︵ᠬᠤᠷᠴᠢᠨ ᠵᠡᠬᠦᠨ ᠭᠠᠷᠤᠨ ᠲᠤᠮᠳᠠᠳᠤ ᠬᠤᠰᠢᠭᠤ︶ ᠤ ᠵᠣᠷᠢᠭᠳᠣ ᠸᠠᠩ ᠤᠨ ᠭᠡᠷ ᠤᠨ ᠬᠡᠶᠢᠳ ᠪᠤᠯᠬᠤ ᠪᠠᠶᠠᠨ ᠮᠣᠷᠣᠢ ᠶᠢᠨ | ᠰᠦᠮ᠎ᠡ ᠨᠢ ᠠᠩᠬ᠎ᠠ ᠡᠬᠢᠨ ᠳᠤ ᠪᠠᠨ ᠦᠩ ᠰᠢᠮᠡᠯᠢᠭ ᠬᠦᠷᠦᠰᠦ ᠰᠢᠷᠣᠢ ᠲᠠᠢ ᠦᠨᠢᠷ ᠪᠠᠶᠠᠯᠢᠭ ᠨᠣᠳᠤᠭ ᠣᠰᠣ ᠲᠠᠢ ᠲᠠᠷᠬᠠᠨ ᠬᠤᠰᠢᠭᠤ ᠶᠢᠨ ᠨᠦᠬᠡᠳᠣ ᠶᠢᠨ ᠠᠷᠣ ︵ | ᠣᠳᠣ ᠶᠢᠨ ᠲᠦᠩᠯᠢᠶᠤᠤ ᠬᠤᠳᠠ ᠶᠢᠨ ᠬᠤᠷᠴᠢᠨ ᠲᠤᠭᠤᠷᠢᠭ ᠤᠨ ᠢᠤᠢ ᠯᠢᠶᠠᠩ ᠫᠥ᠋ ᠪᠠᠯᠭᠠᠰᠤ᠂ ᠢᠤᠢ ᠯᠢᠶᠠᠩ ᠫᠥ᠋ ᠪᠤᠯ ᠡᠷᠢᠶᠡᠨ ᠪᠤᠳᠠ ᠬᠡᠳᠡᠭ ᠮᠤᠩᠭᠤᠯ | ᠨᠡᠷ᠎ᠡ ᠶᠢᠨ ᠠᠪᠢᠶ᠎ᠠ ᠤᠨᠳᠤᠤᠰᠢᠭᠤᠯᠤᠭᠰᠠᠨ ᠬᠢᠳᠠᠳ ᠲᠠᠭᠤᠳᠠᠯᠭ᠎ᠠ ᠪᠤᠯᠤᠨ᠎ᠠ︶᠂ ᠰᠢᠷᠠᠮᠦ᠋ᠷᠡᠨ ᠤ ᠣᠮᠠᠷ᠎ᠠ ᠲᠡᠨᠵᠢᠨ ᠳᠤ ᠪᠠᠶᠢᠭᠤᠯᠣᠭᠳᠠᠵᠤ᠂ ᠬᠠᠮᠪᠤ ᠰᠦᠮ᠎ᠠ ᠬᠡᠵᠤ | ᠨᠡᠷᠡᠶᠢᠳᠪᠡ᠃ ᠲᠤᠰ ᠰᠦᠮ᠎ᠡ ᠶᠢᠨ ᠠᠩᠬ᠎ᠠ ᠲᠦᠷᠢ ᠶᠢᠨ ᠭᠡᠭᠡᠨ ᠸᠴᠢᠷᠠᠯᠮᠠᠰ ᠢ ᠲᠦᠪᠡᠳ ᠲᠤ ᠰᠣᠷᠣᠯᠴᠠᠵᠣ ᠪᠠᠶᠢᠭ᠎ᠠ ᠬᠤᠭᠤᠴᠠᠭᠠᠨ ᠳᠤ᠂ ᠰᠦᠮ᠎ᠡ ᠨᠢ ᠦᠶᠡᠷ ᠤᠨ | ᠣᠰᠣᠨ ᠳᠤ ᠦᠯᠦᠪ ᠠᠪᠳᠠᠵᠣ ᠣᠷᠣ ᠦᠭᠡᠢ ᠪᠣᠯᠪᠠ᠃ ᠡ᠊ᠨᠳᠡ ᠪᠠᠨ ᠦᠯᠡᠳᠡᠵᠣ ᠰᠦᠮ᠎ᠡ ᠪᠠᠨ ᠡᠷᠬᠢᠯᠡᠵᠣ ᠪᠠᠶᠢᠭᠰᠠᠨ ᠰᠢᠨᠡᠯᠠᠮ᠎ᠠ ᠣᠯᠠᠨ ᠮᠡᠷᠭᠡᠳ ᠢᠶᠠᠨ | ᠲᠠᠭᠠᠭᠤᠯᠣᠨ᠂ ᠭᠠᠵᠠᠷ ᠤᠨ ᠰᠠᠶᠢᠨ ᠢ ᠰᠢᠨᠵᠢᠨ ᠰᠣᠩᠭᠤᠭᠰᠠᠭᠠᠷ ᠡᠷᠢᠶᠡᠨ ᠦᠨᠳᠣᠷ ᠤᠨ ᠡᠩᠭᠡᠷ ︵ᠤᠳᠤ ᠶᠢᠨ ᠲᠦᠩᠯᠢᠶᠤᠤ ᠬᠤᠲᠡ ᠶᠢᠨ ᠬᠤᠷᠴᠢᠨ | ᠲᠤᠭᠤᠷᠢᠬ ᠤᠨ ᠮᠤᠷᠤᠢ ᠲᠤᠰᠬᠤᠨ ᠳᠤ ᠪᠤᠢ︶ ᠲᠤ ᠰᠦᠮ᠎ᠡ ᠶᠢ ᠲᠠᠬᠢᠨ ᠰᠢᠨᠡᠳᠭᠡᠨ ᠪᠠᠶᠢᠭᠤᠯᠬᠤ ᠪᠠᠷ ᠲᠣᠭᠳᠠᠪᠠ᠃ ᠵᠣᠷᠢᠭᠳᠣ ᠸᠠᠩ᠂ ᠲᠠᠷᠬᠠᠨ ᠸᠠᠩ ᠵᠢᠴᠢ | ᠠᠶᠢᠮᠠᠭ ᠤᠨ ᠲᠠᠷᠤᠭ᠎ᠠ ᠪᠣᠳᠣᠷᠣᠣᠯ ᠪᠢᠴᠢᠭ ᠪᠢᠴᠢᠵᠣ᠂ ᠡᠵᠡᠨ ᠬᠠᠭᠠᠨ ᠳᠤ ᠠᠶᠢᠯᠠᠳᠬᠠᠪᠠ᠃ ᠶᠠᠭ ᠡᠨᠡ ᠦᠶ᠎ᠡ ᠳᠤ ᠸᠴᠢᠷᠠᠯᠮᠠᠰ ᠭᠡᠭᠡᠨ ᠭᠤᠴᠢᠨ | ᠭᠤᠷᠪᠠᠲᠠᠢ ᠳᠤ ᠪᠠᠨ ᠵᠢᠷᠭᠤᠳᠣᠭᠠᠷ ᠲᠦᠷᠢ ᠶᠢᠨ ᠪᠠᠨᠴᠢᠨ ᠠᠴᠠ ᠨᠣᠮ ᠰᠣᠷᠴᠣ᠂ ᠶᠢᠰᠣᠳᠣᠭᠡᠷ ᠲᠦᠷᠢ ᠶᠢᠨ ᠲᠠᠯᠠᠢ ᠯᠠᠮᠠ ᠠᠴᠠ ︽ᠪᠠᠨᠳᠢᠳᠠ︾ ᠴᠣᠯᠠ ᠯᠾᠠᠷᠡᠮᠪᠠ | ᠵᠡᠷᠭᠡ ᠶᠢ ᠬᠦᠷᠳᠡᠭᠡᠳ᠂ ᠨᠣᠮ ᠤᠨ ᠨᠡᠷ᠎ᠡ ᠶᠢ ᠨᠢ ᠯᠣᠪᠰᠠᠩᠳᠠᠮᠪᠠᠷᠠᠪᠵᠠᠢ ᠬᠡᠮᠡᠪᠡ᠃ ᠡᠨᠡ ᠵᠢᠯ ᠳᠤ ᠲᠡᠷᠡ ᠪᠠᠷ ᠪᠡᠭᠡᠵᠢᠩ ᠳᠤ ᠬᠦᠷᠴᠣ᠂ ᠰᠢᠷ᠎ᠠ ᠶᠢᠨ ᠱᠠᠰᠢᠨ ᠤ | ᠲᠦᠷᠪᠡᠨ ᠶᠡᠬᠡᠰ ︵ᠲᠠᠯᠠᠢ ᠯᠠᠮᠠ᠂ ᠪᠠᠨᠴᠢᠨ ᠡᠷᠳᠡᠨᠢ᠂ ᠠᠷᠣ ᠪᠣᠭᠳᠠ᠂ ᠵᠠᠩᠭᠢᠶ᠎ᠠ ᠬᠤᠳᠣᠭᠳᠣ︶ ᠤᠨ ᠨᠢᠭᠡ ᠨᠢ ᠪᠣᠯᠬᠤ ᠵᠠᠩᠭᠢᠶ᠎ᠠ ᠬᠤᠳᠣᠭᠳᠣ ᠳᠤ ᠪᠠᠷᠠᠳᠠᠨ᠂ | ᠮᠣᠷᠣᠢ ᠶᠢᠨ ᠰᠦᠮ᠎ᠡ ᠶᠢᠨ ᠦᠶᠡᠷ ᠲᠤ ᠠᠪᠳᠠᠭᠳᠠᠭᠰᠠᠨ ᠪᠠᠶᠢᠳᠠᠯ ᠢ ᠠᠶᠢᠯᠠᠳᠬᠠᠨ ᠮᠡᠳᠡᠭᠦᠯᠦᠭᠰᠡᠨ ᠳᠤ᠂ ᠵᠠᠩᠭᠢᠶ᠎ᠠ ᠬᠤᠳᠣᠭᠳᠣ ᠦᠪᠦᠷ ᠮᠣᠩᠭᠤᠯ ᠤᠨ ᠵᠡᠭᠦᠨ | ᠣᠷᠣᠨ ᠳᠤ ᠲᠦᠷᠪᠡᠨ ᠣᠷᠳᠣ᠂ ᠲᠠᠪᠣᠨ ᠷᠠᠰᠠᠩ ᠲᠠᠢ ᠶᠡᠭᠡ ᠬᠡᠶᠢᠳ ᠰᠦᠮ᠎ᠡ ᠪᠠᠶᠢᠭᠤᠯᠬᠤ ᠴᠢᠬᠤᠯᠠ ᠲᠠᠢ ᠬᠡᠮᠡᠨ ᠸᠴᠢᠷᠠᠯᠮᠠᠰ ᠭᠡᠭᠡᠨ ᠢ ᠪᠡᠶ᠎ᠡ ᠪᠠᠷ ᠢᠶᠠᠨ | ᠲᠠᠭᠠᠭᠤᠯᠣᠨ᠂ ᠲᠠᠷᠠᠭ᠎ᠠ ᠡᠳᠣᠷ ᠤᠨ ᠡᠷᠳᠡ ᠶᠢᠨ ᠴᠣᠣ ᠲᠡᠭᠡᠷ᠎ᠡ ᠲᠡᠭᠷᠢ ᠲᠡᠳᠭᠦᠭᠴᠢ ᠬᠠᠭᠠᠨ ᠳᠤ ᠪᠠᠷᠠᠳᠠᠨ ᠰᠦᠮ᠎ᠡ ᠪᠠᠶᠢᠭᠤᠯᠬᠤ ᠣᠴᠢᠷ ᠢᠶᠠᠨ | ᠠᠶᠢᠯᠠᠳᠬᠠᠭᠰᠠᠨ ᠳᠤ᠂ ᠬᠠᠭᠠᠨ ᠣᠣᠯ ᠨᠢ ᠰᠦᠮ᠎ᠡ ᠪᠠᠶᠢᠭᠤᠯᠬᠤ ᠪᠣᠳᠣᠷᠣᠣᠯ ᠢ ᠦᠵᠡᠭᠰᠡᠨ ᠲᠣᠯᠠ ᠲᠠᠷᠣᠢ ᠳᠤ ᠨᠢ ᠵᠦᠪᠰᠢᠶᠡᠷᠡᠭᠡᠳ᠂ ᠰᠦᠮ᠎ᠡ ᠷᠠᠰᠠᠩ ᠪᠠᠶᠢᠭᠤᠯᠬᠤ | ᠪᠠ ᠪᠣᠷᠬᠠᠨ᠂ ᠨᠣᠮ ᠰᠣᠳᠣᠷ᠂ ᠡᠯ᠎ᠡ ᠵᠦᠢᠯ ᠤᠨ ᠡᠳ᠋ ᠬᠡᠷᠡᠭᠰᠡᠯ ᠢ ᠬᠠᠭᠠᠨ ᠰᠠᠩ ᠠᠴᠠ ᠰᠤᠶᠤᠷᠬᠠᠨ᠂ ᠰᠢᠷ᠎ᠠ ᠠᠯᠳᠠ᠂ ᠴᠠᠭᠠᠨ ᠮᠦᠩᠭᠦ᠂ ᠲᠣᠷᠭ᠎ᠠ ᠳᠣᠷᠳᠣᠩ᠂ | ᠰᠣᠪᠣᠳ ᠡᠷᠳᠡᠨᠢ ᠵᠡᠷᠭᠡ ᠬᠤᠪᠣᠷ ᠴᠣᠬᠠᠭ ᠡᠳ᠋ ᠪᠣᠳᠠᠰ ᠢ ᠣᠯᠠᠨ ᠠᠷᠪᠢᠨ ᠦᠭᠴᠡᠢ᠃ ᠮᠦᠨ ᠪᠡᠭᠡᠵᠢᠩ ᠠᠴᠠ ᠨᠡᠷ᠎ᠡ ᠠᠯᠳᠠᠷᠳᠠᠢ ᠣᠷᠠᠴᠣᠳ ᠲᠠᠷᠬᠠᠳ ᠢ ᠲᠣᠮᠢᠯᠠᠨ᠂ | ᠰᠦᠮ᠎ᠡ ᠶᠢ ᠲᠠᠬᠢᠨ ᠪᠠᠶᠢᠭᠤᠯᠬᠤ ᠶᠢ ᠬᠦᠴᠣᠳᠠᠢ ᠲᠡᠮᠵᠢᠨ ᠲᠣᠰᠠᠯᠠᠪᠠ᠃ ᠸᠴᠢᠷᠠᠯᠮᠠᠰ ᠭᠡᠭᠡᠨ ᠵᠠᠩᠭᠢᠶ᠎ᠠ ᠬᠤᠳᠣᠭᠳᠣ ᠶᠢᠨ ᠬᠦᠵᠢ ᠶᠢᠨ ᠰᠦᠮ᠎ᠡ ᠳᠤ ᠣᠳᠠᠭᠠᠨ ᠡᠳᠣᠷ | ᠰᠠᠭᠤᠵᠣ ᠴᠦᠢᠷᠸᠠ ᠪᠤᠯᠢᠶᠠᠯᠳᠤᠨ ᠨᠤᠮ ᠬᠠᠶᠠᠯᠴᠠᠪᠠ᠃ ᠵᠣᠷᠢᠭᠳᠣ ᠸᠠᠩ᠂ ᠸᠴᠢᠷᠠᠯᠮᠠᠰ ᠭᠡᠭᠡᠨ ᠤ ᠪᠡᠭᠡᠵᠢᠩ ᠳᠤ ᠢᠷᠡᠭᠰᠡᠨ ᠮᠡᠳᠡᠭᠡ ᠶᠢ ᠣᠯᠣᠮᠠᠭᠴᠠ᠂ ᠷᠠᠰᠠᠩ | ᠯᠠᠮᠠ ᠭᠡᠰᠡᠷᠵᠠᠪ᠂ ᠬᠤᠰᠢᠭᠤᠨ ᠮᠡᠶᠢᠷᠡᠨ ᠲᠣᠭᠤᠭ᠎ᠠ ᠲᠦᠷᠦᠭᠦᠦ ᠲᠠᠢ ᠨᠢᠭᠡ ᠪᠦᠯᠦᠭ ᠬᠦᠮᠦᠰ ᠢᠶᠠᠷ ᠰᠡᠥᠬᠡ᠂ ᠮᠣᠷᠢ᠂ ᠲᠡᠮᠡᠭᠡ᠂ ᠮᠠᠶᠢᠬᠠᠨ ᠵᠡᠷᠭᠡ ᠶᠢ ᠪᠡᠯᠡᠳᠭᠡᠯᠭᠡᠨ᠂ | ᠭᠡᠭᠡᠨ ᠢᠶᠠᠨ ᠣᠭᠳᠣᠨ ᠠᠪᠴᠢᠷᠠᠬᠤ ᠪᠠᠷ ᠪᠡᠭᠡᠵᠢᠩ ᠳᠤ ᠶᠠᠭᠠᠷᠠᠨ ᠬᠦᠷᠪᠡ᠃ ᠸᠴᠢᠷᠠᠯᠮᠠᠰ ᠯᠾᠠᠷᠡᠮᠪᠡ ᠭᠡᠭᠡᠨ ᠱᠠᠰᠢᠨ ᠤ ᠶᠣᠰᠣ ᠪᠠᠷ ᠬᠠᠳᠠᠭ ᠲᠠᠳᠠᠨ ᠵᠠᠩᠭᠢᠶ᠎ᠠ | ᠬᠤᠳᠣᠭᠳᠣ ᠲᠠᠢ ᠠᠶᠠᠷᠯᠠᠨ ᠰᠠᠯᠵᠣ᠂ ᠦᠨᠳᠡᠯᠡᠨ ᠳᠣᠯᠠᠭᠠᠨ ᠤ ᠡᠩᠭᠡᠷ ᠲᠠᠬᠢ ᠵᠣᠷᠢᠭᠳᠣ ᠸᠠᠩ ᠤᠨ ᠣᠷᠳᠣᠨ ᠳᠤ ᠵᠠᠯᠠᠷᠠᠨ ᠪᠠᠭᠤᠬᠤ ᠳᠤ᠂ ᠲᠠᠷᠬᠠᠨ ᠬᠤᠰᠢᠭᠤᠨ ᠤ | ᠡᠷᠬᠢᠮᠳᠡᠳ ᠲᠠᠶᠢᠵᠢ ᠵᠢᠴᠢ ᠯᠠᠮᠠ ᠬᠤᠸᠠᠷᠠᠭ ᠨᠠᠷ ᠬᠦᠨᠳᠣ ᠶᠣᠰᠣᠨ ᠢᠶᠠᠷ ᠮᠦᠷᠭᠦᠨ ᠵᠣᠯᠭᠠᠪᠠ᠃ ᠸᠠᠩ ᠤᠨ ᠣᠷᠳᠣᠨ ᠳᠤ ᠬᠡᠳᠣᠨ ᠡᠳᠣᠷ ᠪᠠᠶᠢᠬᠤ ᠲᠠᠰᠢᠷᠠᠮ ᠳᠤ᠂ | ᠮᠦᠷᠭᠦᠯᠴᠢᠳ ᠤᠨ ᠡᠷᠭᠦᠴᠡ ᠪᠣᠯᠣᠨ ᠠᠶᠢᠮᠠᠭ ᠬᠤᠰᠢᠭᠤ ᠨᠣᠳᠤᠭ ᠤᠨ ᠡᠳ᠋ ᠪᠣᠳᠠᠰ ᠪᠠ ᠬᠦᠮᠦᠨ ᠤ ᠬᠦᠴᠣᠨ ᠤ ᠲᠡᠮᠵᠢᠯᠭᠡ ᠶᠢ ᠬᠤᠷᠠᠮᠳᠤᠭᠤᠯᠤᠨ ᠰᠦᠮ᠎ᠡ ᠶᠢᠨ | ᠡᠳ᠋ ᠮᠦᠩᠭᠦ ᠬᠢᠭᠡᠳ ᠬᠠᠭᠠᠨ ᠰᠠᠩ ᠠᠴᠠ ᠦᠭᠭᠦᠭᠰᠡᠨ ᠡᠳ᠋ ᠮᠦᠩᠭᠦ ᠪᠠᠷ ᠰᠦᠮ᠎ᠡ ᠪᠠᠷᠢᠬᠤ ᠪᠡᠯᠡᠳᠭᠡᠯ ᠠᠵᠢᠯ ᠢᠶᠠᠨ ᠱᠠᠯᠠᠪᠳᠠᠨ ᠭᠦᠢᠴᠡᠳᠭᠡᠵᠣ᠂ ᠡᠳᠣᠷ ᠤᠨ | ᠰᠠᠶᠢᠨ ᠢ ᠰᠤᠩᠭᠤᠨ᠂ ᠰᠢᠨᠡᠯᠠᠮ᠎ᠠ ᠶᠢᠨ ᠲᠣᠭᠳᠠᠭᠠᠭᠰᠠᠨ ᠡᠷᠢᠶᠡᠨ ᠦᠨᠳᠦᠷ ᠤᠨ ᠡᠩᠭᠡᠷ ᠲᠤ ᠰᠦᠮ᠎ᠡ ᠪᠠᠷᠢᠵᠣ ᠡᠬᠢᠯᠡᠪᠡ᠃ ᠭᠠᠵᠠᠷ ᠣᠰᠣᠨ ᠤ ᠨᠠᠪᠳᠠᠭ ᠰᠠᠪᠳᠠᠭ ᠪᠠ | ᠡᠵᠡᠳ ᠰᠠᠬᠢᠭᠤᠯᠰᠣᠨ ᠢᠶᠠᠨ ᠲᠠᠭᠠᠳᠬᠠᠨ ᠲᠠᠬᠢᠵᠣ᠂ ᠪᠠᠷᠢᠯᠭ᠎ᠠ ᠶᠢᠨ ᠠᠵᠢᠯ ᠳᠤ ᠣᠷᠣᠯᠴᠠᠬᠤ ᠪᠦᠬᠦ ᠬᠦᠮᠦᠰ ᠢ ᠲᠠᠶᠢᠯᠠᠨ ᠪᠠᠶᠠᠰᠬᠠᠪᠠ᠃ ᠪᠠᠷᠢᠯᠭ᠎ᠠ ᠡᠬᠢᠯᠡᠬᠦ | ᠶᠣᠰᠣᠯᠠᠯ ᠳᠤ᠂ ᡀᠠᠷᠠᠮ ᠭᠡᠭᠡᠨ ᠪᠡᠶ᠎ᠡ ᠪᠠᠷ ᠬᠦᠷᠦᠰᠦ ᠬᠦᠨᠳᠡᠭᠰᠡᠨ ᠪᠦᠭᠡᠳ ᠲᠡᠷᠡ ᠡᠳᠣᠷ ᠠᠴᠠ ᠡᠬᠢᠯᠡᠨ ᡀᠠᠷᠠᠮ ᠭᠡᠭᠡᠨ ᠪᠠᠷᠢᠯᠭ᠎ᠠ ᠶᠢᠨ ᠭᠠᠵᠠᠷ ᠰᠠᠭᠤᠭᠠᠳ | ᠪᠡᠶᠡᠴᠢᠯᠡᠨ ᠵᠢᠯᠣᠭᠤᠳᠴᠣ᠂ ᠠᠵᠢᠯ ᠤᠨ ᠠᠬᠢᠴᠠ ᠪᠠ ᠴᠢᠨᠠᠷ ᠢ ᠪᠠᠳᠣᠯᠠᠪᠠ᠃ | ᠲᠤᠰ ᠰᠦᠮ᠎ᠡ ᠶᠢ ᠪᠠᠶᠠᠨ ᠮᠣᠷᠣᠢ ᠶᠢᠨ ᠰᠦᠮ᠎ᠡ ᠭᠡᠵᠣ ᠬᠠᠯᠠᠨ ᠨᠡᠷᠡᠶᠢᠳᠪᠡ᠃ ᠲᠣᠬᠠᠢ ᠶᠢᠨ ᠦᠶ᠎ᠡ ᠶᠢᠨ ᠪᠠᠶᠠᠨ ᠮᠣᠷᠣᠢ ᠶᠢᠨ ᠰᠦᠮ᠎ᠡ ᠶᠢᠨ ᠪᠠᠶᠢᠳᠠᠯ ᠭᠡᠪᠡᠯ᠂ | ᠬᠠᠮᠤᠭ ᠲᠦᠷᠦᠭᠦᠨ ᠳᠤ ᠡᠮ ᠤᠨ ᠵᠦᠢᠯ ᠤᠨ ᠦᠨᠳᠦᠰᠦᠨ ᠲᠦᠷᠪᠡᠨ ᠵᠠᠭᠤ ᠪᠦᠭᠡᠳ ᠲᠦᠷᠪᠡᠨ ᠵᠦᠢᠯ ᠢ ᠭᠤᠣᠯᠳᠠᠭᠤ ᠬᠦᠮᠣᠨ ᠠᠮᠢᠳᠠᠨ ᠤ ᠴᠠᠭ ᠪᠣᠰᠣ | ᠡᠪᠡᠳᠴᠢᠨ ᠲᠠᠬᠤᠯ ᠪᠣᠯᠬᠤ ᠳᠤ ᠵᠣᠷᠢᠭᠤᠯᠣᠨ᠂ ᠡᠮ ᠤᠨ ᠡᠬᠢᠳ ᠵᠦᠢᠳ ᠢ ᠲᠠᠶᠢᠯᠪᠣᠷᠢᠯᠠᠨ ᠨᠠᠷᠢᠪᠴᠢᠯᠠᠬᠤ ᠳᠤ ᠪᠠᠨ ᠷᠢᠯᠣ ᠡᠮ ᠨᠠᠶᠢᠷᠠᠭᠤᠯᠬᠤ ᠶᠣᠰᠣᠨ᠂ | ᠬᠦᠮᠦᠨ ᠤ ᠪᠡᠶ᠎ᠡ ᠶᠢᠨ ᠲᠠᠪᠣᠨ ᠮᠠᠬᠠᠪᠣᠳ ᠤᠨ ᠪᠦᠳᠣᠵᠣ ᠲᠦᠷᠦᠬᠦ ᠶᠢᠨ ᠡᠬᠡ ᠦᠨᠳᠣᠰᠣᠨ ᠢ ᠡᠷᠬᠢᠯᠡᠨ᠂ ᠬᠦᠮᠦᠨ ᠵᠣᠨ ᠢ ᠢᠮᠠᠭᠳᠠ ᠠᠮᠣᠷ ᠮᠡᠨᠳᠦᠭᠡᠨ | ᠶᠠᠪᠣᠭᠤᠯᠬᠤ ᠶᠢᠨ ᠲᠣᠰᠠᠳᠠ᠂ ᠡᠮ ᠡᠮᠨᠡᠯᠭᠡ ᠶᠢᠨ ᠰᠣᠷᠭᠠᠯ ᠢ ᠬᠢᠬᠦ ︽ᠮᠠᠷᠠᠮᠪᠠ ᠷᠠᠰᠠᠩ︾ ᠢ ᠴᠤᠭᠴᠠᠯᠠᠨ ᠪᠠᠶᠢᠭᠤᠯᠵᠣ᠂ ᠣᠷᠳᠣᠨ ᠳᠤ ᠨᠢ ᠣᠳᠠᠴᠢ ᠵᠡᠷᠭᠡ ᠨᠠᠢᠮᠠᠨ | ᠶᠡᠭᠡ ᠪᠣᠷᠬᠠᠨ᠂ ᠯᠾᠠᠮᠣ᠂ ᠨᠠᠰᠣᠨ ᠠᠶᠣᠰᠢ ᠵᠢᠴᠢ ᠡᠯ᠎ᠡ ᠵᠦᠢᠯ ᠤᠨ ᠨᠣᠮ ᠰᠣᠳᠣᠷ ᠢ ᠲᠠᠬᠢᠪᠠ᠃ ᠲᠡᠳ᠋ ᠲᠤ ᠨᠢ᠂ ᠲᠠᠪᠣᠨ ᠪᠣᠳᠢ ᠨᠣᠮ ᠤᠨ ᠲᠠᠷᠨᠢ ᠦᠰᠦᠭ ᠢ | ᠲᠣᠭᠠᠯᠠᠵᠣ ᠤᠩᠰᠢᠬᠤ᠂ ᠨᠣᠮ ᠤᠨ ᠰᠢᠯᠦᠭ ᠣᠳᠬ᠎ᠠ ᠶᠢ ᠴᠡᠭᠡᠵᠢᠯᠡᠵᠣ ᠣᠩᠰᠢᠬᠤ ᠶᠢ ᠪᠣᠯᠪᠠᠰᠣᠷᠠᠬᠤ ᠲᠤᠭ᠎ᠠ ᠭᠦᠢᠴᠡᠳᠭᠡᠬᠦ ᠪᠠ ᠬᠠᠷ᠎ᠠ ᠴᠠᠭᠠᠨ ᠤ ᠬᠤᠶᠠᠷ ᠡᠷᠬᠡ ᠶᠢ | ᠲᠡᠪᠴᠢᠬᠦ᠂ ᠬᠤᠵᠢᠮ ᠤᠨ ᠬᠦᠮᠦᠰ ᠤᠨ ᠲᠦᠷᠦᠯ ᠨᠢ ᠪᠣᠷᠬᠠᠨ ᠤ ᠶᠠᠮᠠᠨᠳᠠᠺᠠ ᠬᠤᠳᠠ ᠳᠤ ᠣᠴᠢᠵᠣ ᠲᠦᠷᠦᠬᠦ ᠰᠣᠷᠭᠠᠯ ᠬᠢᠬᠦ ︽ᠵᠣᠳᠪᠠ ᠷᠠᠰᠠᠩ︾ ᠢ ᠪᠠᠷᠢᠵᠣ᠂ | ᠮᠦᠢᠯ ᠪᠣᠷᠬᠠᠨ᠂ ᠡᠳ᠋ ᠤᠨ ᠡᠵᠡᠨ ᠢ ᠲᠠᠬᠢᠵᠣ᠂ ᠵᠣᠳᠪᠠ ᠷᠠᠰᠠᠩ ᠤᠨ ᠪᠠᠷᠠᠭᠤᠨ ᠳᠤ ᠣᠪᠠᠳᠢᠰ ᠤᠨ ᠪᠣᠷᠬᠠᠨ ᠤ ᠣᠷᠳᠣ ᠪᠠᠶᠢᠵᠣ᠂ ᠲᠣᠳᠣᠷ᠎ᠠ ᠨᠢ ᠲᠣᠯᠣᠭᠠᠨ | ᠵᠠᠯᠪᠠᠴᠢᠨ᠂ ᠲᠠᠮᠳᠢᠨ ᠵᠢᠴᠢ ᠨᠣᠮᠣ ᠰᠣᠮᠣ᠂ ᠵᠢᠳᠠ ᠰᠡᠯᠡᠮ᠎ᠡ ᠵᠡᠷᠭᠡ ᠶᠢ ᠲᠠᠬᠢᠪᠠ᠃ ᠭᠤᠳᠠᠭᠠᠷ ᠲᠤ᠂ ᠠᠷᠭ᠎ᠠ ᠪᠢᠯᠢᠭ ᠬᠤᠣᠰᠯᠠᠯᠳᠣᠬᠤ ᠨᠠᠷᠠᠨ ᠰᠠᠷᠠᠨ ᠤ ᠡᠭᠡᠯᠵᠢᠯᠡᠬᠦ | ᠲᠦᠷᠢᠮ᠂ ᠴᠠᠭ᠂ ᠡᠳᠣᠷ᠂ ᠰᠠᠷ᠎ᠠ ᠶᠢᠨ ᠲᠤᠭ᠎ᠠ ᠬᠡᠮᠵᠢᠶ᠎ᠡ᠂ ᠬᠠᠯᠠᠭᠤᠨ ᠬᠦᠢᠳᠡᠨ ᠬᠠᠷᠢᠯᠴᠠᠬᠤ ᠶᠣᠰᠣᠨ᠂ ᠲᠡᠭᠷᠢ ᠶᠢᠨ ᠦᠩᠭᠡ᠂ ᠭᠠᠵᠠᠷ ᠤᠨ ᠵᠦᠢ᠂ ᠴᠢᠭᠢᠭ | ᠰᠠᠯᠬᠢ ᠪᠣᠷᠣᠭᠠᠨ ᠬᠠᠭᠰᠠᠷᠠᠭᠠᠨ ᠪᠣᠯᠬᠤ ᠭᠠᠯᠪᠠ ᠶᠢᠨ ᠲᠤᠭ᠎ᠠ ᠬᠡᠮᠵᠢᠶᠡᠨ ᠤ ᠰᠣᠷᠭᠠᠯ ᠬᠢᠬᠦ ︽ᠵᠢᠷᠣᠬᠠᠢ ᠳ᠋ᠦᠢᠩᠺᠦᠷ ᠷᠠᠰᠠᠩ︾ ᠢ ᠪᠠᠷᠢᠵᠣ᠂ ᠲᠣᠳᠣᠷ᠎ᠠ ᠨᠢ | ᠽᠣᠩᠺᠠᠪᠠ ᠪᠣᠷᠬᠠᠨ᠂ ᠳ᠋ᠦᠢᠩᠺᠦᠷ ᠪᠣᠷᠬᠠᠨ ᠢ ᠲᠠᠬᠢᠵᠣ ᠪᠠᠰᠠ ᠡᠯ᠎ᠡ ᠲᠦᠷᠦᠯ ᠤᠨ ᠵᠢᠷᠤᠭ ᠪᠠ ᠨᠣᠮ ᠰᠣᠳᠣᠷ ᠢ ᠲᠠᠬᠢᠪᠠ᠃ ᠲᠦᠳᠦᠭᠡᠷ ᠲᠤ᠂ ᠮᠦᠩᠬᠡ ᠪᠣᠰᠣ ᠶᠢ | ᠭᠤᠣᠯ ᠪᠣᠯᠭᠠᠵᠣ ᠬᠤᠭᠤᠰᠣᠨ ᠠᠴᠠ ᠪᠦᠳᠦᠵᠣ ᠭᠠᠷᠬᠤ ᠮᠦᠨ ᠪᠣᠰᠣ ᠶᠢᠨ ᠰᠢᠯᠳᠠᠭᠠᠨ ᠢ ᠡᠭᠦᠰᠬᠦ ᠲᠡᠭᠦᠰᠭᠡᠯ ᠤᠨ ᠴᠢᠨᠠᠷ ᠶᠣᠰᠣᠨ ᠤ ᠣᠴᠢᠷ ᠢ ᠨᠠᠷᠢᠪᠴᠢᠯᠠᠨ | ᠲᠠᠶᠢᠯᠪᠣᠷᠢᠯᠠᠬᠤ᠂ ᠡᠬᠢ ᠦᠨᠳᠦᠰᠣᠨ ᠠᠴᠠ ᠵᠦᠢᠯ ᠵᠦᠢᠯ ᠢ ᠬᠢᠨᠠᠵᠣ ᠢᠯᠭᠠᠨ ᠲᠠᠶᠢᠯᠪᠣᠷᠢᠯᠠᠵᠣ ᠪᠣᠯᠢᠶᠠᠯᠳᠣᠨ᠂ ᠦᠨᠡᠨ ᠢ ᠢᠯᠡᠷᠬᠡᠶᠢᠯᠡᠨ ᠬᠡᠯᠡᠬᠦ ᠶᠣᠰᠣᠨ ᠢ | ᠰᠣᠷᠣᠯᠴᠠᠬᠤ ︽ᠴᠦᠢᠷᠸᠠ ᠷᠠᠰᠠᠩ︾ ᠲᠠᠢ ᠵᠡᠷᠭᠡᠴᠡᠭᠦᠯᠣᠨ ᠪᠠᠷᠢᠪᠠ᠃ ᠲᠠᠪᠣᠳᠣᠭᠠᠷ ᠲᠤ ᠨᠢ᠂ ᠴᠣᠭᠴᠢᠨ ᠲᠣᠭᠠᠩ ᠢ ᠴᠦᠢᠷᠸᠠ ᠷᠠᠰᠠᠩ ᠤᠨ ᠵᠡᠭᠦᠨ ᠲᠠᠯ᠎ᠠ ᠳᠤ | ᠪᠠᠶᠢᠷᠢᠰᠢᠭᠤᠯᠪᠠ᠃ ᠲᠡᠭᠦᠨ ᠤ ᠡᠵᠡᠯᠡᠭᠰᠡᠨ ᠲᠠᠯᠠᠪᠠᠢ ᠨᠢ ᠬᠠᠮᠤᠭ ᠠᠴᠠ ᠶᠡᠭᠡ ᠪᠣᠯᠣᠨ᠎ᠠ᠃ ᠴᠣᠭᠴᠢᠨ ᠲᠣᠭᠠᠩ ᠨᠢ ᠨᠠᠶᠠᠨ ᠨᠢᠭᠡᠨ ᠵᠠᠩ ᠲᠠᠰᠣᠯᠭ᠎ᠠ ᠭᠤᠷᠪᠠᠨ | ᠲᠠᠪᠬᠤᠷ ᠠᠰᠠᠷ᠂ ᠣᠷᠣᠢ ᠶᠢᠨ ᠭᠠᠨᠵᠢᠷ᠎ᠡ ᠶᠢ ᠰᠢᠷ᠎ᠠ ᠠᠯᠳᠠ ᠪᠠᠷ ᠴᠣᠭᠴᠠᠯᠠᠭᠰᠠᠨ ᠲᠣᠯᠠ ᠬᠤᠯᠠ ᠶᠢᠨ ᠬᠤᠯᠠ ᠠᠴᠠ ᠭᠡᠷᠡᠯ ᠰᠠᠴᠣᠷᠠᠨ ᠰᠦᠷᠯᠢᠭ ᠰᠠᠶᠢᠬᠠᠨ | ᠬᠠᠷᠠᠭᠳᠠᠳᠠᠭ᠃ ᠶᠡᠨᠳᠡᠷ ᠤᠨ ᠡᠭᠦᠳᠡᠨ ᠤ ᠪᠠᠷᠠᠭᠤᠨ ᠬᠠᠨ᠎ᠠ ᠳᠤ ᠨᠢ ᠡᠷᠯᠢᠭ ᠤᠨ ᠲᠠᠮᠣ ᠶᠢᠨ ᠬᠦᠷᠦᠭ ᠵᠢᠷᠤᠭ ᠲᠠᠢ᠃ ᠣᠷᠳᠣᠨ ᠳᠤ ᠨᠢ ᠭᠤᠷᠪᠠᠨ ᠴᠠᠭ ᠤᠨ ᠪᠣᠷᠬᠠᠨ | ᠠᠮᠣᠷ ᠪᠣᠷᠬᠠᠨ᠂ ᠱᠠᠭᠵᠠᠮᠤᠨᠢ ᠪᠣᠷᠬᠠᠨ᠂ ᠮᠠᠶᠢᠳᠠᠷᠢ ᠪᠣᠷᠬᠠᠨ ᠤ ᠡᠮᠣᠨ᠎ᠡ ᠨᠢ ᠨᠠᠢᠮᠠᠨ ᠲᠣᠮᠣ ᠨᠣᠭᠤᠭᠠᠨ ᠳ᠋ᠠᠷ᠎ᠠ᠂ ᠠᠷᠣ ᠳᠤ ᠨᠢ ᠠᠷᠪᠠᠨ ᠨᠠᠢᠮᠠᠨ ᠠᠭᠤᠶᠢᠳᠣ | ᠰᠢᠳᠣᠭᠡᠨ ᠢ ᠲᠠᠬᠢᠪᠠ᠃ ᠶᠡᠭᠡ ᠣᠷᠳᠣᠨ ᠤ ᠬᠠᠨ᠎ᠠ ᠶᠢ ᠲᠠᠭᠠᠭᠠᠳ ᠬᠦᠩᠭᠠᠷᠠᠪᠠ ᠳᠤ ᠮᠢᠩᠭᠠᠨ ᠮᠤᠳᠤᠷᠳᠤ ᠨᠣᠭᠤᠭᠠᠨ ᠳ᠋ᠠᠷ᠎ᠠ ᠶᠢ ᠲᠠᠬᠢᠪᠠ᠃ ᠬᠤᠶᠠᠳᠣᠭᠠᠷ ᠠᠰᠠᠷ ᠢ | ᠵᠠᠮᠪᠠᠯ᠂ ᠰᠦᠯᠳᠡ ᠵᠢᠴᠢ ᠨᠣᠮ ᠰᠣᠳᠣᠷ ᠢᠶᠠᠷ ᠲᠦᠭᠦᠷᠭᠡᠵᠣ ᠪᠠᠶᠢᠪᠠ᠃ ᠭᠤᠷᠪᠠᠳᠣᠭᠠᠷ ᠠᠰᠠᠷ ᠲᠤ ᠮᠢᠩᠭᠠᠨ ᠮᠣᠳᠣᠷᠳᠣ ᠮᠢᠩᠭᠠᠨ ᠨᠢᠳᠣᠳᠣ ᠳ᠋ᠠᠷ᠎ᠠ᠂ ᠴᠠᠭᠠᠨ | ᠠᠯᠳᠠᠨ ᠳ᠋ᠠᠷ᠎ᠠ᠂ ᠸᠧᠨ ᠱᠥ ᠵᠢᠴᠢ ᠠᠯᠳᠠᠨ ᠭᠠᠨᠵᠤᠤᠷ ᠵᠡᠷᠭᠡ ᠬᠤᠪᠣᠷ ᠴᠣᠬᠠᠭ ᠨᠣᠮ ᠰᠣᠳᠣᠷ᠂ ᠠᠯᠳᠠᠨ ᠴᠦᠬᠦᠴᠡ᠂ ᠮᠦᠩᠭᠦᠨ ᠬᠦᠵᠢ ᠶᠢᠨ ᠲᠠᠯᠪᠢᠭᠤᠷ᠂ | ᠲᠠᠬᠢᠯ ᠤᠨ ᠰᠠᠪᠠ ᠬᠡᠷᠡᠭᠰᠡᠯ ᠪᠦᠷᠢᠨ ᠲᠠᠭᠦᠰ ᠪᠠᠶᠢᠪᠠ᠃ ᠲᠦᠷᠪᠡᠨ ᠲᠠᠯ᠎ᠠ ᠶᠢᠨ ᠬᠠᠨ᠎ᠠ ᠨᠢ ᠳᠣᠩ ᠴᠠᠭᠠᠨ ᠮᠦᠷᠳᠡᠭᠡᠨ ᠣᠯᠠᠭᠠᠨ ᠦᠩᠭᠡ ᠪᠠᠷ ᠡᠮᠵᠢᠶᠡᠷᠢᠯᠡᠨ | ᠬᠦᠪᠡᠭᠡᠯᠡᠭᠰᠡᠨ ᠪᠠᠶᠢᠪᠠ᠃ ᠲᠣᠯᠭᠠᠭᠤᠷᠢ ᠨᠢ ᠪᠦᠷ ᠴᠢᠯᠠᠭᠤ ᠪᠠᠷ ᠣᠷᠠᠯᠠᠨ ᠰᠡᠶᠢᠯᠦᠭᠰᠡᠨ ᠪᠠᠶᠢᠵᠣ᠂ ᠶᠡᠨᠳᠡᠷ ᠢ ᠨᠢ ᠴᠦᠮ ᠲᠣᠮᠣ ᠬᠡᠰᠡᠭᠳᠣ ᠴᠢᠯᠠᠭᠤ ᠪᠠᠷ ᠵᠡᠷᠭᠡᠯᠡᠨ | ᠲᠡᠪᠢᠰᠴᠣ᠂ ᠴᠣᠭᠴᠢᠨ ᠲᠤᠭᠠᠩ ᠤᠨ ᠲᠣᠮᠣ ᠬᠦᠷᠢᠶ᠎ᠡ ᠶᠢᠨ ᠲᠠᠯᠠᠪᠠᠢ ᠶᠢ ᠬᠦᠬᠡ ᠲᠣᠭᠤᠰᠬ᠎ᠠ ᠪᠠᠷ ᠲᠡᠪᠢᠰᠦᠭᠰᠡᠨ ᠪᠠᠶᠢᠪᠠ᠃ ᠬᠦᠷᠢᠶᠡᠨ ᠡᠭᠦᠳᠡᠨ ᠤ ᠠᠰᠠᠷ ᠲᠤ | ᠲᠦᠷᠪᠡᠨ ᠶᠡᠭᠡ ᠮᠠᠬᠠᠷᠠᠨᠽᠠ ︵ᠬᠦ᠋ ᠭᠦᠸᠧ᠂ ᠵᠧᠩ ᠵᠢᠩ᠂ ᠭᠤᠸᠠᠩ ᠮᠥ᠂ ᠳ᠋ᠦᠸᠧ ᠸᠧᠨ︶ ᠶᠢᠨ ᠱᠣᠭᠤᠮᠠᠯ ᠢ ᠵᠢᠭᠳᠡᠢ ᠠᠮᠢᠳᠠᠨ ᠤᠨᠤᠵᠤ᠂ ᠭᠠᠷ ᠲᠠᠭᠠᠨ ᠰᠢᠬᠦᠷ᠂ | ᠬᠦᠭᠵᠢᠮ᠂ ᠰᠡᠯᠡᠮ᠎ᠡ ᠠᠳᠬᠤᠵᠣ ᠪᠠᠶᠢᠬᠤ ᠪᠠᠷ ᠪᠣᠰᠬᠠᠪᠠ᠃ ᠡᠭᠦᠳᠡᠨ ᠤ ᠬᠤᠶᠠᠷ ᠲᠠᠯ᠎ᠠ ᠳᠤ ᠨᠢ ᠬᠡᠩᠭᠡᠷᠭᠡᠨ ᠤ ᠠᠰᠠᠷ ︵ᠣᠷᠣᠢ ᠣᠨᠳᠠᠬᠤ ᠳᠤ ᠵᠦᠩ ᠴᠣᠬᠢᠵᠣ᠂ | ᠡᠷᠳᠡ ᠪᠣᠰᠬᠤ ᠳᠤ ᠭᠦᠯᠣ ᠲᠡᠯᠡᠳᠬᠦ︶ ᠪᠠᠶᠢᠵᠤ᠂ ᠡᠭᠦᠳᠡᠨ ᠤ ᠭᠠᠳᠠᠨ᠎ᠠ ᠨᠢ ᠬᠤᠶᠠᠷ ᠲᠣᠮᠣ ᠴᠢᠯᠠᠭᠤᠨ ᠠᠷᠰᠯᠠᠨ ᠢ ᠬᠤᠶᠠᠷ ᠭᠠᠷᠯᠠᠨ ᠵᠣᠭᠰᠣᠭᠠᠪᠠ᠃ | ᠡᠭᠦᠳᠡᠨ ᠠᠴᠠ ᠪᠠᠭ᠋ᠠᠨ ᠵᠠᠶᠢᠳᠠᠢ ᠰᠢᠬ ᠬᠤᠶᠠᠷ ᠴᠢᠯᠠᠭᠤ ᠪᠤᠰᠬᠠᠬᠰᠠᠨ ᠪᠠᠶᠢᠪᠠ᠃ ᠰᠦᠮ᠎ᠡ ᠶᠢᠨ ᠣᠷᠳᠣ ᠬᠠᠷᠰᠢ ᠪᠦᠬᠦᠨ ᠳᠤ ᠤᠳᠠᠢ᠂ ᠪᠡᠭᠡᠵᠢᠩ᠂ ᠲᠦᠪᠡᠳ᠂ | ᠬᠦᠬᠡᠨᠠᠭᠤᠷ ᠠᠴᠠ ᠲᠡᠮᠡᠭᠡᠨ ᠠᠴᠢᠶ᠎ᠠ ᠪᠠᠷ ᠠᠪᠴᠣ ᠢᠷᠡᠭᠰᠡᠨ ᠲᠣᠮᠣ ᠪᠣᠷᠬᠠᠨ ᠤ ᠬᠦᠷᠦᠭ ᠪᠠ ᠣᠪᠣᠭ᠎ᠠ ᠤᠯᠠᠨ ᠨᠣᠮ ᠰᠣᠳᠣᠷ ᠢ ᠡᠯ᠎ᠡ ᠵᠦᠢᠯ ᠤᠨ ᠬᠠᠳᠬᠤᠮᠠᠯ | ᠰᠡᠶᠢᠯᠣᠮᠠᠯ ᠵᠡᠷᠭᠡ ᠬᠤᠪᠣᠷ ᠴᠣᠬᠠᠭ ᠡᠳ᠋ ᠪᠣᠶᠣ ᠲᠣᠷᠭ᠎ᠠ ᠲᠣᠷᠳᠣᠩ ᠢᠶᠠᠷ ᠪᠠᠭᠯᠠᠨ ᠲᠠᠬᠢᠪᠠ᠃ ᠲᠡᠳᠡᠭᠡᠷ ᠨᠢ ᠴᠦᠮ ᠲᠡᠷᠡ ᠬᠢᠷᠢ ᠪᠠᠷ ᠢᠶᠠᠨ ᠭᠠᠶᠢᠬᠠᠮᠰᠢᠭᠳᠣ | ᠣᠷᠠᠯᠢᠭ ᠤᠨ ᠡᠳ᠋ ᠪᠣᠯᠠᠢ᠃ ᠪᠣᠷᠬᠠᠨ ᠤ ᠬᠡᠳᠣᠨ ᠲᠠᠯ᠎ᠠ ᠪᠠᠷ ᠡᠯᠭᠦᠭᠰᠡᠨ ᠪᠣᠷᠬᠠᠨ ᠤ ᠬᠦᠷᠦᠭ ᠤᠨ ᠡᠯᠭᠦᠮᠡᠯ ᠨᠦᠭᠦᠳ ᠨᠢ ᠪᠦᠷ ᠠᠯᠳᠠ ᠪᠠᠷ ᠬᠦᠪᠡᠭᠡᠯᠡᠭᠰᠡᠨ ᠲᠣᠷᠭ᠎ᠠ | ᠲᠣᠷᠳᠣᠩ ᠤᠨ ᠵᠦᠢᠯᠡᠰ ᠪᠣᠯᠬᠤᠷ ᠨᠢᠳᠣ ᠭᠢᠯᠠᠰᠣᠮ᠎ᠠ ᠭᠤᠶᠣ ᠪᠠᠶᠢᠳᠠᠭ᠃ | ᠴᠣᠭᠴᠢᠨ ᠲᠣᠭᠠᠩ ᠤᠨ ᠵᠡᠭᠦᠨ ᠬᠤᠶᠢᠳᠣ ᠲᠠᠯ᠎ᠠ ᠳᠤ ᠨᠢ ᠡᠯ᠎ᠡ ᠷᠠᠰᠠᠩ ᠤᠨ ᠰᠠᠩ᠂ ᠭᠡᠭᠡᠨ ᠤ ᠣᠷᠳᠣ᠂ ᠴᠦᠢᠵᠢᠩ ᠤᠨ ᠬᠤᠶᠠᠷ ᠰᠦᠮ᠎ᠡ᠂ ᠯᠣᠣᠰ ᠤᠨ | ᠰᠦᠮ᠎ᠡ ᠨᠦᠭᠦᠳ ᠵᠢᠭᠳᠡᠷᠡᠨ ᠪᠠᠶᠢᠷᠢᠰᠢᠵᠣ ᠪᠠᠶᠢᠪᠠ᠃ ᠡᠮᠣᠨ᠎ᠡ ᠲᠠᠯ᠎ᠠ ᠳᠤ ᠨᠢ ᠴᠢᠯᠠᠭᠤᠨ ᠰᠣᠪᠣᠷᠭ᠎ᠠ ᠲᠠᠢ᠂ ᠡᠷᠢᠶᠡᠨ ᠦᠨᠳᠦᠷ ᠤᠨ ᠬᠤᠷᠮᠣᠢ ᠳᠤ ᠯᠠᠮᠠ | ᠬᠤᠸᠠᠷᠠᠭ ᠤᠳ ᠤᠨ ᠱᠠᠷᠢᠯ ᠤᠨ ᠬᠦᠷᠢᠶᠡᠯᠡᠩ ᠪᠠᠶᠢᠪᠠ᠃ ᠰᠢᠨᠡᠯᠠᠮ᠎ᠠ ᠶᠢ ᠣᠷᠣᠰᠢᠭᠤᠯᠣᠭᠰᠠᠨ ᠲᠣᠮᠣ ᠴᠢᠯᠠᠭᠤᠨ ᠰᠣᠪᠣᠷᠭ᠎ᠠ ᠴᠥ ᠲᠡᠨᠳᠡ ᠪᠠᠶᠢᠭᠰᠠᠨ ᠪᠢᠯᠡ᠃ | ᠪᠣᠰᠣᠳ ᠤᠨ ᠬᠢᠨᠢ ᠴᠢᠨᠳᠠᠷ ᠢ ᠵᠡᠷᠭᠡ ᠲᠡᠰ ᠤᠨ ᠶᠡᠭᠡ ᠪᠠᠭ᠎ᠠ ᠶᠢ ᠦᠨᠳᠣᠰᠣᠯᠡᠨ ᠶᠡᠭᠡ ᠪᠠᠭ᠎ᠠ ᠨᠢ ᠠᠳᠠᠯᠢ ᠦᠭᠡᠢ ᠴᠠᠭᠠᠨ ᠰᠣᠪᠣᠷᠭᠠᠨ ᠳᠤ ᠲᠠᠯᠪᠢᠳᠠᠭ᠃ ᠡ᠊ᠨᠳᠡ | ᠮᠦᠨ ᠰᠦᠮ᠎ᠡ ᠶᠢᠨ ᠨᠢᠰᠴᠢᠨ ᠨᠠᠷ ᠡᠷᠳᠡ ᠣᠷᠣᠢ ᠶᠢᠨ ᠴᠢᠯᠦᠭᠡ ᠪᠠᠷ ᠪᠦᠷᠢᠶ᠎ᠡ ᠪᠢᠰᠭᠢᠭᠦᠷ ᠪᠣᠯᠪᠠᠰᠣᠷᠠᠳᠠᠭ ᠭᠠᠵᠠᠷ ᠪᠠᠶᠢᠵᠠᠢ᠃ | ᠪᠠᠶᠠᠨ ᠮᠣᠷᠣᠢ ᠶᠢᠨ ᠰᠦᠮ᠎ᠡ ᠶᠢ ᠲᠡᠭᠷᠢ ᠲᠡᠳᠭᠦᠭᠴᠢ ᠶᠢᠨ ᠲᠠᠪᠢᠨ ᠣᠨ ︵1785︶ ᠠᠴᠠ ᠰᠠᠶᠢᠰᠢᠶᠠᠯ ᠢᠷᠦᠭᠡᠯᠳᠣ ᠶᠢᠨ ᠠᠷᠪᠠᠨ ᠨᠢᠭᠡᠨ ᠣᠨ ︵1806 | ︶ ᠤ ᠬᠤᠭᠤᠷᠣᠨᠳᠣ ᠪᠠᠶᠢᠭᠤᠯᠵᠤ ᠲᠠᠭᠤᠰᠬᠠᠪᠠ᠃ ᠶᠠᠭ ᠦᠨᠡᠨ ᠳᠤ ᠪᠠᠨ ᠭᠤᠣᠯ ᠪᠠᠷᠢᠯᠭ᠎ᠠ ᠨᠢ ᠲᠠᠭᠤᠰᠣᠭᠰᠠᠨ ᠪᠣᠯᠪᠠᠴᠣ ᠲᠠᠭᠠᠯᠳᠣᠭᠰᠠᠨ ᠪᠠᠷᠢᠯᠭ᠎ᠠ ᠨᠢ ᠪᠠᠰᠠ | ᠦᠷᠭᠦᠯᠵᠢᠯᠡᠭᠰᠡᠭᠡᠷ ᠪᠠᠶᠢᠪᠠ᠃ ᠰᠠᠶᠢᠰᠢᠶᠠᠯ ᠢᠷᠦᠭᠡᠯᠳᠣ ᠶᠢᠨ ᠬᠤᠷᠢᠨ ᠲᠠᠪᠣᠨ ᠣᠨ ︵1820︶ ᠳᠤ ᠴᠢᠩ ᠤᠨ ᠦᠨᠳᠦᠰᠦᠳᠡᠨ ᠤ ᠬᠡᠷᠡᠭ ᠡᠷᠬᠢᠯᠡᠬᠦ ᠶᠠᠮᠣᠨ ᠠᠴᠠ | ᠲᠦᠷᠪᠡᠨ ᠬᠡᠯᠡ ᠶᠢᠨ ᠪᠢᠴᠢᠭᠡᠰᠦᠳᠡᠢ ︽ᠡᠩᠭᠡᠵᠢᠬᠦᠯᠦᠨ ᠬᠤᠷᠢᠶᠠᠭᠴᠢ ᠬᠡᠶᠢᠳ︾ ᠬᠡᠮᠡᠬᠦ ᠠᠯᠳᠠᠨ ᠦᠰᠦᠭᠳᠣ ᠫᠠᠶᠢᠰᠠ ᠦᠭᠭᠦᠭᠰᠡᠨ ᠢ ᠴᠣᠭᠴᠢᠨ ᠲᠣᠭᠠᠩ ᠤᠨ | ᠡᠭᠦᠳᠡᠨ ᠤ ᠲᠡᠬᠡᠷ᠎ᠠ ᠡᠯᠭᠦᠪᠡ᠃ ᠲᠡᠷᠡ ᠡᠳᠣᠷ ᠲᠤ ᠨᠢ ᠮᠠᠰᠢ ᠶᠡᠭᠡ ᠪᠠᠶᠠᠷ ᠪᠣᠯᠵᠣ ᠬᠤᠰᠢᠭᠤᠨ ᠤ ᠸᠠᠩ ᠭᠦᠩ ᠵᠢᠴᠢ ᠯᠠᠮᠠ ᠬᠤᠸᠠᠷᠠᠭ ᠨᠠᠷ ᠪᠦᠷ ᠡ᠊ᠨᠳᠡ ᠬᠤᠷᠠᠨ | ᠴᠣᠭᠯᠠᠷᠠᠵᠠᠭᠠᠭᠠᠳ ᠦᠯᠵᠡᠢ ᠬᠤᠳᠣᠭᠳᠣ ᠨᠣᠮ ᠢ ᠣᠩᠰᠢᠭᠤᠯᠵᠣ ᠪᠢᠯᠡ᠃ ᠡᠭᠦᠨ ᠳᠤ ᠵᠣᠷᠢᠭᠳᠣ ᠸᠠᠩ ᠠᠴᠠ ᠦᠪᠡᠷ ᠤᠨ ᠵᠠᠭᠤᠨ ᠡᠷᠦᠬᠡ ᠬᠠᠷᠢᠶᠠᠳᠣ ᠠᠷᠠᠳ ᠢᠶᠠᠨ | ᠰᠦᠮ᠎ᠡ ᠶᠢᠨ ᠠᠯᠪᠠᠳᠣ ᠪᠣᠯᠭᠠᠨ ᠦᠭᠪᠠ᠃ ᠮᠦᠨ ᠵᠢᠯ ᠤᠨ ᠨᠠᠢᠮᠠᠨ ᠰᠠᠷ᠎ᠠ ᠶᠢᠨ ᠠᠷᠪᠠᠨ ᠲᠠᠪᠣᠨᠠ ᠪᠣᠷᠬᠠᠨ ᠤ ᠭᠡᠷᠡᠯ ᠭᠡᠷᠡᠯᠳᠦᠭᠦᠯᠬᠦ ᠪᠠ ᠡᠷᠢᠶᠡᠨ ᠦᠨᠳᠦᠷ ᠲᠤ | ᠬᠠᠷ᠎ᠠ ᠴᠠᠭᠠᠨ ᠣᠪᠣᠭ᠎ᠠ ᠪᠣᠰᠬᠠᠭᠰᠠᠨ ᠳᠤ᠂ ᠯᠾᠠᠷᠡᠮᠪᠡ ᠭᠡᠭᠡᠨ ᠨᠣᠮ ᠲᠠᠯᠪᠢᠨ ᠦᠪᠡᠳᠡᠭᠰᠢ ᠶᠡᠭᠡ ᠨᠣᠮ ᠤᠨ ᠬᠤᠷᠠᠯ ᠪᠠ ᠨᠠᠶᠢᠷ ᠨᠠᠭᠠᠳᠣᠮ ᠪᠣᠯᠵᠣ ᠪᠢᠯᠡ᠃ ᠪᠠᠶᠠᠨ | ᠮᠤᠷᠤᠢ ᠶᠢᠨ ᠰᠦᠮ᠎ᠠ ᠶᠢᠨ ᠲᠣᠬᠠᠢ ᠶᠢᠨ ᠦᠶ᠎ᠡ ᠶᠢᠨ ᠪᠠᠶᠢᠳᠠᠯ ᠢ ᠲᠤᠰ ᠰᠦᠮ᠎ᠠ ᠳᠤ ᠯᠠᠮᠠ ᠪᠠᠶᠢᠬᠰᠡᠨ ᠭᠸᠧᠠᠨᠵᠠᠮᠰᠦ ᠪᠠᠳᠮ᠎ᠠ ᠬᠤᠶᠠᠷ ᠨᠠᠰᠤᠲᠡᠨ ᠠᠴᠠ ︽ᠬᠤᠯᠠ | ᠣᠶᠢᠷ᠎ᠠ ᠶᠢᠨ ᠮᠦᠷᠭᠦᠯᠴᠢᠳ ᠬᠤᠷᠠᠨ ᠴᠣᠭᠯᠠᠷᠠᠭᠠᠳ ᠰᠦᠮ᠎ᠡ ᠶᠢᠨ ᠬᠤᠶᠠᠷ ᠲᠠᠯ᠎ᠠ ᠪᠠᠷ ᠮᠣᠩᠭᠤᠯ ᠭᠡᠷ ᠮᠠᠶᠢᠬᠠᠨ ᠢᠶᠠᠷ ᠲᠦᠭᠦᠷᠴᠣ᠂ ᠲᠠᠪᠣᠨ ᠭᠠᠵᠠᠷ ᠣᠷᠳᠣ ᠵᠡᠭᠡᠯᠢ | ᠪᠣᠯᠣᠨ ᠰᠣᠨᠣᠯᠵᠠᠨ ᠦᠷᠭᠦᠯᠵᠢᠯᠡᠭᠡᠳ᠂ ᠡᠷᠭᠦᠯᠴᠢᠨ ᠮᠦᠷᠭᠦᠯᠴᠢᠳ ᠵᠡᠭᠡᠯᠢ ᠭᠤᠳᠣᠮᠵᠢ ᠪᠠᠷ ᠢᠪᠡᠷᠡᠯᠳᠣᠨ ᠰᠢᠬᠠᠯᠳᠣᠵᠣ ᠣᠷᠳᠣ ᠡᠩᠨᠡᠭᠡ ᠪᠣᠯᠵᠣ ᠪᠠᠶᠢᠯ᠎ᠠ᠃ | ᠡᠭᠦᠨ ᠠᠴᠠ ᠪᠠᠶᠠᠨ ᠮᠣᠷᠣᠢ ᠶᠢᠨ ᠰᠦᠮ᠎ᠡ ᠶᠢᠨ ᠬᠦᠵᠢ ᠵᠣᠯᠠ ᠬᠦᠭᠵᠢᠨ᠂ ᠯᠠᠮᠠ ᠬᠤᠸᠠᠷᠠᠭ ᠨᠢ ᠣᠯᠠᠰᠢᠷᠠᠭᠠᠳ ᠬᠤᠶᠠᠷ ᠮᠢᠩᠭᠠᠨ ᠲᠤᠭ᠎ᠠ ᠳᠤ ᠬᠦᠷᠪᠡ ᠭᠡᠨ᠎ᠡ︾ | ᠭᠡᠵᠣ ᠣᠣᠯ ᠤᠨ ᠪᠠᠶᠠᠨ ᠮᠣᠷᠣᠢ ᠶᠢᠨ ᠰᠦᠮ᠎ᠡ ᠶᠢᠨ ᠭᠡᠭᠡᠨ ᠤ ᠲᠡᠮᠡᠭᠡᠴᠢᠨ ᠤ ᠣᠮᠪᠣᠯᠣ ᠬᠦᠪᠡᠭᠦᠨ ᠬᠠᠷᠠᠨᠣᠳ ᠮᠤᠤᠨᠤᠬᠠᠢ ᠶᠠᠷᠢᠵᠤ ᠪᠢᠯᠡ᠃ ᠮᠣᠷᠣᠢ ᠶᠢᠨ | ᠰᠦᠮ᠎ᠡ ᠨᠢ ᠦᠪᠦᠷ ᠮᠣᠩᠭᠤᠯ ᠤᠨ ᠵᠡᠭᠦᠨ ᠣᠷᠣᠨ ᠳᠤ ᠯᠾᠠᠰᠠ᠂ ᠯᠠᠪᠷᠤᠩ᠂ ᠤᠳᠠᠢ ᠯᠤᠭ᠎ᠠ ᠮᠦᠷ ᠵᠡᠷᠭᠡᠴᠡᠭᠰᠡᠨ ᠪᠣᠷᠬᠠᠨ ᠱᠠᠰᠢᠨ ᠤ ᠬᠤᠪᠢᠯᠭᠠᠨ ᠣᠷᠣᠨ ᠪᠣᠯᠵᠣ | ᠠᠯᠳᠠᠷᠰᠢᠪᠠ᠃ ᠬᠤᠷᠴᠢᠨ ᠠᠶᠢᠮᠠᠭ ᠨᠢ ᠦᠪᠦᠷ ᠬᠤᠷᠢᠨ ᠲᠦᠷᠪᠡᠨ ᠠᠶᠢᠮᠠᠭ ᠤᠨ ᠲᠤᠲᠦᠷᠠ ᠬᠠᠮᠤᠭ ᠲᠦᠷᠦᠭᠦᠨᠡ ᠴᠢᠩ ᠢ ᠲᠦᠰᠢᠭᠰᠡᠨ ᠲᠣᠯᠠ ᠨᠣᠳᠤᠭ | ᠲᠡᠪᠢᠰᠬᠡᠷ ᠨᠢ ᠴᠠᠩ ᠪᠠᠢ ᠱᠠᠨ ᠠᠭᠤᠯᠠ᠂ ᠬᠠᠷᠠᠮᠦ᠋ᠷᠡᠨ ᠠᠴᠠ ᠣᠷᠳᠣ ᠴᠠᠭᠠᠨ ᠬᠡᠷᠡᠮ ᠬᠦᠷᠴᠣ᠂ ᠦᠩᠭᠡ ᠦᠵᠡᠮᠵᠢᠳᠣ ᠠᠭᠤᠯᠠ ᠣᠰᠣ ᠦᠷᠭᠡᠨ ᠠᠭᠤᠳᠠᠮ ᠲᠠᠯ᠎ᠠ | ᠴᠠᠶᠢᠳᠠᠮ ᠲᠠᠢ ᠦᠨᠢᠷ ᠪᠠᠶᠠᠯᠢᠭ ᠨᠣᠳᠤᠭ ᠣᠷᠣᠨ ᠪᠠᠶᠢᠭᠰᠠᠨ᠃ ᠡᠨᠡ ᠬᠦ ᠰᠠᠶᠢᠬᠠᠨ ᠨᠣᠳᠤᠭ ᠲᠡᠪᠢᠰᠭᠡᠷ ᠲᠡᠭᠡᠷ᠎ᠡ ᠪᠠᠶᠢᠭᠤᠯᠣᠭᠳᠠᠭᠰᠠᠨ ᠪᠠᠶᠠᠨ ᠮᠣᠷᠣᠢ ᠶᠢᠨ | ᠰᠦᠮ᠎ᠡ ᠨᠢ ᠦᠨᠡᠨ ᠬᠦ ᠨᠡᠷ᠎ᠡ ᠨᠢᠳᠡᠷ ᠲᠤ ᠪᠠᠨ ᠲᠡᠩᠴᠡᠭᠰᠡᠨ ᠪᠦᠬᠦ ᠲᠠᠯ᠎ᠠ ᠪᠠᠷ ᠪᠠᠶᠠᠨ ᠴᠢᠨᠡᠭᠡᠯᠢᠭ ᠰᠦᠮ᠎ᠡ ᠪᠣᠯᠵᠣ᠂ ᠵᠦᠪᠬᠡᠨ ᠯᠠᠮᠠ ᠬᠤᠸᠠᠷᠠᠭ ᠭᠡᠭᠡᠨ | ᠬᠤᠪᠢᠯᠭᠠᠳ ᠢᠶᠠᠷ ᠢᠶᠠᠨ ᠠᠯᠳᠠᠷᠰᠢᠭᠰᠠᠨ ᠲᠡᠳᠣᠢ ᠪᠢᠰᠢ᠂ ᠬᠠᠷᠢᠨ ᠭᠡᠷ ᠪᠠᠷᠢᠯᠭ᠎ᠠ ᠶᠢᠨ ᠶᠡᠬᠡᠮᠰᠥᠭ ᠰᠦᠷᠯᠢᠭ᠂ ᠣᠷᠠᠯᠢᠭ ᠤᠨ ᠨᠠᠷᠢᠯᠢᠭ ᠬᠡᠬᠡᠮᠰᠥᠭ ᠢᠶᠠᠷ ᠢᠶᠠᠨ ᠴᠤ | ᠠᠯᠳᠠᠷᠰᠢᠨ᠂ ᠲᠠᠶᠠᠩ ᠤᠨ ᠬᠦᠮᠦᠰ ᠢ ᠱᠠᠭᠰᠢᠭᠤᠯᠵᠣ ᠪᠠᠶᠢᠪᠠ᠃ ᠰᠦᠮ᠎ᠡ ᠶᠢᠨ ᠡᠯ᠎ᠡ ᠰᠠᠩ ᠨᠢ ᠴᠦᠮ ᠬᠡᠳᠦᠨ ᠠᠷᠪᠠᠨ ᠬᠦᠮᠦᠨ ᠵᠠᠷᠣᠵᠣ᠂ ᠲᠠᠷᠢᠶᠠᠯᠠᠩ ᠮᠠᠯᠵᠢᠯ ᠢ | ᠣᠶᠠᠯᠳᠣᠭᠤᠯᠣᠨ᠂ ᠦᠬᠡᠷ ᠠᠳᠣᠭᠤᠨ ᠳᠤ ᠪᠠᠨ ᠴᠠᠭᠠᠵᠠᠨ ᠲᠠᠮᠠᠭ᠎ᠠ ᠲᠠᠢ ᠪᠠᠶᠢᠭᠰᠠᠨ ᠶᠣᠮ᠃ ᠠᠯᠳᠠ ᠮᠦᠩᠭᠦᠨ ᠶᠣᠸᠠᠮᠪᠣᠣ᠂ ᠵᠣᠭᠤᠰ ᠵᠤᠭ᠎ᠠ᠂ ᠬᠠᠰ ᠲᠠᠨ᠎ᠠ | ᠮᠡᠳᠣ ᠶᠢᠨ ᠬᠤᠪᠣᠷ ᠴᠣᠬᠠᠭ ᠡᠳ᠋ ᠡᠷᠳᠡᠨᠢᠰ ᠬᠢᠭᠡᠳ ᠬᠡᠪᠢᠰ ᠲᠣᠷᠭ᠎ᠠ᠂ ᠬᠡᠰᠡᠭ ᠲᠠᠢ ᠪᠦᠰ ᠰᠠᠩ ᠬᠦᠮᠦᠷᠭᠡ ᠲᠦᠭᠦᠷᠴᠣ᠂ ᠰᠦᠮ᠎ᠡ ᠶᠢᠨ ᠬᠦᠷᠢᠶ᠎ᠡ ᠭᠤᠷᠢᠶ᠎ᠠ | ᠵᠡᠭᠦᠨᠰᠢ ᠪᠠᠷᠠᠭᠤᠨᠰᠢ ᠡᠮᠣᠨᠡᠰᠢ ᠣᠮᠠᠷᠠᠰᠢ ᠨᠠᠢᠮᠠᠨ ᠭᠠᠵᠠᠷ ᠢ ᠬᠡᠳᠣᠷᠡᠵᠦ᠂ ᠨᠠᠢᠮᠠᠨ ᠶᠡᠭᠡ ᠵᠡᠭᠡᠯᠢ ᠵᠢᠷᠭᠤᠭᠠᠨ ᠵᠣᠷᠪᠣᠰ ᠭᠤᠳᠣᠮᠵᠢ ᠲᠠᠢ ᠪᠣᠯᠣᠨ ᠬᠦᠭᠵᠢᠵᠣ᠂ ᠠᠷᠣ | ᠲᠦᠷᠪᠡᠨ ᠵᠡᠭᠡᠯᠢ ᠳᠤ ᠨᠢ ᠯᠠᠮᠠ ᠬᠤᠸᠠᠷᠠᠭ ᠤᠨ ᠪᠠᠶᠢᠷᠢ ᠰᠠᠭᠤᠴᠠ ᠲᠠᠢ᠂ ᠡᠮᠦᠨ᠎ᠡ ᠲᠦᠷᠪᠡᠨ ᠵᠡᠭᠡᠯᠢ ᠳᠤ ᠨᠢ ᠲᠠᠪᠣᠨ ᠷᠠᠰᠠᠩ ᠤᠨ ᠶᠡᠭᠡ ᠣᠷᠳᠣᠨ ᠪᠠ ᠡᠯ᠎ᠡ | ᠷᠠᠰᠠᠩ ᠤᠨ ᠰᠠᠩ ᠤᠨ ᠭᠡᠷ ᠪᠠᠷᠢᠯᠭ᠎ᠠ ᠤᠳ ᠡᠮᠬᠢ ᠵᠠᠮᠪᠠᠷᠠᠭ᠎ᠠ ᠲᠠᠢ ᠵᠢᠭᠳᠡᠷᠡᠨ ᠰᠠᠭᠤᠷᠢᠰᠢᠭᠰᠠᠨ ᠪᠠᠶᠢᠵᠠᠢ᠃ | ᠪᠠᠶᠠᠨ ᠮᠣᠷᠣᠢ ᠶᠢᠨ ᠰᠦᠮ᠎ᠡ ᠨᠣᠮ ᠤᠨ ᠬᠤᠷᠠᠯ ᠪᠠ ᠰᠠᠬᠢᠯ ᠰᠨᠨᠸᠠᠷ ᠵᠡᠷᠭᠡ ᠲᠠᠯ᠎ᠠ ᠪᠠᠷ ᠮᠠᠰᠢ ᠴᠢᠩᠭ᠎ᠠ ᠶᠣᠮ ᠰᠠᠨ᠃ ᠬᠠᠮᠢᠶᠠᠷᠣᠯᠳᠠ ᠶᠢᠨ ᠲᠠᠯ᠎ᠠ ᠪᠠᠷ | ᠯᠾᠠᠰᠠ ᠶᠢᠨ ᠭᠤᠷᠪᠠᠨ ᠶᠡᠭᠡ ᠬᠡᠶᠢᠳ ᠢᠶᠠᠷ ᠲᠠᠭᠤᠷᠢᠶᠠᠯ ᠪᠣᠯᠭᠠᠵᠣ ᠪᠠᠶᠢᠬᠰᠠᠨ ᠠᠴᠠ ᠬᠡᠳᠣᠨ ᠠᠷᠪᠠ ᠪᠣᠶᠣ ᠬᠡᠳᠣᠨ ᠵᠠᠭᠤᠨ ᠯᠠᠮᠠ ᠬᠤᠸᠠᠷᠠᠭ ᠲᠠᠢ ᠬᠦᠷᠢᠶ᠎ᠡ | ᠬᠡᠪᠴᠢᠶ᠎ᠡ ᠪᠠᠭᠠᠬᠠᠨ ᠬᠡᠶᠢᠳ ᠰᠦᠮ᠎ᠡ ᠲᠡᠭᠦᠨ ᠲᠠᠢ ᠠᠳᠠᠯᠢᠳᠬᠠᠬᠤ ᠶᠢᠨ ᠠᠷᠭ᠎ᠠ ᠦᠭᠡᠢ᠃ ᠬᠡᠨ ᠬᠦᠮᠦᠨ ᠭᠡᠰᠡᠨ ᠦᠭᠡᠢ ᠰᠦᠮ᠎ᠡ ᠶᠢᠨ ᠲᠦᠷᠢᠮ ᠰᠠᠬᠢᠯᠭ᠎ᠠ ᠶᠢ | ᠦᠴᠦᠬᠡᠨ ᠲᠡᠳᠣᠢ ᠵᠦᠷᠢᠴᠡᠵᠣ ᠪᠣᠯᠬᠤ ᠦᠭᠡᠢ᠃ ᠯᠠᠮᠠ ᠬᠤᠸᠠᠷᠠᠭ ᠲᠠᠭᠠᠨ ᠬᠠᠶᠢᠷᠠᠲᠠᠢ᠂ ᠡᠳᠣᠷ ᠲᠣᠳᠣᠮ ᠤᠨ ᠠᠮᠢᠳᠣᠷᠠᠯ ᠢ ᠨᠢ ᠴᠠᠭ ᠢᠮᠠᠭᠳᠠ ᠬᠠᠯᠠᠮᠵᠢᠯᠠᠨ | ᠬᠠᠷᠠᠭᠠᠯᠵᠠᠵᠣ ᠪᠠᠶᠢᠭᠰᠠᠨ ᠨᠢ᠂ ᠰᠦᠮ᠎ᠡ ᠶᠢᠨ ᠬᠦᠭᠵᠢᠨ ᠮᠠᠨᠳᠣᠬᠤ ᠶᠢᠨ ᠵᠠᠶᠢᠯᠠᠰᠢ ᠦᠭᠡᠢ ᠦᠨᠳᠣᠰᠣ ᠰᠣᠷᠪᠣᠯᠵᠢ ᠣᠷᠢᠳᠠᠯ ᠨᠦᠬᠦᠴᠡᠯ ᠪᠣᠯᠵᠣ ᠪᠠᠶᠢᠭᠰᠠᠨ ᠶᠣᠮ᠃ | ᠡᠨᠡ ᠨᠢ ᠮᠦᠨ ᠴᠥ ᠯᠾᠠᠷᠡᠮᠪᠠ ᠭᠡᠭᠡᠨ ᠤ ᠪᠣᠷᠬᠠᠨ ᠤ ᠣᠷᠣᠨ ᠲᠦᠪᠡᠳ ᠲᠤ ᠪᠠᠶᠢᠬᠤ ᠳᠤ ᠪᠠᠨ ᠰᠠᠶᠢᠨ ᠰᠣᠷᠴᠣ᠂ ᠨᠣᠮ ᠰᠣᠳᠣᠷ ᠲᠤ ᠪᠠᠨ ᠴᠠᠭᠠᠷᠠᠵᠣ ᠨᠡᠪᠳᠡᠷᠡᠭᠰᠠᠨ | ᠲᠡᠭᠡᠳᠣ ᠰᠣᠷᠠᠨᠠᠢ ᠶᠢᠨ ᠯᠠᠮᠠ ᠬᠤᠸᠠᠷᠠᠭ ᠪᠣᠯᠣᠭᠰᠠᠨ ᠪᠠ ᠲᠡᠭᠦᠨ ᠤ ᠣᠶᠣᠨ ᠲᠠᠷᠢᠬᠢ ᠪᠠᠨ ᠰᠢᠪᠬᠠᠵᠣ ᠦᠪᠡᠷ ᠪᠡᠶ᠎ᠡ ᠪᠠᠨ ᠵᠦᠳᠡᠭᠡᠨ ᠴᠢᠷᠮᠠᠶᠢᠨ ᠬᠠᠮᠢᠶᠠᠷᠤᠭᠰᠠᠨ ᠲᠠᠢ | ᠰᠢᠭᠤᠳ ᠬᠤᠯᠪᠣᠭᠳᠠᠯ ᠲᠠᠢ ᠶᠣᠮ᠃ ᠰᠦᠮ᠎ᠡ ᠶᠢᠨ ᠲᠦᠷᠢᠮ ᠲᠣᠭᠳᠠᠭᠠᠯ ᠢᠶᠠᠨ ᠨᠠᠷᠢᠨ ᠲᠣᠳᠣᠷᠬᠠᠢ ᠲᠣᠭᠳᠠᠭᠠᠵᠣ᠂ ᠡᠳᠣᠷ ᠲᠣᠳᠣᠮ ᠤᠨ ᠠᠮᠢᠳᠣᠷᠠᠯ ᠲᠣᠮᠳᠠ ᠪᠠᠨ | ᠴᠢᠩᠭ᠎ᠠ ᠨᠢᠮᠪᠠᠢ ᠬᠡᠷᠡᠭᠵᠢᠭᠦᠯᠳᠡᠭ᠃ ᠨᠢᠭᠡ᠂ ᠠᠮᠢ ᠬᠤᠷᠣᠭᠠᠬᠤ ᠦᠭᠡᠢ︔ ᠬᠤᠶᠠᠷ᠂ ᠬᠤᠯᠠᠭᠠᠶᠢᠯᠠᠨ ᠲᠡᠭᠡᠷᠡᠮᠳᠡᠬᠦ ᠦᠭᠡᠢ︔ ᠭᠤᠷᠪᠠ᠂ ᠬᠤᠳᠠᠯ ᠬᠠᠭᠤᠮᠠᠭᠠᠢ | ᠶᠠᠪᠣᠬᠤ ᠦᠭᠡᠢ︔ ᠲᠦᠷᠪᠡ᠂ ᠠᠷᠢᠬᠢ ᠲᠠᠷᠠᠰᠣ ᠡᠳ᠋ᠯᠡᠬᠦ ᠦᠭᠡᠢ︔ ᠲᠠᠪᠤ᠂ ᠲᠠᠮᠠᠬᠢ ᠲᠠᠳᠠᠬᠤ ᠦᠭᠡᠢ︔ ᠵᠢᠷᠭᠤᠭ᠎ᠠ᠂ ᠭᠡᠷᠭᠡᠢ ᠡᠬᠡᠨᠡᠷ ᠠᠪᠬᠤ ᠦᠭᠡᠢ︔ ᠲᠣᠯᠤᠭ᠎ᠠ᠂ | ᠮᠠᠭᠤ ᠣᠴᠢᠷ ᠶᠠᠪᠣᠳᠠᠯ ᠦᠢᠯᠡᠳᠬᠦ ᠦᠭᠡᠢ︔ ᠨᠠᠢᠮᠠ᠂ ᠲᠣᠣᠷᠠᠳᠣ ᠲᠡᠰ ᠤᠨ ᠨᠠᠵᠠᠭᠠᠢ ᠲᠣᠷ᠎ᠠ ᠰᠣᠨᠢᠷᠬᠠᠯ ᠪᠠᠶᠢᠵᠣ ᠪᠣᠯᠬᠤ ᠦᠭᠡᠢ︔ ᠶᠢᠰᠣ᠂ ᠨᠠᠵᠠᠭᠠᠢ ᠵᠠᠮ ᠢᠶᠠᠷ | ᠶᠠᠪᠣᠵᠣ ᠪᠣᠯᠬᠤ ᠦᠭᠡᠢ︔ ᠠᠷᠪᠠ᠂ ᠪᠣᠰᠣᠳ ᠲᠤ ᠬᠤᠣᠷ ᠦᠢᠯᠡᠳᠬᠦ ᠦᠭᠡᠢ᠃ ᠬᠡᠨ ᠬᠦᠮᠦᠨ ᠰᠠᠬᠢᠯᠭ᠎ᠠ ᠲᠦᠷᠢᠮ ᠢ ᠵᠦᠷᠢᠴᠡᠪᠡᠯ ᠬᠦᠨᠳᠦ ᠬᠦᠩᠬᠡᠨ ᠢ ᠨᠢ | ᠦᠵᠡᠵᠣ ᠪᠠᠶᠢᠭᠠᠳ ᠶᠠᠯᠠᠳᠠᠨ ᠰᠢᠢᠳᠭᠡᠨ᠎ᠡ᠃ ᠬᠦᠩᠬᠡᠨ ᠢ ᠨᠢ ᠵᠠᠨᠴᠢᠬᠤ᠂ ᠬᠠᠷ᠎ᠠ ᠠᠵᠢᠯ ᠬᠢᠯᠭᠡᠨ᠎ᠡ᠃ ᠬᠦᠨᠳᠦ ᠶᠢ ᠨᠢ ᠰᠦᠮ᠎ᠡ ᠠᠴᠠ ᠬᠦᠭᠡᠭᠡᠬᠦ᠂ ᠬᠦᠮᠦᠨ | ᠠᠯᠠᠭᠰᠠᠨ ᠶᠠᠯᠠᠳᠠᠨ ᠢ ᠲᠡᠭᠡᠳᠣ ᠵᠠᠰᠠᠭ ᠲᠤ ᠮᠡᠳᠡᠭᠦᠯᠦᠨ ᠲᠣᠰᠢᠶᠠᠨ᠎ᠠ᠃ | ᠪᠠᠶᠠᠨ ᠮᠣᠷᠣᠢ ᠶᠢᠨ ᠰᠦᠮ᠎ᠡ ᠨᠢ ᠨᠡᠯᠢᠶᠡᠳ ᠲᠡᠭᠦᠯᠳᠡᠷ ᠵᠠᠰᠠᠭ ᠵᠠᠬᠢᠷᠭ᠎ᠠ ᠲᠠᠢ ᠪᠠᠶᠢᠭᠰᠠᠨ ᠶᠣᠮ᠃ ᠴᠦᠢᠷᠸᠠ ᠷᠠᠰᠠᠩ ᠤᠨ ᠰᠢᠷᠡᠭᠡ ᠯᠠᠮᠠ ᠶᠢ ᠷᠠᠰᠠᠩ ᠯᠠᠮᠠ ︵ | ᠰᠦᠮ᠎ᠡ ᠪᠠᠷᠠᠭᠳᠠᠬᠤ ᠶᠢᠨ ᠦᠶ᠎ᠡ ᠳᠤ ᠭᠦᠣᠰᠢ ᠯᠠᠮᠠ ᠡᠨᠡ ᠲᠣᠰᠢᠶᠠᠯ ᠳᠤ ᠪᠠᠶᠢᠪᠠ︶ ᠭᠡᠬᠦ᠃ ᠮᠠᠷᠠᠮᠪᠠ ᠷᠠᠰᠠᠩ ᠤᠨ ᠰᠢᠷᠡᠭᠡ ᠯᠠᠮᠠ ᠶᠢ ᠮᠠᠷᠠᠮᠪᠠ ᠯᠠᠮᠠ ︵ᠰᠦᠮ᠎ᠡ | ᠪᠠᠷᠠᠭᠳᠠᠬᠤ ᠶᠢᠨ ᠦᠶ᠎ᠡ ᠷᠠᠰᠢᠰᠧᠷᠡᠩ ᠡᠨᠡ ᠲᠣᠰᠢᠶᠠᠯ ᠳᠤ ᠪᠠᠶᠢᠭᠰᠠᠨ︶ ᠭᠡᠬᠦ᠃ ᠵᠣᠳᠪᠠ ᠷᠠᠰᠠᠩ ᠤᠨ ᠰᠢᠷᠡᠭᠡ ᠯᠠᠮᠠ ᠶᠢ ᠰᠤᠷᠠᠮᠪᠠ ᠯᠠᠮᠠ ︵ᠰᠦᠮ᠎ᠡ ᠲᠠᠭᠤᠰᠬᠤ | ᠦᠶ᠎ᠡ ᠲᠠᠮᠷᠢᠨᠵᠠᠪ ᠡᠨᠡ ᠲᠣᠰᠢᠶᠠᠯ ᠳᠤ ᠪᠠᠶᠢᠭᠰᠠᠨ︶ ᠭᠡᠬᠦ᠃ ᠵᠢᠷᠣᠬᠠᠢ ᠰᠠᠩ ᠤᠨ ᠰᠢᠷᠡᠭᠡ ᠯᠠᠮᠠ ᠶᠢ ᠲᠣᠷᠳᠣᠨᠱᠣᠩᠪᠠ ᠯᠠᠮᠠ ︵ᠨᠠᠷᠠᠭ ᠤᠨ ᠭᠡᠭᠡᠨ ᠲᠣᠰ | ᠲᠣᠰᠢᠶᠠᠯ ᠳᠤ ᠪᠠᠶᠢᠭᠰᠠᠨ︶ ᠭᠡᠬᠦ ᠮᠡᠳᠣ ᠶᠢᠨ ᠣᠯᠠᠨ ᠯᠠᠮᠠ ᠪᠠᠶᠢᠭᠰᠠᠨ ᠪᠢᠯᠡ᠃ ᠪᠦᠬᠦ ᠰᠦᠮ᠎ᠡ ᠳᠤ ᠪᠠᠨ ᠵᠠᠰᠠᠭ ᠳ᠋ᠡ ᠯᠠᠮᠠ᠂ ᠳ᠋ᠠ ᠯᠠᠮᠠ᠂ ᠭᠡᠪᠭᠦᠢ᠂ ᠲᠡᠮᠴᠢ ᠲᠠᠢ᠃ | ᠡᠳᠡᠭᠡᠷ ᠯᠠᠮᠠ ᠨᠢ ᠭᠡᠭᠡᠨ ᠢᠶᠠᠨ ᠬᠠᠪᠰᠣᠷᠴᠣ ᠰᠦᠮ᠎ᠡ ᠶᠢᠨ ᠢᠶᠠᠨ ᠡᠳᠣᠷ ᠲᠣᠳᠣᠮ ᠤᠨ ᠠᠮᠢᠳᠣᠷᠠᠯ ᠤᠨ ᠲᠣᠮᠳᠠᠬᠢ ᠬᠡᠷᠡᠭ ᠶᠠᠪᠣᠳᠠᠯ ᠢ ᠬᠠᠷᠢᠭᠤᠴᠠᠨ᠎ᠠ᠃ ᠯᠠᠮᠠ | ᠬᠤᠸᠠᠷᠠᠭ ᠨᠡᠭᠦᠵᠦ ᠭᠠᠷᠬᠤ ᠪᠤᠶᠦ ᠤᠷᠤᠵᠤ ᠢᠷᠡᠭᠦ ᠲᠤᠭ᠎ᠠ ᠨᠣᠷᠮ᠎ᠠ ᠶᠢᠨ ᠨᠡᠮᠡᠭᠳᠡᠵᠤ ᠬᠠᠰᠣᠭᠳᠠᠬᠤ ᠪᠣᠶᠣ ᠭᠠᠢ ᠭᠠᠮᠰᠢᠭ ᠭᠠᠷᠬᠤ ᠶᠢ ᠰᠡᠷᠭᠡᠶᠢᠯᠡᠬᠦ᠂ ᠰᠠᠬᠢᠯ | ᠲᠦᠷᠢᠮ ᠢ ᠡᠪᠳᠡᠭᠰᠡᠳ ᠢ ᠰᠢᠢᠳᠭᠡᠬᠦ ᠪᠠ ᠲᠡᠭᠡᠳᠣ ᠱᠠᠳᠣᠨ ᠳᠤ ᠲᠣᠰᠢᠶᠠᠬᠤ ᠵᠡᠷᠭᠡ ᠦᠢᠯᠡ ᠶᠢ ᠭᠦᠢᠴᠡᠳᠭᠡᠨ᠎ᠡ᠃ ᠭᠡᠪᠭᠦᠢ ᠯᠠᠮᠠ ᠳᠤ ᠴᠤᠭᠴᠢᠨ ᠭᠡᠪᠭᠦᠢ ᠪᠠ | ᠷᠠᠰᠠᠩ ᠭᠡᠪᠭᠦᠢ ᠭᠡᠵᠦ ᠪᠠᠶᠢᠳᠠᠭ ᠪᠦᠭᠡᠳ ᠡᠯ᠎ᠡ ᠷᠠᠰᠠᠩ ᠤᠨ ᠲᠣᠰᠢᠶᠠᠯ ᠳᠤ ᠨᠢᠭᠡ ᠵᠢᠯ ᠪᠠᠶᠢᠵᠣ᠂ ᠴᠣᠭᠴᠢᠨ ᠭᠡᠪᠭᠦᠢ ᠭᠤᠷᠪᠠᠨ ᠵᠢᠯ ᠬᠠᠷᠢᠭᠤᠴᠠᠨ᠎ᠠ᠃ ᠵᠢᠯ | ᠪᠦᠷᠢ ᠶᠢᠨ ᠠᠷᠪᠠᠨ ᠰᠠᠷ᠎ᠠ ᠶᠢᠨ ᠬᠤᠷᠢᠨ ᠲᠠᠪᠣᠨ ᠪᠣᠯ ᠬᠠᠣᠯᠢ ᠪᠠᠷ ᠡᠭᠡᠯᠵᠢ ᠰᠣᠯᠢᠬᠤ ᠡᠳᠣᠷ ᠪᠣᠯᠣᠨ᠎ᠠ᠃ ᠭᠡᠪᠭᠦᠢ ᠯᠠᠮᠠ ᠨᠢ ᠰᠦᠮ᠎ᠡ ᠶᠢᠨ ᠰᠠᠬᠢᠯᠭ᠎ᠠ ᠲᠦᠷᠢᠮ ᠢ | ᠪᠠᠶᠢᠴᠠᠭᠠᠨ ᠬᠡᠷᠡᠭᠵᠢᠭᠦᠯᠬᠦ ᠡᠭᠦᠷᠭᠡ ᠬᠠᠷᠢᠭᠤᠴᠠᠯᠭ᠎ᠠ ᠲᠠᠢ᠃ ᠡᠳᠣᠷ ᠪᠦᠷᠢ ᠶᠢᠨ ᠬᠤᠷᠠᠯ ᠤᠨ ᠬᠦᠮᠦᠰ ᠢ ᠪᠦᠷᠢᠳᠭᠡᠬᠦ᠂ ᠣᠴᠢᠷ ᠶᠠᠪᠣᠳᠠᠯ ᠲᠠᠢ ᠳᠤ ᠨᠢ ᠴᠢᠯᠦᠭᠡ | ᠵᠦᠪᠰᠢᠶᠡᠷᠡᠬᠦ᠂ ᠦᠳᠡᠰᠢ ᠣᠷᠣᠢ ᠭᠡᠷ ᠭᠡᠷ ᠢᠶᠠᠷ ᠪᠠᠶᠢᠴᠠᠭᠠᠵᠣ ᠨᠡᠷᠡᠰ ᠤᠨ ᠪᠦᠷᠢᠳᠭᠡᠯ ᠬᠢᠬᠦ ᠵᠡᠷᠭᠡ ᠪᠣᠯᠣᠨ᠎ᠠ᠃ ᠭᠡᠪᠭᠦᠢ ᠶᠢᠨ ᠬᠠᠪᠰᠣᠷᠣᠭᠴᠢ ᠶᠢ ᠬᠡᠶᠤᠭ ᠭᠡᠳᠡᠭ | ᠪᠢᠯᠡ᠃ ᠤᠮᠵᠠᠳ ᠯᠠᠮᠠ ᠨᠢ ᠨᠣᠮ ᠣᠳᠣᠷᠢᠳᠣᠨ ᠣᠩᠰᠢᠬᠤ ᠲᠣᠯᠠ ᠨᠣᠮ ᠳᠤ ᠪᠠᠨ ᠨᠡᠪᠳᠡᠷᠡᠭᠰᠡᠨ ᠰᠠᠶᠢᠨ ᠬᠤᠭᠤᠯᠠᠢ ᠲᠠᠢ ᠯᠠᠮᠠ ᠪᠠᠶᠢᠬᠤ ᠬᠡᠷᠡᠭᠳᠡᠢ᠃ ᠭᠤᠨᠢᠷ | ᠯᠠᠮᠠ ᠨᠢ ᠨᠣᠮ ᠰᠣᠳᠣᠷ ᠢᠶᠠᠨ ᠲᠢᠭᠯᠡᠨ ᠡᠮᠬᠢᠳᠭᠡᠵᠣ᠂ ᠪᠣᠷᠬᠠᠨ ᠳᠤ ᠬᠦᠵᠢ ᠵᠣᠯᠠ ᠡᠷᠭᠦᠬᠦ ᠪᠠ ᠪᠣᠷᠬᠠᠨ ᠤ ᠭᠡᠷ ᠤᠨ ᠠᠷᠢᠭᠤᠨ ᠴᠡᠪᠡᠷ ᠢ ᠭᠦᠢᠴᠡᠳᠭᠡᠳᠡᠭ᠃ | ᠲᠡᠭᠦᠨ ᠤ ᠲᠣᠣᠷ᠎ᠠ ᠭᠡᠯᠡᠪ ᠯᠠᠮᠠ ᠭᠡᠵᠣ ᠪᠠᠶᠢᠳᠠᠭ ᠪᠦᠭᠡᠳ ᠲᠡᠷᠡ ᠨᠢ ᠵᠣᠯᠠ ᠶᠢᠨ ᠲᠣᠰᠣ ᠶᠢ ᠬᠠᠮᠢᠶᠠᠷᠳᠠᠭ᠃ ᠱᠠᠩᠽᠠᠳ ︵ᠱᠠᠩᠰᠠᠳ︶ ᠯᠠᠮᠠ ᠰᠦᠮ᠎ᠡ ᠶᠢᠨ ᠡᠳ᠋ | ᠪᠠᠷᠠᠭ᠎ᠠ᠂ ᠠᠵᠣ ᠠᠮᠢᠳᠣᠷᠠᠯ᠂ ᠭᠠᠳᠠᠭᠠᠳᠣ ᠲᠠᠢ ᠬᠠᠷᠢᠯᠴᠠᠬᠤ ᠵᠡᠷᠭᠡ ᠶᠢ ᠬᠠᠷᠢᠭᠤᠴᠠᠳᠠᠭ᠃ ᠲᠡᠮᠴᠢ ᠨᠢ ᠭᠤᠣᠯᠳᠠᠭᠤ ᠰᠦᠮ᠎ᠡ ᠶᠢᠨ ᠡᠳᠣᠷ ᠲᠣᠳᠣᠮ ᠤᠨ ᠬᠡᠷᠡᠭ | ᠶᠠᠪᠣᠳᠠᠯ ᠪᠣᠯᠣᠨ ᠪᠢᠴᠢᠭᠡᠴᠢ ᠶᠢᠨ ᠠᠵᠢᠯ ᠢ ᠬᠠᠷᠢᠭᠤᠴᠠᠳᠠᠭ᠃ ᠳ᠋ᠤᠨᠢᠷ ᠨᠢ ᠰᠦᠮ᠎ᠡ ᠶᠢᠨ ᠡᠳ᠋ ᠪᠠᠷᠠᠭ᠎ᠠ ᠲᠠᠩᠰᠠ ᠶᠢ ᠬᠠᠮᠢᠶᠠᠷᠳᠠᠭ᠃ ᠵᠠᠮ᠎ᠠ ᠯᠠᠮᠠ ᠨᠢ ᠰᠦᠮ᠎ᠡ ᠶᠢᠨ | ᠬᠤᠭᠤᠯᠠ ᠴᠠᠢ ᠶᠢ ᠭᠦᠢᠴᠡᠳᠭᠡᠳᠡᠭ ᠪᠦᠭᠡᠳ ᠰᠦᠮ᠎ᠡ ᠶᠢᠨ ᠶᠠᠪᠣᠳᠠᠯ ᠤᠨ ᠲᠣᠳᠠᠭᠳᠠᠵᠣ ᠪᠣᠯᠣᠰᠢ ᠦᠭᠡᠢ ᠭᠡᠰᠢᠭᠦᠨ ᠪᠣᠯᠣᠨ᠎ᠠ᠃ | ᠴᠣᠭᠴᠢᠨ ᠲᠤᠭᠠᠩ ᠤᠨ ᠪᠠᠷᠠᠭᠤᠨ ᠲᠣᠣᠷ᠎ᠠ ᠴᠢᠬᠢᠨ ᠭᠡᠷ ᠲᠤ ᠬᠡᠳᠣᠨ ᠮᠠᠩᠵᠠᠨ ᠲᠣᠭᠤᠭ᠎ᠠ ᠲᠣᠯᠵᠣ᠂ ᠨᠢᠭᠡ ᠮᠠᠩᠵᠠᠨ ᠲᠣᠭᠤᠭ᠎ᠠ ᠳᠤ ᠨᠢᠭᠡ ᠪᠦᠳᠦᠭᠦᠨ | ᠦᠬᠡᠷ ᠢ ᠬᠡᠳᠦᠬᠡᠨ ᠬᠡᠰᠡᠭᠯᠡᠭᠡᠳ ᠬᠢᠪᠡᠯ ᠨᠢᠭᠡ ᠯᠡ ᠪᠣᠴᠠᠯᠣᠭᠰᠠᠭᠠᠷ ᠮᠢᠬ᠎ᠠ ᠨᠢ ᠪᠦᠷ ᠰᠢᠷᠬᠡᠭ ᠪᠣᠯᠴᠢᠬᠠᠳᠠᠭ ᠶᠣᠮ᠃ ᠶᠠᠰᠣ ᠶᠢ ᠨᠢ ᠱᠦᠭᠦᠵᠣ ᠠᠪᠣᠭᠠᠳ | ᠱᠦᠯᠦᠨ ᠳᠤ ᠨᠢ ᠲᠣᠬᠠᠪᠠ ᠴᠢᠨᠠᠳᠠᠭ ᠪᠢᠯᠡ᠃ ᠰᠦᠮ᠎ᠡ ᠶᠢᠨ ᠵᠡᠭᠦᠨ ᠬᠤᠶᠠᠷ ᠭᠠᠵᠠᠷ ᠢᠯᠡᠭᠦᠦ ᠵᠠᠶᠢᠳᠠᠢ ᠨᠢᠭᠡ ︽ᠶᠠᠰᠣᠨ ᠣᠷᠣᠢ︾ ᠭᠡᠵᠣ ᠪᠠᠶᠢᠳᠠᠭ ᠨᠢ ᠲᠡᠭᠡᠵᠣ | ᠪᠦᠷᠢᠯᠳᠣᠨ ᠢᠩᠭᠢᠵᠣ ᠨᠡᠷᠡᠯᠡᠭᠰᠡᠨ ᠪᠣᠯᠣᠯᠳᠠᠢ᠃ | ᠭᠡᠭᠡᠨ ᠬᠤᠳᠣᠭᠳᠣ ᠶᠢᠨ ᠣᠷᠳᠣᠨ ᠳᠤ᠂ ᠳ᠋ᠤᠨᠢᠷ ᠨᠢᠭᠡ ᠬᠦᠮᠦᠨ᠂ ᠰᠦᠢᠪᠥᠨ ︵ᠪᠠᠰᠠ ᠰᠤᠯᠪᠤᠨ ᠬᠡᠳᠡᠭ︶ ᠬᠤᠶᠠᠷ ᠬᠦᠮᠦᠨ᠂ ᠲᠠᠭᠠᠭᠰᠠᠳ ᠲᠦᠷᠪᠡᠨ | ᠬᠦᠮᠦᠨ᠂ ᠪᠢᠴᠢᠭᠡᠴᠢ ᠨᠢᠭᠡ ᠬᠦᠮᠦᠨ ᠪᠠᠶᠢᠳᠠᠭ᠃ ᠳ᠋ᠤᠨᠢᠷ ᠨᠢ ᠭᠡᠭᠡᠨ ᠤ ᠡᠳᠣᠷ ᠲᠣᠳᠣᠮ ᠤᠨ ᠬᠡᠷᠡᠭᠯᠡᠬᠦ ᠨᠣᠮ ᠰᠣᠳᠣᠷ᠂ ᠡᠮ ᠲᠣᠮ ᠢ ᠬᠠᠮᠢᠶᠠᠷᠴᠣ᠂ ᠰᠦᠢᠪᠥᠨ ᠨᠢ | ᠲᠦᠷᠪᠡᠨ ᠣᠯᠠᠷᠢᠯ ᠤᠨ ᠬᠤᠪᠴᠠᠰᠣ ᠬᠤᠨᠠᠷ᠂ ᠵᠠᠷᠣᠳᠠᠯ ᠪᠠᠷᠢᠳᠠᠯ ᠢ ᠪᠡᠯᠡᠳᠭᠡᠨ ᠬᠠᠮᠢᠶᠠᠷᠴᠣ᠂ ᠲᠠᠭᠠᠭᠰᠠᠳ ᠨᠢ ᠭᠡᠭᠡᠨ ᠤ ᠶᠠᠪᠣᠵᠣ ᠰᠠᠭᠤᠬᠤ ᠲᠡᠷᠭᠡ ᠬᠦᠰᠭᠡ ᠶᠢ | ᠪᠡᠯᠡᠳᠭᠡᠨ ᠬᠠᠮᠢᠶᠠᠷᠳᠠᠭ ᠪᠦᠭᠡᠳ ᠴᠠᠭ ᠮᠦᠴᠡ ᠰᠠᠯᠣᠯ ᠦᠭᠡᠢ ᠲᠠᠭᠠᠳᠠᠭ᠃ ᠭᠡᠭᠡᠨ ᠤ ᠭᠠᠳᠠᠷ ᠰᠠᠩ ᠳᠤ ᠪᠣᠰᠣᠳ ᠰᠠᠩ ᠤᠳ ᠲᠠᠢ ᠠᠳᠠᠯᠢ ︵ᠡᠯ᠎ᠡ ᠷᠠᠰᠠᠩ᠂ | ᠴᠦᠢᠵᠢᠩ ᠤᠨ ᠰᠦᠮ᠎ᠡ ᠨᠢ ᠪᠦᠷ ᠲᠣᠳᠣᠷ ᠭᠠᠳᠠᠷ ᠬᠡᠳᠣᠨ ᠰᠠᠩ ᠲᠠᠢ︶ ᠬᠤᠪᠢ ᠬᠦᠮᠦᠨ ᠤ ᠠᠵᠣ ᠠᠬᠤᠢ ᠠᠮᠢᠳᠣᠷᠠᠯ ᠤᠨ ᠣᠴᠢᠷ ᠶᠠᠪᠣᠳᠠᠯ ᠢᠶᠠᠨ ᠬᠠᠮᠢᠶᠠᠷᠳᠠᠭ᠃ | ᠭᠤᠣᠯ ᠬᠠᠷᠢᠭᠤᠴᠠᠯᠭᠠᠳᠠᠳ ᠨᠢ ᠱᠠᠩᠽᠠᠳ᠂ ᠲᠡᠮᠴᠢ᠂ ᠲᠢᠪ᠂ ᠪᠢᠴᠢᠭᠡᠴᠢ᠂ ᠨᠢᠷᠪᠠ ︵ᠲᠠᠮᠠᠭᠠᠨ ᠨᠢᠷᠪᠠ᠂ ᠭᠠᠳᠠᠭᠰᠢ ᠭᠦᠶᠦᠬᠦ ᠨᠢᠷᠪᠠ ᠭᠡᠵᠣ ᠬᠤᠪᠢᠶᠠᠨ᠎ᠠ︶ ᠭᠡᠵᠣ | ᠪᠠᠶᠢᠳᠠᠭ᠃ | ᠪᠠᠶᠠᠨ ᠮᠣᠷᠣᠢ ᠶᠢᠨ ᠰᠦᠮ᠎ᠡ ᠶᠢᠨ ᠯᠠᠮᠠ ᠬᠤᠸᠠᠷᠠᠭ ᠤᠨ ᠴᠣᠯᠠ ᠮᠢᠨᠳᠠᠭ ᠲᠤ᠂ ᠭᠡᠭᠡᠨ ᠢᠶᠠᠨ ᠲᠡᠳ᠋ᠯᠡᠪᠡᠯ ᠭᠠᠪᠵᠣ ᠯᠠᠮᠠ ︵ᠪᠠᠭ᠎ᠠ ᠰᠦᠮ᠎ᠡ ᠶᠢ ᠪᠣᠯ ᠭᠠᠪᠵᠣ | ᠯᠠᠮᠠ ᠬᠠᠷᠢᠭᠤᠴᠠᠳᠠᠭ︶᠂ ᠴᠣᠷᠵᠢ ᠯᠠᠮᠠ ︵ᠡᠷᠳᠡᠮ ᠨᠤᠮ ᠳᠤ ᠨᠡᠪᠲᠡᠷᠡᠭᠰᠡᠨ ᠯᠠᠮᠠ︶᠂ ᠭᠡᠯᠣᠩ ᠯᠠᠮᠠ ︵ᠬᠤᠷᠢᠨ ᠨᠠᠰᠤᠨ ᠠᠴᠠ ᠲᠡᠬᠡᠭᠰᠢᠬᠢ ᠬᠤᠸᠠᠷᠠᠬ︶᠂ | ᠯᠣᠣᠰᠪᠠ ᠯᠠᠮᠠ ︵ᠣᠷᠴᠢᠭᠤᠯᠣᠭᠴᠢ ᠯᠠᠮᠠ︶᠂ ᠲᠦᠢᠨ ᠯᠠᠮᠠ ︵ᠨᠣᠶᠠᠳ ᠲᠠᠶᠢᠵᠢ ᠶᠢᠨ ᠬᠡᠥᠬᠡᠳ ᠯᠠᠮᠠ ᠬᠤᠸᠠᠷᠠᠭ ᠪᠣᠯᠪᠠᠯ ᠢᠩᠭᠢᠵᠣ ᠲᠠᠭᠤᠳᠠᠳᠠᠭ︶ ᠭᠡᠬᠦ ᠮᠡᠳᠣ | ᠪᠠᠶᠢᠪᠠ᠃ ᠪᠦᠷᠢᠶ᠎ᠡ ᠪᠢᠰᠭᠢᠭᠦᠷ ᠦᠯᠢᠶᠡᠭᠴᠢᠳ ᠢ ᠨᠢᠰᠴᠢᠨ ︵ᠬᠦᠭᠵᠢᠮᠴᠢᠨ︶ ᠯᠠᠮᠠ ᠭᠡᠳᠡᠭ᠃ ᠰᠣᠭᠨᠠᠮ ᠪᠣᠰᠬᠤ ᠴᠦᠢᠷᠸᠠ ᠷᠠᠰᠠᠩ ᠢ ᠵᠢᠷᠭᠤᠭᠠᠨ ᠰᠠᠷ᠎ᠠ ᠶᠢᠨ | ᠬᠤᠷᠢᠨ ᠲᠠᠪᠣᠨ ᠳᠤ᠂ ᠴᠣᠭᠴᠢᠨ ᠢ ᠲᠣᠯᠣᠭᠠᠨ ᠰᠠᠷ᠎ᠠ ᠶᠢᠨ ᠰᠢᠨ᠎ᠡ ᠶᠢᠨ ᠨᠢᠭᠡᠨ ᠳᠤ ᠬᠢᠳᠡᠭ᠃ ᠰᠢᠷᠡᠭᠡ ᠯᠠᠮᠠ ᠪᠣᠶᠣ ᠭᠠᠪᠵᠤ ᠴᠣᠷᠵᠢ ᠶᠢᠨ ᠠᠰᠠᠭᠤᠯᠳᠠ ᠶᠢ | ᠠᠮᠠ ᠪᠠᠷ ᠬᠠᠷᠢᠭᠤᠯᠣᠨ ᠶᠠᠷᠢᠯᠴᠠᠨ ᠰᠢᠯᠭᠠᠷᠠᠭᠤᠯᠳᠠᠭ᠃ ᠡᠩ ᠤᠨ ᠪᠠᠶᠢᠳᠠᠯ ᠳᠤ ᠠᠷᠪᠠᠨ ᠲᠠᠪᠤ ᠠᠴᠠ ᠬᠤᠷᠢᠨ ᠵᠢᠯ ᠰᠣᠷᠣᠯᠴᠠᠪᠠᠯ ᠰᠠᠶ᠋ᠢ ᠰᠣᠭᠨᠠᠮ ᠪᠣᠰᠣᠨ ᠵᠡᠷᠭᠡ | ᠬᠡᠷᠬᠡᠮ ᠲᠡᠪᠰᠢᠳᠡᠭ ᠪᠠᠶᠢᠨ᠎ᠠ᠃ ᠪᠠᠰᠠ ᠰᠣᠭᠨᠠᠮ ᠪᠣᠰᠣᠨ ᠵᠡᠷᠭᠡ ᠲᠡᠪᠰᠢᠭᠰᠡᠨ ᠬᠦᠮᠦᠨ ᠨᠢ ᠦᠪᠡᠷ ᠤᠨ ᠰᠦᠢᠳᠭᠡᠯ ᠢᠶᠠᠷ ᠢᠶᠠᠨ ᠨᠠᠶᠢᠷ ᠬᠢᠵᠣ ᠣᠯᠠᠨ ᠢ ᠪᠠᠶᠠᠰᠬᠠᠳᠠᠭ᠃ | | ᠪᠠᠶᠠᠨ ᠮᠣᠷᠣᠢ ᠶᠢᠨ ᠰᠦᠮ᠎ᠡ ᠶᠢᠨ ᠨᠣᠮ ᠤᠨ ᠬᠤᠷᠠᠯ ᠨᠢ ᠲᠦᠪᠡᠳ ᠤᠨ ᠰᠠᠯᠠ ᠬᠡᠶᠢᠳ ᠢ ᠲᠠᠭᠤᠷᠢᠶᠠᠨ᠂ ᠵᠢᠯ ᠳᠤ ᠲᠦᠷᠪᠡᠨ ᠶᠡᠭᠡ ᠬᠤᠷᠠᠯ ᠲᠠᠢ᠃ | ᠬᠠᠪᠣᠷ ᠤᠨ ᠴᠠᠭᠠᠨ ᠰᠠᠷ᠎ᠠ ᠶᠢᠨ ᠰᠢᠨ᠎ᠡ ᠶᠢᠨ ᠨᠠᠢᠮᠠᠨ ᠠᠴᠠ ᠠᠷᠪᠠᠨ ᠲᠦᠷᠪᠡᠨ ᠪᠣᠯᠳᠠᠯ᠎ᠠ᠂ ᠭᠤᠣᠯᠳᠠᠭᠤ ᠪᠣᠷᠬᠠᠨ ᠤ ᠵᠠᠩᠴᠢ ᠵᠣᠯᠠ ᠶᠢᠨ ᠨᠣᠮ ᠤᠨ ᠬᠤᠷᠠᠯ ᠪᠣᠯᠳᠠᠭ᠃ | ᠲᠣᠰ ᠬᠤᠷᠠᠯ ᠳᠤ ᠭᠡᠭᠡᠨ ᠤ ᠨᠡᠷ᠎ᠡ ᠴᠣᠯᠠ ᠲᠠᠢ ᠯᠠᠮᠠ ᠨᠠᠷ ᠤᠨ ᠬᠡᠷᠡᠭᠯᠡᠵᠣ ᠦᠩᠭᠡᠷᠡᠭᠰᠡᠨ ᠨᠣᠮ ᠰᠣᠳᠣᠷ᠂ ᠬᠤᠩᠬ᠎ᠠ ᠲᠠᠮᠠᠷᠣ᠂ ᠸᠴᠢᠷ ᠵᠡᠷᠭᠡ ᠪᠠ ᠽᠣᠩᠺᠠᠪᠠ᠂ | ᠲᠠᠯᠠᠢ ᠯᠠᠮᠠ᠂ ᠪᠠᠨᠴᠢᠨ ᠡᠷᠳᠡᠨᠢ ᠨᠠᠷ ᠤᠨ ᠬᠡᠷᠡᠭᠯᠡᠵᠣ ᠦᠩᠭᠡᠷᠡᠭᠰᠡᠨ ᠨᠣᠮ ᠰᠣᠳᠣᠷ᠂ ᠮᠠᠯᠠᠭᠠᠢ᠂ ᠭᠤᠳᠣᠯ᠂ ᠬᠠᠮᠠᠷ ᠲᠠᠮᠠᠬᠢᠨ ᠬᠦᠬᠦᠷ᠂ ᠮᠠᠨᠢ ᠪᠣᠷᠬᠠᠨ ᠤ ᠬᠦᠷᠦᠭ᠂ | ᠡᠳ᠋ᠯᠡᠯ ᠬᠡᠷᠡᠭᠰᠡᠯ ᠵᠡᠷᠭᠡ ᠶᠢ ᠲᠡᠯᠭᠡᠨ ᠲᠠᠯᠪᠢᠵᠣ ᠮᠦᠷᠭᠦᠯ ᠬᠢᠯᠭᠡᠳᠡᠭ᠃ ᠲᠣᠰ ᠬᠤᠷᠠᠯ ᠳᠤ ᠵᠠᠭᠤ᠂ ᠮᠢᠩᠭ᠎ᠠ᠂ ᠲᠦᠮᠡ ᠪᠠᠷ ᠵᠣᠯᠠ ᠡᠷᠭᠦᠳᠡᠭ ᠪᠢᠯᠡ᠃ ᠵᠣᠨ ᠤ | ᠵᠢᠷᠭᠤᠭᠠᠨ ᠰᠠᠷ᠎ᠠ ᠶᠢᠨ ᠨᠠᠢᠮᠠᠨ ᠠᠴᠠ ᠠᠷᠪᠠᠨ ᠲᠠᠪᠣᠨ ᠪᠣᠯᠲᠠᠯ᠎ᠠ ᠮᠠᠨᠢ ᠶᠢᠨ ᠬᠤᠷᠠᠯ ᠪᠣᠯᠳᠠᠭ᠃ ᠡᠭᠦᠨ ᠢ ᠪᠠᠰᠠ ︽ᠵᠣᠨ ᠤ ᠰᠠᠬᠢᠯᠭ᠎ᠠ ᠶᠢᠨ ᠪᠠᠶᠠᠷ︾ ᠭᠡᠳᠡᠭ᠃ | ᠪᠣᠳᠢᠰᠠᠳ᠋ᠸ᠎ᠠ ᠶᠢ ᠠᠮᠢᠳᠣ ᠪᠠᠶᠢᠬᠤ ᠳᠤ ᠱᠠᠪᠢ ᠨᠠᠷ ᠨᠢ ᠭᠠᠵᠠᠷ ᠪᠣᠯᠭᠠᠨ ᠳᠤ ᠨᠣᠮ ᠲᠠᠯᠪᠢᠵᠣ ᠶᠠᠪᠣᠬᠤ ᠳᠤ ᠪᠠᠨ ᠠᠷᠠᠳ ᠤᠨ ᠲᠠᠷᠢᠶ᠎ᠠ ᠲᠦᠮᠦᠰᠦ ᠶᠢ ᠭᠢᠰᠭᠢᠯᠡᠨ | ᠰᠦᠢᠳᠭᠡᠭᠰᠡᠨ ᠶᠠᠪᠣᠳᠠᠯ ᠭᠠᠷᠣᠭᠰᠠᠨ ᠢ ᠱᠠᠭᠵᠠᠮᠤᠨᠢ ᠮᠡᠳᠡᠭᠡᠳ᠂ ᠪᠣᠷᠣᠭᠠᠨ ᠤ ᠣᠯᠠᠷᠢᠯ ᠤᠨ ᠭᠤᠷᠪᠠᠨ ᠰᠠᠷ᠎ᠠ ᠳᠤ ᠰᠦᠮ᠎ᠡ ᠠᠴᠠ ᠭᠠᠷᠴᠣ ᠪᠣᠯᠬᠤ ᠦᠭᠡᠢ ᠭᠡᠬᠦ | ᠰᠠᠬᠢᠯ ᠲᠣᠭᠳᠠᠭᠠᠵᠠᠢ᠃ ᠡᠭᠦᠨ ᠳᠤ ᠡᠭᠡᠯ ᠠᠷᠠᠳ ᠪᠠᠶᠠᠷᠯᠠᠬᠤ ᠳᠤ ᠪᠠᠨ ︽ᠵᠣᠨ ᠤ ᠰᠠᠬᠢᠯᠭ᠎ᠠ ᠶᠢᠨ ᠪᠠᠶᠠᠷ︾ ᠪᠣᠯᠭᠠᠨ ᠲᠣᠷᠠᠰᠬᠠᠨ ᠲᠡᠮᠳᠡᠭᠯᠡᠵᠣ ᠪᠠᠶᠢᠭᠰᠠᠨ | ᠣᠴᠢᠷᠲᠠᠢ ᠪᠢᠯᠡ᠃ ᠬᠤᠷᠠᠯ ᠳᠤ ᠰᠠᠭᠤᠭᠰᠠᠳ ᠡᠬᠢᠨ ᠠᠴᠠ ᠲᠡᠭᠦᠰᠳᠡᠯ᠎ᠡ ᠦᠭᠡ ᠲᠣᠣᠭᠠᠷᠬᠤ ᠦᠭᠡᠢ ᠪᠦᠭᠡᠳ ᠣᠴᠢᠷ ᠶᠠᠪᠣᠳᠠᠯ ᠲᠠᠢ ᠪᠣᠯ ᠭᠠᠷ ᠤᠨ ᠲᠣᠬᠢᠶ᠎ᠠ ᠪᠠᠷ | ᠬᠤᠯᠪᠣᠭ᠎ᠠ ᠪᠠᠷᠢᠵᠣ ᠰᠠᠨᠠᠭ᠎ᠠ ᠪᠠᠨ ᠰᠣᠯᠢᠯᠴᠠᠳᠠᠭ᠃ ᠨᠠᠮᠣᠷ ᠤᠨ ᠨᠠᠢᠮᠠᠨ ᠰᠠᠷ᠎ᠠ ᠶᠢᠨ ᠬᠤᠷᠠᠯ ᠳᠤ᠂ ᠲᠡᠭᠡᠳᠣ ᠰᠤᠷᠠᠨᠠᠢ ᠶᠢᠨ ᠯᠠᠮᠠ ᠨᠠᠷ ᠣᠷᠣᠯᠴᠠᠨ᠂ ᠨᠠᠶᠠᠨ | ᠡᠳᠣᠷ ᠤᠨ ᠨᠣᠮ ᠪᠢᠰᠢᠯᠭᠠᠳᠠᠭ ᠪᠦᠭᠡᠳ ᠣᠨᠴᠠ ᠨᠢᠭᠤᠴᠠ ᠨᠢᠮᠪᠠᠢ ᠪᠠᠶᠢᠵᠣ᠂ ᠭᠠᠳᠠᠨᠠᠬᠢ ᠬᠦᠮᠦᠨ ᠠᠮᠢᠳᠠᠨ ᠳᠤ ᠰᠣᠨᠣᠰᠬᠠᠬᠤ ᠦᠭᠡᠢ ᠪᠠᠶᠢᠬᠤ ᠶᠢ ᠬᠢᠴᠢᠶᠡᠳᠡᠭ | ᠰᠠᠨ᠃ ᠬᠤᠷᠠᠯ ᠤᠨ ᠬᠤᠭᠤᠴᠠᠭᠠᠨ ᠳᠤ ᠭᠠᠳᠠᠨ᠎ᠠ ᠪᠠᠨ ᠲᠣᠰᠬᠠᠢ ᠬᠦᠮᠦᠨ ᠲᠣᠬᠢᠷᠠᠭᠤᠯᠵᠣ ᠱᠠᠭᠠᠵᠠᠭᠠᠢ ᠰᠢᠪᠠᠭᠤ᠂ ᠬᠠᠷᠢᠶᠠᠴᠠᠢ ᠪᠣᠯᠵᠣᠮᠣᠷ ᠢ ᠨᠠᠳᠬᠤᠭᠠᠨ | ᠬᠦᠭᠡᠭᠡᠯᠭᠡᠳᠡᠭ᠃ ᠨᠣᠮ ᠳᠤ ᠰᠠᠭᠤᠭᠰᠠᠳ ᠬᠤᠷᠠᠯ ᠤᠨ ᠬᠤᠭᠤᠴᠠᠭᠠᠨ ᠳᠤ ᠠᠯᠬᠤᠵᠣ ᠭᠢᠰᠬᠢᠬᠦ ᠳᠤ ᠭᠠᠷ ᠢᠶᠠᠨ ᠰᠠᠵᠢᠯᠠᠬᠤ ᠦᠭᠡᠢ᠂ ᠬᠦᠯ ᠢᠶᠠᠨ ᠬᠦᠩᠭᠡᠨ ᠱᠦᠩᠭᠡᠨ | ᠲᠠᠯᠪᠢᠵᠣ ᠨᠠᠮ ᠭᠦᠮ ᠪᠠᠶᠢᠬᠤ ᠶᠢ ᠬᠢᠴᠢᠶᠡᠳᠡᠭ᠃ ᠬᠤᠷᠠᠯ ᠤᠨ ᠲᠠᠷᠠᠭ᠎ᠠ ᠨᠢᠭᠡ ᠡᠳᠣᠷ ᠠᠮᠠᠷᠠᠳᠠᠭ᠃ ᠡᠨᠡ ᠡᠳᠣᠷ ᠲᠤ ᠨᠢ᠂ ᠰᠦᠮ᠎ᠡ ᠶᠢᠨ ᠣᠶᠢᠷ᠎ᠠ ᠣᠷᠴᠢᠮ ᠤᠨ | ᠠᠶᠢᠯ ᠲᠣᠰᠬᠤᠨ ᠤ ᠬᠢᠨᠢ ᠡᠳᠡᠭᠡᠷ ᠯᠠᠮᠠ ᠨᠠᠷ ᠢ ᠨᠣᠮ ᠰᠣᠳᠣᠷ ᠲᠠᠢ ᠨᠢ ᠵᠠᠯᠠᠵᠣ ᠠᠪᠠᠴᠢᠨ ᠭᠠᠨᠵᠤᠤᠷ ᠣᠩᠰᠢᠭᠤᠯᠳᠠᠭ ᠪᠠᠶᠢᠯ᠎ᠠ᠃ ᠨᠣᠮ ᠢᠶᠠᠨ ᠣᠩᠰᠢᠵᠣ | ᠪᠠᠷᠠᠭᠰᠠᠨ ᠤ ᠲᠠᠷᠠᠭ᠎ᠠ᠂ ᠠᠶᠢᠯ ᠤᠨ ᠬᠦᠮᠦᠰ ᠬᠠᠪᠢᠰᠣᠳᠠᠢ ᠲᠣᠮᠣ ᠵᠣᠵᠠᠭᠠᠨ ᠰᠤᠳᠤᠷ ᠢ ᠡᠭᠦᠷᠴᠣ ᠠᠶᠢᠯ ᠢᠶᠠᠨ ᠵᠦᠪ ᠢᠶᠠᠷ ᠨᠢᠭᠡ ᠡᠷᠭᠢᠳᠡᠭ᠃ ᠡᠭᠦᠨ ᠢᠶᠠᠨ ᠭᠠᠢ | ᠪᠠᠷᠴᠢᠳ ᠢ ᠠᠷᠢᠯᠭᠠᠨ ᠴᠢᠳᠭᠦᠷ ᠱᠣᠯᠣᠮ ᠢ ᠦᠯᠳᠡᠨ ᠬᠦᠭᠡᠭᠡᠵᠣ ᠡᠩᠬᠡ ᠠᠮᠣᠭᠤᠯᠠᠩ ᠢ ᠣᠷᠢᠵᠣ ᠪᠠᠶᠢᠨ᠎ᠠ ᠭᠡᠳᠡᠭ᠃ ᠡᠪᠦᠯ ᠤᠨ ᠮᠦᠢᠯ ᠣᠬᠢᠶᠠᠯ ᠤᠨ ᠬᠤᠷᠠᠯ ᠨᠢ᠂ | ᠲᠦᠴᠢᠨ ᠡᠳᠦᠷ ᠢᠶᠠᠷ ᠵᠣᠯᠠ ᠶᠢᠨ ᠭᠡᠷᠡᠯ ᠨᠣᠮ ᠤᠨ ᠲᠠᠭᠤᠨ ᠲᠠᠰᠣᠷᠠᠬᠤ ᠦᠭᠡᠢ ᠶᠠᠪᠣᠭᠳᠠᠳᠠᠭ᠃ ᠨᠣᠮ ᠤᠨ ᠬᠤᠷᠠᠯ ᠲᠡᠭᠦᠰᠬᠦ ᠡᠳᠣᠷ ᠨᠢ ᠯᠠᠮᠠ ᠬᠤᠸᠠᠷᠠᠭ ᠨᠠᠷ | ᠮᠦᠢᠯ ᠪᠣᠷᠬᠠᠨ ᠢ ᠲᠣᠮᠳᠠ ᠪᠠᠨ ᠲᠠᠮᠨᠠᠨ ᠴᠠᠭ ᠤᠨ ᠵᠡᠭᠦᠦ ᠶᠢᠨ ᠡᠷᠭᠢᠯᠳᠡ ᠪᠠᠷ ᠴᠣᠭᠴᠢᠨ ᠤ ᠣᠷᠳᠣ ᠶᠢ ᠭᠤᠷᠪᠠᠨᠳᠠ ᠡᠷᠭᠢᠬᠦ ᠪᠦᠭᠡᠳ ᠮᠦᠷᠭᠦᠯᠴᠢᠳ ᠮᠦᠢᠯ | ᠪᠣᠷᠬᠠᠨ ᠤ ᠲᠣᠣᠭᠤᠷ ᠰᠢᠷᠭᠤᠳᠠᠭ᠃ ᠡᠨᠡ ᠡᠳᠣᠷ ᠨᠢ ᠬᠡᠵᠢᠶᠡᠳᠡ ᠯᠠ ᠰᠠᠷ᠎ᠠ ᠶᠢᠨ ᠬᠤᠷᠢ ᠶᠢᠰᠣᠨ ᠳᠤ ᠲᠣᠬᠢᠶᠠᠯᠳᠣᠳᠠᠭ ᠲᠣᠯᠠ᠂ ᠲᠠᠷᠠᠭ᠎ᠠ ᠡᠳᠣᠷ ᠠᠴᠠ ᠨᠢ ᠨᠢᠭᠡ | ᠰᠠᠷ᠎ᠠ ᠶᠢᠨ ᠴᠢᠯᠦᠭᠡ ᠲᠠᠯᠪᠢᠳᠠᠭ᠂ ᠡᠭᠦᠨ ᠢ ︽ᠯᠣᠣᠰᠣᠷᠳᠠᠬᠤ︾ ᠭᠡᠳᠡᠭ ᠶᠣᠮ᠃ ᠡᠨᠡ ᠬᠦ ᠠᠮᠠᠷᠠᠯᠳᠠ ᠶᠢᠨ ᠬᠤᠭᠤᠴᠠᠭᠠᠨ ᠳᠤ ᠪᠠᠨ ᠯᠠᠮᠠ ᠬᠤᠸᠠᠷᠠᠭᠴᠣᠳ | ᠨᠠᠭᠠᠳᠣᠮ ᠨᠠᠭᠠᠳᠬᠤ᠂ ᠦᠯᠢᠭᠡᠷ ᠰᠣᠨᠣᠰᠬᠤ᠂ ᠭᠡᠷ ᠨᠣᠳᠤᠭ ᠢᠶᠠᠨ ᠡᠷᠭᠢᠵᠣ ᠡᠴᠢᠭᠡ ᠡᠬᠡ ᠡᠯᠢᠭᠡᠨ ᠰᠠᠳᠣᠨ ᠲᠠᠢ ᠪᠠᠨ ᠣᠴᠠᠷᠠᠨ ᠵᠣᠯᠭᠠᠵᠣ᠂ ᠪᠠᠶᠠᠷ ᠬᠦᠷ ᠲᠠᠢ ᠪᠠᠷ | ᠰᠢᠨᠡᠯᠡᠨ ᠴᠠᠭᠠᠯᠠᠵᠣ ᠰᠠᠷ᠎ᠠ ᠶᠢᠨ ᠴᠢᠯᠦᠭᠡ ᠪᠠᠨ ᠦᠩᠭᠡᠷᠡᠭᠡᠳᠡᠭ ᠪᠢᠯᠡ᠃ | | | | | | | ︵ᠬᠡᠷᠡᠯ ᠵᠢᠷᠤᠬ ᠢ ᠾᠧ ᠬᠧᠨ ᠴᠢᠤᠧᠠᠨ ᠬᠠᠩᠭᠠᠪᠠ︶ | |