ᠠᠷᠠᠳ ᠲᠦᠮᠡᠨ ᠤ ᠤᠷᠳᠤ ᠬᠤᠭᠤᠴᠠᠭᠠᠨ ᠤ ᠠᠮᠢᠳᠤᠷᠠᠯ ᠦᠢᠯᠡᠳᠪᠦᠷᠢᠯᠡᠯ ᠤᠨ ᠦᠢᠯᠡᠳᠦᠯᠭᠡ ᠳᠤᠮᠳᠠ ᠡᠭᠦᠳᠦᠨ ᠪᠦᠲᠦᠭᠡᠭᠰᠡᠨ ᠪᠣᠳᠠᠰ ᠤᠨ ᠪᠤᠰᠤ | ᠰᠣᠶᠣᠯ ᠤᠨ ᠥᠪ ᠪᠤᠯᠬᠤ ᠡᠮᠡᠭᠡᠯ ᠨᠢ ᠳᠤᠮᠳᠠᠳᠤ ᠶᠢᠨ ᠦᠨᠳᠦᠰᠦᠲᠡᠨ ᠤ ᠤᠶᠤᠨ ᠤᠬᠠᠭᠠᠨ ᠪᠣᠯᠣᠨ ᠰᠣᠶᠣᠯ ᠪᠣᠯᠪᠠᠰᠤᠨ ᠤ ᠲᠠᠯᠠᠰᠲᠤ ᠶᠤᠮ᠃ ᠡᠮᠡᠭᠡᠯ ᠨᠢ ᠤᠨᠤᠭ᠎ᠠ | ᠠᠴᠢᠶᠠᠯᠠᠭ᠎ᠠ ᠶᠢᠨ ᠮᠣᠷᠢ ᠮᠠᠯ ᠳᠤ ᠲᠣᠬᠤᠳᠠᠭ ᠪᠦᠭᠦᠷᠭᠡ ᠬᠠᠪᠲᠠᠰᠤ᠂ ᠭᠥᠯᠢᠮ ᠵᠡᠷᠭᠡ ᠳᠤᠨᠤᠭ ᠢᠶᠠᠷ ᠪᠦᠷᠢᠳᠦᠭᠰᠡᠨ ᠬᠡᠷᠡᠭᠯᠡᠯ ᠪᠣᠯᠣᠨ᠎ᠠ᠃ ᠡᠮᠡᠭᠡᠯ ᠨᠢ ᠮᠣᠷᠢ ᠤᠨᠤᠬᠤ | ᠬᠥᠮᠥᠨ ᠤ ᠬᠠᠮᠤᠭ ᠤᠨ ᠲᠣᠬᠢᠷᠠᠮᠵᠢᠲᠠᠢ ᠰᠠᠭᠤᠳᠠᠯ ᠪᠥᠭᠡᠳ ᠮᠣᠷᠢᠨ ᠤ ᠨᠢᠷᠤᠭᠤᠨ ᠳᠤ ᠬᠦᠨᠳᠦ ᠶᠢᠨ ᠳᠠᠷᠤᠯᠲᠠ ᠶᠢ ᠵᠢᠭᠳᠡ ᠬᠤᠪᠢᠶᠠᠷᠢᠯᠠᠬᠤ ᠵᠣᠷᠢᠭᠤᠯᠤᠯᠲᠠ ᠪᠦᠬᠦᠢ | ᠬᠡᠷᠡᠭᠯᠡᠯ ᠶᠤᠮ᠃ | | | | ᠡᠮᠡᠭᠡᠯ ᠤᠨ ᠳᠦᠷᠦᠯ ᠵᠦᠢᠯ | ᠮᠣᠩᠭᠤᠯᠴᠤᠳ ᠤᠨ ᠡᠮᠡᠭᠡᠯ ᠳᠤ ᠴᠣᠯ ᠮᠥᠩᠭᠦᠨ ᠡᠮᠡᠭᠡᠯ᠂ ᠭᠦᠭᠡᠮᠡᠯ ᠮᠥᠩᠭᠦᠨ ᠡᠮᠡᠭᠡᠯ᠂ ᠰᠢᠷᠳᠡᠮᠡᠯ ᠮᠥᠩᠭᠦᠨ ᠡᠮᠡᠭᠡᠯ᠂ ᠭᠠᠤᠯᠢᠨ ᠡᠮᠡᠭᠡᠯ᠂ ᠵᠢᠩ ᠲᠠᠢ ᠯᠠᠨ | ᠡᠮᠡᠭᠡᠯ ᠵᠡᠷᠭᠡ ᠪᠠᠶᠢᠳᠠᠭ᠃ | ᠡᠮᠡᠭᠡᠯ ᠢ ᠡᠳ᠋ᠯᠡᠭᠡᠨ ᠤ ᠬᠤᠪᠢ ᠳᠤ ᠤᠨᠤᠭ᠎ᠠ ᠶᠢᠨ᠂ ᠠᠴᠢᠶᠠᠨ ᠤ᠂ ᠤᠷᠤᠯᠳᠤᠭᠠᠨ ᠤ᠂ ᠶᠣᠰᠣᠯᠠᠯ ᠨᠠᠶᠢᠷ ᠤᠨ ᠭᠡᠵᠦ ᠬᠡᠳᠦᠨ ᠵᠦᠢᠯ ᠳᠤ ᠠᠩᠭᠢᠯᠠᠵᠤ ᠪᠣᠯᠣᠨ᠎ᠠ᠃ | ᠤᠨᠤᠬᠤ ᠬᠥᠮᠥᠨ ᠤ ᠬᠡᠷᠡᠭᠴᠡᠭᠡ ᠶᠢ ᠦᠨᠳᠦᠰᠦᠯᠡᠵᠦ ᠶᠡᠷᠦ ᠶᠢᠨ ᠣᠨᠤᠭᠠᠨ ᠤ ︵ᠡᠷᠡᠭᠲᠡᠶᠢᠴᠦᠳ ᠤᠨ᠂ ᠬᠡᠦᠬᠡᠳ ᠤᠨ᠂ ᠡᠮᠡᠭᠲᠡᠶᠢᠴᠦᠳ ᠤᠨ︶᠂ ᠬᠤᠷᠳᠤᠨ | ᠮᠣᠷᠢᠨ ᠤ᠂ ᠴᠡᠷᠢᠭ ᠡᠷ᠎ᠡ ᠶᠢᠨ ᠭᠡᠬᠦ ᠮᠡᠲᠦ ᠪᠠᠷ ᠢᠯᠭᠠᠵᠤ ᠪᠣᠯᠣᠨ᠎ᠠ᠃ | ᠪᠠᠰᠠ ᠡᠮᠡᠭᠡᠯᠴᠢ ᠶᠢᠨ ᠨᠡᠷ᠎ᠡ ᠪᠠᠷ ᠨᠡᠷᠡᠯᠡᠭᠳᠡᠭᠰᠡᠨ ᠰᠠᠮᠪᠤᠤ ᠡᠮᠡᠭᠡᠯ᠂ ᠣᠪᠣᠭ ᠠᠶᠢᠮᠠᠭ ᠤᠨ ᠨᠡᠷ᠎ᠡ ᠪᠠᠷ ᠨᠡᠷᠡᠯᠡᠭᠳᠡᠭᠰᠡᠨ ᠳᠠᠷᠬᠠᠳ ᠡᠮᠡᠭᠡᠯ᠂ ᠪᠣᠷᠵᠢᠭᠢᠨ ᠡᠮᠡᠭᠡᠯ᠂ | ᠤᠷᠢᠶᠠᠩᠬᠠᠢ ᠡᠮᠡᠭᠡᠯ᠂ ᠪᠤᠷᠢᠶᠠᠳ ᠡᠮᠡᠭᠡᠯ᠂ ᠦᠵᠦᠮᠦᠴᠢᠨ ᠡᠮᠡᠭᠡᠯ᠂ ᠣᠶᠢᠷᠠᠳ ᠡᠮᠡᠭᠡᠯ ᠭᠡᠵᠦ ᠢᠯᠭᠠᠨ᠎ᠠ᠃ | ᠥᠪᠥᠷ ᠮᠣᠩᠭᠤᠯ ᠳᠤ ᠪᠠᠰᠠ ᠥᠷᠭᠡᠨ ᠪᠦᠭᠦᠷᠭᠡ ᠲᠠᠢ ᠠᠭᠤᠵᠢᠮ ᠰᠠᠭᠤᠳᠠᠯᠲᠤ ᠴᠠᠬᠠᠷ ᠡᠮᠡᠭᠡᠯ᠂ ᠥᠨᠳᠥᠷ ᠪᠦᠭᠦᠷᠭᠡ ᠲᠠᠢ ᠪᠣᠰᠤᠭ᠎ᠠ ᠰᠠᠭᠤᠳᠠᠯᠲᠤ | ᠦᠵᠦᠮᠦᠴᠢᠨ ᠡᠮᠡᠭᠡᠯ᠂ ᠭᠤᠵᠣᠭᠤᠷ ᠪᠦᠭᠦᠷᠭᠡ ᠲᠠᠢ ᠢᠪᠴᠤᠤ ᠰᠠᠭᠤᠳᠠᠯᠲᠤ ᠬᠤᠷᠴᠢᠨ ᠡᠮᠡᠭᠡᠯ᠂ ᠡᠷᠲᠡᠨ ᠤ ᠵᠢᠭᠠᠰᠤᠨ ᠬᠠᠶᠢᠷᠰᠤᠲᠤ ᠰᠢᠶᠡᠨᠪᠧᠢ ᠡᠮᠡᠭᠡᠯ᠂ ᠪᠣᠭᠤᠨᠢ | ᠪᠦᠭᠦᠷᠭᠡ ᠲᠠᠢ ᠠᠭᠤᠵᠢᠮ ᠰᠠᠭᠤᠳᠠᠯᠲᠤ ᠡᠮᠡᠭᠡᠯ ︵ᠬᠤᠴᠠᠨ ᠪᠦᠭᠦᠷᠭᠡᠳᠦ ᠡᠮᠡᠭᠡᠯ︶᠂ ᠦᠵᠦᠭᠦᠷ ᠵᠦᠭ ᠢᠶᠠᠨ ᠱᠣᠪᠣᠭᠤᠷ ᠥᠨᠳᠥᠷ ᠪᠦᠭᠦᠷᠭᠡᠲᠦ ᠡᠮᠡᠭᠡᠯ ︵ᠱᠣᠪᠣᠭᠤᠷ | ᠪᠦᠭᠦᠷᠭᠡᠲᠦ ᠡᠮᠡᠭᠡᠯ︶᠂ ᠲᠠᠯᠪᠢᠭᠤᠷ ᠪᠦᠭᠦᠷᠭᠡᠳᠦ ᠡᠮᠡᠭᠡᠯ ︵ᠡᠪᠡᠭᠡᠯᠵᠢᠨ ᠡᠮᠡᠭᠡᠯ︶ ᠭᠡᠬᠦ ᠮᠡᠲᠦ ᠪᠠᠶᠢᠳᠠᠭ᠃ ᠡᠷᠡᠭᠲᠡᠢ ᠬᠥᠮᠥᠨ ᠤ ᠣᠨᠣᠭᠠᠨ ᠤ ᠡᠮᠡᠭᠡᠯ ᠭᠤᠣᠯᠳᠠᠭᠤ | ᠥᠷᠭᠡᠨ ᠰᠠᠭᠤᠳᠠᠯ ᠲᠠᠢ᠂ ᠬᠡᠪᠲᠡᠭᠡ ᠪᠦᠭᠦᠷᠭᠡ ᠲᠠᠢ ᠪᠠᠶᠢᠵᠤ᠂ ᠡᠮᠡᠭᠲᠡᠢ ᠬᠥᠮᠥᠨ ᠤ ᠤᠨᠤᠭᠠᠨ ᠤ ᠡᠮᠡᠭᠡᠯ ᠬᠠᠪᠴᠢᠭ ᠰᠠᠭᠤᠳᠠᠯ ᠲᠠᠢ ᠪᠠᠶᠢᠳᠠᠭ᠃ ᠡᠮᠡᠭᠡᠯ ᠤᠨ ᠵᠠᠭᠪᠤᠷ | ᠮᠠᠶ᠋ᠢᠭ ᠨᠢ ᠳᠠᠭ᠎ᠠ ᠰᠢᠳᠦᠯᠡᠩ ᠳᠤ ᠳᠤᠬᠤᠬᠤ ᠳᠤ ᠵᠣᠷᠢᠭᠤᠯᠤᠭᠳᠠᠭᠰᠠᠨ ᠦᠶ᠎ᠡ ᠳᠤ ᠵᠢᠵᠢᠭ ᠪᠥᠭᠡᠳ ᠬᠥᠩᠭᠡᠨ᠂ ᠪᠦᠳᠦᠭᠦᠨ ᠮᠣᠷᠢᠨ ᠳᠤ ᠳᠤᠬᠤᠬᠤ ᠦᠶ᠎ᠡ ᠳᠤ | ᠯᠠᠪᠳᠠᠭᠤᠨ ᠪᠠᠲᠤ ᠪᠠᠶᠢᠬᠤ ᠶᠢ ᠡᠷᠭᠢᠮᠯᠡᠳᠡᠭ᠃ | | | | | ᠡᠮᠡᠭᠡᠯ ᠤᠨ ᠪᠦᠲᠦᠴᠡ ᠪᠦᠷᠢᠯᠳᠦᠯ | ᠪᠦᠭᠦᠷᠭᠡ ᠬᠠᠪᠲᠠᠰᠤ | ᠮᠣᠩᠭᠤᠯ ᠡᠮᠡᠭᠡᠯ ᠤᠨ ᠶᠠᠰᠤ ᠮᠣᠳᠣ ᠶᠢ ᠡᠮᠦᠨ᠎ᠡ ᠬᠤᠶᠢᠨ᠎ᠠ ᠪᠦᠭᠦᠷᠭᠡ ᠭᠡᠵᠦ᠂ ᠳᠤᠮᠳᠠᠬᠢ ᠬᠡᠰᠡᠭ ᠮᠣᠳᠣ ᠶᠢ ᠬᠠᠪᠲᠠᠰᠤ ᠭᠡᠳᠡᠭ᠃ ᠡᠮᠡᠭᠡᠯ ᠤᠨ ᠪᠦᠭᠦᠷᠭᠡ ᠶᠢᠨ | ᠬᠥᠭᠵᠢᠵᠦ ᠢᠷᠡᠭᠰᠡᠨ ᠪᠠᠶᠢᠳᠠᠯ ᠢ ᠰᠢᠨᠵᠢᠯᠡᠪᠡᠯ ᠶᠡᠭᠡ ᠲᠥᠯᠥᠪ ᠪᠣᠰᠤᠭ᠎ᠠ ᠠᠴᠠ ᠪᠠᠨ ᠨᠠᠮ ᠪᠣᠯᠵᠤ᠂ ᠳᠥᠷᠪᠡᠯᠵᠢᠨ ᠠᠴᠠ ᠪᠠᠨ ᠳᠤᠭᠤᠢ ᠪᠣᠯᠵᠤ᠂ ᠬᠤᠶᠠᠷ ᠪᠦᠭᠦᠷᠭᠡ | ᠠᠳᠠᠯᠢᠬᠠᠨ ᠥᠨᠳᠥᠷ ᠪᠠᠶᠢᠭᠰᠠᠨ ᠠᠴᠠ ᠪᠠᠨ ᠬᠤᠶᠢᠲᠤ ᠪᠦᠭᠦᠷᠭᠡ ᠨᠢ ᠪᠣᠭᠤᠨᠢᠬᠠᠨ ᠪᠣᠯᠵᠤ ᠬᠤᠪᠢᠷᠠᠭᠰᠠᠨ ᠪᠠᠶᠢᠨ᠎ᠠ᠃ ᠡᠮᠡᠭᠡᠯ ᠤᠨ ᠬᠠᠪᠲᠠᠰᠤ ᠶᠡᠭᠡ ᠲᠥᠯᠥᠪ ᠤᠷᠳᠤ | ᠪᠠᠶᠢᠭᠰᠠᠨ ᠠᠴᠠ ᠪᠠᠨ ᠪᠣᠭᠤᠨᠢ᠂ ᠥᠷᠭᠡᠨ ᠪᠠᠶᠢᠭᠰᠠᠨ ᠠᠴᠠ ᠪᠠᠨ ᠨᠠᠷᠢᠨ᠂ ᠬᠦᠨᠳᠦ ᠵᠤᠵᠠᠭᠠᠨ ᠪᠠᠶᠢᠭᠰᠠᠨ ᠠᠴᠠ ᠪᠠᠨ ᠬᠥᠩᠭᠡᠨ ᠪᠣᠯᠵᠤ ᠬᠤᠪᠢᠷᠠᠵᠠᠢ᠃ | ᠡᠮᠡᠭᠡᠯ ᠤᠨ ᠬᠤᠶᠠᠷ ᠬᠠᠪᠲᠠᠰᠤᠨ ᠤ ᠤᠷᠳᠤ ᠨᠢ ᠳᠤᠮᠳᠠᠴᠢ ᠪᠠᠷ ᠳᠤᠰ ᠪᠦᠷᠢ 35 ᠠᠴᠠ 40 ᠰᠠᠨᠲ᠋ᠢᠮᠧᠲᠷ ᠪᠠᠶᠢᠵᠤ᠂ ᠥᠷᠭᠡᠨ ᠨᠢ ᠮᠤᠬᠤᠷ ᠰᠥᠭᠦᠮ᠂ | ᠬᠤᠭᠤᠷᠤᠨᠳᠤᠭᠢ ᠵᠠᠢ ᠨᠢ ᠤᠷᠢᠳᠠᠭᠤᠷ ᠢᠶᠠᠨ ᠮᠤᠬᠤᠷ ᠰᠥᠭᠦᠮ᠂ ᠬᠤᠶᠢᠭᠤᠷ ᠢᠶᠠᠨ ᠲᠥᠭᠡ ᠬᠢᠷᠢ ᠲᠠᠢ᠃ ᠡᠮᠡᠭᠡᠯ ᠤᠨ ᠶᠠᠰᠤ ᠮᠣᠳᠣᠨ ᠤ ᠳᠦᠷᠦᠭᠡ ᠶᠢᠨ ᠰᠤᠷ | ᠤᠷᠤᠭᠤᠯᠬᠤ ᠳᠦᠷᠦ ᠨᠦᠬᠡ ᠬᠤᠶᠠᠷ ᠲᠠᠯ᠎ᠠ ᠳᠤ ᠳᠤᠰ ᠪᠦᠷᠢ ᠨᠢᠭᠡ᠂ ᠣᠯᠣᠩ ᠵᠢᠷᠢᠮ ᠤᠨ ᠤᠭᠴᠤᠷᠭ᠎ᠠ ᠪᠠᠬᠢᠯᠡᠬᠦ ᠨᠦᠬᠡ ᠳᠥᠷᠪᠡ᠂ ᠣᠯᠣᠩᠴᠤᠭ ᠤᠨ ᠳᠠᠷᠤᠭᠤᠯᠭ᠎ᠠ | ᠲᠣᠭᠲᠠᠭᠠᠬᠤ ᠨᠦᠬᠡ ᠳᠥᠷᠪᠡ᠂ ᠬᠤᠶᠠᠷ ᠬᠠᠪᠲᠠᠰᠤᠨ ᠤ ᠭᠠᠨᠵᠤᠭ᠎ᠠ ᠲᠠᠲᠠᠬᠤ ᠨᠦᠬᠡ ᠨᠠᠢᠮᠠ ᠬᠢᠳᠡᠭ᠃ | ᠬᠠᠪᠴᠢᠭ ᠰᠠᠭᠤᠳᠠᠯ ᠲᠠᠢ ᠡᠮᠡᠭᠡᠯ ᠤᠨ ᠬᠤᠶᠠᠷ ᠪᠦᠭᠦᠷᠭᠡ ᠶᠢᠨ ᠣᠷᠣᠢ ᠶᠢᠨ ᠬᠤᠭᠤᠷᠤᠨᠳᠤᠭᠢ ᠵᠠᠢ 25 ᠰᠠᠨᠲ᠋ᠢᠮᠧᠲᠷ᠂ ᠬᠠᠪᠲᠠᠰᠤᠨ ᠤ ᠤᠷᠳᠤ 36 | ᠰᠠᠨᠲ᠋ᠢᠮᠧᠲᠷ ᠪᠠᠶᠢᠬᠤ ᠳᠤ᠂ ᠥᠷᠭᠡᠨ ᠰᠠᠭᠤᠳᠠᠯ ᠲᠠᠢ ᠡᠮᠡᠭᠡᠯ ᠤᠨ ᠬᠠᠪᠲᠠᠰᠤ 40 ᠰᠠᠨᠲ᠋ᠢᠮᠧᠲᠷ᠂ ᠬᠤᠶᠠᠷ ᠪᠦᠭᠦᠷᠭᠡ ᠶᠢᠨ ᠣᠷᠣᠢ ᠶᠢᠨ ᠬᠤᠭᠤᠷᠤᠨᠳᠤᠭᠢ ᠵᠠᠢ 45 | ᠰᠠᠨᠲ᠋ᠢᠮᠧᠲᠷ ᠪᠠᠶᠢᠳᠠᠭ᠃ ᠶᠠᠰᠤ ᠮᠣᠳᠣ ᠶᠢ ᠬᠠᠳᠠᠭᠠᠰᠤ ᠪᠠᠷ ᠬᠠᠳᠠᠵᠦ᠂ ᠡᠯᠢᠭᠡᠨ ᠲᠠᠯ᠎ᠠ ᠳᠤ ᠠᠷᠠᠰᠤ ᠪᠠᠷ ᠨᠠᠭᠠᠪᠠᠯ ᠪᠦᠭᠡ ᠪᠤᠯᠳᠠᠭ᠃ | ᠬᠢᠷ᠎ᠠ | ᠡᠮᠡᠭᠡᠯ ᠤᠨ ᠭᠦᠪᠡᠭᠡ ᠶᠢ ᠬᠢᠷ᠎ᠠ ᠭᠡᠳᠡᠭ᠃ ᠮᠥᠩᠭᠦ ᠭᠠᠤᠯᠢ ᠴᠠᠶᠢᠷ ᠵᠡᠷᠭᠡ ᠲᠡᠮᠦᠷᠯᠢᠭ ᠢᠶᠠᠷ ᠭᠦᠪᠡᠭᠡᠯᠡᠵᠦ ᠬᠢᠷ᠎ᠠ ᠬᠢᠪᠡᠯ ᠪᠦᠭᠡ ᠪᠤᠯᠬᠤ ᠮᠥᠷᠲᠡᠭᠡᠨ ᠭᠤᠶᠤ | ᠰᠠᠶᠢᠬᠠᠨ ᠬᠠᠷᠠᠭᠳᠠᠨ᠎ᠠ᠃ ᠡᠮᠡᠭᠡᠯ ᠤᠨ ᠬᠢᠷ᠎ᠠ ᠶᠢ ᠲᠡᠮᠡᠭᠡᠨ ᠶᠠᠰᠤ ᠪᠠᠷ ᠬᠢᠬᠦ ᠠᠴᠠ ᠭᠠᠳᠠᠨ᠎ᠠ᠂ ᠮᠥᠩᠭᠦ ᠪᠠᠷ ᠬᠢᠬᠦ ᠨᠢ ᠤᠯᠠᠨ᠃ ᠲᠡᠭᠦᠨ ᠳᠡᠭᠡᠨ ᠠᠯᠤᠬ᠎ᠠ ᠬᠡ᠂ ᠤᠭᠠᠯᠵᠠ | ᠬᠡ ᠵᠡᠷᠭᠡ ᠶᠢ ᠰᠡᠶᠢᠯᠦᠨ ᠭᠤᠶᠣᠯᠠᠳᠠᠭ᠃ | ᠭᠠᠨᠵᠤᠭ᠎ᠠ | ᠭᠠᠨᠵᠤᠭ᠎ᠠ ᠨᠢ ᠤᠨᠤᠵᠦ ᠶᠠᠪᠤᠬᠤ ᠳᠠᠭᠠᠨ ᠡᠳ᠋ ᠬᠤᠭᠰᠢᠯ᠂ ᠠᠩ ᠭᠦᠷᠦᠭᠡ ᠪᠠᠨ ᠠᠴᠢᠬᠤ ᠶᠢᠨ ᠲᠥᠯᠥᠭᠡ ᠤᠶᠠᠵᠤ ᠲᠣᠭᠲᠠᠭᠠᠬᠤ ᠲᠤᠰᠬᠠᠢ ᠤᠶᠠᠭ᠎ᠠ | ᠪᠣᠯᠣᠨ᠎ᠠ᠃ ᠳᠡᠷᠡ ᠨᠢ ᠡᠮᠡᠭᠡᠯ ᠤᠨ ᠬᠠᠪᠲᠠᠰᠤᠨ ᠤ ᠡᠮᠦᠨ᠎ᠡ ᠬᠤᠶᠢᠨ᠎ᠠ᠂ ᠵᠥᠪ ᠪᠤᠷᠤᠭᠤ ᠲᠠᠯ᠎ᠠ ᠳᠤ ᠲᠤᠰᠬᠠᠢ ᠵᠣᠬᠢᠶᠠᠭᠰᠠᠨ ᠰᠤᠷ ᠤᠶᠠᠭ᠎ᠠ ᠪᠣᠯᠣᠨ᠎ᠠ᠃ | ᠭᠠᠨᠵᠤᠭ᠎ᠠ ᠶᠢ ᠰᠤᠷ ᠢᠶᠠᠷ ᠬᠢᠳᠡᠭ᠃ ᠭᠠᠨᠵᠤᠭᠠᠨ ᠤ ᠰᠦᠪᠡᠭᠴᠢ ᠳᠤ ᠨᠡᠪᠴᠢᠨ ᠭᠡᠯᠪᠡᠷᠢ ᠲᠠᠢ ᠮᠥᠩᠭᠦ᠂ ᠭᠠᠤᠯᠢᠨ ᠳᠠᠪᠠᠭ ᠬᠢᠵᠦ ᠪᠠᠬᠢᠯᠡᠨ᠎ᠡ᠃ ᠡᠮᠡᠭᠡᠯ ᠤᠨ | ᠭᠠᠨᠵᠤᠭ᠎ᠠ ᠶᠢ ᠴᠥᠭᠡᠨ ᠳᠡᠭᠡᠨ ᠠᠷᠪᠠᠨ ᠵᠢᠷᠭᠤᠭ᠎ᠠ ᠤᠯᠠᠨ ᠳᠠᠭᠠᠨ ᠭᠤᠴᠢᠨ ᠳᠥᠷᠪᠡ ᠬᠢᠳᠡᠭ᠃ ᠭᠠᠨᠵᠤᠭ᠎ᠠ ᠶᠢ ᠰᠦᠪᠡᠶᠢᠳᠡᠯᠡ ᠰᠠᠶᠢᠬᠠᠨ ᠬᠢᠪᠡᠯ ᠡᠮᠡᠭᠡᠯ ᠤᠨ ᠥᠩᠭᠡ | ᠦᠵᠡᠮᠵᠢ ᠶᠢ ᠭᠤᠶᠤ ᠪᠤᠯᠭᠠᠬᠤ ᠶᠢᠨ ᠬᠠᠮᠲᠤ ᠤᠯᠠᠨ ᠬᠡᠷᠡᠭᠴᠡᠭᠡᠨ ᠳᠤ ᠵᠣᠬᠢᠴᠠᠳᠠᠭ᠃ | ᠣᠯᠣᠩ | ᠣᠯᠣᠩ ︵ᠵᠠᠷᠢᠮ ᠭᠠᠵᠠᠷ ᠲᠤ ᠣᠯᠣᠮ ᠭᠡᠳᠡᠭ︶ ᠪᠣᠯ ᠮᠣᠷᠢᠨ ᠤ ᠡᠮᠡᠭᠡᠯ ᠢ ᠲᠣᠭᠲᠠᠭᠠᠬᠤ ᠴᠢᠬᠤᠯᠠ ᠤᠶᠠᠭ᠎ᠠ ᠪᠤᠯᠬᠤ ᠶᠢᠨ ᠬᠠᠮᠲᠤ᠂ ᠮᠣᠷᠢᠨ ᠤ ᠭᠡᠳᠡᠰᠦ | ᠬᠤᠯᠭᠤᠵᠤ ᠤᠯᠠᠶᠢᠷᠠᠨ ᠴᠢᠪᠴᠢᠷᠬᠤ ᠠᠴᠠ ᠬᠠᠮᠠᠭᠠᠯᠠᠬᠤ ᠲᠤᠯᠠ ᠠᠯᠢ ᠪᠤᠯᠬᠤ ᠪᠠᠷ ᠥᠷᠭᠡᠨ ᠬᠠᠪᠲᠠᠭᠠᠢ ᠬᠢᠬᠦ ᠶᠢ ᠵᠣᠷᠢᠳᠠᠭ ᠪᠥᠭᠡᠳ ᠥᠷᠭᠡᠨ ᠠᠳᠤᠭᠤᠨ ᠤ | ᠭᠦᠭᠡᠪᠤᠷ᠂ ᠳᠡᠯ ᠰᠡᠭᠦᠯ ᠤᠨ ᠬᠢᠯᠭᠠᠰᠤ ᠶᠢ ᠪᠤᠰᠤᠳ ᠨᠣᠣᠰᠣ ᠲᠠᠢ ᠬᠤᠯᠢᠨ ᠲᠠᠮᠤᠵᠤ ᠬᠡᠷᠡᠭᠯᠡᠨ᠎ᠡ᠃ | ᠣᠯᠣᠩ ᠢ ᠠᠳᠤᠭᠤᠨ ᠤ ᠭᠦᠭᠡᠪᠤᠷ᠂ ᠲᠡᠮᠡᠭᠡᠨ ᠨᠣᠣᠰᠣ ᠪᠠᠷ ᠲᠠᠮᠤᠵᠤ᠂ ᠲᠡᠭᠦᠨ ᠢᠶᠠᠨ ᠵᠢᠷᠭᠤᠭ᠎ᠠ ᠪᠠᠷ ᠡᠩᠨᠡᠭᠦᠯᠦᠨ ᠰᠢᠷᠢᠵᠦ ᠬᠢᠨ᠎ᠡ᠃ ᠲᠡᠭᠦᠨ ᠢ ᠶᠡᠭᠡ | ᠲᠥᠯᠥᠪ 1.5 ᠮᠧᠲᠷ ᠤᠷᠳᠤ᠂ 3 ᠠᠴᠠ 4 ᠰᠠᠨᠲ᠋ᠢᠮᠧᠲᠷ ᠥᠷᠭᠡᠨ ᠬᠢᠳᠡᠭ᠃ | ᠵᠢᠷᠢᠮ | ᠮᠣᠷᠢᠨ ᠤ ᠡᠮᠡᠭᠡᠯ ᠢ ᠲᠣᠭᠲᠠᠭᠠᠬᠤ ᠳᠤ ᠣᠯᠣᠮ ᠤᠨ ᠭᠤᠷᠬᠢ ᠳᠤ ᠬᠢᠵᠦ ᠳᠠᠳᠠᠨ ᠭᠤᠷᠬᠢᠯᠠᠬᠤ ᠬᠡᠷᠡᠭᠰᠡᠯ ᠢ ᠵᠢᠷᠢᠮ ᠭᠡᠳᠡᠭ᠃ ᠵᠢᠷᠢᠮ ᠢ 4 ᠠᠴᠠ 8 ᠰᠢᠷᠬᠡᠭ | ᠨᠠᠷᠢᠨ ᠰᠤᠷ ᠢᠶᠠᠷ ᠭᠦᠷᠦᠵᠦ ᠬᠢᠨ᠎ᠡ᠃ ᠤᠷᠢᠲᠠᠢ ᠵᠢᠷᠢᠮ ᠨᠢ 40 ᠰᠠᠨᠲ᠋ᠢᠮᠧᠲᠷ ᠤᠷᠳᠤ ᠪᠠᠶᠢᠵᠤ᠂ ᠬᠤᠶᠢᠲᠠᠢ ᠵᠢᠷᠢᠮ ᠨᠢ 50 ᠰᠠᠨᠲ᠋ᠢᠮᠧᠲᠷ ᠬᠢᠷᠢ ᠤᠷᠳᠤ ᠪᠠᠶᠢᠳᠠᠭ᠃ | ᠵᠢᠷᠢᠮ ᠢ ᠵᠥᠭᠡᠯᠡᠨ ᠪᠠᠶᠢᠯᠭᠠᠬᠤ ᠶᠢᠨ ᠲᠤᠰᠠᠳᠠ ᠮᠥᠨ ᠬᠠᠪᠲᠠᠭᠠᠢ ᠬᠢᠬᠦ ᠶᠢ ᠵᠣᠷᠢᠳᠠᠭ᠃ | ᠬᠥᠮᠥᠯᠳᠥᠷᠭᠡ | ᠬᠥᠮᠥᠯᠳᠥᠷᠭᠡ ᠭᠡᠳᠡᠭ ᠨᠢ ᠡᠮᠡᠭᠡᠯ ᠢ ᠬᠤᠶᠢᠰᠢ ᠶᠠᠪᠤᠭᠤᠯᠬᠤ ᠦᠭᠡᠢ ᠶᠢᠨ ᠲᠥᠯᠥᠭᠡ ᠬᠠᠪᠲᠠᠰᠤᠨ ᠤ ᠡᠮᠦᠨ᠎ᠡ ᠪᠠᠭᠠᠪᠤᠷ ᠠᠴᠠ ᠮᠣᠷᠢᠨ ᠤ ᠴᠡᠭᠡᠵᠢ᠂ ᠣᠮᠣᠷᠤᠤ | ᠶᠢ ᠳᠠᠭᠠᠭᠤᠯᠤᠨ ᠪᠦᠰᠡᠯᠡᠬᠦ ᠪᠦᠰᠡ ᠶᠢ ᠵᠢᠭᠠᠨ᠎ᠠ᠃ ᠲᠡᠭᠦᠨ ᠢ ᠥᠷᠭᠡᠨ ᠠᠷᠠᠰᠤ ᠪᠤᠶᠤ ᠪᠤᠯᠢᠭᠠᠷᠢ ᠰᠤᠷ ᠢᠶᠠᠷ ᠬᠢᠵᠦ ᠪᠠᠬᠢᠯᠡᠳᠡᠭ᠃ ᠵᠠᠷᠢᠮ ᠨᠢ ᠵᠢᠵᠢᠭ ᠬᠤᠨᠭ᠍ᠬᠤ | ᠳᠡᠭᠦᠵᠢᠯᠡᠨ ᠴᠢᠮᠡᠬᠦ᠂ ᠡᠰᠡᠬᠦᠯ᠎ᠡ ᠤᠯᠠᠭᠠᠨ ᠶᠠᠭᠠᠨ ᠭᠬᠢᠪ ᠰᠠᠴᠤᠭ ᠵᠡᠭᠦᠯᠭᠡᠨ ᠮᠣᠨᠴᠤᠭ ᠬᠠᠳᠠᠵᠦ ᠭᠤᠶᠣᠯᠠᠨ ᠴᠢᠮᠡᠳᠡᠭ᠃ | ᠬᠤᠳᠠᠷᠭ᠎ᠠ | ᠡᠮᠡᠭᠡᠯ ᠢ ᠤᠷᠤᠭᠰᠢ ᠶᠠᠪᠤᠭᠤᠯᠬᠤ ᠦᠭᠡᠢ ᠶᠢᠨ ᠲᠤᠯᠠ ᠮᠣᠷᠢᠨ ᠤ ᠭᠤᠶ᠎ᠠ ᠶᠢ ᠳᠠᠭᠠᠭᠤᠯᠤᠨ ᠡᠮᠡᠭᠡᠯ ᠤᠨ ᠬᠤᠶᠢᠲᠤ ᠬᠠᠪᠲᠠᠰᠤᠨ ᠤ ᠪᠠᠭᠠᠪᠤᠷ ᠠᠴᠠ | ᠣᠭᠤᠰᠣᠷᠯᠠᠨ ᠪᠦᠰᠡᠯᠡᠬᠦ ᠪᠦᠰᠡ ᠶᠢ ᠬᠤᠳᠠᠷᠭ᠎ᠠ ᠭᠡᠨ᠎ᠡ᠂ ᠲᠡᠭᠦᠨ ᠢ ᠥᠷᠭᠡᠨ ᠰᠤᠷ᠂ ᠪᠤᠯᠢᠭᠠᠷᠢ ᠪᠠᠷ ᠬᠢᠳᠡᠭ᠂ ᠵᠠᠷᠢᠮ ᠳᠤᠨᠢ ᠮᠥᠩᠭᠦ ᠭᠠᠤᠯᠢᠨ ᠲᠣᠪᠣᠷᠤᠤ᠂ ᠬᠠᠰ᠂ ᠵᠢᠩ | ᠲᠠᠢ ᠯᠠᠨ ᠬᠠᠳᠠᠵᠦ ᠴᠢᠮᠡᠭᠯᠡᠳᠡᠭ᠃ | ᠳᠠᠷᠤᠭᠤᠯᠭ᠎ᠠ | ᠡᠮᠡᠭᠡᠯ ᠤᠨ ᠰᠠᠭᠤᠳᠠᠯ ᠳᠤ ᠳᠡᠪᠰᠡ ᠶᠢ ᠳᠠᠷᠤᠭᠤᠯᠬᠤ ᠳᠠᠪᠠᠭ ᠢ ᠳᠠᠷᠤᠭᠤᠯᠭ᠎ᠠ ᠭᠡᠳᠡᠭ᠃ ᠲᠡᠭᠦᠨ ᠢ ᠮᠥᠩᠭᠦ᠂ ᠭᠠᠤᠯᠢ᠂ ᠵᠢᠩ ᠲᠠᠢ ᠯᠠᠨ ᠢᠶᠠᠷ ᠴᠢᠳᠬᠤᠨ | ᠬᠢᠳᠡᠭ᠃ ᠲᠡᠭᠦᠨ ᠳᠤ ᠡᠷᠪᠡᠬᠡᠢ᠂ ᠪᠠᠳᠮ᠎ᠠ ᠯᠢᠩᠬᠤ᠎ᠠ ᠴᠡᠴᠡᠭ᠂ ᠪᠠᠭᠪᠠᠭᠠᠢ ᠵᠡᠷᠭᠡ ᠬᠡ ᠤᠷᠠᠯᠠᠯ ᠲᠠᠢ᠃ ᠬᠠᠮᠤᠭ ᠡᠩ ᠤᠨ ᠳᠠᠷᠤᠭᠤᠯᠭ᠎ᠠ ᠴᠣ᠋ ᠭᠡᠳ ᠮᠥᠩᠭᠦᠨ ᠵᠣᠭᠤᠰ | ᠮᠡᠲᠦ ᠲᠣᠭᠤᠷᠢᠭ ᠬᠢᠴᠡᠲᠡᠢ ᠪᠠᠶᠢᠳᠠᠭ᠃ | ᠪᠠᠭᠠᠪᠤᠷ | ᠡᠮᠡᠭᠡᠯ ᠤᠨ ᠬᠠᠪᠲᠠᠰᠤᠨ ᠤ ᠬᠤᠶᠢᠲᠤ ᠬᠡᠰᠡᠭ ᠲᠤ ᠭᠠᠨᠵᠤᠭ᠎ᠠ᠂ ᠬᠤᠳᠠᠷᠭᠠᠨ ᠤ ᠤᠭ ᠲᠤ ᠬᠠᠳᠬᠤᠬᠤ ᠭᠤᠶᠤ ᠬᠢᠴᠡᠲᠡᠢ ᠴᠢᠮᠡᠭ ᠢ ᠪᠠᠭᠠᠪᠤᠷ ᠭᠡᠳᠡᠭ᠂ | ᠲᠡᠭᠦᠨ ᠢ ᠮᠥᠩᠭᠦ᠂ ᠭᠠᠤᠯᠢ᠂ ᠲᠡᠮᠦᠷ ᠴᠠᠶᠢᠷ ᠢᠶᠠᠷ ᠤᠷᠠᠯᠠᠨ ᠬᠢᠬᠦ ᠨᠢ ᠤᠯᠠᠨ᠃ | ᠲᠣᠬᠤᠮ | ᠲᠣᠬᠤᠮ ᠨᠢ ᠭᠤᠣᠯᠳᠠᠭᠤ ᠵᠤᠵᠠᠭᠠᠨ ᠢᠰᠡᠭᠡᠢ ᠪᠠᠷ ᠬᠢᠵᠦ᠂ ᠮᠣᠷᠢᠨ ᠨᠢᠷᠤᠭᠤᠨ ᠤ ᠬᠥᠯᠥᠰᠦ ᠶᠢ ᠰᠢᠩᠭᠡᠭᠡᠬᠦ ᠳᠤ ᠵᠣᠷᠢᠭᠤᠯᠤᠨ᠎ᠠ᠃ ᠲᠣᠬᠤᠮ ᠤᠨ ᠥᠷᠭᠡᠨ ᠨᠢ | 43 ᠠᠴᠠ 45 ᠰᠠᠨᠲ᠋ᠢᠮᠧᠲᠷ᠂ ᠤᠷᠳᠤ ᠨᠢ 50 ᠠᠴᠠ 60 ᠰᠠᠨᠲ᠋ᠢᠮᠧᠲᠷ᠂ ᠵᠤᠵᠠᠭᠠᠨ ᠨᠢ 2 ᠰᠠᠨᠲ᠋ᠢᠮᠧᠲᠷ᠂ ᠲᠣᠬᠤᠮ ᠢ ᠪᠥᠰ ᠢᠶᠠᠷ ᠭᠦᠪᠡᠭᠡᠯᠡᠵᠦ᠂ ᠡᠮᠦᠨ᠎ᠡ ᠲᠠᠯ᠎ᠠ | ᠳᠤᠨᠢ ᠤᠯᠠᠭᠠᠨ ᠪᠥᠰ ᠢᠶᠠᠷ ᠲᠡᠮᠳᠡᠭ ᠲᠠᠯᠪᠢᠨ᠎ᠠ᠃ | ᠭᠥᠯᠢᠮ | ᠭᠥᠯᠢᠮ ᠢ ᠲᠣᠬᠤᠮ ᠤᠨ ᠳᠡᠭᠡᠷ᠎ᠡ᠂ ᠡᠮᠡᠭᠡᠯ ᠤᠨ ᠶᠠᠰᠤ ᠮᠣᠳᠣᠨ ᠤ ᠳᠣᠣᠷ᠎ᠠ ᠲᠠᠯᠪᠢᠳᠠᠭ᠃ ᠠᠷᠠᠰᠤ ᠰᠢᠷᠢ᠂ ᠪᠤᠯᠢᠭᠠᠷᠢ᠂ ᠬᠡᠪᠢᠰ᠂ ᠴᠡᠮᠪᠡᠨ ᠲᠣᠷᠭ᠎ᠠ ᠵᠡᠷᠭᠡ ᠪᠠᠷ | ᠬᠢᠳᠡᠭ᠃ | ᠳᠡᠪᠰᠡ | ᠡᠮᠡᠭᠡᠯ ᠤᠨ ᠶᠠᠰᠤ ᠮᠣᠳᠣ ᠶᠢ ᠬᠠᠮᠠᠭᠠᠯᠠᠨ ᠭᠤᠶᠣᠯᠠᠬᠤ ᠦᠢᠯᠡᠳᠦᠯ ᠲᠠᠢ ᠳᠡᠪᠢᠰᠬᠡᠷ ᠢ ᠵᠢᠭᠠᠨ᠎ᠠ᠃ ᠳᠡᠪᠰᠡ ᠶᠢ ᠢᠰᠡᠭᠡᠢ ᠪᠠᠷ ᠭᠤᠣᠯᠴᠢᠯᠠᠨ ᠬᠢᠵᠦ᠂ ᠡᠮᠡᠭᠡᠯ ᠤᠨ | ᠶᠠᠰᠤ ᠮᠣᠳᠣᠨ ᠤ ᠭᠠᠳᠠᠭᠤᠷ ᠪᠦᠷᠢᠨ᠎ᠡ᠃ ᠳᠡᠪᠰᠡ ᠶᠢᠨ ᠥᠩᠭᠡ ᠶᠢ ᠡᠮᠡᠭᠡᠯ ᠤᠨ ᠪᠦᠭᠦᠷᠭᠡ ᠬᠠᠪᠲᠠᠰᠤᠨ ᠤ ᠥᠩᠭᠡ ᠲᠠᠢ ᠵᠣᠬᠢᠴᠠᠭᠤᠯᠤᠨ ᠦᠯᠦ ᠮᠡᠳᠡᠭᠳᠡᠮ᠎ᠡ ᠥᠩᠭᠡ | ᠢᠯᠭᠠᠷᠠᠭᠤᠯᠪᠠᠯ ᠪᠣᠯᠴᠢᠬᠠᠨ᠎ᠠ᠃ | ᠬᠠᠪᠴᠢᠭ | ᠳᠥᠷᠥᠭᠡᠨ ᠤ ᠰᠤᠷ ᠪᠠ ᠡᠮᠡᠭᠡᠯ ᠤᠨ ᠬᠠᠪᠲᠠᠰᠤ ᠶᠢ ᠳᠠᠷᠤᠳᠠᠭ ᠳᠤᠨᠤᠭ ᠢ ᠵᠢᠭᠠᠨ᠎ᠠ᠃ ᠬᠠᠯᠬᠠᠴᠤᠳ ᠳᠡᠪᠰᠡ ᠭᠡᠳᠡᠭ᠃ ᠵᠠᠷᠢᠮ ᠣᠷᠣᠨ ᠳᠤ ᠪᠠᠰᠠ ᠬᠠᠶᠢᠳᠠᠭ | ᠭᠥᠯᠢᠮ ᠭᠡᠨ᠎ᠡ᠃ ᠲᠡᠭᠦᠨ ᠢ ᠪᠤᠯᠢᠭᠠᠷᠢ᠂ ᠬᠡᠪᠢᠰ᠂ ᠰᠢᠷᠢ ᠵᠡᠷᠭᠡ ᠪᠠᠷ ᠬᠢᠳᠡᠭ᠃ ᠲᠡᠭᠦᠨ ᠢ ᠡᠮᠡᠭᠡᠯ ᠤᠨ ᠬᠤᠶᠠᠷ ᠲᠠᠯ᠎ᠠ ᠶᠢᠨ ᠬᠠᠪᠲᠠᠰᠤᠨ ᠤ ᠳᠣᠣᠷ᠎ᠠ ᠠᠴᠠ ᠳᠣᠷᠣᠭᠰᠢ | ᠤᠨᠵᠢᠭᠤᠯᠤᠨᠠ᠃ ᠬᠠᠪᠴᠢᠭ ᠢ ᠬᠡ ᠤᠭᠠᠯᠵᠠ᠂ ᠴᠡᠴᠡᠭ ᠬᠤᠸᠠᠷ᠂ ᠪᠠᠭᠪᠠᠭᠠᠢ ᠮᠡᠲᠦ ᠶᠢᠨ ᠮᠣᠩᠭᠤᠯ ᠤᠷᠠᠯᠠᠯ ᠢᠶᠠᠷ ᠴᠢᠮᠡᠵᠦ᠂ ᠭᠦᠪᠡᠭᠡ ᠶᠢ ᠨᠢ ᠭᠥᠯᠢᠮ ᠲᠠᠢ ᠠᠳᠠᠯᠢ | ᠮᠥᠩᠭᠦᠨ ᠲᠣᠪᠣᠷᠤᠤ ᠪᠠᠷ ᠴᠢᠮᠡᠨ᠎ᠡ᠃ | ᠳᠦᠷᠦᠭᠡ | ᠮᠣᠩᠭᠤᠯᠴᠤᠳ ᠨᠠᠶᠢᠷ ᠨᠠᠭᠠᠳᠤᠮ᠂ ᠪᠠᠶᠠᠷ ᠬᠤᠷᠢᠮ ᠳᠤ ᠵᠣᠷᠢᠭᠤᠯᠤᠨ ᠭᠤᠶᠤ ᠬᠢᠴᠡ ᠲᠠᠢ ᠳᠦᠷᠦᠭᠡ ᠨᠦᠭᠦᠳ ᠢ ᠬᠡᠷᠡᠭᠯᠡᠳᠡᠭ᠃ ᠡᠭᠦᠨ ᠳᠤ ᠭᠠᠩ ᠳᠦᠷᠦᠭᠡ᠂ | ᠭᠠᠤᠯᠢᠨ ᠳᠦᠷᠦᠭᠡ᠂ ᠮᠥᠩᠭᠦᠨ ᠳᠦᠷᠦᠭᠡ ᠪᠠᠭᠲᠠᠨ᠎ᠠ᠃ ᠳᠦᠷᠦᠭᠡ ᠨᠢ ᠰᠡᠨᠵᠢ᠂ ᠬᠠᠪᠢᠷᠭ᠎ᠠ᠂ ᠳᠥᠷᠥᠭᠡᠨ ᠲᠣᠯᠢ ︵ᠳᠠᠪᠠᠭ︶᠂ ᠳᠥᠷᠥᠭᠡᠨ ᠤ ᠵᠠᠭ᠎ᠠ ︵ᠳᠡᠭᠡᠳᠦ ᠤᠭᠠᠯᠵᠠ︶ | ᠠᠴᠠ ᠪᠦᠷᠢᠯᠳᠦᠵᠡᠢ᠃ | ᠮᠣᠩᠭᠤᠯᠴᠤᠳ ᠤᠨ ᠮᠣᠷᠢᠨ ᠡᠮᠡᠭᠡᠯ ᠨᠢ ᠬᠥᠩᠭᠡᠨ ᠳᠦᠭᠦᠮ ᠭᠡᠯᠪᠡᠷᠢ ᠶᠢᠨ ᠪᠠᠶᠢᠭᠰᠠᠨ ᠠᠴᠠ ᠪᠠᠨ ᠲᠦᠪᠡᠭ ᠪᠤᠳᠤᠯᠢᠶᠠᠨᠲᠠᠢ ᠵᠦᠭ ᠬᠥᠭᠵᠢᠬᠦ ᠳᠡᠭᠡᠨ | ᠵᠦᠪᠭᠡᠨ ᠬᠡᠷᠡᠭᠯᠡᠭᠡᠨ ᠤ ᠱᠠᠭᠠᠷᠳᠠᠯᠭ᠎ᠠ ᠲᠡᠳᠦᠢ ᠪᠢᠰᠢ ᠪᠣᠯᠵᠤ᠂ ᠬᠠᠷᠢᠨ ᠤᠶᠤᠨ ᠤ ᠠᠮᠢᠳᠤᠷᠠᠯ ᠤᠨ ᠦᠨ᠎ᠡ ᠦᠷᠳᠡᠭ ᠨᠢ ᠤᠯᠠᠮ ᠢᠶᠠᠷ ᠨᠡᠮᠡᠭᠳᠡᠨ᠂ ᠡᠵᠡᠨ ᠤ ᠵᠠᠰᠠᠯ | ᠴᠢᠮᠡᠭᠯᠡᠯ᠂ ᠡᠷᠦᠭᠡ ᠭᠡᠷ ᠤᠨ ᠦᠨᠡᠲᠦ ᠬᠥᠷᠥᠩᠭᠡ ᠪᠣᠯᠤᠭᠰᠠᠨ ᠪᠠᠶᠢᠨ᠎ᠠ᠃ ᠶᠡᠷᠦ ᠨᠢ ᠮᠣᠩᠭᠤᠯ ᠡᠮᠡᠭᠡᠯ ᠪᠣᠯ ᠣᠷᠣᠨ ᠨᠤᠲᠤᠭ ᠤᠨ ᠡᠳ᠋ ᠪᠠᠶᠠᠯᠢᠭ ᠪᠠ ᠡᠳ᠋ ᠡᠷᠳᠡᠨᠢᠰ | ᠢᠶᠠᠷ ᠡᠬᠡ ᠮᠠᠲ᠋ᠧᠷᠢᠶᠠᠯ ᠪᠤᠯᠭᠠᠵᠦ ᠵᠠᠰᠠᠵᠤ ᠴᠢᠮᠡᠭᠯᠡᠭᠰᠡᠨ᠂ ᠤᠷ᠎ᠠ ᠮᠡᠷᠭᠡᠵᠢᠯ ᠤᠨ ᠥᠨᠳᠥᠷ ᠲᠦᠪᠰᠢᠨ ᠲᠠᠢ ᠭᠠᠷ ᠤᠷᠠᠯᠠᠯ ᠤᠨ ᠭᠠᠶᠢᠬᠠᠮᠰᠢᠭᠲᠤ ᠪᠦᠲᠦᠭᠡᠯ ᠤᠨ ᠨᠢᠭᠡ | ᠪᠤᠯᠬᠤ ᠶᠤᠮ᠃ ᠮᠣᠩᠭᠤᠯ ᠡᠮᠡᠭᠡᠯ ᠨᠢ ᠬᠤᠳᠠ ᠬᠥᠳᠡᠭᠡ ᠶᠢᠨ ᠮᠣᠩᠭᠤᠯ ᠠᠶᠢᠯ ᠤᠨ ᠪᠡᠯᠭᠡ ᠳᠡᠮᠪᠡᠷᠢᠯ ᠲᠠᠢ ᠦᠨᠡᠲᠦ ᠴᠢᠮᠡᠭᠯᠡᠯ ᠤᠨ ᠨᠢᠭᠡ ᠪᠣᠯᠵᠤ ᠡᠷᠬᠢᠮᠯᠡᠭᠳᠡᠵᠦ ᠪᠤᠢ᠃ | |