| | | ᠡᠵᠢ ᠶᠢᠨ ᠬᠤᠷᠢᠶᠠᠯᠭ᠎ᠠ ᠶᠢᠨ ᠭᠡᠷ ᠢ ᠴᠡᠪᠡᠷᠯᠡᠵᠦ ᠪᠠᠶᠢᠲᠠᠯ᠎ᠠ ᠬᠤᠯᠤᠭᠠᠨ᠎ᠠ ᠭᠠᠷᠤᠭᠠᠳ ᠢᠷᠡᠯ᠎ᠡ᠃ ᠲᠡᠭᠦᠨ ᠢ ᠨᠢ ᠬᠤᠶᠠᠷ ᠠᠴᠢ ᠬᠦᠦ᠂ ᠰᠢᠷ᠎ᠠ ᠠᠯᠠᠭ | ᠮᠤᠤᠷ ᠲᠠᠢ ᠭᠤᠷᠪᠠᠭᠤᠯᠠ ᠲᠠᠭᠤᠭᠠᠳ ᠯᠡ ᠭᠠᠷᠤᠭᠠᠳ ᠬᠥᠳᠡᠯᠴᠢᠬᠡᠯᠡ᠃ ᠪᠠᠰᠠ ᠨᠢᠭᠡ ᠲᠣᠭᠤᠰᠣ ᠲᠣᠷᠳᠤᠭ ᠲᠤ ᠳᠠᠷᠤᠭᠳᠠᠭᠰᠠᠨ ᠲᠤᠰᠤᠨ ᠳ᠋ᠧᠩ ᠣᠯᠣᠭᠠᠳ ᠪᠢ | ᠡᠷᠳᠡᠨᠢ ᠣᠯᠣᠭᠰᠠᠨ ᠮᠡᠲᠦ ᠤᠤᠬᠠᠶᠢᠯᠠᠪᠠ᠃ ᠲᠡᠷᠡ ᠪᠣᠯ ᠪᠦᠭᠭᠦᠭᠦᠷ ᠰᠠᠭᠤᠷᠢ ᠲᠠᠢ ᠰᠢᠯ ᠪᠦᠷᠬᠦᠭᠦᠯᠲᠦ ᠲᠤᠰᠤᠨ ᠳ᠋ᠧᠩ ᠪᠠᠶᠢᠬᠤ ᠳᠠᠭᠠᠨ ᠲᠠᠭᠠᠷᠠᠨ᠎ᠠ᠃ ᠭᠡᠪᠡᠴᠦ ᠰᠢᠯ | ᠨᠢ ᠪᠠᠶᠢᠬᠤ ᠦᠭᠡᠢ᠃ ᠵᠥᠪᠭᠡᠨ ᠪᠦᠭᠭᠦᠭᠦᠷ ᠰᠠᠭᠤᠷᠢ ᠲᠠᠢ ᠯᠣᠩᠬᠤ ᠨᠢ ᠯᠡ ᠪᠠᠶᠢᠯ᠎ᠠ᠃ ᠲᠣᠭᠤᠰᠣ ᠶᠢ ᠨᠢ ᠬᠥᠩᠭᠡᠬᠡᠨ ᠦᠯᠢᠶᠡᠬᠦ ᠶᠢᠨ ᠬᠤᠭᠤᠷᠣᠨᠳᠤ ᠭᠡᠳᠤ ᠭᠡᠳᠤ | ᠨᠠᠶᠢᠲᠠᠭᠠᠵᠤ ᠠᠮᠵᠢᠪᠠ᠃ ᠴᠠᠭᠠᠨ᠎ᠠ ᠠᠴᠠ ᠬᠤᠶᠠᠷ ᠬᠡᠦᠬᠡᠳ ᠱᠤᠤᠭᠢᠯᠳᠤᠨ ᠢᠷᠡᠯ᠎ᠡ᠃ ᠲᠡᠳᠡ ᠮᠤᠤᠷ ᠬᠤᠯᠤᠭᠠᠨ᠎ᠠ ᠪᠠᠷ ᠶᠠᠭᠠᠬᠢᠨ ᠠᠯᠠᠭᠠᠳᠠᠵᠤ ᠲᠣᠭᠯᠠᠭᠰᠠᠨ᠂ | ᠬᠤᠯᠤᠭᠠᠨ᠎ᠠ ᠶᠢᠨ ᠰᠢᠳᠤ ᠨᠢ ᠶᠠᠭᠠᠬᠢᠵᠤ ᠢᠷᠵᠠᠶᠢᠭᠰᠠᠨ ᠲᠤᠬᠠᠢ ᠬᠥᠭᠲᠡᠢ ᠶᠠᠷᠢᠯᠳᠤᠨ᠎ᠠ᠃ | ᠳ᠋ᠧᠩ ᠤᠨ ᠯᠣᠩᠬᠤ ᠶᠢ ᠪᠢ ᠳᠡᠭᠡᠭᠰᠢ ᠡᠷᠭᠦᠵᠦ ︽ᠡᠨᠡ ᠶᠠᠭᠤ ᠪᠤᠢ︖︾ ᠭᠡᠪᠡᠯ᠄ | ︽ᠡᠪᠦᠭᠡ ᠶᠢᠨ ᠠᠷᠢᠬᠢᠨ ᠯᠣᠩᠬᠤ︾ ᠭᠡᠵᠦ ᠨᠢᠭᠡ ᠨᠢ ᠬᠡᠯᠡᠬᠦ ᠳᠤ ︽ᠠᠪᠤ ᠶᠢᠨ ᠬᠤᠨᠢ ᠡᠮᠨᠡᠳᠡᠭ ᠡᠮ ᠤᠨ ᠯᠣᠩᠬᠤ︾ ᠭᠡᠵᠦ ᠨᠥᠭᠦᠭᠡ ᠨᠢ ᠬᠡᠯᠡᠪᠡ᠃ | ︽ᠳ᠋ᠧᠩ ᠪᠠᠶᠢᠭ᠎ᠠ ᠰᠢᠤ︾ ᠭᠡᠬᠦ ᠳᠤ ᠬᠤᠶᠠᠭᠤᠯᠠ ᠢᠲᠡᠭᠡᠬᠦ ᠦᠭᠡᠢ᠂ ᠡᠶᠢᠮᠦ ᠳ᠋ᠧᠩ ᠢ ᠦᠵᠡᠭᠡ ᠦᠭᠡᠢ᠂ ᠬᠠᠮᠢᠭ᠎ᠠ ᠨᠢ ᠴᠠᠭᠢᠯᠭᠠᠨ ᠵᠠᠯᠭᠠᠳᠠᠭ ᠶᠤᠮ︖ | ᠠᠰᠠᠭᠠᠵᠤ ᠦᠵᠡᠶ᠎ᠡ ᠭᠡᠨ᠎ᠡ᠃ | ︽ᠴᠠᠭᠢᠯᠭᠠᠨ ᠢᠶᠠᠷ ᠠᠰᠠᠳᠠᠭ ᠪᠢᠰᠢ᠂ ᠬᠠᠷᠢᠨ ᠲᠣᠰᠣ ᠪᠠᠷ ᠠᠰᠠᠳᠠᠭ︾ ᠭᠡᠪᠡᠯ ᠬᠡᠦᠬᠡᠳ ᠤᠯᠠᠮ ᠬᠥᠭᠡᠷᠦᠯᠳᠦᠵᠦ᠄ | — ᠶᠠᠭᠠᠬᠢᠭᠠᠳ ᠴᠠᠭᠢᠯᠭᠠᠨ ᠵᠠᠯᠭᠠᠳᠠᠭ ᠦᠭᠡᠢ ᠶᠤᠮ︖ ᠳ᠋ᠧᠩ ᠪᠠᠰᠠ ᠲᠣᠰᠣ ᠪᠠᠷ ᠠᠰᠠᠳᠠᠭ ᠶᠤᠮ ᠤᠤ ᠭᠡᠵᠦ ᠤᠯᠠᠨ ᠠᠰᠠᠭᠤᠯᠳᠠ ᠴᠥᠷᠬᠡᠯᠡᠭᠦᠯᠵᠦ | ᠳ᠋ᠧᠩ ᠢ᠂ ᠨᠠᠮ᠎ᠠ ᠶᠢ ᠲᠣᠭᠤᠷᠢᠨ ᠡᠷᠭᠢᠯᠳᠦᠨ᠎ᠡ᠃ | — ᠬᠤᠨᠢᠨ ᠲᠣᠰᠣ᠂ ᠬᠤᠨᠢᠨ ᠥᠭᠡᠬᠦ ᠪᠠᠷ ᠪᠦᠷ ᠠᠰᠠᠭᠠᠵᠤ ᠪᠠᠶᠢᠭᠰᠠᠨ ᠁ | ᠬᠤᠶᠠᠷ ᠬᠡᠦᠬᠡᠳ ᠶᠠᠭᠠᠬᠢᠭᠰᠠᠨ ᠴᠦ ᠢᠲᠡᠭᠡᠬᠦ ᠦᠭᠡᠢ᠃ ᠠᠪᠠᠭ᠎ᠠ ᠡᠭᠡᠴᠢ ᠪᠠᠰᠠ ᠯᠡ ᠮᠠᠨ ᠢ ᠱᠤᠤᠭᠢᠭᠤᠯᠵᠤ ᠪᠠᠶᠢᠨ᠎ᠠ᠂ ᠲᠡᠶᠢᠮᠤ ᠪᠣᠯ ᠤᠳᠤ ᠠᠰᠠᠭᠠᠭᠠᠳ | ᠦᠵᠡᠭᠦᠯ ᠭᠡᠨ᠎ᠡ᠃ | ᠪᠢ ᠦᠨᠡᠬᠡᠷ ᠲᠡᠳᠡᠨᠤᠰ ᠲᠤ ᠳᠤᠰᠤᠨ ᠳ᠋ᠧᠩ ᠠᠰᠠᠭᠠᠵᠤ ᠥᠵᠡᠭᠦᠯᠭᠦ ᠶᠢ ᠪᠤᠳᠤᠪᠠ᠃ | ᠡᠨᠡ ᠳ᠋ᠧᠩ ᠪᠦᠷᠬᠦᠭᠦᠯ ᠰᠢᠯ ᠨᠢ ᠪᠠᠶᠢᠬᠤ ᠦᠭᠡᠢ᠃ ᠤᠤᠯ ᠠᠴᠠ ᠪᠠᠨ᠂ ᠡᠶᠢᠮᠦ ᠯᠡ ᠪᠦᠭᠭᠦᠭᠦᠷ ᠰᠠᠭᠤᠷᠢ ᠶᠢ ᠣᠯᠵᠤ ᠡᠵᠢ ᠬᠠᠳᠠᠭᠠᠯᠠᠭᠰᠠᠨ ᠶᠤᠮ᠃ | ᠪᠦᠷᠬᠦᠭᠦᠯ ᠰᠢᠯ ᠢ ᠨᠢ ᠣᠯᠣᠭᠠᠰᠠᠢ᠂ ᠲᠡᠭᠡᠭᠰᠡᠭᠡᠷ ᠪᠢᠳᠡ ᠪᠠᠰᠠ ᠰᠢᠯ ᠪᠦᠷᠬᠦᠭᠦᠯᠲᠦ ᠳ᠋ᠧᠩ ᠲᠠᠢ ᠪᠣᠯᠴᠢᠬᠠᠨ᠎ᠠ ᠭᠡᠵᠦ ᠲᠡᠷᠡ ᠦᠶ᠎ᠡ ᠳᠤ ᠡᠵᠢ ᠶᠢᠨ ᠬᠡᠯᠡᠵᠦ | ᠪᠠᠶᠢᠭᠰᠠᠨ ᠢ ᠪᠢ ᠤᠳᠤ ᠪᠤᠯᠳᠠᠯ᠎ᠠ ᠲᠣᠳᠣ ᠴᠡᠭᠡᠵᠢᠯᠡᠭᠰᠡᠭᠡᠷ᠃ | ᠮᠥᠨ ᠡᠶᠢᠮᠦ ᠨᠢᠭᠡ ᠬᠠᠷ᠎ᠠ ᠭᠦ᠋ ᠰᠠᠭᠤᠭᠰᠠᠨ ᠪᠠᠭ ᠬᠠᠷ᠎ᠠ ᠶᠠᠭᠤᠮ᠎ᠠ᠂ ᠲᠡᠳᠡᠨᠤᠰ ᠤᠨ ᠬᠠᠮᠠᠷ ᠠᠮᠠ ᠪᠠᠨ ᠪᠠᠷᠢᠭᠠᠳ ᠣᠶᠢᠷᠠᠲᠤᠨ ᠶᠠᠳᠠᠨ ᠠᠯᠳᠠᠭᠰᠠᠨ ᠡᠨᠡ | ᠲᠤᠰᠤᠨ ᠳ᠋ᠧᠩ ᠲᠡᠷᠡ ᠦᠶ᠎ᠡ ᠳᠤ᠂ ᠤᠳᠤ ᠲᠧᠯᠸᠢᠰ᠂ ᠭᠠᠷ ᠮᠠᠰᠢᠨ ᠢ ᠴᠦ ᠳᠡᠮᠡᠢ ᠴᠦ ᠳᠤᠷᠠᠰᠢᠶᠠᠬᠤ ᠦᠭᠡᠢ ᠪᠣᠯᠤᠭᠰᠠᠨ ᠡᠮᠡᠭᠡ ᠳᠤᠨᠢ᠂ ᠤᠷᠳᠤ ᠲᠦᠷᠡᠢ᠂ ᠥᠨᠳᠥᠷ | ᠪᠣᠷᠪᠢ ᠲᠠᠢ ᠭᠠᠰ ᠤᠯᠠᠭᠠᠨ ᠠᠷᠠᠰᠤᠨ ᠭᠤᠳᠤᠯ ᠳᠤᠭᠲᠤᠷᠴᠢᠬᠠᠭᠰᠠᠨ ᠡᠨᠡ ᠠᠪᠠᠭ᠎ᠠ ᠡᠭᠡᠴᠢ ᠳᠤᠨᠢ ᠬᠡᠴᠢᠨᠡᠭᠡᠨ ᠤᠯᠠᠨ ᠬᠦᠰᠡᠯ ᠮᠥᠷᠥᠭᠡᠳᠦᠯ᠂ ᠬᠦᠷᠴᠦ ᠴᠢᠳᠠᠰᠢ | ᠦᠭᠡᠢ ᠬᠦᠰᠡᠯ ᠮᠥᠷᠥᠭᠡᠳᠦᠯ ᠤᠷᠭᠤᠭᠤᠯᠵᠤ ᠪᠠᠶᠢᠭᠰᠠᠨ ᠢ ᠲᠡᠳᠡ ᠮᠡᠳᠡᠬᠦ ᠦᠭᠡᠢ ᠠ᠋᠃ | ᠮᠠᠨ ᠤ ᠪᠠᠭ᠎ᠠ ᠶᠢᠨ ᠦᠶ᠎ᠡ ᠳᠤ ᠪᠦᠷ ᠲᠤᠰᠤᠨ ᠳ᠋ᠧᠩ ᠬᠡᠷᠡᠭᠯᠡᠳᠡᠭ ᠪᠠᠶᠢᠭᠰᠠᠨ᠃ ᠶᠠᠩᠶ᠋ᠸᠤ ᠭᠡᠰᠡᠨ ᠳ᠋ᠧᠩ ᠤᠨ ᠲᠣᠰᠣ ᠶᠢ ᠴᠠᠭᠠᠨ ᠰᠠᠷ᠎ᠠ ᠶᠢᠨ ᠦᠶ᠎ᠡ ᠳᠤ | ᠬᠠᠩᠭᠠᠯᠭ᠎ᠠ ᠶᠢᠨ ᠬᠤᠷᠰᠢᠶᠠᠨ ᠠᠴᠠ ᠬᠤᠳᠠᠯᠳᠤᠨ᠎ᠠ᠃ ᠡᠷᠥᠭᠡ ᠪᠦᠷᠢ ᠳᠤ ᠬᠤᠶᠠᠷ ᠵᠢᠩ ᠴᠦ ᠪᠢᠯᠢᠦ᠂ ᠭᠤᠷᠪᠠᠨ ᠵᠢᠩ ᠴᠦ ᠪᠢᠯᠢᠦ᠂ ᠶᠠᠭᠤ ᠴᠦ ᠭᠡᠰᠡᠨ ᠬᠡᠮᠵᠢᠶ᠎ᠡ ᠲᠠᠢ | ᠯᠡ ᠬᠤᠳᠠᠯᠳᠤᠵᠤ ᠥᠭᠭᠦᠨ᠎ᠡ᠃ ᠵᠣᠭᠤᠰ ᠲᠠᠢ ᠴᠦ᠂ ᠵᠣᠭᠤᠰ ᠦᠭᠡᠢ ᠴᠦ᠂ ᠰᠢᠨᠡᠯᠡᠬᠦ ᠭᠡᠵᠦ ᠪᠠᠶᠢᠬᠤ ᠶᠤᠮ ᠴᠢᠨᠢ ᠳ᠋ᠠ᠃ ᠬᠤᠷᠰᠢᠶᠠᠨ ᠳᠤ ᠡᠨᠡ ᠦᠶ᠎ᠡ ᠳᠤ ᠬᠥᠮᠥᠨ | ᠤᠯᠠᠨ᠃ ᠬᠤᠷᠰᠢᠶᠠᠨ ᠤ ᠬᠥᠮᠥᠨ ᠲᠠᠯ᠎ᠠ ᠲᠠᠢ ᠨᠢᠭᠡᠨ ᠳᠡᠭᠡᠨ ᠤᠷᠢᠳ ᠢᠶᠠᠷ ᠮᠠᠶᠢᠮᠠᠢ ᠶᠢ ᠨᠢ ᠬᠢᠵᠦ ᠥᠭᠴᠦ ᠲᠠᠯ᠎ᠠ ᠦᠭᠡᠢ ᠳᠡᠭᠡᠨ ᠬᠠᠮᠤᠭ ᠰᠡᠭᠦᠯ ᠳᠤᠨᠢ ᠰᠢᠳᠡᠯᠡᠵᠤ | ᠥᠭᠳᠡᠭ ᠭᠡᠵᠦ ᠡᠵᠢ ᠬᠡᠯᠡᠳᠡᠭ᠃ ᠪᠤᠳᠤᠪᠠᠴᠤ ᠶᠠᠳᠠᠭᠤ ᠠᠶᠢᠯ ᠤᠨ ᠡᠵᠡᠭᠲᠡᠢ ᠪᠦᠰᠡᠭᠦᠢ ᠪᠣᠯᠤᠭᠰᠠᠨ ᠡᠵᠢ ᠳᠤ ᠶᠠᠮᠠᠷ ᠲᠠᠯ᠎ᠠ ᠨᠢ ᠪᠠᠶᠢᠳᠠᠭ ᠶᠤᠮ᠃ ᠮᠥᠨ ᠲᠡᠷᠡ | ᠬᠤᠶᠠᠷ ᠭᠤᠷᠪᠠᠨ ᠵᠢᠩ ᠶᠠᠩᠶ᠋ᠸᠤ ᠶᠢᠨ ᠲᠥᠯᠥᠭᠡ ᠡᠵᠢ ᠭᠤᠷᠪᠠ ᠳᠥᠷᠪᠡᠨ ᠡᠳᠦᠷ ᠬᠤᠷᠰᠢᠶᠠᠤᠷᠤᠭᠤ ᠵᠠᠮᠨᠠᠵᠤ ᠪᠠᠶᠢᠵᠤ ᠣᠯᠳᠠᠭ ᠶᠤᠮ ᠭᠡᠨ᠎ᠡ᠃ | ᠲᠡᠭᠡᠪᠡᠴᠤ ᠰᠥᠨᠢ ᠪᠣᠯᠭᠠᠨ ᠶᠠᠩᠶ᠋ᠸᠤ ᠳ᠋ᠧᠩ ᠨᠣᠴᠣᠭᠠᠳᠠᠭ ᠪᠢᠰᠢ᠃ ᠵᠣᠴᠢᠨ ᠢᠷᠡᠬᠦ ᠶᠤᠮ ᠤᠤ᠂ ᠰᠢᠨᠡᠯᠡᠵᠤ ᠪᠠᠶᠢᠭ᠎ᠠ ᠦᠶ᠎ᠡ ᠳᠤ ᠯᠡ ᠶᠠᠩᠶ᠋ᠸᠤ ᠵᠠᠷᠤᠵᠤ | ᠡᠩ ᠤᠨ ᠴᠠᠭ ᠲᠤ ᠪᠠᠷᠤᠭ ᠪᠦᠷ ᠱᠥᠯᠥᠨ ᠲᠤᠰᠤᠨ ᠳ᠋ᠧᠩ ᠠᠰᠠᠭᠠᠨ᠎ᠠ᠃ ᠱᠥᠯᠥᠨ ᠲᠣᠰᠣ ᠶᠢ ᠨᠢ ᠴᠦ ᠡᠵᠢ ᠬᠠᠮᠢᠭ᠎ᠠ ᠠᠴᠠ ᠣᠯᠳᠠᠭ ᠢ ᠬᠡᠨ ᠮᠡᠳᠡᠯ᠎ᠡ᠃ ᠶᠠᠭᠤ ᠴᠦ | ᠭᠡᠰᠡᠨ ᠬᠠᠶᠠ ᠳᠠᠭᠠᠨ ︽ᠥᠨᠥ ᠣᠷᠣᠢ ᠳ᠋ᠧᠩ ᠤᠨ ᠲᠣᠰᠣ ᠦᠭᠡᠢ ᠰᠢᠤ᠂ ᠲᠠᠨᠤᠰ ᠳᠠᠰᠬᠠᠯ ᠲᠠᠢ ᠪᠣᠯ ᠨᠠᠷᠠ ᠲᠠᠢ ᠪᠠᠶᠢᠬᠤ ᠳᠤ ᠬᠢ︾ ᠭᠡᠵᠦ ᠪᠠᠰᠠ ᠬᠠᠶᠠ ᠳᠠᠭᠠᠨ | ︽ᠡᠵᠢ ᠨᠢ ᠰᠠᠷ᠎ᠠ ᠠᠰᠠᠭᠠᠵᠤ ᠬᠦᠷᠦᠯᠴᠡᠬᠦᠶᠢᠴᠡ ᠱᠥᠯᠥᠨ ᠲᠣᠰᠣ ᠣᠯᠣᠭᠰᠠᠨ᠂ ᠮᠢᠨᠤ ᠬᠡᠦᠬᠡᠳ ᠳᠠᠪᠲᠠᠬᠤ ᠪᠠᠨ ᠮᠡᠳᠡ︾ ᠭᠡᠵᠦ ᠰᠤᠷᠭᠠᠭᠤᠯᠢ ᠲᠠᠷᠬᠠᠭᠠᠳ | ᠢᠷᠡᠬᠦ ᠳᠤ ᠬᠡᠯᠡᠳᠡᠭ ᠡᠵᠢ ᠶᠢᠨ ᠦᠭᠡ᠃ ᠤᠳᠤ ᠪᠤᠳᠤᠬᠤ ᠳᠤ ᠥᠴᠥᠭᠡᠳᠦᠷᠬᠡᠨ ᠤ ᠶᠤᠮ ᠰᠢᠭ ᠲᠣᠳᠣᠬᠠᠨ ᠠᠳᠠᠯ᠎ᠠ ᠡᠨᠡ ᠦᠭᠡ ᠮᠥᠨ ᠬᠤᠷᠢᠭᠠᠳ ᠵᠢᠯ ᠤᠨ | ᠡᠮᠦᠨᠡᠬᠢ ︽ᠪᠠᠯᠠᠷ ᠡᠷᠲᠡᠨ︾ ᠤ ᠪᠣᠯᠤᠭᠰᠠᠨ ᠠᠵᠤᠭᠤ᠃ ᠨᠢᠭᠡ ᠪᠤᠳᠤᠬᠤ ᠳᠤ ᠣᠨ ᠴᠠᠭ ᠭᠡᠳᠡᠭ ᠶᠠᠭᠤᠮ᠎ᠠ ᠬᠡᠳᠦᠢ ᠴᠦ ᠠᠮᠠᠷᠬᠠᠨ ᠥᠩᠭᠡᠷᠡᠴᠢᠬᠡᠳᠡᠭ ᠪᠢᠯᠡ ᠳ᠋ᠠ᠃ | ᠳᠡᠭᠦᠦ ᠪᠢᠳᠡ ᠬᠠᠨᠵᠤᠨ ᠳᠡᠭᠡᠷ᠎ᠡ ᠰᠢᠷᠡᠭᠡ ᠡᠯᠢᠭᠡᠳᠡᠨ ᠲᠤᠰᠤᠨ ᠳ᠋ᠧᠩ ᠤᠨ ᠳᠣᠣᠷ᠎ᠠ ᠬᠢᠴᠢᠶᠡᠯ ᠢᠶᠠᠨ ᠳᠠᠪᠲᠠᠨ᠎ᠠ᠃ ᠳᠠᠰᠬᠠᠯ ᠢᠶᠠᠨ ᠬᠢᠨ᠎ᠡ᠃ | ᠪᠦᠳᠡᠭᠢᠬᠡᠨ ᠰᠦᠮᠡᠭᠡᠷ ᠲᠤᠰᠤᠨ ᠳ᠋ᠧᠩ ᠤᠨ ᠭᠡᠷᠡᠯ ᠠ᠋᠂ ᠰᠢᠷᠡᠭᠡ ᠡᠯᠢᠭᠡᠳᠡᠨ ᠰᠥᠨᠢ ᠶᠢᠨ ᠭᠦᠨ ᠪᠤᠯᠳᠠᠯ᠎ᠠ ᠬᠢᠴᠢᠶᠡᠯ ᠳᠠᠪᠲᠠᠵᠤ ᠰᠠᠭᠤᠳᠠᠭ ᠬᠥᠳᠡᠭᠡ ᠶᠢᠨ | ᠬᠡᠦᠬᠡᠳ ᠤᠨ ᠬᠤᠯᠠ ᠶᠢᠨ ᠬᠤᠯᠠ ᠶᠢᠨ ᠬᠢᠨᠢ ᠬᠦᠰᠡᠯ ᠮᠥᠷᠥᠭᠡᠳᠦᠯ ᠨᠢ ᠰᠢᠭ ᠰᠦᠮᠡᠯᠵᠡᠵᠦ ᠪᠠᠶᠢᠭᠰᠠᠨ ᠪᠢᠵᠡ ᠳ᠋ᠠ᠃ ᠪᠠᠰᠠ ᠴᠠᠭᠠᠨ᠎ᠠ ᠨᠢ ᠬᠠᠷᠠᠩᠭᠤᠢ ᠪᠤᠯᠤᠩ ᠳᠤ | ᠤᠲᠠᠰᠤ ᠲᠠᠮᠤᠵᠤ ︽ᠤᠲᠠᠰᠤ ᠲᠠᠮᠤᠬᠤ ᠬᠥᠮᠥᠨ ᠳᠤ ᠭᠡᠷᠡᠯ ᠬᠡᠷᠡᠭ ᠦᠭᠡᠢ︾ ᠭᠡᠵᠦ ᠭᠡᠷᠡᠯ ᠭᠡᠭᠡ ᠶᠢ ᠬᠡᠦᠬᠡᠳ ᠲᠡᠭᠡᠨ ᠵᠠᠶᠢᠴᠢᠯᠠᠨ ᠥᠭᠴᠦ ᠪᠠᠶᠢᠭᠰᠠᠨ ᠡᠬᠡ | ᠬᠥᠮᠥᠨ ᠤ ᠬᠡᠦᠬᠡᠳ ᠲᠡᠭᠡᠨ ᠲᠠᠯᠪᠢᠭᠰᠠᠨ ᠬᠦᠰᠡᠯ᠂ ᠢᠲᠡᠭᠡᠯ᠂ ᠬᠠᠶᠢᠷ᠎ᠠ ᠶᠢᠨ ᠨᠡᠶᠢᠳᠬᠡᠯ ᠢᠶᠠᠷ ᠰᠦᠮᠡᠯᠵᠡᠨ ᠠᠰᠠᠵᠤ ᠪᠠᠶᠢᠭᠰᠠᠨ ᠪᠢᠵᠡ ᠳ᠋ᠠ᠃ | ᠮᠸᠶᠢᠶ᠋ᠸᠤ ᠲᠣᠰᠣ᠂ ᠴᠠᠶᠢᠶ᠋ᠢᠦ ᠲᠣᠰᠣ ᠭᠡᠳ ᠴᠦ ᠰᠡᠭᠦᠯ ᠤᠨ ᠦᠶ᠎ᠡ ᠳᠤ ᠬᠡᠷᠡᠭᠯᠡᠳᠡᠭ ᠪᠠᠶᠢᠭᠰᠠᠨ᠃ ᠶᠠᠮᠠᠷ ᠲᠣᠰᠣ ᠶᠢ ᠨᠢ ᠮᠡᠳᠡᠬᠦ ᠦᠭᠡᠢ᠃ ᠠᠷᠭ᠎ᠠ ᠦᠭᠡᠢ | ᠮᠠᠭᠤᠬᠠᠢ ᠦᠨᠦᠷ ᠭᠠᠷᠳᠠᠭ ᠮᠥᠷᠲᠡᠭᠡᠨ ᠤᠳᠤᠭ᠎ᠠ ᠨᠢ ᠬᠠᠮᠠᠷ ᠠᠮᠠ ᠶᠢ ᠪᠢᠲᠡᠭᠦᠷᠡᠭᠦᠯᠳᠡᠭ ᠪᠠᠶᠢᠯ᠎ᠠ᠃ ᠥᠷᠯᠥᠭᠡ ᠨᠢ ᠡᠬᠡ ᠬᠥᠮᠥᠨ ᠴᠠᠢ ᠪᠤᠳᠠᠭ᠎ᠠ ᠪᠠᠨ | ᠳᠥᠭᠦᠭᠡᠷᠭᠡᠴᠢᠭᠡᠭᠡᠳ ᠠᠮᠲᠠᠲᠤ ᠨᠣᠶᠢᠷ ᠲᠠᠭᠠᠨ ᠪᠠᠶᠢᠳᠠᠭ ᠬᠡᠦᠬᠡᠳ ᠢᠶᠠᠨ ᠳᠠᠭᠤᠳᠠᠨ ᠰᠡᠷᠡᠭᠡᠬᠦ ᠦᠶ᠎ᠡ ᠳᠤ ᠬᠡᠦᠬᠡᠳ ᠤᠨ ᠬᠢᠨᠢ ᠬᠠᠮᠠᠷ ᠤᠨ ᠨᠦᠬᠡ ᠴᠥᠮ ᠳ᠋ᠧᠩ ᠤᠨ | ᠲᠤᠰᠤᠨ ᠤᠳᠤᠭᠠᠨ ᠳᠤ ᠬᠠᠷᠠᠯᠠᠴᠢᠬᠠᠭᠰᠠᠨ᠂ ᠢᠨᠢᠶᠡᠳᠦ ᠬᠦᠷᠦᠮ᠎ᠡ ᠬᠥᠭᠡᠷᠦᠬᠦᠨ ᠬᠠᠷᠠᠭᠳᠠᠳᠠᠭ ᠪᠠᠶᠢᠭᠰᠠᠨ ᠭᠡᠨ᠎ᠡ᠃ | ᠨᠢᠭᠡ ᠤᠳᠠᠭ᠎ᠠ ᠨᠠᠭᠠᠴᠤ ᠶᠢᠨ ᠳᠤ ᠣᠴᠢᠵᠤ ᠭᠡᠳᠤ ᠬᠤᠨᠣᠭᠠᠳ ᠪᠤᠴᠠᠵᠤ ᠢᠷᠡᠭᠰᠡᠨ ᠡᠵᠢ᠄ ︽ᠤᠳᠤ ᠨᠢᠭᠡ ᠬᠠᠴᠢᠨ ᠰᠠᠶᠢᠬᠠᠨ ᠳ᠋ᠧᠩ ᠭᠠᠷᠤᠭᠠᠳ | ᠢᠷᠡᠴᠢᠬᠡᠵᠡᠢ᠂ ᠨᠠᠭᠠᠴᠤ ᠶᠢᠨ ᠴᠢᠨᠢ ᠠᠰᠠᠭᠠᠵᠤ ᠪᠠᠶᠢᠨ᠎ᠠ᠂ ᠰᠢᠯ ᠪᠦᠷᠬᠦᠭᠦᠯ ᠲᠠᠢ︾ ᠭᠡᠵᠦ ᠬᠡᠯᠡᠯ᠎ᠡ᠃ | ᠠ︕ ᠰᠢᠯ ᠪᠦᠷᠬᠦᠭᠦᠯᠲᠦ ᠲᠤᠰᠤᠨ ᠳ᠋ᠧᠩ᠃ ᠶᠠᠮᠠᠷ ᠭᠠᠶᠢᠬᠠᠮᠰᠢᠭᠲᠠᠢ ᠡᠳ᠋ ᠶᠤᠮ ᠪᠣᠯ ᠠ᠋︖ | — ᠰᠢᠯ ᠨᠢ ᠶᠠᠮᠠᠷ ᠭᠡᠯᠪᠡᠷᠢ ᠶᠢᠨ ᠶᠤᠮ︖ | — ᠣᠯᠣᠭᠠᠢ ᠰᠢᠭ᠋ ᠠ᠋᠃ ᠰᠢᠯ ᠣᠯᠣᠭᠠᠢ ᠶᠢ ᠬᠥᠮᠥᠷᠢᠭᠡᠳ ᠲᠠᠯᠪᠢᠴᠢᠬᠠᠭᠰᠠᠨ ᠰᠢᠭ᠋᠃ ᠲᠡᠳᠡ ᠲᠡᠭᠦᠨ ᠢᠶᠠᠨ ᠰᠢᠯ ᠪᠦᠷᠬᠦᠭᠦᠯᠲᠦ ᠲᠤᠰᠤᠨ ᠳ᠋ᠧᠩ ᠭᠡᠬᠦ ᠶᠤᠮ᠃ | ᠠᠯᠳᠠ ᠤᠷᠳᠤ ᠨᠡᠷ᠎ᠡ ᠠ᠋᠂ ᠪᠢ ᠬᠡᠯᠡᠪᠡᠯ ᠣᠯᠣᠭᠠᠢ ᠶᠢᠨ ᠳ᠋ᠧᠩ᠃ ᠳ᠋ᠧᠩ ᠤᠨ ᠭᠤᠣᠯ ᠳᠤᠨᠢ ᠭᠠᠯ ᠵᠣᠯᠭᠠᠭᠤᠯᠤᠮᠠᠭᠴᠠ ᠰᠢᠯ ᠨᠢ ᠨᠡᠪᠲᠡ ᠭᠡᠷᠡᠯᠳᠤᠵᠤ ᠪᠦᠬᠦᠢ ᠯᠡ | ᠥᠷᠥᠭᠡ ᠶᠢ ᠴᠦ ᠨᠡᠪᠲᠡ ᠭᠡᠷᠡᠯᠳᠤᠭᠦᠯᠵᠤ ᠁ | — ᠶᠡᠭᠡ ᠭᠡᠷᠡᠯ ᠲᠠᠢ ᠤᠤ︖ | — ᠴᠠᠪ ᠴᠠᠭᠠᠨ ᠭᠡᠷᠡᠯ ᠲᠠᠢ᠂ ᠨᠠᠭᠠᠴᠤ ᠡᠮᠡᠭᠡ ᠴᠢᠨᠢ ᠭᠡᠷ ᠤᠨ ᠪᠤᠯᠤᠩ ᠳᠤ᠂ ᠳ᠋ᠧᠩ ᠠᠴᠠ ᠲᠡᠶᠢᠮᠤ ᠵᠠᠢ ᠲᠠᠢ ᠰᠠᠭᠤᠭᠠᠳ ᠵᠡᠭᠦᠦ ᠪᠠᠨ ᠨᠢᠭᠡ ᠯᠡ ᠳᠡᠭᠡᠷ᠎ᠡ | ᠰᠦᠪᠡᠯᠡᠵᠦ ᠪᠠᠶᠢᠬᠤ ᠳᠤ ᠤᠤ︖ | — ᠲᠡᠷᠡ ᠳ᠋ᠧᠩ ᠨᠢ ᠪᠠᠰᠠ ᠤᠳᠤᠭ᠎ᠠ ᠲᠠᠢ ᠤᠤ︖ | — ᠰᠢᠯ ᠪᠦᠷᠬᠦᠭᠦᠯ ᠤᠨ ᠬᠢᠨᠢ ᠣᠷᠣᠢ ᠳᠡᠭᠡᠷ᠎ᠡ ᠪᠠᠨ ᠤᠡᠭᠭᠤᠷᠬᠠᠢ ᠲᠠᠢ᠂ ᠤᠳᠤᠭ᠎ᠠ ᠨᠢ ᠲᠡᠭᠦᠪᠡᠷ ᠨᠢ ᠭᠠᠷᠤᠨ᠎ᠠ᠃ | — ᠳ᠋ᠧᠩ ᠤᠨ ᠭᠤᠣᠯ ᠨᠢ ᠬᠠᠮᠢᠭ᠎ᠠ ᠨᠢ ᠪᠠᠶᠢᠳᠠᠭ ᠶᠤᠮ︖ ᠳ᠋ᠧᠩ ᠤᠨ ᠭᠤᠣᠯ ᠨᠢ ᠮᠥᠨ ᠬᠥᠪᠥᠩ ᠢᠶᠠᠷ ᠬᠢᠭᠰᠡᠨ ᠤᠤ︖ | — ᠪᠦᠭᠭᠦᠭᠦᠷ ᠰᠠᠭᠤᠷᠢ ᠲᠠᠢ᠂ ᠲᠡᠭᠦᠨ ᠤ ᠬᠢᠨᠢ ᠬᠠᠵᠠᠭᠤ ᠳᠤ ᠵᠢᠭᠠᠬᠠᠨ ᠡᠷᠭᠢᠭᠦᠯᠳᠡᠭ ᠭᠤᠬ᠎ᠠ ᠲᠠᠢ᠂ ᠲᠡᠷᠡ ᠭᠤᠬ᠎ᠠ ᠶᠢ ᠨᠢ ᠡᠷᠭᠢᠭᠦᠯᠦᠮᠡᠭᠴᠡ ᠳ᠋ᠧᠩ ᠤᠨ | ᠭᠤᠣᠯ ᠨᠢ ᠭᠠᠷᠴᠤ ᠢᠷᠡᠨ᠎ᠡ᠃ ᠪᠦᠷᠬᠦᠭᠦᠯ ᠰᠢᠯ ᠢᠶᠠᠨ ᠵᠢᠭᠠᠬᠠᠨ ᠡᠷᠭᠦᠰᠬᠢᠵᠦ᠂ ᠳ᠋ᠧᠩ ᠢ ᠠᠰᠠᠭᠠᠮᠠᠭᠴᠠ ᠰᠢᠯ ᠪᠦᠷᠬᠦᠭᠦᠯ ᠢᠶᠠᠨ ᠳᠣᠷᠣᠭᠰᠢ ᠲᠠᠯᠪᠢᠨ᠎ᠠ᠂ ᠰᠢᠯ | ᠪᠦᠷᠬᠦᠭᠦᠯ ᠤᠨ ᠢᠶᠠᠨ ᠳᠡᠭᠡᠷ᠎ᠡ ᠨᠢ ᠪᠠᠰᠠ ᠳᠡᠯᠪᠡᠭᠡᠷ ᠮᠠᠯᠠᠭᠠᠢ ᠰᠢᠭ᠋ ᠰᠠᠷᠠᠪᠴᠢ ᠲᠠᠢ᠂ ᠲᠡᠷᠡ ᠨᠢ ᠴᠦ ᠴᠠᠪ ᠴᠠᠭᠠᠨ᠂ ᠳ᠋ᠧᠩ ᠤᠨ ᠭᠤᠣᠯ ᠨᠢ ᠶᠠᠮᠠᠷ ᠪᠠᠶᠢᠯ᠎ᠠ︖ ᠡᠭᠦᠨ ᠢ | ᠨᠢ ᠬᠠᠷᠢᠨ ᠤᠪᠠᠶᠢᠯᠠᠭᠰᠠᠨ ᠦᠭᠡᠢ᠃ ᠶᠠᠭᠤ ᠴᠦ ᠭᠡᠰᠡᠨ ᠴᠢ ᠳᠠᠷᠠᠭᠠᠴᠢ ᠪᠠᠷ ᠨᠠᠭᠠᠴᠤ ᠶᠢᠨ ᠳᠠᠭᠠᠨ ᠣᠴᠢᠪᠠᠯ ᠣᠯᠣᠭᠠᠳ ᠦᠵᠡᠴᠢᠬᠡᠨᠡ ᠭᠡᠵᠦ ᠡᠵᠢ ᠬᠡᠯᠡᠨ᠎ᠡ᠃ ᠡᠵᠢ | ᠠᠮᠠ ᠬᠠᠮᠬᠢᠯ ᠦᠭᠡᠢ ᠲᠡᠷᠡ ᠳ᠋ᠧᠩ ᠤᠨ ᠭᠠᠶᠢᠬᠠᠮᠰᠢᠭ ᠢ ᠱᠠᠭᠰᠢᠷᠠᠨ ᠪᠣᠷᠪᠢᠳᠠᠨ ᠳᠠᠭᠠᠵᠤ ᠤᠯᠠᠨ ᠳᠠᠭᠢᠨ ᠤᠬᠤᠴᠢᠯᠠᠵᠤ ᠠᠰᠠᠭᠤᠭᠰᠠᠨ ᠨᠠᠳᠠ ᠳᠤ ᠤᠬᠳᠤ ᠡᠭᠳᠡᠭᠦᠦ | ᠬᠥᠳᠡᠯᠦᠭᠡ ᠦᠭᠡᠢ ᠪᠠᠶᠢᠵᠤ ᠪᠢᠯᠡ᠃ | ᠡᠵᠢ ᠰᠡᠳᠬᠢᠯ ᠶᠡᠭᠡ ᠬᠥᠭᠰᠡᠵᠦ᠂ ᠬᠤᠵᠢᠮ ᠪᠢᠳᠡ ᠴᠦ ᠲᠡᠶᠢᠮᠤ ᠳ᠋ᠧᠩ ᠯᠠᠪ ᠠᠪᠤᠨ᠎ᠠ ᠭᠡᠵᠦ ᠬᠡᠯᠡᠪᠡ᠃ | ᠲᠡᠭᠡᠭᠦᠯᠡᠷ ᠨᠢ ᠪᠢ ᠬᠡᠳᠦᠨ ᠰᠥᠨᠢ ᠳᠠᠷᠠᠭᠠᠯᠠᠨ ᠨᠣᠶᠢᠷ ᠬᠤᠯᠵᠢᠴᠢᠬᠠᠵᠤ ᠴᠣᠩᠬᠤ ᠪᠠᠷ ᠬᠤᠯᠠ ᠶᠢᠨ ᠰᠠᠷ᠎ᠠ ᠶᠢ ᠰᠢᠷᠳᠡᠨ ᠬᠡᠪᠲᠡᠨ᠎ᠡ᠃ ᠲᠡᠷᠡ ᠳ᠋ᠧᠩ ᠤᠨ ᠭᠡᠷᠡᠯ | ᠶᠠᠮᠠᠷᠬᠠᠨ ᠪᠠᠶᠢᠳᠠᠭ ᠪᠣᠯ︖ ᠣᠭᠲᠠᠷᠭᠤᠢ ᠶᠢᠨ ᠰᠠᠷᠠᠨ ᠤ ᠬᠢ ᠰᠢᠭ᠋ ᠠᠰᠬᠠᠷᠠᠭᠰᠠᠨ ᠴᠠᠭᠠᠨ ᠭᠡᠷᠡᠯ ᠲᠠᠢ ᠭᠡᠵᠢ ᠤᠤ︖ ᠪᠤᠳᠤᠬᠰᠠᠭᠠᠷ ᠪᠤᠳᠤᠬᠰᠠᠭᠠᠷ ᠰᠠᠷᠠᠨ ᠤ ᠬᠠᠰ | ᠲᠠᠤᠯᠠᠢ ᠨᠢᠳᠦᠨ ᠳᠤ ᠬᠠᠷᠠᠭᠳᠠᠵᠤ ᠰᠡᠲᠡᠷᠬᠡᠢ ᠤᠷᠤᠭᠤᠯ ᠢᠶᠠᠷ ᠢᠶᠠᠨ ᠡᠪᠰᠢᠶᠡᠬᠦ ᠨᠢ ᠴᠦ ᠬᠠᠷᠠᠭᠳᠠᠨ᠎ᠠ᠃ | ᠲᠡᠭᠦᠨ ᠠᠴᠠ ᠪᠠᠷᠤᠭ ᠰᠠᠷ᠎ᠠ ᠶᠢᠨ ᠳᠠᠷᠠᠭ᠎ᠠ ᠪᠢ ᠮᠠᠨ ᠤ ᠳᠤ ᠢᠷᠡᠭᠰᠡᠨ ᠨᠠᠭᠠᠴᠤ ᠠᠪᠤ ᠶᠢ ᠳᠠᠭᠠᠵᠤ ᠶᠠᠪᠤᠬᠤ ᠪᠠᠷ ᠳᠠᠭᠤ ᠲᠤᠬᠤ ᠪᠠᠨ ᠲᠠᠯᠪᠢᠯ᠎ᠠ᠂ ᠦᠬᠡᠷ | ᠲᠡᠷᠭᠡᠨ ᠤ ᠬᠢᠨᠢ ᠡᠮᠦᠨ᠎ᠡ ᠲᠦᠷᠦᠭᠦᠯᠡᠭᠡᠳ ᠭᠦᠶᠦᠴᠢᠬᠡᠯᠡ᠃ | ᠨᠠᠭᠠᠴᠤ ᠠᠪᠤ ᠳᠠᠭᠠᠭᠤᠯᠵᠤ ᠠᠪᠠᠴᠢᠬᠤ ᠦᠭᠡᠢ ᠶᠤᠮ ᠭᠡᠨ᠎ᠡ᠃ ᠴᠢᠨᠦ ᠰᠤᠷᠭᠠᠭᠤᠯᠢ ᠴᠢᠨᠢ ᠬᠡᠳᠦᠨ ᠬᠤᠨᠤᠭ ᠠᠴᠠ ᠡᠬᠢᠯᠡᠴᠢᠬᠡᠨᠡ᠂ ᠠᠵᠢᠯ ᠶᠠᠭᠠᠷᠠᠤ᠂ | ᠪᠤᠴᠠᠭᠠᠭᠠᠳ ᠬᠦᠷᠭᠡᠵᠦ ᠢᠷᠡᠵᠤ ᠳᠡᠶᠢᠯᠭᠦ ᠦᠭᠡᠢ ᠭᠡᠨ᠎ᠡ᠃ | ᠳᠡᠭᠦᠦ ᠨᠠᠷ ᠴᠦ ᠴᠥᠮ ᠨᠠᠭᠠᠴᠤ ᠶᠢᠨ ᠳᠤ ᠣᠴᠢᠬᠤ ᠪᠣᠯᠵᠤ ᠬᠤᠶᠢᠨ᠎ᠠ ᠠᠴᠠ ᠨᠢᠭᠡ ᠤᠯᠠᠨ ᠠᠩᠭᠠᠯᠵᠠᠭᠰᠠᠨ ᠠᠮᠠ ᠨᠤᠭᠤᠳ ᠤᠬᠢᠯᠠᠵᠠᠭᠠᠵᠤ ᠪᠠᠶᠢᠭᠰᠠᠨ᠃ | ᠠᠪᠤ ᠴᠦ ᠠᠭᠰᠤᠮᠨᠠᠨ ᠵᠠᠩᠨᠠᠵᠤ ᠪᠠᠷᠤᠭ ᠯᠡ ᠨᠠᠮ᠎ᠠ ᠶᠢ ᠮᠣᠷᠢ ᠪᠠᠷ ᠲᠠᠭᠤᠵᠤ ᠡᠷᠭᠢᠭᠦᠯᠦᠮᠡᠷ ᠪᠠᠶᠢᠭᠰᠠᠨ᠃ ᠭᠡᠪᠡᠴᠦ ᠲᠡᠭᠡ ᠦᠭᠡᠢ᠃ | ᠢᠩᠭᠢᠵᠦ ︽ᠲᠤᠯᠤᠭᠠᠨ ᠳᠠᠪᠠᠭ᠎ᠠ︾ ᠶᠢ ᠳᠠᠪᠠᠵᠤ ᠦᠬᠦᠨ ᠠᠯᠳᠠᠵᠤ ᠶᠠᠭᠤᠨ ᠤ ᠲᠥᠯᠥᠭᠡ ᠠᠵᠢ︖ ᠮᠥᠨ ᠲᠡᠷᠡ ᠪᠦᠷᠬᠦᠭᠦᠯᠲᠦ ᠲᠤᠰᠤᠨ ᠳ᠋ᠧᠩ ᠢ ᠨᠢᠭᠡ | ᠣᠯᠣᠭᠠᠳ ᠬᠠᠷᠠᠬᠤ ᠶᠢᠨ ᠲᠥᠯᠥᠭᠡ ᠶᠤᠮ ᠰᠢᠤ᠃ ᠠᠶ᠎ᠠ᠂ ᠰᠢᠯ ᠪᠦᠷᠬᠦᠭᠦᠯᠲᠦ ᠲᠤᠰᠤᠨ ᠳ᠋ᠧᠩ ᠶᠠᠭᠤᠲᠠᠢ ᠴᠦ ᠬᠦᠷᠦᠰᠢ ᠦᠭᠡᠢ ᠬᠤᠯᠠ ᠶᠢᠨ ᠵᠡᠭᠦᠳᠦ ᠮᠥᠷᠥᠭᠡᠳᠦᠯ | ᠪᠣᠯᠵᠤ ᠪᠠᠶᠢᠭᠰᠠᠨ ᠠᠵᠢ᠃ | ᠤᠤᠯ ᠨᠢ ᠪᠢ ᠡᠵᠢ ᠶᠢᠨ ᠶᠠᠷᠢᠭᠰᠠᠨ ᠢᠶᠠᠷ ᠳᠠᠮᠵᠢᠭᠤᠯᠵᠤ ᠬᠡᠴᠢᠨᠡᠭᠡᠨ ᠤᠯᠠᠨ ᠳᠠᠭᠢᠨ ᠲᠥᠰᠥᠪᠯᠡᠨ ᠪᠤᠳᠤᠬᠰᠠᠨ ᠴᠦ ︽ᠠᠮᠢᠳᠤ︾ ᠰᠢᠯ ᠪᠦᠷᠬᠦᠭᠦᠯ ᠢ ᠨᠢ | ᠣᠶᠢᠷᠠᠲᠤᠭᠤᠯᠵᠤ ᠴᠦ ᠴᠢᠳᠠᠭ᠎ᠠ ᠦᠭᠡᠢ ᠪᠠᠶᠢᠭᠰᠠᠨ ᠪᠠᠶᠢᠵᠠᠢ᠃ ᠪᠦᠭᠭᠦᠭᠦᠷ ᠢ ᠨᠢ ᠵᠢᠭᠠᠬᠠᠨ ᠬᠤᠮᠢᠮᠠᠭᠴᠠ ᠳ᠋ᠧᠩ ᠤᠨ ᠭᠤᠣᠯ ᠢ ᠡᠮᠬᠦᠵᠦ ᠠᠪᠤᠭᠠᠳ ᠳ᠋ᠧᠩ | ᠤᠨᠲᠠᠷᠠᠳᠠᠭ ᠠᠵᠢ᠃ ᠪᠠᠰᠠ ᠲᠡᠷᠡ ᠳᠡᠯᠪᠡᠭᠡᠷ ᠴᠠᠭᠠᠨ ᠮᠠᠯᠠᠭᠠᠢ ᠨᠢ᠂ ᠴᠠᠭᠳᠠᠭ᠎ᠠ ᠬᠥᠮᠥᠨ ᠢ ᠰᠠᠨᠠᠭᠳᠠᠭᠤᠯᠤᠨ᠎ᠠ᠃ | ᠠᠮᠠ ᠨᠢ ᠠᠩᠭᠠᠶᠢᠭᠠᠳ ᠤᠳᠠᠲᠠᠯ᠎ᠠ ᠦᠭᠡ ᠳᠤᠤᠭᠠᠷᠴᠤ ᠴᠢᠳᠠᠭ᠎ᠠ ᠦᠭᠡᠢ ᠭᠡᠵᠦ ᠨᠠᠭᠠᠴᠤ ᠡᠮᠡᠭᠡ ᠬᠤᠵᠢᠮ ᠨᠢ ᠮᠢᠨᠤ ᠪᠦᠷᠬᠦᠭᠦᠯᠲᠦ ᠳ᠋ᠧᠩ ᠠᠩᠬ᠎ᠠ | ᠬᠠᠷᠠᠭᠰᠠᠨ ᠪᠠᠶᠢᠳᠠᠯ ᠢ ᠡᠵᠢ ᠳᠤ ᠬᠡᠯᠡᠵᠦ ᠥᠭᠴᠦ ᠪᠠᠶᠢᠭᠰᠠᠨ ᠶᠤᠮ᠃ | ᠨᠠᠭᠠᠴᠤ ᠶᠢᠨ ᠬᠢᠨ ᠲᠡᠷᠡ ᠳ᠋ᠧᠩ ᠢᠶᠠᠨ ᠭᠡᠷ ᠤᠨ ᠢᠶᠠᠨ ᠣᠷᠣᠢ ᠠᠴᠠ ᠳᠡᠭᠦᠵᠢᠯᠡᠵᠡᠢ᠃ ᠠᠢ᠂ ᠡᠨᠡ ᠰᠢᠯ ᠪᠦᠷᠬᠦᠭᠦᠯᠲᠦ ᠳ᠋ᠧᠩ ᠦᠨᠡᠬᠡᠷ ᠴᠦ ︽ᠲᠡᠭᠷᠢ ᠶᠢᠨ | ᠶᠠᠭᠤᠮ᠎ᠠ︾ ᠠᠵᠢ᠃ ᠨᠠᠭᠠᠴᠤ ᠡᠵᠢ ᠬᠠᠨᠵᠤᠨ ᠳᠡᠭᠡᠷ᠎ᠡ ᠪᠠᠨ ᠭᠠᠷᠴᠤ ᠳ᠋ᠧᠩ ᠢ ᠠᠰᠠᠭᠠᠵᠤ ᠤᠨᠲᠠᠷᠠᠭᠠᠳᠠᠭ ᠢ ᠭᠠᠷᠭᠠᠪᠠᠯ ᠥᠭᠡᠷ᠎ᠡ ᠬᠥᠮᠥᠨ ᠤ ᠭᠠᠷ ᠬᠦᠷᠴᠦ ᠳᠡᠶᠢᠯᠭᠦ | ᠦᠭᠡᠢ᠃ ᠰᠢᠯ ᠢ ᠨᠢ᠂ ᠲᠡᠷᠡ ᠪᠦᠷᠬᠦᠭᠦᠯ ᠰᠢᠯ ᠢ ᠨᠢ ᠨᠢᠭᠡ ᠲᠡᠮᠲᠡᠷᠢᠭᠡᠳ ᠦᠵᠡᠬᠦ ᠰᠠᠨ ᠭᠡᠵᠦ ᠬᠡᠴᠢᠨᠡᠭᠡᠨ ᠪᠤᠳᠤᠵᠤ᠂ ᠭᠡᠳᠤ ᠤᠳᠠᠭ᠎ᠠ ᠨᠠᠭᠠᠴᠤ ᠡᠮᠡᠭᠡ ᠳᠤ ᠬᠡᠯᠡᠬᠦ | ᠠᠯᠳᠠᠵᠤ ᠭᠡᠯᠡ ᠲᠠᠩᠨᠠᠢ ᠬᠤᠶᠠᠷ ᠨᠡᠶᠢᠯᠡᠭᠡᠳ ᠪᠦᠷ ᠴᠢᠳᠠᠭ᠎ᠠ ᠦᠭᠡᠢ᠃ ᠠᠶᠢᠯ ᠳᠤ ᠣᠴᠢᠪᠠᠯ ᠬᠥᠮᠥᠨ ᠤ ᠶᠠᠭᠤᠮᠠᠨ ᠳᠤ ᠳᠤᠷ᠎ᠠ ᠪᠠᠷ ᠭᠠᠷ ᠬᠦᠷᠬᠦ ᠶᠢ ᠡᠵᠢ ᠳᠠᠰᠤ | ᠴᠡᠭᠡᠷᠯᠡᠭᠦᠯᠳᠡᠭ ᠠᠴᠠ ᠪᠣᠯᠤᠭᠰᠠᠨ ᠶᠤᠮ᠃ | ᠲᠡᠭᠦᠨ ᠠᠴᠠ ᠰᠡᠭᠦᠯᠡᠷ ᠮᠠᠨ ᠤ ᠤᠰᠤᠨ ᠤ ᠬᠢᠨ ᠳᠤ ᠴᠦ ᠲᠡᠶᠢᠮᠤ ᠳ᠋ᠧᠩ ᠨᠢᠭᠡ ᠬᠤᠶᠠᠷ ᠬᠠᠷᠠᠭᠳᠠᠬᠤ ᠪᠣᠯᠣᠯ᠎ᠠ᠃ ᠮᠢᠨᠤ ᠲᠡᠷᠡ ᠪᠠᠭ᠋ᠠᠷᠬᠠᠵᠤ ᠲᠡᠷᠡ | ᠠᠲᠠᠭᠠᠷᠬᠠᠨᠠ ᠭᠡᠭᠴᠢ ᠠ᠋᠃ | ᠬᠤᠵᠢᠮ ᠲᠡᠶᠢᠮᠤ ᠳ᠋ᠧᠩ ᠲᠠᠢ ᠪᠣᠯᠣᠨ᠎ᠠ ᠭᠡᠵᠦ ᠡᠵᠢ ᠶᠢᠨ ᠬᠡᠯᠡᠭᠰᠡᠨ ᠦᠭᠡ ᠯᠡ ᠥᠪᠡᠷ ᠢ ᠮᠢᠨᠢ ᠲᠠᠶᠢᠳᠬᠤᠷᠠᠭᠤᠯᠵᠤ ᠲᠡᠷᠡ ︽ᠬᠤᠵᠢᠮ︾ ᠢ ᠪᠢ ᠦᠨᠡᠬᠡᠷ ᠴᠦ | ᠬᠦᠰᠡᠯ᠎ᠡ᠃ | ᠪᠦᠷᠬᠦᠭᠦᠯ ᠳ᠋ᠧᠩ ᠢ ᠮᠠᠨ ᠤ ᠬᠢ ᠠᠪᠴᠤ ᠴᠢᠳᠠᠭ᠎ᠠ ᠦᠭᠡᠢ᠃ ᠶᠠᠭ ᠵᠣᠭᠤᠰ ᠣᠯᠣᠭᠠᠳ ᠠᠪᠤᠶ᠎ᠠ ᠭᠡᠲᠡᠯ᠎ᠡ ᠥᠭᠡᠷ᠎ᠡ ᠵᠠᠷᠤᠳᠠᠯ ᠪᠠᠷᠢᠳᠠᠯ ᠭᠠᠷᠤᠭᠠᠳ ᠯᠡ | ᠪᠠᠶᠢᠨ᠎ᠠ ᠭᠡᠵᠦ ᠡᠵᠢ ᠬᠡᠯᠡᠨ᠎ᠡ᠃ ᠦᠨᠡᠨ ᠳᠡᠭᠡᠨ ᠡᠵᠢ ᠰᠠᠷ᠎ᠠ ᠳᠠᠭᠠᠨ ᠵᠢᠯ ᠳᠡᠭᠡᠨ ᠨᠢᠭᠡ ᠬᠤᠶᠠᠷ ᠤᠳᠠᠭ᠎ᠠ ᠲᠥᠷᠬᠦᠮ ᠳᠡᠭᠡᠨ ᠣᠴᠢᠳᠠᠭ ᠢ ᠭᠠᠷᠭᠠᠪᠠᠯ ᠰᠤᠮᠤᠨ ᠤ | ᠬᠤᠷᠰᠢᠶᠠᠨ ᠳᠤ ᠣᠴᠢᠬᠤ ᠶᠢ ᠪᠤᠤ ᠭᠡᠯᠡ᠃ ᠬᠤᠳᠳᠤᠭ᠂ ᠦᠨᠢᠶᠡᠨ ᠵᠡᠯ᠎ᠡ ᠠᠴᠠ ᠪᠠᠨ ᠴᠠᠭᠠᠰᠢ ᠬᠤᠯᠠᠳᠠᠵᠤ ᠦᠵᠡᠭᠡ ᠦᠭᠡᠢ ᠬᠥᠮᠥᠨ᠃ ᠲᠡᠶᠢᠮᠤ ᠳ᠋ᠧᠩ ᠢ ᠣᠯᠣᠭᠠᠳ | ᠠᠪᠴᠢᠬᠠᠨ᠎ᠠ ᠭᠡᠳᠡᠭ ᠴᠦ ᠵᠡᠭᠦᠳᠦ ᠯᠡ ᠪᠢᠵᠡ ᠳ᠋ᠠ᠃ | ᠬᠤᠵᠢᠮ ᠨᠢ ᠡᠵᠢ ᠬᠠᠮᠢᠭ᠎ᠠ ᠠᠴᠠ ᠴᠦ ᠶᠤᠮ᠂ ᠪᠤᠳᠤᠪᠠᠯ ᠬᠥᠮᠥᠨ ᠤ ᠬᠡᠷᠡᠭᠯᠡᠬᠦ ᠪᠠᠨ ᠪᠣᠯᠢᠭᠠᠳ ᠭᠤᠯᠣᠭᠠᠳ ᠬᠠᠶᠠᠭᠰᠠᠨ ᠨᠢ ᠪᠠᠶᠢᠯᠭᠦᠢ᠂ ᠨᠢᠭᠡ ᠰᠢᠯ | ᠪᠦᠷᠬᠦᠭᠦᠯ ᠦᠭᠡᠢ᠂ ᠲᠣᠰᠣ ᠭᠦ᠋ ᠲᠠᠢ᠂ ᠳ᠋ᠧᠩ ᠤᠨ ᠪᠦᠭᠭᠦᠭᠦᠷ ᠰᠠᠭᠤᠷᠢ ᠲᠠᠢ ᠯᠣᠩᠬᠤ ᠶᠢ ᠨᠢ ᠣᠯᠵᠠᠢ᠃ ᠡᠷᠳᠡᠨᠢ ᠣᠯᠣᠭᠰᠠᠨ ᠮᠡᠲᠦ ᠲᠡᠭᠦᠨ ᠢ ᠭᠠᠳᠠᠨ᠎ᠠ | ᠲᠠᠰᠤᠯᠭᠠᠨ ᠤ ᠬᠤᠶᠢᠲᠤ ᠬᠠᠶᠠᠭᠠᠨ ᠳᠡᠭᠡᠷ᠎ᠡ ᠡᠯᠭᠦᠵᠦ ᠲᠠᠯᠪᠢᠯ᠎ᠠ᠃ | — ᠤᠳᠤ ᠰᠢᠯ ᠪᠦᠷᠬᠦᠭᠦᠯ ᠢ ᠨᠢ ᠣᠯᠣᠮᠠᠭᠴᠠ ᠮᠠᠨᠤᠰ ᠳ᠋ᠧᠩ ᠲᠠᠢ ᠪᠣᠯᠴᠢᠬᠠᠨ᠎ᠠ ᠭᠡᠵᠦ ᠡᠵᠢ ᠡᠶᠢᠮᠦ ᠨᠢᠭᠡ ᠳ᠋ᠧᠩ ᠤᠨ ᠬᠠᠭᠠᠰ ᠢ ᠣᠯᠣᠭᠠᠳ ᠮᠠᠰᠢ | ᠤᠷᠮ᠎ᠠ ᠲᠠᠢ ᠶᠠᠷᠢᠵᠤ ᠪᠢᠯᠡ᠃ | ᠳ᠋ᠧᠩ ᠤᠨ ᠪᠦᠭᠭᠦᠭᠦᠷ ᠰᠠᠭᠤᠷᠢ ᠬᠠᠶᠠᠭᠠᠨ ᠳᠤ ᠡᠯᠭᠦᠭᠳᠡᠭᠰᠡᠭᠡᠷ᠃ ᠨᠢᠭᠡ ᠮᠡᠳᠡᠬᠦ ᠳᠤ ᠯᠡ ᠲᠣᠭᠤᠰᠣᠨ ᠳᠤ ᠳᠠᠷᠤᠭᠳᠠᠴᠢᠬᠠᠭᠰᠠᠨ ᠪᠤᠯᠪᠠᠴᠤ ᠮᠥᠨ ᠡᠯᠭᠦᠭᠳᠡᠵᠦ | ᠪᠠᠶᠢᠭᠰᠠᠨ ᠶᠤᠮ᠃ | ᠬᠤᠵᠢᠮ ᠨᠢ ᠲᠤᠰᠤᠨ ᠳ᠋ᠧᠩ ᠠᠴᠠ ︽ᠯᠠ︾ ᠬᠡᠷᠡᠭᠯᠡᠬᠦ ᠪᠣᠯᠵᠤ ᠲᠡᠭᠦᠨ ᠤ ᠭᠡᠷᠡᠯ ᠭᠡᠭᠡ ᠶᠢ ᠬᠡᠯᠡᠬᠦ ᠤᠤ᠂ ᠥᠷᠥᠭᠡ ᠭᠡᠷ ᠢ ᠡᠳᠦᠷ ᠮᠡᠲᠦ ᠳᠤᠸᠠᠯᠠᠭᠤᠯᠵᠤ | ᠥᠭᠭᠦᠯ᠎ᠡ᠂ ᠪᠠᠰᠠ ᠶᠡᠭᠡ ᠯᠡ ᠡᠷᠬᠡ ᠳᠠᠩᠭᠢ᠂ ᠤᠷᠤᠰᠤᠩᠭᠢ᠂ ᠤᠬᠢᠯᠠᠩᠬᠠᠢ ᠶᠠᠭᠤᠮ᠎ᠠ ᠰᠢᠤ᠃ ᠳᠠᠭᠢᠭᠠᠳ ᠶᠢᠷᠲᠢᠨᠴᠦ ᠪᠠᠷ ᠢᠶᠠᠨ ᠴᠠᠭᠢᠯᠭᠠᠨ ᠳ᠋ᠧᠩ ᠪᠣᠯᠴᠢᠬᠠᠯ᠎ᠠ᠃ ᠠᠰ | ᠬᠠᠷᠠᠬᠤ ᠠᠴᠠ ᠨᠢᠳᠦ ᠳᠠᠯᠳᠢᠷᠠᠭᠤᠯᠳᠠᠭ ᠬᠤᠷᠴᠠ ᠲᠤᠬᠰᠢᠨ ᠭᠡᠷᠡᠯ ᠤᠨ ᠳᠤᠮᠳᠠ ᠶᠢᠷᠲᠢᠨᠴᠦ ᠪᠠᠷ ᠢᠶᠠᠨ ᠱᠤᠮᠪᠠᠯᠠ᠃ | ᠬᠠᠷᠢᠨ ᠬᠡᠳᠦᠢ ᠳᠤᠨᠢ ᠬᠠᠶᠠᠭᠠᠨ ᠳᠡᠭᠡᠷ᠎ᠡ ᠡᠯᠭᠦᠵᠦ ᠪᠠᠶᠢᠭᠰᠠᠨ ᠲᠤᠰᠤᠨ ᠳ᠋ᠧᠩ ᠬᠠᠷᠠᠭᠳᠠᠬᠤ ᠪᠠᠨ ᠪᠠᠶᠢᠭᠰᠠᠨ ᠢ ᠪᠤᠤ ᠮᠡᠳᠡ᠃ ᠰᠢᠯ ᠪᠦᠷᠬᠦᠭᠦᠯ ᠣᠯᠳᠠᠬᠤ ᠶᠢ | ᠬᠦᠯᠢᠶᠡᠭᠰᠡᠭᠡᠷ ᠯᠡ ᠪᠠᠶᠢᠵᠤ ᠬᠠᠷᠢᠨ ᠤᠳᠤ ᠲᠤᠰᠤᠨ ᠳ᠋ᠧᠩ ᠢ ᠬᠡᠷᠡᠭᠯᠡᠬᠦ ᠦᠭᠡᠢ᠂ ᠲᠤᠰᠤᠨ ᠳ᠋ᠧᠩ ᠢ ᠲᠠᠨᠢᠬᠤ ᠦᠭᠡᠢ ᠪᠣᠯᠴᠢᠬᠠᠭᠰᠠᠨ ᠡᠷᠢᠨ ᠴᠠᠭ ᠢ ᠬᠦᠯᠢᠶᠡᠵᠦ | ᠠᠪᠴᠢᠷᠠᠵᠠᠢ ᠠ᠋᠂ᠮᠢᠨᠤ ᠡᠵᠢ᠃ | ᠪᠢ ᠲᠡᠷᠡ ᠳ᠋ᠧᠩ ᠳᠤ ᠳᠠᠭᠲᠤᠷᠰᠢᠲᠠᠯᠠ ᠰᠠᠭᠤᠭᠰᠠᠨ ᠣᠨ ᠵᠢᠯ ᠤᠨ ᠲᠣᠭᠤᠰᠣ ᠲᠣᠷᠳᠤᠭ ᠢ ᠨᠢ ᠵᠦᠯᠭᠦᠵᠦ ᠠᠷᠴᠢᠪᠠ᠃ ᠬᠠᠳᠠᠭᠠᠯᠠᠵᠤ ᠪᠠᠶᠢᠶ᠎ᠠ᠃ ᠳᠠᠭᠢᠭᠠᠳ | ᠬᠤᠷᠢᠨ ᠵᠢᠯ ᠤᠨ ᠳᠠᠷᠠᠭᠠᠬᠢ ᠬᠡᠦᠬᠡᠳ ᠬᠠᠷᠠᠭᠠᠳ ᠶᠠᠭᠤ ᠭᠡᠵᠦ ᠬᠡᠯᠡᠳᠡᠭ ᠪᠣᠯ︖ ᠭᠡᠵᠦ ᠬᠤᠶᠠᠷ ᠠᠴᠢ ᠬᠡᠦᠬᠡᠳ ᠢᠶᠠᠨ ᠬᠠᠷᠠᠵᠤ ᠰᠡᠮᠡᠭᠡᠷ ᠢᠨᠢᠶᠡᠪᠡ᠃ |