ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ | ᠵᠢᠯ ᠤᠨ ᠡᠬᠢᠨ ᠤ ᠪᠠᠶᠢᠷᠢᠯᠠᠭᠤᠯᠤᠯᠲᠠ ᠶᠣᠰᠣᠭᠠᠷ᠂ ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ ᠬᠠᠤᠯᠢ ᠴᠠᠭᠠᠵᠠ ᠶᠢᠨ ᠵᠠᠰᠠᠭ ᠵᠠᠬᠢᠷᠭᠠᠨ ᠤ ᠡᠭᠦᠷᠭᠡ | ᠴᠢᠳᠠᠪᠬᠢ ᠳᠤ ᠰᠠᠭᠤᠷᠢᠯᠠᠵᠤ᠂ ᠰᠢ ᠶᠢᠨ ᠫᠢᠩ ᠤᠨ ᠬᠠᠤᠯᠢᠵᠢᠯ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠤᠯᠭᠠᠬᠤ ᠶᠢ ᠪᠠᠷᠢᠮᠲᠠᠯᠠᠵᠤ᠂ ︽ᠬᠠᠤᠯᠢ ᠪᠠᠷ ᠵᠠᠰᠠᠬᠤ ᠪᠣᠯ | ᠬᠠᠮᠤᠭ ᠤᠨ ᠰᠠᠶᠢᠨ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠮᠥᠨ︾ ᠭᠡᠬᠦ ᠱᠠᠭᠠᠷᠳᠠᠯᠭ᠎ᠠ ᠶᠢ ᠭᠦᠨᠵᠡᠭᠡᠢ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ︽ | ᠨᠢᠭᠡ ᠶᠢ ᠨᠢᠭᠡᠳᠦᠯᠲᠡᠢ ᠠᠳᠬᠤᠬᠤ᠂ ᠲᠠᠪᠤᠨ ᠶᠡᠭᠡ ᠡᠭᠦᠷᠭᠡ ᠴᠢᠳᠠᠪᠤᠷᠢ︾ ᠶᠢᠨ ᠰᠢᠨ᠎ᠡ ᠶᠢ ᠡᠭᠦᠳᠬᠦ ᠣᠶᠢᠯᠠᠭᠠᠭᠳᠠᠬᠤᠨ ᠢ ᠦᠢᠯᠡᠳᠦᠯᠭᠡᠵᠢᠭᠦᠯᠵᠦ᠂ ︽ᠵᠢᠷᠭᠤᠭᠠᠨ ᠶᠡᠭᠡ | ᠲᠤᠰᠬᠠᠢ ᠠᠵᠢᠯᠯᠠᠭ᠎ᠠ︾ ᠶᠢ ᠭᠦᠨᠵᠡᠭᠡᠢ ᠥᠷᠨᠢᠭᠦᠯᠵᠦ᠂ ︽ᠵᠢᠷᠭᠤᠭᠠᠨ ᠶᠡᠭᠡ ᠨᠠᠷᠠᠲᠤ ᠲᠡᠮᠳᠡᠭ︾ ᠢ ᠪᠦᠭᠦ ᠲᠠᠯ᠎ᠠ ᠪᠠᠷ ᠡᠭᠦᠳᠴᠦ᠂ ︽ᠬᠤᠶᠠᠷ ᠶᠡᠭᠡ ᠶᠠᠪᠤᠳᠠᠯ︾ ᠢ | ᠰᠠᠶᠢᠲᠤᠷ ᠬᠢᠵᠦ᠂ ᠨᠠᠩ ᠢᠯᠡ ᠲᠣᠳᠣ᠂ ᠡᠮᠬᠢ ᠵᠢᠷᠤᠮ ᠲᠠᠢ᠂ ᠡᠷᠬᠡ ᠲᠡᠭᠰᠢ ᠥᠨᠳᠥᠷ ᠪᠦᠲᠦᠮᠵᠢᠲᠡᠶ ᠬᠠᠤᠯᠢᠵᠢᠯ ᠤᠨ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ | ᠢᠳᠡᠪᠬᠢᠲᠡᠢ ᠡᠭᠦᠳᠴᠦ᠂ ᠠᠵᠤ ᠠᠬᠤᠶᠢᠯᠠᠯ ᠳᠤ ᠠᠰᠢᠭ ᠬᠦᠷᠲᠡᠭᠡᠵᠦ ᠠᠵᠤ ᠠᠬᠤᠶᠢᠯᠠᠯ ᠢ ᠳᠤᠯᠠᠭᠠᠯᠠᠬᠤ ᠠᠵᠢᠯᠯᠠᠭ᠎ᠠ ᠶᠢᠨ ᠴᠢᠨᠠᠷ ᠴᠢᠨᠰᠠᠭ᠎ᠠ ᠦᠷ᠎ᠡ ᠪᠦᠲᠦᠮᠵᠢ ᠶᠢ | ᠲᠠᠰᠤᠷᠠᠯᠲᠠ ᠦᠭᠡᠢ ᠲᠡᠭᠡᠭᠰᠢᠯᠡᠭᠦᠯᠵᠦ᠂ ᠬᠠᠤᠯᠢᠵᠢᠯ ᠤᠨ ᠠᠷᠭ᠎ᠠ ᠪᠠᠷᠢᠯ ᠢᠶᠠᠷ ᠴᠢᠨᠠᠷ ᠰᠠᠶᠢᠲᠠᠢ ᠬᠥᠭᠵᠢᠯᠲᠡ ᠶᠢ ᠬᠠᠮᠠᠭᠠᠯᠠᠵᠤ᠂ ᠬᠠᠮᠢᠶ᠎ᠠ ᠪᠦᠬᠦᠢ ᠠᠵᠢᠯ ᠢ ᠪᠦᠭᠦᠨ ᠢ | ᠲᠣᠭᠲᠠᠭᠰᠠᠨ ᠬᠤᠭᠤᠴᠠᠭᠠᠨ ᠳᠤ ᠪᠡᠶᠡᠯᠡᠭᠦᠯᠵᠦ ᠥᠨᠳᠥᠷ ᠠᠮᠵᠢᠯᠲᠠ ᠣᠯᠪᠠ᠃ | ︽ᠠᠵᠤ ᠠᠬᠤᠶᠢᠯᠠᠯ ᠢ ᠬᠠᠮᠠᠭᠠᠯᠠᠬᠤ ᠬᠥᠭᠵᠢᠯᠲᠡ ᠶᠢᠨ ᠵᠡᠷᠭᠡ ᠲᠡᠰ ᠢ ᠳᠡᠭᠡᠭᠰᠢᠯᠡᠭᠦᠯᠦᠨ ᠲᠠᠰ ᠳᠡᠪᠰᠢᠭᠦᠯᠬᠦ︾ ᠲᠤᠰᠬᠠᠢ ᠠᠵᠢᠯᠯᠠᠭ᠎ᠠ ᠶᠢ ᠪᠦᠭᠦ ᠲᠠᠯ᠎ᠠ ᠪᠠᠷ | ᠥᠷᠨᠢᠭᠦᠯᠪᠡ᠃ ᠡᠩ ᠲᠡᠷᠢᠭᠦᠨ ᠳᠤ᠂ ᠠᠵᠤ ᠠᠬᠤᠶᠢᠯᠠᠯ ᠳᠤ ᠬᠤᠯᠪᠣᠭᠳᠠᠭᠰᠠᠨ ᠵᠥᠷᠢᠴᠡᠯ ᠵᠢᠭᠤᠷᠠᠯᠳᠤᠭᠠᠨ ᠢ ᠤᠷᠢᠳ ᠢᠶᠠᠷ ᠰᠢᠢᠳᠪᠦᠷᠢᠯᠡᠵᠦ᠂ ︽ᠵᠢᠯ ᠤᠨ ᠵᠥᠷᠢᠴᠡᠯ | ᠵᠢᠭᠤᠷᠠᠯᠳᠤᠭᠠᠨ ᠢ ᠴᠢᠨᠠᠷ ᠰᠠᠶᠢᠲᠠᠢ ᠡᠶᠡᠳᠡᠭᠦᠯᠬᠦ ᠲᠤᠰᠬᠠᠢ ᠠᠵᠢᠯᠯᠠᠭ᠎ᠠ ᠶᠢ ᠥᠷᠨᠢᠭᠦᠯᠬᠦ ᠲᠤᠬᠠᠢ ᠬᠡᠷᠡᠭᠵᠢᠭᠦᠯᠬᠦ ᠲᠥᠰᠥᠯ︾ ᠢ ᠲᠣᠭᠲᠠᠭᠠᠨ ᠳᠠᠷᠤᠮᠠᠯᠯᠠᠨ | ᠲᠠᠷᠬᠠᠭᠠᠬᠤ ᠶᠢᠨ ᠬᠠᠮᠲᠤ ᠢᠳᠡᠪᠬᠢᠲᠡᠢ ᠨᠠᠶᠢᠳᠠᠪᠤᠷᠢᠵᠢᠭᠤᠯᠪᠠ᠂ ᠣᠳᠣᠬᠠᠨ ᠳᠤ ᠪᠦᠭᠦ ᠬᠤᠲᠠ ᠶᠢᠨ ᠡᠯ᠎ᠡ ᠱᠠᠲᠤᠨ ᠤ ᠠᠷᠠᠳ ᠤᠨ ᠡᠶᠡᠳᠡᠭᠦᠯᠬᠦ ᠵᠣᠬᠢᠶᠠᠨ | ᠪᠠᠶᠢᠭᠤᠯᠤᠯᠲᠠ ᠨᠢᠭᠡᠨᠲᠡ 11697 ᠬᠡᠷᠡᠭ ᠢ ᠡᠶᠡᠳᠡᠭᠦᠯᠵᠦ᠂ ᠬᠡᠷᠡᠭ ᠲᠤ ᠬᠤᠯᠪᠣᠭᠳᠠᠭᠰᠠᠨ ᠵᠣᠭᠤᠰ ᠤᠨ ᠲᠤᠭ᠎ᠠ ᠨᠢ 4.59 ᠳ᠋ᠦᠩᠰᠢᠭᠤᠷ ᠲᠥᠭᠦᠷᠢᠭ ᠲᠤ | ᠬᠦᠷᠴᠦ᠂ ᠡᠶᠡᠳᠡᠭᠦᠯᠦᠭᠰᠡᠨ ᠬᠡᠷᠡᠭ ᠠᠳᠠᠯᠢ ᠬᠤᠭᠤᠴᠠᠭᠠᠨ ᠤ ᠬᠢ ᠠᠴᠠ 61% ᠪᠠᠷ ᠨᠡᠮᠡᠭᠳᠡᠵᠦ᠂ ᠡᠶᠡᠳᠡᠭᠦᠯᠦᠭᠡᠳ ᠠᠮᠵᠢᠯᠲᠠ ᠣᠯᠣᠭᠰᠠᠨ ᠨᠣᠷᠮ᠎ᠠ ᠨᠢ 99. | 3% ᠳᠤ ᠬᠦᠷᠴᠡᠢ᠃ ᠳᠠᠷᠠᠭᠠᠯᠠᠪᠠᠯ᠂ ᠠᠵᠤ ᠠᠬᠤᠶᠢᠯᠠᠯ ᠤᠨ ᠬᠥᠭᠵᠢᠯᠲᠡ ᠶᠢᠨ ᠬᠡᠷᠡᠭᠴᠡᠭᠡ ᠳᠤ ᠠᠩᠬᠠᠷᠤᠯ ᠢᠶᠠᠨ ᠲᠥᠪᠯᠡᠷᠡᠭᠦᠯᠵᠦ᠂ ᠲᠤᠰᠬᠠᠢ ᠮᠡᠷᠭᠡᠵᠢᠯ ᠤᠨ ᠬᠠᠤᠯᠢ | ᠴᠠᠭᠠᠵᠠ ᠶᠢᠨ ᠦᠢᠯᠡᠴᠢᠯᠡᠭᠡᠨ ᠤ ᠪᠦᠯᠭᠦᠮ ᠢ ᠵᠣᠬᠢᠶᠠᠨ ᠪᠠᠶᠢᠭᠤᠯᠤᠨ ᠪᠦᠭᠦ ᠬᠤᠳᠠ ᠶᠢᠨ 586 ᠭᠤᠣᠯᠳᠠᠯᠭ᠎ᠠ ᠲᠠᠢ ᠠᠵᠤ ᠠᠬᠤᠶᠢᠯᠠᠯ ᠳᠤ ᠭᠦᠨᠵᠡᠭᠡᠶᠢᠷᠡᠵᠦ᠂ ᠤᠨᠢᠨ | ᠳᠡᠭᠡᠷ᠎ᠡ ᠨᠢ ︽ᠬᠠᠤᠯᠢᠵᠢᠯ ᠤᠨ ᠤᠬᠠᠭᠤᠯᠭ᠎ᠠ︾᠂︽ᠬᠠᠤᠯᠢᠵᠢᠯ ᠤᠨ ᠪᠡᠶ᠎ᠡ ᠶᠢᠨ ᠪᠠᠶᠢᠴᠠᠭᠠᠯᠲᠠ︾ ᠵᠡᠷᠭᠡ ᠠᠵᠢᠯᠯᠠᠭ᠎ᠠ ᠶᠢ 1500 ᠭᠠᠷᠤᠢ ᠤᠳᠠᠭ᠎ᠠ ᠥᠷᠨᠢᠭᠦᠯᠵᠦ᠂ | ᠲᠠᠶᠢᠯᠤᠮᠵᠢ ᠶᠢ 986 ᠤᠳᠠᠭ᠎ᠠ ᠡᠷᠭᠢᠯᠡᠵᠦ᠂ ᠠᠵᠢᠯᠲᠠᠨ ᠠᠵᠢᠯᠴᠢᠨ ᠳᠤ 5.8 ᠲᠦᠮᠡ ᠭᠠᠷᠤᠢ ᠬᠥᠮᠥᠨ ᠤᠳᠠᠭ᠎ᠠ ᠪᠣᠯᠪᠠᠰᠤᠷᠠᠯ ᠬᠦᠷᠲᠡᠭᠡᠵᠦ᠂ ᠭᠡᠷ᠎ᠡ ᠶᠢ 3314 | ᠬᠤᠪᠢ ᠬᠢᠨᠠᠨ ᠪᠠᠶᠢᠴᠠᠭᠠᠵᠤ᠂ ᠠᠵᠤ ᠠᠬᠤᠶᠢᠯᠠᠯ ᠢ 3000 ᠭᠠᠷᠤᠢ ᠲᠦᠮᠡᠨ ᠲᠥᠭᠦᠷᠢᠭ ᠤᠨ ᠬᠤᠬᠢᠷᠠᠯ ᠠᠴᠠ ᠵᠠᠶᠢᠯᠠᠭᠤᠯᠪᠠ᠃ ᠵᠢᠯ ᠤᠨ ᠡᠬᠢᠨ ᠠᠴᠠ ᠨᠠᠭᠠᠰᠢ᠂ | ᠪᠦᠭᠦ ᠬᠤᠲᠠ ᠳᠤ ︽ᠬᠠᠤᠯᠢ ᠴᠠᠭᠠᠵᠠ ᠶᠢ ᠲᠤᠯᠤᠭ᠎ᠠ ᠳᠤ ᠣᠷᠣᠭᠤᠯᠬᠤ︾ ᠤᠬᠠᠭᠤᠯᠭ᠎ᠠ ᠶᠢᠨ ᠠᠵᠢᠯᠯᠠᠭ᠎ᠠ ᠶᠢ ᠨᠡᠶᠢᠲᠡ 23223 ᠤᠳᠠᠭ᠎ᠠ ᠥᠷᠨᠢᠭᠦᠯᠪᠡ᠃ ᠡᠭᠦᠨ ᠤ | ᠬᠠᠮᠲᠤ᠂ ᠠᠵᠤ ᠠᠬᠤᠶᠢᠯᠠᠯ ᠳᠤ ᠬᠤᠯᠪᠣᠭᠳᠠᠭᠰᠠᠨ ᠬᠠᠤᠯᠢ ᠬᠡᠷᠡᠭᠵᠢᠭᠦᠯᠬᠦ ᠨᠠᠷᠡᠨ ᠬᠡᠷᠡᠯᠳᠦ ᠬᠢᠨᠠᠯᠲᠠ ᠲᠠᠯᠪᠢᠯᠲᠠ ᠶᠢ ᠯᠠᠪᠳᠠᠭᠤᠨ ᠪᠠᠲᠤᠲᠠᠢ ᠥᠷᠨᠢᠭᠦᠯᠵᠦ᠂ ᠠᠵᠤ | ᠠᠬᠤᠶᠢᠯᠠᠯ ᠳᠤ ᠬᠤᠯᠪᠣᠭᠳᠠᠭᠰᠠᠨ ᠪᠠᠶᠢᠴᠠᠭᠠᠯᠲᠠ ᠶᠢᠨ ᠦᠶᠯᠡ ᠠᠵᠢᠯᠯᠠᠭ᠎ᠠ ᠶᠢᠨ ᠪᠦᠭᠦ ᠶᠠᠪᠤᠴᠠ ᠳᠤ ᠬᠢᠨᠠᠯᠲᠠ ᠲᠠᠯᠪᠢᠵᠤ᠂ ᠰᠠᠯᠠᠭ᠎ᠠ ᠮᠥᠴᠢᠷ ᠢ ᠰᠢᠪᠠᠳᠠᠵᠤ ᠢᠳᠬᠠᠨ | ᠬᠥᠮᠥᠵᠢᠭᠦᠯᠬᠦ᠂ ᠢᠳᠬᠠᠨ ᠵᠢᠱᠢᠶ᠎ᠡ ᠦᠵᠡᠭᠦᠯᠭᠦ᠂ ᠰᠡᠷᠡᠮᠵᠢᠯᠡᠭᠦᠯᠦᠨ ᠰᠠᠨᠠᠭᠤᠯᠬᠤ᠂ ᠪᠣᠯᠵᠣᠨ ᠶᠠᠷᠢᠯᠴᠠᠬᠤ ᠶᠢ ᠵᠢᠯᠤᠭᠤᠳᠬᠤ ᠵᠡᠷᠭᠡ ᠤᠶᠠᠨ ᠵᠥᠭᠡᠯᠡᠨ ᠠᠷᠭ᠎ᠠ ᠮᠠᠶ᠋ᠢᠭ ᠢ | ᠥᠷᠭᠡᠨ ᠢᠶᠠᠷ ᠬᠡᠷᠡᠭᠯᠡᠨ ᠬᠠᠤᠯᠢ ᠬᠡᠷᠡᠭᠵᠢᠭᠦᠯᠦᠯᠲᠡ ᠶᠢ ᠥᠷᠨᠢᠭᠦᠯᠪᠡ᠃ | ᠳᠦᠷᠢᠮ ᠤᠨ ᠪᠠᠲᠤᠯᠠᠭ᠎ᠠ ᠶᠢᠨ ᠰᠢᠰᠲ᠋ᠧᠮ ᠢ ᠲᠡᠭᠦᠯᠳᠡᠷᠵᠢᠭᠦᠯᠪᠡ᠃ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ ᠢᠨᠵᠧᠨᠧᠷᠢᠩ ᠢ ᠨᠢᠭᠡᠳᠦᠯᠲᠡᠢ ᠲᠥᠯᠥᠪᠯᠡᠨ | ᠰᠠᠶᠢᠲᠤᠷ ᠠᠳᠬᠤᠪᠠ᠃ ᠡᠶᠡᠳᠡᠭᠦᠯᠬᠦ᠂ ᠬᠥᠨᠳᠡᠯᠡᠨ ᠠᠴᠠ ᠲᠠᠰᠤᠯᠬᠤ᠂ ᠵᠠᠷᠭᠤᠯᠳᠤᠬᠤ ᠵᠡᠷᠭᠡ ᠶᠢ ᠣᠷᠭᠠᠨᠢᠭ ᠢᠶᠠᠷ ᠵᠣᠯᠭᠠᠭᠤᠯᠤᠨ ᠵᠣᠬᠢᠴᠠᠭᠤᠯᠬᠤ ᠤᠯᠠᠨ ᠡᠰᠢᠴᠢᠯᠡᠭᠰᠡᠨ | ᠵᠢᠭᠤᠷᠠᠯᠳᠤᠭᠠᠨ ᠢ ᠰᠢᠢᠳᠪᠦᠷᠢᠯᠡᠬᠦ ᠲᠣᠭᠲᠠᠴᠠ ᠶᠢ ᠲᠡᠭᠦᠯᠳᠡᠷᠵᠢᠭᠦᠯᠪᠡ᠃ ᠬᠤᠲᠠ ᠬᠤᠰᠢᠭᠤ ᠬᠤᠶᠠᠷ ᠱᠠᠲᠤᠨ ᠤ ᠵᠠᠷᠭᠤ ᠶᠢᠨ ᠪᠤᠰᠤ ᠵᠥᠷᠢᠴᠡᠯ ᠵᠢᠭᠤᠷᠠᠯᠳᠤᠭᠠᠨ ᠢ | ᠡᠶᠡᠳᠡᠭᠦᠯᠦᠨ ᠰᠢᠢᠳᠪᠦᠷᠢᠯᠡᠬᠦ ᠲᠥᠪ ᠢ ᠪᠠᠶᠢᠭᠤᠯᠵᠤ᠂ ᠬᠤᠳᠠᠯᠳᠤᠭᠠᠨ ᠤ ᠶᠠᠪᠤᠳᠠᠯ ᠤᠨ ᠬᠥᠨᠳᠡᠯᠡᠨ ᠠᠴᠠ ᠲᠠᠰᠤᠯᠬᠤ᠂ ᠵᠠᠰᠠᠭ ᠵᠠᠬᠢᠷᠭᠠᠨ ᠤ ᠳᠠᠭᠢᠨ ᠵᠥᠪᠯᠡᠬᠦ᠂ ᠵᠠᠰᠠᠭ | ᠵᠠᠬᠢᠷᠭᠠᠨ ᠤ ᠵᠠᠷᠭᠤ᠂ ᠠᠷᠠᠳ ᠤᠨ ᠡᠶᠡᠳᠡᠭᠦᠯᠭᠡ ᠶᠢ ᠵᠣᠯᠭᠠᠭᠤᠯᠬᠤ ᠲᠣᠭᠲᠠᠴᠠ ᠶᠢ ᠲᠡᠭᠦᠯᠳᠡᠷᠵᠢᠭᠦᠯᠵᠦ᠂ ᠦᠢᠯᠡᠳᠪᠦᠷᠢ ᠬᠤᠳᠠᠯᠳᠤᠭᠠᠨ ᠤ ᠬᠤᠯᠪᠤᠭ᠎ᠠ᠂ | ᠬᠠᠤᠯᠢᠴᠢ ᠶᠢᠨ ᠬᠡᠷᠡᠭ ᠡᠷᠭᠢᠯᠡᠭᠦ ᠭᠠᠵᠠᠷ ᠲᠠᠢ ᠬᠤᠯᠪᠣᠭᠠᠯᠠᠵᠤ᠂ ᠬᠥᠨᠳᠡᠯᠡᠨ ᠠᠴᠠ ᠲᠠᠰᠤᠯᠬᠤ ᠪᠠᠶᠢᠭᠤᠯᠤᠮᠵᠢ ᠶᠢᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ᠂ | ᠬᠠᠤᠯᠢᠴᠢᠳ ᠤᠨ ᠨᠡᠶᠢᠭᠡᠮᠯᠢᠭ ᠲᠠᠢ ᠬᠤᠯᠪᠤᠭᠠᠯᠠᠨ ᠬᠥᠨᠳᠡᠯᠡᠨ ᠠᠴᠠ ᠲᠠᠰᠤᠯᠬᠤ ᠠᠵᠢᠯ ᠤᠨ ᠥᠷᠲᠡᠭᠡ᠂ ᠬᠥᠨᠳᠡᠯᠡᠨ ᠠᠴᠠ ᠲᠠᠰᠤᠯᠬᠤ ᠦᠢᠯᠡᠴᠢᠯᠡᠭᠡᠨ ᠤ ᠬᠠᠷᠢᠯᠴᠠᠬᠤ | ᠴᠡᠭ ᠢ ᠪᠠᠶᠢᠭᠤᠯᠵᠤ᠂ ᠠᠵᠤ ᠠᠬᠤᠶᠢᠯᠠᠯ ᠢ ᠬᠥᠲᠥᠯᠥᠨ ᠵᠢᠯᠤᠭᠤᠳᠴᠤ ᠶᠠᠭᠤᠨ ᠤ ᠤᠷᠢᠳ ᠵᠠᠷᠭᠤ ᠶᠢᠨ ᠪᠤᠰᠤ ᠠᠷᠭ᠎ᠠ ᠮᠠᠶ᠋ᠢᠭ ᠢᠶᠠᠷ ᠵᠠᠰᠠᠭ ᠵᠠᠬᠢᠷᠭᠠᠨ ᠤ | ᠮᠠᠷᠭᠤᠯᠳᠤᠭᠠᠨ ᠢ ᠰᠢᠢᠳᠪᠦᠷᠢᠯᠡᠪᠡ᠃ | ᠳᠡᠩᠰᠡᠯᠡᠵᠦ ᠬᠢᠨᠠᠨ ᠪᠠᠶᠢᠴᠠᠭᠠᠬᠤ ᠳᠦᠷᠢᠮ ᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠪᠦᠭᠦ ᠬᠤᠲᠠ ᠶᠢᠨ ᠣᠲᠣ ᠶᠢᠨ ᠬᠡᠷᠡᠭᠵᠢᠭᠦᠯᠵᠦ ᠪᠠᠶᠢᠭ᠎ᠠ ᠬᠦᠴᠦᠨ | ᠪᠦᠬᠦᠢ ᠵᠠᠰᠠᠭ ᠵᠠᠬᠢᠷᠭᠠᠨ ᠤ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠢ ᠨᠡᠶᠢᠲᠡ 568 ᠬᠤᠪᠢ ᠡᠮᠬᠢᠯᠡᠨ ᠳᠢᠭᠯᠡᠵᠦ᠂ ᠲᠣᠰ ᠵᠢᠯ ᠳᠤ ᠣᠳᠣᠬᠠᠨ ᠳᠤ 24 | ᠬᠤᠪᠢ ᠵᠢᠷᠤᠮᠵᠢᠯ ᠤᠨ ᠴᠢᠨᠠᠷᠲᠠᠢ ᠪᠢᠴᠢᠭ ᠮᠠᠲ᠋ᠧᠷᠢᠶᠠᠯ ᠢ ᠳᠡᠩᠰᠡᠯᠡᠵᠦ ᠬᠢᠨᠠᠨ ᠪᠠᠶᠢᠴᠠᠭᠠᠬᠤ ᠶᠢ ᠪᠡᠶᠡᠯᠡᠭᠦᠯᠪᠡ᠃ | ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠦᠶᠯᠡ ᠠᠵᠢᠯᠯᠠᠭ᠎ᠠ ᠶᠢ ᠵᠢᠷᠤᠮᠵᠢᠭᠤᠯᠵᠤ᠂ ᠰᠠᠯᠠᠭ᠎ᠠ ᠮᠥᠴᠢᠷ ᠠᠯᠤᠰᠯᠠᠨ ᠬᠤᠯᠪᠤᠭᠠᠯᠠᠨ ᠬᠢᠨᠠᠨ ᠬᠠᠮᠢᠶᠠᠷᠬᠤ ᠶᠢ | ᠢᠳᠡᠪᠬᠢᠲᠡᠢ ᠠᠬᠢᠭᠤᠯᠵᠤ᠂ ︽ᠨᠢᠭᠡ ᠤᠳᠠᠭ᠎ᠠ ᠶᠡᠷᠦᠩᠬᠡᠶᠢᠯᠡᠨ ᠪᠠᠶᠢᠴᠠᠭᠠᠬᠤ︾ ᠶᠢ ᠬᠡᠷᠡᠭᠵᠢᠭᠦᠯᠦᠭᠰᠡᠨ ᠪᠠᠶᠢᠳᠠᠯ ᠢ ᠰᠢᠪᠠᠳᠠᠭᠤᠯᠤᠨ ᠪᠠᠶᠢᠴᠠᠭᠠᠬᠤ ᠭᠦᠴᠦᠴᠡ ᠪᠠᠨ | ᠶᠡᠬᠡᠰᠬᠡᠵᠦ᠂ ︽ᠪᠡᠶᠡᠴᠢᠯᠡᠨ ᠣᠶᠢᠯᠠᠭᠠᠬᠤ ᠮᠠᠶ᠋ᠢᠭ ᠤᠨ ᠬᠢᠨᠠᠨ ᠬᠠᠮᠢᠶᠠᠷᠤᠯᠲᠠ᠂ ᠦᠢᠯᠡᠴᠢᠯᠡᠭᠡᠨ ᠤ ᠭᠡᠯᠪᠡᠷᠢ ᠶᠢᠨ ᠬᠠᠤᠯᠢ ᠬᠡᠷᠡᠭᠵᠢᠭᠦᠯᠦᠯᠲᠡ︾ ᠶᠢ ᠠᠬᠢᠭᠤᠯᠤᠨ | ᠲᠡᠭᠦᠯᠳᠡᠷᠵᠢᠭᠦᠯᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠶᠢᠨ ᠠᠵᠤ ᠠᠬᠤᠶᠢᠯᠠᠯ ᠤᠨ ᠬᠡᠪ ᠤᠨ ᠦᠢᠯᠡᠳᠪᠦᠷᠢᠯᠡᠯ ᠡᠵᠡᠩᠨᠡᠯᠲᠡ ᠶᠢᠨ ᠦᠶᠯᠡ | ᠠᠵᠢᠯᠯᠠᠭ᠎ᠠ ᠳᠤ ᠦᠵᠡᠭᠦᠯᠭᠦ ᠬᠠᠷᠰᠢᠯᠠᠯ ᠢ ᠪᠠᠭᠠᠰᠬᠠᠪᠠ᠃ ᠬᠤᠳᠠ ᠶᠢᠨ ᠬᠡᠪᠴᠢᠶᠡᠨ ᠳᠤ ︽ᠨᠢᠭᠡ ᠤᠳᠠᠭ᠎ᠠ ᠶᠡᠷᠦᠩᠬᠡᠶᠢᠯᠡᠨ ᠪᠠᠶᠢᠴᠠᠭᠠᠬᠤ︾ ᠶᠢ ᠪᠦᠭᠦ ᠲᠠᠯ᠎ᠠ ᠪᠠᠷ | ᠠᠬᠢᠭᠤᠯᠵᠤ᠂ ᠠᠵᠤ ᠠᠬᠤᠶᠢᠯᠠᠯ ᠳᠤ ᠬᠤᠯᠪᠣᠭᠳᠠᠭᠰᠠᠨ ᠬᠢᠨᠠᠯᠲᠠ ᠪᠠᠶᠢᠴᠠᠭᠠᠯᠲᠠ ᠶᠢᠨ ᠵᠦᠢᠯᠡᠰ ᠤᠨ 339 ᠵᠦᠢᠯ ᠢ ᠡᠮᠬᠢᠯᠡᠨ ᠲᠢᠭᠯᠡᠵᠦ᠂ ᠠᠵᠤ ᠠᠬᠤᠶᠢᠯᠠᠯ ᠳᠤ | ᠬᠤᠯᠪᠣᠭᠳᠠᠭᠰᠠᠨ ᠬᠠᠤᠯᠢ ᠬᠡᠷᠡᠭᠵᠢᠭᠦᠯᠦᠯᠲᠡ ᠶᠢᠨ ︽ᠨᠢᠭᠡ ᠤᠳᠠᠭ᠎ᠠ ᠡᠭᠦᠳᠡᠨ ᠳᠤᠨᠢ ᠭᠦᠷᠪᠡᠯ᠂ ᠤᠯᠠᠨ ᠵᠦᠢᠯ ᠤᠨ ᠤᠴᠢᠷ ᠶᠠᠪᠤᠳᠠᠯ ᠢ ᠪᠠᠶᠢᠴᠠᠭᠠᠬᠤ︾ ᠶᠢ | ᠪᠡᠶᠡᠯᠡᠭᠦᠯᠪᠡ᠃ ᠪᠠᠭᠲᠠᠭᠠᠮᠵᠢᠲᠠᠢ ᠬᠢᠨᠠᠭᠤᠷ ᠪᠣᠯᠭᠤᠮᠵᠢᠲᠠᠢ ᠬᠢᠨᠠᠯᠲᠠ ᠬᠠᠮᠢᠶᠠᠷᠤᠯᠲᠠ ᠶᠢᠨ ︽ᠨᠢᠭᠡ ᠰᠠᠭᠤᠷᠢ ᠪᠠᠷᠢᠮᠵᠢᠶ᠎ᠠ᠂ ᠭᠤᠷᠪᠠᠨ ᠲᠣᠳᠣᠷᠬᠠᠢ ᠬᠠᠭᠤᠳᠠᠰᠤ︾ ᠶᠢ | ᠪᠦᠷᠢᠨᠰᠢᠭᠦᠯᠦᠨ ᠲᠡᠭᠦᠯᠳᠡᠷᠵᠢᠭᠦᠯᠵᠦ᠂ ᠵᠠᠰᠠᠭ ᠵᠠᠬᠢᠷᠭᠠᠨ ᠤ ᠰᠢᠢᠳᠬᠡᠯ ᠤᠨ ᠴᠢᠯᠦᠭᠡᠲᠦ ᠲᠠᠰᠤᠯᠤᠯᠲᠠ ᠶᠢᠨ ᠡᠷᠬᠡ ᠶᠢᠨ ᠰᠠᠭᠤᠷᠢ ᠪᠠᠷᠢᠮᠵᠢᠶ᠎ᠠ ᠶᠢ 915 ᠵᠦᠢᠯ᠂ | ᠰᠢᠢᠳᠬᠡᠯ ᠠᠴᠠ ᠬᠡᠯᠲᠦᠷᠢᠭᠦᠯᠬᠦ ᠵᠦᠢᠯᠡᠰ ᠤᠨ ᠲᠣᠳᠣᠷᠬᠠᠢ ᠬᠠᠭᠤᠳᠠᠰᠤ ᠶᠢ 130 ᠵᠦᠢᠯ ᠢ ᠡᠮᠬᠢᠯᠡᠨ ᠲᠢᠭᠯᠡᠵᠦ᠂ ᠰᠢᠢᠳᠬᠡᠯ ᠢ ᠬᠥᠩᠭᠡᠷᠡᠭᠦᠯᠬᠦ ᠵᠦᠢᠯᠡᠰ ᠤᠨ | ᠲᠣᠳᠣᠷᠬᠠᠢ ᠬᠠᠭᠤᠳᠠᠰᠤ ᠶᠢ 100 ᠵᠦᠢᠯ᠂ ᠵᠠᠰᠠᠭ ᠵᠠᠬᠢᠷᠭᠠᠨ ᠤ ᠠᠯᠪᠠᠳᠠᠯᠭ᠎ᠠ ᠶᠢᠨ ᠵᠦᠢᠯᠡᠰ ᠤᠨ ᠲᠣᠳᠣᠷᠬᠠᠢ ᠬᠠᠭᠤᠳᠠᠰᠤ ᠶᠢ 22 ᠵᠦᠢᠯ ᠬᠡᠯᠲᠦᠷᠢᠭᠦᠯᠪᠡ᠃ | ᠭᠠᠳᠠᠭᠠᠳᠤ ᠳᠤ ᠬᠤᠯᠪᠣᠭᠳᠠᠬᠤ ᠬᠠᠤᠯᠢ ᠪᠠᠷ ᠵᠠᠰᠠᠬᠤ ᠠᠵᠢᠯ ᠲᠡᠦᠬᠡᠲᠦ ᠴᠢᠨᠠᠷᠲᠠᠢ ᠠᠮᠵᠢᠯᠲᠠ ᠣᠯᠪᠠ᠃ ᠬᠤᠲᠠ ᠶᠢᠨ ᠬᠠᠤᠯᠢ ᠴᠠᠭᠠᠵᠠ ᠶᠢᠨ ᠲᠣᠪᠴᠢᠶ᠎ᠠ ᠶᠢᠨ | ᠬᠦᠴᠦᠲᠡᠢ ᠠᠬᠢᠭᠤᠯᠤᠯ ᠳᠣᠣᠷ᠎ᠠ᠂ ᠥᠪᠥᠷ ᠮᠣᠩᠭᠤᠯ ᠤᠨ ᠲᠦᠩᠯᠢᠶᠣᠣ ᠬᠤᠲᠠ ᠶᠢᠨ ᠬᠠᠤᠯᠢᠴᠢᠳ ᠤᠨ ᠨᠡᠶᠢᠭᠡᠮᠯᠢᠭ ᠪᠣᠯᠣᠨ ᠮᠣᠩᠭᠤᠯ ᠤᠯᠤᠰ ᠤᠨ ᠨᠡᠶᠢᠰᠯᠡᠯ ᠤᠨ | ᠬᠠᠤᠯᠢᠴᠢᠳ ᠤᠨ ᠨᠡᠶᠢᠭᠡᠮᠯᠢᠭ ᠮᠣᠩᠭᠤᠯ ᠤᠯᠤᠰ ᠤᠨ ᠤᠯᠠᠭᠠᠨᠪᠠᠭᠠᠲᠤᠷ ᠲᠤ ︽ᠬᠠᠮᠲᠤᠷᠠᠯᠴᠠᠭᠠᠨ ᠤ ᠰᠠᠨᠠᠭᠤᠯᠤᠮᠵᠢ︾ ᠳᠤ ᠭᠠᠷ ᠤᠨ ᠦᠰᠦᠭ ᠵᠢᠷᠤᠵᠤ᠂ ᠬᠠᠷᠢᠯᠴᠠᠨ | ᠢᠲᠡᠭᠡᠯᠴᠡᠵᠦ ᠬᠠᠷᠢᠯᠴᠠᠨ ᠬᠠᠮᠲᠤᠷᠠᠯᠴᠠᠬᠤ᠂ ᠬᠠᠷᠢᠯᠴᠠᠨ ᠬᠠᠷᠠᠭᠠᠯᠵᠠᠵᠤ ᠬᠠᠷᠢᠯᠴᠠᠨ ᠠᠰᠢᠭᠲᠠᠢ ᠵᠠᠷᠴᠢᠮ ᠳᠤ ᠰᠠᠭᠤᠷᠢᠯᠠᠵᠤ᠂ ᠳᠤᠮᠳᠠᠳᠤ ᠮᠣᠩᠭᠤᠯ ᠤᠨ ᠬᠠᠤᠯᠢ | ᠴᠠᠭᠠᠵᠠ ᠶᠢᠨ ᠰᠢᠰᠲ᠋ᠧᠮ ᠤᠨ ᠰᠣᠯᠢᠯᠴᠠᠭ᠎ᠠ ᠬᠠᠮᠲᠤᠷᠠᠯᠴᠠᠭ᠎ᠠ ᠶᠢ ᠠᠬᠢᠭᠤᠯᠬᠤ ᠪᠠᠷ ᠵᠣᠷᠢᠯᠭ᠎ᠠ ᠪᠤᠯᠭᠠᠵᠤ᠂ ᠬᠤᠶᠠᠷ ᠲᠠᠯ᠎ᠠ ᠪᠠᠷ ᠢᠶᠠᠨ ᠬᠠᠤᠯᠢ ᠴᠠᠭᠠᠵᠠ ᠶᠢᠨ | ᠪᠠᠶᠢᠴᠠᠭᠠᠯᠲᠠ᠂ ᠬᠥᠮᠦᠵᠢᠯ ᠪᠣᠯᠪᠠᠰᠤᠷᠠᠯ᠂ ᠣᠯᠠᠨ ᠲᠠᠯᠠᠲᠤ ᠬᠠᠮᠲᠤᠷᠠᠯᠴᠠᠭ᠎ᠠ ᠵᠡᠷᠭᠡ ᠲᠠᠯ᠎ᠠ ᠪᠠᠷ ᠳᠡᠮᠵᠢᠯᠭᠡ ᠬᠠᠩᠭᠠᠵᠤ᠂ ᠡᠬᠢ ᠪᠠᠶᠠᠯᠢᠭ ᠢ ᠬᠠᠮᠲᠤ ᠪᠠᠷ ᠡᠳ᠋ᠯᠡᠬᠦ᠂ | ᠴᠢᠳᠠᠪᠤᠷᠢᠲᠠᠨ ᠢ ᠬᠥᠮᠥᠵᠢᠭᠦᠯᠬᠦ᠂ ᠬᠠᠤᠯᠢ ᠴᠠᠭᠠᠵᠠ ᠶᠢᠨ ᠬᠠᠮᠲᠤᠷᠠᠯᠴᠠᠭ᠎ᠠ ᠪᠠ ᠬᠤᠳᠠᠯᠳᠤᠭᠠᠨ ᠤ ᠶᠠᠪᠤᠳᠠᠯ ᠤᠨ ᠬᠥᠨᠳᠡᠯᠡᠨ ᠠᠴᠠ ᠲᠠᠰᠤᠯᠬᠤ ᠪᠠᠷ ᠳᠠᠮᠵᠢᠨ᠂ ︽ᠨᠢᠭᠡ | ᠪᠦᠰᠡ ᠨᠢᠭᠡ ᠵᠠᠮ︾ ᠪᠠ ︽ᠳᠤᠮᠳᠠᠳᠤ ᠮᠣᠩᠭᠤᠯ ᠣᠷᠣᠰ︾ ᠤᠨ ᠠᠵᠤ ᠠᠬᠤᠢ ᠶᠢᠨ ᠬᠤᠩᠭᠢᠯ ᠳᠤ ᠬᠠᠤᠯᠢ ᠴᠠᠭᠠᠵᠠ ᠶᠢᠨ ᠦᠢᠯᠡᠴᠢᠯᠡᠭᠡ ᠪᠠ ᠪᠠᠲᠤᠯᠠᠭ᠎ᠠ | ᠬᠠᠩᠭᠠᠬᠤ ᠶᠢ ᠵᠥᠪᠰᠢᠶᠡᠷᠡᠪᠡ᠃ | ︽ᠢᠨᠲ᠋ᠧᠷ ᠰᠦᠯᠵᠢᠶ᠎ᠡ + ᠠᠯᠪᠠᠨ ᠭᠡᠷᠡᠴᠢᠯᠡᠭᠡ︾ ᠶᠢᠨ ᠦᠢᠯᠡᠴᠢᠯᠡᠭᠡ ᠶᠢ ᠬᠡᠷᠡᠭᠵᠢᠭᠦᠯᠵᠦ᠂ ︽ᠣᠶᠤᠨᠲᠤ ᠠᠯᠪᠠᠨ ᠭᠡᠷᠡᠴᠢᠯᠡᠭᠡ︾ ᠶᠢᠨ ᠬᠢᠨᠠᠯᠲᠠ | ᠬᠠᠮᠢᠶᠠᠷᠤᠯᠲᠠ ᠶᠢᠨ ᠲᠠᠪᠴᠠᠩ ᠢ ᠰᠢᠯᠢᠳᠡᠭᠵᠢᠭᠦᠯᠵᠦ᠂ ︽ᠠᠯᠪᠠᠨ ᠭᠡᠷᠡᠴᠢᠯᠡᠭᠡ +︾ ᠶᠢᠨ ᠵᠠᠭᠪᠤᠷ ᠢ ᠪᠠᠶᠢᠭᠤᠯᠵᠤ᠂ 65 ᠵᠦᠢᠯ ᠤᠨ ᠥᠨᠳᠥᠷ ᠳᠠᠪᠲᠠᠮᠵᠢᠲᠤ ᠠᠯᠪᠠᠨ | ᠭᠡᠷᠡᠴᠢᠯᠡᠭᠡ ᠶᠢᠨ ᠵᠦᠢᠯᠡᠰ ᠢ ᠨᠡᠶᠢᠲᠡᠯᠡᠵᠦ᠂ ︽6 ᠶᠢ ᠬᠠᠰᠤᠵᠤ 6 ᠶᠢ ᠬᠡᠯᠲᠦᠷᠢᠭᠦᠯᠬᠦ︾ ᠦᠢᠯᠡᠴᠢᠯᠡᠭᠡ ᠶᠢ ᠬᠡᠷᠡᠭᠵᠢᠭᠦᠯᠵᠦ᠂ 3000 ᠭᠠᠷᠤᠢ ᠠᠯᠪᠠᠨ | ᠭᠡᠷᠡᠴᠢᠯᠡᠭᠡ ᠶᠢᠨ ᠵᠦᠢᠯᠡᠰ ᠢ ᠭᠦᠢᠴᠡᠳᠬᠡᠵᠦ᠂ ᠠᠯᠪᠠᠨ ᠭᠡᠷᠡᠴᠢᠯᠡᠭᠡ ᠪᠠᠷ ᠠᠵᠤ ᠠᠬᠤᠶᠢᠯᠠᠯ ᠳᠤ ᠠᠰᠢᠭ ᠬᠦᠷᠲᠡᠭᠡᠬᠦ ᠠᠷᠠᠳ ᠲᠤ ᠲᠦᠭᠦᠮ ᠦᠵᠡᠭᠦᠯᠭᠦ ᠰᠢᠰᠲ᠋ᠧᠮ ᠢ | ᠲᠡᠭᠦᠯᠳᠡᠷᠵᠢᠭᠦᠯᠪᠡ᠃ ᠠᠵᠤ ᠠᠬᠤᠶᠢᠯᠠᠯ ᠳᠤ ᠬᠤᠯᠪᠣᠭᠳᠠᠭᠰᠠᠨ ︽ᠰᠠᠭᠠᠳ ᠦᠭᠡᠢ ᠨᠡᠪᠲᠡᠷᠡᠬᠦ ᠵᠠᠮ︾ ᠢ ᠨᠡᠭᠡᠭᠡᠵᠦ᠂ 36 ᠴᠠᠭ ᠤᠨ ᠳᠣᠲᠣᠷ᠎ᠠ ︽ᠳ᠋ᠦᠩᠰᠢᠭᠤᠷ | ᠲᠥᠭᠦᠷᠢᠭ ᠤᠨ ᠰᠲ᠋ᠣᠺ ᠤᠨ ᠡᠷᠬᠡ ᠶᠢᠨ ᠵᠢᠭᠤᠷᠠᠯᠳᠤᠭᠠᠨ ᠤ ᠬᠡᠷᠡᠭ︾ ᠢ ᠥᠨᠳᠥᠷ ᠪᠦᠲᠦᠮᠵᠢᠲᠡᠶ ᠪᠠᠷ ᠬᠥᠨᠳᠡᠯᠡᠨ ᠠᠴᠠ ᠲᠠᠰᠤᠯᠵᠤ᠂ ᠠᠵᠤ ᠠᠬᠤᠶᠢᠯᠠᠯ ᠤᠨ ᠬᠠᠤᠯᠢ | ᠶᠣᠰᠣᠨ ᠤ ᠡᠷᠬᠡ ᠠᠰᠢᠭ ᠢ ᠬᠠᠮᠠᠭᠠᠯᠠᠪᠠ᠃ ᠬᠠᠤᠯᠢ ᠴᠠᠭᠠᠵᠠ ᠶᠢᠨ ᠦᠢᠯᠡᠴᠢᠯᠡᠭᠡᠨ ᠤ ᠦᠨᠡᠨᠴᠢ ᠢᠲᠡᠭᠡᠮᠵᠢ ᠶᠢᠨ ᠢᠯᠡ ᠲᠣᠳᠣ ᠶᠢᠨ ᠬᠡᠮᠵᠢᠶ᠎ᠡ ᠶᠢ ᠴᠢᠩᠭᠠᠳᠬᠠᠵᠤ᠂ | ᠬᠠᠤᠯᠢ ᠴᠠᠭᠠᠵᠠ ᠶᠢᠨ ᠦᠢᠯᠡᠴᠢᠯᠡᠭᠡᠨ ᠤ ᠪᠠᠶᠢᠭᠤᠯᠤᠮᠵᠢ ᠶᠢᠨ ᠠᠵᠢᠯᠲᠠᠨ ᠠᠵᠢᠯᠴᠢᠨ ᠤ ᠦᠨᠡᠨᠴᠢ ᠢᠲᠡᠭᠡᠮᠵᠢ ᠶᠢᠨ ᠲᠠᠩᠰᠠ ᠡᠪᠬᠡᠮᠡᠯ ᠢ 1170 ᠬᠤᠪᠢ | ᠪᠠᠶᠢᠭᠤᠯᠵᠤ᠂ ᠤᠯᠠᠨ ᠨᠡᠶᠢᠲᠡ ᠶᠢᠨ ᠬᠠᠤᠯᠢ ᠴᠠᠭᠠᠵᠠ ᠶᠢᠨ ᠦᠢᠯᠡᠴᠢᠯᠡᠭᠡᠨ ᠤ ᠬᠠᠨᠤᠮᠵᠢ ᠶᠢᠨ ᠬᠡᠮᠵᠢᠶ᠎ᠡ ᠶᠢ ᠨᠡᠮᠡᠭᠳᠡᠭᠦᠯᠪᠡ᠃ | ᠬᠤᠳᠠ ᠶᠢᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ | ᠬᠤᠲᠠ ᠶᠢᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠠᠵᠢᠯᠯᠠᠭ᠎ᠠ ᠳᠤᠮᠳᠠ᠂ ᠠᠵᠤ | ᠠᠬᠤᠶᠢᠯᠠᠯ ᠤᠨ ᠡᠷᠬᠡ ᠪᠠᠨ ᠬᠠᠮᠠᠭᠠᠯᠠᠬᠤ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠬᠦ᠂ ᠠᠵᠤ ᠠᠬᠤᠶᠢᠯᠠᠯ ᠤᠨ ᠵᠠᠭᠠᠯᠳᠤᠯᠭ᠎ᠠ ᠶᠢ ᠴᠠᠭ ᠲᠤᠬᠠᠢ ᠳᠤᠨᠢ ᠭᠥᠯᠢᠶᠡᠨ | ᠠᠪᠴᠤ ᠰᠢᠢᠳᠪᠦᠷᠢᠯᠡᠬᠦ᠂ ᠠᠵᠤ ᠠᠬᠤᠶᠢᠯᠠᠯ ᠤᠨ ᠬᠠᠤᠯᠢ ᠶᠣᠰᠣᠨ ᠤ ᠡᠷᠬᠡ ᠠᠰᠢᠭ ᠢ ᠬᠠᠤᠯᠢ ᠶᠣᠰᠣᠭᠠᠷ ᠬᠠᠮᠠᠭᠠᠯᠠᠬᠤ ᠵᠢᠴᠢ ᠭᠤᠥᠯᠴᠢ ᠪᠠᠷ ᠥᠷᠢᠰᠦᠯᠳᠦᠬᠦ ᠵᠠᠬ᠎ᠠ | ᠳᠡᠯᠭᠡᠭᠦᠷ ᠤᠨ ᠣᠷᠴᠢᠨ ᠲᠣᠭᠤᠷᠢᠨ ᠢ ᠡᠭᠦᠳᠬᠦ ᠵᠡᠷᠭᠡ ᠳᠤ ᠴᠢᠭᠯᠡᠭᠦᠯᠦᠨ ᠪᠦᠭᠦ ᠨᠡᠶᠢᠭᠡᠮ ᠳᠤ ᠠᠮᠠᠯᠠᠯᠲᠠ ᠬᠢᠵᠦ᠂ ᠠᠮᠠᠯᠠᠯᠲᠠ ᠪᠠᠨ ᠳᠣᠣᠷᠠᠬᠢ ᠮᠡᠲᠦ ᠪᠡᠶᠡᠯᠡᠭᠦᠯᠪᠡ᠄ | ᠠᠵᠤ ᠠᠬᠤᠶᠢᠯᠠᠯ ᠤᠨ ᠡᠷᠬᠡ ᠪᠠᠨ ᠬᠠᠮᠠᠭᠠᠯᠠᠬᠤ ᠲᠣᠭᠲᠠᠴᠠ ᠶᠢ ᠪᠠᠶᠢᠭᠤᠯᠤᠨ ᠲᠡᠭᠦᠯᠳᠡᠷᠵᠢᠭᠦᠯᠪᠡ᠃ ᠡᠯ᠎ᠡ ᠬᠤᠳᠠᠯᠳᠤᠭᠠᠨ ᠤ ᠨᠡᠶᠢᠭᠡᠮᠯᠢᠭ ᠢ ᠵᠢᠯᠤᠭᠤᠳᠴᠤ | ᠬᠤᠳᠠᠯᠳᠤᠭᠠᠨ ᠤ ᠡᠪᠯᠡᠯ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ ᠲᠥᠪ ᠢ ᠪᠠᠶᠢᠭᠤᠯᠵᠤ᠂ ᠬᠤᠯᠪᠣᠭᠳᠠᠯ ᠪᠦᠬᠦᠢ ᠳᠦᠷᠢᠮ ᠪᠠ ᠠᠵᠢᠯ ᠤᠨ ᠠᠷᠭ᠎ᠠ | ᠬᠡᠮᠵᠢᠶ᠎ᠡ ᠶᠢ ᠲᠣᠭᠲᠠᠭᠠᠵᠤ᠂ ᠭᠡᠰᠢᠭᠦᠳ ᠲᠤ ᠲᠦᠷᠦ ᠶᠢᠨ ᠪᠣᠳᠣᠯᠭ᠎ᠠ ᠶᠢᠨ ᠯᠠᠪᠯᠠᠯᠭ᠎ᠠ᠂ ᠬᠠᠤᠯᠢ ᠴᠠᠭᠠᠵᠠ ᠶᠢᠨ ᠵᠢᠯᠣᠭᠤᠳᠤᠯᠭ᠎ᠠ᠂ ᠠᠵᠤ ᠠᠬᠤᠢ ᠶᠢᠨ ᠦᠢᠯᠡᠴᠢᠯᠡᠭᠡ᠂ | ᠭᠤᠮᠣᠳᠠᠯ ᠱᠠᠭᠠᠷᠳᠠᠯᠭ᠎ᠠ ᠶᠢᠨ ᠲᠤᠰᠬᠠᠯ᠂ ᠡᠷᠬᠡ ᠠᠰᠢᠭ ᠤᠨ ᠬᠠᠮᠠᠭᠠᠯᠠᠯᠲᠠ ᠵᠡᠷᠭᠡ ᠦᠢᠯᠡᠴᠢᠯᠡᠭᠡ ᠬᠠᠩᠭᠠᠪᠠ᠃ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ | ᠰᠢᠭᠤᠳ ᠬᠠᠷᠢᠶ᠎ᠠ ᠬᠤᠳᠠᠯᠳᠤᠭᠠᠨ ᠤ ᠨᠡᠶᠢᠭᠡᠮᠯᠢᠭ ᠨᠢᠭᠡᠨᠲᠡ ᠪᠦᠭᠦᠨ ᠢᠶᠠᠷ ᠢᠶᠠᠨ ᠬᠤᠳᠠᠯᠳᠤᠭᠠᠴᠢᠳ ᠤᠨ ᠡᠪᠯᠡᠯ ᠤᠨ ᠡᠷᠬᠡ ᠠᠰᠢᠭ ᠢ ᠬᠠᠮᠠᠭᠠᠯᠠᠬᠤ ᠦᠢᠯᠡᠴᠢᠯᠡᠭᠡᠨ ᠤ | ᠲᠥᠪ ᠢ ᠪᠠᠶᠢᠭᠤᠯᠪᠠ᠃ | ᠠᠵᠤ ᠠᠬᠤᠶᠢᠯᠠᠯ ᠤᠨ ᠵᠠᠭᠠᠯᠳᠤᠯᠭ᠎ᠠ ᠶᠢ ᠴᠠᠭ ᠲᠤᠬᠠᠢ ᠳᠤᠨᠢ ᠭᠥᠯᠢᠶᠡᠨ ᠠᠪᠴᠤ ᠰᠢᠢᠳᠪᠦᠷᠢᠯᠡᠪᠡ᠃ ᠥᠪᠡᠷᠲᠡᠭᠡᠨ ᠵᠠᠰᠠᠬᠤ ᠣᠷᠣᠨ ᠤ ᠠᠷᠠᠳ ᠠᠴᠠ | ᠡᠵᠡᠩᠨᠡᠭᠰᠡᠨ ᠠᠵᠤ ᠠᠬᠤᠶᠢᠯᠠᠯ ᠤᠨ ᠦᠢᠯᠡᠴᠢᠯᠡᠭᠡᠨ ᠤ ᠬᠠᠯᠠᠮᠰᠢᠯ ᠤᠲᠠᠰᠤ ︽96888︾ ᠶᠢᠨ ᠠᠵᠤ ᠠᠬᠤᠶᠢᠯᠠᠯ ᠳᠤ ᠬᠤᠯᠪᠣᠭᠳᠠᠬᠤ ᠠᠰᠠᠭᠤᠳᠠᠯ ᠢ | ᠰᠢᠯᠵᠢᠭᠦᠯᠦᠨ ᠭᠦᠢᠴᠡᠳᠬᠡᠪᠡ᠃ ᠡᠯ᠎ᠡ ᠵᠦᠢᠯ ᠤᠨ ᠠᠵᠢᠯᠯᠠᠭ᠎ᠠ᠂ ᠰᠢᠨᠵᠢᠯᠡᠨ ᠪᠠᠶᠢᠴᠠᠭᠠᠵᠤ ᠲᠣᠭᠤᠷᠢᠨ ᠰᠤᠷᠪᠤᠯᠵᠢᠯᠠᠬᠤ᠂ ᠶᠠᠷᠢᠯᠴᠠᠬᠤ ᠬᠤᠷᠠᠯ ᠵᠡᠷᠭᠡ ᠪᠠᠷ ᠳᠠᠮᠵᠢᠨ | ᠠᠵᠤ ᠠᠬᠤᠶᠢᠯᠠᠯ ᠳᠤ ᠲᠤᠯᠭᠠᠷᠠᠭᠰᠠᠨ ᠬᠦᠴᠢᠷᠳᠡᠯ ᠪᠠ ᠠᠰᠠᠭᠤᠳᠠᠯ ᠢ ᠴᠠᠭ ᠲᠤᠬᠠᠢ ᠳᠤᠨᠢ ᠣᠶᠢᠯᠠᠭᠠᠪᠠ᠃ | ᠠᠵᠤ ᠠᠬᠤᠶᠢᠯᠠᠯ ᠤᠨ ᠬᠠᠤᠯᠢ ᠶᠣᠰᠣᠨ ᠤ ᠡᠷᠬᠡ ᠠᠰᠢᠭ ᠢ ᠬᠠᠤᠯᠢ ᠶᠣᠰᠣᠭᠠᠷ ᠬᠠᠮᠠᠭᠠᠯᠠᠪᠠ᠃ 9 ᠰᠠᠷ᠎ᠠ ᠳᠤ᠂ ᠥᠪᠡᠷᠲᠡᠭᠡᠨ ᠵᠠᠰᠠᠬᠤ ᠣᠷᠣᠨ ᠤ ᠦᠢᠯᠡᠳᠪᠦᠷᠢ | ᠬᠤᠳᠠᠯᠳᠤᠭᠠᠨ ᠤ ᠬᠤᠯᠪᠤᠭ᠎ᠠ ᠵᠢᠴᠢ ᠬᠤᠳᠠ ᠶᠢᠨ ᠬᠠᠤᠯᠢ ᠴᠠᠭᠠᠵᠠ ᠶᠢᠨ ᠲᠣᠪᠴᠢᠶ᠎ᠠ ᠶᠢᠨ ᠵᠥᠪᠰᠢᠶᠡᠷᠡᠯ ᠢᠶᠠᠷ᠂ ᠬᠤᠳᠠ ᠶᠢᠨ ᠶᠡᠷᠦᠩᠬᠡᠢ ᠬᠤᠳᠠᠯᠳᠤᠭᠠᠨ ᠤ | ᠨᠡᠶᠢᠭᠡᠮᠯᠢᠭ ᠤᠨ ᠠᠷᠠᠳ ᠤᠨ ᠡᠶᠡᠳᠡᠭᠦᠯᠭᠡ ᠶᠢᠨ ᠵᠥᠪᠯᠡᠯ ᠢ ᠪᠠᠶᠢᠭᠤᠯᠵᠤ᠂ ᠬᠤᠳᠠ ᠶᠢᠨ ︽ᠹᠧᠩ ᠴᠢᠶᠤᠤ ᠶᠢᠨ ᠲᠤᠷᠰᠢᠯᠭ᠎ᠠ︾ ᠶᠢᠨ ᠦᠢᠯᠡᠳᠦᠯᠭᠡ ᠶᠢᠨ ᠰᠠᠭᠤᠷᠢᠨ | ᠭᠠᠵᠠᠷ ᠲᠤ ᠨᠤᠲᠤᠭᠰᠢᠭᠤᠯᠪᠠ᠃ ᠲᠦᠷᠦᠭᠦᠦ ᠪᠦᠯᠦᠭ 66 ᠡᠶᠡᠳᠡᠭᠦᠯᠦᠭᠴᠢ ᠶᠢ ᠤᠷᠢᠨ ᠲᠣᠮᠢᠯᠠᠬᠤ ᠶᠢᠨ ᠬᠠᠮᠲᠤ ᠡᠯ᠎ᠡ ᠵᠦᠢᠯ ᠤᠨ ᠳᠦᠷᠢᠮ ᠲᠣᠭᠲᠠᠭᠠᠯ ᠪᠠ | ᠠᠵᠢᠯᠯᠠᠭᠠᠨ ᠤ ᠲᠣᠭᠲᠠᠴᠠ ᠶᠢ ᠪᠠᠶᠢᠭᠤᠯᠪᠠ᠃ ᠬᠤᠳᠠ ᠶᠢᠨ ᠬᠠᠤᠯᠢ ᠴᠠᠭᠠᠵᠠ ᠶᠢᠨ ᠲᠣᠪᠴᠢᠶᠠᠨ ᠤ ᠲᠤᠰᠬᠠᠢ ᠲᠤᠰᠢᠶᠠᠯᠲᠤ ᠬᠠᠤᠯᠢᠴᠢ ᠵᠢᠴᠢ ᠬᠤᠳᠠ ᠶᠢᠨ | ᠠᠷᠠᠳ ᠤᠨ ᠳᠤᠮᠳᠠ ᠵᠡᠷᠭᠡ ᠶᠢᠨ ᠰᠢᠭᠦᠬᠦ ᠬᠤᠷᠢᠶᠠᠨ ᠤ ᠰᠢᠭᠦᠭᠴᠢ ᠶᠢ ᠤᠷᠢᠵᠤ ︽ᠡᠶᠡᠳᠡᠭᠦᠯᠬᠦ ᠲᠠᠪᠴᠠᠩ ᠤᠨ ᠲᠠᠪᠢᠨ ᠠᠵᠢᠯᠯᠠᠭ᠎ᠠ︾᠂ ︽ᠠᠷᠠᠳ ᠤᠨ | ᠡᠶᠡᠳᠡᠭᠦᠯᠭᠡ ᠶᠢᠨ ᠬᠡᠷᠡᠭ ᠢ ᠡᠶᠡᠳᠡᠭᠦᠯᠦᠨ ᠰᠢᠢᠳᠪᠦᠷᠢᠯᠡᠬᠦ ᠠᠷᠭ᠎ᠠ ᠮᠡᠷᠭᠡᠵᠢᠯ ᠵᠢᠴᠢ ᠠᠶᠤᠯ ᠲᠦᠭᠰᠢᠭᠦᠷᠢ ᠶᠢ ᠰᠡᠷᠭᠡᠶᠢᠯᠡᠬᠦ︾ ᠵᠡᠷᠭᠡ ᠲᠤᠰᠬᠠᠢ ᠰᠡᠳᠦᠪᠲᠦ ᠪᠣᠯᠪᠠᠰᠤᠷᠠᠯ | ᠥᠷᠨᠢᠭᠦᠯᠵᠦ᠂ ᠠᠵᠤ ᠠᠬᠤᠶᠢᠯᠠᠯ ᠳᠤ ᠨᠡᠩ ᠰᠠᠶᠢᠨ ᠦᠢᠯᠡᠴᠢᠯᠡᠪᠡ᠃ | ᠭᠤᠣᠯᠴᠢ ᠪᠠᠷ ᠥᠷᠢᠰᠦᠯᠳᠦᠬᠦ ᠵᠠᠬ᠎ᠠ ᠳᠡᠯᠭᠡᠭᠦᠷ ᠤᠨ ᠣᠷᠴᠢᠨ ᠨᠥᠬᠦᠴᠡᠯ ᠢ ᠡᠭᠦᠳᠪᠡ᠃ ᠭᠤᠣᠯᠴᠢ ᠪᠠᠷ ᠥᠷᠢᠰᠦᠯᠳᠦᠬᠦ ᠵᠠᠬ᠎ᠠ ᠳᠡᠯᠭᠡᠭᠦᠷ ᠤᠨ ᠣᠷᠴᠢᠨ | ᠨᠥᠬᠦᠴᠡᠯ ᠢ ᠢᠳᠡᠪᠬᠢᠲᠡᠢ ᠡᠭᠦᠳᠴᠦ᠂ ᠠᠵᠤ ᠠᠬᠤᠶᠢᠯᠠᠯ ᠳᠤ ᠨᠡᠩ ᠰᠠᠶᠢᠨ ᠰᠠᠶᠢᠬᠠᠨ ᠬᠥᠭᠵᠢᠯᠲᠡ ᠶᠢᠨ ᠨᠥᠬᠦᠴᠡᠯ ᠢ ᠡᠭᠦᠳᠪᠡ᠃ ᠨᠢᠭᠡ ᠳᠤ᠂ ︽ᠲᠦᠩᠯᠢᠶᠣᠣ | ᠬᠤᠳᠡ ᠶᠢᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢ | ᠴᠢᠩᠭᠠᠳᠬᠠᠬᠤ ᠲᠤᠬᠠᠢ ᠬᠡᠷᠡᠭᠵᠢᠭᠦᠯᠬᠦ ᠲᠥᠰᠥᠯ︾ ᠢ ᠨᠡᠶᠢᠲᠡᠯᠡᠪᠡ᠃ ᠬᠤᠳᠠ ᠶᠢᠨ ᠦᠢᠯᠡᠳᠪᠦᠷᠢ ᠬᠤᠳᠠᠯᠳᠤᠭᠠᠨ ᠤ ᠬᠤᠯᠪᠤᠭ᠎ᠠ ᠶᠢᠨ ᠲᠠᠪᠤᠳᠤᠭᠠᠷ ᠬᠤᠭᠤᠴᠠᠭᠠᠨ ᠤ | ᠬᠤᠶᠠᠳᠤᠭᠠᠷ ᠤᠳᠠᠭ᠎ᠠ ᠶᠢᠨ ᠭᠦᠢᠴᠡᠳᠬᠡᠬᠦ ᠵᠥᠪᠯᠡᠯ ᠤᠨ ᠬᠤᠷᠠᠯ ᠳᠡᠭᠡᠷ᠎ᠡ᠂ ︽ᠰᠢᠨ᠎ᠡ ᠴᠠᠭ ᠦᠶ᠎ᠡ ᠶᠢᠨ ᠠᠷᠠᠳ ᠠᠴᠠ ᠡᠵᠡᠩᠨᠡᠭᠰᠡᠨ ᠠᠵᠤ ᠠᠬᠤᠶᠢᠯᠠᠯ ᠤᠨ ᠦᠨᠡᠨᠴᠢ | ᠢᠲᠡᠭᠡᠮᠵᠢ ᠶᠢᠨ ᠪᠠᠶᠢᠭᠤᠯᠤᠯᠲᠠ ᠶᠢ ᠴᠢᠩᠭᠠᠳᠬᠠᠬᠤ ᠲᠤᠬᠠᠢ ᠰᠠᠨᠠᠭᠠᠴᠢᠯᠠᠭ᠎ᠠ ᠶᠢᠨ ᠪᠢᠴᠢᠭ︾ ᠢ ᠤᠬᠠᠭᠤᠯᠤᠨ ᠨᠡᠶᠢᠲᠡᠯᠡᠵᠦ᠂ 247 ᠭᠡᠰᠢᠭᠦᠨ ᠠᠵᠤ ᠠᠬᠤᠶᠢᠯᠠᠯ | ᠬᠠᠮᠲᠤ ᠪᠠᠷ ᠠᠵᠤ ᠠᠬᠤᠶᠢᠯᠠᠯ ᠤᠨ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ ᠠᠮᠠᠯᠠᠯᠲᠠ ᠶᠢᠨ ᠪᠢᠴᠢᠭ ᠲᠤ ᠭᠠᠷ ᠤᠨ ᠦᠰᠦᠭ ᠵᠢᠷᠤᠵᠤ᠂ ᠠᠵᠢᠯ ᠲᠦᠷᠦᠯ ᠤᠨ | ᠥᠪᠡᠷ ᠢ ᠪᠠᠨ ᠱᠠᠭᠠᠷᠳᠠᠬᠤ ᠪᠠᠶᠢᠭᠤᠯᠤᠯᠲᠠ ᠶᠢ ᠠᠬᠢᠭᠤᠯᠵᠤ᠂ ᠡᠷᠬᠡ ᠲᠡᠭᠰᠢ ᠪᠠᠷ ᠥᠷᠢᠰᠦᠯᠳᠦᠬᠦ ᠵᠠᠬ᠎ᠠ ᠳᠡᠯᠭᠡᠭᠦᠷ ᠤᠨ ᠣᠷᠴᠢᠨ ᠲᠣᠭᠤᠷᠢᠨ ᠢ ᠡᠭᠦᠳᠪᠡ᠃ | ᠬᠤᠶᠠᠷ ᠲᠤ᠂ ᠲᠦᠩᠯᠢᠶᠣᠣ ᠬᠤᠳᠠ ᠶᠢᠨ ᠶᠡᠷᠦᠩᠬᠡᠢ ᠬᠤᠳᠠᠯᠳᠤᠭᠠᠨ ᠤ ᠨᠡᠶᠢᠭᠡᠮᠯᠢᠭ ᠤᠨ ᠠᠷᠠᠳ ᠤᠨ ᠡᠶᠡᠳᠡᠭᠦᠯᠬᠦ ᠺᠣᠮᠢᠰ ᠢ ᠪᠠᠶᠢᠭᠤᠯᠵᠤ᠂ ᠵᠠᠷᠭᠤᠯᠳᠤᠭᠠᠨ ᠤ ᠡᠯ᠎ᠡ | ᠲᠠᠯ᠎ᠠ ᠶᠢᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠵᠤ᠂ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠵᠦ᠂ ᠭᠡᠰᠢᠭᠦᠳ ᠤᠨ ᠦᠨᠡᠨᠴᠢ | ᠢᠲᠡᠭᠡᠮᠵᠢᠲᠡᠢ ᠪᠠᠷ ᠬᠠᠤᠯᠢ ᠶᠢ ᠰᠠᠬᠢᠵᠤ ᠡᠵᠡᠩᠨᠡᠬᠦ ᠶᠢ ᠠᠬᠢᠭᠤᠯᠵᠤ᠂ ᠪᠦᠭᠦ ᠬᠤᠳᠠ ᠶᠢᠨ ᠠᠷᠠᠳ ᠠᠴᠠ ᠡᠵᠡᠩᠨᠡᠭᠰᠡᠨ ᠠᠵᠤ ᠠᠬᠤᠢ ᠶᠢᠨ ᠡᠷᠡᠭᠦᠯ ᠢᠶᠠᠷ ᠬᠥᠭᠵᠢᠬᠦ ᠳᠤ | ᠢᠳᠡᠪᠬᠢ ᠦᠢᠯᠡᠳᠦᠯ ᠦᠵᠡᠭᠦᠯᠪᠡ᠃ | ᠬᠤᠳᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ | ᠥᠪᠡᠷᠲᠡᠭᠡᠨ ᠵᠠᠰᠠᠬᠤ ᠣᠷᠣᠨ ᠬᠢᠭᠡᠳ ᠮᠠᠨ ᠤ ᠬᠤᠲᠠ ᠶᠢᠨ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠠᠵᠢᠯ ᠤᠨ ᠪᠠᠶᠢᠯᠳᠤᠬᠤ | ᠪᠣᠳᠣᠯᠭ᠎ᠠ ᠶᠢᠨ ᠪᠠᠶᠢᠷᠢᠯᠠᠭᠤᠯᠤᠯᠲᠠ ᠳᠣᠣᠷ᠎ᠠ᠂ ᠬᠤᠲᠠ ᠶᠢᠨ ᠲᠠᠷᠢᠶᠠᠯᠠᠩ ᠮᠠᠯ ᠠᠵᠤ ᠠᠬᠤᠢ ᠶᠢᠨ ᠲᠣᠪᠴᠢᠶ᠎ᠠ ᠪᠣᠳᠠᠲᠤ ᠠᠵᠢᠯᠯᠠᠭ᠎ᠠ ᠪᠠᠷ ᠢᠶᠠᠨ ᠵᠢᠯ ᠤᠨ ᠡᠬᠢᠨ ᠤ | ᠲᠥᠪ ᠴᠢᠩᠭ᠎ᠠ ᠠᠮᠠᠯᠠᠯᠲᠠ ᠪᠠᠨ ᠦᠢᠯᠡᠳᠦᠯᠭᠡᠵᠢᠭᠦᠯᠵᠦ᠂ ᠵᠠᠩᠭᠢᠯᠠᠭ᠎ᠠ ᠶᠢᠨ ᠭᠤᠭᠴᠤᠭ᠎ᠠ ᠳᠤ ᠠᠩᠬᠠᠷᠤᠯ ᠢᠶᠠᠨ ᠲᠥᠪᠯᠡᠷᠡᠭᠦᠯᠵᠦ᠂ ᠪᠦᠭᠦ ᠬᠤᠲᠠ ᠶᠢᠨ ᠠᠵᠤ | ᠠᠬᠤᠢ ᠶᠢᠨ ᠬᠥᠭᠵᠢᠯᠲᠡ ᠶᠢᠨ ᠶᠡᠭᠡ ᠲᠠᠯ᠎ᠠ ᠳᠤ ᠪᠦᠭᠦ ᠬᠦᠴᠦᠨ ᠢᠶᠠᠷ ᠦᠢᠯᠡᠴᠢᠯᠡᠪᠡ᠃ | ᠦᠨᠡᠨᠴᠢ ᠢᠲᠡᠭᠡᠮᠵᠢ ᠪᠠᠷ ᠦᠨᠳᠦᠰᠦ ᠪᠤᠯᠭᠠᠵᠤ᠂ ᠬᠠᠤᠯᠢ ᠪᠠᠷ ᠵᠠᠰᠠᠬᠤ ᠪᠠᠷ ᠬᠥᠲᠥᠯᠪᠦᠷᠢ ᠪᠣᠯᠭᠠᠪᠠ᠃ ᠦᠨᠡᠨᠴᠢ ᠢᠲᠡᠭᠡᠮᠵᠢ ᠶᠢᠨ ᠪᠠᠶᠢᠭᠤᠯᠤᠯᠲᠠ ᠶᠢᠨ | ᠢᠨᠵᠧᠨᠧᠷᠢᠩ ᠢ ᠪᠦᠭᠦ ᠲᠠᠯ᠎ᠠ ᠪᠠᠷ ᠠᠬᠢᠭᠤᠯᠵᠤ᠂ ᠬᠠᠤᠯᠢ ᠶᠣᠰᠣᠭᠠᠷ ᠵᠠᠰᠠᠭ ᠶᠠᠪᠤᠭᠤᠯᠬᠤ ᠶᠢ ᠴᠢᠩᠭᠠᠳᠬᠠᠵᠤ᠂ ᠡᠷᠬᠡ ᠬᠠᠷᠢᠭᠤᠴᠠᠯᠭ᠎ᠠ ᠶᠢᠨ ᠲᠣᠳᠣᠷᠬᠠᠢ | ᠬᠠᠭᠤᠳᠠᠰᠤ ᠶᠢᠨ ᠳᠦᠷᠢᠮ ᠢ ᠨᠠᠶᠢᠳᠠᠪᠤᠷᠢᠵᠢᠭᠤᠯᠵᠤ᠂ ᠬᠠᠤᠯᠢ ᠪᠠᠷ ᠲᠣᠭᠲᠠᠭᠠᠭᠰᠠᠨ ᠲᠤᠰᠢᠶᠠᠯ ᠬᠠᠷᠢᠭᠤᠴᠠᠯᠭ᠎ᠠ ᠶᠢ ᠵᠠᠪᠠᠯ ᠭᠦᠢᠴᠡᠳᠬᠡᠬᠦ᠂ ᠬᠠᠤᠯᠢ ᠠᠴᠠ ᠭᠠᠳᠠᠭᠤᠷ | ᠡᠷᠬᠡ ᠶᠢ ᠭᠦᠨᠳᠡᠭᠦ ᠶᠢ ᠴᠠᠭᠠᠵᠠᠯᠠᠬᠤ ᠶᠢ ᠪᠠᠲᠤᠯᠠᠪᠠ᠃ ᠬᠥᠳᠡᠯᠦᠩᠭᠦᠢ ᠪᠠᠷ ᠡᠮᠬᠢᠯᠡᠨ ᠳᠢᠭᠯᠡᠭᠦ ᠶᠢᠨ ᠬᠠᠮᠲᠤ ᠢᠯᠡ ᠪᠤᠯᠭᠠᠬᠰᠠᠨ ᠡᠷᠬᠡ ᠬᠠᠷᠢᠭᠤᠴᠠᠯᠭ᠎ᠠ ᠶᠢᠨ | ᠲᠣᠳᠣᠷᠬᠠᠢ ᠬᠠᠭᠤᠳᠠᠰᠤ ᠳᠤ 228 ᠵᠦᠢᠯ ᠤᠨ ᠵᠠᠰᠠᠭ ᠵᠠᠬᠢᠷᠭᠠᠨ ᠤ ᠡᠷᠬᠡ ᠶᠢᠨ ᠵᠦᠢᠯᠡᠰ ᠪᠠ 9 ᠵᠦᠢᠯ ᠤᠨ ᠣᠯᠠᠨ ᠨᠡᠶᠢᠲᠡ ᠶᠢᠨ ᠦᠢᠯᠡᠴᠢᠯᠡᠭᠡᠨ ᠤ ᠵᠦᠢᠯᠡᠰ ᠢ | ᠪᠦᠷᠬᠦᠭᠦᠯᠪᠡ᠃ ᠬᠠᠤᠯᠢ ᠬᠡᠷᠡᠭᠵᠢᠭᠦᠯᠬᠦ ᠪᠦᠭᠦ ᠠᠵᠢᠯᠲᠠᠨ ᠦᠨᠡᠮᠯᠡᠯ ᠢᠶᠠᠨ ᠪᠠᠷᠢᠨ ᠠᠵᠢᠯ ᠤᠨ ᠪᠠᠶᠢᠷᠢ ᠳᠤ ᠭᠠᠷᠴᠤ᠂ ᠪᠣᠯᠪᠠᠰᠤᠨ᠂ ᠲᠥᠪ ᠭᠤᠣᠯᠴᠢ ᠪᠠᠷ ᠬᠠᠤᠯᠢ | ᠬᠡᠷᠡᠭᠵᠢᠭᠦᠯᠬᠦ ᠶᠢ ᠪᠡᠶᠡᠯᠡᠭᠦᠯᠵᠦ᠂ ᠬᠠᠤᠯᠢ ᠬᠡᠷᠡᠭᠵᠢᠭᠦᠯᠬᠦ ᠠᠵᠢᠯ ᠤᠨ ᠬᠠᠤᠯᠢ ᠶᠣᠰᠣᠴᠢ ᠴᠢᠨᠠᠷ ᠪᠠ ᠵᠢᠷᠤᠮᠵᠢᠯᠳᠤ ᠴᠢᠨᠠᠷ ᠢ ᠪᠠᠲᠤᠯᠠᠪᠠ᠃ | ᠦᠢᠯᠡᠴᠢᠯᠡᠭᠡ ᠶᠢ ᠲᠠᠰ ᠳᠡᠪᠰᠢᠭᠦᠯᠵᠦ᠂ ᠦᠷ᠎ᠡ ᠪᠦᠲᠦᠮᠵᠢ ᠶᠢ ᠳᠡᠭᠡᠭᠰᠢᠯᠡᠭᠦᠯᠪᠡ᠃ ︽ᠢᠯᠡ ᠲᠣᠳᠣ᠂ ᠡᠷᠬᠡ ᠲᠡᠭᠰᠢ᠂ ᠲᠥᠪ ᠭᠤᠣᠯᠴᠢ ᠪᠠᠶᠢᠬᠤ︾ ᠶᠢ ᠢᠮᠠᠭᠲᠠ | ᠲᠡᠷᠢᠭᠦᠨ ᠪᠠᠶᠢᠷᠢᠨ ᠳᠤ ᠲᠠᠯᠪᠢᠵᠤ᠂ ᠪᠦᠭᠦ ᠲᠠᠯ᠎ᠠ ᠪᠠᠷ ︽ᠡᠭᠦᠷᠭᠡ ᠬᠠᠷᠢᠭᠤᠴᠠᠯᠭ᠎ᠠ ᠶᠢᠨ ᠠᠵᠢᠯ ᠤᠨ ᠶᠠᠪᠤᠴᠠ ᠶᠢ ᠰᠢᠯᠢᠳᠡᠭᠵᠢᠭᠦᠯᠵᠦ︾᠂ 43 ᠵᠠᠩᠭᠢᠯᠠᠭ᠎ᠠ ᠶᠢ | ᠠᠮᠵᠢᠯᠲᠠ ᠲᠠᠢ ᠳᠥᠭᠦᠮᠴᠢᠯᠡᠵᠦ᠂ 42 ᠵᠦᠢᠯ ᠤᠨ ᠴᠢᠬᠤᠯᠠ ᠨᠥᠬᠦᠴᠡᠯ ᠢ ᠴᠣᠮᠬᠠᠳᠬᠠᠵᠤ᠂ 224 ᠠᠵᠢᠯᠯᠠᠬᠤ ᠡᠳᠦᠷ ᠢ ᠪᠣᠭᠤᠨᠢᠰᠬᠠᠵᠤ᠂ ᠠᠵᠢᠯ ᠤᠨ ᠦᠷ᠎ᠡ | ᠪᠦᠲᠦᠮᠵᠢ ᠶᠢ ᠶᠡᠭᠡ ᠪᠠᠷ ᠳᠡᠭᠡᠭᠰᠢᠯᠡᠭᠦᠯᠪᠡ᠃ ︽ᠨᠢᠭᠡ ᠴᠣᠩᠬᠤᠪᠴᠢ ᠪᠠᠷ ᠭᠥᠯᠢᠶᠡᠨ ᠠᠪᠴᠤ ᠰᠢᠢᠳᠪᠦᠷᠢᠯᠡᠬᠦ᠂ ᠨᠢᠭᠡ ᠯᠡ ᠤᠳᠠᠭ᠎ᠠ ᠳᠤ ᠮᠡᠳᠡᠭᠳᠡᠬᠦ︾ ᠶᠢ ᠪᠠᠷᠢᠮᠲᠠᠯᠠᠵᠤ | ᠂ ᠬᠡᠵᠢᠶ᠎ᠡ ᠣᠴᠢᠪᠠᠯ ᠬᠡᠵᠢᠶ᠎ᠡ ᠭᠦᠢᠴᠡᠳᠬᠡᠬᠦ᠂ ᠥᠪᠡᠷ ᠤᠨ ᠦᠷᠲᠡᠭ ᠦᠭᠡᠢ ᠦᠢᠯᠡᠴᠢᠯᠡᠬᠦ ᠶᠢ ᠪᠡᠶᠡᠯᠡᠭᠦᠯᠵᠦ᠂ ︽ᠲᠤᠭ᠎ᠠ ᠪᠠᠷᠢᠮᠲᠠ ᠶᠢ ᠢᠯᠡᠭᠦᠬᠡᠨ ᠭᠦᠶᠦᠯᠭᠡᠵᠦ᠂ | ᠣᠯᠠᠨ ᠲᠦᠮᠡᠨ ᠢ ᠳᠤᠲᠠᠭᠤ ᠭᠦᠶᠦᠯᠭᠡᠬᠦ︾ ᠶᠢ ᠦᠨᠡᠨ ᠬᠦ ᠪᠡᠶᠡᠯᠡᠭᠦᠯᠪᠡ᠃ ᠲᠣᠪᠴᠢᠶ᠎ᠠ ᠶᠢᠨ ᠤᠳᠤᠷᠢᠳᠤᠯᠭ᠎ᠠ ᠡᠮᠦᠨ᠎ᠡ ᠹᠷᠣᠨᠲ ᠲᠤ ᠭᠦᠨᠵᠡᠭᠡᠶᠢᠷᠡᠨ᠂ ︽ᠵᠠᠰᠠᠭ ᠤᠨ | ᠶᠠᠪᠤᠳᠠᠯ ᠤᠨ ᠦᠢᠯᠡᠴᠢᠯᠡᠭᠡᠨ ᠤ ᠪᠡᠶᠡᠴᠢᠯᠡᠨ ᠣᠶᠢᠯᠠᠭᠠᠬᠤ ᠲᠤᠰᠢᠶᠠᠯᠲᠠᠨ︾ ᠢᠶᠠᠷ ᠲᠦᠩᠯᠢᠶᠣᠣ ᠬᠤᠲᠠ ᠶᠢᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠥᠪ ᠲᠤ | ᠬᠦᠷᠴᠦ᠂ ᠠᠵᠢᠯ ᠶᠠᠪᠤᠳᠠᠯ ᠭᠦᠢᠴᠡᠳᠬᠡᠬᠦ ᠣᠯᠠᠨ ᠲᠦᠮᠡᠨ ᠤ ᠪᠡᠶ᠎ᠡ ᠭᠡᠮ ᠢᠶᠠᠷ ᠲᠠᠷᠢᠶᠠᠯᠠᠩ ᠮᠠᠯ ᠠᠵᠤ ᠠᠬᠤᠢ ᠶᠢᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ | ᠦᠢᠯᠡᠴᠢᠯᠡᠭᠡᠨ ᠤ ᠶᠡᠷᠦᠩᠬᠡᠶᠢᠯᠡᠭᠰᠡᠨ ᠴᠣᠩᠬᠤᠪᠴᠢ ᠳᠤ ᠬᠦᠷᠴᠦ᠂ ᠠᠵᠢᠯ ᠶᠠᠪᠤᠳᠠᠯ ᠭᠦᠢᠴᠡᠳᠬᠡᠬᠦ ᠣᠯᠠᠨ ᠲᠦᠮᠡᠨ ᠵᠢᠴᠢ ᠠᠵᠤ ᠠᠬᠤᠶᠢᠯᠠᠯ ᠤᠨ ᠲᠠᠷᠢᠶᠠᠯᠠᠩ ᠮᠠᠯ | ᠠᠵᠤ ᠠᠬᠤᠢ ᠶᠢᠨ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠭᠤᠶᠤᠴᠢᠯᠠᠨ ᠮᠡᠳᠡᠭᠦᠯᠬᠦ ᠪᠦᠭᠦ ᠶᠠᠪᠤᠴᠠ ᠶᠢ ᠪᠦᠭᠦ ᠶᠠᠪᠤᠴᠠ ᠪᠠᠷ ᠣᠶᠢᠯᠠᠭᠠᠬᠤ ᠶᠢᠨ ᠬᠠᠮᠲᠤ | ᠠᠵᠢᠯᠲᠠᠨ ᠤ ᠪᠡᠶ᠎ᠡ ᠭᠡᠮ ᠢᠶᠠᠷ ᠦᠢᠯᠡᠴᠢᠯᠡᠭᠡᠨ ᠤ ᠬᠢᠨᠠᠨ ᠵᠥᠪᠰᠢᠶᠡᠷᠡᠬᠦ ᠵᠦᠢᠯᠡᠰ ᠤᠨ ᠪᠦᠭᠦ ᠶᠠᠪᠤᠴᠠ ᠶᠢ ᠭᠥᠯᠢᠶᠡᠨ ᠠᠪᠴᠤ ᠰᠢᠢᠳᠪᠦᠷᠢᠯᠡᠪᠡ᠃ ᠡᠯ᠎ᠡ ᠵᠦᠢᠯ ᠤᠨ | ᠶᠠᠪᠤᠴᠠ ᠶᠢ ᠶᠠᠪᠤᠭᠳᠠᠭᠤᠯᠤᠭᠰᠠᠨ ᠤ ᠳᠠᠷᠠᠭ᠎ᠠ᠂ ᠴᠣᠩᠬᠤᠪᠴᠢ ᠶᠢᠨ ᠠᠵᠢᠯᠲᠠᠳ ᠲᠠᠢ ᠲᠠᠷᠢᠶᠠᠯᠠᠩ ᠮᠠᠯ ᠠᠵᠤ ᠠᠬᠤᠢ ᠶᠢᠨ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ | ᠰᠢᠯᠢᠳᠡᠭᠵᠢᠭᠦᠯᠬᠦ ᠲᠥᠰᠥᠯ ᠢ ᠰᠤᠳᠤᠯᠤᠨ ᠶᠠᠷᠢᠯᠴᠠᠵᠤ᠂ ᠦᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠭᠦᠯᠪᠡ᠃ ᠤᠯᠠᠨ ᠲᠦᠮᠡᠨ ᠤ ᠰᠠᠨᠠᠯ ᠢ ᠥᠷᠭᠡᠨ ᠢᠶᠠᠷ | ᠬᠤᠷᠢᠶᠠᠵᠤ᠂ ᠦᠢᠯᠡᠴᠢᠯᠡᠭᠡᠨ ᠤ ᠰᠠᠶᠢᠵᠢᠷᠠᠭᠤᠯᠤᠯᠲᠠ ᠶᠢᠨ ᠴᠡᠭ ᠲᠤ ᠠᠩᠬᠠᠷᠤᠯ ᠢᠶᠠᠨ ᠲᠥᠪᠯᠡᠷᠡᠭᠦᠯᠵᠦ᠂ ᠭᠤᠭᠴᠤᠭ᠎ᠠ ᠨᠢᠭᠡᠪᠦᠷᠢ ᠶᠢ ᠨᠠᠷᠢᠯᠢᠭᠵᠢᠭᠤᠯᠬᠤ ᠶᠢ ᠪᠠᠲᠤᠯᠠᠪᠠ᠃ | | ᠬᠢᠨᠠᠯᠲᠠ ᠬᠠᠮᠢᠶᠠᠷᠤᠯᠲᠠ ᠪᠠᠨ ᠴᠢᠩᠭᠠᠳᠬᠠᠵᠤ᠂ ᠵᠠᠬ᠎ᠠ ᠳᠡᠯᠭᠡᠭᠦᠷ ᠢ ᠴᠡᠪᠡᠷᠰᠢᠭᠦᠯᠪᠡ᠃ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ ᠵᠠᠬ᠎ᠠ | ᠳᠡᠯᠭᠡᠭᠦᠷ ᠤᠨ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠶᠢᠨ ᠭᠦᠴᠦᠴᠡ ᠪᠠᠨ ᠦᠷᠭᠦᠯᠵᠢᠯᠡᠨ ᠶᠡᠬᠡᠰᠬᠡᠵᠦ᠂ ᠲᠠᠷᠢᠶᠠᠨ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ | ᠡᠮ᠂ ᠮᠠᠯ ᠤᠨ ᠡᠮ᠂ ᠲᠡᠵᠢᠭᠡᠯ ᠪᠣᠷᠳᠤᠭ᠎ᠠ ᠵᠡᠷᠭᠡ ᠭᠤᠣᠯᠳᠠᠯᠭ᠎ᠠ ᠲᠠᠢ ᠬᠦᠷᠢᠶᠡᠨ ᠳᠠᠬᠢ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠶᠢᠨ ᠠᠵᠢᠯ ᠢ ᠰᠠᠶᠢᠲᠤᠷ | ᠠᠳᠬᠤᠵᠤ᠂ ᠮᠡᠳᠡᠯᠭᠡ ᠶᠢᠨ ᠪᠦᠲᠦᠭᠡᠭᠳᠡᠬᠦᠨ ᠤ ᠥᠮᠴᠢᠯᠡᠬᠦ ᠡᠷᠬᠡ ᠳᠤ ᠬᠠᠯᠳᠠᠭᠰᠠᠨ ᠪᠠ ᠬᠠᠭᠤᠷᠮᠠᠭ ᠮᠠᠭᠤ ᠲᠠᠷᠢᠶᠠᠯᠠᠩ ᠤᠨ ᠦᠢᠯᠡᠳᠪᠦᠷᠢᠯᠡᠯ ᠤᠨ ᠬᠡᠷᠡᠭᠰᠡᠯ ᠤᠨ | ᠲᠠᠸᠠᠷ ᠢ ᠦᠢᠯᠡᠳᠴᠦ ᠪᠣᠷᠣᠯᠠᠭᠤᠯᠤᠭᠰᠠᠨ ᠬᠠᠤᠯᠢ ᠠᠴᠠ ᠵᠥᠷᠢᠴᠡᠭᠰᠡᠨ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠬᠡᠷᠡᠭ ᠤᠨ ᠢᠷᠡᠯᠲᠡ ᠶᠢᠨ ᠠᠷᠭ᠎ᠠ ᠵᠠᠮ ᠢ | ᠥᠷᠭᠡᠳᠬᠡᠵᠦ᠂ ᠬᠡᠷᠡᠭ ᠢ ᠪᠠᠶᠢᠴᠠᠭᠠᠨ ᠰᠢᠢᠳᠪᠦᠷᠢᠯᠡᠬᠦ ᠶᠢ ᠴᠢᠩᠭᠠᠳᠬᠠᠵᠤ᠂ ᠥᠷᠭᠡᠨ ᠤᠯᠠᠨ ᠠᠵᠤ ᠠᠬᠤᠶᠢᠯᠠᠯ ᠪᠠ ᠤᠯᠠᠨ ᠲᠦᠮᠡᠨ ᠤ ᠬᠠᠤᠯᠢ ᠶᠣᠰᠣᠨ ᠤ ᠡᠷᠬᠡ | ᠠᠰᠢᠭ ᠢ ᠬᠠᠮᠠᠭᠠᠯᠡᠪᠡ᠃ ᠤᠶᠠᠨᠴᠢ ᠪᠠᠷ ᠬᠠᠤᠯᠢ ᠬᠡᠷᠡᠭᠵᠢᠭᠦᠯᠬᠦ ᠵᠠᠷᠴᠢᠮ ᠢ ᠪᠠᠷᠢᠮᠲᠠᠯᠠᠵᠤ᠂ ᠪᠠᠭᠲᠠᠭᠠᠮᠵᠢᠲᠠᠢ ᠬᠢᠨᠠᠭᠤᠷ ᠪᠣᠯᠭᠤᠮᠵᠢᠲᠠᠢ ᠬᠢᠨᠠᠨ ᠬᠠᠮᠢᠶᠠᠷᠴᠤ ᠬᠠᠤᠯᠢ | ᠬᠡᠷᠡᠭᠵᠢᠭᠦᠯᠬᠦ ᠶᠢ ᠳᠡᠯᠭᠡᠷᠡᠭᠦᠯᠵᠦ᠂ ᠠᠩᠬ᠎ᠠ ᠤᠳᠠᠭ᠎ᠠ ᠬᠠᠤᠯᠢ ᠶᠢ ᠬᠥᠩᠭᠡᠪᠲᠦᠷ ᠵᠥᠷᠢᠴᠡᠭᠰᠡᠨ ᠦᠢᠯᠡ ᠠᠵᠢᠯᠯᠠᠭ᠎ᠠ ᠲᠠᠢ ᠡᠵᠡᠩᠨᠡᠯᠲᠡ ᠶᠢᠨ ᠡᠷᠦᠭᠡ ᠳᠤ ᠴᠢᠭᠯᠡᠭᠦᠯᠵᠦ᠂ | ᠬᠠᠤᠯᠢ ᠪᠠᠷ ᠲᠣᠭᠲᠠᠭᠠᠭᠰᠠᠨ ᠡᠷᠬᠡ ᠶᠢᠨ ᠬᠡᠪᠴᠢᠶᠡᠨ ᠳᠣᠲᠣᠷ᠎ᠠ ᠬᠠᠤᠯᠢ ᠶᠢ ᠵᠥᠷᠢᠴᠡᠭᠰᠡᠨ ᠪᠡᠶᠡᠴᠢ ᠴᠣᠭᠴᠠ ᠳᠤ ᠪᠤᠷᠤᠭᠤ ᠶᠢ ᠠᠭᠤᠴᠢᠯᠠᠨ ᠪᠠᠭᠲᠠᠭᠠᠬᠤ | ᠪᠤᠷᠤᠭᠤ ᠶᠢ ᠵᠠᠯᠠᠷᠠᠭᠤᠯᠬᠤ ᠣᠷᠣᠨ ᠵᠠᠢ ᠬᠠᠩᠭᠠᠵᠤ᠂ ᠲᠡᠳᠡᠨ ᠤ ᠬᠠᠤᠯᠢ ᠶᠢ ᠵᠥᠷᠢᠴᠡᠭᠰᠡᠨ ᠦᠢᠯᠡ ᠠᠵᠢᠯᠯᠠᠭ᠎ᠠ ᠶᠢ ᠤᠬᠠᠮᠰᠠᠷ ᠠᠴᠠ ᠪᠠᠨ ᠵᠠᠯᠠᠷᠠᠭᠤᠯᠬᠤ ᠶᠢ | ᠬᠥᠲᠥᠯᠥᠨ ᠵᠢᠯᠤᠭᠤᠳᠬᠤ ᠪᠠ ᠠᠬᠢᠭᠤᠯᠪᠠ᠃ ᠵᠢᠯ ᠤᠨ ᠡᠬᠢᠨ ᠠᠴᠠ ᠨᠠᠭᠠᠰᠢ᠂ ᠬᠠᠤᠯᠢ ᠬᠡᠷᠡᠭᠵᠢᠭᠦᠯᠬᠦ ᠠᠵᠢᠯᠲᠠᠨ ᠢ ᠨᠡᠶᠢᠲᠡ 13080 ᠬᠥᠮᠥᠨ ᠤᠳᠠᠭ᠎ᠠ | ᠬᠥᠳᠡᠯᠭᠡᠵᠦ᠂ 3270 ᠤᠳᠠᠭ᠎ᠠ ᠲᠣᠭᠤᠷᠢᠨ ᠪᠠᠶᠢᠴᠠᠭᠠᠵᠤ᠂ ᠡᠯ᠎ᠡ ᠲᠥᠷᠥᠯ ᠤᠨ ᠬᠠᠤᠯᠢ ᠠᠴᠠ ᠵᠥᠷᠢᠴᠡᠭᠰᠡᠨ ᠬᠡᠷᠡᠭ ᠢ 121 ᠪᠠᠶᠢᠴᠠᠭᠠᠨ ᠰᠢᠢᠳᠪᠦᠷᠢᠯᠡᠵᠦ᠂ | ᠲᠠᠷᠢᠶᠠᠨ ᠦᠷ᠎ᠡ᠂ ᠬᠢᠮᠢ ᠶᠢᠨ ᠪᠣᠷᠳᠣᠭᠤᠷ᠂ ᠲᠠᠷᠢᠶᠠᠨ ᠡᠮ᠂ ᠲᠡᠵᠢᠭᠡᠯ ᠪᠣᠷᠳᠤᠭ᠎ᠠ᠂ ᠮᠠᠯ ᠤᠨ ᠡᠮ᠂ ᠲᠠᠷᠢᠶᠠᠯᠠᠩ ᠤᠨ ᠮᠠᠰᠢᠨ᠂ ᠲᠣᠷᠭᠠᠵᠤ ᠬᠤᠷᠢᠶᠠᠭᠰᠠᠨ ᠵᠣᠭᠤᠰ ᠵᠡᠷᠭᠡ | ᠨᠡᠶᠢᠲᠡ 30 ᠭᠠᠷᠤᠢ ᠲᠦᠮᠡᠨ ᠲᠥᠭᠦᠷᠢᠭ ᠲᠠᠢ ᠬᠤᠯᠪᠣᠭᠳᠠᠵᠤ᠂ ᠲᠠᠷᠢᠶᠠᠯᠠᠩ ᠮᠠᠯ ᠠᠵᠤ ᠠᠬᠤᠢ ᠶᠢᠨ ᠪᠡᠯᠡ ᠣᠷᠣᠭᠤᠯᠤᠯᠲᠠ ᠪᠠ ᠲᠠᠷᠢᠶᠠᠯᠠᠩ ᠤᠨ ᠪᠦᠲᠦᠭᠡᠭᠳᠡᠬᠦᠨ | ᠮᠠᠯ ᠤᠨ ᠠᠰᠢᠭ ᠰᠢᠮ᠎ᠡ ᠶᠢᠨ ᠬᠠᠤᠯᠢ ᠬᠡᠷᠡᠭᠵᠢᠭᠦᠯᠦᠯᠲᠡ ᠶᠢᠨ ᠪᠠᠶᠢᠴᠠᠭᠠᠯᠲᠠ ᠵᠢᠴᠢ ᠬᠠᠤᠯᠢ ᠠᠴᠠ ᠵᠥᠷᠢᠴᠡᠭᠰᠡᠨ ᠬᠡᠷᠡᠭ ᠢ ᠰᠢᠢᠳᠪᠦᠷᠢᠯᠡᠬᠦ ᠠᠵᠢᠯ ᠢ ᠪᠦᠭᠦ | ᠬᠦᠴᠦᠨ ᠢᠶᠠᠷ ᠰᠠᠶᠢᠲᠤᠷ ᠬᠢᠵᠦ᠂ ᠴᠡᠭᠴᠡᠯᠡᠨ ᠵᠠᠰᠠᠬᠤ ᠰᠠᠶᠢᠨ ᠦᠷ᠎ᠡ ᠪᠦᠲᠦᠮᠵᠢ ᠣᠯᠵᠤ᠂ ᠥᠷᠭᠡᠨ ᠣᠯᠠᠨ ᠮᠠᠯᠴᠢᠨ ᠲᠠᠷᠢᠶᠠᠴᠢᠨ ᠤ ᠲᠣᠰ ᠪᠡᠶ᠎ᠡ ᠶᠢᠨ ᠠᠰᠢᠭ | ᠲᠤᠰᠠ ᠶᠢ ᠦᠨᠡᠨ ᠬᠦ ᠬᠠᠮᠠᠭᠠᠯᠠᠪᠠ᠃ | ᠬᠡᠪ ᠴᠢᠨᠠᠷ ᠢ ᠳᠡᠭᠡᠭᠰᠢᠯᠡᠭᠦᠯᠵᠦ᠂ ᠳᠦᠷᠢ ᠲᠥᠷᠬᠦ ᠶᠢ ᠪᠤᠢ ᠪᠣᠯᠭᠠᠪᠠ᠃ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠬᠦ᠂ ᠺᠠᠳ᠋ᠷ ᠤᠨ | ᠰᠤᠷᠲᠠᠯ ᠢ ᠰᠠᠶᠢᠵᠢᠷᠠᠭᠤᠯᠬᠤ ᠶᠢ ᠪᠠᠶᠢᠩᠭᠤᠵᠢᠭᠤᠯᠬᠤ ᠶᠢ ᠪᠠᠷᠢᠮᠲᠠᠯᠠᠵᠤ᠂ ᠠᠵᠢᠯ ᠤᠨ ᠰᠠᠬᠢᠯᠭ᠎ᠠ ᠪᠠᠲᠤ ᠶᠢ ᠴᠢᠩᠳᠠᠯᠠᠵᠤ᠂ ᠺᠠᠳ᠋ᠷᠴᠤᠳ ᠤᠨ ᠲᠣᠰ ᠪᠡᠶ᠎ᠡ ᠶᠢᠨ ᠬᠡᠪ | ᠴᠢᠨᠠᠷ ᠢ ᠦᠷᠭᠦᠯᠵᠢᠯᠡᠨ ᠳᠡᠭᠡᠭᠰᠢᠯᠡᠭᠦᠯᠵᠦ᠂ ᠦᠶᠯᠡ ᠠᠵᠢᠯᠯᠠᠭ᠎ᠠ ᠶᠢᠨ ᠵᠢᠷᠤᠮᠵᠢᠯ ᠢ ᠴᠢᠩᠭᠠᠳᠬᠠᠨ᠂ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ | ︽ᠳᠠᠷᠤᠶᠢᠬᠠᠨ ᠭᠦᠢᠴᠡᠳᠬᠡᠬᠦ︾ ᠱᠠᠭᠠᠷᠳᠠᠯᠭ᠎ᠠ ᠶᠢ ᠬᠢᠨᠠᠮᠠᠭᠠᠢ ᠨᠠᠶᠢᠳᠠᠪᠤᠷᠢᠵᠢᠭᠤᠯᠵᠤ᠂ ᠠᠵᠢᠯ ᠲᠥᠷᠥᠯ ᠤᠨ ᠰᠢᠨ᠎ᠡ ᠬᠡᠪ ᠰᠤᠷᠲᠠᠯ ᠢ ᠪᠤᠶ ᠪᠤᠯᠭᠠᠵᠤ᠂ ᠦᠢᠯᠡᠴᠢᠯᠡᠭᠡᠨ ᠤ | ᠭᠡᠯᠪᠡᠷᠢ ᠶᠢᠨ ᠪᠠᠶᠢᠭᠤᠯᠭ᠎ᠠ ᠶᠢ ᠪᠦᠭᠦ ᠬᠦᠴᠦᠨ ᠢᠶᠠᠷ ᠡᠭᠦᠳᠴᠦ᠂ ᠲᠠᠷᠢᠶᠠᠯᠠᠩ ᠮᠠᠯ ᠠᠵᠤ ᠠᠬᠤᠢ ᠶᠢᠨ ᠰᠠᠯᠠᠭ᠎ᠠ ᠮᠥᠴᠢᠷ ᠤᠨ ᠰᠠᠶᠢᠨ ᠰᠠᠶᠢᠬᠠᠨ ᠳᠦᠷᠢ ᠲᠥᠷᠬᠦ ᠶᠢ | ᠢᠯᠡᠷᠡᠭᠦᠯᠪᠡ᠃ | ᠦᠷᠭᠦᠯᠵᠢᠯᠡᠨ ᠬᠦᠴᠦᠯᠡᠵᠦ᠂ ᠲᠠᠰᠤᠷᠠᠯᠲᠠ ᠦᠭᠡᠢ ᠰᠢᠨ᠎ᠡ ᠶᠢ ᠡᠭᠦᠳᠪᠡ᠃ ᠪᠣᠳᠠᠲᠤ ᠠᠵᠢᠯᠯᠠᠭ᠎ᠠ ᠪᠠᠷ ᠢᠶᠠᠨ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ | ᠰᠢᠯᠢᠳᠡᠭᠵᠢᠭᠦᠯᠬᠦ ᠶᠢᠨ ᠠᠭᠤᠯᠤᠭᠳᠠᠬᠤᠨ ᠢ ᠭᠦᠨᠵᠡᠭᠡᠢ ᠲᠠᠶᠢᠯᠪᠤᠷᠢᠯᠠᠵᠤ᠂ ᠬᠠᠤᠯᠢᠵᠢᠯ ᠤᠨ ᠰᠠᠭᠤᠷᠢ ᠠᠴᠠ ᠦᠢᠯᠡᠴᠢᠯᠡᠭᠡᠨ ᠤ ᠰᠢᠰᠲ᠋ᠧᠮ ᠭᠦᠷᠲᠡᠯ᠎ᠡ᠂ ᠳᠠᠭᠢᠭᠠᠳ ᠵᠠᠬ᠎ᠠ | ᠳᠡᠯᠭᠡᠭᠦᠷ ᠤᠨ ᠬᠢᠨᠠᠯᠲᠠ ᠬᠠᠮᠢᠶᠠᠷᠤᠯᠲᠠ ᠪᠣᠯᠣᠨ ᠳᠣᠲᠣᠭᠠᠳᠤ ᠶᠢᠨ ᠵᠠᠰᠠᠯᠲᠠ ᠭᠦᠷᠲᠡᠯ᠎ᠡ᠂ ᠠᠯᠬᠤᠮ ᠪᠦᠷᠢ ᠳᠤ ᠪᠠᠲᠤ ᠪᠠᠬᠢ ᠤᠯᠠ ᠮᠥᠷ ᠢ ᠦᠯᠡᠳᠡᠭᠡᠵᠦ᠂ ᠥᠨᠳᠥᠷ | ᠠᠮᠵᠢᠯᠲᠠ ᠶᠢ ᠪᠢᠴᠢᠭᠯᠡᠬᠦ ᠪᠠᠷ ᠦᠷᠭᠦᠯᠵᠢᠯᠡᠨ ᠴᠢᠷᠮᠠᠶᠢᠪᠠ᠃ | ᠬᠤᠳᠠ ᠶᠢᠨ ᠵᠠᠮ ᠲᠡᠭᠡᠭᠡᠪᠦᠷᠢ ᠶᠢᠨ ᠲᠣᠪᠴᠢᠶ᠎ᠠ | ᠡᠨᠡ ᠵᠢᠯ᠂ ᠬᠤᠲᠠ ᠶᠢᠨ ᠵᠠᠮ ᠲᠡᠭᠡᠭᠡᠪᠦᠷᠢ ᠶᠢᠨ ᠲᠣᠪᠴᠢᠶ᠎ᠠ ᠬᠤᠲᠠ ᠶᠢᠨ ᠨᠠᠮ ᠤᠨ ᠬᠤᠷᠢᠶ᠎ᠠ᠂ ᠬᠤᠲᠠ ᠶᠢᠨ ᠵᠠᠰᠠᠭ ᠤᠨ ᠣᠷᠳᠣᠨ ᠤ ᠠᠵᠢᠯ ᠤᠨ | ᠪᠠᠶᠢᠷᠢᠯᠠᠭᠤᠯᠤᠯᠲᠠ ᠶᠢ ᠳᠠᠭᠠᠵᠤ᠂ ᠨᠠᠶᠢᠳᠠᠪᠤᠷᠢᠵᠢᠭᠤᠯᠤᠯᠲᠠ ᠶᠢ ᠴᠢᠩᠭ᠎ᠠ ᠠᠳᠬᠤᠨ᠂ ᠪᠣᠳᠠᠲᠤ ᠠᠵᠢᠯᠯᠠᠭ᠎ᠠ ᠪᠠᠷ ᠢᠶᠠᠨ ᠠᠮᠠᠯᠠᠯᠲᠠ ᠪᠠᠨ ᠦᠢᠯᠡᠳᠦᠯᠭᠡᠵᠢᠭᠦᠯᠵᠦ᠂ ᠠᠷᠠᠳ | ᠲᠦᠮᠡᠨ ᠤ ᠰᠡᠳᠬᠢᠯ ᠬᠠᠨᠤᠮᠵᠢᠲᠠᠶ ᠵᠠᠮ ᠬᠠᠷᠢᠯᠴᠠᠭ᠎ᠠ ᠶᠢ ᠬᠦᠴᠦᠯᠡᠨ ᠪᠦᠲᠦᠭᠡᠨ ᠪᠠᠶᠢᠭᠤᠯᠪᠠ᠃ | ᠵᠠᠮ ᠬᠠᠷᠢᠯᠴᠠᠭᠠᠨ ᠤ ᠰᠠᠭᠤᠷᠢ ᠲᠥᠬᠦᠭᠡᠷᠦᠮᠵᠢ ᠲᠠᠰᠤᠷᠠᠯᠲᠠ ᠦᠭᠡᠢ ᠲᠡᠭᠦᠯᠳᠡᠷᠵᠢᠪᠡ᠃ ᠵᠠᠮ ᠬᠠᠷᠢᠯᠴᠠᠭᠠᠨ ᠤ ᠰᠠᠭᠤᠷᠢ ᠲᠥᠬᠦᠭᠡᠷᠦᠮᠵᠢ ᠶᠢᠨ ᠪᠡᠯᠡ | ᠣᠷᠣᠭᠤᠯᠤᠯᠲᠠ ᠶᠢ 21.5 ᠳ᠋ᠦᠩᠰᠢᠭᠤᠷ ᠲᠥᠭᠦᠷᠢᠭ ᠪᠡᠶᠡᠯᠡᠭᠦᠯᠵᠦ᠂ ᠣᠨ ᠤ ᠬᠠᠷᠠᠯᠲᠠ ᠪᠠᠨ ᠳᠠᠪᠠᠭᠤᠯᠤᠨ ᠪᠡᠶᠡᠯᠡᠭᠦᠯᠪᠡ᠃ ᠳ᠋ᠠᠴᠢᠩ ᠠᠴᠠ ᠭᠤᠸᠠᠩᠵᠧᠦ ᠬᠦᠷᠬᠦ | ᠥᠨᠳᠥᠷ ᠬᠤᠷᠳᠤᠴᠠᠲᠤ ᠵᠠᠰᠠᠮᠠᠯ ᠵᠠᠮ ᠬᠢᠭᠡᠳ ᠲᠦᠷᠭᠡᠨ ᠤ ᠲᠡᠮᠦᠷ ᠵᠠᠮ ᠤᠨ ᠥᠷᠲᠡᠭᠡ ᠶᠢᠨ ᠲᠦᠷᠭᠡᠨ ᠤ ᠵᠠᠮ ᠢ ᠬᠠᠷᠢᠯᠴᠠᠨ ᠨᠡᠪᠲᠡᠷᠡᠭᠦᠯᠬᠦ ᠢᠨᠵᠧᠨᠧᠷᠢᠩ᠂ | ᠤᠯᠤᠰ ᠤᠨ ᠵᠠᠰᠠᠮᠠᠯ ᠵᠠᠮ ᠤᠨ 304 ᠱᠤᠭᠤᠮ ᠤᠨ ᠬᠤᠩ ᠱᠢ ᠠᠴᠠ ᠬᠥᠨᠳᠡᠢ ᠬᠦᠷᠬᠦ ᠨᠢᠭᠡᠳᠦᠭᠡᠷ ᠳᠡᠰ ᠤᠨ ᠵᠠᠰᠠᠮᠠᠯ ᠵᠠᠮ᠂ G5511 ᠴᠠᠪᠢᠨᠲᠠᠯ᠎ᠠ ᠠᠴᠠ | ᠰᠤᠭᠤᠨᠲᠤ ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ ᠤᠨ ᠥᠭᠡᠷᠡᠴᠢᠯᠡᠨ ᠪᠠᠶᠢᠭᠤᠯᠬᠤ ᠬᠡᠰᠡᠭ ᠤᠨ ᠭᠤᠣᠯ ᠴᠣᠭᠴᠠ ᠶᠢᠨ ᠬᠡᠰᠡᠭ ᠢ ᠪᠦᠲᠦᠭᠡᠨ ᠪᠠᠶᠢᠭᠤᠯᠪᠠ᠃ | ᠬᠥᠳᠡᠭᠡ ᠲᠣᠰᠬᠤᠨ ᠤ ᠵᠠᠰᠠᠮᠠᠯ ᠵᠠᠮ ᠢ 200 ᠺᠢᠯᠣᠮᠧᠲᠷ᠂ ᠵᠢᠭᠤᠯᠴᠢᠯᠠᠯ ᠤᠨ ᠵᠠᠮ ᠱᠤᠭᠤᠮ ᠢ ᠰᠢᠨ᠎ᠡ ᠪᠠᠷ 95 ᠺᠢᠯᠣᠮᠧᠲᠷ ᠵᠠᠰᠠᠪᠠ᠃ ᠵᠢᠨᠢᠩ ᠠᠴᠠ ᠲᠦᠩᠯᠢᠶᠣᠣ | ᠬᠦᠷᠬᠦ ᠲᠡᠮᠦᠷ ᠵᠠᠮ ᠤᠨ ᠲᠦᠩᠯᠢᠶᠣᠣ ᠶᠢᠨ ᠬᠡᠰᠡᠭ ᠤᠨ ᠴᠠᠬᠢᠯᠭᠠᠨᠵᠢᠭᠤᠯᠤᠯᠲᠠ ᠶᠢᠨ ᠥᠭᠡᠷᠡᠴᠢᠯᠡᠯᠲᠡ ᠶᠢ ᠪᠡᠶᠡᠯᠡᠭᠦᠯᠵᠦ᠂ ᠨᠠᠢᠮᠠᠨ ᠤ ᠨᠡᠶᠢᠳᠡᠮ ᠬᠡᠷᠡᠭᠯᠡᠭᠡᠨ ᠤ | ᠨᠢᠰᠬᠡᠯ ᠤᠨ ᠪᠠᠭᠤᠳᠠᠯ ᠠᠶᠠᠯᠠᠯ ᠨᠡᠪᠲᠡᠷᠡᠬᠦ ᠨᠥᠬᠦᠴᠡᠯ ᠢ ᠪᠦᠷᠢᠳᠦᠭᠦᠯᠵᠦ᠂ ᠬᠦᠷᠢᠶ᠎ᠡ ᠶᠢᠨ ᠨᠡᠶᠢᠳᠡᠮ ᠬᠡᠷᠡᠭᠯᠡᠭᠡᠨ ᠤ ᠨᠢᠰᠬᠡᠯ ᠤᠨ ᠪᠠᠭᠤᠳᠠᠯ ᠤᠨ ᠭᠤᠣᠯ ᠴᠣᠭᠴᠠ ᠶᠢ | ᠰᠢᠯᠭᠠᠨ ᠠᠪᠤᠪᠠ᠃ G2515 ᠯᠦᠪᠧᠢ ᠠᠴᠠ ᠬᠤᠤᠯᠢᠩᠭᠤᠣᠯ ᠬᠦᠷᠬᠦ ᠥᠨᠳᠥᠷ ᠬᠤᠷᠳᠤᠴᠠᠲᠤ ᠵᠠᠰᠠᠮᠠᠯ ᠵᠠᠮ᠂ ᠮᠤᠵᠢ ᠶᠢᠨ ᠵᠠᠮ ᠤᠨ 503 ᠱᠤᠭᠤᠮ ᠤᠨ | ᠪᠠᠶᠠᠨᠲᠤᠬᠤᠢ ᠠᠴᠠ ᠳᠠᠴᠢᠨᠲᠠᠯ᠎ᠠ ᠬᠦᠷᠬᠦ ᠵᠡᠷᠭᠡ ᠲᠥᠷᠥᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠡᠭᠢᠯᠡᠭᠦᠪᠡ᠃ | ᠠᠵᠢᠯ ᠲᠥᠷᠥᠯ ᠤᠨ ᠵᠠᠰᠠᠯᠲᠠ ᠶᠢᠨ ᠴᠢᠳᠠᠪᠤᠷᠢ ᠶᠢ ᠲᠠᠰᠤᠷᠠᠯᠲᠠ ᠦᠭᠡᠢ ᠳᠡᠭᠡᠭᠰᠢᠯᠡᠭᠦᠯᠪᠡ᠃ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠦᠯᠲᠡ ᠶᠢᠨ ᠶᠠᠰᠤ | ᠴᠢᠨᠠᠷ ᠢ ᠳᠡᠭᠡᠭᠰᠢᠯᠡᠭᠦᠯᠭᠦ ᠭᠤᠷᠪᠠᠨ ᠵᠢᠯ ᠤᠨ ᠠᠵᠢᠯᠯᠠᠭ᠎ᠠ ᠶᠢ ᠬᠡᠷᠡᠭᠵᠢᠭᠦᠯᠵᠦ᠂ 13 ᠭᠤᠣᠯᠳᠠᠯᠭ᠎ᠠ ᠲᠠᠢ ᠪᠠᠷᠠᠭᠠᠨ ᠤ ᠲᠡᠭᠡᠭᠡᠪᠦᠷᠢ ᠶᠢᠨ ᠠᠵᠤ ᠠᠬᠤᠶᠢᠯᠠᠯ ᠢ ᠡᠬᠢ | ᠦᠨᠳᠦᠰᠦᠨ ᠠᠴᠠ ᠨᠢ ᠵᠠᠰᠠᠵᠤ᠂ ︽ᠭᠤᠷᠪᠠᠨ ᠮᠤᠵᠢ ᠨᠢᠭᠡ ᠣᠷᠣᠨ︾ ᠤ ᠣᠷᠣᠨ ᠪᠦᠰᠡ ᠠᠯᠤᠰᠯᠠᠨ ᠬᠠᠮᠲᠤᠷᠠᠨ ᠬᠠᠤᠯᠢ ᠬᠡᠷᠡᠭᠵᠢᠭᠦᠯᠬᠦ ᠶᠢ ᠬᠡᠷᠡᠭᠵᠢᠭᠦᠯᠪᠡ᠃ | ᠠᠶᠤᠯᠭᠦᠢ ᠦᠢᠯᠡᠳᠪᠦᠷᠢᠯᠡᠯ ᠤᠨ ᠦᠨᠳᠦᠰᠦ ᠠᠴᠠ ᠨᠢ ᠵᠠᠰᠠᠬᠤ ᠪᠣᠭᠤᠮᠲᠠ ᠰᠢᠪᠲᠤᠯᠬᠤ ᠭᠤᠷᠪᠠᠨ ᠵᠢᠯ ᠤᠨ ᠠᠵᠢᠯᠯᠠᠭ᠎ᠠ ᠶᠢ ᠥᠷᠨᠢᠭᠦᠯᠵᠦ᠂ ᠤᠯᠤᠰ ᠪᠠ ᠮᠤᠵᠢ ᠶᠢᠨ | ᠭᠤᠣᠯ ᠱᠤᠭᠤᠮ ᠤᠨ ᠬᠥᠭᠦᠷᠭᠡ ᠶᠢ 26 ᠰᠡᠯᠪᠢᠨ ᠵᠠᠰᠠᠵᠤ᠂ ᠬᠥᠳᠡᠭᠡ ᠲᠣᠰᠬᠤᠨ ᠤ ᠵᠠᠰᠠᠮᠠᠯ ᠵᠠᠮ ᠤᠨ ᠠᠮᠢ ᠨᠠᠰᠤᠨ ᠤ ᠠᠮᠤᠷ ᠲᠦᠪᠰᠢᠨ ᠤ ᠬᠠᠮᠠᠭᠠᠯᠠᠯᠲᠠ ᠶᠢᠨ | ᠢᠨᠵᠧᠨᠧᠷᠢᠩ ᠢ 94 ᠺᠢᠯᠣᠮᠧᠲᠷ᠂ ᠠᠶᠤᠯ ᠲᠠᠢ ᠬᠥᠭᠦᠷᠭᠡ ᠶᠢᠨ ᠥᠭᠡᠷᠡᠴᠢᠯᠡᠯᠲᠡ ᠶᠢ 4 ᠬᠡᠷᠡᠭᠵᠢᠭᠦᠯᠪᠡ᠃ ᠲᠣᠭᠠᠴᠢᠯᠠᠭᠰᠠᠨ ᠥᠭᠡᠷᠡᠴᠢᠯᠡᠯᠲᠡ ᠶᠢ ᠲᠦᠷᠭᠡᠪᠴᠢᠯᠡᠨ | ᠲᠡᠰ ᠳᠡᠪᠰᠢᠭᠦᠯᠵᠦ᠂ ᠲᠤᠬᠠᠢ ᠶᠢᠨ ᠲᠠᠯᠠᠪᠤᠷ ᠤᠨ ᠪᠤᠰᠤ ᠬᠠᠤᠯᠢ ᠬᠡᠷᠡᠭᠵᠢᠭᠦᠯᠦᠯᠲᠡ ᠶᠢᠨ ᠭᠠᠵᠠᠷ ᠢ ᠰᠢᠨ᠎ᠡ ᠪᠠᠷ 3 ᠪᠠᠶᠢᠭᠤᠯᠵᠤ᠂ ᠬᠥᠳᠡᠭᠡ ᠲᠣᠰᠬᠤᠨ ᠤ | ᠠᠶᠠᠨᠴᠢᠳ ᠤᠨ ᠲᠡᠭᠡᠭᠡᠪᠦᠷᠢ ᠶᠢᠨ ᠮᠡᠳᠡᠭᠡ ᠵᠠᠩᠭᠢ ᠶᠢᠨ ᠦᠢᠯᠡᠴᠢᠯᠡᠭᠡᠨ ᠤ ᠲᠠᠪᠴᠠᠩ ᠢ ᠪᠠᠶᠢᠭᠤᠯᠵᠤ᠂ ᠭᠤᠣᠯ ᠬᠤᠳᠠ ᠶᠢᠨ ᠲᠣᠭᠤᠷᠢᠭ ᠲᠤ ︽ᠵᠢᠰᠦ ᠪᠠᠨ ᠰᠢᠷᠪᠢᠨ︾ | ᠨᠡᠶᠢᠲᠡ ᠶᠢᠨ ᠮᠠᠰᠢᠨ ᠲᠡᠷᠭᠡᠨ ᠳᠤ ᠰᠠᠭᠤᠬᠤ ᠲᠤᠷᠰᠢᠯᠲᠠ ᠬᠢᠵᠦ᠂ ᠴᠠᠭᠢᠯᠭᠠᠨ ᠴᠡᠨᠡᠭᠯᠡᠬᠦ ᠰᠠᠭᠤᠷᠢ ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ ᠶᠢ 838 | ᠪᠡᠶᠡᠯᠡᠭᠦᠯᠵᠦ᠂ ᠵᠢᠭᠤᠯᠴᠢᠯᠠᠯ ᠤᠨ 102 ᠲᠦᠷᠢᠶᠡᠰᠦᠨ ᠮᠠᠰᠢᠨ ᠲᠡᠷᠭᠡ ᠶᠢ ᠰᠢᠨ᠎ᠡ ᠡᠨᠧᠷᠭᠢ ᠶᠢᠨ ᠰᠤᠷᠪᠤᠯᠵᠢ ᠶᠢᠨ ᠮᠠᠰᠢᠨ ᠢᠶᠠᠷ ᠰᠢᠨᠡᠳᠬᠡᠪᠡ᠃ | ᠵᠠᠮ ᠲᠣᠭᠤᠷᠢᠭ ᠤᠨ ᠣᠷᠴᠢᠨ ᠲᠣᠭᠤᠷᠢᠨ ᠤ ᠴᠡᠭᠴᠡᠯᠡᠨ ᠵᠠᠰᠠᠯᠲᠠ ᠶᠢ ᠲᠠᠰᠤᠷᠠᠯᠲᠠ ᠦᠭᠡᠢ ᠪᠠᠬᠢᠵᠢᠭᠦᠯᠪᠡ᠃ ᠤᠯᠤᠰ ᠪᠠ ᠮᠤᠵᠢ ᠶᠢᠨ ᠭᠤᠣᠯ ᠱᠤᠭᠤᠮ ᠤᠨ | ᠠᠷᠠᠴᠢᠯᠠᠨ ᠬᠠᠮᠠᠭᠠᠯᠠᠬᠤ ᠢᠨᠵᠧᠨᠧᠷᠢᠩ ᠢ 210 ᠺᠢᠯᠣᠮᠧᠲᠷ᠂ ᠬᠥᠳᠡᠭᠡ ᠲᠣᠰᠬᠤᠨ ᠤ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠢᠨᠵᠧᠨᠧᠷᠢᠩ ᠢ 614 | ᠺᠢᠯᠣᠮᠧᠲᠷ ᠬᠡᠷᠡᠭᠵᠢᠭᠦᠯᠪᠡ᠃ ᠤᠯᠤᠰ ᠪᠠ ᠮᠤᠵᠢ ᠶᠢᠨ ᠭᠤᠣᠯ ᠱᠤᠭᠤᠮ ᠤᠨ ᠵᠠᠰᠠᠮᠠᠯ ᠵᠠᠮ ᠤᠨ ᠡᠳᠦᠷ ᠲᠤᠳᠤᠮ ᠤᠨ ᠠᠷᠠᠴᠢᠯᠠᠭ᠎ᠠ ᠶᠢ 13 ᠤᠳᠠᠭ᠎ᠠ ᠥᠷᠨᠢᠭᠦᠯᠵᠦ᠂ | ᠵᠠᠮ ᠤᠨ ᠤᠷᠳᠤ ᠨᠢ 2007 ᠺᠢᠯᠣᠮᠧᠲᠷ ᠲᠤ ᠬᠦᠷᠴᠦ᠂ ᠵᠠᠰᠠᠮᠠᠯ ᠵᠠᠮ ᠤᠨ ᠰᠢᠯᠢᠳᠡᠭ ᠰᠠᠶᠢᠨ ᠵᠠᠮ ᠤᠨ ᠨᠤᠷᠮ᠎ᠠ 87.8% ᠳᠤ ᠭᠦᠷᠪᠡ᠃ ᠤᠯᠤᠰ ᠤᠨ ᠵᠠᠮ ᠤᠨ | 303 ᠱᠤᠭᠤᠮ᠂ ᠮᠤᠵᠢ ᠶᠢᠨ ᠵᠠᠮ ᠤᠨ 310 ᠱᠤᠭᠤᠮ ᠤᠨ ᠣᠷᠣᠨ ᠪᠦᠰᠡ ᠶᠢᠨ ᠣᠷᠴᠢᠨ ᠠᠬᠤᠢ ᠶᠢ ᠴᠡᠭᠴᠡᠯᠡᠨ ᠵᠠᠰᠠᠬᠤ ᠪᠠ ᠠᠮᠤᠷ ᠲᠦᠪᠰᠢᠨ ᠢ | ᠳᠡᠭᠡᠭᠰᠢᠯᠡᠭᠦᠯᠭᠦ ᠢᠨᠵᠧᠨᠧᠷᠢᠩ ᠤᠨ ᠵᠢᠱᠢᠶ᠎ᠡ ᠦᠵᠡᠭᠦᠯᠭᠦ ᠱᠤᠭᠤᠮ ᠢ ᠡᠭᠦᠳᠪᠡ᠃ ᠤᠯᠤᠰ ᠪᠠ ᠮᠤᠵᠢ ᠶᠢᠨ ᠭᠤᠣᠯ ᠱᠤᠭᠤᠮ ᠤᠨ ᠲᠡᠷᠭᠡᠨ ᠵᠣᠭᠰᠣᠭᠠᠯ ᠤᠨ | ᠲᠣᠭᠤᠷᠢᠭ ᠲᠠᠬᠢ 2 ︽ᠵᠢᠯᠣᠭᠤᠴᠢ ᠶᠢᠨ ᠭᠡᠷ︾ ᠢ ᠰᠢᠨᠡᠳᠬᠡᠵᠦ᠂ ᠨᠢᠭᠡᠳᠦᠭᠡᠷ ᠳᠡᠰ ᠤᠨ ᠵᠠᠰᠠᠮᠠᠯ ᠵᠠᠮ ᠤᠨ ᠰᠦᠢᠳᠬᠡᠯ ᠬᠤᠷᠢᠶᠠᠬᠤ ᠭᠠᠵᠠᠷ ᠲᠤ ᠵᠢᠱᠢᠶ᠎ᠡ | ᠦᠵᠡᠭᠦᠯᠭᠦ ᠴᠣᠩᠬᠤᠪᠴᠢ ᠶᠢ 3 ᠡᠭᠦᠳᠴᠦ᠂ ᠰᠦᠢᠳᠬᠡᠯ ᠬᠤᠷᠢᠶᠠᠬᠤ ᠦᠢᠯᠡᠴᠢᠯᠡᠭᠡᠨ ᠤ ᠶᠠᠰᠤ ᠴᠢᠨᠠᠷ ᠢ ᠦᠷᠭᠦᠯᠵᠢᠯᠡᠨ ᠳᠡᠭᠡᠭᠰᠢᠯᠡᠭᠦᠯᠪᠡ᠃ | ᠲᠡᠭᠡᠭᠡᠪᠦᠷᠢ ᠶᠢᠨ ᠦᠢᠯᠡᠴᠢᠯᠡᠭᠡᠨ ᠤ ᠪᠠᠲᠤᠯᠠᠭ᠎ᠠ ᠶᠢ ᠲᠠᠰᠤᠷᠠᠯᠳᠡ ᠦᠭᠡᠢ ᠴᠢᠩᠭᠠᠷᠠᠭᠤᠯᠪᠠ᠃ ᠵᠠᠷᠤᠳ ᠬᠤᠰᠢᠭᠤᠨ ᠤ ᠵᠠᠬᠠᠨᠠᠭᠤᠷ ᠨᠡᠭᠦᠷᠡᠰᠦᠨ ᠠᠭᠤᠷᠬᠠᠢ ᠶᠢᠨ | ᠲᠡᠮᠦᠷ ᠵᠠᠮ ᠤᠨ ᠲᠤᠰᠬᠠᠢ ᠱᠤᠭᠤᠮ᠂ ᠨᠠᠢᠮᠠᠨ ᠬᠤᠰᠢᠭᠤᠨ ᠤ ᠵᠢᠩ ᠠᠨ ᠲᠡᠮᠦᠷ ᠵᠠᠮ ᠤᠨ ᠲᠤᠰᠬᠠᠢ ᠱᠤᠭᠤᠮ ᠢ ᠪᠠᠶᠢᠭᠤᠯᠤᠨ ᠳᠠᠭᠤᠰᠬᠠᠵᠤ᠂ ︽ᠠᠶᠠᠨᠴᠢᠨ ᠪᠠᠷᠠᠭ᠎ᠠ | ᠰᠢᠤᠳᠠᠨ︾ ᠢ ᠠᠭᠤᠰᠤᠯᠴᠠᠭᠤᠯᠤᠨ ᠬᠥᠭᠵᠢᠭᠦᠯᠬᠦ ᠲᠤᠷᠰᠢᠯᠲᠠ ᠶᠢᠨ ᠱᠤᠭᠤᠮ ᠢ 3 ᠵᠤᠷᠪᠤᠰ ᠨᠡᠪᠲᠡᠷᠡᠭᠦᠯᠪᠡ᠃ ᠲᠦᠩᠯᠢᠶᠣᠣ ᠬᠤᠲᠠ ᠶᠢᠨ ᠠᠩᠬᠠᠳᠠᠭᠴᠢ ᠵᠠᠮ | ᠲᠡᠭᠡᠭᠡᠪᠦᠷᠢ ᠶᠢᠨ ᠦᠢᠯᠡᠴᠢᠯᠡᠭᠡᠨ ᠤ ᠶᠠᠰᠤ ᠴᠢᠨᠠᠷ ᠤᠨ ᠵᠠᠭᠠᠯᠳᠤᠯᠭ᠎ᠠ ᠶᠢ ᠡᠶᠡᠳᠡᠭᠦᠯᠬᠦ ᠲᠠᠰᠤᠭ ᠢ ᠪᠠᠶᠢᠭᠤᠯᠵᠤ᠂ ᠥᠨᠳᠥᠷ ᠳᠠᠪᠲᠠᠮᠵᠢᠲᠤ ᠬᠡᠷᠡᠭ ᠶᠠᠪᠤᠳᠠᠯ ᠢ 29033 | ᠰᠢᠢᠳᠪᠦᠷᠢᠯᠡᠵᠦ᠂ ᠡᠯᠧᠺᠲᠷᠣᠨ ᠦᠨᠡᠮᠯᠡᠯ ᠢ 69700 ᠵᠣᠬᠢᠶᠠᠵᠤ᠂ 2023 ᠣᠨ ᠤ ᠥᠪᠡᠷᠲᠡᠭᠡᠨ ᠵᠠᠰᠠᠬᠤ ᠣᠷᠣᠨ ᠤ ᠬᠤᠲᠠ ᠬᠥᠳᠡᠭᠡ ᠶᠢᠨ ᠵᠠᠮ | ᠲᠡᠭᠡᠭᠡᠪᠦᠷᠢ ᠶᠢᠨ ᠨᠢᠭᠡ ᠴᠣᠭᠴᠠᠵᠢᠭᠰᠠᠨ 5A ᠲᠠᠰ ᠤᠨ ᠶᠡᠷᠦᠩᠬᠡᠶᠢᠯᠡᠭᠰᠡᠨ ᠦᠨᠡᠯᠡᠯᠲᠡ ᠶᠢ ᠭᠦᠷᠳᠡᠪᠡ᠃ | ᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ | ᠵᠢᠯ ᠤᠨ ᠡᠬᠢᠨ ᠠᠴᠠ ᠨᠠᠭᠠᠰᠢ᠂ ᠬᠤᠳᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠬᠤᠳᠠ ᠶᠢᠨ ᠨᠠᠮ ᠤᠨ ᠬᠤᠷᠢᠶ᠎ᠠ᠂ ᠵᠠᠰᠠᠭ ᠤᠨ | ᠣᠷᠳᠣᠨ ᠤ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠦᠨ ᠰᠢᠨ᠎ᠡ ᠶᠢ ᠡᠭᠦᠳᠬᠦ ᠪᠣᠭᠤᠮᠲᠠ ᠰᠢᠪᠲᠤᠯᠬᠤ ᠣᠨ ᠤ ᠠᠵᠢᠯ ᠤᠨ | ᠪᠠᠶᠢᠷᠢᠯᠠᠭᠤᠯᠤᠯᠲᠠ ᠶᠣᠰᠣᠭᠠᠷ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠴᠢᠳᠠᠪᠬᠢ ᠶᠢ ᠶᠡᠭᠡ ᠪᠠᠷ ᠳᠡᠭᠡᠭᠰᠢᠯᠡᠭᠦᠯᠵᠦ᠂ ᠰᠣᠶᠣᠯ ᠵᠢᠭᠤᠯᠴᠢᠯᠠᠯ ᠤᠨ ᠵᠠᠬ᠎ᠠ | ᠳᠡᠯᠭᠡᠭᠦᠷ ᠤᠨ ᠡᠮᠬᠢ ᠳᠢᠭᠯᠢᠮ ᠢ ᠵᠢᠷᠤᠮᠵᠢᠭᠤᠯᠵᠤ᠂ ᠢᠳᠡᠪᠬᠢᠲᠡᠢ ᠦᠷ᠎ᠡ ᠪᠦᠲᠦᠮᠵᠢ ᠣᠯᠵᠠᠢ᠃ | ᠤᠯᠠᠨ ᠨᠡᠶᠢᠲᠡ ᠶᠢᠨ ᠰᠣᠶᠣᠯ ᠤᠨ ᠰᠠᠭᠤᠷᠢ ᠲᠥᠬᠦᠭᠡᠷᠦᠮᠵᠢ ᠶᠢ ᠦᠷᠭᠦᠯᠵᠢᠯᠡᠨ ᠳᠡᠭᠡᠭᠰᠢᠯᠡᠭᠦᠯᠪᠡ᠃ ᠪᠦᠭᠦ ᠬᠤᠲᠠ ᠳᠤ ᠨᠣᠮ ᠤᠨ ᠰᠠᠩ ᠤᠨ ᠬᠤᠪᠢᠶᠠᠷᠢ | ᠣᠷᠳᠣᠨ ᠢ 53᠂ ᠰᠣᠶᠣᠯ ᠤᠨ ᠣᠷᠳᠣᠨ ᠤ ᠬᠤᠪᠢᠶᠠᠷᠢ ᠣᠷᠳᠣᠨ ᠢ 8 ᠨᠡᠮᠡᠭᠳᠡᠭᠦᠯᠪᠡ᠃ᠬᠤᠤᠯᠢᠩᠭᠤᠣᠯ ᠬᠤᠲᠠ ᠶᠢᠨ ᠰᠣᠶᠣᠯ ᠤᠨ ᠣᠷᠳᠣᠨ 150 ᠲᠦᠮᠡᠨ | ᠲᠥᠭᠦᠷᠢᠭ ᠤᠨ ᠪᠡᠯᠡ ᠮᠥᠩᠭᠦ ᠣᠯᠵᠤ ᠵᠢᠵᠢᠭ ᠲᠢᠶᠠᠲᠷ ᠤᠨ ᠪᠦᠲᠦᠭᠡᠨ ᠪᠠᠶᠢᠭᠤᠯᠤᠯᠲᠠ ᠵᠢᠴᠢ ᠲᠠᠯᠠᠪᠠᠶ ᠣᠷᠳᠣᠨ ᠤ ᠬᠠᠲᠠᠭᠤ ᠲᠣᠨᠤᠭ ᠤᠨ ᠲᠥᠬᠦᠭᠡᠷᠦᠮᠵᠢ ᠶᠢ | ᠳᠡᠭᠡᠭᠰᠢᠯᠡᠭᠦᠯᠭᠦ ᠳᠤ ᠭᠡᠷᠡᠭᠯᠡᠪᠡ᠃ ᠨᠠᠢᠮᠠᠨ ᠬᠤᠰᠢᠭᠤᠨ ᠤ ᠨᠣᠮ ᠤᠨ ᠰᠠᠩ ᠢ ᠨᠢᠭᠡᠨᠲᠡ ᠰᠢᠨ᠎ᠡ ᠪᠠᠶᠢᠷᠢ ᠳᠤ ᠨᠡᠭᠦᠯᠭᠡᠪᠡ᠃ ᠬᠤᠷᠴᠢᠨ ᠲᠣᠭᠤᠷᠢᠭ ᠤᠨ ᠨᠣᠮ ᠤᠨ | ᠰᠠᠩ ᠪᠠ ᠰᠣᠶᠣᠯ ᠤᠨ ᠣᠷᠳᠣᠨ ᠤ ᠰᠢᠨ᠎ᠡ ᠣᠷᠳᠣᠨ ᠢ ᠶᠠᠭ ᠵᠠᠰᠠᠵᠤ ᠴᠢᠮᠡᠭᠯᠡᠵᠦ ᠪᠤᠢ᠃ ᠬᠤᠲᠠ ᠶᠢᠨ ᠨᠣᠮ ᠤᠨ ᠰᠠᠩ᠂ ᠬᠤᠲᠠ ᠶᠢᠨ ᠮᠦᠽᠧᠢ᠂ ᠬᠤᠷᠴᠢᠨ | ᠲᠣᠭᠤᠷᠢᠭ ᠤᠨ ᠨᠣᠮ ᠤᠨ ᠰᠠᠩ 900 ᠭᠠᠷᠤᠢ ᠲᠦᠮᠡᠨ ᠲᠥᠭᠦᠷᠢᠭ ᠤᠨ ᠪᠡᠯᠡ ᠮᠥᠩᠭᠦ ᠴᠢᠷᠮᠠᠶᠢᠨ ᠣᠯᠵᠤ ᠲᠣᠭᠠᠴᠢᠯᠠᠭᠰᠠᠨ ᠪᠦᠲᠦᠭᠡᠨ ᠪᠠᠶᠢᠭᠤᠯᠤᠯᠲᠠ ᠳᠤ | ᠬᠡᠷᠡᠭᠯᠡᠪᠡ᠃ ᠣᠯᠠᠨ ᠨᠡᠶᠢᠲᠡ ᠶᠢᠨ ᠰᠣᠶᠣᠯ ᠤᠨ ᠣᠷᠳᠣᠨ ᠤ ᠦᠨᠡᠯᠡᠨ ᠵᠢᠱᠢᠬᠦ ᠲᠠᠰ ᠲᠣᠭᠲᠠᠭᠠᠬᠤ ᠰᠦᠯᠵᠢᠶᠡᠨ ᠳᠡᠭᠡᠷᠡᠬᠢ ᠪᠣᠯᠪᠠᠰᠤᠷᠠᠯ ᠢ ᠡᠷᠭᠢᠯᠡᠪᠡ᠃ | ᠰᠢᠨ᠎ᠡ ᠮᠠᠶ᠋ᠢᠭ ᠤᠨ ᠤᠯᠠᠨ ᠨᠡᠶᠢᠲᠡ ᠶᠢᠨ ᠰᠣᠶᠣᠯ ᠤᠨ ᠣᠷᠣᠨ ᠵᠠᠢ ᠶᠢ ᠦᠷᠭᠦᠯᠵᠢᠯᠡᠨ ᠪᠤᠢ ᠪᠣᠯᠭᠠᠪᠠ᠃ ᠡᠯ᠎ᠡ ᠲᠥᠷᠥᠯ ᠤᠨ ᠣᠯᠠᠨ ᠨᠡᠶᠢᠲᠡ ᠶᠢᠨ | ᠦᠢᠯᠡᠴᠢᠯᠡᠭᠡᠨ ᠤ ᠲᠠᠯᠠᠪᠤᠷ ᠭᠠᠵᠠᠷ᠂ ᠦᠵᠡᠮᠵᠢ ᠶᠢᠨ ᠣᠷᠣᠨ ᠤ ᠵᠤᠭᠠᠴᠠᠭᠰᠠᠳ ᠤᠨ ᠦᠢᠯᠡᠴᠢᠯᠡᠭᠡᠨ ᠤ ᠲᠥᠪ᠂ ᠪᠣᠳᠠᠰ ᠤᠨ ᠪᠤᠰᠤ ᠰᠣᠶᠣᠯ ᠤᠨ ᠥᠪ ᠤᠨ | ᠪᠣᠯᠪᠠᠰᠤᠷᠠᠯ ᠤᠨ ᠭᠠᠵᠠᠷ᠂ ᠲᠣᠰᠬᠤᠨ ᠤ ᠲᠡᠦᠬᠡ ᠶᠢᠨ ᠣᠷᠳᠣᠨ ᠵᠡᠷᠭᠡ ᠡᠬᠢ ᠪᠠᠶᠠᠯᠢᠭ ᠢ ᠡᠮᠬᠢᠯᠡᠨ ᠨᠡᠶᠢᠭᠡᠮ ᠲᠣᠭᠤᠷᠢᠭ ᠤᠨ ᠶᠡᠷᠦᠩᠬᠡᠶᠢᠯᠡᠭᠰᠡᠨ ᠦᠢᠯᠡᠴᠢᠯᠡᠭᠡᠨ ᠤ | ᠲᠥᠪ ᠯᠦᠭᠡ ᠶᠢᠨ ᠬᠠᠮᠲᠤᠷᠠᠯᠴᠠᠭ᠎ᠠ ᠶᠢ ᠴᠢᠩᠭᠠᠳᠬᠠᠵᠤ᠂ ᠨᠣᠮ ᠵᠢᠭᠡᠯᠡᠨ ᠤᠩᠰᠢᠬᠤ᠂ ᠰᠣᠶᠣᠯ ᠤᠨ ᠠᠵᠢᠯᠯᠠᠭ᠎ᠠ ᠵᠡᠷᠭᠡ ᠣᠯᠠᠨ ᠨᠡᠶᠢᠲᠡ ᠶᠢᠨ ᠰᠣᠶᠣᠯ ᠢᠶᠠᠷ | ᠠᠷᠠᠳ ᠲᠤ ᠠᠰᠢᠭ ᠬᠦᠷᠲᠡᠭᠡᠬᠦ ᠦᠢᠯᠡᠴᠢᠯᠡᠭᠡ ᠶᠢ ᠨᠡᠶᠢᠳᠬᠡᠵᠦ᠂ 47 ᠰᠢᠨ᠎ᠡ ᠭᠡᠯᠪᠡᠷᠢ ᠶᠢᠨ ᠣᠯᠠᠨ ᠨᠡᠶᠢᠲᠡ ᠶᠢᠨ ᠰᠣᠶᠣᠯ ᠤᠨ ᠣᠷᠣᠨ ᠵᠠᠢ ᠶᠢ ᠪᠤᠶ ᠪᠤᠯᠭᠠᠵᠤ᠂ | ᠣᠯᠠᠨ ᠨᠡᠶᠢᠲᠡ ᠶᠢᠨ ᠰᠣᠶᠣᠯ ᠤᠨ ᠵᠢᠭᠰᠠᠭᠠᠯ ᠤᠨ ᠭᠠᠵᠠᠷ ᠢ ᠪᠦᠲᠦᠮᠵᠢᠲᠡᠶ ᠥᠷᠭᠡᠳᠬᠡᠨ᠂ ᠦᠢᠯᠡᠴᠢᠯᠡᠭᠡᠨ ᠤ ᠬᠦᠷᠢᠶ᠎ᠡ ᠬᠡᠪᠴᠢᠶ᠎ᠡ ᠶᠢ ᠥᠷᠭᠡᠳᠬᠡᠵᠦ᠂ ᠣᠯᠠᠨ | ᠲᠦᠮᠡᠨ ᠤ ᠰᠣᠶᠣᠯ ᠤᠨ ᠠᠮᠢᠳᠤᠷᠠᠯ ᠤᠨ ᠬᠡᠷᠡᠭᠴᠡᠭᠡ ᠱᠠᠭᠠᠷᠳᠠᠯᠭ᠎ᠠ ᠶᠢ ᠬᠠᠩᠭᠠᠪᠠ᠃ | ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠴᠢᠨᠠᠷ ᠴᠢᠨᠰᠠᠭ᠎ᠠ ᠦᠷ᠎ᠡ ᠠᠰᠢᠭ ᠢ ᠦᠷᠭᠦᠯᠵᠢᠯᠡᠨ ᠳᠡᠭᠡᠭᠰᠢᠯᠡᠭᠦᠯᠪᠡ᠃ ᠣᠯᠠᠨ ᠨᠡᠶᠢᠲᠡ ᠶᠢᠨ ᠰᠣᠶᠣᠯ ᠤᠨ | ᠡᠬᠢ ᠪᠠᠶᠠᠯᠢᠭ ᠢ ᠡᠮᠬᠢᠯᠡᠨ ᠨᠡᠶᠢᠯᠡᠭᠦᠯᠬᠦ ᠪᠠ ᠣᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ ᠭᠤᠯᠳᠤ ᠪᠠᠷ ᠬᠤᠯᠪᠤᠭᠠᠯᠠᠨ ᠬᠥᠳᠡᠯᠦᠯᠴᠡᠬᠦ ᠶᠢ ᠴᠢᠩᠭᠠᠳᠬᠠᠵᠤ᠂ | ᠥᠷᠭᠡᠨ ᠳᠡᠯᠭᠡᠷ ᠨᠥᠯᠥᠭᠡᠯᠡᠬᠦ ᠬᠦᠴᠦᠨ ᠲᠠᠢ ᠪᠦᠭᠦ ᠠᠷᠠᠳ ᠤᠨ ᠤᠩᠰᠢᠯᠭ᠎ᠠ ᠶᠢᠨ ᠨᠠᠷᠠᠲᠤ ᠲᠥᠷᠥᠯ ᠲᠡᠮᠳᠡᠭᠲᠦ ᠶᠢ ᠪᠤᠶ ᠪᠣᠯᠭᠠᠪᠠ᠂ ᠡᠭᠦᠨ ᠳᠤ ᠬᠤᠷᠴᠢᠨ | ᠲᠣᠭᠤᠷᠢᠭ ᠤᠨ ᠨᠣᠮ ᠤᠨ ᠰᠠᠩ ᠤᠨ ︽ᠬᠠᠮᠲᠤ ᠪᠠᠷ ᠨᠢᠭᠡ ᠨᠣᠮ ᠢ ᠤᠩᠰᠢᠬᠤ︾᠂ ᠨᠠᠢᠮᠠᠨ ᠬᠤᠰᠢᠭᠤᠨ ᠤ ᠨᠣᠮ ᠤᠨ ᠰᠠᠩ ᠤᠨ ︽ᠨᠠᠢᠮᠠᠨ ᠤ ᠣᠷᠣᠢ ᠶᠢᠨ ᠨᠠᠢᠮᠠᠨ | ᠴᠠᠭ︾ ᠤᠨ ᠤᠩᠰᠢᠯᠭ᠎ᠠ ᠶᠢ ᠳᠡᠯᠭᠡᠷᠡᠭᠦᠯᠬᠦ ᠠᠵᠢᠯᠯᠠᠭ᠎ᠠ ᠨᠢ ᠰᠣᠶᠣᠯ ᠵᠢᠭᠤᠯᠴᠢᠯᠠᠯ ᠤᠨ ᠶᠠᠮᠤᠨ ᠤ ᠦᠨᠳᠦᠰᠦᠨ ᠱᠠᠲᠤᠨ ᠤ ᠣᠯᠠᠨ ᠨᠡᠶᠢᠲᠡ ᠶᠢᠨ ᠤᠩᠰᠢᠯᠭ᠎ᠠ ᠶᠢᠨ | ᠦᠢᠯᠡᠴᠢᠯᠡᠭᠡᠨ ᠢ ᠳᠡᠯᠭᠡᠷᠡᠭᠦᠯᠬᠦ ᠲᠥᠷᠥᠯ ᠵᠦᠢᠯ ᠢᠶᠠᠷ ᠰᠣᠩᠭᠤᠭᠳᠠᠪᠠ᠃ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠠᠵᠢᠯᠯᠠᠭ᠎ᠠ ᠶᠢᠨ ᠭᠡᠯᠪᠡᠷᠢ ᠶᠢ | ᠪᠠᠶᠠᠯᠢᠭᠵᠢᠭᠤᠯᠵᠤ᠂ ᠪᠦᠭᠦ ᠬᠤᠲᠠ ᠳᠤ ᠡᠯ᠎ᠡ ᠲᠥᠷᠥᠯ ᠤᠨ ᠰᠣᠶᠣᠯ ᠢᠶᠠᠷ ᠠᠷᠠᠳ ᠲᠤ ᠠᠰᠢᠭ ᠬᠦᠷᠲᠡᠭᠡᠬᠦ ᠠᠵᠢᠯᠯᠠᠭ᠎ᠠ ᠶᠢ 1500 ᠭᠠᠷᠤᠢ ᠲᠠᠯᠠᠪᠤᠷ᠂ ︽ᠰᠢ | ᠵᠦᠴᠦᠭᠡ ᠶᠢ ᠬᠥᠳᠡᠭᠡ ᠲᠣᠰᠬᠤᠨ ᠳᠤ ᠣᠷᠣᠭᠤᠯᠬᠤ︾ ᠠᠵᠢᠯᠯᠠᠭ᠎ᠠ ᠶᠢ 350 ᠭᠠᠷᠤᠢ ᠲᠠᠯᠠᠪᠤᠷ᠂ ︽ᠳᠥᠷᠪᠡᠨ ᠤᠯᠠᠷᠢᠯ ᠤᠨ ᠲᠣᠰᠬᠤᠨ ᠤ ᠦᠳᠡᠰᠢᠯᠡᠭᠡ︾ ᠶᠢ 90 | ᠭᠠᠷᠤᠢ ᠲᠠᠯᠠᠪᠤᠷ ᠥᠷᠨᠢᠭᠦᠯᠵᠦ᠂ ᠤᠷᠠᠯᠢᠭ ᠤᠨ ᠲᠤᠰᠬᠠᠢ ᠮᠡᠷᠭᠡᠵᠢᠯᠲᠡᠨ ᠢ ᠦᠨᠳᠦᠰᠦᠨ ᠱᠠᠲᠤᠨ ᠳᠤ ᠪᠠᠭᠤᠯᠭᠠᠨ ᠡᠯ᠎ᠡ ᠵᠦᠢᠯ ᠤᠨ ᠰᠣᠶᠣᠯ ᠤᠨ ᠬᠠᠪᠰᠤᠷᠤᠨ | ᠵᠢᠯᠣᠭᠤᠳᠤᠯᠭ᠎ᠠ ᠶᠢ 170 ᠭᠠᠷᠤᠢ ᠤᠳᠠᠭ᠎ᠠ ᠥᠷᠨᠢᠭᠦᠯᠵᠦ᠂ ᠬᠦᠷᠢᠶ᠎ᠡ ᠬᠤᠰᠢᠭᠤᠨ ᠤ ᠡᠯᠡᠰᠦᠨ ᠪᠠᠯᠭᠠᠰᠤᠨ ᠤ ᠪᠠᠶᠠᠨᠲᠠᠯ᠎ᠠ ᠭᠠᠴᠠᠭ᠎ᠠ ᠶᠢᠨ ᠬᠠᠪᠤᠷ ᠤᠨ ᠤᠯᠠᠷᠢᠯ ᠤᠨ | ︽ᠲᠣᠰᠬᠤᠨ ᠤ ᠦᠳᠡᠰᠢᠯᠡᠭᠡ︾ ᠨᠢ ᠪᠦᠭᠦ ᠤᠯᠤᠰ ᠤᠨ ︽ᠲᠣᠰᠬᠤᠨ ᠤ ᠦᠳᠡᠰᠢᠯᠡᠭᠡ︾ ᠶᠢᠨ ᠵᠢᠱᠢᠶ᠎ᠡ ᠦᠵᠡᠭᠦᠯᠭᠦ ᠦᠵᠡᠭᠦᠯᠭᠡ ᠶᠢᠨ ᠴᠡᠭ ᠢᠶᠠᠷ ᠰᠣᠩᠭᠤᠭᠳᠠᠪᠠ᠃ | ︽ᠲᠦᠩᠯᠢᠶᠣᠣ ᠬᠤᠲᠠ ᠶᠢᠨ ᠰᠣᠶᠣᠯ ᠪᠠ ᠵᠢᠭᠤᠯᠴᠢᠯᠠᠯ ᠤᠨ ᠰᠠᠶᠢᠨ ᠳᠤᠷ᠎ᠠ ᠶᠢᠨ ᠦᠢᠯᠡᠴᠢᠯᠡᠭᠡᠨ ᠤ ᠬᠠᠮᠢᠶᠠᠷᠤᠯᠲᠠ ᠶᠢᠨ ᠠᠷᠭ᠎ᠠ︾ ᠶᠢ ᠲᠣᠭᠲᠠᠭᠠᠵᠤ᠂ ᠰᠣᠶᠣᠯ | ᠢᠶᠠᠷ ᠠᠰᠢᠭ ᠬᠦᠷᠲᠡᠭᠡᠬᠦ ᠰᠠᠶᠢᠨ ᠳᠤᠷ᠎ᠠ ᠶᠢᠨ ᠦᠢᠯᠡᠴᠢᠯᠡᠭᠡ ᠶᠢ ᠪᠠᠶᠢᠩᠭᠤᠵᠢᠭᠤᠯᠬᠤ᠂ ᠵᠢᠷᠤᠮᠵᠢᠭᠤᠯᠬᠤ ᠶᠢ ᠠᠬᠢᠭᠤᠯᠪᠠ᠃ ᠰᠣᠶᠣᠯ ᠤᠨ ᠰᠠᠶᠢᠨ ᠲᠤᠷᠠᠴᠤᠤᠯ ᠤᠨ | ᠲᠦᠷᠦᠯ ᠵᠦᠢᠯ ᠢ ᠡᠯᠰᠡᠬᠦ ᠠᠵᠢᠯᠯᠠᠭ᠎ᠠ ᠶᠢ ᠥᠷᠨᠢᠭᠦᠯᠵᠦ᠂ ᠪᠠᠷᠠᠭᠤᠨ ᠯᠢᠶᠣᠤ ᠾᠧ ᠭᠤᠣᠯ ᠤᠨ ᠰᠣᠶᠣᠯ ᠤᠨ ᠨᠠᠶᠢᠷ ᠤᠨ ᠬᠤᠭᠤᠴᠠᠭᠠᠨ ᠳᠤ ᠰᠢᠯᠢᠳᠡᠭ ᠰᠣᠶᠣᠯ ᠤᠨ | ᠰᠠᠶᠢᠨ ᠳᠤᠷ᠎ᠠ ᠶᠢᠨ ᠦᠢᠯᠡᠴᠢᠯᠡᠭᠡᠨ ᠤ ᠲᠦᠷᠦᠯ ᠵᠦᠢᠯ ᠢ ᠲᠥᠪᠯᠡᠷᠡᠭᠦᠯᠦᠨ ᠳᠡᠯᠭᠡᠨ ᠦᠵᠡᠭᠦᠯᠭᠦ ᠲᠣᠬᠯᠠᠯᠲᠠ ᠭᠠᠷᠭᠠᠵᠤ᠂ ᠪᠦᠭᠦ ᠬᠤᠳᠠ ᠶᠢᠨ 50 ᠭᠠᠷᠤᠢ | ᠰᠣᠶᠣᠯ ᠤᠨ ᠰᠠᠶᠢᠨ ᠳᠤᠷ᠎ᠠ ᠶᠢᠨ ᠪᠦᠯᠭᠦᠮ ︽ᠤᠮᠠᠷᠠᠲᠤ ᠬᠢᠯᠢ ᠶᠢᠨ ᠪᠥᠵᠢᠭ︾ ᠠᠭᠤᠳᠠᠮ ᠲᠠᠯᠠᠪᠠᠢ ᠶᠢᠨ ᠪᠥᠵᠢᠭ ᠤᠨ ᠤᠷᠤᠯᠳᠤᠭᠠᠨ ᠳᠤ ᠣᠷᠣᠯᠴᠠᠵᠤ᠂ | ᠰᠣᠶᠣᠯ ᠤᠨ ᠰᠠᠶᠢᠨ ᠲᠤᠷᠠᠴᠤᠤᠯ ᠤᠨ ᠦᠢᠯᠡᠴᠢᠯᠡᠭᠡᠨ ᠤ ᠬᠠᠯᠠᠭᠤᠨ ᠰᠡᠳᠬᠢᠯᠭᠡ ᠶᠢ ᠤᠯᠠᠮ ᠴᠢᠨᠠᠭᠰᠢᠳᠠ ᠬᠥᠭᠵᠢᠭᠡᠪᠡ᠃ | ᠰᠣᠶᠣᠯ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠡᠮᠬᠢ ᠳᠢᠭᠯᠢᠮ ᠢ ᠦᠷᠭᠦᠯᠵᠢᠯᠡᠨ ᠵᠢᠷᠤᠮᠵᠢᠭᠤᠯᠪᠠ᠃ ᠰᠠᠯᠠᠭ᠎ᠠ ᠮᠥᠴᠢᠷ ᠠᠯᠤᠰᠯᠠᠭᠰᠠᠨ ︽ᠬᠤᠶᠠᠷ ᠢ | ᠲᠣᠬᠢᠶᠠᠯᠳᠤᠯ ᠢᠶᠠᠷ ᠬᠢᠬᠦ᠂ ᠨᠢᠭᠡ ᠶᠢ ᠢᠯᠡ ᠪᠤᠯᠭᠠᠬᠤ︾ ᠬᠠᠮᠲᠤᠷᠠᠨ ᠬᠠᠤᠯᠢ ᠬᠡᠷᠡᠭᠵᠢᠭᠦᠯᠬᠦ ᠲᠣᠭᠲᠠᠴᠠ ᠶᠢ ᠪᠠᠶᠢᠭᠤᠯᠵᠤ᠂ ᠬᠠᠮᠢᠶ᠎ᠠ ᠪᠦᠬᠦᠢ ᠰᠠᠯᠠᠭ᠎ᠠ ᠮᠥᠴᠢᠷ ᠯᠦᠭᠡ | ᠰᠦᠯᠵᠢᠶᠡᠨ ᠳᠡᠭᠡᠷᠡᠬᠢ ᠪᠠ ᠰᠦᠯᠵᠢᠶᠡᠨ ᠠᠴᠠ ᠭᠠᠳᠠᠭᠤᠷᠬᠢ ᠡᠵᠡᠩᠨᠡᠯᠲᠡ ᠶᠢᠨ ᠲᠠᠯᠠᠪᠤᠷ ᠭᠠᠵᠠᠷ ᠲᠤ ᠪᠠᠶᠢᠩᠭᠤ ᠶᠢᠨ ᠰᠤᠭᠤᠴᠢᠨ ᠪᠠᠶᠢᠴᠠᠭᠠᠯᠲᠠ ᠥᠷᠨᠢᠭᠦᠯᠪᠡ᠃ | ᠲᠣᠰ ᠬᠤᠲᠠ ᠶᠢᠨ ᠢᠶᠠᠨ ᠰᠣᠶᠣᠯ ᠤᠨ ᠵᠠᠬ᠎ᠠ ᠳᠡᠯᠭᠡᠭᠦᠷ ᠤᠨ ᠶᠡᠷᠦᠩᠬᠡᠶᠢᠯᠡᠭᠰᠡᠨ ᠬᠠᠤᠯᠢ ᠬᠡᠷᠡᠭᠵᠢᠭᠦᠯᠦᠯᠲᠡ ᠶᠢᠨ ᠬᠠᠮᠵᠢᠯᠴᠠᠬᠤ ᠲᠣᠭᠲᠠᠴᠠ ᠶᠢ ᠪᠠᠶᠢᠭᠤᠯᠵᠤ᠂ | ᠵᠢᠭᠤᠯᠴᠢᠯᠠᠯ ᠤᠨ ᠦᠢᠯᠡᠴᠢᠯᠡᠭᠡᠨ ᠤ ᠭᠠᠵᠠᠷ ᠤᠨ ᠡᠵᠡᠩᠨᠡᠯᠲᠡ᠂ ᠵᠢᠭᠤᠯᠴᠢᠯᠠᠯ ᠤᠨ ᠬᠥᠲᠥᠴᠢ ᠶᠢᠨ ᠠᠵᠢᠯ ᠡᠷᠭᠢᠯᠡᠭᠦ ᠪᠠ ᠦᠵᠡᠮᠵᠢ ᠶᠢᠨ ᠣᠷᠣᠨ ᠤ ᠥᠮᠴᠢᠲᠡᠨ ᠵᠡᠷᠭᠡ | ᠶᠢᠨ ᠦᠶᠯᠡ ᠠᠵᠢᠯᠯᠠᠭ᠎ᠠ ᠶᠢᠨ ᠬᠢᠨᠠᠯᠲᠠ ᠬᠠᠮᠢᠶᠠᠷᠤᠯᠲᠠ ᠶᠢ ᠴᠢᠩᠭᠠᠳᠬᠠᠨ᠂ ᠳᠣᠲᠣᠭᠠᠳᠤ ᠶᠢ ᠬᠠᠮᠠᠭᠠᠯᠠᠬᠤ᠂ ᠵᠠᠮ ᠬᠠᠷᠢᠯᠴᠠᠭ᠎ᠠ᠂ ᠵᠠᠬ᠎ᠠ ᠳᠡᠯᠭᠡᠭᠦᠷ ᠤᠨ ᠬᠢᠨᠠᠯᠲᠠ | ᠬᠠᠮᠢᠶᠠᠷᠤᠯᠲᠠ ᠵᠡᠷᠭᠡ ᠰᠠᠯᠠᠭ᠎ᠠ ᠮᠥᠴᠢᠷ ᠲᠠᠢ ᠬᠠᠮᠲᠤᠷᠠᠨ ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠡᠮᠬᠢ ᠳᠢᠭᠯᠢᠮ ᠤᠨ ᠲᠤᠰᠬᠠᠢ ᠴᠡᠭᠴᠡᠯᠡᠨ ᠵᠠᠰᠠᠬᠤ ᠠᠵᠢᠯᠯᠠᠭ᠎ᠠ ᠶᠢ | ᠥᠷᠨᠢᠭᠦᠯᠪᠡ᠃ ᠵᠠᠭᠠᠯᠳᠤᠯᠭ᠎ᠠ ᠢᠯᠡᠴᠢᠯᠡᠨ ᠮᠡᠳᠡᠭᠦᠯᠦᠯᠲᠡ ᠶᠢ ᠰᠢᠢᠳᠪᠦᠷᠢᠯᠡᠬᠦ ᠲᠣᠭᠲᠠᠴᠠ ᠶᠢ ᠪᠠᠶᠢᠭᠤᠯᠵᠤ᠂ ᠵᠢᠭᠤᠯᠴᠢᠯᠠᠯ ᠳᠤ ᠬᠤᠯᠪᠣᠭᠳᠠᠭᠰᠠᠨ ᠵᠢᠭᠤᠷᠠᠯᠳᠤᠭᠠᠨ ᠢ | ᠲᠣᠬᠢᠲᠠᠢ ᠰᠢᠢᠳᠪᠦᠷᠢᠯᠡᠪᠡ᠃ ᠵᠢᠯ ᠤᠨ ᠡᠬᠢᠨ ᠠᠴᠠ ᠨᠠᠭᠠᠰᠢ᠂ ᠨᠡᠶᠢᠲᠡ ᠢᠯᠡᠴᠢᠯᠡᠨ ᠵᠠᠭᠠᠯᠳᠤᠭᠰᠠᠨ ᠬᠡᠷᠡᠭ ᠢ 14 ᠰᠢᠢᠳᠪᠦᠷᠢᠯᠡᠵᠦ᠂ 9 ᠵᠢᠭᠤᠯᠴᠢᠯᠠᠯ ᠤᠨ | ᠵᠢᠭᠤᠷᠠᠯᠳᠤᠭᠠᠨ ᠢ ᠰᠢᠢᠳᠪᠦᠷᠢᠯᠡᠨ᠂ 148 ᠵᠢᠭᠤᠯᠴᠢᠯᠠᠭᠴᠢ ᠶᠢᠨ ᠠᠵᠤ ᠠᠬᠤᠢ ᠶᠢᠨ ᠬᠤᠬᠢᠷᠠᠯ ᠢ ᠡᠭᠡᠭᠦᠯᠦᠨ ᠠᠪᠴᠢᠷᠠᠵᠤ ᠥᠭᠴᠦ᠂ ᠪᠦᠭᠦ ᠬᠤᠲᠠ ᠶᠢᠨ | ᠵᠢᠭᠤᠯᠴᠢᠯᠠᠯ ᠤᠨ ᠵᠠᠬ᠎ᠠ ᠳᠡᠯᠭᠡᠭᠦᠷ ᠤᠨ ᠡᠷᠡᠭᠦᠯ ᠢᠶᠠᠷ ᠬᠥᠭᠵᠢᠬᠦ ᠡᠮᠬᠢ ᠵᠢᠷᠤᠮ ᠢ ᠪᠠᠲᠤᠯᠠᠪᠠ᠃ | ᠬᠤᠳᠠ ᠶᠢᠨ ᠤᠰᠤᠨ ᠤ ᠶᠠᠪᠤᠳᠠᠯ ᠤᠨ ᠲᠣᠪᠴᠢᠶ᠎ᠠ | ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠰᠢᠯᠢᠳᠡᠭᠵᠢᠭᠦᠯᠬᠦ ᠡᠯ᠎ᠡ ᠵᠦᠢᠯ ᠤᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠵᠤ᠂ | ᠵᠢᠷᠤᠮᠵᠢᠬᠰᠠᠨ᠂ ᠥᠨᠳᠥᠷ ᠪᠦᠲᠦᠮᠵᠢᠲᠡᠶ᠂ ᠲᠡᠷᠢᠭᠦᠨ ᠤ ᠬᠤᠳᠠᠯᠳᠤᠭ᠎ᠠ ᠡᠷᠭᠢᠯᠡᠭᠦ ᠣᠷᠴᠢᠨ ᠨᠥᠬᠦᠴᠡᠯ ᠢ ᠪᠤᠶ ᠪᠤᠯᠭᠠᠬᠤ ᠶᠢᠨ ᠲᠥᠯᠥᠭᠡ᠂ ᠬᠤᠲᠠ ᠶᠢᠨ ᠤᠰᠤᠨ ᠤ | ᠶᠠᠪᠤᠳᠠᠯ ᠤᠨ ᠲᠣᠪᠴᠢᠶ᠎ᠠ ᠵᠢᠯ ᠤᠨ ᠡᠬᠢᠨ ᠳᠤ ᠨᠡᠶᠢᠭᠡᠮ ᠨᠡᠶᠢᠲᠡ ᠳᠤ ᠤᠰᠤᠨ ᠠᠰᠢᠭᠯᠠᠯᠲᠠ ᠶᠢᠨ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢᠨ ᠲᠥᠷᠥᠯ | ᠵᠦᠢᠯ ᠤᠨ︽ᠨᠢᠭᠡ ᠶᠠᠪᠤᠳᠠᠯ︾ ᠪᠠ ᠬᠡᠰᠡᠭ ᠵᠠᠰᠠᠭ ᠵᠠᠬᠢᠷᠭᠠᠨ ᠤ ᠵᠥᠪᠰᠢᠶᠡᠷᠡᠯ ᠤᠨ ᠬᠢᠨᠠᠨ ᠵᠥᠪᠰᠢᠶᠡᠷᠡᠬᠦ ᠡᠷᠬᠡ ᠮᠡᠳᠡᠯ ᠤᠨ ᠬᠡᠪᠴᠢᠶ᠎ᠡ ᠶᠢ ᠳᠣᠷᠣᠭᠰᠢ | ᠪᠠᠭᠤᠯᠭᠠᠭᠰᠠᠨ 2 ᠵᠦᠢᠯ ᠤᠨ ᠠᠮᠠᠯᠠᠯᠲᠠ ᠶᠢ ᠬᠢᠭᠰᠡᠨ ᠪᠥᠭᠡᠳ ᠬᠦᠴᠦᠲᠡᠢ ᠠᠷᠭ᠎ᠠ ᠬᠡᠮᠵᠢᠶ᠎ᠡ ᠠᠪᠴᠤ ᠪᠠᠶᠢᠭᠠᠳ ᠠᠮᠠᠯᠠᠯᠲᠠ ᠶᠢᠨ ᠵᠦᠢᠯᠡᠰ ᠢ ᠪᠦᠲᠦᠮᠵᠢᠲᠡᠶ | ᠨᠠᠶᠢᠳᠠᠪᠤᠷᠢᠵᠢᠭᠤᠯᠬᠤ ᠶᠢ ᠲᠦᠯᠬᠢᠨ ᠠᠬᠢᠭᠤᠯᠪᠠ᠃ | ᠠᠵᠢᠯ ᠤᠨ ᠦᠷ᠎ᠡ ᠪᠦᠲᠦᠮᠵᠢ ᠶᠢ ᠳᠠᠭᠢᠨ ᠳᠡᠭᠡᠭᠰᠢᠯᠡᠭᠦᠯᠪᠡ᠃ ᠤᠰᠤᠨ ᠠᠰᠢᠭᠯᠠᠯᠲᠠ ᠶᠢᠨ ᠪᠠᠷᠢᠯᠭ᠎ᠠ ᠶᠢᠨ ᠪᠦᠲᠦᠭᠡᠨ ᠪᠠᠶᠢᠭᠤᠯᠤᠯᠲᠠ ᠶᠢᠨ ᠲᠥᠷᠥᠯ ᠵᠦᠢᠯ ᠤᠨ | ᠪᠠᠷᠢᠯᠭ᠎ᠠ ᠳᠠᠭᠤᠰᠤᠭᠰᠠᠨ ᠢ ᠰᠢᠯᠭᠠᠨ ᠠᠪᠬᠤ ︽ᠨᠢᠭᠡ ᠶᠠᠪᠤᠳᠠᠯ︾ ᠤᠨ ᠵᠦᠢᠯᠡᠰ ᠢ ᠢᠳᠡᠪᠬᠢᠲᠡᠢ ᠪᠠᠷ ᠠᠬᠢᠭᠤᠯᠵᠤ᠂ ᠠᠵᠤ ᠠᠬᠤᠶᠢᠯᠠᠯ ᠤᠨ ᠪᠠᠷᠢᠯᠭ᠎ᠠ | ᠳᠠᠭᠤᠰᠤᠭᠰᠠᠨ ᠢ ᠰᠢᠯᠭᠠᠨ ᠠᠪᠬᠤ ᠬᠠᠮᠢᠶ᠎ᠠ ᠪᠦᠬᠦᠢ ᠵᠦᠢᠯᠡᠰ ᠢ ᠭᠦᠢᠴᠡᠳᠬᠡᠬᠦ ᠠᠯᠬᠤᠮ ᠳᠠᠷᠠᠭᠠᠯᠠᠯ ᠨᠢ ᠣᠯᠠᠨ᠂ ᠴᠠᠭ ᠨᠢ ᠣᠷᠳᠣ ᠵᠡᠷᠭᠡ ᠠᠰᠠᠭᠤᠳᠠᠯ ᠳᠤ | ᠴᠢᠭᠯᠡᠭᠦᠯᠦᠨ᠂ ︽ᠨᠢᠭᠡ ᠬᠦᠰᠦᠨᠦᠭᠲᠦ ᠪᠠᠷ ᠭᠤᠶᠤᠴᠢᠯᠠᠬᠤ᠂ ᠨᠢᠭᠡ ᠢᠵᠢ ᠮᠠᠲ᠋ᠧᠷᠢᠶᠠᠯ᠂ ᠬᠠᠮᠲᠤᠷᠠᠨ ᠰᠢᠯᠭᠠᠨ ᠠᠪᠬᠤ᠂ ᠮᠡᠳᠡᠭᠡ ᠵᠠᠩᠭᠢ ᠶᠢ ᠬᠠᠮᠲᠤ ᠪᠠᠷ ᠭᠦᠷᠳᠡᠭᠦ︾ | ᠦᠢᠯᠡᠴᠢᠯᠡᠭᠡᠨ ᠤ ᠵᠠᠭᠪᠤᠷ ᠶᠣᠰᠣᠭᠠᠷ᠂ ᠭᠤᠶᠤᠴᠢᠯᠠᠬᠤ ᠬᠦᠰᠦᠨᠦᠭᠲᠦ ᠶᠢᠨ ᠬᠠᠭᠤᠳᠠᠰᠤ ᠶᠢ ᠣᠯᠠᠨ ᠬᠦᠰᠦᠨᠦᠭᠲᠦ ᠶᠢ ᠨᠡᠶᠢᠯᠡᠭᠦᠯᠦᠨ ᠨᠢᠭᠡ ᠪᠤᠯᠭᠠᠬᠤ᠂ ᠮᠠᠲ᠋ᠧᠷᠢᠶᠠᠯ ᠢ | ᠨᠢᠭᠡ ᠯᠡ ᠤᠳᠠᠭ᠎ᠠ ᠳᠤ ᠲᠤᠰᠢᠶᠠᠬᠤ᠂ ᠬᠢᠨᠠᠨ ᠵᠥᠪᠰᠢᠶᠡᠷᠡᠬᠦ ᠰᠠᠯᠠᠭ᠎ᠠ ᠮᠥᠴᠢᠷ ᠤᠳ ᠬᠤᠭᠤᠴᠠᠭ᠎ᠠ ᠬᠢᠵᠠᠭᠠᠷᠯᠠᠨ ᠭᠦᠢᠴᠡᠳᠬᠡᠵᠦ ᠳᠠᠭᠤᠰᠬᠠᠬᠤ ᠲᠣᠭᠲᠠᠴᠠ ᠶᠢ | ᠬᠡᠷᠡᠭᠵᠢᠭᠦᠯᠪᠡ᠃ ᠭᠦᠢᠴᠡᠳᠬᠡᠬᠦ ᠴᠠᠭ ᠢ 75 ᠠᠵᠢᠯ ᠤᠨ ᠡᠳᠦᠷ ᠪᠠᠶᠢᠭᠰᠠᠨ ᠠᠴᠠ 60 ᠠᠵᠢᠯ ᠤᠨ ᠡᠳᠦᠷ ᠪᠣᠯᠭᠠᠨ ᠪᠣᠭᠤᠨᠢᠰᠬᠠᠵᠤ᠂ ᠭᠦᠢᠴᠡᠳᠬᠡᠬᠦ ᠭᠤᠭᠴᠤᠭ᠎ᠠ ᠶᠢ | 3 ᠪᠠᠶᠢᠭᠰᠠᠨ ᠠᠴᠠ 1 ᠪᠣᠯᠭᠠᠨ ᠬᠠᠰᠤᠵᠤ᠂ ᠠᠵᠤ ᠠᠬᠤᠶᠢᠯᠠᠯ ᠤᠨ ᠨᠠᠭᠠᠰᠢ ᠴᠠᠭᠠᠰᠢ ᠭᠦᠶᠦᠬᠦ ᠲᠤᠭ᠎ᠠ ᠶᠢ 3 ᠤᠳᠠᠭ᠎ᠠ ᠪᠠᠶᠢᠭᠰᠠᠨ ᠠᠴᠠ 1 ᠤᠳᠠᠭ᠎ᠠ ᠪᠣᠯᠭᠠᠪᠠ᠃ | ︽ᠥᠪᠡᠷ ᠤᠨ ᠦᠷᠳᠡᠭ ᠢ ᠪᠠᠭᠤᠷᠠᠭᠤᠯᠤᠨ ᠦᠷ᠎ᠡ ᠠᠰᠢᠭ ᠢ ᠨᠡᠮᠡᠭᠳᠡᠭᠦᠯᠬᠦ︾ ᠲᠠᠯ᠎ᠠ ᠪᠠᠷ ᠳᠠᠬᠢᠨᠲᠠ ᠬᠦᠴᠦᠯᠡᠪᠡ᠃ ᠬᠤᠳᠠᠯᠳᠤᠭ᠎ᠠ ᠡᠷᠭᠢᠯᠡᠭᠦ ᠣᠷᠴᠢᠨ | ᠨᠥᠬᠦᠴᠡᠯ ᠢ ᠰᠢᠯᠢᠳᠡᠭᠵᠢᠭᠦᠯᠬᠦ ᠬᠠᠮᠢᠶ᠎ᠠ ᠪᠦᠬᠦᠢ ᠠᠷᠭ᠎ᠠ ᠬᠡᠮᠵᠢᠶ᠎ᠡ ᠶᠢ ᠨᠠᠶᠢᠳᠠᠪᠤᠷᠢᠵᠢᠭᠤᠯᠬᠤ ᠶᠢᠨ ᠲᠤᠰᠠᠳᠠ᠂ ᠣᠷᠣᠨ ᠪᠦᠰᠡ ᠶᠢᠨ ᠦᠨᠡᠯᠡᠨ ᠵᠢᠱᠢᠬᠦ | ᠬᠡᠪᠴᠢᠶᠡᠨ ᠳᠠᠬᠢ ᠠᠮᠠᠯᠠᠯᠲᠠ ᠶᠢᠨ ᠳᠦᠷᠢᠮ ᠢ ᠬᠡᠷᠡᠭᠵᠢᠭᠦᠯᠵᠦ ᠭᠥᠯᠢᠶᠡᠨ ᠠᠪᠴᠤ ᠰᠢᠢᠳᠪᠦᠷᠢᠯᠡᠬᠦ ᠲᠥᠷᠥᠯ ᠵᠦᠢᠯ ᠳᠤ᠂ ᠬᠡᠰᠡᠭ ᠵᠠᠰᠠᠭ ᠵᠠᠬᠢᠷᠭᠠᠨ ᠤ | ᠵᠥᠪᠰᠢᠶᠡᠷᠡᠯ ᠤᠨ ᠬᠢᠨᠠᠨ ᠵᠥᠪᠰᠢᠶᠡᠷᠡᠬᠦ ᠡᠷᠬᠡ ᠮᠡᠳᠡᠯ ᠤᠨ ᠬᠡᠪᠴᠢᠶ᠎ᠡ ᠶᠢ ᠬᠤᠲᠠ ᠶᠢᠨ ᠱᠠᠲᠤᠨ ᠤ ᠬᠢᠨᠠᠨ ᠵᠥᠪᠰᠢᠶᠡᠷᠡᠬᠦ ᠡᠷᠬᠡ ᠮᠡᠳᠡᠯ ᠤᠨ ᠬᠡᠪᠴᠢᠶ᠎ᠡ ᠠᠴᠠ ᠰᠢᠭᠤᠳ | ᠬᠤᠰᠢᠭᠤ ᠰᠢᠶᠠᠨ ᠳᠤ ᠪᠠᠭᠤᠯᠭᠠᠵᠤ᠂ ᠠᠮᠠᠯᠠᠯᠲᠠ ᠶᠢᠨ ᠵᠦᠢᠯ ᠢ ᠳᠠᠷᠤᠢ ᠭᠦᠢᠴᠡᠳᠬᠡᠬᠦ ᠵᠦᠢᠯ ᠪᠣᠯᠭᠠᠨ ᠬᠤᠪᠢᠷᠠᠭᠤᠯᠵᠤ᠂ ᠮᠡᠷᠭᠡᠵᠢᠯ ᠤᠨ ᠬᠢᠨᠠᠨ ᠪᠠᠶᠢᠴᠠᠭᠠᠯᠲᠠ ᠶᠢᠨ | ᠭᠤᠭᠴᠤᠭ᠎ᠠ ᠶᠢ ᠪᠠᠭᠠᠰᠬᠠᠨ᠂ ᠭᠦᠢᠴᠡᠳᠬᠡᠬᠦ ᠭᠤᠭᠴᠤᠭ᠎ᠠ᠂ ᠴᠢᠬᠤᠯᠠ ᠨᠥᠬᠦᠴᠡᠯ ᠪᠠ ᠴᠠᠭ ᠤᠨ ᠬᠢᠵᠠᠭᠠᠷ ᠢ ᠶᠡᠭᠡ ᠪᠠᠷ ᠴᠣᠮᠬᠠᠳᠬᠠᠨ ᠪᠠᠭᠠᠰᠬᠠᠪᠠ᠃ ᠮᠡᠷᠭᠡᠵᠢᠯ ᠤᠨ | ᠮᠡᠳᠡᠭᠦᠯᠦᠯᠲᠡ ᠶᠢ ᠨᠠᠶᠢᠷᠠᠭᠤᠯᠤᠨ ᠵᠣᠬᠢᠶᠠᠬᠤ ᠳᠤ ᠬᠡᠷᠡᠭᠰᠡᠬᠦ ᠪᠡᠯᠡ ᠮᠥᠩᠭᠦ ᠶᠢᠨ ᠥᠪᠡᠷ ᠤᠨ ᠥᠷᠲᠡᠭ ᠢ ᠪᠠᠭᠠᠰᠬᠠᠵᠤ᠂ ᠠᠵᠤ ᠠᠬᠤᠶᠢᠯᠠᠯ ᠤᠨ ᠤᠰᠤᠨ ᠳᠤ | ᠬᠤᠯᠪᠣᠭᠳᠠᠬᠤ ᠵᠠᠰᠠᠭ ᠵᠠᠬᠢᠷᠭᠠᠨ ᠤ ᠵᠥᠪᠰᠢᠶᠡᠷᠡᠯ ᠢ ᠭᠦᠢᠴᠡᠳᠬᠡᠬᠦ ᠳᠤ ᠨᠠᠩ ᠳᠥᠭᠦᠮ ᠳᠥᠲᠡ ᠦᠢᠯᠡᠴᠢᠯᠡᠭᠡ ᠬᠠᠩᠭᠠᠵᠤ᠂ ᠬᠤᠳᠠᠯᠳᠤᠭ᠎ᠠ ᠡᠷᠭᠢᠯᠡᠭᠦ ᠣᠷᠴᠢᠨ | ᠨᠥᠬᠦᠴᠡᠯ ᠢ ᠰᠢᠯᠢᠳᠡᠭᠵᠢᠭᠦᠯᠬᠦ ᠪᠠ ᠦᠢᠯᠡᠴᠢᠯᠡᠭᠡᠨ ᠤ ᠴᠢᠳᠠᠮᠵᠢ ᠶᠢ ᠳᠡᠭᠡᠭᠰᠢᠯᠡᠭᠦᠯᠭᠦ ᠶᠢ ᠦᠨᠡᠨ ᠬᠦ ᠪᠣᠳᠠᠲᠠᠢ ᠳᠤ ᠨᠠᠶᠢᠳᠠᠪᠤᠷᠢᠵᠢᠭᠤᠯᠪᠠ᠃ |