︽ᠳᠤᠮᠳᠠᠳᠤ ᠤᠯᠤᠰ ᠤᠨ ᠴᠠᠭᠳᠠᠭᠠᠨ ᠤ ᠲᠠᠯ᠎ᠠ ᠶᠢᠨ ᠬᠢᠨ︾ ᠣᠶᠢᠷ᠎ᠠ ᠳᠤ ᠰᠠᠨᠠᠭᠤᠯᠤᠮᠵᠢ ᠨᠡᠶᠢᠲᠡᠯᠡᠵᠦ᠄ ᠳᠠᠮᠵᠢᠭᠤᠯᠤᠨ ᠪᠣᠷᠣᠯᠠᠭᠤᠯᠭ᠎ᠠ ᠶᠢᠨ ᠡᠭᠦᠷ ᠲᠤ | ᠤᠨᠠᠬᠤ᠂ ᠬᠡᠷ ᠲᠤ ᠴᠢᠨᠢ ᠬᠤᠯᠠᠭᠠᠶᠢᠴᠢ ᠤᠷᠤᠵᠤ ᠬᠤᠯᠠᠭᠠᠢ ᠬᠢᠬᠦ ᠲᠤᠨᠤᠵᠦ ᠳᠡᠭᠡᠷᠡᠮᠳᠡᠬᠦ ᠪᠠᠶᠢᠳᠠᠯ ᠳᠤ ᠲᠤᠯᠭᠠᠷᠠᠬᠤ ᠪᠠ ᠳᠦᠯᠡᠶ ᠶᠠᠪᠠ ᠬᠥᠮᠦᠨ ᠴᠠᠭᠳᠠᠭ᠎ᠠ ᠳᠤ | ᠮᠡᠳᠡᠭᠦᠯᠬᠦ ᠪᠠᠷ ᠤᠲᠠᠰᠤ ᠠᠪᠬᠤ ᠳᠤ ᠳᠥᠭᠦᠮ ᠦᠭᠡᠢ ᠪᠠᠶᠢᠳᠠᠯ ᠳᠤ ᠲᠤᠯᠠᠭᠠᠷᠠᠬᠤ ᠳᠤ ᠬᠦᠷᠪᠡᠯ᠂ ᠤᠴᠠᠷᠠᠵᠤ ᠪᠠᠶᠢᠭ᠎ᠠ ᠬᠠᠯᠳᠠᠯᠭ᠎ᠠ᠂ ᠴᠠᠭᠳᠠᠭᠠᠨ ᠤ | ᠲᠠᠯ᠎ᠠ ᠶᠢᠨ ᠬᠢᠨ ᠤ ᠤᠲᠠᠰᠤ ᠶᠢ ᠲᠣᠰᠬᠤ ᠳᠤ ᠲᠥᠬᠦᠮ ᠡᠰᠡᠬᠦ ᠶᠢᠨ ᠲᠤᠬᠠᠢ ᠤᠬᠤᠷ ᠠᠪᠰᠠᠷᠬᠠᠨ ᠮᠡᠳᠡᠭᠡ ᠶᠠᠪᠤᠭᠤᠯᠵᠤ ᠪᠤᠯᠤᠨ᠎ᠠ᠂ ᠳᠠᠷᠠᠭ᠎ᠠ ᠨᠢ 12110 ᠳᠤ | ᠳᠠᠷᠤᠶ ᠲᠦᠷᠭᠡᠨ ᠣᠬᠤᠷ ᠮᠡᠳᠡᠭᠡ ᠶᠠᠪᠤᠭᠤᠯᠵᠤ ᠲᠦᠭᠰᠢᠭᠦᠷᠢ ᠮᠡᠳᠡᠭᠦᠯᠪᠠᠯ᠂ ᠴᠠᠭᠳᠠᠭᠠᠨ ᠤ ᠲᠠᠯ᠎ᠠ ᠶᠢᠨ ᠬᠢᠨ ᠪᠠᠷᠢᠨ ᠲᠤᠤᠷ᠎ᠠ ᠨᠢ ᠲᠦᠭᠰᠢᠭᠦᠷᠢ ᠶᠢᠨ ᠠᠰᠠᠭᠤᠳᠠᠯ ᠢ | ᠰᠢᠢᠳᠪᠦᠷᠢᠯᠡᠵᠦ᠂ ᠴᠢᠮᠠᠶᠢ ᠠᠶᠤᠯ ᠠᠴᠠ ᠠᠪᠤᠷᠠᠵᠤ ᠭᠠᠷᠭᠠᠨ᠎ᠠ ᠭᠡᠵᠡᠶ᠃ | ᠠᠶᠤᠯ ᠲᠤᠯᠭᠠᠷᠠᠬᠰᠠᠨ ᠦᠶ᠎ᠡ ᠳᠤ᠂ ᠴᠠᠭᠳᠠᠭ᠎ᠠ ᠳᠤ ᠮᠡᠳᠡᠭᠦᠯᠬᠦ ᠤᠲᠠᠰᠤ 110 ᠶᠢ ᠤᠳᠠᠰᠤᠳᠠᠭᠠᠷᠠᠢ᠃ | ᠣᠬᠤᠷ ᠮᠡᠳᠡᠭᠡ ᠪᠠᠷ ᠮᠡᠳᠡᠭᠦᠯᠬᠦ ᠨᠤᠮᠧᠷ᠄ 12110᠃ | 12110 ᠨᠢ ᠶᠠᠭᠤ ᠪᠤᠢ︖ | 12110 ᠭᠡᠳᠡᠭ ᠳᠤᠮᠳᠠᠳᠤ ᠤᠯᠤᠰ ᠤᠨ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠳᠤ ᠵᠣᠷᠢᠭᠤᠯᠤᠭᠰᠠᠨ ᠨᠡᠶᠢᠲᠡ ᠶᠢᠨ ᠠᠰᠠᠷᠠᠮᠵᠢ ᠶᠢᠨ ᠴᠢᠨᠠᠷᠲᠠᠶ | ᠣᠬᠤᠷ ᠮᠡᠳᠡᠭᠡ ᠪᠠᠷ ᠲᠦᠭᠰᠢᠭᠦᠷᠢ ᠮᠡᠳᠡᠭᠦᠯᠬᠦ ᠨᠢᠭᠡᠳᠦᠯᠲᠡᠶ ᠨᠣᠮᠧᠷ ᠪᠤᠯ ᠣᠬᠤᠷ ᠮᠡᠳᠡᠭᠡ ᠪᠠᠷ ᠲᠦᠭᠰᠢᠭᠦᠷᠢ ᠮᠡᠳᠡᠭᠦᠯᠬᠦ ᠨᠢᠭᠡᠨ ᠬᠡᠯᠪᠡᠷᠢ ᠮᠥᠨ᠂ ᠡᠨᠡ ᠨᠢ 110 | ᠤᠲᠠᠰᠤ ᠪᠠᠷ ᠲᠦᠭᠰᠢᠭᠦᠷᠢ ᠮᠡᠳᠡᠭᠦᠯᠬᠦ ᠶᠢᠨ ᠨᠥᠬᠦᠪᠥᠷᠢ ᠪᠣᠯᠤᠭᠰᠠᠨ ᠤ ᠬᠤᠪᠢ ᠳᠤ᠂ ᠨᠢᠭᠡ ᠵᠦᠢᠯ ᠤᠨ ᠲᠤᠰᠠᠯᠠᠬᠤ ᠴᠢᠨᠠᠷᠲᠠᠶ᠂ ᠲᠦᠭᠰᠢᠭᠦᠷᠢ ᠮᠡᠳᠡᠭᠦᠯᠵᠦ | ᠲᠤᠰᠠᠯᠠᠮᠵᠢ ᠭᠤᠶᠤᠴᠢᠯᠠᠬᠤ ᠪᠠᠴᠢᠮ ᠪᠤᠰᠤ ᠠᠷᠭ᠎ᠠ ᠮᠠᠶ᠋ᠢᠭ ᠪᠤᠯᠤᠨ᠎ᠠ᠃ ᠳᠣᠲᠣᠭᠠᠳᠤ ᠶᠢ ᠬᠠᠮᠠᠭᠠᠯᠠᠬᠤ ᠶᠠᠮᠤᠨ 2012 ᠣᠨ ᠠᠴᠠ ᠪᠥᠬᠦ ᠤᠯᠤᠰ ᠲᠤ 12110 | ᠣᠬᠤᠷ ᠮᠡᠳᠡᠭᠡ ᠪᠠᠷ ᠲᠦᠭᠰᠢᠭᠦᠷᠢ ᠮᠡᠳᠡᠭᠦᠯᠬᠦ ᠦᠢᠯᠡᠴᠢᠯᠡᠭᠡ ᠶᠢ ᠨᠡᠶᠢᠳᠡᠮ ᠥᠷᠨᠢᠭᠦᠯᠵᠠᠢ᠃ | |