ᠨᠠᠢᠮᠠᠨ ᠬᠤᠰᠢᠭᠤ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠠᠮᠤᠷ ᠲᠦᠪᠰᠢᠨ ᠢ ᠪᠠᠲᠤᠯᠠᠵᠤ ᠪᠤᠢ
ᠨᠡᠶᠢᠲᠡᠯᠡᠭᠰᠡᠨ ᠴᠠᠭ᠄
2024/12/3
      ᠡᠨᠡ ᠵᠢᠯ᠂ ᠨᠠᠢᠮᠠᠨ ᠬᠤᠰᠢᠭᠤ ᠢᠳᠡᠪᠬᠢᠲᠡᠢ ᠪᠠᠷ ᠬᠥᠳᠡᠯᠦᠯᠴᠡᠨ᠂ ᠪᠡᠯᠡ ᠣᠷᠣᠭᠤᠯᠤᠯᠲᠠ ᠶᠢᠨ ᠡᠷᠴᠢᠮ ᠢᠶᠠᠨ ᠴᠢᠩᠭᠠᠷᠠᠭᠤᠯᠵᠤ᠂ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠠᠮᠤᠷ ᠲᠦᠪᠰᠢᠨ ᠤ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ ᠶᠢ ᠪᠦᠭᠦ ᠲᠠᠯ᠎ᠠ ᠪᠠᠷ ᠲᠦᠯᠬᠢᠨ ᠠᠬᠢᠭᠤᠯᠵᠤ᠂ ᠮᠠᠯᠵᠢᠬᠤ ᠲᠠᠷᠢᠶᠠᠯᠠᠬᠤ ᠣᠷᠣᠨ ᠤ ᠤᠤᠭᠤᠬᠤ ᠤᠰᠤᠨ ᠤ ᠨᠥᠬᠦᠴᠡᠯ ᠪᠠᠷᠤᠭᠲᠠᠢ᠂ ᠤᠰᠤᠨ ᠤ ᠰᠤᠷᠪᠤᠯᠵᠢ ᠲᠣᠭᠲᠠᠭᠤᠨ ᠪᠤᠰᠤ ᠪᠠ ᠤᠰᠤᠨ ᠤ ᠴᠢᠨᠠᠷ ᠢ ᠪᠠᠲᠤᠯᠠᠬᠤ ᠳᠤ ᠪᠡᠷᠬᠡ ᠠᠰᠠᠭᠤᠳᠠᠯ ᠢ ᠬᠦᠴᠦᠯᠡᠨ ᠰᠠᠶᠢᠵᠢᠷᠠᠭᠤᠯᠵᠤ᠂ ᠥᠷᠭᠡᠨ ᠣᠯᠠᠨ ᠲᠦᠮᠡᠨ ᠤ ᠤᠤᠭᠤᠬᠤ ᠤᠰᠤᠨ ᠤ ᠠᠮᠤᠷ ᠲᠦᠪᠰᠢᠨ ᠢ ᠪᠠᠲᠤᠯᠠᠵᠤ ᠪᠤᠢ᠃      ᠲᠤᠰ ᠬᠤᠰᠢᠭᠤᠨ ᠤ ᠪᠠᠶᠢᠰᠢᠩᠲᠤ ᠪᠠᠯᠭᠠᠰᠤᠨ ᠤ ᠮᠠᠶᠢᠵᠢᠭᠢ ᠶᠢᠨ ᠲᠦᠡᠭ ᠲᠣᠰᠬᠤᠨ᠂ ᠭᠤᠷᠭᠤᠣᠯᠳᠠᠢ ᠭᠠᠴᠠᠭ᠎ᠠ ᠵᠢᠴᠢ ᠡᠷᠭᠢᠨ ᠲᠣᠭᠤᠷᠢᠨ ᠤ ᠭᠤᠷᠪᠠᠨ ᠵᠠᠰᠠᠭ ᠵᠠᠬᠢᠷᠭᠠᠨ ᠤ ᠲᠣᠰᠬᠤᠨ ᠤ ᠲᠦᠭᠡᠭᠡᠯ ᠤᠰᠤ ᠨᠢ ᠨᠢᠭᠡ ᠲᠠᠯ᠎ᠠ ᠶᠢᠨ ᠵᠢᠵᠢᠭᠬᠡᠨ ᠮᠠᠰᠢᠨ ᠬᠤᠳᠳᠤᠭ ᠠᠴᠠ ᠢᠷᠡᠯᠲᠡ ᠲᠠᠢ ᠪᠠᠶᠢᠵᠤ᠂ ᠶᠡᠭᠡ ᠪᠣᠷᠣᠭᠠᠨ ᠣᠷᠣᠪᠠᠯ ᠤᠰᠤ ᠬᠤᠷᠠᠵᠤ ᠪᠣᠬᠢᠷᠲᠤᠬᠤ ᠮᠥᠷᠲᠡᠭᠡᠨ ᠬᠠᠭᠤᠴᠢᠷᠠᠭᠰᠠᠨ ᠬᠤᠭᠤᠯᠠᠢ ᠨᠢ ᠴᠠᠭ ᠢᠮᠠᠭᠲᠠ ᠡᠪᠳᠡᠷᠡᠳᠡᠭ ᠪᠣᠯᠬᠤᠷ᠂ ᠡᠨᠡ ᠨᠢ ᠤᠯᠠᠨ ᠲᠦᠮᠡᠨ ᠤ ᠠᠮᠢᠳᠤᠷᠠᠯ ᠢ ᠶᠡᠬᠡᠬᠡᠨ ᠨᠥᠯᠥᠭᠡᠯᠡᠵᠦ ᠪᠠᠶᠢᠪᠠ᠃      ᠤᠯᠠᠨ ᠲᠦᠮᠡᠨ ᠤ ᠤᠤᠭᠤᠬᠤ ᠤᠰᠤᠨ ᠤ ᠠᠮᠤᠷ ᠲᠦᠪᠰᠢᠨ ᠤ ᠠᠰᠠᠭᠤᠳᠠᠯ ᠢ ᠰᠢᠢᠳᠪᠦᠷᠢᠯᠡᠬᠦ ᠶᠢᠨ ᠲᠥᠯᠥᠭᠡ᠂ ᠡᠨᠡ ᠵᠢᠯ᠂ ᠪᠠᠶᠢᠰᠢᠩᠲᠤ ᠪᠠᠯᠭᠠᠰᠤ ᠨᠢ ᠬᠤᠰᠢᠭᠤᠨ ᠤ ᠪᠠᠨ ᠤᠰᠤᠨ ᠤ ᠶᠠᠪᠤᠳᠠᠯ ᠤᠨ ᠲᠣᠪᠴᠢᠶ᠎ᠠ ᠠᠴᠠ ᠲᠦᠭᠡᠭᠡᠯ ᠤᠰᠤᠨ ᠤ ᠬᠤᠭᠤᠯᠠᠢ ᠶᠢᠨ ᠲᠣᠣᠷ ᠤᠨ ᠥᠭᠡᠷᠡᠴᠢᠯᠡᠯᠲᠡ ᠶᠢᠨ ᠲᠥᠷᠥᠯ ᠵᠦᠢᠯ ᠢ ᠢᠳᠡᠪᠬᠢᠲᠡᠢ ᠭᠤᠶᠤᠴᠢᠯᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠵᠣᠯᠭᠠᠭᠤᠯᠬᠤ ᠪᠡᠯᠡ ᠮᠥᠩᠭᠦ ᠶᠢ 450 ᠲᠦᠮᠡᠨ ᠲᠥᠭᠦᠷᠢᠭ ᠵᠣᠬᠢᠴᠠᠭᠤᠯᠵᠤ ᠪᠠᠶᠢᠭᠠᠳ ᠬᠠᠮᠢᠶ᠎ᠠ ᠪᠦᠬᠦᠢ ᠥᠭᠡᠷᠡᠴᠢᠯᠡᠯᠲᠡ ᠶᠢᠨ ᠢᠨᠵᠧᠨᠧᠷᠢᠩ ᠢ ᠬᠡᠷᠡᠭᠵᠢᠭᠦᠯᠵᠦ᠂ 84000 ᠮᠧᠲᠷ ᠤᠨ ᠤᠰᠤᠨ ᠬᠤᠭᠤᠯᠠᠢ ᠶᠢ ᠰᠢᠨ᠎ᠡ ᠪᠠᠷ ᠳᠡᠪᠢᠰᠦᠭᠰᠡᠨ ᠪᠥᠭᠡᠳ ᠪᠠᠶᠢᠰᠢᠩᠲᠤ ᠪᠠᠯᠭᠠᠰᠤᠨ ᠤ ᠬᠤᠩᠬᠤᠷ ᠤᠨ ᠲᠦᠩ ᠲᠣᠰᠬᠤᠨ ᠤ ᠤᠰᠤ ᠰᠢᠢᠳᠪᠦᠷᠢᠯᠡᠬᠦ ᠦᠢᠯᠡᠳᠪᠦᠷᠢ ᠠᠴᠠ ᠨᠢᠭᠡᠳᠦᠯᠲᠡᠢ ᠤᠰᠤ ᠬᠠᠩᠭᠠᠵᠤ᠂ 1474 ᠡᠷᠦᠭᠡ ᠶᠢᠨ 6000 ᠰᠢᠬᠠᠮ ᠲᠣᠰᠬᠤᠨ ᠤ ᠠᠷᠠᠳ ᠲᠤ ᠠᠰᠢᠭ ᠬᠦᠷᠲᠡᠭᠡᠪᠡ᠃      ᠤᠰᠤ ᠤᠮᠳᠠ ᠶᠢᠨ ᠪᠠᠲᠤᠯᠠᠭ᠎ᠠ ᠶᠢᠨ ᠲᠤᠬᠠᠢ ᠶᠠᠷᠢᠬᠤ ᠳᠤ᠂ ᠲᠤᠰ ᠬᠤᠰᠢᠭᠤᠨ ᠤ ᠰᠢᠷᠠᠬᠤᠭᠤᠯᠠᠢ ᠪᠠᠯᠭᠠᠰᠤᠨ ᠤ ᠬᠠᠷᠠᠭᠠᠨᠲᠤ ᠲᠣᠰᠬᠤᠨ ᠤ ᠠᠷᠠᠳ ᠴᠤ ᠪᠠᠶᠠᠷᠲᠤ ᠶᠠᠪᠤᠳᠠᠯ ᠤᠯᠠᠨ᠃ ᠡᠨᠡ ᠵᠢᠯ ᠤᠨ 9 ᠰᠠᠷ᠎ᠠ ᠶᠢᠨ ᠳᠤᠮᠳᠠᠴᠢ ᠪᠠᠷ᠂ ᠪᠠᠯᠭᠠᠰᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠨᠢ ᠴᠢᠷᠮᠠᠶᠢᠵᠤ ᠪᠠᠶᠢᠭᠠᠳ ᠬᠠᠷᠠᠭᠠᠨᠲᠤ ᠲᠣᠰᠬᠤᠨ ᠤ ᠤᠤᠭᠤᠬᠤ ᠤᠰᠤᠨ ᠤ ᠠᠮᠤᠷ ᠲᠦᠪᠰᠢᠨ ᠤ ᠪᠦᠲᠦᠭᠡᠨ ᠪᠠᠶᠢᠭᠤᠯᠤᠯᠲᠠ ᠶᠢᠨ ᠲᠦᠷᠦᠯ ᠵᠦᠢᠯ ᠢ ᠪᠠᠶᠢᠭᠤᠯᠵᠤ ᠳᠠᠭᠤᠰᠬᠠᠭᠠᠳ᠂ ᠲᠤᠰᠬᠤᠨ ᠤ ᠤᠯᠠᠨ ᠲᠦᠮᠡᠨ ᠤ ᠤᠰᠤ ᠤᠤᠭᠤᠬᠤ ᠶᠡᠭᠡ ᠶᠠᠪᠤᠳᠠᠯ ᠢ ᠲᠤᠶᠢᠯᠪᠤᠷᠢᠲᠠᠢ ᠰᠢᠢᠳᠪᠦᠷᠢᠯᠡᠪᠡ᠃      ︽ᠡᠨᠡ ᠬᠦ ᠢᠨᠵᠧᠨᠧᠷᠢᠩ ᠨᠢ ᠪᠦᠭᠦ ᠲᠣᠰᠬᠤᠨ ᠤ 442 ᠡᠷᠦᠭᠡ ᠶᠢᠨ 2039 ᠬᠥᠮᠥᠨ ᠠᠮᠠ ᠶᠢᠨ ᠤᠤᠭᠤᠬᠤ ᠤᠰᠤ ᠶᠢᠨ ᠠᠮᠤᠷ ᠲᠦᠪᠰᠢᠨ ᠤ ᠠᠰᠠᠭᠤᠳᠠᠯ ᠢ ᠰᠢᠢᠳᠪᠦᠷᠢᠯᠡᠨ ᠥᠭᠴᠦ᠂ ᠲᠦᠭᠡᠭᠡᠯ ᠤᠰᠤ ᠶᠢ ᠡᠷᠦᠭᠡ ᠳᠤ ᠣᠷᠣᠭᠤᠯᠬᠤ ᠨᠣᠷᠮ᠎ᠠ ᠪᠣᠯᠣᠨ ᠤᠤᠭᠤᠬᠤ ᠤᠰᠤᠨ ᠤ ᠠᠮᠤᠷ ᠲᠦᠪᠰᠢᠨ ᠤ ᠪᠦᠷᠬᠦᠴᠡ  ᠶᠢᠨ ᠨᠣᠷᠮ᠎ᠠ ᠶᠢ 100% ᠳᠤ ᠬᠦᠷᠭᠡᠪᠡ᠃ ᠡᠨᠡ ᠨᠢ ᠪᠦᠭᠦ ᠲᠣᠰᠬᠤᠨ ᠤ ᠠᠷᠠᠳ ᠢᠯᠠᠩᠭᠤᠶ᠎ᠠ ᠨᠠᠰᠤ ᠠᠬᠢᠭᠰᠠᠨ ᠲᠣᠰᠬᠤᠨ ᠤ ᠠᠷᠠᠳ ᠲᠤ ᠠᠪᠴᠤ ᠬᠡᠯᠡᠪᠡᠯ᠂ ᠤᠰᠤ ᠠᠪᠬᠤ ᠳᠤ ᠨᠡᠩ ᠳᠥᠭᠦᠮ ᠪᠣᠯᠵᠤ᠂ ᠤᠰᠤᠨ ᠤ ᠴᠢᠨᠠᠷ ᠢ ᠴᠤ ᠨᠡᠩ ᠰᠠᠶᠢᠨ ᠪᠣᠯᠭᠠᠵᠠᠢ︾ ᠭᠡᠵᠦ ᠬᠠᠷᠠᠭᠠᠨᠲᠤ ᠲᠣᠰᠬᠤᠨ ᠤ ᠨᠠᠮ ᠤᠨ ᠡᠭᠦᠷ ᠤᠨ ᠱᠦᠵᠢ ᠵᠠᠩ ᠹᠦ᠋ ᠰᠢᠤᠸᠠᠢ ᠪᠠᠶᠠᠷᠲᠠᠶᠢᠬᠠᠨ ᠶᠠᠷᠢᠵᠤ ᠪᠠᠶᠢᠯ᠎ᠠ᠃      ᠣᠶᠢᠯᠠᠭᠠᠭᠰᠠᠨ ᠢᠶᠠᠷ᠂ ᠡᠨᠡ ᠵᠢᠯ ᠨᠠᠢᠮᠠᠨ ᠬᠤᠰᠢᠭᠤ ᠤᠤᠭᠤᠬᠤ ᠤᠰᠤᠨ ᠤ ᠠᠮᠤᠷ ᠲᠦᠪᠰᠢᠨ ᠤ ᠪᠠᠲᠤᠯᠠᠭ᠎ᠠ ᠶᠢᠨ ᠲᠥᠷᠥᠯ ᠵᠦᠢᠯ ᠢ 5 ᠬᠡᠷᠡᠭᠵᠢᠭᠦᠯᠵᠦ᠂ 156.5 ᠺᠢᠯᠣᠮᠧᠲᠷ ᠤᠨ ᠣᠷᠳᠣ ᠬᠤᠭᠤᠯᠠᠢ ᠶᠢ ᠰᠢᠨᠡᠳᠬᠡᠵᠦ᠂ 6316 ᠡᠷᠦᠭᠡ ᠶᠢᠨ 2 ᠲᠦᠮᠡᠨ ᠬᠥᠮᠥᠨ ᠠᠮᠠ ᠳᠤ ᠠᠰᠢᠭ ᠬᠦᠷᠲᠡᠭᠡᠵᠦ᠂ ᠡᠯ᠎ᠡ ᠲᠥᠷᠥᠯ ᠵᠦᠢᠯ ᠢ ᠤᠳᠠᠯ ᠦᠭᠡᠢ ᠪᠦᠭᠦᠨ ᠢ ᠪᠠᠷᠢᠵᠤ ᠳᠠᠭᠤᠰᠬᠠᠬᠤ ᠪᠣᠯᠣᠨ᠎ᠠ᠃                      ᠰᠤᠷᠪᠤᠯᠵᠢᠯᠠᠬᠴᠢ᠄ ᠳᠦᠭᠦᠷᠡᠩ  ᠴᠢᠮᠡᠭᠡᠯᠡᠭᠴᠢ᠄ ᠦ᠋ ᠴᠢᠩ ᠱᠠᠨ
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ