ᠦᠯᠢᠭᠡᠷ ᠬᠤᠯᠪᠤᠭ᠎ᠠ ᠶᠢᠨ ᠦᠯᠦᠭᠡᠢ ᠠᠷᠠᠳ ᠤᠨ ᠲᠠᠭᠤᠤ ᠶᠢᠨ ᠨᠤᠳᠤᠭ
ᠨᠡᠶᠢᠲᠡᠯᠡᠭᠰᠡᠨ ᠴᠠᠭ᠄
2021/1/25
     ᠊᠊᠊᠊᠊᠊᠊ ᠬᠤᠷᠴᠢᠨ ᠤ ᠲᠠᠭᠤᠤ ᠬᠦᠭᠵᠢᠮ ᠤᠨ ᠰᠢᠭᠤᠳ ᠨᠡᠪᠳᠡᠷᠡᠭᠦᠯᠭᠡ ᠶᠢᠨ ᠭᠠᠷᠠᠭ ᠤᠨ ᠡᠷᠬᠢᠴᠡᠭᠦᠯᠦᠯ
     ᠬᠤᠷᠴᠢᠨ ᠠᠷᠠᠳ ᠤᠨ ᠲᠠᠭᠤᠤ ᠪᠤᠯ ᠬᠤᠷᠴᠢᠨ ᠮᠤᠩᠭᠤᠯᠴᠤᠳ ᠤᠨ ᠵᠢᠷᠦᠭᠡ ᠰᠡᠳᠬᠢᠯ᠂ ᠤᠶᠤᠨ ᠤᠬᠠᠭᠠᠨ᠂ ᠦᠤᠬᠡ ᠲᠡᠤᠬᠡ ᠠᠴᠠ ᠤᠷᠭᠤᠨ ᠰᠤᠶᠤᠭᠠᠯᠠᠭᠰᠠᠨ ᠰᠤᠶᠤᠯ ᠤᠷᠠᠯᠢᠭ ᠪᠠᠶᠢᠵᠦ᠂ ᠬᠦᠮᠦᠨ ᠠᠷᠠᠳ ᠤᠨ ᠢᠶᠠᠨ ᠤᠶᠤᠨ ᠢ ᠤᠮᠳᠠᠯᠠᠭᠰᠠᠭᠠᠷ ᠢᠷᠡᠭᠰᠡᠨ ᠶᠤᠮ᠃ ᠦᠯᠢᠭᠡᠷᠳᠦ ᠲᠠᠭᠤᠤ᠂ ᠦᠯᠢᠭᠡᠷ ᠬᠤᠯᠪᠤᠭ᠎ᠠ ᠨᠢ ᠮᠤᠩᠭᠤᠯᠴᠤᠳ ᠤᠨ ᠲᠤᠮᠳᠠ ᠤᠯᠠᠮᠵᠢᠯᠠᠭᠳᠠᠨ ᠲᠠᠷᠬᠠᠬᠤ ᠳᠤ ᠪᠠᠨ ᠵᠠᠷᠢᠮ ᠦᠭᠡ ᠠᠶᠠᠰ ᠨᠢ ᠬᠤᠪᠢᠷᠡᠨ ᠤᠨᠳᠤᠤᠰᠢᠵᠤ᠂ ᠠᠳᠠᠯᠢ ᠪᠤᠰᠦ ᠭᠠᠵᠠᠷ ᠤᠷᠤᠨ ᠳᠤ ᠠᠳᠠᠯᠢ ᠪᠤᠰᠦ ᠪᠠᠷ ᠲᠠᠭᠤᠯᠠᠭᠳᠠᠬᠤ ᠪᠠ ᠦᠯᠢᠭᠡᠷ ᠦᠢᠯᠡ ᠶᠠᠪᠤᠳᠠᠯ ᠨᠢ ᠴᠦ ᠠᠳᠠᠯᠢ ᠪᠤᠰᠤ ᠪᠠᠷ ᠶᠠᠷᠢᠭᠳᠠᠳᠠᠭ ᠡ᠃ ᠬᠦᠭᠵᠢᠨ ᠴᠡᠴᠡᠭᠯᠡᠵᠦ ᠪᠠᠶᠢᠭ᠎ᠠ ᠰᠢᠨ᠎ᠡ ᠴᠠᠭ ᠦᠶ᠎ᠡ ᠳᠤ ᠠᠷᠠᠳ ᠤᠨ ᠲᠠᠭᠤᠤ ᠨᠢ ᠴᠠᠭ ᠤᠨ ᠤᠷᠤᠰᠬᠠᠯ ᠢ ᠲᠠᠭᠠᠨ ᠰᠢᠨᠠᠴᠢᠯᠡᠭᠳᠡᠵᠦ ᠲᠠᠭᠤᠯᠠᠭᠳᠠᠭᠰᠠᠭᠠᠷ ᠁      ᠴᠠᠭ ᠬᠤᠭᠤᠴᠠᠭ᠎ᠠ ᠴᠢᠮᠡᠭᠡ ᠢᠮᠡᠭᠡ ᠦᠭᠡᠢ ᠦᠡᠭᠭᠡᠷᠡᠨ ᠤᠳᠤᠭᠰᠠᠭᠠᠷ 2020 ᠤᠨ ᠮᠠᠨᠢ ᠠᠶᠠᠷᠯᠠᠨ᠂ 2021 ᠤᠨ ᠬᠦᠭᠵᠢᠯ ᠪᠠᠶᠠᠷ ᠲᠠᠢ ᠪᠠᠷ ᠬᠦᠷᠴᠦ ᠢᠷᠡᠯ᠎ᠡ᠃ ᠡᠨᠡ ᠬᠦ ᠪᠠᠶᠠᠷᠳᠤ ᠮᠦᠴᠡ ᠳᠤ᠂ ᠪᠢᠳᠡ ︽ᠱᠤᠩᠬᠤᠷ ᠬᠠᠮᠲᠤᠯᠢᠭ︾ ᠤᠨ ᠲᠤᠰᠬᠠᠢ ᠲᠤᠭᠯᠠᠯᠳᠠ ᠪᠤᠯᠤᠨ ᠦᠯᠢᠭᠡᠷᠳᠦ ᠲᠠᠭᠤᠤ ︽ᠵᠸᠡᠭᠶᠧᠷᠮ᠎ᠠ︾ ᠶᠢᠨ ᠲᠤᠬᠠᠢ ᠤᠴᠢᠷᠳᠠᠢ ᠰᠠᠶᠢᠬᠠᠨ ᠶᠠᠷᠢᠯᠴᠠᠭᠠᠨ ᠢᠶᠠᠷ ᠲᠤᠰ ᠭᠠᠷᠠᠭ ᠤᠨ ᠰᠢᠭᠤᠳ ᠨᠡᠪᠳᠡᠷᠡᠭᠦᠯᠭᠡ ᠪᠠᠨ ᠦᠷᠭᠦᠯᠵᠢᠯᠡᠭᠦᠯᠵᠦ ᠦᠵᠡᠭᠴᠢ ᠤᠯᠠᠨ ᠲᠠᠢ ᠪᠠᠨ ᠵᠤᠯᠭᠠᠭᠰᠠᠨ ᠪᠢᠯᠡ᠃      ︽ᠱᠤᠩᠬᠤᠷ ᠬᠠᠮᠲᠤᠯᠢᠭ︾ ᠨᠢ 2014 ᠤᠨ ᠳᠤ ᠪᠠᠶᠢᠭᠤᠯᠤᠭᠳᠠᠨ᠂ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠤ ᠤᠯᠠᠭᠠᠨᠮᠦ᠋ᠴᠢᠷ ᠤᠨ ᠦᠨᠳᠦᠰᠦᠳᠡᠨ ᠤ ᠰᠤᠶᠤᠯ ᠤᠷᠠᠯᠢᠭ ᠲᠤ ᠪᠠᠨ ᠬᠠᠶᠢᠷᠠᠳᠠᠢ 12 ᠠᠪᠢᠶᠠᠰᠯᠢᠭ ᠤᠷᠠᠯᠢᠭᠴᠢᠨ ᠢᠶᠠᠷ ᠪᠦᠷᠢᠯᠳᠦᠭᠰᠡᠨ ᠶᠤᠮ᠃ ᠲᠡᠳᠡ ᠨᠤᠳᠤᠭ ᠤᠨ ᠰᠦᠭ ᠰᠦᠯᠳᠡ ᠪᠤᠯᠤᠭᠰᠠᠨ ᠱᠤᠩᠬᠤᠷ ᠠᠭᠤᠯᠠ ᠪᠠᠨ ᠮᠠᠭᠳᠠᠨ ᠲᠠᠭᠤᠯᠠᠭᠰᠠᠨ ︽ᠭᠠᠶᠢᠬᠠᠮᠰᠢᠭᠲᠤ ᠱᠤᠩᠬᠤᠷ︾ ᠭᠡᠬᠦ ᠵᠤᠬᠢᠶᠠᠯ ᠤᠨ ᠲᠠᠭᠤᠤ ᠪᠠᠷ ᠢᠶᠠᠨ ᠲᠤᠭᠯᠠᠯᠳᠠ ᠶᠢᠨ ᠬᠦᠰᠢᠭᠡ ᠪᠠᠨ ᠢᠷᠡᠵᠦ᠂ ᠦᠵᠡᠭᠴᠢ ᠤᠯᠠᠨ ᠢᠶᠠᠨ ᠪᠠᠶᠠᠰᠬᠠᠨ ᠲᠤᠭᠳᠤᠯᠤᠭᠤᠯᠪᠠ᠃ ᠵᠤᠬᠢᠶᠠᠯ ᠤᠨ ᠲᠠᠭᠤᠤ ︽ᠤᠪᠤᠭᠠᠨ ᠲᠡᠷᠭᠡᠳᠡᠬᠢ ᠠᠭᠤᠯᠵᠠᠯᠳᠠ︾ ᠶᠢᠨ ᠬᠦᠭ ᠠᠶᠠᠯᠭᠤ ᠨᠢ ᠵᠦᠭᠡᠯᠡᠨ ᠤᠶᠠᠩᠭᠠᠷᠠᠵᠦ᠂ ᠰᠤᠨᠤᠰᠤᠭᠰᠠᠨ ᠪᠦᠬᠦᠨ ᠢ ᠠᠶ᠎ᠠ ᠲᠠᠭᠤᠨ ᠳᠤ ᠪᠠᠨ ᠵᠢᠷᠭᠠᠭᠤᠯᠵᠦ ᠪᠢᠯᠡ᠃ ᠬᠤᠯᠪᠤᠭ᠎ᠠ ︽ᠲᠤᠮᠳᠠᠳᠦ ᠶᠢᠨ ᠮᠤᠷᠢᠨ ᠸᠠᠩ ᠤᠨ ᠮᠠᠭᠳᠠᠭᠠᠯ︾ ᠪᠠ ︽ᠠᠨᠳᠠᠢ︾ ᠭᠡᠬᠦ ᠲᠠᠭᠤᠤ ᠨᠢ ᠠᠭᠳᠠ ᠬᠦᠯᠦᠭ ᠮᠤᠷᠢ ᠪᠠᠨ ᠤᠨᠤᠵᠦ ᠬᠤᠷᠳᠤᠴᠠ ᠰᠢᠯᠭᠠᠵᠦ ᠪᠠᠶᠢᠭ᠎ᠠ ᠴᠤ ᠶᠤᠮ ᠰᠢᠬ᠂ ᠤᠯᠠᠭᠠᠨ ᠲᠤᠷᠭᠠᠨ ᠠᠯᠴᠢᠭᠤᠷ ᠢᠶᠠᠨ ᠰᠠᠵᠢᠨ ᠪᠦᠵᠢᠭᠯᠡᠵᠦ ᠪᠠᠶᠢᠭ᠎ᠠ ᠴᠤ ᠶᠤᠮ ᠰᠢᠬ ᠬᠦᠮᠦᠰ ᠤᠨ ᠰᠡᠳᠬᠢᠯ ᠢ ᠬᠦᠭᠰᠡᠭᠡᠵᠦ ᠤᠷᠮ᠎ᠠ ᠶᠢ ᠬᠦᠭᠵᠢᠭᠡᠨ᠎ᠡ᠃ ᠲᠤᠭᠯᠠᠯᠳᠠ ᠳᠤ ᠪᠠᠰᠠ ︽ᠳ᠋ᠦᠡᠭ ᠱᠠᠨ ᠭᠡ ᠭᠡ︾᠂ ︽ᠳ᠋ᠦᠷᠠᠢ ᠠᠩᠭ᠎ᠠ︾᠂ ︽ᠲᠠᠶᠠ ᠪᠦᠭᠡᠷ᠎ᠡ︾᠂ ︽ᠤᠭ᠍ᠶᠦᠨᠽᠠᠨᠳᠠᠨ︾ ᠵᠡᠷᠭᠡ ᠬᠤᠷᠴᠢᠨ ᠠᠷᠠᠳ ᠤᠨ ᠦᠯᠢᠭᠡᠷᠳᠦ ᠲᠠᠭᠤᠤ ᠶᠢ ᠤᠯᠠᠨ ᠬᠦᠭᠵᠢᠮ ᠬᠠᠪᠰᠤᠷᠭᠠᠨ ᠬᠡᠯᠡᠵᠦ ᠲᠠᠭᠤᠯᠠᠬᠤ ᠠᠷᠭ᠎ᠠ ᠪᠠᠷ ᠲᠠᠭᠤᠯᠠᠭᠰᠠᠨ ᠨᠢ ᠤᠨᠴᠠ ᠶᠢᠨ ᠲᠠᠳᠠᠬᠤ ᠬᠦᠴᠦᠨ ᠲᠠᠢ ᠪᠠᠶᠢᠯ᠎ᠠ᠃ ᠲᠤᠰ ᠬᠤᠭᠤᠴᠠᠭᠠᠨ ᠤ ᠰᠢᠭᠤᠳ ᠨᠡᠪᠳᠡᠷᠡᠭᠦᠯᠭᠡ ᠶᠢ ︽ᠬᠤᠷᠴᠢᠨ ᠤ ᠲᠠᠭᠤᠤ ᠬᠦᠭᠵᠢᠮ ᠤᠨ ᠰᠢᠭᠤᠳ ᠨᠡᠪᠳᠡᠷᠡᠭᠦᠯᠭᠡ︾ ᠶᠢᠨ ᠴᠤᠤᠷᠢᠶ᠎ᠠ ᠲᠠᠪᠴᠠᠩ ᠪᠠ ᠲᠦᠡᠭᠯᠢᠶᠤᠤ ᠶᠢᠨ ᠡᠳᠦᠷ ᠤᠨ ᠰᠤᠨᠢᠨ ᠤ ︽ᠵᠢᠷᠢᠮ ᠡᠬᠦᠯᠡ︾ APP ᠪᠠᠷ ᠦᠵᠡᠨ ᠰᠤᠨᠢᠷᠬᠠᠭᠰᠠᠨ ᠦᠵᠡᠭᠴᠢ 9000 ᠶᠢ ᠲᠠᠪᠠᠭᠰᠠᠨ ᠪᠠᠶᠢᠨ᠎ᠠ᠃      ᠦᠯᠢᠭᠡᠷᠳᠦ ᠲᠠᠭᠤᠤ ᠪᠤᠯ ᠮᠤᠩᠭᠤᠯᠴᠤᠳ ᠤᠨ ᠪᠠᠶᠠᠷ ᠪᠠᠭ᠋ᠠᠳᠤᠯ᠂ ᠬᠠᠶᠢᠷ᠎ᠠ ᠬᠤᠷᠤᠰᠤᠯ᠂ ᠬᠦᠰᠡᠯ ᠮᠦᠷᠦᠭᠡᠳᠦᠯ ᠬᠢᠬᠡᠳ ᠬᠠᠳᠠᠭᠤ ᠲᠠᠢ ᠵᠦᠭᠡᠯᠡᠨ ᠲᠠᠢ ᠤᠴᠠᠷᠠᠯ ᠲᠤᠬᠢᠶᠠᠯᠳᠤᠯ ᠤᠨ ᠬᠢᠨᠢ ᠦᠨᠡᠨᠴᠢᠬᠡᠨ ᠢᠯᠡᠷᠬᠡᠶᠢᠯᠡᠯ ᠶᠤᠮ᠃ ︽ᠲᠠᠭᠤᠤ ᠪᠦᠬᠦᠨ ᠳᠤ ᠡᠵᠡᠨ ᠲᠠᠢ᠂ ᠡᠵᠡᠨ ᠪᠦᠬᠦᠨ ᠳᠤ ᠲᠡᠤᠬᠡ ᠲᠠᠢ︾ ᠭᠡᠳᠡᠭᠴᠢᠯᠡᠨ ︽ᠵᠧᠡᠭᠶᠧᠷᠮ᠎ᠠ︾ ᠭᠡᠳᠡᠭ ᠦᠯᠢᠭᠡᠷᠳᠦ ᠲᠠᠭᠤᠤ ᠨᠢ ᠴᠤᠬᠤᠮ ᠶᠠᠮᠠᠷ ᠦᠢᠯᠡ ᠤᠴᠠᠷᠠᠯ ᠠᠴᠠ ᠡᠭᠦᠰᠦᠭᠰᠡᠨ ᠪᠤᠯ︖ ᠦᠪᠦᠷ ᠮᠤᠩᠭᠤᠯ ᠤᠨ ᠦᠨᠳᠦᠰᠦᠳᠡᠨ ᠤ ᠶᠡᠭᠡ ᠰᠤᠷᠭᠠᠭᠤᠯᠢ ᠶᠢᠨ ᠮᠤᠩᠭᠤᠯ ᠰᠤᠳᠤᠯᠤᠯ ᠤᠨ ᠲᠡᠭᠡᠳᠦ ᠰᠤᠷᠭᠠᠭᠤᠯᠢ ᠶᠢᠨ ᠪᠤᠶᠠᠨᠳᠤᠭᠳᠠᠬᠤ ᠫᠷᠤᠹᠧᠰᠰᠤᠷ ᠠᠴᠠ ᠡᠨᠡ ᠲᠤᠬᠠᠢ ᠶᠠᠷᠢᠬᠤ ᠶᠢᠨ ᠲᠠᠭᠠᠤ ᠲᠦᠡᠭᠯᠢᠶᠤᠤ ᠬᠤᠳᠠ ᠶᠢᠨ ᠦᠨᠳᠦᠰᠦᠳᠡᠨ ᠤ ᠲᠠᠭᠤᠤ ᠪᠦᠵᠢᠭ ᠤᠨ ᠪᠦᠯᠬᠦᠮ ᠤᠨ ᠬᠡᠰᠡᠭ ᠲᠤᠭᠯᠠᠭᠴᠢᠳ ᠠᠴᠠ ᠬᠡᠳᠦᠨ ᠬᠤᠪᠢᠯᠪᠤᠷᠢ ᠶᠢᠨ ︽ᠵᠧᠡᠭᠶᠧᠷᠮ᠎ᠠ︾ ᠶᠢ ᠲᠠᠭᠤᠯᠠᠵᠦ ᠤᠯᠠᠨ ᠳᠤ ᠪᠠᠨ ᠰᠤᠨᠤᠷᠳᠠᠭᠤᠯᠪᠠ᠃ ︽ᠵᠧᠡᠭᠶᠧᠷᠮ᠎ᠠ︾ ᠨᠢ ︽ᠲᠦᠰᠢᠶᠡᠳᠦ ᠵᠧᠡᠭᠶᠧᠷᠮ᠎ᠠ︾᠂ ︽ᠮᠠᠩᠬᠠᠨ ᠵᠧᠡᠭᠶᠧᠷᠮ᠎ᠠ︾᠂ ︽ᠠᠭᠤᠯᠠᠨ ᠵᠧᠡᠭᠶᠧᠷᠮ᠎ᠠ︾ ᠭᠡᠵᠦ ᠭᠤᠷᠪᠠᠨ ᠬᠤᠪᠢᠯᠪᠤᠷᠢ ᠪᠠᠶᠢᠳᠠᠭ᠃ ᠵᠧᠡᠭᠶᠧᠷᠮ᠎ᠠ ᠪᠤᠯ ᠭᠤᠶᠤ ᠲᠦᠷᠦᠭᠰᠡᠨ ᠬᠡᠤᠭᠡᠨ᠂ ᠤᠷᠭᠤᠵᠦ ᠲᠦᠷᠦᠭᠰᠡᠨ ᠨᠢ ᠰᠠᠶᠢᠬᠠᠨ ᠪᠤᠯᠬᠤᠷ ᠤᠷᠤᠭ ᠭᠤᠶᠤᠬᠤ ᠬᠦᠮᠦᠨ ᠤᠯᠠᠨ ᠮᠦᠷᠳᠡᠭᠡᠨ ᠠᠭᠤᠯᠵᠠᠵᠦ ᠤᠴᠠᠷᠠᠭᠰᠠᠨ ᠬᠦᠮᠦᠰ ᠴᠦ ᠲᠤᠷᠠᠯᠠᠵᠦ ᠬᠠᠶᠢᠷᠠᠯᠠᠳᠠᠭ᠃ ᠵᠧᠡᠭᠶᠧᠷᠮ᠎ᠠ ᠴᠡᠷᠢᠭ ᠡᠷ᠎ᠡ ᠨᠠᠭᠤᠷ᠎ᠠ ᠳᠤ ᠬᠠᠶᠢᠷ᠎ᠠ ᠲᠤᠷᠠᠯᠠᠯ ᠲᠠᠢ ᠪᠤᠯᠵᠦ ᠤᠷᠤᠭ ᠬᠤᠷᠢᠮ ᠬᠢᠮᠠᠷ ᠪᠤᠯᠤᠭᠠᠳ ᠪᠠᠶᠢᠪᠠ᠃ ᠭᠡᠪᠡᠴᠦ ᠡᠨᠡ ᠦᠶᠡᠰ᠂ ᠨᠠᠭᠤᠷ᠎ᠠ ᠶᠢᠨ ᠯᠢᠶᠠᠨᠵᠠᠩ ᠹᠦ᠋ ᠵᠦ ᠪᠠᠰᠠ ᠵᠧᠡᠭᠶᠧᠷᠮ᠎ᠠ ᠶᠢ ᠦᠵᠡᠵᠦ ᠲᠤᠭᠤᠭᠠᠳ ᠪᠠᠭ᠎ᠠ ᠬᠠᠳᠤᠨ ᠢᠶᠠᠨ ᠪᠤᠯᠭᠠᠬᠤ ᠰᠠᠨᠠᠭ᠎ᠠ ᠲᠠᠢ ᠪᠠᠶᠢᠭᠰᠠᠨ ᠪᠤᠯᠪᠠᠴᠤ ᠰᠠᠨᠠᠭᠠᠨ ᠳᠤ ᠪᠠᠨ ᠬᠦᠷᠴᠦ ᠴᠢᠳᠠᠭᠰᠠᠨ ᠦᠭᠡᠢ ᠪᠤᠯᠬᠤᠷ ᠠᠳᠠᠭ᠎ᠠ ᠬᠤᠷᠤᠰᠤᠯ ᠬᠦᠷᠴᠦ᠂ ᠨᠠᠭᠤᠷ᠎ᠠ ᠶᠢ ᠬᠡᠷᠡᠭ ᠲᠤ ᠤᠷᠤᠭᠤᠯᠵᠤ ᠪᠠᠷᠢᠪᠴᠢᠯᠠᠨ ᠬᠢᠨᠳᠠᠨ ᠳᠤ ᠬᠤᠷᠢᠭᠰᠠᠨ ᠪᠠᠶᠢᠨ᠎ᠠ᠃ ᠨᠠᠭᠤᠷ᠎ᠠ ᠶᠢ ᠠᠯᠠᠬᠤ ᠶᠠᠯ᠎ᠠ ᠪᠠᠷ ᠰᠢᠢᠳᠭᠡᠬᠦ ᠪᠤᠯᠤᠭᠰᠠᠨ ᠳᠤ ᠲᠡᠷᠡ ᠬᠢᠨᠳᠠᠨ ᠠᠴᠠ ᠲᠤᠳᠠᠭᠠᠵᠠᠢ᠃ ᠡᠭᠦᠨ ᠳᠤ ᠹᠦ᠋ ᠵᠦ ᠬᠦᠮᠦᠨ ᠲᠤᠮᠢᠯᠠᠨ ᠨᠡᠬᠡᠵᠦ ᠨᠠᠭᠤᠷ᠎ᠠ ᠶᠢ ᠫᠤᠤᠳᠠᠨ ᠠᠯᠠᠭᠰᠠᠨ ᠭᠡᠨ᠎ᠡ᠃ ᠠᠷᠠᠳ ᠤᠨ ᠲᠠᠭᠤᠤ ᠶᠢᠨ ᠦᠯᠢᠭᠡᠷ ᠦᠢᠯᠡ ᠶᠠᠪᠤᠳᠠᠯ ᠨᠢ ᠠᠮᠠ ᠲᠠᠮᠵᠢᠨ ᠶᠠᠷᠢᠭᠳᠠᠬᠤ ᠳᠤ ᠪᠠᠨ ᠵᠠᠷᠢᠮ ᠦᠶᠡᠰ ᠬᠤᠪᠢᠷᠠᠵᠤ ᠤᠨᠳᠤᠤᠰᠢᠳᠠᠭ ᠲᠤᠯᠠ ᠵᠠᠷᠢᠮᠠᠳ ᠨᠢ ᠵᠧᠡᠭᠶᠧᠷᠮ᠎ᠠ ᠶᠢ ᠬᠤᠷᠢᠮᠯᠠᠵᠦ ᠦᠩᠭᠡᠷᠡᠭᠰᠡᠨ ᠡᠮᠡᠭᠳᠠᠢ ᠭᠡᠵᠦ ᠪᠠᠰᠠ ᠶᠠᠷᠢᠳᠠᠭ︔ ᠲᠤᠬᠠᠢ ᠶᠢᠨ ᠦᠶ᠎ᠡ ᠨᠢ ᠬᠤᠯᠠᠭᠠᠢ ᠲᠡᠭᠡᠷᠡᠮ ᠰᠠᠮᠠᠭᠤᠷᠠᠵᠤ ᠪᠠᠶᠢᠭᠰᠠᠨ ᠴᠠᠭ ᠲᠤᠯᠠ ᠨᠢᠭᠡᠨ ᠤᠳᠠᠭ᠎ᠠ ᠨᠠᠭᠤᠷ᠎ᠠ ᠵᠧᠡᠭᠶᠧᠷᠮ᠎ᠠ ᠶᠢᠨ ᠬᠢᠨ ᠳᠤ ᠪᠠᠶᠢᠬᠤ ᠳᠤ ᠰᠢᠶᠤᠤ ᠳ᠋ᠧ ᠴᠸᠡᠭ ᠭᠡᠳᠡᠭ ᠬᠦᠮᠦᠨ ᠢᠷᠡᠵᠦ ᠨᠢᠭᠤᠷ ᠤᠬᠢᠶᠠᠵᠦ ᠪᠠᠶᠢᠭᠰᠠᠨ ᠨᠠᠭᠤᠷ᠎ᠠ ᠶᠢ ᠫᠤᠤᠳᠠᠵᠦ ᠠᠯᠠᠯ᠎ᠠ ᠭᠡᠵᠦ ᠬᠡᠯᠡᠯᠴᠡᠳᠡᠭ ᠴᠤ ᠪᠤᠢ᠃      ︽ᠵᠧᠡᠭᠶᠧᠷᠮ᠎ᠠ︾ ᠶᠢᠨ ᠦᠯᠢᠭᠡᠷ ᠲᠠᠭᠤᠤ ᠶᠢ ᠰᠤᠨᠤᠰᠤᠭᠠᠳ ᠬᠠᠶᠢᠷᠠᠯᠠᠵᠦ ᠰᠠᠨᠠᠭᠰᠠᠨ ᠬᠠᠨᠢ ᠪᠠᠨ ᠲᠤᠷᠠᠰᠤᠨ ᠰᠠᠭᠤᠭ᠎ᠠ ᠵᠧᠡᠭᠶᠧᠷᠮ᠎ᠠ ᠨᠢᠳᠦᠨ ᠳᠤ ᠲᠤᠳᠤᠷᠠᠬᠤ ᠰᠢᠬ ᠪᠤᠯᠵᠦ᠂ ᠨᠠᠭᠤᠷ᠎ᠠ ᠳᠤ ᠪᠠᠨ ᠲᠠᠮᠡᠬᠢᠨ ᠤᠭᠤᠳᠠ ᠬᠢᠵᠦ ᠦᠭᠬᠦ ᠬᠤᠪᠢ ᠲᠠᠢ ᠪᠠᠶᠢᠭᠰᠠᠨ ᠴᠤ ᠴᠤᠭ ᠠᠮᠢᠳᠤᠷᠠᠬᠤ ᠵᠠᠶᠠᠭ᠎ᠠ ᠦᠭᠡᠢ ᠪᠠᠶᠢᠭᠰᠠᠨ ᠨᠢ ᠮᠠᠰᠢ ᠦᠷᠦᠪᠳᠦᠯᠳᠠᠢ ᠰᠠᠨᠠᠭᠳᠠᠭᠰᠠᠨ ᠶᠤᠮ ᠡ᠃      ︽ᠮᠠᠭᠳᠠᠭᠠᠯ ᠲᠠᠭᠤᠤ︾ ᠨᠢ ᠠᠷᠠᠳ ᠤᠨ ᠲᠠᠭᠤᠤ ︽ᠵᠧᠡᠭᠶᠧᠷᠮ᠎ᠠ︾ ᠶᠢᠨ ᠠᠶ᠎ᠠ ᠪᠠᠷ ᠬᠠᠨᠭ᠍ᠬᠢᠨᠠᠵᠦ ᠪᠠᠶᠢᠭ᠎ᠠ ᠨᠢ ᠴᠠᠭ ᠤᠨ ᠦᠡᠭᠭᠡ ᠠᠶᠠᠰ ᠢ ᠲᠠᠭᠠᠨ ᠬᠦᠭᠵᠢᠭᠡ ᠬᠤᠷᠴᠢᠨ ᠠᠷᠠᠳ ᠤᠨ ᠲᠠᠭᠤᠤ ᠶᠢᠨ ᠪᠤᠳᠠᠳᠦ ᠠᠮᠢᠯᠠᠯ ᠤᠨ ᠴᠤᠤᠷᠢᠶ᠎ᠠ ᠪᠢᠯᠡ᠃      ᠠᠷᠠᠳ ᠤᠨ ᠲᠠᠭᠤᠤ ᠶᠢᠨ ᠤᠳᠬ᠎ᠠ ᠠᠭᠤᠯᠭ᠎ᠠ᠂ ᠨᠦᠯᠦᠭᠡᠯᠡᠬᠦ ᠬᠦᠴᠦᠨ᠂ ᠷᠢᠳᠢ ᠰᠢᠳᠢ ᠨᠢ ᠲᠡᠭᠦᠨ ᠤ ᠦᠯᠢᠭᠡᠷ ᠪᠠ ᠠᠶ᠎ᠠ ᠲᠠᠭᠤᠨ ᠳᠤ ᠪᠠᠶᠢᠳᠠᠭ᠃ ᠲᠠᠭᠤᠤ ᠬᠦᠭᠵᠢᠮ ᠨᠢ ᠲᠤᠯᠤᠭᠠᠨ ᠨᠤᠲ ᠢᠶᠠᠷ ᠢᠶᠠᠨ ᠬᠦᠮᠦᠨ ᠤ ᠠᠮᠢᠳᠤᠷᠠᠯ ᠤᠨ ᠬᠦᠭ ᠠᠶᠠᠯᠭᠤ ᠶᠢ ᠴᠢᠪᠬᠠᠳᠠᠳᠠᠭ ᠤᠴᠢᠷ ᠠᠴᠠ ᠬᠦᠮᠦᠰ ᠤᠨ ᠰᠡᠳᠬᠢᠯ ᠢ ᠲᠤᠭᠳᠤᠯᠤᠭᠤᠯᠵᠦ ᠤᠶᠠᠷᠠᠭᠤᠯᠵᠦ ᠴᠢᠳᠠᠳᠠᠭ᠃ ᠬᠤᠷᠴᠢᠨ ᠠᠷᠠᠳ ᠤᠨ ᠲᠠᠭᠤᠤ ᠴᠤ ᠡᠶᠢᠮᠦ ᠷᠢᠳᠢ ᠰᠢᠳᠢ ᠲᠠᠢ ᠪᠤᠯᠬᠤᠷ ᠲᠦᠭ ᠲᠦᠮᠡᠨ ᠬᠦᠮᠦᠨ ᠠᠷᠠᠳ ᠤᠨ  ᠢᠶᠠᠨ ᠬᠡᠭᠦᠳᠡᠭ ᠴᠡᠭᠡᠵᠢᠨ ᠳᠤ ᠬᠦᠨ ᠬᠤᠨᠤᠭᠰᠢᠵᠦ᠂ ᠦᠶ᠎ᠡ ᠤᠯᠠᠷᠢᠨ ᠴᠠᠭ ᠦᠶ᠎ᠡ ᠶᠢᠨ ᠤᠷᠤᠰᠬᠠᠯ ᠢ ᠲᠠᠭᠠᠨ ᠤᠯᠠᠮᠵᠢᠯᠠᠭᠳᠠᠨ ᠲᠠᠭᠤᠯᠠᠭᠳᠠᠵᠦ ᠪᠠᠶᠢᠳᠠᠭ ᠡ᠃
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ