ᠡᠬᠦᠳᠡᠨ ᠪᠤᠱᠤᠭᠠᠨ ᠲᠡᠬᠡᠷ᠎ᠡ ᠬᠢᠰᠬᠢᠵᠤ ᠪᠤᠯᠬᠤ ᠥᠬᠡᠢ ᠬᠡᠳᠡᠭ ᠢ ᠮᠤᠩᠭᠤᠯ ᠬᠥᠮᠤᠨ ᠮᠡᠳᠡᠳᠡᠭ᠃ ᠬᠠᠷᠢᠨ ᠶᠠᠮᠠᠷ ᠤᠴᠢᠷ ᠠᠴᠠ ᠡᠬᠦᠨ ᠢ ᠴᠡᠬᠡᠷᠯᠡᠳᠡᠭ ᠢ ᠲᠠᠨᠠᠷ ᠪᠥᠷ | ᠮᠡᠳᠡᠨᠡᠤ︖ ᠮᠤᠩᠭᠤᠯᠴᠤᠤᠨ ᠬᠡᠷ ᠢᠶᠠᠨ ᠤᠯᠤᠰ ᠤᠷᠤᠨ ᠲᠠᠢ ᠠᠳᠠᠯᠢ ᠵᠦᠢᠷᠯᠡᠵᠤ ᠪᠤᠱᠤᠭ᠎ᠠ ᠶᠢ ᠬᠡᠷ ᠤᠯᠤᠰ ᠤᠨ ᠬᠢᠯᠢ ᠵᠠᠭᠠᠭ ᠬᠡᠳᠡᠭ ᠲᠤᠯᠠ ᠬᠢᠰᠬᠢᠵᠤ ᠪᠤᠯᠬᠤ ᠥᠬᠡᠢ | ᠠᠯᠬᠤᠵᠤ ᠭᠠᠷᠬᠤ ᠶᠢ ᠰᠤᠷᠭᠠᠳᠠᠭ᠃ ᠮᠥᠨ ᠮᠤᠩᠭᠤᠯᠴᠤᠤᠨ ᠬᠡᠷ ᠤᠨ ᠬᠠᠭᠠᠯᠭ᠎ᠠ ᠶᠢ ᠤᠷᠢᠳᠤ ᠵᠥᠭ ᠲᠤ ᠬᠠᠨᠳᠤᠭᠤᠯᠵᠤ ᠪᠠᠷᠢᠳᠠᠭ ᠨᠢ ᠶᠤᠰᠤ ᠵᠠᠩᠰᠢᠯ ᠲᠠᠢ ᠠᠴᠠ ᠢᠯᠡᠬᠦᠤ | ᠠᠮᠢᠳᠤᠷᠠᠯ ᠤᠨ ᠤᠬᠠᠭᠠᠨ ᠠᠷᠭ᠎ᠠ ᠯᠤᠬᠢᠭ ᠶᠤᠮ᠃ ᠮᠠᠨ ᠤ ᠤᠷᠤᠨ ᠵᠢᠯ ᠤᠨ ᠲᠥᠷᠪᠡᠨ ᠤᠯᠠᠷᠢᠯ ᠳᠤ ᠪᠠᠷᠠᠭᠤᠨ ᠬᠤᠶᠢᠨ᠎ᠠ ᠠᠴᠠ ᠰᠠᠯᠬᠢᠯᠠᠳᠠᠭ ᠲᠤᠯᠠ ᠪᠤᠷᠤᠭ᠎ᠠ᠂ ᠰᠢᠷᠤᠢ᠂ | ᠴᠠᠰᠤ᠂ ᠵᠢᠪᠡᠷ ᠠᠴᠠ ᠰᠡᠷᠬᠡᠶᠢᠯᠡᠵᠤ ᠬᠡᠷ ᠤᠨ ᠬᠠᠭᠠᠯᠭ᠎ᠠ ᠶᠢ ᠰᠠᠯᠬᠢᠨ ᠤ ᠴᠡᠭ ᠲᠠᠭᠠᠭᠤᠯᠤᠨ ᠢᠡᠭᠭᠢᠵᠤ ᠪᠠᠷᠢᠳᠠᠭ ᠠᠵᠢ᠃ | ︽ᠶᠡᠭᠡ ᠵᠠᠰᠠᠭ︾ ᠬᠠᠤᠯᠢ ᠶᠢᠨ ᠥᠨᠳᠤᠰᠤᠨ ᠰᠠᠭᠤᠷᠢ ᠪᠤᠯᠬᠤ ᠲᠡᠭᠷᠢ ᠶᠢᠨ ᠬᠠᠤᠯᠢ ᠳᠤ ︽ᠬᠡᠷ ᠲᠤ ᠤᠷᠤᠬᠤ ᠳᠠᠭᠠᠨ ᠡᠬᠦᠳᠡᠨ ᠪᠤᠱᠤᠭᠠᠨ ᠲᠡᠬᠡᠷ᠎ᠡ ᠬᠢᠰᠬᠢᠵᠤ ᠪᠤᠯᠬᠤ | ᠥᠬᠡᠢ︾ ᠬᠡᠰᠡᠨ ᠪᠠᠶᠢᠳᠠᠭ ᠁ ᠬᠡᠷᠪᠡ ᠬᠡᠨ ᠨᠢᠬᠡ ᠬᠥᠮᠤᠨ ᠤᠳᠤᠷᠢᠳᠤᠭᠴᠢ ᠶᠢᠨ ᠢᠶᠠᠨ ᠥᠷᠤᠬᠡᠨ ᠤ ᠡᠬᠦᠳᠡᠨ ᠪᠤᠱᠤᠭ᠎ᠠ ᠶᠢ ᠰᠠᠨᠠᠭ᠎ᠠ ᠲᠠᠢ ᠪᠠᠷ ᠬᠢᠰᠬᠢᠭᠰᠡᠨ ᠪᠠᠶᠢᠪᠠᠯ | ᠠᠯᠠᠭᠳᠠᠨ ᠰᠢᠳᠬᠡᠭᠳᠡᠬᠦ ᠠᠶᠤᠯᠳᠠᠢ ᠬᠡᠬᠦ ᠮᠡᠳᠤ ᠬᠡᠷ ᠤᠨ ᠡᠬᠦᠳᠡ ᠬᠠᠭᠠᠯᠭ᠎ᠠ ᠶᠢᠨ ᠲᠤᠬᠠᠢ ᠲᠤᠷᠠᠳᠤᠭᠰᠠᠨ ᠪᠠᠶᠢᠨ᠎ᠠ᠃ ᠲᠡᠶᠢᠮᠤ ᠠᠴᠠ ᠴᠢᠩᠭᠢᠰ ᠤᠨ ᠥᠶ᠎ᠠ ᠠᠴᠠ ᠤᠳᠤ ᠬᠥᠷᠳᠡᠯ᠎ᠠ | ᠬᠡᠷ ᠤᠨ ᠪᠤᠱᠤᠭᠠᠨ ᠲᠡᠬᠡᠷ᠎ᠡ ᠬᠢᠰᠬᠢᠵᠤ ᠬᠠᠭᠠᠯᠭ᠎ᠠ ᠠᠯᠳᠠᠯᠠᠵᠤ ᠵᠤᠭᠰᠤᠬᠤ ᠶᠢ ᠬᠤᠷᠢᠭᠯᠠᠳᠠᠭ᠃ ᠮᠤᠩᠭᠤᠯᠴᠤᠤᠨ ᠤᠨ ᠬᠡᠷ ᠰᠠᠭᠤᠴᠠ ᠨᠢ ᠶᠡᠭᠡ ᠡᠷᠳᠡᠨ ᠤ ᠤᠯᠠᠮᠵᠢᠯᠠᠯ ᠲᠠᠢ | ᠬᠥᠭᠵᠢᠯ ᠬᠤᠪᠢᠰᠤᠯ ᠤᠨ ᠤᠯᠠᠨ ᠱᠠᠳᠤ ᠶᠢ ᠲᠤᠭᠤᠯᠤᠨ ᠥᠨᠤ ᠥᠶ᠎ᠡ ᠳᠤ ᠤᠯᠠᠮᠵᠢᠯᠠᠵᠠᠢ᠃ ᠨᠡᠬᠦᠳᠡᠯᠯᠡᠨ ᠠᠵᠤ ᠲᠥᠷᠤᠬᠦ ᠳᠤ ᠬᠠᠮᠤᠭ ᠤᠨ ᠰᠠᠶᠢᠨ ᠵᠤᠬᠢᠴᠠᠭᠰᠠᠨ ᠬᠡᠷ | ᠰᠠᠭᠤᠴᠠ ᠨᠢ ᠪᠥᠳᠤᠨ ᠵᠤᠬᠢᠶᠠᠮᠵᠢ ᠶᠢᠨ ᠢᠶᠠᠨ ᠬᠤᠪᠢ ᠳᠤ ᠬᠥᠮᠤᠰ ᠤᠨ ᠰᠤᠨᠢᠷᠬᠠᠯ ᠢ ᠶᠡᠭᠡ ᠲᠠᠳᠠᠳᠠᠭ ᠪᠢᠯᠡ᠃ ᠬᠥᠡᠭᠭᠡᠨ᠂ ᠠᠪᠰᠠᠷᠬᠠᠨ᠂ ᠤᠳᠠᠭᠠᠨ ᠡᠳ᠋ᠯᠡᠭᠳᠡᠳᠡᠭ᠃ 13 | ᠳ᠋ᠤᠭᠠᠷ ᠵᠠᠭᠤᠨ ᠤ ᠮᠤᠩᠭᠤᠯᠴᠤᠤᠨ ᠤᠨ ᠬᠡᠷ ᠲᠡᠷᠬᠡ ᠬᠡᠮᠡᠬᠦ ᠨᠢᠬᠡᠨ ᠰᠠᠭᠤᠴᠠᠨ ᠤ ᠲᠤᠬᠠᠢ ᠲᠤᠮᠳᠠᠳᠤ ᠵᠠᠭᠤᠨ ᠤ ᠵᠢᠭᠤᠯᠴᠢᠤᠨ ᠤᠨ ᠲᠡᠮᠳᠡᠭᠯᠡᠯ ᠳᠤ ︽ᠬᠡᠷ ᠲᠡᠷᠬᠡ ᠲᠠᠢ | ᠨᠡᠬᠦᠳᠡᠯ ᠨᠢ ᠶᠡᠭᠡ ᠬᠤᠳᠠ ᠨᠡᠬᠦᠵᠤ ᠶᠠᠪᠤᠭ᠎ᠠ ᠮᠡᠳᠤ ᠰᠥᠷ ᠲᠠᠢ︾ ᠬᠠᠷᠠᠭᠳᠠᠳᠠᠭ ᠬᠡᠵᠤ ᠲᠤᠬᠠᠢ ᠶᠢᠨ ᠥᠶ᠎ᠡ ᠳᠤ ᠲᠡᠮᠳᠡᠭᠯᠡᠭᠰᠡᠨ ᠴᠤ ᠪᠤᠢ᠃ | ᠮᠤᠩᠭᠤᠯ ᠬᠡᠷ ᠢ ᠬᠠᠯᠬ᠎ᠠ᠂ ᠤᠢᠢᠷᠠᠤᠨ᠂ ᠪᠤᠷᠢᠶᠠᠤᠨ ᠬᠡᠵᠤ ᠢᠯᠭᠠᠨ ᠥᠵᠡᠳᠡᠭ᠃ ᠬᠡᠷ ᠨᠢ ᠶᠠᠰᠤ ᠮᠤᠳᠤ᠂ ᠪᠥᠷᠢᠶᠠᠰᠤ ᠬᠡᠰᠡᠨ ᠬᠤᠶᠠᠷ ᠥᠨᠳᠤᠰᠤᠨ ᠵᠦᠢᠯ ᠠᠴᠠ | ᠪᠥᠷᠢᠳᠤᠨᠠ᠃ ᠡᠷᠳᠡ ᠥᠶ᠎ᠡ ᠳᠤ ᠬᠡᠷ ᠰᠠᠭᠤᠴᠠ ᠶᠢ ᠲᠠᠩ ᠮᠤᠳᠤ ᠪᠠᠷ ᠬᠢᠵᠤ ᠪᠠᠶᠢᠭᠰᠠᠨ ᠤ ᠤᠯᠠᠮ ᠠᠴᠠ ᠮᠤᠳᠤᠨ ᠬᠡᠷ ᠬᠡᠵᠤ ᠨᠡᠷᠡᠯᠡᠬᠦ ᠪᠤᠯᠤᠭᠰᠠᠨ᠃ ᠬᠤᠵᠢᠮ ᠮᠤᠳᠤ᠂ | ᠢᠰᠡᠬᠡᠢ ᠪᠥᠷᠢᠶᠡᠰᠤ ᠵᠡᠷᠬᠡ ᠠᠴᠠ ᠪᠦᠳᠦᠭᠰᠡᠨ ᠬᠡᠷ ᠡᠬᠦᠰᠭᠦ ᠳᠤ ᠢᠰᠡᠬᠡᠢ ᠬᠡᠷ ᠪᠤᠶᠤ ᠢᠰᠡᠬᠡᠢ ᠲᠤᠭᠤᠷᠭᠠᠳᠠᠨ ᠨᠤᠭᠤᠳ ᠬᠡᠮᠡᠨ ᠬᠡᠷ ᠰᠠᠭᠤᠴᠠ ᠪᠠᠷ ᠨᠢ ᠤᠨᠴᠠᠭᠠᠢᠢᠯᠠᠨ ᠨᠡᠷᠡᠯᠡᠭᠰᠡᠨ | ᠲᠡᠤᠬᠡ ᠲᠠᠢ ᠪᠢᠯᠡ᠃ ᠬᠡᠷ ᠤᠨ ᠮᠤᠳᠤ ᠨᠢ ᠲᠤᠭᠤᠨᠤ᠂ ᠤᠨᠢ᠂ ᠬᠠᠨ᠎ᠠ᠂ ᠬᠠᠭᠠᠯᠭ᠎ᠠ᠂ ᠢᠰᠡᠬᠡᠢ ᠪᠥᠷᠢᠶᠡᠰᠤ ᠨᠢ ᠡᠷᠤᠬᠡ᠂ ᠲᠡᠬᠡᠪᠤᠷ᠂ ᠲᠤᠭᠤᠷᠭ᠎ᠠ᠂ ᠡᠬᠦᠳᠡ ᠵᠡᠷᠬᠡ ᠪᠠᠶᠢᠨ᠎ᠠ᠃ | ᠮᠤᠩᠭᠤᠯ ᠬᠡᠷ ᠤᠨ ᠶᠡᠭᠡ ᠪᠠᠭ᠎ᠠ ᠶᠢ ᠬᠠᠨ᠎ᠠ ᠪᠠᠷ ᠨᠢ ᠬᠡᠮᠵᠢᠶᠡᠯᠡᠬᠦ ᠪᠥᠬᠡᠤᠨ ᠲᠤᠮᠳᠠᠴᠢ ᠠᠶᠢᠯ ᠤᠨ ᠬᠡᠷ ᠨᠢ 4 ᠬᠠᠨ᠎ᠠ ᠲᠠᠢ ᠪᠠᠶᠢᠨ᠎ᠠ᠃ 19 ᠳ᠋ᠤᠬᠡᠷ ᠵᠠᠭᠤᠨ ᠤ ᠡᠴᠤᠰ ᠤᠨ | ᠥᠶ᠎ᠠ ᠳᠤ ᠵᠢᠷ ᠤᠨ ᠮᠠᠯᠴᠢᠨ ᠤ ᠬᠡᠷ ᠨᠢ ᠲᠥᠷᠪᠡᠨ ᠬᠠᠨ᠎ᠠ ᠲᠠᠢ᠂ ᠴᠢᠨᠡᠬᠡᠯᠢᠭ ᠪᠠᠶᠠᠴᠤᠤᠨ ᠤᠨ ᠬᠡᠷ ᠨᠢ 5 ᠬᠠᠨ᠎ᠠ ᠲᠠᠢ᠂ ᠮᠥᠨ 8 ᠊᠊᠊᠊᠊ 10 ᠬᠠᠨ᠎ᠠ ᠲᠠᠢ ᠬᠡᠷ ᠢ ᠠᠶᠢᠮᠠᠭ ᠤᠨ | ᠬᠠᠨ᠂ ᠬᠤᠰᠢᠭᠤ ᠲᠠᠮᠠᠭ᠎ᠠ ᠶᠢᠨ ᠭᠠᠵᠠᠷ ᠪᠠᠷᠢᠵᠤ ᠪᠠᠶᠢᠵᠠᠢ᠃ ᠮᠤᠩᠭᠤᠯ ᠬᠡᠷ ᠤᠨ ᠲᠤᠳᠤᠷᠠᠬᠢ ᠭᠤᠷᠢᠮ ᠶᠤᠰᠤ ᠪᠠᠷ ᠬᠡᠷ ᠤᠨ ᠲᠤᠳᠤᠷᠠᠬᠢ ᠵᠠᠢ ᠶᠢ ᠬᠤᠶᠢᠮᠤᠷ ᠲᠠᠯ᠎ᠠ᠂ ᠡᠬᠦᠳᠡᠨ | ᠲᠠᠯ᠎ᠠ᠂ ᠬᠡᠷ ᠤᠨ ᠡᠵᠡᠭᠳᠡᠢ ᠶᠢᠨ ᠲᠠᠯ᠎ᠠ᠂ ᠬᠡᠷ ᠤᠨ ᠡᠵᠡᠨ ᠤ ᠲᠠᠯ᠎ᠠ ᠬᠡᠵᠤ ᠢᠯᠭᠠᠬᠤ ᠨᠢ ᠬᠡᠷ ᠤᠨ ᠲᠤᠳᠤᠷ᠎ᠠ ᠪᠠᠷᠢᠮᠳᠠᠯᠠᠬᠤ ᠶᠤᠰᠤ ᠪᠠ ᠵᠠᠢ ᠲᠠᠯᠠᠪᠠᠢ ᠶᠢᠨ ᠵᠢᠷᠤᠮ ᠢ | ᠲᠤᠭᠳᠠᠭᠠᠭᠰᠠᠨ ᠬᠡᠪ ᠶᠤᠰᠤ ᠪᠠᠶᠢᠵᠠᠢ᠃ ᠮᠤᠩᠭᠤᠯᠴᠤᠤᠨ ᠬᠡᠷ ᠤᠨ ᠢᠶᠠᠨ ᠭᠤᠤᠯ ᠲᠤᠮᠳᠠ ᠭᠠᠯ ᠭᠤᠯᠤᠮᠳᠠ ᠲᠤᠯᠭ᠎ᠠ ᠪᠠᠨ ᠪᠠᠶᠢᠷᠢᠯᠠᠭᠤᠯᠳᠠᠭ᠃ ᠲᠡᠬᠦᠨ ᠢ ᠲᠤᠭᠤᠷᠢᠭᠰᠠᠨ ᠤᠷᠤᠨ | ᠵᠠᠢ ᠶᠢᠨ ᠪᠠᠷᠠᠭᠤᠨ ᠲᠠᠯ᠎ᠠ ᠨᠢ ᠡᠷᠡᠭᠳᠡᠢ ᠬᠥᠮᠤᠨ ᠤ ᠡᠳ᠋ ᠵᠦᠢᠯ᠂ ᠵᠡᠬᠦᠨ ᠲᠠᠯ᠎ᠠ ᠳᠤ ᠡᠮᠡᠭᠳᠡᠢ ᠬᠥᠮᠤᠨ ᠤ ᠡᠳ᠋ ᠵᠦᠢᠯ ᠢ ᠪᠠᠶᠢᠷᠢᠯᠠᠭᠤᠯᠳᠠᠭ ᠠᠴᠠ ᠤᠯᠠᠮᠵᠢᠯᠠᠨ ᠡᠵᠡᠭᠳᠡᠢ ᠲᠠᠯ᠎ᠠ᠂ | ᠡᠷᠡᠭᠳᠡᠢ ᠬᠥᠮᠤᠨ ᠤ ᠲᠠᠯ᠎ᠠ ᠬᠡᠮᠡᠭᠦ ᠪᠤᠯᠤᠭᠰᠠᠨ᠃ ᠬᠡᠷ ᠤᠨ ᠲᠤᠳᠤᠷᠠᠬᠢ ᠤᠷᠤᠨ ᠵᠠᠢ ᠶᠢ 12 ᠵᠢᠯ ᠢᠶᠠᠷ ᠬᠤᠪᠢᠶᠠᠨ ᠨᠡᠷᠡᠯᠡᠬᠦ᠂ ᠵᠥᠭ ᠴᠢᠭ ᠵᠢᠭᠠᠬᠠᠤ᠂ ᠥᠡᠭᠭᠡ ᠪᠠᠷ ᠢᠯᠭᠠᠨ | ᠬᠡᠷ ᠤᠨ ᠨᠠᠷᠠᠨ ᠴᠠᠭ ᠤᠨ ᠬᠤᠪᠢᠶᠠᠷᠢ ᠶᠢ ᠪᠤᠢ ᠪᠤᠯᠭᠠᠭᠰᠠᠨ ᠨᠢ ᠬᠡᠷ ᠲᠠᠢ ᠬᠤᠯᠪᠤᠭᠠᠳᠠᠢ ᠪᠠᠶᠢᠳᠠᠭ᠃ |