| | | ᠊᠊᠊᠊᠊᠊᠊᠊᠊᠊ ᠬᠤᠷᠴᠢᠨ ᠤ ᠲᠠᠭᠤᠤ ᠬᠦᠭᠵᠢᠮ ᠤᠨ ᠰᠢᠭᠤᠳ ᠨᠡᠪᠳᠡᠷᠡᠭᠦᠯᠭᠡ ᠶᠢᠨ ᠭᠠᠷᠠᠭ ᠤᠨ ᠡᠷᠬᠢᠴᠡᠭᠦᠯᠦᠯ | ᠲᠠᠭᠤᠤ ᠬᠦᠭᠵᠢᠮ ᠪᠤᠯ ᠬᠦᠮᠦᠰ ᠤᠨ ᠲᠤᠳᠤᠭᠠᠳᠦ ᠰᠡᠳᠬᠢᠯᠭᠡ ᠶᠢᠨ ᠴᠢᠪᠬᠠᠳᠠᠰᠦ ᠶᠤᠮ ᠡ᠃ ᠠᠶᠠᠯᠭᠤ ᠬᠦᠭᠵᠢᠮ ᠢᠶᠠᠷ ᠬᠦᠮᠦᠰ ᠠᠵᠢᠯ ᠤᠨ ᠴᠢᠯᠡᠭᠡ᠂ | ᠠᠮᠢᠳᠤᠷᠠᠯ ᠤᠨ ᠶᠠᠳᠠᠷᠠᠭ᠎ᠠ ᠪᠠᠨ ᠲᠡᠶᠢᠯᠵᠦ᠂ ᠤᠷᠮ᠎ᠠ ᠰᠡᠳᠬᠢᠯ ᠢᠶᠠᠨ ᠰᠡᠷᠭᠦᠭᠡᠳᠡᠭ᠃ | ᠠᠵᠢᠯ ᠠᠮᠢᠳᠤᠷᠠᠯ ᠲᠤᠮᠳᠠ ᠪᠠᠨ ᠬᠦᠮᠦᠰ ᠭᠠᠷᠠᠭ ᠤᠨ ᠠᠮᠠᠷᠠᠯᠳᠠ ᠪᠠᠨ ᠰᠡᠯᠡᠭᠦᠨ ᠲᠠᠪᠠᠳᠠᠢ᠂ ᠵᠤᠭ᠎ᠠ ᠴᠡᠩᠬᠡᠯ ᠲᠠᠢ ᠦᠡᠭᠭᠡᠷᠡᠭᠦᠯᠵᠦ᠂ ᠲᠠᠷᠠᠭ᠎ᠠ ᠭᠠᠷᠠᠭ ᠤᠨ | ᠠᠵᠢᠯ ᠢᠶᠠᠨ ᠡᠷᠴᠢ ᠵᠤᠷᠢᠭ ᠲᠠᠢ᠂ ᠵᠢᠪᠬᠤᠭ᠎ᠠ ᠲᠡᠭᠦᠯᠳᠡᠷ ᠡᠬᠢᠯᠡᠭᠦᠯᠳᠡᠭ᠃ ᠭᠠᠷᠠᠭ ᠤᠨ ᠰᠡᠭᠦᠯᠴᠢ ᠪᠠᠷ᠂ ᠲᠠ ᠨᠠᠷ ᠮᠠᠨᠢ ︽ᠬᠤᠷᠴᠢᠨ ᠤ ᠲᠠᠭᠤᠤ ᠬᠦᠭᠵᠢᠮ ᠤᠨ | ᠰᠢᠭᠤᠳ ᠨᠡᠪᠳᠡᠷᠡᠭᠦᠯᠭᠡ︾ ᠳᠤ ᠪᠠᠨ ᠠᠩᠬᠠᠷᠤᠯ ᠢᠶᠠᠨ ᠬᠠᠨᠳᠤᠭᠤᠯᠵᠦ᠂ ᠠᠶ᠎ᠠ ᠲᠠᠭᠤᠤ ᠪᠠᠷ ᠨᠢ ᠠᠵᠢᠯ ᠤᠨ ᠴᠢᠯᠡᠭᠡ ᠪᠠᠨ ᠲᠠᠶᠢᠯᠵᠦ᠂ ᠤᠶᠤᠨ ᠢᠶᠠᠨ ᠤᠮᠳᠠᠯᠠᠨ᠂ | ᠤᠷᠮ᠎ᠡ ᠵᠤᠷᠢᠭ ᠢᠶᠠᠨ ᠬᠦᠪᠴᠢᠯᠡᠵᠦ᠂ ᠭᠠᠷᠠᠭ ᠤᠨ ᠴᠡᠩᠬᠡᠭᠦᠨ ᠬᠦᠷᠳᠡᠳᠡᠭ ᠪᠠᠶᠢᠬ᠎ᠠ︕ | ᠲᠡᠭᠡᠷ᠎ᠡ ᠭᠠᠷᠠᠭ ᠤᠨ ᠲᠠᠪᠤᠨ᠂ ᠵᠢᠷᠭᠤᠭᠠᠨ ᠤ ᠤᠷᠤᠢ ᠶᠢᠨ 7᠄ 30 ᠲᠤ ︽ᠬᠤᠷᠴᠢᠨ ᠤ ᠲᠠᠭᠤᠤ ᠬᠦᠭᠵᠢᠮ ᠤᠨ ᠰᠢᠭᠤᠳ ᠨᠡᠪᠳᠡᠷᠡᠭᠦᠯᠭᠡ︾ ᠪᠤᠯᠵᠤᠭ᠎ᠠ | ᠶᠤᠰᠤᠭᠠᠷ ᠢᠶᠠᠨ ᠡᠬᠢᠯᠡᠪᠡ᠃ ᠲᠦᠡᠭᠯᠢᠶᠤᠤ ᠬᠤᠳᠠ ᠶᠢᠨ ᠦᠨᠳᠦᠰᠦᠳᠡᠨ ᠤ ᠲᠠᠭᠤᠤ ᠪᠦᠵᠢᠭ ᠤᠨ ᠪᠦᠯᠬᠦᠮ ᠤᠨ ᠬᠡᠰᠡᠭ ᠲᠤᠭᠯᠠᠭᠴᠢ ᠠᠴᠠ ᠴᠠᠭ ᠤᠨ ᠤᠷᠤᠰᠬᠠᠯ | ᠳᠤ ᠨᠡᠶᠢᠴᠡᠭᠦᠯᠦᠨ᠂ ᠬᠡᠳᠦᠨ ᠶᠠᠩᠵᠦ ᠶᠢᠨ ᠬᠦᠭᠵᠢᠮᠳᠡᠭᠦᠷ ᠬᠠᠪᠰᠤᠷᠭᠠᠨ ᠠᠶᠠᠯᠭᠤ ᠬᠦᠭᠵᠢᠮ ᠢᠶᠠᠨ ᠭᠦᠭᠵᠢᠮᠳᠡᠵᠦ᠂ ᠠᠷᠠᠳ ᠤᠨ ᠲᠠᠭᠤᠤ ᠪᠠᠨ ᠲᠠᠭᠤᠯᠠᠵᠦ᠂ | ᠦᠵᠡᠭᠴᠢ ᠤᠯᠠᠨ ᠲᠠᠢ ᠪᠠᠨ ᠵᠤᠯᠭᠠᠭᠰᠠᠨ ᠪᠠᠶᠢᠨ᠎ᠠ᠃ | ᠮᠤᠷᠢᠨ ᠬᠤᠭᠤᠷᠴᠢ ᠰᠤᠶᠤᠯ ᠮᠤᠷᠢᠨ ᠬᠤᠭᠤᠷ ᠢᠶᠠᠨ ᠬᠦᠭᠯᠡᠬᠦᠯᠦᠨ ︽ᠮᠠᠷᠳᠠᠭ᠎ᠠ ᠦᠭᠡᠢ︾ ᠭᠡᠬᠦ ᠲᠠᠭᠤᠤ ᠶᠢᠨ ᠠᠶ᠎ᠠ ᠶᠢ ᠴᠤᠤᠷᠢᠶᠠᠳᠤᠭᠤᠯᠤᠨ ᠰᠢᠭᠤᠳ | ᠨᠡᠪᠳᠡᠷᠡᠭᠦᠯᠭᠡ ᠪᠠᠨ ᠡᠬᠢᠯᠡᠭᠦᠯᠵᠦ᠂ ᠪᠠᠭᠠᠳᠤᠷ᠂ ᠪᠠᠢ ᠬᠤᠤ ︽ᠲᠠᠬᠢᠨᠢ ᠶᠢᠨ ᠨᠠᠭᠤᠷ︾᠂ ︽ᠮᠠᠨᠳᠤᠬᠤ ᠨᠠᠷᠠ︾᠂ ︽ᠲᠠᠭᠤᠯᠠ︾᠂ ︽ᠲᠡᠭᠷᠢ ᠶᠢᠨ ᠬᠠᠶᠠᠭ᠎ᠠ︾᠂ | ︽ᠳ᠋ᠠᠨᠠᠪᠠᠯ︾ ᠤᠨ ᠢᠷᠠᠭᠤ ᠠᠶᠠᠰ ᠢ ᠮᠤᠷᠢᠨ ᠬᠤᠭᠤᠷ ᠢᠶᠠᠷ ᠤᠶᠠᠩᠭᠠᠷᠠᠭᠤᠯᠤᠨ᠂ ᠦᠵᠡᠭᠴᠢ ᠲᠦᠮᠡᠨ ᠤ ᠪᠠᠨ ᠤᠷᠮ᠎ᠠ ᠪᠠᠬ᠎ᠠ ᠶᠢ ᠲᠠᠳᠠᠪᠠ᠃ ᠠᠷᠠᠳ ᠤᠨ ᠲᠠᠭᠤᠤ | ︽ᠪᠦᠭᠡᠷᠦᠯᠠᠢ︾᠂ ︽ᠲᠡᠭᠷᠢ ᠶᠢᠨ ᠰᠠᠯᠬᠢ︾ ᠶᠢ ᠵᠠᠯᠠᠭᠤ ᠲᠠᠭᠤᠴᠢᠨ ᠭᠦᠩ ᠫᠢᠩ ᠠᠴᠠ ᠰᠡᠳᠬᠢᠯ ᠡᠪᠬᠡᠷᠡᠳᠡᠯᠡ ᠠᠶᠠᠯᠭᠤᠯᠠᠨ ᠲᠠᠭᠤᠯᠠᠵᠦ ᠤᠯᠠᠨ ᠤ ᠰᠡᠳᠭᠢᠯ ᠢ | ᠬᠦᠨᠳᠡᠨ᠎ᠡ᠃ ᠶᠠᠳᠤᠭᠠᠴᠢᠨ ᠰᠠᠴᠤᠷᠠ ᠶᠢᠨ ︽ᠤᠯᠠᠭᠠᠨ ᠰᠠᠷᠠᠯᠠᠩ︾᠂ ︽ᠬᠠᠨᠳᠡᠷᠮᠠ︾ ᠶᠢᠨ ᠠᠶ᠎ᠠ ᠶᠢ ᠴᠢᠪᠬᠠᠳᠠᠬᠤ ᠨᠢ ᠲᠤᠩ ᠡᠷᠬᠢᠮᠰᠦᠭ ᠭᠤᠸ᠎ᠠ ᠪᠠᠶᠢᠵᠦ᠂ | ᠨᠠᠮᠠᠭ᠎ᠠ ᠯᠢᠩᠬᠤ᠎ᠠ ᠴᠡᠴᠡᠭ ᠬᠤᠸᠠᠷ ᠮᠡᠳᠦ ᠦᠵᠡᠰᠭᠦᠯᠡᠩ ᠲᠦᠷᠦᠭᠰᠡᠨ ᠬᠠᠨᠳᠠᠷᠮ᠎ᠠ ᠶᠠᠭ ᠯᠠ ᠡᠶᠢᠮᠦ ᠪᠠᠶᠢᠬᠤ ᠭᠡᠮᠡᠷᠬᠡᠨ ᠪᠤᠳᠤᠯ ᠲᠦᠷᠦᠭᠳᠡᠭᠦᠯᠳᠡᠭ ᠮᠦᠷᠳᠡᠭᠡᠨ | ᠬᠦᠮᠦᠰ ᠢ ᠦᠪᠡᠷ ᠤᠨ ᠡᠷᠭᠡ ᠦᠬᠡᠢ ᠡᠨᠡ ᠬᠦ ᠠᠶ᠎ᠠ ᠲᠠᠭᠤᠨ ᠳᠤ ᠰᠤᠭᠳᠤᠭᠤᠷᠠᠭᠤᠯᠤᠨᠠ ᠪᠢᠯᠡ᠃ | ᠲᠤᠪᠰᠢᠭᠤᠷ ᠬᠦᠭᠵᠢᠮ ᠪᠤᠯ ᠮᠤᠩᠭᠤᠯᠴᠤᠳ ᠤᠨ ᠢᠵᠠᠭᠤᠷ ᠬᠦᠭᠵᠢᠮᠳᠡᠭᠦᠷ ᠤᠨ ᠨᠢᠭᠡ ᠪᠠᠶᠢᠵᠦ᠂ ᠬᠢᠴᠡ ᠪᠦᠳᠦᠴᠡ ᠨᠢ ᠲᠦᠭᠦᠮ ᠪᠤᠯᠪᠠᠴᠦ ᠢᠷᠡᠭᠤ | ᠲᠤᠳᠦ᠂ ᠬᠦᠡᠭᠬᠢᠨᠡᠮ᠎ᠡ ᠲᠠᠭᠤ ᠲᠠᠢ ᠲᠤᠪᠰᠢᠨ ᠬᠦᠭᠵᠢᠮᠳᠡᠬᠦ ᠬᠤᠶᠠᠷ ᠴᠢᠪᠬᠠᠳᠠᠰᠦ ᠲᠠᠢ ᠬᠦᠭᠵᠢᠮ ᠪᠤᠯᠤᠨ᠎ᠠ᠃ ᠴᠤᠭᠪᠠᠭᠠᠳᠤᠷ ᠤᠨ ᠲᠤᠪᠰᠢᠭᠤᠷᠳᠠᠭᠰᠠᠨ ︽ᠵᠡᠯᠮ᠎ᠡ | ᠬᠠᠷ᠎ᠠ︾ ᠨᠢ ᠤᠷᠮ᠎ᠠ ᠪᠠᠬ᠎ᠠ ᠶᠢ ᠨᠡᠩ ᠲᠠᠳᠠᠵᠦ᠂ ᠦᠷᠭᠡᠨ ᠠᠭᠤᠳᠠᠮ ᠲᠠᠯ᠎ᠠ ᠨᠤᠳᠤᠭ ᠠᠴᠠ ᠲᠦᠮᠡᠨ ᠠᠭᠳᠠ ᠶᠢᠨ ᠲᠦᠪᠡᠷᠭᠡᠨ ᠲᠤᠭᠤᠯᠳᠠᠵᠦ᠂ ︽ᠵᠡᠯᠮ᠎ᠡ ᠬᠠᠷ᠎ᠠ︾ | ᠶᠢᠨ ᠦᠤᠷᠰᠡᠭᠡᠨ ᠳᠤ ᠮᠤᠷᠢᠳᠡᠨ ᠤᠳᠤᠮ ᠤᠨ ᠬᠡᠶᠢᠮᠦᠷᠢ ᠰᠡᠷᠭᠦᠨ᠎ᠡ ᠭᠡᠯᠳᠡᠢ᠃ ︽ᠬᠤᠨ ᠭᠠᠯᠠᠭᠤ︾᠂ ︽ᠰᠡᠯᠡᠩᠭᠡ ᠮᠦᠷᠡᠨ︾ ᠤ ᠠᠶ᠎ᠠ ᠮᠤᠳᠤᠨ ᠴᠤᠭᠤᠷ ᠠᠴᠠ | ᠬᠦᠡᠭᠬᠢᠨᠡᠨ ᠱᠤᠤᠬᠢᠨᠠᠵᠦ᠂ ᠶᠠᠭ ᠯᠠ ᠰᠡᠯᠡᠩᠭᠡ ᠮᠦᠷᠡᠨ ᠤ ᠬᠦᠪᠡᠭᠡᠨ ᠳᠤ ᠤᠢ ᠬᠦᠪᠴᠢ ᠠᠴᠠ ᠲᠤᠭᠤᠯᠳᠠᠬᠤ ᠰᠢᠪᠠᠭᠤᠳ ᠤᠨ ᠲᠤᠩᠭᠤᠳᠤᠭᠠᠨ ᠪᠠ ᠭᠤᠤᠯ | ᠭᠤᠷᠤᠬ᠎ᠠ ᠶᠢᠨ ᠭᠤᠷᠴᠢᠬᠢᠨᠠᠬᠤ ᠲᠠᠭᠤᠨ ᠢ ᠴᠢᠩᠨᠠᠨ ᠰᠠᠭᠤᠵᠦ ᠪᠠᠶᠢᠭ᠎ᠠ ᠰᠢᠬ ᠲᠠᠶᠢᠪᠤᠩ ᠲᠠᠭᠠᠳᠠᠢ ᠰᠠᠨᠠᠭᠳᠠᠭᠤᠯᠤᠨ᠎ᠠ᠃ | ︽ᠠᠷᠤ ᠭᠠᠵᠠᠷ ᠤᠷᠭᠤᠭᠴᠢ | ᠠᠴᠠ ᠪᠦᠭᠡ ᠲᠠᠢ ᠠᠯᠳᠠᠷᠭᠠᠨ᠎ᠠ | ᠠᠯᠠᠭᠠᠨ ᠲᠡᠭᠡᠷ᠎ᠡ ᠪᠠᠨ ᠲᠡᠵᠢᠭᠡᠭᠰᠡᠨ | ᠠᠪᠤ ᠯᠠ ᠡᠵᠢ ᠬᠤᠶᠠᠷ ᠮᠢᠨᠢ | ᠡᠪᠦᠷ ᠭᠠᠵᠠᠷ ᠤᠷᠭᠤᠭᠴᠢ | ᠡᠰᠢ ᠪᠦᠭᠡ ᠲᠠᠢ ᠠᠯᠳᠠᠷᠭᠠᠨ᠎ᠠ | ᠡᠯᠢᠭᠡᠨ ᠳᠡᠭᠡᠷ᠎ᠡ ᠪᠠᠨ ᠲᠡᠵᠢᠭᠡᠭᠰᠡᠨ | ᠡᠵᠢ ᠯᠠ ᠠᠪᠤ ᠬᠤᠶᠠᠷ ᠮᠢᠨᠢ︾ ᠭᠡᠵᠦ ᠵᠠᠯᠠᠭᠤ ᠲᠠᠭᠤᠴᠢᠨ ᠤᠷᠤᠭᠰᠢ ᠪᠤᠷᠢᠶᠠᠳ ᠠᠷᠠᠳ ᠤᠨ ᠲᠠᠭᠤᠤ ︽ᠠᠯᠳᠠᠷᠭᠠᠨ᠎ᠠ︾ ᠶᠢ ᠬᠦᠭᠡᠮᠡᠶᠢᠯᠡᠭᠰᠠᠨ ᠨᠢ ᠲᠤᠩ | ᠤᠨᠴᠠᠯᠢᠭ ᠲᠠᠢ ᠪᠠᠶᠢᠵᠦ᠂ ᠠᠯᠢᠪᠠ ᠪᠦᠬᠦᠨ ᠠᠮᠢᠯᠠᠨ ᠰᠡᠷᠭᠦᠭᠰᠡᠨ ᠤᠷᠢᠬᠠᠨ ᠬᠠᠪᠤᠷ ᠤᠨ ᠤᠯᠠᠷᠢᠯ ᠳᠤ ᠨᠤᠳᠤᠭ ᠤᠨ ᠮᠢᠨᠢ ᠠᠭᠤᠯᠨ ᠨᠢᠷᠤᠭᠤᠳ ᠤᠨ ᠡᠩᠭᠡᠷ | ᠬᠤᠷᠮᠤᠢ ᠪᠠᠷ ᠰᠤᠶᠤᠭᠠᠯᠠᠨ ᠨᠠᠬᠢᠶᠠᠯᠠᠵᠦ ᠪᠠᠶᠢᠭ᠎ᠠ ᠡᠪᠡᠰᠦ ᠤᠷᠭᠤᠮᠡᠯ ᠬᠦᠭᠡᠷᠡᠨ ᠬᠠᠷᠠᠭᠳᠠᠬᠤ ᠰᠢᠬ ᠪᠤᠯᠤᠯ᠎ᠠ᠃ ᠴᠤᠪᠤᠭᠤ ᠶᠢᠨ ᠬᠦᠭᠵᠢᠮᠳᠡᠭᠰᠡᠨ ᠱᠤᠳᠤᠷᠭᠤ ᠠᠴᠠ | ︽ᠭᠡᠤᠬᠡᠨ ᠮᠤᠷᠳᠠᠭᠤᠯᠬᠤ ᠲᠠᠭᠤᠤ︾ ᠶᠢᠨ ᠠᠶ᠎ᠠ ᠤᠶᠠᠩᠭᠠᠷᠠᠵᠤ᠂ | ︽ᠮᠦᠰᠦᠨ ᠲᠡᠭᠡᠭᠦᠷ ᠬᠦᠶᠦᠳᠡᠯ ᠲᠠᠢ | ᠮᠦᠡᠭᠭᠦᠨ ᠴᠤᠬᠤᠷ ᠮᠤᠷᠢ ᠮᠢᠨᠢ | ᠮᠦᠡᠭᠬᠦ ᠱᠢᠷᠦ ᠪᠠᠷ ᠴᠢᠮᠡᠭᠰᠡᠨ | ᠬᠡᠤᠬᠡᠨ ᠦᠷ᠎ᠡ ᠮᠢᠨᠢ ᠬᠦᠮᠦᠨ ᠤ ᠳ᠋ᠧ | ᠮᠠᠩᠬᠠᠨ ᠲᠡᠭᠡᠭᠦᠷ ᠬᠦᠶᠦᠳᠡᠯ ᠲᠠᠢ | ᠮᠠᠩᠨᠠᠢ ᠬᠠᠯᠵᠠᠨ ᠮᠤᠷᠢ ᠮᠢᠨᠢ | ᠮᠠᠩᠨᠤᠭ ᠱᠢᠷᠦ ᠪᠠᠷ ᠴᠢᠮᠡᠭᠰᠡᠨ | ᠬᠡᠤᠬᠡᠨ ᠦᠷ᠎ᠡ ᠮᠢᠨᠢ ᠭᠦᠮᠤᠨ ᠤ ᠳ᠋ᠧ︾ ᠭᠡᠮᠡᠨ ᠬᠠᠷᠢ ᠳᠤ ᠮᠤᠷᠳᠠᠭᠰᠠᠨ ᠬᠡᠤᠬᠡᠨᠴᠤᠳ ᠤᠨ ᠲᠦᠷᠬᠦᠮ ᠢ ᠨᠢ ᠰᠠᠨᠠᠭᠳᠠᠭᠤᠯᠵᠦ᠂ ᠬᠦᠮᠦᠨ ᠤ ᠨᠤᠳᠤᠭ | ᠬᠦᠨᠳᠡᠯᠡᠨ ᠤ ᠭᠠᠵᠠᠷ ᠲᠤ ᠠᠵᠢᠯᠯᠠᠵᠦ ᠠᠮᠢᠳᠤᠷᠠᠵᠦ ᠪᠠᠶᠢᠭ᠎ᠠ ᠬᠦᠮᠦᠰ ᠤᠨ ᠨᠤᠳᠤᠭ ᠢ ᠨᠢ ᠡᠷᠢᠭᠳᠡᠭᠦᠯᠦᠨᠡ᠃ | ᠬᠤᠭᠤᠷᠳᠠᠨᠠ ᠤᠤ᠂ ᠬᠦᠭᠡᠮᠡᠶᠢᠯᠡᠨᠡ ᠤᠤ᠂ ᠲᠤᠪᠰᠢᠭᠤᠷᠳᠠᠨᠠ ᠤᠤ᠂ ᠴᠤᠭᠤᠷᠳᠠᠨᠠ ᠤᠤ᠂ ᠴᠢᠪᠬᠠᠳᠠᠨ᠎ᠠ ᠤᠤ ᠁ ᠢᠵᠠᠭᠤᠷ ᠤᠷᠠᠯᠢᠭ ᠤᠨ ᠬᠦᠭᠵᠢᠮ | ᠤᠨ ᠠᠯᠢᠨ ᠳᠤ ᠨᠢ ᠴᠦ ᠪᠦᠷ ᠤᠷ᠎ᠠ ᠠᠪᠢᠶᠠᠰ ᠲᠠᠢ ᠵᠠᠯᠠᠭᠤᠴᠤᠳ ᠤᠨ ᠭᠤᠶᠢᠳᠠ ᠲᠤᠭᠯᠠᠯᠳᠠ ᠬᠦᠮᠦᠰ ᠤᠨ ᠰᠡᠳᠬᠢᠯ ᠳᠤ ᠭᠦᠷᠴᠦ᠂ ᠤᠷᠠᠨ ᠪᠦᠳᠦᠭᠡᠯ ᠢᠶᠠᠨ | ᠦᠵᠡᠭᠴᠢ ᠰᠤᠨᠤᠰᠤᠭᠴᠢᠳ ᠲᠤ ᠪᠠᠨ ᠭᠠᠶᠢᠬᠠᠰᠢ ᠠᠯᠳᠠᠳᠠᠯ᠎ᠠ ᠰᠤᠨᠢᠷᠬᠠᠭᠤᠯᠬᠤ ᠨᠢ ᠲᠡᠷᠡ᠃ | | | | | | | | | | | | |