ᠬᠠᠪᠤᠷ  ᠤᠨ ᠰᠠᠯᠬᠢ
ᠨᠡᠶᠢᠲᠡᠯᠡᠭᠰᠡᠨ ᠴᠠᠭ᠄
2024/4/23
       ᠤᠷᠢᠶᠠᠩᠬᠠᠨ ᠭᠦᠷᠵᠠᠪ       ︵ᠰᠤᠷᠤᠭᠴᠢᠳ ᠤᠨ ᠢᠶᠠᠨ ᠤᠷᠠᠨ ᠤᠩᠰᠢᠯᠭ᠎ᠠ ᠳᠤ ᠵᠤᠷᠢᠭᠤᠯᠵᠤ ᠪᠢᠴᠢᠭᠰᠡᠨ ᠰᠢᠯᠦᠭ︶   ᠠᠭᠤᠯᠠ ᠶᠢᠨ ᠴᠠᠰᠤ ᠶᠢ ᠤᠶᠠᠷᠠᠭᠤᠯᠤᠭᠴᠢ   ᠤᠶᠠᠬᠠᠨ ᠵᠦᠭᠡᠯᠡᠨ ᠰᠡᠪᠡᠯᠵᠡᠭᠡ   ᠤᠷᠭᠤᠮᠠᠯ ᠤᠨ ᠠᠮᠢ ᠶᠢ ᠰᠡᠷᠭᠦᠭᠡᠭᠴᠢ   ᠳᠤᠨᠢᠬᠠᠨ ᠲᠤᠯᠠᠭᠠᠨ ᠢᠯᠴᠢ   ᠠᠭᠤᠰᠬᠢ ᠵᠢᠷᠦᠬᠡ ᠶᠢ ᠠᠭᠤᠵᠢᠷᠠᠭᠤᠯᠤᠭᠴᠢ   ᠠᠭᠤᠳᠠᠮ ᠲᠡᠨᠢᠭᠦᠨ ᠠᠮᠢᠰᠬᠤᠭ᠎ᠠ   ᠤᠷᠮ᠎ᠠ ᠴᠤᠭ ᠢ ᠬᠦᠭᠵᠢᠭᠡᠭᠴᠢ   ᠤᠴᠢᠷᠲᠠᠢ ᠬᠦᠭᠡᠷᠦᠬᠦᠨ ᠰᠢᠪᠠᠨᠡᠭᠡ   ᠬᠤᠭᠤᠯᠠᠢ ᠶᠢᠨ ᠪᠡᠯᠴᠢᠭᠡᠷ ᠢ ᠬᠦᠬᠡᠷᠡᠭᠦᠯᠦᠭᠴᠢ   ᠬᠤᠯᠠ ᠶᠢᠨ ᠲᠡᠷᠭᠡᠯ ᠬᠠᠷᠠᠴᠠ   ᠬᠤᠭ ᠲᠤᠭᠤᠰᠤ ᠶᠢ ᠠᠷᠠᠴᠢᠭᠴᠢ   ᠬᠤᠩᠭᠤᠷ ᠴᠠᠭᠠᠨ ᠠᠯᠠᠭ᠎ᠠ   ᠬᠤᠪᠠᠭ᠋ᠠᠢ ᠭᠠᠵᠠᠷ ᠢ ᠠᠮᠢᠯᠠᠭᠤᠯᠤᠭᠴᠢ   ᠬᠤᠪᠢᠯᠭᠠᠨ ᠤᠪᠠᠳᠢᠰᠳᠤ ᠡᠷᠳᠡᠮ   ᠬᠤᠶᠠᠷ ᠴᠢᠬᠢᠨ ᠳᠤ ᠮᠢᠨᠢ ᠬᠠᠩᠭᠢᠨᠠᠭᠴᠢ   ᠬᠤᠤᠰ ᠦᠭᠡᠢ ᠢᠷᠠᠭᠤ ᠡᠭᠡᠰᠢᠭ ᠁   ᠬᠠᠪᠤᠷ ᠤᠨ ᠰᠠᠯᠬᠢ ᠪᠢᠯᠡ   ᠬᠠᠶᠠ ᠳᠠᠭᠠᠨ ᠴᠢᠩᠨᠠᠵᠤ ᠰᠠᠭᠤᠬᠤ ᠰᠠᠶᠢᠬᠠᠨ ᠪᠢᠯᠡ   ᠬᠠᠯᠠᠭᠤᠨ ᠪᠦᠯᠢᠶᠡᠬᠡᠨ ᠠᠮᠢᠰᠭᠤᠬ᠎ᠠ ᠶᠢ ᠨᠢ   ᠬᠠᠨᠲᠠᠯ᠎ᠠ ᠪᠠᠨ ᠠᠮᠢᠰᠭᠤᠬᠠᠵᠤ ᠶᠠᠪᠤᠬᠤ ᠳᠠᠭᠠᠲᠠᠢ ᠪᠢᠯᠡ︕                    19 93᠂ 03᠂ 01                   ᠰᠤᠷᠭᠠᠭᠤᠯᠢ ᠡᠬᠢᠯᠡᠭᠰᠡᠨ ᠡᠳᠦᠷ ᠪᠢᠴᠢᠪᠡ᠃
ᠢᠷᠡᠯᠲᠡ᠄ ᠬᠤᠯᠪᠤᠭ᠎ᠠ ᠪᠦᠷᠬᠡ