ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠪᠠ ᠵᠢᠭᠤᠯᠴᠢᠯᠠᠯ ᠤᠨ ᠲᠢᠩᠬᠢᠮ ᠬᠢᠭᠡᠳ ᠥᠪᠡᠷᠲᠡᠭᠡᠨ ᠵᠠᠰᠠᠬᠤ ᠣᠷᠣᠨ ᠤ | ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠤᠨ ᠬᠠᠮᠲᠤᠷᠠᠨ ᠥᠷᠨᠢᠭᠦᠯᠦᠭᠰᠡᠨ ᠬᠤᠶᠠᠳᠤᠭᠠᠷ ᠪᠦᠯᠦᠭ ᠤᠨ ᠥᠪᠡᠷᠲᠡᠭᠡᠨ ᠵᠠᠰᠠᠬᠤ ᠣᠷᠣᠨ ᠤ ᠬᠥᠳᠡᠭᠡ | ᠲᠣᠰᠬᠤᠨ ᠤ ᠵᠢᠭᠤᠯᠴᠢᠯᠠᠯ ᠤᠨ ᠭᠤᠣᠯᠳᠠᠯᠭ᠎ᠠ ᠲᠠᠢ ᠲᠣᠰᠬᠤᠨ ᠪᠠᠯᠭᠠᠰᠤ ᠶᠢ ᠦᠨᠡᠯᠡᠨ ᠲᠣᠭᠲᠠᠭᠠᠬᠤ ᠳᠤ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤ ᠶᠢᠨ | ᠰᠧ ᠢ ᠲᠣᠰᠬᠤᠨ ᠵᠢᠭᠰᠠᠭᠠᠭᠳᠠᠵᠠᠢ᠃ ᠰᠧ ᠢ ᠲᠣᠰᠬᠤᠨ ᠯᠢᠶᠣᠤᠨᠢᠩ ᠮᠤᠵᠢ ᠪᠣᠯᠣᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠭᠤᠯᠵᠠᠷ ᠲᠤ | ᠪᠠᠶᠢᠷᠢᠯᠠᠵᠤ᠂ 1560 ᠬᠥᠮᠥᠨ ᠠᠮᠠ ᠲᠠᠢ᠃ ᠣᠶᠢᠷ᠎ᠠ ᠶᠢᠨ ᠵᠢᠯ ᠠᠴᠠ᠂ ᠰᠧ ᠢ ᠲᠣᠰᠬᠤᠨ ︽ᠠᠵᠤ ᠦᠢᠯᠡᠰ ᠬᠥᠭᠵᠢᠭᠰᠡᠨ᠂ ᠠᠮᠢ ᠠᠬᠤᠢ ᠣᠷᠣᠰᠢᠨ | ᠰᠠᠭᠤᠬᠤ ᠳᠤ ᠲᠣᠬᠢᠷᠠᠮᠵᠢᠲᠠᠢ᠂ ᠬᠥᠳᠡᠭᠡ ᠲᠣᠰᠬᠤᠨ ᠤ ᠰᠤᠷᠲᠠᠯ ᠪᠣᠯᠪᠠᠰᠤᠨ᠂ ᠵᠠᠰᠠᠯᠲᠠ ᠪᠦᠲᠦᠮᠵᠢᠲᠡᠢ᠂ ᠠᠮᠢᠳᠤᠷᠠᠯ ᠴᠢᠨᠡᠭᠡᠯᠢᠭ︾ ᠰᠢᠨ᠎ᠡ ᠬᠥᠳᠡᠭᠡ ᠲᠣᠰᠬᠤᠨ ᠤ | ᠪᠦᠲᠦᠭᠡᠨ ᠪᠠᠶᠢᠭᠤᠯᠤᠯᠲᠠ ᠶᠢᠨ ᠬᠠᠷᠠᠯᠲᠠ ᠶᠢᠨ ᠲᠣᠭᠤᠷᠢᠨ ᠳᠤ᠂ ᠬᠥᠳᠡᠭᠡ ᠲᠣᠰᠬᠤᠨ ᠤ ᠵᠤᠭᠠᠴᠠᠯ ᠢ ᠶᠡᠬᠡᠪᠡᠷ ᠬᠥᠭᠵᠢᠭᠦᠯᠵᠦ᠂ ᠬᠥᠳᠡᠭᠡ ᠶᠢᠨ ᠠᠵᠤ ᠠᠬᠤᠢ | ᠰᠣᠶᠣᠯ ᠵᠤᠭᠠᠴᠠᠯ ᠢ ᠠᠭᠤᠰᠤᠯᠴᠠᠭᠤᠯᠤᠨ ᠬᠥᠭᠵᠢᠭᠦᠯᠬᠦ ᠵᠠᠮ ᠢᠶᠠᠷ ᠵᠠᠮᠨᠠᠭᠰᠠᠨ ᠪᠠᠶᠢᠨ᠎ᠠ᠃ ᠨᠠᠢᠮᠠᠨ ᠬᠤᠰᠢᠭᠤᠨ ᠤ ᠴᠢᠩ ᠯᠦᠩ ᠱᠠᠨ ᠪᠠᠯᠭᠠᠰᠤ ᠶᠢᠨ ᠰᠧ ᠢ | ᠲᠣᠰᠬᠤᠨ ᠤ ᠣᠷᠴᠢᠨ ᠲᠣᠭᠤᠷᠢᠨ ᠲᠠᠩᠰᠤᠭ ᠰᠠᠶᠢᠬᠠᠨ᠂ ᠪᠠᠶᠢᠭᠠᠯᠢ ᠶᠢᠨ ᠡᠬᠢ ᠪᠠᠶᠠᠯᠢᠭ ᠡᠯᠪᠡᠭ᠂ ᠥᠪᠡᠷᠮᠢᠴᠡ ᠣᠨᠴᠠᠯᠢᠭ ᠲᠠᠢ ᠪᠤᠯᠤᠭᠰᠠᠨ ᠢᠶᠠᠷ ᠲᠦᠩᠯᠢᠶᠣᠣ | ᠬᠤᠳᠠ ᠶᠢᠨ ᠭᠠᠵᠠᠷ ᠣᠷᠣᠨ ᠳᠤ ᠬᠤᠪᠣᠷ ᠪᠠᠶᠢᠳᠠᠭ ᠠᠭᠤᠯᠠ᠂ ᠤᠰᠤ᠂ ᠤᠢ ᠰᠢᠭᠤᠢ᠂ ᠲᠠᠷᠢᠶ᠎ᠠ᠂ ᠵᠠᠮ᠂ ᠡᠪᠡᠰᠦ ᠪᠡᠯᠴᠢᠭᠡᠷ ᠲᠠᠢ ᠪᠠᠶᠢᠭᠠᠯᠢ ᠶᠢᠨ ᠡᠬᠢ ᠪᠠᠶᠠᠯᠢᠭ | ᠲᠥᠪᠯᠡᠷᠡᠭᠰᠡᠨ ᠣᠷᠣᠨ ᠪᠤᠯᠪᠠ᠃ ᠰᠧ ᠢ ᠲᠣᠰᠬᠤᠨ ᠤ ᠵᠡᠭᠦᠨ ᠬᠤᠶᠢᠨ᠎ᠠ ᠪᠠᠶᠢᠷᠢᠯᠠᠵᠤ ᠪᠠᠶᠢᠭ᠎ᠠ ᠴᠢᠩ ᠯᠦᠩ ᠱᠠᠨ ᠬᠤᠲᠣᠭᠤᠷ ᠤᠨ ᠦᠵᠡᠮᠵᠢ ᠶᠢᠨ ᠣᠷᠣᠨ ᠤ | ᠤᠢ ᠰᠢᠭᠤᠢ ᠤᠷᠭᠤᠮᠠᠯ ᠤᠨ ᠬᠤᠴᠢᠯᠭ᠎ᠠ ᠢᠭᠴᠤ ᠰᠠᠬᠤᠯᠢᠭ᠂ ᠮᠣᠳᠣᠨ ᠤ ᠲᠦᠷᠤᠯ ᠵᠦᠢᠯ ᠤᠯᠠᠨ᠂ ᠵᠢᠯ ᠤᠨ ᠲᠦᠷᠪᠡᠨ ᠤᠯᠠᠷᠢᠯ ᠳᠤ ᠦᠩᠭᠡ ᠦᠵᠡᠮᠵᠢ ᠰᠠᠶᠢᠬᠠᠨ | ᠪᠠᠶᠢᠵᠤ᠂ ᠲᠠᠭᠠᠯᠠᠮᠵᠢᠲᠠᠢ ᠭᠠᠵᠠᠷ ᠪᠤᠯᠤᠨ᠎ᠠ᠃ ᠬᠤᠮᠰᠢᠮ ᠪᠣᠳᠢᠰᠠᠳ᠋ᠸ᠎ᠠ ᠬᠡᠮᠡᠬᠦ ᠭᠤᠣᠯ ᠰᠧ ᠢ ᠲᠣᠰᠬᠤᠨ ᠢᠶᠠᠷ ᠤᠷᠤᠰᠤᠨ ᠥᠩᠭᠡᠷᠡᠵᠦ᠂ 4600 ᠮᠦ ᠠᠮᠢ | ᠠᠬᠤᠢ ᠶᠢᠨ ᠰᠠᠶᠢᠨ ᠰᠠᠶᠢᠬᠠᠨ ᠣᠷᠣᠨ ᠪᠦᠰᠡ ᠶᠢ ᠪᠣᠶ ᠪᠣᠯᠭᠠᠵᠤ᠂ ᠴᠡᠪᠡᠷ ᠲᠤᠩᠭᠠᠯᠠᠭ ᠭᠤᠣᠯ ᠤᠨ ᠤᠰᠤ ᠨᠢ ᠥᠩ ᠰᠢᠮᠡᠯᠢᠭ ᠲᠠᠷᠢᠶᠠᠨ ᠭᠠᠵᠠᠷ ᠢ ᠤᠰᠤᠯᠠᠵᠤ | ᠪᠠᠶᠢᠳᠠᠭ᠂ ᠴᠢᠩ ᠯᠦᠩ ᠱᠠᠨ ᠤ ᠠᠮᠲᠠᠲᠤ ᠲᠥᠮᠥᠰᠥ᠂ ᠴᠢᠩ ᠯᠦᠩ ᠱᠠᠨ ᠤ ᠹᠧᠨᠲ᠋ᠢᠶᠣᠤᠷ ᠨᠢ ᠨᠠᠩ ᠴᠤ ᠬᠤᠯᠠ ᠣᠶᠢᠷ᠎ᠠ ᠳᠠᠭᠠᠨ ᠠᠯᠳᠠᠷᠰᠢᠵᠤ᠂ ᠴᠢᠨᠠᠷ | ᠰᠠᠶᠢᠲᠠᠢ ᠤᠰᠤᠨ ᠤ ᠡᠬᠢ ᠰᠤᠷᠪᠤᠯᠵᠢ ᠠᠴᠠ ᠰᠢᠮ᠎ᠡ ᠲᠡᠵᠢᠭᠡᠯ ᠡᠯᠪᠡᠭ ᠡᠯ᠎ᠡ ᠵᠦᠢᠯ ᠤᠨ ᠵᠢᠭᠠᠰᠤᠨ ᠤ ᠲᠥᠷᠥᠯ ᠭᠠᠷᠳᠠᠭ᠃ ᠠᠭᠤᠯᠠ᠂ ᠤᠰᠤ᠂ ᠣᠶ ᠨᠢ | ᠪᠠᠶᠢᠭᠠᠯᠢ ᠶᠢᠨ ᠬᠦᠴᠢᠯᠲᠥ᠋ᠷᠥᠭᠴᠢ ᠶᠢᠨ ᠪᠠᠭᠠᠷ ᠪᠣᠯᠣᠨ ᠪᠦᠷᠢᠯᠳᠦᠵᠦ᠂ ᠥᠪᠡᠷᠮᠢᠴᠡ ᠣᠨᠴᠠᠯᠢᠭ ᠲᠠᠢ ᠬᠥᠳᠡᠭᠡ ᠲᠣᠰᠬᠤᠨ ᠤ ᠦᠵᠡᠮᠵᠢ ᠲᠠᠢ ᠪᠠᠶᠢᠳᠠᠭ᠃ ᠰᠧ ᠢ | ᠲᠣᠰᠬᠤᠨ ᠳᠤ ᠬᠦᠷᠬᠦ ᠳᠤ᠂ ᠴᠡᠪᠡᠷ ᠴᠡᠮᠴᠡᠭᠡᠷ ᠲᠣᠰᠬᠤᠨ ᠤ ᠳᠦᠷᠰᠦ ᠪᠠᠶᠢᠳᠠᠯ᠂ ᠡᠭᠡᠯ ᠪᠣᠷᠣᠭᠵᠢᠭᠤᠨ ᠠᠷᠠᠳ ᠤᠨ ᠵᠠᠩ ᠰᠤᠷᠲᠠᠯ ᠨᠢ ᠬᠥᠮᠥᠰ ᠲᠤ ᠠᠳᠠᠯᠢ | ᠪᠤᠰᠤ ᠶᠢᠨ ᠵᠠᠩ ᠦᠢᠯᠡ ᠶᠢ ᠮᠡᠳᠡᠷᠡᠭᠦᠯᠦᠨ᠎ᠡ᠃ ᠠᠳᠡ ᠰᠡᠭᠦᠳᠡᠷ ᠰᠢ᠂ ᠴᠢᠯᠠᠭᠤᠨ ᠲᠡᠭᠡᠷᠮ᠎ᠡ ᠶᠢᠨ ᠳ᠋ᠧᠦᠹᠦ᠋᠂ ᠹᠧᠨᠲ᠋ᠢᠶᠣᠤᠷ᠂ ᠪᠤᠷᠭᠠᠰᠤᠨ ᠭᠦᠷᠦᠮᠡᠯ᠂ ᠴᠠᠭᠠᠰᠤ | ᠨᠤᠭᠤᠯᠬᠤ ᠵᠡᠷᠭᠡ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ ᠤᠯᠠᠮᠵᠢᠯᠠᠭᠳᠠᠵᠤ᠂ ᠤᠯᠠᠮᠵᠢᠯᠠᠯᠲᠤ ᠭᠠᠷ ᠤᠷᠠᠯᠠᠯ ᠤᠨ ᠤᠷᠠᠯᠢᠭ ᠤᠨ ᠷᠢᠳᠢ ᠰᠢᠳᠢ ᠶᠢ | ᠭᠠᠶᠢᠬᠠᠭᠤᠯᠵᠤ ᠪᠠᠶᠢᠳᠠᠭ᠃ ᠲᠣᠰᠬᠤᠨ ᠤ ᠵᠠᠷᠢᠮ ᠠᠷᠠᠳ ᠦᠷᠦᠭᠡ ᠪᠠᠨ ᠵᠠᠰᠠᠵᠤ ᠴᠢᠮᠡᠭᠯᠡᠭᠡᠳ ᠠᠷᠠᠳ ᠤᠨ ᠣᠷᠣᠨ ᠰᠠᠭᠤᠴᠠ ᠪᠣᠯᠭᠠᠵᠤ᠂ ᠪᠤᠬᠢᠷᠲᠤᠯ ᠦᠭᠡᠢ | ᠬᠦᠳᠡᠭᠡ ᠠᠶᠢᠯ ᠤᠨ ᠬᠤᠭᠤᠯᠠ ᠪᠤᠳᠠᠭ᠎ᠠ ᠨᠢ ᠵᠤᠭᠠᠴᠠᠭᠰᠠᠳ ᠲᠤ ᠲᠤᠶᠢᠯ ᠤᠨ ᠠᠮᠲᠠ ᠰᠢᠮᠲᠡ ᠲᠠᠢ ᠰᠠᠨᠠᠭᠳᠠᠳᠠᠭ᠃ ᠰᠧ ᠢ ᠲᠣᠰᠬᠤᠨ ᠳᠤ ᠪᠠᠶᠢᠭ᠎ᠠ ᠪᠠᠷᠰᠲᠦ | ᠠᠭᠤᠯᠠ ᠵᠤᠭᠠᠴᠠᠯ ᠤᠨ ᠣᠷᠣᠨ ᠨᠡᠩ ᠴᠤ ᠵᠤᠭᠠᠴᠠᠭᠰᠠᠳ ᠤᠨ ᠠᠶᠠᠯᠠᠨ ᠲᠤᠭᠤᠷᠢᠬᠤ ᠬᠠᠯᠠᠮᠰᠢᠯ ᠴᠡᠭ ᠪᠤᠯᠵᠤ᠂ ᠬᠤᠭᠤᠯᠠ ᠤᠮᠳᠠ᠂ ᠬᠤᠨᠤᠭ ᠪᠠᠭᠤᠳᠠᠯ᠂ ᠤᠰᠤᠨ | ᠳᠡᠭᠡᠷ᠎ᠡ ᠵᠢᠭᠠᠰᠤ ᠭᠥᠬᠢᠳᠡᠬᠦ᠂ ᠠᠭᠤᠯᠠ ᠠᠪᠠᠷᠢᠬᠤ᠂ ᠮᠣᠷᠢ ᠤᠷᠤᠯᠳᠤᠬᠤ᠂ ᠵᠠᠰᠠᠮᠠᠯ ᠵᠠᠮ ᠤᠨ ᠳᠤᠭᠤᠢ ᠲᠡᠷᠭᠡᠨ ᠤ ᠤᠷᠤᠯᠳᠤᠭᠠᠨ᠂ ᠠᠩ ᠠᠩᠨᠠᠯ᠂ ᠰᠡᠯᠡᠭᠦᠴᠡᠯ᠂ | ᠬᠤᠷᠠᠯ᠂ ᠭᠠᠳᠠᠨᠠᠬᠢ ᠬᠦᠳᠡᠯᠭᠡᠭᠡᠨ᠂ ᠰᠢᠨᠵᠢᠯᠡᠬᠦ ᠤᠬᠠᠭᠠᠨ ᠤ ᠲᠦᠭᠡᠮᠡᠯᠵᠢᠭᠦᠯᠦᠯᠲᠡ ᠰᠤᠷᠭᠠᠨ ᠬᠥᠮᠦᠵᠢᠯ ᠪᠣᠯᠣᠨ ᠠᠮᠠᠷᠠᠯᠲᠠ ᠶᠢ ᠨᠢᠭᠡ ᠴᠣᠭᠴᠠᠵᠢᠭᠤᠯᠤᠭᠰᠠᠨ ᠲᠣᠮᠣ | ᠬᠡᠯᠪᠡᠷᠢ ᠶᠢᠨ ᠵᠤᠭᠠᠴᠠᠯ ᠤᠨ ᠠᠮᠠᠷᠠᠯᠲᠠ ᠶᠢᠨ ᠣᠷᠣᠨ ᠪᠣᠯᠣᠨ᠎ᠠ᠃ ᠰᠧ ᠢ ᠲᠣᠰᠬᠤᠨ ᠤ ᠪᠠᠶᠢᠭᠠᠯᠢ ᠶᠢᠨ ᠠᠮᠢ ᠠᠬᠤᠢ ᠰᠢᠯᠢᠳᠡᠭ ᠰᠠᠶᠢᠨ ᠪᠠᠶᠢᠵᠤ᠂ ᠪᠠᠷᠰᠲᠦ | ᠠᠭᠤᠯᠠ ᠰᠧ ᠢ ᠲᠣᠰᠬᠤᠨ ᠢ ᠬᠦᠷᠢᠶᠡᠯᠡᠵᠦ᠂ ᠤᠢ ᠰᠢᠭᠤᠢ ᠶᠢᠨ ᠪᠦᠷᠬᠦᠴᠡ ᠶᠢᠨ ᠨᠤᠷᠮ᠎ᠠ 60% ᠶᠢ ᠳᠠᠪᠠᠵᠤ᠂ ᠪᠢᠯᠢᠭ ᠬᠦᠴᠢᠯᠲᠥ᠋ᠷᠥᠭᠴᠢ ᠶᠢᠨ ᠢᠶᠤᠨ ᠤ | ᠠᠭᠤᠯᠤᠭᠳᠠᠴᠠ 30000 ᠳᠠᠪᠠᠵᠤ ᠪᠠᠶᠢᠨ᠎ᠠ᠃ ᠡᠨᠡ ᠭᠠᠵᠠᠷ ᠬᠢᠳᠠᠨ ᠤ ᠰᠣᠶᠣᠯ ᠤᠨ ᠡᠭᠦᠰᠦᠯ ᠤᠨ ᠤᠷᠤᠨ ᠪᠤᠯᠤᠨ᠎ᠠ᠂ ᠮᠦᠨ ᠲᠠᠯ᠎ᠠ ᠨᠤᠲᠤᠭ ᠤᠨ ᠰᠣᠶᠣᠯ᠂ | ᠲᠠᠷᠢᠶᠠᠯᠠᠩ ᠤᠨ ᠰᠣᠶᠣᠯ᠂ ᠤᠯᠠᠭᠠᠨᠬᠠᠳᠠ ᠶᠢᠨ ᠰᠣᠶᠣᠯ ᠤᠨ ᠠᠭᠤᠰᠤᠯᠴᠠᠭ᠎ᠠ ᠶᠢᠨ ᠭᠠᠵᠠᠷ ᠪᠣᠯᠣᠨ᠎ᠠ᠃ ᠬᠦᠬᠡ ᠠᠭᠤᠯᠠ ᠬᠥᠬᠡᠮᠳᠦᠭ ᠤᠰᠤ ᠪᠣᠯ ᠠᠯᠳᠠ ᠮᠥᠩᠭᠦᠨ | ᠠᠭᠤᠯᠠ ᠮᠦᠨ᠃ ᠴᠢᠩ ᠯᠦᠩ ᠱᠠᠨ ᠪᠠᠯᠭᠠᠰᠤᠨ ᠤ ᠰᠧ ᠢ ᠲᠣᠰᠬᠤᠨ ᠠᠮᠢ ᠠᠬᠤᠢ ᠶᠢᠨ ᠵᠤᠭᠠᠴᠠᠯ ᠤᠨ ᠡᠬᠢ ᠪᠠᠶᠠᠯᠢᠭ ᠲᠤ ᠲᠦᠰᠢᠭᠯᠡᠵᠦ᠂ ᠪᠣᠬᠢᠷᠳᠤᠯ ᠦᠭᠡᠢ | ᠣᠷᠴᠢᠨ ᠲᠣᠭᠤᠷᠢᠨ ᠢ ᠬᠠᠮᠠᠭᠠᠯᠠᠬᠤ ᠪᠠᠷ ᠭᠤᠣᠯ ᠪᠣᠯᠭᠠᠵᠤ᠂ ᠰᠡᠯᠡᠭᠦᠴᠡᠯ᠂ ᠵᠤᠭᠠᠴᠠᠯ᠂ ᠵᠤᠭ᠎ᠠ ᠴᠡᠩᠭᠡᠯ᠂ ᠠᠮᠲᠠᠲᠤ ᠢᠳᠡᠭᠡᠨ ᠢ ᠪᠦᠬᠦ ᠲᠠᠯ᠎ᠠ ᠪᠠᠷ ᠪᠡᠶᠡᠴᠢᠯᠡᠨ | ᠤᠶᠢᠯᠠᠭᠠᠭᠤᠯᠵᠤ᠂ ᠬᠥᠳᠡᠭᠡ ᠲᠣᠰᠬᠤᠨ ᠤ ᠵᠤᠭᠠᠴᠠᠯ ᠤᠨ ᠦᠷ᠎ᠡ ᠠᠰᠢᠭ ᠢ ᠲᠠᠰᠤᠷᠠᠯᠲᠠ ᠦᠭᠡᠢ ᠳᠡᠭᠡᠭᠰᠢᠯᠡᠭᠦᠯᠵᠦ᠂ ᠬᠥᠳᠡᠭᠡ ᠲᠣᠰᠬᠤᠨ ᠤ ᠠᠮᠢ ᠠᠬᠤᠢ ᠶᠢᠨ | ᠵᠤᠭᠠᠴᠠᠯ ᠤᠨ ᠲᠦᠷᠭᠡᠨ ᠬᠥᠭᠵᠢᠯᠲᠡ ᠶᠢ ᠪᠡᠶᠡᠯᠡᠭᠦᠯᠦᠭᠰᠡᠨ ᠪᠠᠶᠢᠨ᠎ᠠ᠃ 2012 ᠣᠨ ᠳᠤ ᠥᠪᠡᠷᠲᠡᠭᠡᠨ ᠵᠠᠰᠠᠬᠤ ᠣᠷᠣᠨ ᠤ ᠮᠠᠯ ᠲᠠᠷᠢᠶᠠᠯᠠᠩ ᠤᠨ ᠠᠵᠤ | ᠠᠬᠤᠢ ᠶᠢᠨ ᠲᠢᠩᠬᠢᠮ ᠤᠨ ᠵᠢᠭᠤᠯᠴᠢᠯᠠᠯ ᠤᠨ ᠲᠣᠪᠴᠢᠶ᠎ᠠ ᠳᠤ ᠥᠪᠡᠷᠲᠡᠭᠡᠨ ᠵᠠᠰᠠᠬᠤ ᠣᠷᠣᠨ ᠤ ᠲᠠᠰ ᠤᠨ ᠰᠡᠯᠡᠭᠦᠴᠡᠯ ᠮᠠᠯ ᠲᠠᠷᠢᠶᠠᠯᠠᠩ ᠤᠨ ᠠᠵᠤ ᠠᠬᠤᠢ ᠶᠢᠨ | ᠵᠢᠱᠢᠶᠡᠴᠢ ᠴᠢᠭ ᠢᠶᠠᠷ ᠦᠨᠡᠯᠡᠭᠳᠡᠵᠡᠢ᠃ 2018 ᠣᠨ ᠳᠤ᠂ ᠳᠤᠮᠳᠠᠳᠤ ᠤᠯᠤᠰ ᠤᠨ ᠮᠠᠰᠢᠨ ᠲᠡᠷᠭᠡ ᠮᠣᠲ᠋ᠣᠷ ᠲᠡᠷᠭᠡᠨ ᠤ ᠰᠫᠣᠷᠲ ᠤᠨ ᠬᠤᠯᠪᠣᠭᠠᠲᠤ ᠬᠤᠷᠠᠯ ᠴᠢᠩ | ᠯᠦᠩ ᠱᠠᠨ ᠤ ᠮᠠᠰᠢᠨ ᠪᠠᠷᠢᠵᠤ ᠵᠢᠭᠤᠯᠴᠢᠯᠠᠬᠤ ᠬᠡᠭᠡᠷ᠎ᠡ ᠶᠢᠨ ᠪᠠᠭᠤᠴᠠ ᠶᠢ ᠳᠤᠮᠳᠠᠳᠤ ᠤᠯᠤᠰ ᠤᠨ ᠳᠦᠷᠪᠡᠨ ᠤᠳᠤᠨ ᠳᠡᠰ ᠤᠨ ᠮᠠᠰᠢᠨ ᠪᠠᠷᠢᠵᠤ ᠵᠢᠭᠤᠯᠴᠢᠯᠠᠬᠤ | ᠬᠡᠭᠡᠷ᠎ᠡ ᠶᠢᠨ ᠪᠠᠭᠤᠴᠠ ᠪᠠᠷ ᠦᠨᠡᠯᠡᠪᠡ︔ ᠡᠭᠦᠨ ᠤ ᠬᠠᠮᠲᠤ᠂ ᠳᠤᠮᠳᠠᠳᠤ ᠤᠯᠤᠰ ᠤᠨ ᠭᠡᠷᠲᠦ ᠲᠡᠷᠭᠡᠨ ᠤ ᠬᠢ ᠳᠤ ᠬᠠᠮᠤᠭ ᠤᠨ ᠳᠤᠷᠠᠲᠠᠢ ᠭᠡᠷᠲᠦ ᠲᠡᠷᠭᠡᠨ ᠤ | ᠬᠡᠭᠡᠷ᠎ᠡ ᠶᠢᠨ ᠪᠠᠭᠤᠴᠠ ᠪᠠᠷ ᠦᠨᠡᠯᠡᠭᠳᠡᠵᠦ᠂ 2019 ᠣᠨ ᠳᠤ ᠤᠯᠤᠰ ᠤᠨ ᠬᠥᠳᠡᠭᠡ ᠠᠵᠤ ᠠᠬᠤᠢ ᠶᠢᠨ ᠶᠠᠮᠤᠨ ᠳᠤᠮᠳᠠᠳᠤ ᠤᠯᠤᠰ ᠤᠨ ᠦᠵᠡᠰᠬᠦᠯᠡᠩᠲᠦ | ᠰᠠᠶᠢᠬᠠᠨ ᠰᠡᠯᠡᠭᠦᠴᠡᠯ ᠤᠨ ᠬᠥᠳᠡᠭᠡ ᠲᠣᠰᠬᠤᠨ ᠢᠶᠠᠷ ᠦᠨᠡᠯᠡᠭᠰᠡᠨ ᠪᠠᠶᠢᠨ᠎ᠠ᠃ | | | | | | |