ᠡᠪᠦᠯ ᠪᠣᠯᠵᠤ ᠠᠭᠠᠷ ᠤᠨ ᠳᠤᠯᠠᠭᠠᠨ ᠮᠡᠳᠡᠭᠳᠡᠮ᠎ᠡ ᠳᠣᠷᠣᠭᠰᠢᠯᠠᠪᠠ᠃ ᠪᠢᠳᠡ ᠬᠡᠦᠬᠡᠳ ᠲᠠᠢ ᠪᠠᠨ ᠬᠦᠢᠲᠡᠨ ᠢ ᠰᠡᠷᠭᠡᠶᠢᠯᠡᠵᠦ ᠳᠤᠯᠠᠭᠠᠨ ᠪᠠᠶᠢᠯᠭᠠᠬᠤ 10 | ᠮᠡᠳᠡᠯᠭᠡ ᠶᠢ ᠰᠤᠷᠤᠯᠴᠠᠵᠤ᠂ ᠬᠡᠦᠬᠡᠳ ᠢ ᠬᠠᠪᠰᠤᠷᠤᠨ ᠡᠪᠦᠯ ᠢ ᠳᠤᠯᠠᠭᠠᠬᠠᠨ ᠥᠩᠭᠡᠷᠡᠭᠦᠯᠦᠶ᠎ᠡ᠃ | 1. ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ︾ ᠶᠢ ᠬᠡᠷᠡᠭᠯᠡᠨ᠎ᠡ | ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ ᠠᠷᠭ᠎ᠠ︾ ᠶᠢ ᠬᠡᠦᠬᠡᠳ ᠲᠤ ᠪᠠᠨ ᠵᠢᠭᠠᠵᠤ ᠥᠭᠭᠦᠨ᠎ᠡ᠃ ︽ᠪᠥᠭᠡᠷᠡᠩᠬᠡᠢ ᠰᠣᠩᠭᠢᠨ᠎ᠠ ᠬᠤᠪᠴᠠᠰᠤ ᠡᠮᠦᠰᠬᠦ | ᠠᠷᠭ᠎ᠠ︾ ᠪᠣᠯ ᠲᠤᠬᠠᠢ ᠶᠢᠨ ᠴᠠᠭ ᠤᠨ ᠳᠤᠯᠠᠭᠠᠨ ᠤ ᠬᠡᠮᠵᠢᠶ᠎ᠡ ᠶᠢ ᠦᠨᠳᠦᠰᠦᠯᠡᠨ᠂ ᠪᠥᠭᠡᠷᠡᠩᠬᠡᠢ ᠰᠣᠩᠭᠢᠨ᠎ᠠ ᠲᠠᠢ ᠠᠳᠠᠯᠢ ᠪᠠᠷ ᠬᠤᠪᠴᠠᠰᠤ ᠪᠠᠨ ᠳᠠᠪᠬᠤᠷᠯᠠᠨ ᠡᠮᠦᠰᠬᠦ | ᠪᠤᠶᠤ ᠬᠤᠪᠴᠠᠰᠤ ᠪᠠᠨ ᠨᠢᠮᠭᠡᠯᠡᠵᠦ ᠡᠮᠦᠰᠦᠨ᠎ᠡ᠃ | ᠳᠡᠭᠡᠳᠦ ᠪᠡᠶ᠎ᠡ ᠶᠢ ᠬᠤᠪᠴᠠᠰᠤᠯᠠᠬᠤ ᠠᠷᠭ᠎ᠠ᠄ ᠬᠠᠮᠤᠭ ᠤᠨ ᠳᠣᠲᠣᠷ᠎ᠠ ᠲᠠᠯ᠎ᠠ ᠳᠤ ᠬᠠᠮᠤᠭ ᠤᠨ ᠰᠠᠶᠢᠨ ᠨᠢ ᠵᠥᠭᠡᠯᠡᠬᠡᠨ᠂ ᠬᠥᠯᠥᠰᠦ ᠭᠠᠳᠠᠭᠰᠢᠯᠠᠭᠤᠯᠬᠤ | ᠦᠢᠯᠡᠳᠦᠯ ᠢᠶᠠᠷ ᠰᠠᠶᠢᠨ ᠳᠣᠳᠣᠷ ᠬᠤᠪᠴᠠᠰᠤ ᠡᠮᠦᠰᠭᠡᠵᠦ᠂ ᠳᠡᠭᠡᠷ᠎ᠡ ᠨᠢ ᠳᠤᠯᠠᠭᠠᠨ ᠢ ᠬᠠᠳᠠᠭᠠᠯᠠᠬᠤ ᠴᠢᠨᠠᠷ ᠲᠠᠢ ᠨᠡᠬᠡᠮᠡᠯ ᠨᠣᠣᠰᠣᠨ ᠬᠥᠷᠮ᠎ᠡ᠂ ᠨᠣᠣᠰᠣᠨ | ᠬᠠᠨᠲᠠᠭᠠᠰᠤ᠂ ᠡᠯᠢᠭᠡᠪᠴᠢ ᠵᠡᠷᠭᠡ ᠶᠢ ᠳᠠᠪᠬᠤᠷᠯᠠᠨ ᠡᠮᠦᠰᠭᠡᠵᠦ᠂ ᠬᠠᠮᠤᠭ ᠤᠨ ᠭᠠᠳᠠᠷ ᠲᠠᠯ᠎ᠠ ᠳᠤ ᠰᠠᠯᠬᠢᠨ ᠬᠠᠯᠬᠠᠯᠠᠵᠤ ᠤᠰᠤ ᠶᠢ ᠥᠯᠦ ᠨᠡᠪᠴᠢᠭᠦᠯᠬᠦ ᠴᠢᠨᠠᠷ ᠲᠠᠢ | ᠬᠤᠪᠴᠠᠰᠤ ᠪᠤᠶᠤ ᠬᠥᠪᠥᠩᠲᠡᠢ ᠬᠤᠪᠴᠠᠰᠤ ᠡᠮᠦᠰᠭᠡᠨ᠎ᠡ᠃ | ᠳᠣᠣᠷᠠᠲᠤ ᠪᠡᠶ᠎ᠡ ᠶᠢ ᠬᠤᠪᠴᠠᠰᠤᠯᠠᠬᠤ ᠠᠷᠭ᠎ᠠ᠄ ᠨᠠᠮᠤᠷ ᠤᠨ ᠥᠮᠥᠳᠥ + ᠬᠥᠪᠥᠩ ᠥᠮᠥᠳᠦ / ᠥᠲᠥᠨ ᠥᠮᠥᠳᠥ ᠡᠮᠦᠰᠭᠡᠵᠦ᠂ ᠣᠨᠴᠠᠭᠠᠢ ᠬᠦᠢᠲᠡᠨ ᠦᠶ᠎ᠡ | ᠪᠤᠶᠤ ᠣᠨᠴᠠᠭᠠᠢ ᠪᠡᠭᠡᠷᠡᠮᠡᠲᠡᠭᠡᠢ ᠬᠥᠮᠦᠨ᠂ ᠳᠡᠭᠡᠷ᠎ᠡ ᠨᠢ ᠨᠢᠭᠡ ᠨᠣᠣᠰᠣᠨ ᠤᠲᠠᠰᠤᠨ ᠥᠮᠥᠳᠥ ᠨᠡᠮᠡᠵᠦ ᠪᠣᠯᠤᠨ᠎ᠠ᠃ | ᠡᠭᠦᠨ ᠤ ᠬᠠᠮᠲᠤ ᠲᠣᠬᠢᠷᠠᠮᠵᠢᠲᠠᠢ ᠬᠤᠪᠴᠠᠰᠤᠨ ᠤ ᠮᠠᠲ᠋ᠧᠷᠢᠶᠠᠯ ᠰᠣᠩᠭᠤᠬᠤ ᠶᠢ ᠠᠩᠬᠠᠷᠪᠠᠯ ᠵᠣᠬᠢᠨ᠎ᠠ᠃ ᠵᠢᠱᠢᠶᠡᠯᠡᠪᠡᠯ᠂ ᠨᠣᠣᠰᠣ ᠪᠠ ᠨᠣᠣᠯᠣᠭᠤᠷ ᠤᠨ | ᠬᠤᠪᠴᠠᠰᠤ ᠳᠤᠯᠠᠭᠠᠬᠠᠨ ᠮᠥᠷᠲᠡᠭᠡᠨ ᠵᠥᠭᠡᠯᠡᠬᠡᠨ ᠪᠠᠶᠢᠵᠤ᠂ ᠡᠮᠦᠰᠬᠦ ᠳᠤ ᠮᠠᠰᠢ ᠲᠠᠭᠠᠯᠠᠮᠵᠢᠲᠠᠢ ᠪᠠᠶᠢᠳᠠᠭ᠃ ᠵᠠᠷᠢᠮ ᠰᠠᠯᠬᠢᠨ ᠬᠠᠯᠬᠠᠯᠠᠬᠤ ᠭᠠᠳᠠᠷ ᠬᠤᠪᠴᠠᠰᠤ | ᠰᠠᠯᠬᠢᠨ ᠭᠠᠷᠬᠤ ᠦᠶ᠎ᠡ ᠳᠤ ᠪᠢᠳᠡᠨ ᠢ ᠬᠠᠮᠠᠭᠠᠯᠠᠳᠠᠭ᠃ ᠬᠡᠦᠬᠡᠳ ᠲᠤ ᠠᠳᠠᠯᠢ ᠪᠤᠰᠤ ᠮᠠᠲ᠋ᠧᠷᠢᠶᠠᠯ ᠤᠨ ᠬᠤᠪᠴᠠᠰᠤ ᠶᠢ ᠡᠮᠦᠰᠭᠡᠵᠦ ᠦᠵᠡᠭᠦᠯᠦᠨ᠂ ᠲᠡᠳᠡᠨ ᠢᠶᠠᠷ | ᠳᠤᠯᠠᠭᠠᠬᠠᠨ ᠬᠤᠪᠴᠠᠰᠤ ᠶᠢ ᠰᠣᠩᠭᠤᠭᠤᠯᠤᠨ᠎ᠠ᠃ | 2. ᠮᠠᠯᠠᠭᠠᠢ᠂ ᠠᠯᠴᠢᠭᠤᠷ ᠪᠠ ᠪᠡᠭᠡᠯᠡᠢ ᠵᠡᠭᠦᠯᠭᠡᠨ᠎ᠡ | ᠲᠣᠯᠣᠭᠠᠢ᠂ ᠬᠦᠵᠦᠭᠦᠦ ᠪᠣᠯᠤᠨ ᠭᠠᠷ ᠤᠨ ᠬᠡᠰᠡᠭ ᠪᠣᠯ ᠬᠥᠮᠦᠨ ᠤ ᠪᠡᠶ᠎ᠡ ᠶᠢᠨ ᠢᠯᠴᠢ ᠶᠢ ᠠᠮᠠᠷᠬᠠᠨ ᠲᠠᠷᠬᠠᠭᠠᠬᠤ ᠬᠡᠰᠡᠭ ᠪᠣᠯᠤᠨ᠎ᠠ᠂ ᠡᠪᠦᠯ | ᠬᠡᠦᠬᠡᠳ ᠲᠤ ᠪᠠᠨ ᠮᠠᠯᠠᠭᠠᠢ᠂ ᠠᠯᠴᠢᠭᠤᠷ ᠪᠣᠯᠤᠨ ᠪᠡᠭᠡᠯᠡᠢ ᠵᠡᠭᠦᠯᠭᠡᠨ᠎ᠡ᠃ | 3. ᠵᠤᠵᠠᠭᠠᠨ ᠣᠶᠢᠮᠣᠰᠤ ᠪᠠ ᠱᠠᠬᠠᠢ ᠡᠮᠦᠰᠭᠡᠨ᠎ᠡ | ᠬᠥᠯ ᠪᠣᠯ ᠠᠮᠠᠷᠬᠠᠨ ᠳᠠᠭᠠᠷᠠᠳᠠᠭ ᠬᠡᠰᠡᠭ ᠪᠣᠯᠬᠤᠷ ᠬᠡᠦᠬᠡᠳ ᠲᠤ ᠵᠤᠵᠠᠭᠠᠨ ᠣᠶᠢᠮᠣᠰᠤ ᠡᠮᠦᠰᠭᠡᠨ᠂ ᠳᠤᠯᠠᠭᠠᠯᠠᠮᠵᠢ ᠰᠠᠶᠢᠲᠠᠢ ᠱᠠᠬᠠᠢ ᠡᠮᠦᠰᠭᠡᠨ᠎ᠡ᠃ | ᠵᠤᠵᠠᠭᠠᠨ ᠣᠶᠢᠮᠣᠰᠤ ᠬᠥᠯ ᠤᠨ ᠳᠤᠯᠠᠭᠠᠨ ᠢ ᠬᠠᠳᠠᠭᠠᠯᠠᠵᠤ᠂ ᠤᠰᠤ ᠶᠢ ᠰᠡᠷᠭᠡᠶᠢᠯᠡᠬᠦ᠂ ᠬᠠᠯᠲᠤᠷᠢᠬᠤ ᠶᠢ ᠰᠡᠷᠭᠡᠶᠢᠯᠡᠬᠦ᠂ ᠳᠤᠯᠠᠭᠠᠯᠠᠬᠤ ᠴᠢᠨᠠᠷ ᠢᠶᠠᠷ ᠰᠠᠶᠢᠨ ᠭᠤᠲᠤᠯ | ᠰᠣᠩᠭᠤᠬᠤ ᠬᠡᠷᠡᠭᠲᠡᠢ᠃ | 4. ᠬᠠᠯᠠᠭᠤᠨ ᠤᠰᠤ ᠤᠤᠭᠤᠯᠭᠠᠨ᠎ᠠ | ᠡᠪᠦᠯ ᠬᠡᠦᠬᠡᠳ ᠲᠤ ᠪᠠᠨ ᠬᠠᠯᠠᠭᠤᠨ ᠤᠰᠤ ᠢᠯᠡᠭᠦᠦ ᠤᠤᠭᠤᠯᠭᠠᠵᠤ᠂ ᠪᠡᠶ᠎ᠡ ᠶᠢᠨ ᠳᠤᠯᠠᠭᠠᠨ ᠢ ᠬᠠᠳᠠᠭᠠᠯᠠᠬᠤ ᠳᠤ ᠬᠠᠪᠰᠤᠷᠤᠮᠵᠢ ᠪᠣᠯᠭᠠᠨ᠎ᠠ᠃ ᠬᠡᠦᠬᠡᠳ ᠲᠤ | ᠪᠠᠨ ᠳᠤᠯᠠᠭᠠᠨ ᠢ ᠬᠠᠳᠠᠭᠠᠯᠠᠬᠤ ᠴᠣᠮᠣ ᠪᠡᠯᠡᠳᠬᠡᠵᠦ᠂ ᠬᠠᠯᠠᠭᠤᠨ ᠤᠰᠤ ᠤᠤᠭᠤᠬᠤ ᠶᠢ ᠪᠠᠲᠤᠯᠠᠨ᠎ᠠ᠃ | 5. ᠦᠷᠭᠦᠯᠵᠢ ᠬᠠᠯᠠᠭᠤᠨ ᠪᠦᠯᠢᠶᠡᠨ ᠢᠳᠡᠭᠡᠨ ᠢᠳᠡᠭᠦᠯᠦᠨ᠎ᠡ | ᠡᠪᠦᠯ᠂ ᠬᠡᠦᠬᠡᠳ ᠲᠤ ᠪᠠᠨ ᠬᠠᠯᠠᠭᠤᠨ ᠪᠦᠯᠢᠶᠡᠨ ᠢᠳᠡᠭᠡᠨ ᠢᠯᠡᠭᠦᠦ ᠢᠳᠡᠭᠦᠯᠵᠦ᠂ ᠪᠡᠶ᠎ᠡ ᠶᠢᠨ ᠢᠯᠴᠢ ᠶᠢ ᠨᠡᠮᠡᠭᠳᠡᠭᠦᠯᠦᠨ᠎ᠡ᠃ ᠬᠡᠦᠬᠡᠳ ᠲᠤ ᠪᠠᠨ ᠬᠠᠯᠠᠭᠤᠨ | ᠱᠥᠯᠥ᠂ ᠰᠢᠩᠭᠡᠨ ᠪᠤᠳᠠᠭ᠎ᠠ᠂ ᠬᠠᠯᠠᠭᠤᠨ ᠮᠢᠶᠠᠨᠲ᠋ᠢᠶᠣᠤᠷ ᠵᠡᠷᠭᠡ ᠶᠢ ᠪᠡᠯᠡᠳᠬᠡᠵᠦ ᠥᠭᠭᠦᠨ᠎ᠡ᠃ | 6. ᠵᠣᠬᠢᠰᠲᠠᠢ ᠬᠥᠳᠡᠯᠭᠡᠭᠡᠨ ᠬᠢᠯᠭᠡᠨ᠎ᠡ | ᠵᠣᠬᠢᠰᠲᠠᠢ ᠬᠥᠳᠡᠯᠭᠡᠭᠡᠨ ᠪᠣᠯ ᠬᠡᠦᠬᠡᠳ ᠤᠨ ᠪᠡᠶ᠎ᠡ ᠶᠢᠨ ᠳᠤᠯᠠᠭᠠᠨ ᠢ ᠪᠠᠲᠤᠯᠠᠳᠠᠭ᠃ ᠠᠮᠠᠷᠠᠬᠤ ᠦᠶ᠎ᠡ ᠳᠤ᠂ ᠬᠡᠦᠬᠡᠳ ᠢᠶᠠᠨ ᠳᠠᠭᠠᠭᠤᠯᠤᠨ ᠭᠠᠳᠠᠨ᠎ᠠ ᠭᠠᠷᠴᠤ | ᠂ ᠵᠠᠷᠢᠮ ᠳᠥᠭᠦᠮ ᠬᠥᠳᠡᠯᠭᠡᠭᠡᠨ ᠬᠢᠯᠭᠡᠨ᠎ᠡ᠂ ᠵᠢᠱᠢᠶᠡᠯᠡᠪᠡᠯ᠂ ᠭᠦᠶᠦᠬᠦ᠂ ᠳᠡᠭᠡᠰᠦ ᠦᠰᠦᠷᠬᠦ᠂ ᠲᠡᠪᠡᠭ ᠢᠰᠬᠦᠯᠬᠦ ᠮᠡᠲᠦ᠃ | 7. ᠭᠡᠷ ᠤᠨ ᠳᠤᠯᠠᠭᠠᠨ ᠢ ᠠᠩᠬᠠᠷᠤᠨ᠎ᠠ | ᠥᠷᠥᠭᠡᠨ ᠳᠤ ᠪᠠᠶᠢᠬᠤ ᠦᠶ᠎ᠡ ᠳᠤ᠂ ᠥᠷᠥᠭᠡᠨ ᠤ ᠳᠤᠯᠠᠭᠠᠨ ᠢ ᠪᠠᠲᠤᠯᠠᠨ᠎ᠠ᠃ ᠳᠤᠯᠠᠭᠠᠮᠵᠢ᠂ ᠠᠭᠠᠷ ᠲᠣᠬᠢᠷᠠᠭᠤᠯᠤᠭᠴᠢ ᠵᠡᠷᠭᠡ ᠲᠥᠬᠦᠭᠡᠷᠦᠮᠵᠢ ᠶᠢ | ᠬᠡᠷᠡᠭᠯᠡᠵᠦ ᠪᠣᠯᠬᠤ ᠪᠥᠭᠡᠳ ᠪᠠᠰᠠ ᠬᠡᠦᠬᠡᠳ ᠲᠤ ᠬᠠᠯᠠᠭᠤᠨ ᠤᠰᠤᠨ ᠤ ᠤᠭᠤᠲᠠ ᠠᠪᠴᠤ ᠥᠭᠴᠦ ᠪᠣᠯᠤᠨ᠎ᠠ᠃ | 8. ᠭᠡᠷ ᠲᠤ ᠪᠠᠨ ᠰᠠᠯᠬᠢ ᠨᠡᠪᠲᠡᠷᠡᠭᠦᠯᠬᠦ ᠶᠢ ᠠᠩᠬᠠᠷᠤᠨ᠎ᠠ | ᠭᠡᠷ ᠤᠨ ᠳᠤᠯᠠᠭᠠᠨ ᠢ ᠪᠠᠲᠤᠯᠠᠬᠤ ᠶᠢᠨ ᠬᠠᠮᠲᠤ ᠰᠠᠯᠬᠢ ᠨᠡᠪᠲᠡᠷᠡᠭᠦᠯᠬᠦ ᠶᠢ ᠠᠩᠬᠠᠷᠤᠨ᠎ᠠ᠃ ᠡᠳᠦᠷ ᠪᠣᠯᠭᠠᠨ ᠴᠣᠩᠬᠤ ᠪᠠᠨ ᠨᠡᠭᠡᠭᠡᠵᠦ ᠰᠠᠯᠬᠢ ᠨᠡᠪᠲᠡᠷᠡᠭᠦᠯᠦᠨ᠎ᠡ᠃ | | 9. ᠡᠷᠲᠡ ᠤᠨᠲᠠᠭᠤᠯᠵᠤ ᠡᠷᠲᠡ ᠪᠣᠰᠬᠠᠨ᠎ᠠ | ᠡᠪᠦᠯ ᠬᠡᠦᠬᠡᠳ ᠢ ᠡᠷᠲᠡ ᠤᠨᠲᠠᠭᠤᠯᠵᠤ᠂ ᠭᠦᠢᠴᠡᠳ ᠰᠠᠶᠢᠨ ᠤᠨᠲᠠᠭᠤᠯᠬᠤ ᠬᠡᠷᠡᠭᠲᠡᠢ᠃ ᠭᠦᠢᠴᠡᠳ ᠤᠨᠲᠠᠬᠤ ᠨᠢ ᠬᠡᠦᠬᠡᠳ ᠤᠨ ᠪᠡᠶ᠎ᠡ ᠶᠢᠨ ᠡᠭᠡᠯᠢᠯᠡᠬᠦ | ᠴᠢᠳᠠᠯ ᠢ ᠰᠠᠶᠢᠵᠢᠷᠠᠭᠤᠯᠵᠤ᠂ ᠲᠡᠳᠡᠨ ᠢ ᠬᠦᠢᠲᠡᠨ ᠳᠤ ᠳᠡᠰᠪᠦᠷᠢᠲᠡᠢ ᠪᠣᠯᠭᠠᠨ᠎ᠠ᠃ | 10. ᠬᠤᠪᠢ ᠬᠥᠮᠦᠨ ᠤ ᠡᠷᠡᠭᠦᠯ ᠬᠠᠮᠠᠭᠠᠯᠠᠯ ᠢ ᠠᠩᠬᠠᠷᠤᠨ᠎ᠠ | ᠬᠡᠦᠬᠡᠳ ᠠᠷᠢᠭᠤᠨ ᠴᠡᠪᠡᠷ ᠢ ᠠᠩᠬᠠᠷᠴᠤ᠂ ᠭᠠᠷ ᠢᠶᠠᠨ ᠦᠷᠭᠦᠯᠵᠢ ᠤᠬᠢᠶᠠᠨ᠂ ᠬᠤᠪᠴᠠᠰᠤ ᠬᠤᠨᠠᠷ ᠢᠶᠠᠨ ᠦᠷᠭᠦᠯᠵᠢ ᠰᠣᠯᠢᠨ᠎ᠠ᠃ ᠢᠩᠭᠢᠪᠡᠯ ᠡᠪᠡᠳᠴᠢᠨ | ᠬᠠᠯᠳᠠᠪᠤᠷᠢᠯᠠᠬᠤ ᠶᠢ ᠰᠡᠷᠭᠡᠶᠢᠯᠡᠵᠦ᠂ ᠬᠡᠦᠬᠡᠳ ᠢ ᠡᠷᠡᠭᠦᠯ ᠰᠠᠷᠠᠭᠤᠯ ᠪᠠᠶᠢᠯᠭᠠᠵᠤ ᠴᠢᠳᠠᠨ᠎ᠠ᠃ |