ᠨᠢᠭᠡ | ᠪᠠᠮᠪᠤᠤ ᠰᠡᠪ ᠬᠢᠨ ᠢᠷᠡᠭᠰᠡᠡ ᠭᠡᠭᠡᠷ᠎ᠡ ᠶᠢᠨ ᠰᠠᠯᠬᠢᠨ ᠳᠤ ᠪᠦᠮᠪᠦᠷᠢᠲᠡᠯᠡ ᠦᠯᠢᠶᠡᠭᠳᠡᠭᠡᠳ ᠰᠡᠷᠭᠦᠪᠡ᠃ ᠨᠢᠳᠦ ᠪᠠᠨ ᠨᠡᠭᠡᠭᠡᠳ ᠬᠠᠷᠠᠪᠠᠯ ᠠᠮᠠ ᠪᠦᠯᠢ ᠪᠠᠷ | ᠢᠶᠠᠨ ᠳᠠᠭᠤ ᠠᠪᠤᠯᠴᠠᠠ ᠴᠤᠭᠯᠠᠵᠦ ᠢᠷᠡᠭᠡᠳ ᠬᠤᠪᠢᠶᠠᠯᠴᠠᠠ ᠢᠳᠡᠵᠦ ᠪᠠᠶᠢᠭᠰᠠᠠ ᠡᠬᠡᠮᠡᠯ ᠦᠨᠢᠶᠡᠡ ᠤ ᠬᠢ ᠪᠤᠯᠤᠯᠲᠠᠢ ᠪᠦᠲᠦᠭᠦᠨ ᠪᠠᠭᠠᠰᠤ ᠯᠦᠭᠯᠡᠶᠢᠵᠦ | ᠬᠠᠷᠠᠭᠲᠠᠨ᠎ᠠ᠃ ᠠᠮᠠ ᠬᠤᠭᠤᠯᠠᠢ ᠨᠢ ᠬᠠᠲᠠᠠ ᠵᠠᠪᠠᠭᠠᠷᠠᠵᠦ᠂ ᠵᠠᠪᠠᠵᠢᠨ ᠠᠴᠠ ᠨᠢ ᠴᠠᠭᠠᠠ ᠬᠦᠭᠡᠰᠦ ᠪᠤᠷᠭᠢᠨ᠂ ᠲᠤᠯᠤᠭᠠᠢ ᠨᠢ ᠰᠦᠷᠲᠡᠢ ᠡᠷᠭᠢᠨ ᠨᠢᠳᠦ ᠨᠢ | ᠡᠷᠢᠶᠡᠯᠵᠡᠵᠦ᠂ ᠬᠤᠲᠤᠭᠤᠲᠦ ᠭᠡᠳᠡᠰᠦᠨ ᠳᠤᠨᠢ ᠭᠠᠯ ᠨᠤᠴᠤᠭᠰᠠᠠ ᠭᠡᠮᠡᠷ ᠬᠠᠯᠠᠭᠤ ᠰᠢᠳᠠᠵᠦ᠂ ᠠᠷᠢᠬᠢᠨ ᠰᠢᠷ᠎ᠠ ᠲᠠᠪᠬᠤᠷᠲᠠᠭᠰᠠᠠ ᠬᠡᠮᠡᠷ ᠤᠯᠬᠢᠶᠡ ᠮᠠᠭᠤᠲᠠᠢ | ᠪᠠᠶᠢᠪᠠ᠃ ᠦᠶ᠎ᠡ ᠮᠦᠴᠡ ᠨᠢ ᠲᠠᠮᠢᠷ ᠠᠯᠳᠠᠠ ᠰᠤᠯᠠᠷᠠᠬᠤ ᠮᠦᠷᠲᠡᠭᠡᠡ ᠬᠦᠨᠳᠡᠭᠦᠷᠢᠯᠡᠡ ᠱᠠᠷᠬᠢᠷᠠᠵᠦ ᠬᠦᠳᠡᠯᠵᠦ ᠪᠠᠷᠢᠬᠤ ᠳᠤ ᠲᠡᠭᠡᠭᠡᠷ᠎ᠡ ᠲᠠᠢ ᠰᠠᠨᠠᠭᠲᠠᠵᠦ ᠪᠠᠶᠢᠯ᠎ᠠ᠃ | ᠤᠨᠳᠠᠭᠠᠳ ᠠᠪᠤᠭᠰᠠᠠ ᠰᠢᠭ᠋ ᠬᠡᠰᠡᠭ ᠬᠤᠭᠤᠴᠠᠭ᠎ᠠ ᠶᠢ ᠶᠠᠭ ᠮᠡᠳᠡᠬᠦ ᠦᠭᠡᠢ ᠪᠠᠶᠢᠵᠦ᠂ ᠬᠡᠲᠦᠢ ᠤᠳᠠᠭᠠᠠ ᠪᠤᠯᠤᠭᠰᠠᠠ ᠢ ᠴᠦ ᠲᠦᠰᠦᠭᠡᠯᠡᠬᠦ ᠳᠤ ᠮᠠᠰᠢ ᠪᠠᠷᠭᠡ | ᠪᠠᠶᠢᠪᠠ᠃ ᠤᠳᠤ ᠪᠤᠳᠤᠪᠠᠯ ᠲᠡᠷᠡ ᠮᠡᠳᠡᠭᠡ ᠰᠡᠭᠡᠭᠡ ᠠᠯᠳᠠᠠ ᠮᠠᠨᠠᠷᠠᠭᠰᠠᠠ ᠪᠠᠶᠢᠵᠠᠢ᠃ | ᠪᠠᠮᠪᠤᠤ ᠶᠠᠭᠤ ᠴᠦ ᠭᠡᠰᠡᠡ ᠲᠡᠯᠴᠢᠯᠡᠡ ᠪᠠᠶᠢᠵᠦ ᠡᠪᠦᠳᠦᠭ ᠢᠶᠠᠨ ᠲᠤᠯᠤᠨ ᠪᠤᠰᠴᠤ ᠵᠤᠭᠰᠤᠪᠠ᠃ ᠬᠦᠯ ᠨᠢ ᠡᠪᠦᠳᠦᠭ ᠢᠶᠠᠷ ᠢᠶᠠᠨ ᠨᠤᠭᠤᠷᠠᠬᠤ ᠠᠯᠳᠠᠭᠠᠳ | ᠶᠠᠭ ᠲᠠᠮᠢᠷ ᠵᠢᠯᠭ᠎ᠠ ᠦᠭᠡᠢ ᠶᠢ ᠶᠠᠭᠠᠬᠢᠶ᠎ᠠ᠃ ᠨᠠᠷᠠᠠ ᠤ ᠪᠠᠶᠢᠳᠠᠯ ᠢ ᠠᠵᠢᠪᠠᠯ ᠦᠳᠡ ᠨᠡᠯᠢᠶᠡᠳ ᠭᠤᠲᠤᠶᠢᠭᠰᠠᠠ ᠪᠠᠶᠢᠯ᠎ᠠ᠃ ᠦᠷᠯᠦᠭᠡ ᠡᠷᠲᠡ ᠠᠴᠠ ᠠᠪᠤᠭᠠᠳ | ᠠᠳᠡ ᠤᠬᠠᠭ᠎ᠠ ᠠᠯᠳᠠᠭᠰᠠᠠ ᠢᠶᠠᠷ ᠪᠤᠳᠤᠪᠠᠯ ᠡᠳᠦᠷ ᠤᠨ ᠶᠡᠭᠡᠪᠴᠢ ᠶᠢ ᠦᠩᠭᠡᠷᠡᠭᠡᠭᠰᠡᠡ ᠪᠠᠶᠢᠪᠠ᠃ ᠦᠶ᠎ᠡ ᠦᠶ᠎ᠡ ᠰᠡᠪᠡᠯᠵᠡᠬᠦ ᠰᠠᠯᠬᠢᠨ ᠤ ᠠᠷᠢᠭᠤᠨ ᠠᠮᠢᠰᠬᠤᠯ | ᠳᠤ ᠲᠤᠲᠤᠷ᠎ᠠ ᠨᠢ ᠬᠡᠰᠡᠭ ᠲᠡᠭᠡᠨ ᠰᠠᠷᠠᠭᠤᠯᠵᠢᠵᠦ᠂ ᠲᠦᠷᠦᠭᠰᠡᠡ ᠨᠤᠲᠤᠭ ᠤᠨ ᠬᠢᠨᠢ ᠬᠠᠷ᠎ᠠ ᠰᠢᠷᠤᠢ ᠶᠢᠨ ᠦᠨᠦᠷ ᠴᠡᠭᠡᠵᠢ ᠤᠩᠭᠤᠶᠢᠯᠭᠠᠠ ᠲᠠᠭᠠᠲᠠᠢ ᠤ ᠠᠷᠭ᠎ᠠ | ᠦᠭᠡᠢ ᠪᠠᠶᠢᠨ᠎ᠠ᠃ ᠲᠡᠭᠡᠭᠡᠳ ᠲᠡᠷᠡ ᠵᠢᠭᠠᠬᠠᠨ ᠲᠠᠷ ᠲᠡᠩᠬᠡᠭᠡ ᠤᠷᠤᠵᠦ᠂ ᠪᠤᠯᠵᠦ ᠦᠩᠭᠡᠷᠡᠭᠰᠡᠡ ᠶᠠᠪᠤᠳᠠᠯ ᠤᠴᠢᠷ ᠤᠨ ᠲᠤᠬᠠᠢ ᠪᠤᠲᠤᠯ ᠪᠤᠯᠤᠨ ᠲᠡᠷᠢᠭᠦᠨ | ᠡᠷᠭᠦᠵᠦ ᠡᠷᠭᠢᠨ ᠲᠤᠭᠤᠷᠢᠨ ᠢ ᠠᠵᠢᠭᠯᠠᠪᠠᠯ ᠲᠡᠭᠦᠨ ᠠᠴᠠ ᠠᠷᠪᠠᠭᠠᠳ ᠠᠯᠴᠠᠮ ᠤᠨ ᠴᠠᠭᠠᠨ᠎ᠠ ᠶᠡᠭᠡ ᠠᠬ᠎ᠠ ᠨᠢ ᠳᠡᠭᠡᠭᠰᠢ ᠬᠠᠨᠲᠤᠨ ᠰᠠᠷᠪᠠᠶᠢᠭᠠᠳ ᠬᠡᠪᠲᠡᠭᠡ | ᠬᠠᠷᠠᠭᠳᠠᠨ᠎ᠠ᠃ ᠪᠡᠶ᠎ᠡ ᠪᠠᠷ᠎ᠠ ᠪᠠᠷ ᠨᠢ ᠶᠡᠭᠡ ᠠᠬ᠎ᠠ ᠪᠠᠨ ᠬᠡᠭᠴᠢ ᠶᠢ ᠲᠠᠨᠢᠪᠠ᠃ ᠲᠡᠭᠦᠨ ᠠᠴᠠ ᠨᠠᠭᠠᠨᠠᠬᠠᠨ ᠨᠢ ᠭᠤᠷᠪᠠᠲᠤᠭᠠᠷ ᠲᠡᠭᠦᠦ ᠨᠢ ᠠᠷᠪᠠᠶᠢᠵᠦ ᠪᠠᠶᠢᠪᠠ᠃ | ᠲᠡᠭᠦᠨ ᠠᠴᠠ ᠴᠢᠭᠡ ᠪᠠᠷᠠᠭᠤᠨᠲᠠᠢ ᠬᠡᠦᠬᠡᠡ ᠲᠡᠭᠦᠦ ᠨᠢ ᠠᠷᠠᠢ ᠵᠢᠭᠠᠬᠠᠨ ᠬᠠᠵᠠᠭᠤᠯᠳᠠᠴᠢᠬᠠᠭᠰᠠᠠ ᠲᠦᠩᠰᠦᠭᠦᠷ ᠮᠦᠷᠲᠡᠭᠡᠡ ᠠᠳᠤᠭᠠᠷ᠃ ᠲᠡᠶᠢᠮᠦ ᠡ᠂ ᠦᠷᠯᠦᠭᠡᠡ | ᠨᠠᠷᠠᠠ ᠤ ᠪᠢᠲᠡᠭᠦᠦ ᠪᠠᠷ ᠠᠬ᠎ᠠ ᠲᠡᠭᠦᠦ ᠲᠦᠷᠪᠡᠭᠦᠯᠡ ᠪᠠᠨ ᠨᠢᠭᠡ ᠨᠢᠭᠡ ᠪᠠᠨ ᠳᠠᠭᠤᠳᠠᠠ ᠰᠡᠷᠢᠭᠡᠵᠦ᠂ ᠨᠤᠶᠢᠯ ᠤᠨ ᠨᠠᠪᠴᠢᠨ ᠳᠤ ᠳᠠᠯᠳᠠᠯᠠᠠ ᠬᠤᠨᠤᠭᠰᠠᠠ | ᠪᠠᠭᠤᠴᠠ ᠠᠴᠠ ᠪᠠᠨ ᠬᠦᠳᠡᠯᠵᠡᠭᠡᠡ᠂ ᠠᠳᠡ ᠢᠷᠡᠵᠦ ᠨᠤᠶᠢᠲᠠᠠ ᠪᠠᠭᠠᠰᠤ ᠰᠡᠭᠯᠡᠵᠦ ᠡᠬᠢᠯᠡᠭᠰᠡᠡ ᠢᠶᠠᠨ ᠲᠤᠲᠤᠷᠬᠠᠢ ᠰᠠᠨᠠᠵᠦ ᠪᠠᠶᠢᠨ᠎ᠠ᠃ ᠪᠠᠮᠪᠤᠤ ᠰᠤᠭᠲᠤᠭᠤ | ᠬᠦᠮᠦᠨ ᠰᠢᠭ ᠳᠡᠯᠲᠦ ᠮᠦᠯᠲᠦ ᠭᠤᠶᠢᠪᠢᠷᠠᠠ ᠠᠯᠬᠤᠭᠰᠠᠭᠠᠷ ᠠᠬ᠎ᠠ ᠶᠢᠨ ᠢᠶᠠᠨ ᠲᠡᠷᠭᠡᠲᠡ ᠬᠦᠷᠴᠦ ᠦᠵᠡᠪᠡᠯ ᠠᠬ᠎ᠠ ᠶᠢᠨ ᠬᠢᠨᠢ ᠠᠮᠠᠠ ᠠᠴᠠ ᠰᠠᠪᠢᠷᠠᠭᠰᠠᠠ ᠴᠠᠭᠠᠠ | ᠬᠦᠭᠡᠰᠦ ᠤᠷᠤᠭᠤᠯ ᠵᠠᠪᠠᠵᠢ ᠲᠠᠢ ᠨᠢ ᠪᠠᠷᠢᠯᠳᠤᠨ ᠬᠠᠲᠠᠭᠠᠳ ᠠᠯᠢ ᠬᠡᠲᠦᠶᠢᠨ ᠠᠮᠢᠰᠬᠤᠯ ᠬᠤᠷᠢᠶᠠᠵᠦ᠂ ᠬᠤᠷᠸ᠎ᠠ ᠶᠢᠨ ᠮᠦᠩᠭᠡ ᠪᠤᠰᠤ ᠶᠢ ᠦᠵᠡᠭᠦᠯᠦᠭᠰᠡᠡ | ᠲᠦᠯᠦᠪᠲᠡᠢ ᠪᠤᠯᠬᠤ ᠪᠠᠷ ᠲᠤᠯᠤᠭᠠᠢ ᠨᠢ ᠤᠯᠠᠮ ᠯᠡᠩᠰᠡᠶᠢᠨ᠂ ᠲᠤᠲᠤᠷ᠎ᠠ ᠨᠢ ᠪᠠᠴᠢᠭᠤᠳᠠᠠ ᠡᠮᠭᠡᠨᠢᠨ ᠤᠬᠢᠯᠠᠶ᠎ᠠ ᠭᠡᠬᠦ ᠳᠤ ᠤᠬᠤᠷᠬᠠᠢ ᠨᠢ ᠬᠠᠳᠠᠩᠬᠢᠲᠠᠭᠠᠳ | ᠦᠨᠦᠴᠢᠨ ᠨᠢᠯᠪᠤᠰᠤ ᠤᠨᠠᠭᠰᠠᠠ ᠦᠭᠡᠢ᠃ ᠳᠠᠬᠢᠨ ᠡᠷᠭᠢᠵᠦ ᠠᠮᠠᠠ ᠠᠴᠠ ᠨᠢ ᠴᠠᠭᠠᠠ ᠬᠦᠭᠡᠰᠦ ᠰᠠᠭᠠᠭᠰᠠᠠ ᠲᠡᠭᠦᠦ ᠪᠠᠨ ᠪᠡᠶ᠎ᠡ ᠪᠠᠷ ᠢᠶᠠᠨ ᠨᠦᠷᠢᠨ ᠬᠦᠳᠡᠯᠭᠡᠵᠦ | ᠦᠵᠡᠭᠰᠡᠡ ᠳᠤ ᠪᠠᠰᠠᠯᠠ ᠠᠮᠢ ᠨᠠᠰᠤᠨ ᠤ ᠢᠮ ᠲᠡᠮᠳᠡᠭ ᠦᠯᠦ ᠮᠡᠳᠡᠭᠳᠡᠭᠰᠡᠡ ᠳᠤ ︽ᠮᠠᠨᠠᠶᠢᠬᠢᠨ ᠮᠠᠰᠢ ᠶᠡᠭᠡ ᠦᠷᠡᠭᠳᠡᠯ ᠰᠦᠢᠲᠦᠯ ᠳᠤ ᠲᠤᠬᠢᠶᠠᠯᠳᠤᠪᠠᠢ︾ ᠬᠡᠮᠡᠡ | ᠪᠤᠲᠤᠵᠦ ᠠᠮᠵᠢᠪᠠ᠃ ᠲᠡᠷᠡ ᠪᠠᠷ ᠭᠠᠳᠠᠭᠰᠢ ᠭᠠᠷᠬᠤ ᠦᠭᠡᠢ ᠴᠦ ᠲᠤᠲᠤᠭᠰᠢ ᠪᠠᠨ ᠦᠶᠡᠷᠯᠡᠬᠦ ᠨᠢᠯᠪᠤᠰᠤ ᠪᠠᠨ ᠵᠠᠯᠭᠢᠯᠠᠠ ᠪᠠᠶᠢᠵᠦ ᠬᠡᠦᠬᠡᠡ ᠲᠡᠭᠦᠦ ᠶᠢᠨ ᠢᠶᠠᠨ | ᠬᠠᠵᠠᠭᠤ ᠳᠤ ᠤᠴᠢᠪᠠᠯ ᠠᠯᠳᠠᠷᠠᠢ ᠨᠢ ᠬᠠᠷᠢᠨ ᠰᠤᠯᠠᠪᠲᠤᠷ ᠮᠠᠭᠤᠬᠠᠠ ᠠᠮᠢᠰᠬᠤᠭ᠎ᠠ ᠲᠠᠢ᠂ ᠴᠠᠭᠠᠠ ᠬᠦᠭᠡᠰᠦ ᠨᠠᠭᠠᠯᠳᠤᠭᠰᠠᠠ ᠬᠤᠩᠰᠢᠶᠠᠷ ᠢᠶᠠᠨ ᠤᠮᠤᠯᠵᠠᠭᠤᠯᠤᠨ | ᠶᠠᠮᠠᠷ ᠨᠢᠭᠡ ᠶᠠᠭᠤᠮ᠎ᠠ ᠬᠡᠯᠡᠬᠦ ᠰᠠᠨᠠᠭᠠᠲᠠᠢ ᠪᠠᠶᠢᠭ᠎ᠠ ᠨᠢ ᠮᠡᠳᠡᠭᠡᠵᠢ᠃ ᠪᠠᠮᠪᠤᠤ ᠤᠮᠤᠯᠵᠠᠬᠤ ᠤᠷᠤᠭᠤᠯ ᠪᠤᠯᠤᠨ ᠪᠦᠯᠲᠡᠭᠡᠨᠡᠬᠦ ᠨᠢᠲᠦᠨ ᠠᠴᠠ ᠨᠢ ᠪᠠᠶᠢᠳᠠᠯ ᠢ | ᠭᠠᠳᠠᠷᠯᠠᠵᠦ᠂ ᠴᠢᠬᠢ ᠪᠠᠨ ᠬᠡᠦᠬᠡᠨ ᠳᠡᠭᠦᠦ ᠶᠢᠨ ᠢᠶᠠᠨ ᠠᠮᠠᠠ ᠳᠤᠨᠢ ᠲᠤᠯᠭᠠᠪᠠᠯ ︽ᠪᠢᠳᠡ᠂ ᠪᠢᠳᠡ ᠬᠤᠤᠷ ᠲᠠᠢ ᠪᠠᠭᠠᠰᠤᠨ ᠳᠤ ᠬᠤᠤᠷᠳᠠᠭᠳᠠᠵᠠᠢ︾ ᠭᠡᠰᠡᠡ | ᠵᠦᠳᠡᠭᠦᠬᠡᠡ ᠰᠢᠪᠡᠨᠡᠭᠡ ᠶᠢ ᠤᠯᠵᠦ ᠰᠤᠨᠤᠰᠪᠠ᠃ ᠬᠡᠦᠬᠡᠡ ᠳᠡᠭᠦᠦ ᠶᠢᠨ ᠬᠢᠨᠢ ᠠᠮᠢᠰᠬᠤᠭ᠎ᠠ ᠰᠦᠷᠡᠬᠡᠢ ᠳᠠᠪᠬᠤᠴᠠᠠ ᠰᠦᠢᠯᠡᠭᠡᠨᠡᠵᠦ ᠪᠠᠶᠢᠯ᠎ᠠ ᠁ | ᠬᠤᠶᠠᠷ | ᠬᠤᠶᠠᠷ ᠪᠠᠮᠪᠤᠤ ᠠᠴᠠ ᠬᠤᠯᠠ ᠦᠭᠡᠢ ᠵᠢᠵᠢᠭᠬᠡᠨ ᠳᠡᠨᠵᠢ ᠶᠢᠨ ᠡᠩᠭᠡᠷ ᠪᠠᠶᠢᠷᠢᠯᠠᠭᠰᠠᠠ ᠬᠤᠳᠠ ᠠᠶᠢᠯ ᠢ ᠰᠠᠮᠪᠤᠤ ᠶᠢᠨ ᠬᠢ ᠭᠡᠳᠡᠭ᠃ ᠭᠠᠳᠠᠨ᠎ᠠ ᠠᠴᠠ ᠨᠢ | ᠬᠠᠷᠠᠬᠤ ᠳᠤ ᠲᠠᠭᠠᠷᠠᠤᠬᠠᠨ ᠠᠵᠦ ᠤᠨᠲᠤᠷᠤᠯᠭ᠎ᠠ ᠲᠠᠢ ᠪᠤᠯᠪᠠᠤ ᠭᠡᠮᠡᠷ ᠡᠨᠡ ᠠᠶᠢᠯ ᠤᠨ ᠭᠡᠷ ᠤᠨ ᠡᠵᠡᠡ ᠰᠠᠮᠪᠤᠤ ᠦᠨᠦᠲᠦᠷ ᠭᠠᠷ ᠤᠳᠠᠰᠤᠨ ᠤ ᠸᠢᠴᠠᠲ | ᠬᠤᠯᠪᠤᠭᠠᠠ ᠳᠡᠭᠡᠷ᠎ᠡ ᠠᠴᠠ ᠨᠢᠭᠡ ᠮᠡᠳᠡᠭᠡ ᠤᠯᠵᠦ ᠤᠩᠰᠢᠭᠠᠳ ᠬᠦᠯ ᠨᠢ ᠭᠠᠵᠠᠷ ᠬᠦᠷᠬᠦ ᠦᠭᠡᠢ ᠠᠯᠠᠰᠬᠢᠨ ᠪᠠᠶᠠᠷᠯᠠᠨ᠎ᠠ᠃ ᠶᠠᠮᠠᠷ ᠮᠡᠳᠡᠭᠡ ᠪᠤᠢ ᠭᠡᠪᠡᠯ ︽ | ᠪᠠᠭᠠᠰᠤᠨ ᠪᠠᠮᠪᠤᠤ ᠶᠢᠨ ᠦᠨ᠎ᠡ ᠰᠢᠵᠢᠷ ᠠᠯᠲᠠᠠ ᠠᠴᠠ ᠦᠨ᠎ᠡ ᠲᠠᠢ ᠪᠤᠯᠪᠠ︾ ᠭᠡᠰᠡᠡ ᠰᠤᠨᠢᠷᠬᠠᠯ ᠲᠠᠢ ᠵᠠᠩᠭᠢ ᠪᠠᠶᠢᠪᠠ᠃ ᠪᠠᠶᠠᠷᠯᠠᠬᠤ ᠳᠠᠭᠠᠨ ᠮᠠᠷᠢᠶᠠᠯᠢᠭ | ᠴᠤᠭᠴᠠᠠ ᠤ ᠪᠠᠨ ᠬᠦᠨᠳᠦᠴᠡ ᠶᠢ ᠤᠮᠠᠷᠲᠠᠠ ᠳᠡᠭᠡᠷ᠎ᠡ ᠳᠡᠭᠡᠷ᠎ᠡ ᠳᠡᠪᠬᠡᠷᠡᠬᠦ ᠶᠢ ᠰᠠᠨᠠᠪᠠ᠃ ︽ᠤᠳᠤ ᠴᠦ ᠪᠠᠶᠠᠵᠢᠬᠤ ᠴᠠᠭ ᠢᠷᠡᠵᠡᠢ ᠬᠦ᠋᠂ ᠪᠠᠮᠪᠤᠤ ᠴᠢᠨᠢ ᠪᠠᠶᠢᠬᠤ | ᠯᠠ ᠪᠤᠶᠠᠠ ᠲᠡᠷᠡ ᠶᠠᠮᠠᠷ ᠪᠡᠯᠡ ᠤᠷᠤᠬᠤ ᠮᠠᠶᠢᠮᠠᠢ ᠤᠤ ᠵᠦᠭᠡᠷ ᠯᠡ ᠳᠠᠯ᠎ᠠ ᠳᠡᠭᠡᠷ᠎ᠡ ᠠᠴᠠ ᠲᠠᠪᠠ ᠪᠠᠷ ᠢᠶᠠᠨ ᠲᠡᠭᠦᠭᠡᠳ ᠠᠪᠤᠪᠠᠯ ᠪᠤᠯᠴᠢᠬᠠᠬᠤ ᠨᠢ ᠲᠡᠷᠡ᠂ ᠲᠡᠷᠡ | ᠶᠠᠮᠠᠷ ᠡᠪᠡᠰᠦᠨ ᠡᠮ ᠬᠡᠬᠡᠷ᠎ᠡ ᠶᠢᠨ ᠨᠤᠭᠤᠭ᠎ᠠ ᠲᠡᠭᠦᠵᠦ ᠪᠠᠶᠢᠬᠤ ᠲᠠᠢ ᠠᠳᠠᠯᠢ ᠤᠤ︖ ᠡᠨᠡ ᠲᠡᠷᠡ ᠬᠠᠤᠯᠢ ᠲᠦᠷᠢᠮ ᠢ ᠨᠢ ᠵᠦᠷᠢᠴᠡᠴᠢᠬᠡᠨᠡ ᠤᠤ ᠶᠠᠮᠠᠷ᠂ ︿ | ᠪᠤᠶᠠᠠ ᠲᠠᠢ ᠬᠦᠮᠦᠨ ᠤ ᠵᠠᠮ ᠳᠡᠭᠡᠷ᠎ᠡ ᠯᠢᠩᠬᠸ᠎ᠠ ᠶᠢ ᠲᠠᠷᠢᠭᠰᠠᠠ ᠴᠦ ᠤᠷᠭᠤᠨ᠎ᠠ᠂ ᠡᠰᠡ ᠲᠠᠷᠢᠭᠰᠠᠠ ᠴᠦ ᠤᠷᠭᠤᠨ᠎ᠠ﹀ ᠪᠠᠮᠪᠤᠤ ᠪᠢᠳᠡ ᠬᠤᠶᠠᠷ ᠶᠡᠷᠦᠨᠢ | ᠪᠠᠷᠢᠯᠳᠤᠯᠭ᠎ᠠ ᠲᠠᠢ ᠴᠦ ᠶᠤᠮ ᠤᠤ᠂ ᠡᠨᠡ ᠪᠠᠮᠪᠤᠤ ᠶᠡᠷᠦᠨᠢ ᠨᠠᠮᠠᠢᠢ ᠪᠠᠨ ᠬᠠᠭ᠎ᠠ ᠪᠠᠶᠠᠵᠢᠭᠤᠯᠬᠤ ᠨᠢ ᠡ︾ ᠭᠡᠵᠤ ᠪᠤᠳᠤᠵᠦ ᠠᠮᠵᠢᠬᠤ ᠳᠤ ᠪᠤᠯᠴᠢᠷᠬᠠᠢ ᠨᠢᠲᠦ ᠨᠢ | ᠤᠯᠠᠮ ᠨᠠᠷᠢᠰᠤᠨ᠂ ᠤᠯᠴᠢᠭᠠᠷ ᠰᠢᠷ᠎ᠠ ᠴᠢᠷᠠᠢ ᠳᠡᠭᠡᠷ᠎ᠡ ᠨᠢ ᠪᠠᠷᠳᠠᠮᠬᠠᠨ ᠢᠨᠢᠶᠡᠲᠦ ᠬᠦᠪᠦᠷᠡᠵᠦ᠂ ᠵᠦᠭ ᠵᠦᠭ ᠲᠡᠭᠡᠨ ᠵᠦᠭ ᠦᠭᠡᠢ ᠤᠷᠭᠤᠭᠰᠠᠠ ᠰᠢᠷᠠᠮᠠᠠ ᠰᠠᠬᠠᠯ | ᠨᠢ ᠦᠯᠦ ᠮᠡᠳᠡᠭ ᠴᠡᠴᠡᠷᠬᠢᠯᠡᠡ᠂ ᠵᠢᠷᠦᠬᠡᠨ ᠴᠤᠬᠢᠯᠭ᠎ᠠ ᠰᠤᠲᠠᠯ ᠤᠨ ᠯᠤᠭᠰᠢᠯᠲᠠ ᠨᠢ ᠤᠭᠵᠤᠮ ᠲᠦᠷᠭᠡᠰᠴᠦ᠂ ᠬᠡᠭᠦᠳᠡᠭ ᠴᠡᠭᠡᠵᠢ ᠨᠢ ᠢᠪᠴᠤᠤᠷᠠᠭᠰᠠᠠ ᠮᠡᠳᠦ | ᠰᠠᠨᠠᠭᠲᠠᠬᠤ ᠶᠢ ᠶᠠᠭᠠᠬᠢᠶ᠎ᠠ ᠬᠡᠭᠦᠪ ᠳ᠋ᠡ᠃ ᠰᠠᠮᠪᠤᠤ ᠭᠡᠭᠴᠢ ᠳᠠᠪᠢ ᠶᠢᠨ ᠳᠠᠪᠠᠭ᠎ᠠ ᠶᠢ ᠦᠭᠰᠦᠵᠦ ᠶᠠᠪᠤᠭ᠎ᠠ ᠡᠷ᠎ᠡ᠃ ᠤᠨᠤᠴᠢᠲᠠᠶᠢᠬᠠᠨ ᠬᠡᠯᠡᠬᠦ ᠠᠴᠠ ᠤᠬᠤᠷᠬᠠᠨ | ᠶᠠᠪᠤᠭ᠎ᠠ ᠬᠡᠳᠦᠨ ᠠᠷᠪᠠᠨ ᠵᠢᠯ ᠤᠨ ᠨᠠᠰᠤᠨ ᠳᠠᠭᠠᠨ ︽ᠤᠯᠠᠠ ᠢ ᠦᠵᠡᠵᠦ ᠤᠭᠤᠨᠤ ᠰᠡᠭᠦᠯᠳᠡᠭᠰᠡᠡ︾ ᠬᠦᠮᠦᠨ ᠤ ᠨᠢᠭᠡ ᠭᠡᠵᠤ ᠬᠡᠯᠡᠬᠦ ᠳᠤ ᠢᠯᠡᠭᠦᠳᠡᠬᠦ ᠦᠭᠡᠢ᠃ | ᠲᠦᠷᠦᠭᠦᠦ ᠵᠠᠭᠤᠨ ᠤ ᠨᠠᠶᠠᠭᠠᠳ ᠤᠨ ᠤ ᠲᠤᠮᠳᠠᠴᠢ ᠦᠶ᠎ᠡ ᠪᠠᠷ ᠶᠡᠭᠡ ᠰᠤᠷᠭᠠᠭᠤᠯᠢ ᠶᠢᠨ ᠠᠮᠢᠲᠤᠷᠠᠯ ᠳᠤ ᠠᠵᠠ ᠲᠤᠲᠠᠭᠰᠠᠠ ᠲᠡᠷᠡ ᠬᠦᠳᠡᠭᠡ ᠨᠤᠲᠤᠭ ᠤᠷᠤᠭᠤ | ᠪᠠᠨ ᠪᠤᠴᠠᠠ ᠮᠠᠯᠴᠢᠨ ᠪᠤᠯᠬᠤ ᠠᠶᠠᠠ ᠤ ᠪᠤᠭᠤᠯᠠᠭ᠎ᠠ ᠵᠢᠳᠬᠦᠵᠡᠢ᠃ ᠲᠤᠬᠠᠢ ᠶᠢᠨ ᠦᠶ᠎ᠡ ᠳᠤ ᠦᠨᠳᠦᠷ ᠲᠤᠮᠳᠠᠳᠤ ᠲᠡᠭᠦᠰᠦᠭᠰᠡᠡ ᠵᠠᠯᠠᠭᠤᠴᠤᠳ ᠪᠤᠯ ᠬᠦᠳᠡᠭᠡ | ᠳᠡᠭᠡᠨ ᠰᠤᠶᠤᠯ ᠪᠢᠴᠢᠭ ᠲᠠᠢ ᠬᠡᠭᠳᠡᠬᠦ ᠲᠡᠭᠡᠭᠦᠷ ᠬᠠᠷᠠᠬᠤ ᠬᠦᠮᠦᠰ ᠤᠨ ᠡᠩᠨᠡᠭᠡᠡ ᠳᠤ ᠪᠠᠭᠲᠠᠵᠦ᠂ ᠨᠢᠭᠡ ᠦᠶ᠎ᠡ ᠪᠠᠷᠢᠵᠦ ᠬᠦᠷᠲᠡᠬᠦ ᠦᠭᠡᠢ ᠭᠡᠮᠡᠷ ᠡᠳᠦᠷ ᠤᠨ | ᠤᠲᠤ ᠪᠤᠯᠤᠭᠰᠠᠠ ᠪᠠᠶᠢᠯ᠎ᠠ᠃ | ᠰᠠᠮᠪᠤᠤ ︽ᠤᠳᠤ ᠶᠢᠨ ᠴᠠᠭ ᠲᠤ ᠮᠠᠯ ᠤᠨ ᠪᠦᠭᠰᠡ ᠳᠠᠭᠠᠬᠤ ᠭᠡᠭᠴᠢ ᠦᠢᠯᠡ ᠪᠠᠷᠠᠭᠰᠠᠠ ᠬᠢᠳᠡᠯ︾ ᠭᠡᠵᠤ ᠦᠵᠡᠳᠡᠭ ᠪᠤᠯᠬᠤᠷ ᠮᠠᠯ ᠬᠠᠷᠠᠬᠤ ᠳᠤ ᠦᠰᠦᠨ | ᠠᠴᠠ ᠪᠠᠨ ᠲᠤᠷ᠎ᠠ ᠦᠭᠡᠢ ᠪᠠᠶᠢᠯ᠎ᠠ᠃ ᠢᠩᠭᠢᠭᠡᠳ ᠬᠦᠩᠭᠡᠨ ᠬᠦᠭᠡᠪᠦᠷ ᠶᠠᠪᠤᠬᠤ ᠶᠢ ᠬᠦᠰᠡᠮᠵᠢᠯᠡᠡ ᠴᠠᠰᠢ ᠪᠠᠨ ᠬᠠᠷᠠᠬᠤ ᠶᠢᠨ ᠵᠠᠪ ᠲᠤ ᠴᠠᠳᠬᠤᠯᠠᠩ ᠲᠠᠷᠭᠤᠨ | ᠪᠤᠯᠴᠢᠬᠠᠭᠰᠠᠠ ᠶᠠᠪᠤᠬᠤ ᠶᠢ ᠪᠤᠳᠤᠬᠤ ᠭᠡᠭᠴᠢ ᠵᠠᠯᠠᠭᠤ ᠬᠦᠮᠦᠨ ᠤ ᠲᠦᠷᠭᠡᠡ ᠪᠠᠶᠠᠵᠢᠬᠤ ᠭᠡᠰᠡᠡ ᠴᠦᠯᠢᠰ ᠪᠤᠳᠤᠯ ᠤᠨ ᠬᠢᠨᠢ ᠦᠢᠯᠡᠲᠦᠯ ᠪᠠᠶᠢᠬᠤ ᠶᠢ ᠪᠤᠷᠤᠭᠤ ᠭᠡᠬᠦ | ᠦᠭᠡᠢ᠃ ᠪᠠᠷᠢᠭᠠᠳᠠ ᠶᠢᠨ ᠠᠬᠠᠮᠠᠳ ᠱᠦᠵᠢ ᠰᠠᠶᠢᠨ᠎ᠠ ᠭᠤᠸᠠᠢ ᠬᠠᠷᠢᠨ ︽ᠪᠢᠴᠢᠭ ᠰᠤᠶᠤᠯ ᠲᠠᠢ ᠵᠦᠭᠡᠷ ᠬᠡᠦᠬᠡᠳ ᠢ ᠪᠠᠷᠢᠭᠠᠲᠠ ᠶᠢᠨ ᠤᠳᠤᠷᠢᠳᠬᠤ ᠪᠠᠭ ᠤᠨ | ᠬᠢᠨ ᠤ ᠵᠠᠯᠭᠠᠮᠵᠢᠯᠠᠭᠴᠢ ᠪᠤᠯᠭᠠᠬᠤ ᠪᠠᠷ ᠪᠢᠲᠡᠭᠦᠭᠡᠡ ᠳᠡᠭᠡᠨ ᠪᠤᠲᠤᠵᠦ ᠢᠯᠡ ᠴᠤᠬᠤᠶᠢᠯᠭᠠᠵᠦ ᠪᠠᠶᠢᠭᠰᠠᠠ ᠢ ᠨᠢ ︽ᠮᠠᠯ ᠬᠠᠷᠠᠬᠤ ᠪᠠᠷ ᠮᠠᠶᠢᠮᠠᠢ ᠬᠢᠶ᠎ᠡ᠂ ᠳᠠᠷᠤᠭ᠎ᠠ | ᠪᠤᠯᠬᠤ ᠪᠠᠷ ᠳᠠᠩᠰᠠ ᠡᠷᠭᠢᠭᠦᠯᠦᠶ᠎ᠡ︾ ᠭᠡᠰᠡᠡ ᠵᠤᠷᠢᠮᠠᠭ ᠦᠵᠡᠯᠲᠡ ᠨᠢ ᠲᠡᠶᠢᠯᠦᠭᠡᠳ ᠠᠮᠠᠷ ᠵᠠᠶᠠᠭ᠎ᠠ ᠦᠵᠡᠭᠦᠯᠦᠭᠰᠡᠡ ᠦᠭᠡᠢ᠃ ᠲᠡᠭᠡᠭᠡᠳ ᠳᠠᠪᠢ ᠬᠦᠷᠲᠡᠯ᠎ᠡ ᠪᠠᠨ | ᠬᠦᠮᠦᠨ ᠠᠯᠠᠵᠦ ᠭᠠᠯ ᠲᠠᠯᠪᠢᠬᠤ ᠠᠴᠠ ᠪᠤᠰᠤᠳ ᠢ ᠨᠢ ᠪᠦᠷ ᠢ ᠬᠢᠵᠦ᠂ ᠡᠪᠡᠷ ᠲᠠᠢ ᠳᠠᠤᠯᠠᠢ ᠦᠰᠦ ᠲᠠᠢ ᠮᠡᠯᠡᠬᠡᠢ ᠦᠵᠡᠭᠰᠡᠡ ᠦᠭᠡᠢ ᠠᠴᠠ ᠦᠭᠡᠷ᠎ᠡ ᠶᠢ ᠨᠢ | ᠪᠦᠬᠦᠳᠡ ᠶᠢ ᠦᠵᠡᠡ᠂ ᠶᠤᠰᠤᠲᠠᠢ ︽ᠰᠠᠨᠠᠭ᠎ᠠ ᠨᠢ ᠰᠠᠨᠰᠠᠷ ᠲᠤ᠂ ᠰᠠᠯᠲᠠᠭ᠎ᠠ ᠨᠢ ᠭᠠᠵᠠᠷ ᠲᠤ︾ ᠶᠠᠪᠤᠭᠰᠠᠠ ᠭᠡᠬᠦ ᠤᠤ ᠳ᠋ᠡ︕ ᠬᠦᠭᠡᠷᠦᠬᠦᠢ᠃ ᠰᠠᠮᠪᠤᠤ ᠶᠢᠨ | ᠰᠠᠶ᠋ᠢ ᠶᠢᠨ ᠪᠤᠲᠤᠵᠦ ᠪᠠᠶᠢᠭᠰᠠᠠ ︽ᠪᠠᠮᠪᠤᠤ ᠪᠢᠳᠡ ᠬᠤᠶᠠᠷ ᠶᠡᠷᠦᠨᠢ ᠪᠠᠷᠢᠯᠳᠤᠯᠭ᠎ᠠ ᠲᠠᠢ ᠴᠦ ᠶᠤᠮ ᠤᠤ︾ ᠭᠡᠰᠡᠡ ᠨᠢ ᠤᠷᠤ ᠦᠭᠡᠢ ᠪᠢᠰᠢ ᠯᠡ ᠳ᠋ᠡ᠂ ᠲᠡᠭᠦᠨ ᠢ | ᠨᠢ ᠳᠡᠯᠭᠡᠵᠦ ᠶᠠᠷᠢᠬᠤ ᠶᠤᠮ ᠪᠤᠯ ᠪᠠᠰᠠ ᠨᠡᠯᠢᠶᠡᠳ ᠦᠯᠢᠭᠡᠷ ᠲᠠᠢ ᠪᠠᠶᠢᠭ᠎ᠠ ᠶᠤᠮ᠃ ᠨᠤᠮ ᠪᠢᠴᠢᠭ ᠲᠠᠢ ᠬᠦᠮᠦᠨ ᠴᠢᠨᠢ ᠬᠦᠳᠡᠭᠡ ᠶᠢᠨ ᠪᠤᠰᠤᠳ ᠤᠳ ᠲᠠᠢ ᠪᠠᠨ | ᠲᠠᠭᠠᠷᠠᠨ᠎ᠠ ᠤᠤ ᠶᠠᠮᠠᠷ᠃ ᠨᠠᠶᠠᠭᠠᠳ ᠤᠨ ᠤ ᠰᠡᠭᠦᠯᠴᠢ ᠳᠤ ᠠᠯᠢ ᠨᠢᠭᠡ ᠮᠡᠳᠡᠭᠡ ᠵᠠᠩᠭᠢ ᠠᠴᠠ ᠪᠢᠯᠡ︖ ︽ᠳᠡᠯᠡᠬᠡᠢ ᠶᠢᠨ ᠮᠠᠯ ᠠᠵᠦ ᠠᠬᠤᠢ ᠶᠢᠨ ᠲᠤᠮᠤ | ᠤᠯᠤᠰ ᠤᠨ ᠨᠢᠭᠡ ᠪᠤᠯᠬᠤ ᠠᠦ᠋ᠰᠲᠷᠠᠯᠢᠶ᠎ᠠ ᠶᠢᠨ ᠮᠠᠯ ᠨᠢ ᠠᠷᠪᠢᠳᠴᠦ᠂ ᠰᠢᠭᠡᠭ ᠪᠠᠭᠠᠰᠤ ᠶᠢ ᠨᠢ ᠠᠷᠢᠯᠭᠠᠵᠦ ᠴᠡᠪᠡᠷᠯᠡᠬᠦ ᠭᠡᠳ ᠬᠦᠭᠡᠭᠡᠵᠦ ᠬᠦᠢᠴᠡᠭᠳᠡᠬᠦ ᠪᠠᠨ | ᠪᠤᠯᠢᠭᠰᠠᠠ ᠠᠴᠠ ᠮᠠᠨ ᠤ ᠤᠯᠤᠰ ᠠᠴᠠ ᠶᠡᠭᠡ ᠬᠡᠮᠵᠢᠶᠡᠡ ᠤ ᠪᠠᠮᠪᠤᠤ ᠬᠤᠷᠤᠬᠠᠢ ᠤᠷᠤᠭᠤᠯᠵᠦ ᠢᠳᠡᠭᠦᠯᠬᠦ ᠶᠤᠮ ᠭᠡᠨ᠎ᠡ᠂ ᠲᠡᠭᠡᠬᠦ ᠮᠦᠷᠲᠡᠭᠡᠡ ᠨᠡᠯᠢᠶᠡᠳ ᠦᠨ᠎ᠡ | ᠲᠠᠢ ᠠᠪᠤᠨ᠎ᠠ︾ ᠭᠡᠰᠡᠡ ᠠᠭᠤᠯᠭ᠎ᠠ ᠲᠠᠢ ᠮᠡᠳᠡᠭᠡ ᠤᠯᠵᠦ ᠤᠩᠰᠢᠭᠠᠳ ᠤᠯᠵᠠᠭᠤᠷᠬᠠᠠ ᠬᠦᠭᠰᠡᠵᠦ᠂ ᠪᠠᠮᠪᠤᠤ ᠪᠠᠷᠢᠬᠤ ᠠᠵᠢᠯ ᠢᠶᠠᠨ ᠱᠠᠯᠠᠮᠠᠭ ᠡᠬᠢᠯᠡᠭᠦᠯᠦᠭᠰᠡᠡ | ᠶᠤᠮ᠃ ᠲᠡᠷᠡ ᠦᠶ᠎ᠡ ᠳᠤ ᠦᠬᠡᠷ ᠮᠠᠯ ᠴᠦᠭᠡᠡ ᠴᠦ ᠪᠠᠮᠪᠤᠤ ᠪᠤᠯ ᠪᠠᠶᠢᠬᠤ ᠯᠠ ᠳ᠋ᠠ᠃ ᠠᠯᠵᠠᠭᠤᠷᠠᠬᠤ ᠦᠭᠡᠢ ᠶᠤᠮ ᠪᠤᠯ ᠠᠷᠠᠯᠲᠦ ᠲᠡᠷᠭᠡ ᠪᠠᠷ ᠳᠡᠭᠡᠭᠡᠭᠰᠡᠡ ᠴᠦ | ᠤᠯᠳᠠᠬᠤ ᠯᠡ ᠪᠤᠶᠠᠠ ᠭᠡᠵᠤ ᠮᠡᠳᠡ᠃ ᠲᠡᠭᠡᠭᠡᠳ ᠮᠠᠨ ᠤ ᠰᠠᠮᠪᠤᠤ ᠡᠬᠢᠨ ᠤ ᠬᠡᠳᠦᠨ ᠡᠳᠦᠷ ᠢᠶᠠᠨ ᠶᠡᠭᠡ ᠯᠡ ᠠᠷᠪᠢᠨ ᠪᠠᠮᠪᠤᠤ ᠤᠯᠬᠤ ᠶᠢ ᠰᠠᠨᠠᠵᠦ᠂ ᠬᠡᠦᠲᠡᠢ | ᠪᠠᠷᠢᠨ ᠬᠦᠮᠦᠨ ᠤ ᠦᠪᠡᠷ ᠤᠨ ᠬᠢᠨ ᠤ ᠦᠭᠡᠷ ᠤᠨ ᠬᠡᠪᠲᠡᠯᠭᠡ ᠶᠢ ᠰᠠᠮᠠᠴᠠᠠ ᠲᠤᠭᠤᠷᠢᠵᠦ ᠭᠠᠨᠵᠤᠭ᠎ᠠ ᠮᠠᠭᠤᠲᠠᠢ ᠪᠤᠯᠬᠤᠷ ᠨᠢ ᠪᠠᠶᠢᠴᠢᠬᠠᠭᠠᠳ ᠦᠭᠡᠷ᠎ᠡ ᠠᠷᠭ᠎ᠠ | ᠪᠢᠰᠢᠯᠭᠠᠵᠦ ᠰᠠᠭᠤᠵᠠᠢ᠃ ᠬᠠᠰᠢᠯᠠ ᠪᠢᠴᠢᠭ ᠨᠤᠮ ᠰᠤᠷᠤᠭᠰᠠᠠ ᠬᠦᠮᠦᠨ ᠠᠰᠲᠠᠭᠠᠠ᠃ ᠰᠠᠮᠪᠤᠤ ᠨᠢᠭᠡ ᠮᠡᠷᠭᠡᠡ ᠠᠷᠭ᠎ᠠ ᠰᠡᠳᠦᠵᠦ ᠭᠠᠷᠭᠠᠪᠠ᠃ ᠰᠠᠯᠬᠢᠨ ᠤ ᠬᠦᠴᠦ | ᠪᠠᠷ ᠴᠠᠬᠢᠯᠭᠠᠠ ᠭᠠᠷᠭᠠᠬᠤ ᠮᠠᠰᠢᠨ ᠤ ᠪᠠᠨ ᠤᠳᠠᠰᠤ ᠶᠢ ᠭᠡᠷ ᠤᠨ ᠢᠶᠠᠨ ᠭᠠᠳᠠᠨ᠎ᠠ ᠳᠠᠳᠠᠨ ᠭᠠᠷᠭᠠᠵᠦ᠂ ᠪᠠᠭᠠᠨ᠎ᠠ ᠪᠠᠨ ᠤᠯᠤᠩ ᠳᠠᠭᠠᠨ ᠬᠠᠪᠴᠢᠭᠤᠯᠤᠨ | ᠲᠤᠷᠤᠭᠠᠵᠦ᠂ ᠪᠠᠭᠠᠨ᠎ᠠ ᠶᠢᠨ ᠢᠶᠠᠨ ᠦᠵᠦᠭᠦᠷ ᠲᠤ ᠳ᠋ᠧᠩ ᠡᠯᠭᠦᠵᠦ ᠳᠠᠯᠪᠢᠭᠰᠠᠠ ᠢᠶᠠᠨ ᠦᠳᠡᠰᠢ ᠨᠤᠴᠤᠭᠠᠭᠰᠠᠠ ᠳᠤ ᠭᠡᠷᠡᠯ ᠭᠡᠭᠡ ᠪᠠᠷ ᠨᠢ ᠪᠠᠮᠪᠤᠤ ᠪᠠᠭ᠋ᠠᠠ | ᠴᠤᠭᠯᠠᠵᠦ᠂ ᠲᠤᠤᠷ ᠤᠨ ᠤᠭᠤᠲᠠ ᠪᠠᠷ ᠬᠦᠮᠦᠷᠢᠵᠦ ᠪᠠᠷᠢᠬᠤ ᠳᠤ ᠪᠠᠰᠠ ᠳᠡᠭᠡᠷ᠎ᠡ ᠨᠢ ᠰᠢᠷ᠎ᠠ ᠢᠯᠠᠭ᠎ᠠ᠂ ᠰᠢᠮᠠᠭᠤᠯ᠂ ᠡᠷᠪᠡᠬᠡᠢ ᠵᠡᠷᠭᠡ ᠬᠡᠷᠡᠭ ᠦᠭᠡᠢ ᠬᠤᠷᠤᠬᠠᠢ | ᠰᠢᠪᠠᠵᠢ ᠬᠤᠳᠬᠤᠯᠲᠤᠵᠦ ᠤᠷᠤᠭᠠᠳ ᠢᠯᠭᠠᠵᠦ ᠰᠠᠯᠭᠠᠬᠤ ᠭᠡᠭᠴᠢ ᠲᠠᠮᠤ ᠶᠢᠨ ᠠᠵᠦ ᠪᠠᠶᠢᠵᠦ᠂ ︽ᠪᠤᠳᠠᠭ᠎ᠠ ᠴᠠᠢ ᠲᠤᠳᠠᠵᠦ ᠪᠤᠯᠤᠨ᠎ᠠ᠂ ᠪᠠᠭᠠᠰᠳ ᠪᠠᠮᠪᠤᠤ ᠶᠠᠮᠠᠷ | ᠲᠤᠲᠠᠨ᠎ᠠ ᠤᠤ︾ ᠭᠡᠳᠡᠭ ᠬᠡᠲᠦᠢ ᠴᠦ ᠰᠠᠮᠪᠤᠤ ᠰᠢᠭ᠋ ᠤᠶᠢᠳᠠᠮᠠᠲᠠᠭᠠᠢ ᠵᠠᠩ ᠲᠠᠢ ᠬᠦᠮᠦᠨ ᠳᠤ ᠪᠡᠶᠡᠯᠡᠭᠲᠡᠰᠢ ᠦᠭᠡᠢ ᠠᠵᠢᠯ ᠪᠠᠶᠢᠭᠰᠠᠠ ᠤ ᠳᠡᠭᠡᠷ᠎ᠡ ᠪᠠᠷᠢᠭᠰᠠᠠ | ᠪᠠᠮᠪᠤᠤ ᠪᠠᠨ ᠭᠠᠳᠠᠭᠠᠲᠤ ᠳᠤ ᠭᠠᠷᠭᠠᠶ᠎ᠠ ᠭᠡᠲᠡᠯ᠎ᠡ ᠪᠤᠷᠤᠯᠠᠭᠤᠯᠵᠦ ᠠᠷᠠᠯᠵᠢᠬᠤ ᠶᠢᠨ ᠪᠤᠷᠤ ᠰᠢᠯᠤᠭᠤᠨ ᠵᠠᠮ ᠨᠢ ᠴᠤ ᠤᠯᠳᠠᠳᠠᠭ ᠦᠭᠡᠢ ᠪᠠᠶᠢᠵᠦ᠂ ᠶᠤᠰᠤᠲᠠᠢ | ᠬᠢᠭᠰᠡᠡ ᠰᠠᠨᠠᠭᠰᠠᠠ ᠨᠢ ᠬᠦᠭᠡᠰᠦ ᠪᠤᠯᠤᠨ ᠵᠠᠮᠬᠠᠷᠠᠭᠠᠳ ᠵᠤᠨ ᠨᠠᠮᠤᠷ ᠤᠨ ᠡᠷᠡᠡ ᠦᠩᠭᠡᠷᠡᠡ ᠤᠳᠴᠦ᠂ ᠡᠪᠦᠯ ᠪᠤᠯᠤᠭᠰᠠᠠ ᠪᠠᠶᠢᠪᠠ᠃ | ᠭᠤᠷᠪᠠ | ᠪᠠᠮᠪᠤᠤ᠂ ᠬᠡᠦᠬᠡᠡ ᠳᠡᠭᠦᠦ ᠪᠠᠨ ᠲᠡᠩᠬᠡᠷᠡᠭᠦᠯᠵᠦ ᠠᠪᠬᠤ ᠶᠢ ᠰᠢᠢᠳᠴᠦ᠂ ᠡᠩᠭᠡᠷ ᠡᠪᠴᠢᠭᠦᠦ ᠶᠢ ᠨᠢ ᠢᠷᠠᠵᠦ ᠳᠠᠯᠪᠢᠭᠠᠳ ᠰᠠᠯᠬᠢ ᠦᠭᠡᠳᠡ ᠬᠠᠨᠳᠤᠭᠤᠯᠤᠨ | ᠬᠡᠪᠲᠡᠭᠦᠯᠦᠭᠡᠳ᠂ ᠴᠠᠰᠢ ᠪᠠᠨ ᠶᠠᠪᠤᠵᠦ ᠤᠭᠤᠴᠢ ᠰᠢᠩᠭᠡᠡ ᠶᠠᠭᠤᠮ᠎ᠠ ᠤᠯᠵᠦ ᠢᠷᠡᠬᠦ ᠶᠢ ᠭᠤᠷᠢᠯᠠᠪᠠ᠃ ᠦᠪᠡᠷ ᠢᠶᠠᠨ ᠴᠦ ᠪᠠᠰᠠ ᠲᠤᠲᠤᠷ᠎ᠠ ᠨᠢ ᠬᠠᠯᠠᠭᠤ | ᠤᠷᠭᠢᠭᠠᠳ ᠤᠮᠳᠠᠭᠠᠰᠴᠤ ᠪᠠᠶᠢᠬᠤ ᠨᠢ ᠴᠦ ᠬᠡᠷᠡᠭ ᠡ᠃ ᠪᠠᠮᠪᠤᠤ ᠵᠢᠯᠭ᠎ᠠ ᠮᠠᠭᠤᠳᠠᠢ ᠬᠦᠯ ᠢᠶᠠᠨ ᠴᠢᠷᠦᠨ ᠶᠤᠭᠤᠭᠰᠠᠭᠠᠷ ᠠᠷᠪᠠᠭᠠᠳ ᠠᠯᠳᠠ ᠵᠠᠶᠢᠲᠠᠢ ᠰᠢᠮᠧᠨ᠋ᠲ᠋ᠧᠷ | ᠡᠭᠦᠯᠳᠡᠷ ᠤᠨ ᠤᠯᠠᠭᠠᠠ ᠠᠯᠠᠭᠴᠢ ᠦᠨᠢᠶ᠎ᠡ ᠰᠢᠭᠡᠬᠦ ᠨᠢ ᠬᠠᠷᠠᠭᠳᠠᠪᠠ᠃ ᠲᠡᠷᠡ ᠶᠠᠭᠠᠷᠠᠪᠴᠢᠯᠠᠠ ᠬᠦᠷᠴᠦ ᠬᠡᠲᠦ ᠤᠭᠤᠴᠢᠯᠠᠭᠠᠳ ᠳᠠᠬᠢᠨ ᠨᠢᠭᠡ ᠤᠭᠤᠴᠢᠵᠦ | ᠠᠪᠤᠭᠠᠳ ᠪᠤᠷᠤ ᠮᠦᠷ ᠢᠶᠠᠷ ᠢᠶᠠᠨ ᠭᠡᠯᠳᠦᠷᠢᠪᠡ᠃ ᠪᠤᠰᠢᠭᠤᠬᠠᠨ ᠭᠡᠭᠴᠢ ᠡᠷᠭᠢᠵᠦ ᠢᠷᠡᠭᠡᠳ ᠤᠭᠤᠴᠢ ᠪᠠᠯᠭᠤ ᠶᠠᠭᠤᠮ᠎ᠠ ᠪᠠᠨ ᠬᠡᠦᠬᠡᠡ ᠲᠡᠭᠦᠦ ᠶᠢᠨ ᠢᠶᠠᠨ ᠠᠮᠠᠠ | ᠳᠤ ᠶᠡᠭᠦᠯᠡᠵᠦ ᠦᠭᠪᠡᠯ ᠲᠡᠷᠡ ᠨᠢ ᠬᠤᠪᠲᠤᠭ ᠨᠢ ᠠᠷᠭ᠎ᠠ ᠦᠭᠡᠢ ᠵᠠᠯᠭᠢᠵᠠᠢ᠃ ᠯᠠᠮᠠ ᠡ᠂ ᠨᠤᠭᠤᠭᠠᠠ ᠤ ᠡᠷᠴᠢ ᠢᠳᠡ ᠪᠠᠳᠠᠷᠠᠭᠰᠠᠠ ᠦᠶ᠎ᠡ ᠶᠢᠨ ᠦᠨᠢᠶᠡᠡ ᠤ | ᠰᠢᠭᠡᠰᠦ ᠭᠡᠭᠴᠢ ᠬᠡᠯᠡ ᠠᠮᠠ ᠳᠠᠷᠪᠢᠭᠨᠠᠭᠤᠯᠤᠭᠠᠳ ᠶᠤᠰᠤᠲᠠᠢ ᠪᠤᠬᠢ ᠭᠡᠵᠤ ᠮᠡᠳᠡ ᠡ᠃ ᠲᠤᠤᠷᠠᠬᠠᠨ ᠢᠶᠠᠨ ᠲᠤᠲᠤᠷ᠎ᠠ ᠨᠢ ᠰᠠᠷᠠᠭᠤᠯᠵᠢᠬᠤ ᠰᠢᠭ᠋ ᠪᠤᠯᠵᠦ᠂ ᠨᠢᠲᠦ | ᠨᠢ ᠭᠢᠯᠠᠭᠠᠨᠠᠭᠠᠳ ᠰᠡᠷᠭᠦᠬᠦ ᠮᠠᠶ᠋ᠢᠭᠲᠠᠢ ᠪᠤᠯᠪᠠ᠃ ᠡᠨᠡ ᠦᠨᠡᠭᠡᠷ ︽ᠤᠭᠤᠴᠢ ᠤᠰᠤ ᠠᠮᠢᠨ ᠳᠤ ᠤᠷᠤᠭᠰᠠᠠ︾ ᠨᠢ ᠪᠤᠯᠵᠠᠢ᠃ ᠪᠠᠮᠪᠤᠤ ᠬᠡᠦᠬᠡᠨ ᠲᠡᠭᠦᠦ ᠶᠢᠨ | ᠢᠶᠠᠨ ᠡᠨᠡᠬᠦ ᠡᠷᠭᠢᠯᠲᠡ ᠶᠢᠨ ᠴᠢᠨᠠᠷᠲᠠᠢ ᠪᠠᠶᠢᠳᠠᠯ ᠳᠤ ᠵᠤᠷᠢᠭ ᠤᠷᠤᠵᠦ ᠤᠷᠮ᠎ᠠ ᠨᠢ ᠰᠡᠷᠭᠦᠭᠰᠡᠡ ᠢ ᠬᠡᠯᠡᠬᠦ ᠶᠢᠨ ᠭᠠᠵᠠᠷ ᠦᠭᠡᠢ᠃ | ᠪᠠᠮᠪᠤᠤ ᠶᠡᠬᠡᠯ᠎ᠡ ᠡᠶᠡᠯᠳᠡᠭ ᠳᠠᠭᠤ ᠪᠠᠷ ︽ᠶᠠᠭᠠᠬᠢᠵᠦ ᠪᠠᠶᠢᠨ᠎ᠠ︖ ᠭᠠᠶᠢᠭᠤᠢ ᠤᠤ︖︾ ᠭᠡᠪᠡ᠃ | ᠬᠡᠦᠬᠡᠡ ᠳᠡᠭᠦᠦ ᠨᠢ᠄ | — ᠤᠳᠤ ᠪᠤᠵᠠᠭᠠᠢ ᠪᠤᠯᠤᠯ᠎ᠠ ᠭᠡᠪᠡ᠃ | — ᠴᠢᠨᠦ ᠬᠡᠯᠡᠬᠦ ᠶᠠᠭ ᠲᠠᠭᠠᠷᠠᠵᠦ ᠪᠠᠶᠢᠨ᠎ᠠ᠂ ᠪᠢᠳᠡ ᠬᠤᠷᠤᠬᠠᠢ ᠳᠠᠭᠤᠬᠤ ᠡᠮ ᠤᠨ ᠬᠤᠤᠷ ᠲᠠᠢ ᠪᠠᠭᠠᠰᠤ ᠢᠳᠡᠵᠡᠢ᠃ | — ᠶᠠᠭ ᠳ᠋ᠠ᠂ ᠲᠡᠷᠡ ᠡᠳᠦᠷ ᠪᠢ ᠲᠡᠷᠭᠡᠳᠡᠬᠢ ᠠᠶᠢᠯ ᠤᠨ ᠬᠡᠳᠦᠨ ᠦᠭᠡᠷ ᠢᠶᠠᠨ ᠬᠠᠰᠢᠵᠦ ᠠᠪᠴᠢᠬᠠᠭᠠᠳ ᠨᠢᠭᠡ ᠴᠠᠭᠠᠠ ᠦᠩᠭᠡ ᠲᠠᠢ ᠶᠠᠭᠤᠮ᠎ᠠ ᠴᠢᠳᠬᠤᠨ | ᠦᠭᠴᠦ ᠪᠠᠶᠢᠬᠤ ᠨᠢ ᠬᠠᠷᠠᠭᠰᠠᠠ᠃ ᠤᠳᠤ ᠪᠤᠲᠤᠪᠠᠯ ᠲᠡᠷᠡ ᠯᠠᠪ ᠡᠮ ᠦᠭᠭᠦᠭᠰᠡᠡ ᠪᠠᠶᠢᠬ᠎ᠠ︕ | — ᠲᠡᠶᠢᠮᠦ ᠯᠡ ᠪᠠᠶᠢᠭ᠎ᠠ ᠪᠢᠵᠠ᠂ ᠵᠤᠯ ᠲᠠᠢ ᠪᠢᠳᠡ ᠬᠤᠶᠠᠷ ᠠᠮᠢ ᠲᠠᠢ ᠦᠯᠡᠳᠡᠬᠦ ᠨᠢ ᠡ᠃ ᠠᠬ᠎ᠠ᠂ ᠲᠡᠭᠦᠦ ᠬᠤᠶᠠᠷ ᠳᠠᠯᠠᠶᠢᠭᠠᠴᠢ ᠪᠤᠯᠤᠭᠰᠠᠠ ᠰᠢᠦ ᠭᠡᠵᠤ | ᠡᠬᠡᠷ ᠳᠠᠳᠠᠪᠠ᠃ ᠠᠬ᠎ᠠ ᠶᠢᠨ ᠢᠶᠠᠨ ᠡᠮᠭᠡᠨᠢᠯᠲᠡᠢ ᠪᠠᠶᠢᠳᠠᠯ ᠢ ᠦᠵᠡᠭᠡᠳ ᠬᠡᠦᠬᠡᠡ ᠲᠡᠭᠦᠦ ᠨᠢ ᠴᠦ ᠳᠡᠰᠦᠭᠰᠡᠡ ᠦᠭᠡᠢ ᠰᠤᠪᠤᠲᠤᠨ ᠬᠡᠯᠬᠢᠶ᠎ᠡ ᠨᠢᠯᠪᠤᠰᠤ | ᠳᠠᠳᠠᠭᠤᠯᠵᠠᠢ᠃ ᠲᠡᠷᠡ ᠬᠤᠶᠠᠭᠤᠯᠠ ᠳᠡᠪᠡᠷᠢᠯᠳᠦᠨ ᠤᠬᠢᠯᠠᠯᠴᠠᠵᠦ ᠬᠡᠰᠡᠭ ᠨᠠᠮ ᠲᠤᠭᠤᠢ ᠪᠠᠶᠢᠭᠰᠠᠠ ᠢᠶᠠᠨ ᠠᠬ᠎ᠠ᠂ ᠲᠡᠭᠦᠦ ᠬᠤᠶᠠᠷ ᠤᠨ ᠢᠶᠠᠨ ᠬᠤᠶᠢᠲᠤᠬᠢ | ᠶᠠᠪᠤᠳᠠᠯ ᠢ ᠶᠤᠰᠤ ᠪᠠᠷ ᠪᠤᠯᠭᠠᠬᠤ ᠲᠤᠬᠠᠢ ᠵᠦᠪᠳᠡᠪᠡ᠃ ᠲᠡᠭᠡᠭᠰᠡᠡ ᠢᠶᠠᠨ ᠪᠠᠮᠪᠤᠤ᠄ | — ᠠᠢ ᠳ᠋ᠠ᠂ ᠮᠦᠩᠭᠡ ᠪᠤᠰᠤ ᠶᠢᠨ ᠬᠤᠷᠸ᠎ᠠ ᠡ ᠭᠡᠵᠤ ᠰᠠᠨᠠᠭ᠎ᠠ ᠠᠯᠳᠠᠪᠠ᠃ ᠬᠡᠦᠬᠡᠨ ᠳᠡᠭᠦᠦ ᠨᠢ᠄ | — ᠶᠠᠭᠤ ᠴᠦ ᠭᠡᠰᠡᠡ ᠮᠠᠨᠠᠶᠢᠬᠢᠨ ᠤ ᠭᠤᠯᠤᠮᠲᠠ ᠬᠠᠷᠠᠯᠠᠭᠠ ᠦᠭᠡᠢ ᠁ ᠭᠡᠬᠦ ᠳᠤ ᠪᠠᠮᠪᠤᠤ᠄ | — ᠵᠦᠪ ᠳ᠋ᠡ ᠭᠡᠵᠤ ᠨᠤᠲᠠᠯᠠᠬᠤ ᠰᠢᠬᠠᠭᠤ ᠬᠡᠯᠡᠭᠰᠡᠡ ᠢᠶᠠᠨ ᠤᠮᠤᠭ ᠪᠠᠭ᠋ᠠᠲᠤᠯ ᠤᠨ ᠴᠢᠷᠠᠢ ᠲᠤᠲᠤᠷᠠᠪᠠ᠃ | ᠲᠦᠷᠪᠡ | ᠰᠠᠮᠪᠤᠤ ᠰᠢᠵᠢᠷ ᠠᠯᠲᠠᠠ ᠠᠴᠠ ᠦᠨᠡᠲᠡᠢ ᠪᠤᠯᠤᠭᠰᠠᠠ ᠪᠠᠮᠪᠤᠤ ᠪᠠᠨ ᠪᠠᠷᠢᠬᠤ ᠪᠠᠷ ᠡᠨᠡ ᠶᠠᠪᠤᠭ᠎ᠠ ᠨᠠᠰᠤᠨ ᠤ ᠪᠠᠨ ᠬᠤᠶᠠᠳᠠᠬᠢ ᠤᠳᠠᠭᠠᠨ ᠤ ︽ᠪᠠᠮᠪᠤᠤ ᠶᠢᠨ | ᠡᠷᠢᠯ︾ ᠳᠤ ᠮᠤᠷᠲᠠᠭᠰᠠᠠ ᠶᠤᠮ᠃ ᠪᠠᠮᠪᠤᠤ ᠪᠠᠷᠢᠬᠤ ᠭᠡᠵᠤ ᠪᠤᠲᠤᠯᠢᠵᠦ ᠪᠠᠶᠢᠭᠰᠠᠠ ᠬᠠᠭᠤᠴᠢᠨ ᠲᠤᠷᠰᠢᠯᠭ᠎ᠠ ᠲᠠᠢ ᠰᠠᠮᠪᠤᠤ ᠭᠤᠸᠠᠢ ᠲᠤᠲᠤᠷ᠎ᠠ ᠪᠠᠨ ︽ᠤᠲᠤ | ᠶᠠᠮᠠᠷ ᠭᠤᠴᠢᠨ ᠵᠢᠯ ᠤᠨ ᠡᠮᠦᠨᠡᠬᠢ ᠲᠠᠢ ᠳᠠᠭᠠᠷᠠᠨ᠎ᠠ ᠤᠤ᠂ ᠭᠡᠷᠡᠯ ᠴᠠᠬᠢᠯᠭᠠᠠ ᠤ ᠨᠦᠬᠦᠴᠡᠯ ᠪᠠᠰᠠ ᠬᠤᠯᠠ ᠰᠠᠶᠢᠨ ᠪᠤᠯᠤᠭᠰᠠᠠ᠂ ᠳ᠋ᠧᠩ ᠢᠶᠠᠨ ᠲᠤᠭᠤᠷᠢᠭᠤᠯᠤᠭᠠᠳ | ᠪᠠᠮᠪᠤᠤ ᠦᠯᠦ ᠪᠠᠭᠲᠠᠬᠤ ᠰᠡᠶᠢᠮᠡᠬᠡᠢ ᠪᠦᠷᠬᠦᠬᠦᠯ ᠵᠤᠬᠢᠶᠠᠨ᠎ᠠ᠂ ᠳᠡᠭᠡᠪᠡᠯ ᠵᠢᠵᠢᠭ ᠬᠤᠷᠤᠬᠠᠢ ᠰᠢᠪᠠᠵᠢ ᠨᠢ ᠪᠦᠷᠬᠦᠬᠦᠯ ᠤᠨ ᠲᠤᠲᠤᠷ᠎ᠠ ᠰᠢᠪᠠᠯᠲᠤᠨ ᠤᠷᠤᠬᠤ ᠳᠤ | ᠪᠠᠮᠪᠤᠤ ᠨᠢ ᠭᠠᠳᠠᠨ᠎ᠠ ᠨᠢ ᠦᠯᠡᠳᠡᠳᠡᠭ ᠶᠤᠮ ᠪᠤᠢ ᠳ᠋ᠡ᠂ ᠳᠠᠬᠢᠨ ᠬᠠᠮᠤᠭ ᠭᠠᠳᠠᠭᠤᠷ ᠨᠢ ᠪᠠᠰᠠ ᠨᠢᠭᠡ ᠨᠢᠭ᠋ ᠰᠦᠯᠵᠢᠶ᠎ᠡ ᠲᠠᠢ ᠪᠦᠷᠬᠦᠬᠦᠯ ᠳᠠᠭᠠᠷᠠᠭᠤᠯᠤᠨ᠎ᠠ᠃ | ᠪᠠᠮᠪᠤᠤ ᠲᠡᠷᠡ ᠲᠤᠲᠤᠷ᠎ᠠ ᠨᠢ ᠬᠠᠰᠢᠬᠳᠠᠬᠤ ᠶᠤᠮ᠂ ᠲᠡᠷᠡ ᠦᠶ᠎ᠡ ᠳᠤᠨᠢ ᠮᠠᠭᠤ ᠬᠤᠯᠠᠭᠠᠶᠢᠴᠢ ᠶᠢ ᠰᠠᠪᠠᠯᠠᠭᠠᠳ ᠠᠪᠤᠨ᠎ᠠ ᠡ︾ ᠭᠡᠵᠤ ᠬᠡᠷᠰᠡᠦ ᠰᠠᠭᠤᠭᠰᠠᠠ ᠪᠤᠯᠵᠦ | ᠤᠯᠠ ᠲᠠᠢ ᠪᠤᠲᠤᠬᠤ ᠳᠤ ᠰᠢᠷ᠎ᠠ ᠴᠢᠷᠠᠢ ᠲᠤᠨᠢ ᠮᠡᠭᠡ ᠲᠠᠢ ᠨᠢ ᠠᠷᠭ᠎ᠠ ᠦᠭᠡᠢ ᠪᠢᠲᠡᠭᠦᠬᠡᠡ ᠢᠨᠢᠶᠡᠲᠦ ᠪᠢᠯᠬᠠᠭᠰᠠᠠ ᠢ ᠴᠦ ᠶᠠᠭᠠᠬᠢᠯᠲᠠᠢ ᠪᠤᠢ᠃ ᠲᠡᠭᠡᠭᠡᠳ ᠲᠡᠷᠡ | ᠦᠨᠳᠦᠷ ᠬᠦᠴᠦᠳᠡᠯᠲᠦ ᠴᠠᠬᠢᠯᠭᠠᠠ ᠤ ᠢᠳᠡ ᠰᠢᠳᠢ ᠶᠢ ᠭᠠᠶᠢᠬᠠᠭᠤᠯᠤᠨ᠂ ᠲᠤᠮᠤ ᠭᠡᠭᠴᠢ ᠶᠢᠨ ᠳ᠋ᠧᠩ ᠢ ᠮᠠᠯ ᠤᠨ ᠰᠠᠷᠠᠪᠴᠢᠨ ᠤ ᠪᠠᠨ ᠴᠤᠩᠬᠤᠨ ᠳᠡᠭᠡᠷ᠎ᠡ | ᠡᠯᠭᠦᠵᠦ ᠳᠠᠯᠪᠢᠭᠠᠳ ᠪᠠᠮᠪᠤᠤ ᠪᠠᠷᠢᠬᠤ ᠠᠵᠢᠯ ᠢᠶᠠᠨ ᠳᠠᠬᠢᠨᠲᠠ ᠡᠬᠢᠯᠡᠭᠦᠯᠵᠡᠢ᠃ ᠲᠤᠮᠤ ᠳ᠋ᠧᠩ ᠤᠨ ᠲᠤᠸᠠᠯᠠᠭᠰᠠᠠ ᠭᠡᠷᠡᠯ ᠰᠢᠨᠡᠳ ᠤᠨ ᠰᠦᠨᠢ ᠶᠢᠨ ᠲᠦᠨᠡᠷ | ᠬᠠᠷᠠᠩᠭᠤᠢ ᠶᠢ ᠬᠠᠭ᠎ᠠ ᠵᠦᠰᠦᠨ ᠰᠠᠴᠤᠷᠠᠨ᠎ᠠ᠃ ᠰᠠᠮᠪᠤᠤ ᠰᠢᠭᠦᠳᠡᠷᠢ ᠤᠨᠠᠲᠠᠯ᠎ᠠ ᠳ᠋ᠧᠩ ᠢᠶᠠᠨ ᠨᠤᠴᠤᠭᠠᠵᠦ ︽ᠤᠳᠤ ᠴᠦ ᠨᠢᠭᠡ ᠪᠦᠭᠡᠮ ᠶᠠᠭᠤᠮ᠎ᠠ ᠴᠤᠭᠯᠠᠭᠰᠠᠠ | ᠪᠠᠶᠢᠬᠤ ᠪᠤᠢ᠂ ᠰᠢᠭᠤᠳ ᠯᠠ ᠰᠠᠪᠠᠯᠠᠵᠦ ᠠᠪᠤᠭᠠᠳ ᠬᠤᠲᠠᠯᠳᠤᠨᠠ ᠳ᠋ᠠ︾ ᠭᠡᠵᠤ ᠪᠤᠷᠲᠤᠭᠠᠠ ᠤ ᠰᠢᠷ᠎ᠠ ᠤᠭᠤᠲᠠ ᠪᠠᠷᠢᠨ ᠬᠦᠷᠴᠦ ᠤᠴᠢᠨ ᠦᠵᠡᠭᠡᠳ ︽ | ᠬᠦᠶ᠋ᠢ᠂ ᠡᠨᠡ ᠴᠢᠨᠢ ᠶᠠᠭᠠᠬᠢᠴᠢᠬᠠᠪᠠ︖ ᠨᠢᠭᠡ ᠴᠦ ᠪᠠᠮᠪᠤᠤ ᠪᠠᠶᠢᠳᠠᠭ ᠦᠭᠡᠢ ᠨᠢ ᠁︾ ᠭᠡᠵᠤ ᠮᠠᠯ ᠭᠠᠶᠢᠬᠠᠨ ᠵᠤᠭ ᠲᠤᠰᠪᠠ᠃ ︽ᠶᠡᠭᠡ ᠰᠠᠨᠠᠭᠰᠠᠠ | ᠠᠭᠤᠯᠠᠠ ᠳᠤ ᠭᠦᠷᠦᠭᠡᠰᠦ ᠦᠭᠡᠢ᠂ ᠢᠬᠢᠷ᠎ᠡ ᠰᠠᠨᠠᠭᠰᠠᠠ ᠢᠮᠠᠭᠠᠠ ᠳᠤ ᠢᠰᠢᠭᠡ ᠦᠭᠡᠢ︾ ᠭᠡᠭᠴᠢ ᠨᠢ ᠪᠤᠯᠬᠤ ᠨᠢ ᠭᠡᠵᠤ ᠤᠯᠭᠤᠭᠤ ᠪᠤᠲᠤᠵᠦ ᠠᠮᠵᠢᠭᠰᠠᠠ | ᠰᠠᠮᠪᠤᠤ ᠭᠤᠸᠠᠢ ᠳ᠋ᠧᠩ ᠢᠶᠠᠨ ᠤᠨᠳᠠᠷᠠᠭᠠᠭᠠᠳ ᠭᠡᠷ ᠤᠷᠤᠭᠤ ᠪᠠᠨ ᠡᠷᠭᠢᠪᠡ᠃ | ︽ᠪᠤᠳᠤᠯ ᠦᠭᠡᠢ ᠬᠦᠮᠦᠨ ᠤᠨᠳᠠᠩᠬᠠᠢ︾ ᠭᠡᠳᠡᠭ ᠢᠶᠠᠷ ᠶᠤᠰᠤᠨ ᠳᠠᠭᠠᠨ ᠪᠤᠯ ᠲᠡᠷᠡ ᠲᠤᠯᠤᠭᠠᠢ ᠨᠡᠶᠢᠯᠡᠮᠡᠭᠴᠡ ᠬᠠᠮᠠᠷ ᠳᠠᠳᠠᠵᠦ ᠤᠷᠬᠢᠳᠠᠭ ᠰᠠᠮᠪᠤᠤ ᠭᠤᠸᠠᠢ | ᠰᠦᠨᠢ ᠶᠢᠨ ᠶᠡᠭᠡᠪᠴᠢ ᠶᠢ ᠨᠤᠶᠢᠷ ᠦᠭᠡᠢ ᠦᠩᠭᠡᠷᠡᠭᠡᠭᠰᠡᠡ ᠪᠠᠶᠢᠲᠠᠯ᠎ᠠ ᠪᠠᠨ ᠤᠷᠤᠨ ᠳᠠᠭᠠᠨ ᠤᠷᠤᠵᠦ ᠬᠡᠪᠳᠡᠯᠭᠡ ᠮᠠᠭᠠᠵᠢᠭᠰᠠᠠ ᠬᠢᠷᠢᠨ᠎ᠡ ︽ᠨᠤᠶᠢᠷ ᠢ ᠨᠢ ᠨᠤᠬᠠᠢ | ᠳᠤᠯᠢᠶᠠᠭᠰᠠᠠ︾ ᠪᠠᠶᠢᠵᠦ᠂ ︽ᠪᠠᠮᠪᠤᠤ ᠶᠠᠭᠠᠬᠢᠭᠠᠳ ᠠᠯᠠᠭ᠎ᠠ ᠪᠤᠯᠴᠢᠬᠠᠪᠠ︖︾ ᠭᠡᠳᠡᠭ ᠪᠤᠲᠤᠯ ᠪᠠᠶᠢᠨ ᠳᠠᠬᠢᠨ ᠲᠠᠷᠢᠬᠢᠨ ᠳᠤᠨᠢ ᠡᠷᠭᠢᠯᠳᠦᠭᠡᠳ ᠠᠮᠠᠷ | ᠪᠠᠶᠢᠯᠭᠠᠲᠠᠭ ᠦᠭᠡᠢ᠃ ᠡᠷᠭᠢᠵᠦ ᠤᠷᠪᠠᠠ ᠤᠨᠳᠠᠵᠦ ᠤᠷᠤᠬᠤ ᠦᠭᠡᠢ ᠪᠠᠶᠢᠭᠰᠠᠭᠠᠷ ᠰᠠᠮᠪᠤᠤ ᠬᠤᠶᠠᠷ ᠵᠢᠯ ᠤᠨ ᠡᠮᠦᠨ᠎ᠡ ᠨᠢᠭᠡ ᠮᠡᠳᠡᠭᠡᠯᠡᠯ ᠳᠡᠭᠡᠷ᠎ᠡ ᠠᠴᠠ | ᠤᠩᠰᠢᠭᠰᠠᠠ ︽᠁ ᠪᠡᠯᠴᠢᠭᠡᠷ ᠤᠨ ᠴᠠᠭᠠᠠ ᠬᠤᠯᠤᠭᠠᠨ᠎ᠠ ᠶᠢ ᠤᠰᠠᠳᠬᠠᠬᠤ ᠶᠢᠨ ᠲᠤᠰᠠᠲᠠ ᠬᠤᠤᠷ ᠲᠠᠯᠪᠢᠭᠰᠠᠠ ᠠᠴᠠ ᠪᠤᠯᠵᠦ᠂ ᠲᠡᠭᠦᠨ ᠢᠶᠠᠷ | ᠬᠤᠭᠤᠯᠠᠯᠳᠠᠭ ᠦᠨᠡᠭᠡ ᠱᠠᠬᠠᠷ᠂ ᠡᠯᠢᠶ᠎ᠡ ᠱᠠᠭᠠᠵᠠᠭᠠᠢ ᠵᠡᠷᠭᠡ ᠠᠮᠢᠲᠠᠠ ᠵᠢᠭᠦᠷᠲᠡᠡ ᠨᠢ ᠴᠦ ᠳᠠᠭᠠᠭᠠᠳ ᠬᠤᠬᠢᠷᠠᠭᠰᠠᠠ ᠁︾ ᠭᠡᠳᠡᠭ ᠢ ᠪᠤᠲᠤᠵᠦ ᠤᠯᠤᠭᠠᠳ | ᠲᠡᠭᠦᠨ ᠠᠴᠠ ᠪᠠᠨ ᠤᠯᠪᠠᠭᠠᠯᠠᠠ ︽ᠪᠠᠮᠪᠤᠤ ᠶᠢᠨ ᠪᠠᠶᠢᠬᠤ ᠦᠭᠡᠢ ᠪᠤᠯᠤᠭᠰᠠᠠ ᠶᠠᠪᠤᠳᠠᠯ ᠪᠤᠯ ᠨᠡᠶᠢᠭᠡᠮ ᠨᠡᠶᠢᠳᠡ ᠪᠠᠷ ᠢᠶᠠᠨ ᠡᠳᠦᠷ ᠤᠨ ᠮᠠᠷᠭᠠᠰᠢ ᠦᠭᠡᠢ ᠮᠠᠯ | ᠰᠦᠷᠦᠭ ᠲᠡᠭᠡᠨ ᠡᠨᠡ ᠲᠡᠷᠡ ᠲᠠᠷᠢᠯᠭ᠎ᠠ ᠴᠢᠳᠬᠤᠯᠲᠠ ᠬᠢᠭᠰᠡᠭᠡᠷ ᠪᠠᠶᠢᠵᠦ ᠳᠠᠷᠢᠭᠰᠠᠠ ᠬᠡᠷᠡᠭ ᠡ︾ ᠭᠡᠵᠤ ᠪᠤᠲᠤᠵᠦ ᠠᠮᠵᠢᠭᠠᠳ ᠨᠤᠲᠠᠯᠠᠯᠲᠠ ᠴᠦ ᠭᠠᠷᠭᠠᠵᠠᠢ᠃ | ︽ᠪᠠᠷᠤᠭ ᠯᠠ ᠮᠢᠨᠦ ᠪᠤᠲᠤᠬᠤ ᠠᠴᠠ ᠭᠠᠷᠬᠤ ᠦᠭᠡᠢ ᠪᠤᠢ︾ ᠭᠡᠵᠤ ᠰᠡᠳᠬᠢᠵᠦ ᠪᠠᠶᠢᠭᠰᠠᠭᠠᠷ ᠨᠢᠭᠡ ᠮᠡᠳᠡᠬᠦ ᠳᠤ ︽ᠨᠤᠶᠢᠷ ᠤᠨ ᠬᠠᠭᠠᠠ ᠤ ᠨᠤᠬᠠᠢ ᠶᠢ | ᠴᠤᠤᠭᠢᠭᠤᠯᠤᠭᠰᠠᠠ︾ ᠪᠤᠯᠵᠦ ᠨᠠᠮ ᠤᠨᠳᠠᠵᠦ ᠦᠭᠴᠡᠢ᠃ ᠦᠨᠡᠭᠡᠷ ᠴᠦ ᠤᠳᠤ ᠶᠢᠨ ᠬᠢ ᠶᠢ ᠭᠤᠴᠢᠨ ᠵᠢᠯ ᠤᠨ ᠡᠮᠦᠨᠡᠬᠢ ᠲᠠᠢ ᠬᠠᠷᠢᠴᠠᠭᠤᠯᠵᠦ ᠦᠵᠡᠪᠡᠯ | ᠪᠠᠶᠢᠭᠠᠯᠢ ᠨᠡᠶᠢᠭᠡᠮ ᠦᠰᠦᠳ ᠦᠭᠡᠷ᠎ᠡ ᠪᠠᠷ ᠬᠤᠪᠢᠷᠠᠯᠲᠠ ᠭᠠᠷᠤᠭᠰᠠᠠ ᠪᠠᠶᠢᠨ᠎ᠠ᠃ | ᠳᠠᠪᠤ | ᠪᠠᠮᠪᠤᠤ ᠬᠡᠦᠬᠡᠨ ᠲᠡᠭᠦᠦ ᠲᠠᠢ ᠪᠠᠨ ᠬᠤᠶᠠᠭᠤᠯᠠ ᠤᠷᠢᠲᠦ ᠰᠦᠨᠢ ᠵᠡᠭᠦᠨ ᠵᠦᠭ ᠲᠤ ᠮᠤᠨᠳᠠᠭ ᠲᠤᠮᠤ ᠭᠡᠭᠡ ᠰᠠᠴᠤᠷᠠᠭᠰᠠᠠ ᠢ ᠤᠯᠵᠦ ᠬᠠᠷᠠᠭᠰᠠᠠ ᠠᠪᠠᠴᠦ | ᠪᠡᠶ᠎ᠡ ᠶᠢᠨ ᠪᠠᠶᠢᠳᠠᠯ ᠪᠠ ᠠᠬ᠎ᠠ᠂ ᠳᠡᠭᠦᠦ ᠬᠤᠶᠠᠷ ᠤᠨ ᠢᠶᠠᠨ ᠨᠠᠰᠤᠨ ᠡᠴᠦᠰ ᠤᠨ ᠬᠢᠨᠢ ᠬᠤᠶᠢᠲᠤᠬᠢ ᠶᠠᠪᠤᠳᠠᠯ ᠭᠡᠳ ᠶᠠᠭᠠᠷᠠᠵᠦ ᠪᠠᠶᠢᠭᠠᠳ ᠬᠦᠷᠴᠦ ᠤᠴᠢᠨ ︽ | ᠬᠦᠷ ᠨᠡᠮᠡᠵᠦ︾ ᠴᠢᠳᠠᠭᠰᠠᠠ ᠦᠭᠡᠢ᠃ ᠡᠳᠦᠷᠵᠢᠨ ᠰᠦᠨᠢᠵᠢᠨ ᠶᠠᠭᠠᠷᠠᠵᠦ ᠮᠡᠩᠳᠡᠡ ᠨᠦᠬᠦᠭᠡ ᠬᠤᠶᠠᠷ ᠤᠨ ᠢᠶᠠᠨ ᠬᠤᠶᠢᠲᠤᠬᠢ ᠶᠠᠪᠤᠳᠠᠯ ᠢ ᠲᠤᠬᠢᠲᠠᠢ | ᠰᠢᠢᠳᠪᠦᠷᠢᠯᠡᠡ ᠤᠷᠤᠰᠢᠭᠤᠯᠵᠦ ᠳᠠᠯᠪᠢᠪᠠ᠃ ᠡᠨᠡ ᠬᠤᠶᠠᠭᠤᠯᠠ ᠶᠢ ᠠᠬ᠎ᠠ ᠳᠡᠭᠦᠦ ᠪᠠᠨ ᠪᠠᠶᠢᠲᠤᠭᠠᠢ ᠠᠮᠢ ᠨᠠᠰᠤ ᠪᠠᠨ ᠬᠦᠷᠲᠡᠯ᠎ᠡ ᠠᠷᠠᠢ ᠡᠰᠡᠯ᠎ᠡ ᠠᠯᠳᠠᠳᠠᠯ᠎ᠠ | ᠪᠤᠵᠢᠭᠢᠨᠠᠵᠦ ᠮᠤᠩᠭᠢᠨᠠᠵᠦ ᠪᠠᠶᠢᠬᠤ ᠳᠤᠨᠢ ᠰᠠᠮᠪᠤᠤ ᠭᠤᠸᠠᠢ ᠬᠠᠷᠢᠨ ᠠᠯᠲᠠᠠ ᠤ ᠦᠨ᠎ᠡ ᠳᠤ ᠬᠦᠷᠦᠭᠰᠡᠡ ᠪᠠᠮᠪᠤᠤ ᠶᠢ ᠠᠷᠪᠢᠬᠠᠨ ᠢ ᠪᠠᠷᠢᠵᠦ ᠠᠷᠠᠯᠵᠢᠭᠠᠳ ᠠᠰᠢᠭ | ᠤᠯᠵᠠᠪᠤᠷᠢ ᠭᠡᠳᠡᠭ ᠢ ᠠᠭᠤᠯᠠ ᠦᠭᠡᠷ᠎ᠡ ᠦᠭᠡᠢ ᠤᠪᠤᠭᠠᠯᠠᠵᠦ᠂ ᠢᠵᠠᠷᠠᠲᠠᠯ᠎ᠠ ᠪᠠᠶᠠᠵᠢᠬᠤ ᠶᠢ ᠰᠡᠳᠬᠢᠨ᠂ ᠪᠠᠰᠠ ᠦᠪᠡᠷ ᠤᠨ ᠬᠢ ᠪᠠᠷ ᠢᠶᠠᠨ ᠪᠤᠵᠢᠭᠢᠨᠠᠵᠦ | ᠮᠤᠩᠭᠢᠨᠠᠵᠦ ᠪᠠᠶᠢᠭᠰᠠᠠ ᠶᠤᠮ᠃ ᠵᠠ ᠲᠡᠷᠡ ᠴᠦ ᠶᠠᠭᠠᠬᠢᠮᠠᠢ ᠡ᠂ ᠬᠦᠮᠦᠨ ᠬᠦᠮᠦᠨ ᠤ ᠠᠵᠦ ᠲᠦᠷᠦᠵᠦ ᠠᠮᠢᠲᠤᠷᠠᠬᠤ ᠠᠷᠭ᠎ᠠ ᠬᠡᠯᠪᠡᠷᠢ ᠠᠰ ᠠᠰ ᠲᠠᠭᠠᠨ | ᠪᠠᠶᠢᠳᠠᠭ ᠬᠤᠶᠢᠨ᠎ᠠ᠃ ᠬᠠᠷᠢᠨ ᠠᠳᠡ ᠲᠤᠲᠤᠷᠠᠭᠤᠯᠤᠨ ᠬᠡᠯᠡᠬᠦ ᠠᠴᠠ ᠪᠠᠮᠪᠤᠤ ᠪᠠᠷ ᠪᠠᠶᠠᠵᠢᠬᠤ ᠭᠡᠰᠡᠡ ᠰᠠᠮᠪᠤᠤ ᠶᠢᠨ ᠰᠠᠨᠠᠭ᠎ᠠ ᠰᠠᠭᠠᠷᠠᠵᠦ᠂ ᠬᠦᠰᠡᠭᠰᠡᠡ ᠬᠦᠰᠡᠯ | ᠨᠢ ᠬᠦᠭᠡᠰᠦ ᠪᠤᠯᠤᠨ ᠵᠠᠮᠬᠠᠷᠠᠵᠠᠢ᠃ ᠦᠨᠡᠨᠳᠡᠭᠡᠡ ᠬᠦᠮᠦᠨ ᠤ ᠨᠢᠭᠡ ᠨᠠᠰᠤ ᠭᠡᠵᠤ ᠬᠡᠲᠦᠬᠡᠨ ᠠᠷᠪᠠᠠ ᠵᠢᠯ ᠤᠨ ᠬᠤᠭᠤᠴᠠᠭ᠎ᠠ ᠶᠤᠮ᠃ ᠡᠨᠡᠬᠦ ᠬᠡᠳᠦᠨ ᠠᠷᠪᠠᠨ ᠵᠢᠯ | ᠤᠨ ᠤᠬᠤᠷᠬᠠᠨ ᠬᠤᠭᠤᠴᠠᠭ᠎ᠠ ᠪᠠᠨ ᠶᠠᠮᠠᠷ ᠮᠠᠶ᠋ᠢᠭ ᠲᠠᠢ ᠦᠩᠭᠡᠷᠡᠭᠡᠬᠦ ᠪᠤᠢ ᠭᠡᠳᠡᠭ ᠨᠢ ᠲᠤᠬᠠᠢ ᠶᠢᠨ ᠬᠦᠮᠦᠨ ᠤ ᠬᠤᠪᠢ ᠲᠦᠭᠡᠷᠭᠡ ᠬᠢᠭᠡᠳ ᠬᠢᠳᠡᠯ ᠦᠢᠯᠡᠳᠦᠯ | ᠲᠠᠢ ᠨᠢ ᠰᠢᠭᠤᠳ ᠬᠠᠷᠢᠴᠠᠭ᠎ᠠ ᠬᠤᠯᠪᠤᠭ᠎ᠠ ᠲᠠᠢ ᠪᠠᠶᠢᠳᠠᠭ ᠴᠦ ᠪᠢᠯᠡ᠃ ᠭᠡᠬᠦ ᠳᠤ ᠲᠠᠪᠢ ᠶᠢᠨ ᠳᠠᠪᠠᠭ᠎ᠠ ᠦᠭᠰᠦᠭᠰᠡᠡ ᠰᠠᠮᠪᠤᠤ ᠶᠢᠨ ᠦᠢᠯᠡ ᠬᠦᠭᠡᠭᠡᠴᠡᠯᠲᠦᠯ ᠴᠦ | ᠡᠭᠦᠨ ᠠᠴᠠ ᠭᠠᠳᠠᠭᠤᠷ ᠪᠠᠶᠢᠵᠦ ᠴᠢᠳᠠᠭᠰᠠᠠ ᠦᠭᠡᠢ᠃ | ᠠᠷᠪᠠᠭᠠᠳ ᠬᠤᠨᠤᠭᠰᠠᠠ ᠤ ᠳᠠᠷᠠᠭ᠎ᠠ ᠪᠠᠮᠪᠤᠤ ᠶᠢᠨ ᠪᠤᠯᠤᠨ ᠬᠡᠦᠬᠡᠨ ᠳᠡᠭᠦᠦ ᠶᠢᠨ ᠬᠢᠨᠢ ᠪᠡᠶ᠎ᠡ ᠨᠢ ᠲᠡᠩᠭᠡᠷᠡᠡ᠂ ᠬᠤᠤᠷ ᠤᠨ ᠦᠨᠳᠦᠰᠦ ᠬᠤᠭ ᠦᠭᠡᠢ | ᠠᠷᠢᠯᠤᠨ᠂ ᠪᠠᠭᠠᠰᠤ ᠴᠤᠭᠤᠯᠬᠤ ᠠᠵᠢᠯ ᠢᠶᠠᠨ ᠦᠷᠭᠦᠯᠵᠢᠯᠡᠭᠦᠯᠵᠡᠢ᠃ ᠭᠡᠪᠡᠴᠦ ᠳᠡᠳᠡ ︽ᠨᠢᠭᠡ ᠬᠡᠨᠡᠳᠡᠪᠡᠯ ᠨᠢᠭᠡ ᠤᠬᠠᠭ᠎ᠠ ᠤᠷᠤᠨ᠎ᠠ︾ ᠭᠡᠭᠴᠢ ᠪᠠᠷ ᠤᠶᠢᠷ᠎ᠠ | ᠲᠦᠰᠦᠷ ᠤᠨ ᠠᠶᠢᠯ ᠠᠮᠢᠲᠠᠠ ᠤ ᠦᠬᠡᠷ ᠮᠠᠯ ᠢᠶᠠᠨ ᠡᠮᠨᠡᠵᠦ ᠲᠤᠮᠨᠠᠠ᠂ ᠲᠠᠷᠢᠵᠦ ᠴᠢᠳᠬᠤᠵᠦ ᠪᠠᠶᠢᠭ᠎ᠠ ᠶᠢ ᠪᠠᠶᠢᠩᠭᠤ ᠠᠩᠬᠠᠷᠴᠦ ᠪᠠᠶᠢᠬᠤ ᠶᠢ ᠪᠠᠲᠦ ᠰᠠᠬᠢᠯᠭ᠎ᠠ | ᠪᠤᠯᠭᠠᠵᠦ ᠰᠠᠬᠢᠬᠤ ᠪᠠᠷ ᠠᠨᠳᠠᠭᠠᠢ ᠳᠠᠯᠪᠢᠨ᠂ ᠠᠮᠢᠲᠤᠷᠠᠯ ᠭᠡᠳᠡᠭ ᠠᠮᠢᠲᠦ ᠯᠠ ᠪᠠᠶᠢᠪᠠᠯ ᠦᠷᠭᠦᠯᠵᠢᠯᠡᠳᠡᠭ ᠤᠨ ᠵᠢᠮ᠎ᠡ ᠪᠠᠷ ︽ᠪᠠᠮᠪᠤᠤ ᠪᠢ ᠴᠢᠨᠢ ᠪᠠᠶᠠᠷ ᠬᠦᠷ ᠲᠠᠢ | ᠠᠮᠢᠲᠤᠷᠠᠵᠦ ᠴᠢᠳᠠᠨ᠎ᠠ᠂ ᠪᠠᠰᠠ ᠳᠡᠭᠡᠭᠡᠳ ᠤᠷᠤᠭᠰᠢᠯᠠᠵᠦ ᠪᠠᠶᠢᠨ᠎ᠠ︾ ᠬᠡᠮᠡᠡ ᠰᠡᠩᠭᠢᠨᠡᠲᠡᠯᠡ ᠳᠠᠭᠤᠯᠠᠭᠰᠠᠭᠠᠷ ᠰᠠᠷᠴᠢᠬᠢᠨᠠᠠ ᠨᠢᠰᠴᠦ ᠤᠳᠪᠠ ᠁ ᠶᠠᠭᠤ ᠴᠦ | ᠭᠡᠰᠡᠡ ᠨᠢᠭᠡ ᠤᠭᠰᠠᠭᠠᠨ ᠤ ᠦᠨᠳᠦᠰᠦ ᠦᠷᠭᠦᠯᠵᠢᠯᠡᠯ ᠪᠤᠯᠵᠦ ᠬᠤᠴᠤᠷᠤᠭᠰᠠᠠ ᠠᠬ᠎ᠠ ᠳᠡᠭᠦᠦ ᠬᠤᠶᠠᠷ ᠪᠠᠮᠪᠤᠤ ᠬᠤᠷᠤᠬᠠᠢ ᠶᠢᠨ ᠬᠤᠪᠢ ᠲᠠᠪᠢᠯᠠᠩ ᠬᠤᠵᠢᠮ | ᠮᠠᠷᠭᠠᠰᠢ ᠳᠤ ᠶᠠᠮᠠᠷ ᠪᠤᠯᠬᠤ ᠶᠢ ᠬᠡᠨ ᠴᠦ ᠲᠦᠰᠦᠭᠡᠯᠡᠵᠦ ᠲᠡᠶᠢᠯᠬᠦ ᠦᠭᠡᠢ᠃ ᠠᠢ ᠬᠤᠬᠤᠢ︕ ᠰᠠᠮᠪᠤᠤ ᠴᠦ ᠶᠠᠭᠠᠬᠢᠮᠠᠢ᠂ ᠰᠠᠨᠠᠭ᠎ᠠ ᠪᠠᠷ ᠢᠶᠠᠨ ᠰᠠᠪᠠᠵᠦ ᠰᠠᠯᠠᠭ᠎ᠠ | ᠪᠠᠷ ᠢᠶᠠᠨ ᠭᠤᠭᠤᠵᠢᠭᠤᠯᠤᠭᠰᠠᠠ ᠠᠮᠢᠲᠠᠠ᠂ ᠦᠭᠡᠳᠡ ᠲᠠᠢ ᠤᠷᠤᠭᠤ ᠠᠮᠢᠲᠤᠷᠠᠯ ᠳᠠᠭᠠᠨ ᠦᠵᠡᠬᠦ ᠪᠠᠨ ᠦᠵᠡᠵᠦ᠂ ᠦᠩᠭᠡᠷᠡᠭᠡᠬᠦ ᠪᠠᠨ ᠦᠩᠭᠡᠷᠡᠭᠡᠵᠦ ᠶᠠᠪᠤᠨ᠎ᠠ | ᠪᠢᠵᠠ︖︕ ᠁ | 2019 ᠤᠨ ᠤ 6 ᠰᠠᠷ᠎ᠠ ᠶᠢᠨ 22 ᠤᠨ ᠡᠳᠦᠷ᠂ ᠪᠠᠯᠭᠠᠷᠭᠤᠤᠯ ᠬᠤᠲᠠᠨ᠎ᠠ᠃ |