ᠬᠠᠰᠠᠷ ᠪᠣᠭᠲᠠ
ᠨᠡᠶᠢᠲᠡᠯᠡᠭᠰᠡᠨ ᠴᠠᠭ᠄
2023/7/24
      ᠨᠡᠶᠢᠲᠡ ᠶᠢᠨ ᠣᠨ ᠲᠤᠭᠠᠯᠠᠯ ᠤᠨ1164 ᠣᠨ ︵ᠬᠦᠬᠡ ᠪᠢᠴᠢᠨ ᠵᠢᠯ︶ ᠳᠤ ᠶᠢᠰᠦᠬᠡᠢ ᠪᠠᠭᠠᠲᠤᠷ ᠤᠨ ᠡᠰᠢ ᠬᠠᠲᠤᠨ ᠦᠬᠡᠯᠦᠨ ᠦᠵᠢᠨ ᠤ ᠬᠤᠶᠠᠳᠤᠭᠠᠷ ᠬᠦᠦ ᠬᠠᠰᠠᠷ ᠭᠡᠭᠴᠢ ᠤᠨᠤᠨ ᠮᠦᠷᠡᠨ ᠤ ᠡᠬᠢᠨ ᠳᠠᠬᠢ ᠲᠡᠯᠢᠬᠦᠨ ᠪᠣᠯᠳᠠᠭ ᠭᠡᠳᠡᠭ ᠭᠤᠯᠤᠮᠲᠠ ᠭᠠᠵᠠᠷ ᠲᠤ ᠮᠡᠨᠳᠦᠯᠡᠵᠡᠢ᠃ ᠬᠠᠰᠠᠷ ᠪᠣᠯ ᠠᠬ᠎ᠠ ᠲᠡᠮᠦᠵᠢᠨ ᠢᠶᠠᠨ ᠬᠠᠮᠵᠢᠨ᠂ ᠮᠤᠩᠭᠤᠯ ᠦᠨᠳᠦᠰᠦᠲᠡᠨ ᠤ ᠪᠦᠷᠢᠯᠳᠦᠯ ᠪᠠ ᠬᠦᠭᠵᠢᠯᠲᠡ ᠳᠤ ᠤᠮᠳᠤᠭᠠᠶᠢᠯᠠᠵᠤ ᠦᠯᠦ ᠪᠣᠯᠬᠤ ᠦᠢᠯᠡᠳᠦᠯ ᠦᠵᠡᠬᠦᠯᠦᠭᠰᠡᠨ ᠲᠡᠦᠬᠡᠲᠦ ᠵᠢᠳᠭᠦᠯᠲᠡᠨ ᠪᠣᠯᠣᠨ᠎ᠠ᠃      ᠬᠠᠰᠠᠷ ᠪᠣᠯ ᠮᠤᠩᠭᠤᠯ ᠲᠡᠦᠬᠡᠨ ᠳᠠᠬᠢ ︽ᠶᠡᠷᠦ ᠪᠣᠰᠣ︾ ᠶᠢᠨ ᠬᠦᠮᠦᠨ ᠪᠣᠯᠣᠨ᠎ᠠ᠃ ᠲᠡᠷᠡ ᠮᠤᠩᠭᠤᠯ ᠲᠡᠦᠬᠡᠨ ᠳᠠᠬᠢ ︽ᠶᠡᠷᠦ ᠪᠣᠰᠣ︾ ᠶᠢᠨ ᠴᠠᠭ ᠦᠶ᠎ᠡ  ᠳᠤ ᠠᠮᠢᠳᠤᠷᠠᠵᠤ᠂ ︽ᠶᠡᠷᠦ ᠪᠣᠰᠣ︾ ᠶᠢᠨ ᠠᠪᠢᠶᠠᠰ ᠪᠢᠯᠢᠭ ᠲᠠᠢ ᠲᠡᠮᠦᠵᠢᠨ ᠴᠢᠩᠬᠢᠰ ᠬᠠᠭᠠᠨ ᠢ ᠲᠡᠳᠬᠦᠨ ︽ᠶᠡᠷᠦ ᠪᠣᠰᠣ︾ ᠶᠢᠨ ᠦᠢᠯᠡᠰ ᠢ ᠬᠠᠮᠲᠤ ᠪᠠᠷ ᠪᠦᠲᠦᠭᠡᠭᠰᠡᠨ ᠪᠠᠶᠢᠵᠠᠢ᠃ ᠬᠠᠰᠠᠷ64 ᠨᠠᠰᠣᠲᠠᠢ ᠳᠤ ᠪᠠᠨ1227 ᠣᠨ ᠳᠤ ᠬᠦᠯ ᠤᠨ ᠲᠤᠯᠢ ᠡᠪᠡᠳᠴᠢᠨ ᠢᠶᠠᠷ ᠦᠪᠡᠷ ᠤᠨ ᠤᠷᠲᠤ ᠠᠭᠤᠷᠤᠭ ᠲᠤ ᠪᠠᠨ ᠨᠠᠰᠤ ᠪᠠᠷᠠᠭᠰᠠᠨ ᠪᠠᠶᠢᠨ᠎ᠠ᠃                           — ᠲᠡᠦᠬᠡᠨ ᠳᠡᠮᠳᠡᠭᠯᠡᠯ ᠠᠴᠠ
ᠢᠷᠡᠯᠲᠡ᠄ ᠬᠤᠯᠪᠤᠭ᠎ᠠ ᠪᠦᠷᠬᠡ