ᠭᠦᠷᠢᠶ᠎ᠡ ᠵᠡᠬᠡᠯᠢ ᠠᠴᠠ ᠬᠤᠶᠢᠰᠢ ᠭᠤᠴᠢᠨ ᠭᠠᠵᠠᠷ ᠤᠨ ᠵᠠᠶᠢᠳᠠᠢ ᠶᠠᠩᠰᠢᠪ ᠭᠤᠤᠯ ᠢ ᠬᠤᠷᠮᠤᠶᠢᠯᠠᠭᠰᠠᠨ ︽ᠨᠠᠢᠮᠠᠨ ᠵᠠᠭᠤᠨ ᠭᠠᠵᠠᠷ ᠤᠨ ᠲᠠᠮᠤ ᠶᠢᠨ ᠴᠠᠭᠠᠨ︾ | ᠬᠡᠳᠡᠭ ᠡᠯᠡᠰᠦ ᠶᠢᠨ ᠶᠡᠬᠡᠩᠬᠢ ᠬᠡᠰᠡᠭ ᠨᠢ ᠭᠦᠷᠢᠶ᠎ᠡ ᠬᠤᠰᠢᠭᠤᠨ ᠳᠤ ᠪᠠᠶᠢᠵᠦ ᠪᠠᠷᠠᠭᠤᠨᠰᠢ ᠨᠠᠢᠮᠠᠨ ᠬᠤᠰᠢᠭᠤ᠂ ᠵᠡᠭᠦᠨᠰᠢ ᠬᠤᠷᠴᠢᠨ ᠵᠡᠭᠦᠨ ᠭᠠᠷᠤᠨ ᠬᠤᠶᠢᠳᠦ | ᠬᠤᠰᠢᠭᠤᠨ ᠳᠤ ᠰᠢᠭᠤᠳ ᠨᠦᠷᠢᠨ ᠤᠷᠤᠵᠦ ᠪᠠᠶᠢᠳᠠᠭ᠃ ᠡᠨᠡ ᠲᠤᠬᠠᠢ ᠡᠶᠢᠮᠦ ᠨᠢᠬᠡᠨ ᠲᠤᠮᠤᠭ ᠪᠤᠢ᠄ ᠡᠷᠳᠠ ᠴᠠᠭ ᠲᠤ᠂ ᠲᠠᠩ ᠲᠠᠶᠢᠽᠦ᠋ᠩ ᠬᠠᠭᠠᠨ ᠤᠮᠠᠷᠠᠳᠦ | ᠯᠢᠶᠦᠦ ᠶᠢ ᠲᠦᠪᠰᠢᠳᠬᠡᠭᠦ ᠪᠠᠷ ᠲᠠᠶᠢᠯᠠᠯᠳᠤᠨ ᠶᠠᠪᠤᠬᠤ ᠵᠠᠭᠤᠷ᠎ᠠ᠂ ᠭᠦᠪᠡᠭᠡ ᠬᠢᠵᠠᠭᠠᠷ ᠨᠢ ᠬᠠᠷᠠᠭᠳᠠᠬᠤ ᠦᠬᠡᠢ ᠬᠦᠯ ᠦᠬᠡᠢ ᠭᠦᠨ ᠲᠠᠯᠠᠢ ᠳᠤ ᠲᠤᠯᠵᠦ᠂ ᠡᠪᠤᠯ ᠤᠨ | ᠰᠡᠭᠦᠯᠴᠢ ᠬᠠᠪᠤᠷ ᠤᠨ ᠡᠬᠢᠨ ᠤ ᠦᠶ᠎ᠡ ᠲᠤᠯᠠ ᠬᠠᠶᠢᠯ ᠤᠨᠠᠵᠦ ᠬᠠᠭᠳᠠ ᠭᠦᠬᠡᠷᠡᠭᠦ ᠶᠢ ᠭᠦᠯᠢᠶᠡᠭᠦ ᠠᠴᠠ ᠦᠬᠡᠷ᠎ᠡ ᠠᠷᠭ᠎ᠠ ᠦᠬᠡᠢ ᠪᠤᠯᠪᠠ᠃ ᠲᠠᠷᠠ ᠶᠠᠭᠠᠷᠠᠬᠤ | ᠳᠠᠭᠠᠨ ᠤᠳᠠᠬᠤ ᠦᠬᠡᠢ ᠤᠳᠠᠬᠤ ᠦᠬᠡᠢ ᠴᠡᠷᠢᠭ ᠠᠷᠠᠳ ᠢ ᠲᠤᠮᠢᠯᠠᠨ᠄ ︽ᠬᠠᠶᠢᠯ ᠤᠨᠠᠪᠠ ᠤᠤ︖ ᠬᠠᠭᠳᠠ ᠭᠦᠬᠡᠷᠡᠪᠡ ᠤᠤ︖ ᠦᠵᠡᠬᠡᠳ ᠢᠷ᠎ᠡ︾ ᠬᠡᠪᠡᠯ | ᠵᠠᠷᠤᠭᠳᠠᠭᠰᠠᠳ ᠨᠢ ᠦᠨᠡᠨ ᠪᠠᠶᠢᠳᠠᠯ ᠢᠶᠠᠷ ᠨᠢ ︽ᠤᠨᠠᠭᠠᠳᠤᠢ᠂ ᠭᠦᠬᠡᠷᠡᠬᠡᠳᠦᠢ︾ ᠬᠡᠵᠦ ᠬᠡᠯᠡᠪᠡᠯ ᠲᠤᠤᠷ᠎ᠠ ᠨᠢ ᠴᠠᠪᠴᠢᠨ ᠠᠯᠠᠭᠰᠠᠭᠠᠷ ᠨᠢᠬᠡᠨᠳᠠ ᠲᠠᠪᠤᠨ ᠵᠠᠭᠤᠨ | ᠭᠦᠮᠦᠨ ᠤ ᠲᠤᠭᠠᠨ ᠳᠤ ᠭᠦᠷᠴᠠᠢ᠃ | ᠨᠢᠬᠡᠨ ᠡᠳᠦᠷ᠂ ᠵᠡᠭᠦᠨ ᠲᠠᠯᠠᠢ ᠳᠤ ᠠᠶᠢᠯᠴᠢᠯᠠᠬᠤ ᠪᠠᠷ ᠡᠭᠦᠯᠡᠨ ᠬᠢᠰᠬᠢᠯᠡᠨ ᠶᠠᠪᠤᠵᠦ ᠪᠠᠶᠢᠭᠰᠠᠨ ᠬᠤᠮᠰᠢᠮ ᠪᠤᠳᠢᠰᠡᠳ᠋ᠸ᠎ᠠ ᠪᠤᠷᠬᠠᠨ᠂ ᠬᠢᠯᠢᠰ ᠢᠶᠠᠷ | ᠴᠠᠪᠴᠢᠭᠳᠠᠭᠰᠠᠨ ᠰᠦᠨᠡᠰᠦ ᠨᠦᠭᠦᠳ ᠢ ᠦᠵᠡᠵᠦ ᠤᠴᠢᠷ ᠢ ᠮᠡᠳᠡᠬᠡᠳ᠂ ᠪᠠᠭ᠎ᠠ ᠠᠴᠢᠮᠠᠭ ᠤᠨ ᠲᠡᠬᠡᠷ᠎ᠡ ᠠᠴᠠ ᠠᠭᠤᠯᠠᠨ ᠠᠭᠤᠢ ᠳᠤ ᠪᠢᠰᠢᠯᠭᠠᠯ ᠬᠢᠵᠦ ᠪᠠᠶᠢᠭᠰᠠᠨ | ᠱᠠᠪᠢ ᠳᠠᠭᠠᠨ ᠠᠯᠠᠭᠠᠨ ᠬᠢᠷᠢᠳᠠᠢ ᠰᠢᠷ᠎ᠠ ᠲᠤᠷᠭᠠᠨ ᠳᠤ ᠬᠡᠳᠦᠨ ᠦᠰᠦᠭ ᠪᠢᠴᠢᠨ᠂ ᠨᠢᠬᠡᠨ ᠴᠢᠮᠬᠢ ᠰᠢᠷᠤᠢ ᠪᠠᠭᠯᠠᠵᠦ ᠲᠤᠷᠤᠭᠰᠢ ᠤᠷᠬᠢᠵᠦ ᠦᠭᠭᠦᠬᠡᠳ ᠶᠠᠪᠤᠵᠠᠢ᠃ | ᠡᠨᠡ ᠱᠠᠪᠢ ᠨᠢ ᠪᠠᠳᠮᠠᠰᠠᠩᠪᠤ ᠬᠡᠳᠡᠭ ᠨᠠᠷᠠ ᠲᠠᠢ ᠬᠤᠪᠢᠯᠭᠠᠨ ᠯᠠᠮᠠ ᠬᠡᠨ᠎ᠡ᠃ ᠲᠠᠷᠠ ᠬᠠᠭᠠᠨ ᠤ ᠵᠠᠷᠤᠳᠠᠰᠦ ᠳᠤ ︽ᠬᠠᠭᠳᠠ ᠭᠦᠬᠡᠷᠡᠪᠡ ᠬᠡᠵᠦ ᠮᠠᠳᠠᠭᠦᠯ︕ ᠪᠠᠰᠠ | ᠲᠠᠯᠠᠢ ᠲᠤᠭᠤᠯᠬᠤ ᠳᠠᠭᠠᠨ ᠪᠦᠭᠦᠳᠡᠬᠡᠷ ᠨᠢᠳᠦ ᠪᠠᠨ ᠠᠨᠢ ᠬᠡᠵᠦ ᠭᠤᠶᠢᠷᠡᠨᠴᠢ ᠡᠮᠡᠬᠡᠨ ᠵᠢᠭᠠᠵᠦ ᠦᠭᠭᠦᠯ᠎ᠠ ᠬᠡᠵᠦ ᠬᠡᠯᠡᠭᠳᠦᠨ︾ ᠬᠡᠤᠨ ᠦᠵᠡᠭᠳᠡᠭᠦ ᠦᠬᠡᠢ ᠪᠤᠯᠵᠠᠢ᠃ | ᠬᠠᠭᠠᠨ ᠵᠠᠷᠤᠳᠠᠰᠦ ᠶᠢᠨ ᠦᠬᠡ ᠶᠢ ᠰᠤᠨᠤᠰᠴᠦ ᠲᠡᠭᠦᠨ ᠤ ᠠᠮᠢ ᠶᠢ ᠬᠡᠯᠳᠦᠷᠢᠭᠦᠯᠦᠭᠰᠡᠨ ᠮᠦᠷᠳᠡᠬᠡᠨ ᠶᠠᠮᠠᠷ ᠨᠢᠬᠡᠨ ᠪᠤᠭᠳᠠ ᠰᠠᠬᠢᠭᠤᠯᠰᠤᠨ ᠵᠠᠮ ᠤᠳᠤᠷᠢᠳᠤᠯᠠ ᠬᠡᠵᠦ | ᠪᠤᠳᠤᠭᠠᠳ ᠲᠠᠯᠠᠢ ᠶᠢ ᠬᠠᠷᠠᠵᠦ ᠦᠵᠡᠪᠡᠯ ᠨᠠᠯᠤᠢ ᠬᠠᠯᠤᠢ ᠶᠡᠭᠡ ᠡᠯᠡᠰᠦ ᠪᠤᠯᠴᠢᠬᠠᠭᠰᠠᠨ ᠲᠤᠯᠠ ᠲᠡᠭᠷᠢ ᠳᠤ ᠵᠠᠯᠪᠡᠷᠢᠨ ᠮᠦᠷᠭᠦᠵᠦ᠂ ᠪᠦᠭᠦ ᠴᠡᠷᠢᠭ ᠢᠶᠠᠨ ᠲᠠᠶᠢᠴᠢᠯᠠᠨ | ᠡᠯᠡᠰᠦ ᠶᠢ ᠲᠤᠭᠤᠯᠬᠤ ᠪᠠᠷ ︽ᠴᠦᠮ ᠨᠢᠳᠦ ᠪᠠᠨ ᠠᠨᠢ︾ ᠬᠡᠵᠦ ᠵᠠᠷᠯᠢᠭᠳᠡᠪᠡ᠃ ᠢᠩᠬᠢᠬᠡᠳ ᠨᠢᠳᠦ ᠢᠷᠮᠡᠭᠦ ᠶᠢᠨ ᠵᠠᠭᠤᠷ᠎ᠠ ᠡᠯᠡᠰᠦᠨ ᠲᠠᠯᠠᠢ ᠶᠢ ᠲᠤᠭᠤᠯᠵᠦ | ᠭᠠᠷᠤᠭᠠᠳ ᠴᠡᠷᠢᠭ ᠢᠶᠠᠨ ᠪᠦᠷᠢᠳᠬᠡᠪᠡᠯ ᠬᠠᠶᠢᠭᠤᠯ ᠵᠠᠩᠵᠤᠨ ᠸᠠᠩ ᠵᠢᠶᠦ᠋ᠨ ᠾᠸᠦ ᠶᠢᠨ ᠲᠠᠪᠤᠨ ᠵᠠᠭᠤᠨ ᠴᠡᠷᠢᠭ᠂ ᠠᠮᠤ ᠭᠦᠨᠡᠰᠦ᠂ ᠠᠯᠢᠪᠠ ᠡᠳ᠋ ᠬᠡᠷᠡᠭᠯᠡᠭᠦᠨ ᠲᠠᠢ | ᠪᠠᠨ ᠠᠯᠠᠭ᠎ᠠ ᠪᠤᠯᠤᠭᠰᠠᠨ ᠳᠤ ᠬᠡᠳᠦᠨᠳᠠ ᠭᠦᠮᠦᠨ ᠲᠤᠮᠢᠯᠠᠨ ᠡᠷᠢᠭᠰᠡᠨ ᠴᠦ ᠤᠯᠤᠭᠰᠠᠨ ᠦᠬᠡᠢ᠃ | ᠤᠤᠯ ᠨᠢ᠂ ᠲᠠᠷᠡ ᠬᠤᠪᠢᠯᠭᠠᠨ ᠯᠠᠮᠠ᠂ ᠪᠠᠭᠰᠢ ᠶᠢᠨ ᠢᠶᠠᠨ ᠦᠭᠭᠦᠭᠰᠡᠨ ᠰᠢᠷ᠎ᠠ ᠲᠤᠷᠭ᠎ᠠ ᠪᠠ ᠴᠢᠮᠬᠢ ᠰᠢᠷᠤᠢ ᠶᠢ ᠭᠦᠨ ᠲᠠᠯᠠᠢ ᠳᠤ ᠰᠠᠴᠤᠵᠦ ᠡᠶᠢᠮᠦᠷᠭᠦᠦ | ︽ᠡᠯᠡᠰᠦᠨ ᠲᠠᠯᠠᠢ︾ ᠪᠤᠯᠭᠠᠭᠰᠠᠨ ᠪᠦᠬᠡᠳ ᠨᠢᠳᠦ ᠠᠨᠢᠭᠰᠠᠨ ᠴᠡᠷᠢᠭ ᠪᠦᠭᠦᠨ ᠢ ᠤᠪᠠᠳᠢᠰ ᠢᠶᠠᠷ ᠡᠯᠡᠰᠦ ᠲᠤᠭᠤᠯᠤᠭᠤᠯᠤᠭᠰᠠᠨ ᠪᠤᠯᠪᠠᠴᠦ ᠴᠡᠷᠢᠭ ᠤᠨ ᠰᠡᠭᠦᠯ ᠳᠤ | ᠶᠠᠪᠤᠵᠦ ᠪᠠᠶᠢᠳᠠᠭ ᠠᠮᠤ ᠭᠦᠨᠡᠰᠦᠨ ᠤ ᠬᠠᠶᠢᠭᠤᠯ ᠤᠳ ︽ᠨᠢᠳᠦ ᠪᠠᠨ ᠠᠨᠢ︾ ᠬᠡᠭᠦ ᠵᠠᠷᠯᠢᠭ ᠢ ᠤᠯᠵᠦ ᠰᠤᠨᠤᠰᠤᠭᠰᠠᠨ ᠦᠬᠡᠢ ᠲᠤᠯᠠ ᠲᠡᠷᠡ ᠭᠦ ᠡᠯᠡᠰᠦᠨ ᠲᠠᠯᠠᠢ | ᠳᠤ ᠵᠢᠪᠦᠭᠰᠡᠨ ᠪᠠᠶᠢᠵᠠᠢ᠃ ᠲᠠᠩ ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠪᠠᠷ᠎ᠠ ᠰᠤᠷᠠᠭ ᠦᠬᠡᠢ ᠪᠤᠯᠤᠭᠰᠠᠨ ᠴᠢᠮᠡᠭᠡ ᠶᠢ ᠰᠤᠨᠤᠰᠤᠭᠠᠳ ᠪᠠᠴᠢᠮᠳᠠᠨ | ᠭᠠᠰᠢᠭᠤᠳᠠᠵᠦ ︽ᠪᠠᠷᠠᠯ᠎ᠠ ᠴᠠᠭᠠᠨ ᠲᠠᠮᠤ ᠳᠤ ᠤᠨᠠᠴᠢᠬᠠᠯ᠎ᠠ ᠰᠢᠦ︾ ᠬᠡᠵᠦ ᠤᠬᠢᠯᠠᠭᠰᠠᠨ ᠢᠶᠠᠷ ᠲᠡᠷᠡ ᠡᠯᠡᠰᠦ ᠶᠢ ︽ᠲᠠᠮᠤ ᠶᠢᠨ ᠴᠠᠭᠠᠨ︾ ᠬᠡᠭᠦ ᠪᠤᠯᠵᠠᠢ᠃ ᠲᠠᠩ | ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠭᠠᠪᠢᠶ᠎ᠠ ᠵᠢᠳᠭᠦᠯ ᠢ ᠦᠨᠡᠯᠡᠵᠦ ᠸᠠᠩ ᠵᠢᠶᠦ᠋ᠨ ᠾᠸᠦ ᠶᠢ ︽ᠭᠦᠴᠦᠨ ᠶᠡᠭᠡ ᠲᠠᠢ ᠭᠦᠷᠡᠯᠪᠠᠭᠠᠳᠤᠷ ᠤᠩᠭᠤᠳ ᠤᠨ | ᠰᠠᠬᠢᠭᠤᠯᠰᠤᠨ︾᠂ ᠲᠠᠪᠤᠨ ᠵᠠᠭᠤᠨ ᠴᠡᠷᠢᠭ ᠢ ᠨᠢ ︽ᠲᠠᠮᠤ ᠳᠤ ᠤᠨᠠᠰᠢ ᠦᠬᠡᠢ ᠲᠠᠪᠤᠨ ᠵᠠᠭᠤᠨ ᠤᠩᠭᠤᠳ︾ ᠬᠡᠵᠦ ᠡᠷᠭᠦᠮᠵᠢᠯᠡᠭᠰᠡᠨᠡ ᠡᠵᠡᠨ ᠤ ᠠᠮᠠᠨ ᠠᠭᠤᠷ | ᠤᠨ ᠭᠦᠴᠦᠨ ᠳᠤ ᠲᠡᠳᠡᠬᠡᠷ ᠴᠡᠷᠢᠭ ᠤᠳ ᠲᠠᠮᠤ ᠶᠢᠨ ᠴᠠᠭᠠᠨ ᠤ ᠢᠷᠦᠭᠠᠷ ᠠᠴᠠ ᠭᠠᠷᠴᠦ ᠢᠷᠡᠬᠡᠳ ᠲᠤᠭᠰᠢᠷᠠᠨ ᠠᠭᠠᠰᠢᠯᠠᠵᠦ ᠲᠦᠮᠡᠨ ᠠᠷᠠᠳ ᠢ ᠲᠦᠢᠪᠡᠬᠡᠵᠦ | ᠡᠬᠢᠯᠡᠪᠡ᠃ ᠡᠭᠦᠨ ᠳᠤ᠂ ᠪᠠᠳᠮᠠᠰᠠᠩᠪᠤ ᠬᠤᠪᠢᠯᠭᠠᠨ ᠪᠠᠭᠰᠢ ᠶᠢᠨ ᠢᠶᠠᠨ ᠵᠢᠭᠠᠭᠰᠠᠨ ᠨᠤᠮᠤᠬᠠᠳᠬᠠᠯ ᠤᠨ ᠲᠠᠷᠨᠢ ᠶᠢ ᠤᠩᠰᠢᠵᠦ᠂ ᠭᠦᠷᠡᠯᠪᠠᠭᠠᠳᠤᠷ ᠲᠦᠷᠦᠭᠦᠳᠡᠢ | ᠲᠠᠪᠤᠨ ᠵᠠᠭᠤᠨ ᠤᠩᠭᠤᠤᠨ ᠪᠤᠯᠤᠨ ᠬᠢᠯᠢᠰ ᠢᠶᠠᠷ ᠴᠠᠪᠴᠢᠭᠳᠠᠭᠰᠠᠨ ᠲᠠᠪᠤᠨ ᠵᠠᠭᠤᠨ ᠴᠡᠷᠢᠭ ᠠᠷᠠᠳ ᠢ ︽ᠰᠠᠶᠢᠨ ᠴᠠᠭ ᠤᠨ ᠮᠢᠩᠭᠠᠨ ᠪᠤᠷᠬᠠᠨ᠂ ᠰᠢᠷ᠎ᠠ ᠲᠦᠮᠡᠨ ᠢ | ᠲᠤᠰᠠᠯᠠ︾ ᠬᠡᠵᠦ ᠪᠦᠭᠦ ᠰᠦᠨᠡᠰᠦ ᠶᠢ ᠨᠢᠬᠡ ᠯᠡ ᠪᠠᠭᠪᠤᠷ ᠠᠶᠠᠭᠠᠨ ᠳᠤ ᠬᠢᠵᠦ ᠱᠠᠭᠵᠠᠮᠤᠨᠢ ᠶᠢᠨ ᠤᠷᠤᠨ ᠵᠦᠭ ᠰᠢᠳᠠᠨ ᠶᠠᠪᠤᠭᠤᠯᠵᠦ ᠰᠠᠨᠸᠠᠷ ᠠᠪᠤᠭᠤᠯᠪᠠ ᠬᠡᠨ᠎ᠡ᠃ | ᠲᠡᠭᠦᠨ ᠠᠴᠠ ᠬᠤᠶᠢᠰᠢ ᠰᠦᠮ᠎ᠡ ᠪᠤᠯᠭᠠᠨ ᠳᠤ ︽ᠰᠠᠶᠢᠨ ᠴᠠᠭ ᠤᠨ ᠮᠢᠩᠭᠠᠨ ᠪᠤᠷᠬᠠᠨ︾ ᠢ ᠰᠢᠳᠦᠨ ᠲᠠᠬᠢᠬᠤ ᠪᠤᠯᠤᠯ᠎ᠠ ᠬᠡᠯᠴᠡᠳᠡᠭ᠃ |