ᠴᠠᠭᠠᠨ ᠰᠦᠯᠳᠡ ᠶᠢ ᠵᠤᠬᠢᠶᠠᠬᠰᠠᠨ ᠨᠢ
ᠨᠡᠶᠢᠲᠡᠯᠡᠭᠰᠡᠨ ᠴᠠᠭ᠄
2024/5/27
     1206 ᠤᠨ ᠤ ᠶᠡᠭᠡ ᠮᠤᠩᠭᠤᠯ ᠤᠯᠤᠰ ᠪᠠᠶᠢᠭᠤᠯᠬᠤ ᠵᠦᠪᠯᠡᠯᠬᠡᠨ ᠤ ᠬᠤᠷᠠᠯ ᠳᠤ ᠪᠡᠯᠬᠦᠳᠡᠢ ᠦᠪᠡᠷ ᠤᠨ ᠵᠤᠬᠢᠶᠠᠬᠰᠠᠨ ︽ᠴᠠᠭᠠᠨ ᠰᠦᠯᠳᠡ︾ ᠪᠠᠨ ᠭᠠᠷᠭᠠᠵᠤ ᠤᠯᠠᠨ᠎ᠠ ᠦᠵᠡᠬᠦᠯᠦᠨ ᠴᠠᠭᠠᠨ ᠰᠦᠯᠳᠡ ᠪᠤᠰᠬᠠᠬᠤ ᠶᠢᠨ ᠤᠴᠢᠷ ᠤᠳᠬ᠎ᠠ ᠶᠢ ᠲᠤᠳᠤᠷᠬᠠᠶᠢᠯᠠᠵᠤ ᠦᠬᠦᠯᠡᠷᠦᠨ᠄ ︽ᠠᠬ᠎ᠠ ᠲᠡᠮᠤᠵᠢᠨ ᠤ ᠲᠡᠶᠢᠴᠢᠯᠡᠯ ᠲᠤᠤᠷ᠎ᠡ ᠪᠢᠳᠡ ᠤᠯᠠᠨ ᠤ ᠬᠠᠮᠳᠤ ᠶᠢᠨ ᠴᠢᠷᠮᠠᠶᠢᠯᠭ᠎ᠠ ᠪᠠᠷ ᠦᠨᠳᠦᠷᠯᠢᠭ ᠤᠷᠤᠨ ᠢᠶᠠᠨ ᠨᠢᠬᠡᠳᠬᠡᠵᠦ᠂ ᠲᠡᠶᠢᠨ ᠲᠡᠵᠢᠨ ᠦᠬᠡᠢ ᠬᠡᠷ ᠨᠤᠳᠤᠭ ᠢᠶᠠᠨ ᠪᠠᠶᠢᠭᠤᠯᠬᠤ ᠵᠤᠷᠢᠯᠭ᠎ᠠ ᠳᠤ ᠪᠠᠨ ᠬᠦᠷᠤᠭᠡᠳ ᠲᠤᠮᠤ ᠤᠯᠤᠰ ᠪᠠᠶᠢᠭᠤᠯᠬᠤ ᠪᠠᠷ ᠪᠤᠯᠪᠠ᠂ ᠰᠢᠨ᠎ᠡ ᠪᠠᠷ  ᠪᠠᠶᠢᠭᠤᠯᠤᠬᠳᠠᠬᠤ ᠤᠯᠤᠰ ᠭᠡᠷ ᠤᠨ ᠦᠨᠢᠳᠡ ᠲᠤᠬᠳᠠᠭᠤᠨ᠂ ᠡᠩᠬᠡ ᠠᠮᠤᠭᠤᠯᠠᠩ ᠢ ᠪᠡᠯᠬᠡᠳᠡᠵᠦ ᠪᠢ ᠶᠢᠰᠤᠨ ᠬᠦᠬᠦᠯᠳᠦ ᠴᠠᠭᠠᠨ ᠰᠦᠯᠳᠡ ᠵᠤᠬᠢᠶᠠᠪᠠ᠃ ᠶᠢᠰᠤ ᠲᠤᠭ᠎ᠠ ᠨᠢ ᠮᠤᠩᠭᠤᠯ ᠲᠦᠮᠡᠨ ᠤ ᠮᠠᠰᠢ ᠶᠡᠭᠡ ᠪᠠᠷ ᠦᠷᠡᠵᠢᠨ ᠲᠦᠯᠵᠢᠬᠦ ᠶᠢ ᠲᠦᠯᠦᠬᠡᠯᠡᠵᠦ᠂ ᠶᠡᠭᠡ ᠲᠦᠷᠦ ᠶᠢᠨ ᠤᠯᠠᠨ ᠲᠦᠰᠢᠭ ᠲᠤᠯᠭᠠᠭᠤᠷᠢ ᠶᠢᠨ ᠪᠠᠳᠤ ᠪᠠᠬᠢ ᠪᠠᠶᠢᠬᠤ ᠶᠢ ᠬᠦᠰᠡᠵᠦ᠂ ᠴᠠᠭᠠᠨ ᠦᠩᠬᠡ ᠨᠢ ᠴᠡᠪᠡᠷ ᠠᠷᠢᠭᠤᠨ᠂ ᠡᠩᠬᠡ ᠠᠮᠤᠭᠤᠯᠠᠩ᠂ ᠮᠠᠨᠳᠤᠯ ᠪᠠᠳᠠᠷᠠᠯ ᠢ ᠪᠡᠯᠬᠡᠳᠤᠨ᠎ᠡ︾᠃ ᠪᠤᠭᠤᠷᠴᠦ᠄ ︽ᠲᠡᠷᠡ ᠭᠤᠷᠪᠠᠨ ᠰᠡᠷᠡᠭᠡ ᠨᠢ ᠶᠠᠭᠤ ᠶᠢ ᠲᠦᠯᠦᠬᠡᠯᠡᠵᠦ ᠪᠠᠶᠢᠨ᠎ᠡ ᠪᠤᠢ︖︾᠃       ᠪᠡᠯᠬᠦᠳᠡᠢ ᠠᠴᠠ᠄ ︽ᠮᠠᠨ ᠤ ᠡᠪᠦᠭᠡ ᠲᠡᠭᠡᠳᠤᠰ ᠠᠯᠢ ᠬᠡᠳᠦ᠋ᠢᠨ ᠠᠴᠠ ᠨᠤᠮᠤ ᠰᠤᠮᠤ ᠶᠢᠨ ᠬᠡᠷᠡᠭᠴᠡᠭᠡ ᠦᠢᠯᠡᠳᠤᠯ ᠢ ᠦᠨᠡᠯᠡᠨ ᠮᠡᠳᠡᠵᠤ᠂ ᠡᠷᠳᠡ ᠳᠡᠬᠡᠳᠦ ᠠᠴᠠ ᠡᠬᠢᠯᠡᠨ ᠨᠤᠮᠤ ᠰᠤᠮᠤ ᠶᠢᠨ ᠬᠡᠯᠪᠡᠷᠢᠳᠡᠢ ᠵᠢᠷᠤᠭ ᠲᠦᠷᠰᠦ ᠶᠢ ᠲᠤᠭᠤᠯᠭᠠᠨ ᠳᠤ ᠪᠠᠨ ᠵᠡᠬᠦᠵᠦ᠂ ᠰᠦᠷ ᠵᠢᠪᠬᠤᠭ᠎ᠠ ᠪᠤᠯᠭᠠᠵᠤ ᠪᠠᠶᠢᠵᠠᠢ︕ ᠲᠡᠬᠦᠨ ᠢ ᠪᠢ ᠦᠬᠡᠷᠡᠴᠢᠯᠡᠵᠤ᠂ ᠮᠤᠩᠭᠤᠯ ᠤᠨ ᠡᠩᠬᠡ ᠠᠮᠤᠭᠤᠯᠠᠩ᠂ ᠦᠷᠡᠵᠢᠨ ᠲᠡᠯᠬᠡᠷᠡᠵᠦ᠂ ᠦᠬᠡᠳᠡᠯᠡᠨ ᠮᠠᠨᠳᠤᠬᠤ ᠶᠢ ᠪᠡᠯᠬᠡᠳᠡᠭᠰᠡᠨ ᠴᠠᠭᠠᠨ ᠰᠦᠯᠳᠡ ᠪᠤᠯᠭᠠᠪᠠ︕︾᠃       ᠬᠠᠰᠠᠷ᠄ ︽ᠡᠩ︕ ᠪᠡᠯᠬᠦᠳᠡᠢ ᠶᠢᠨ ᠰᠠᠨᠠᠭᠤᠯᠭ᠎ᠠ ᠵᠦᠪ︾᠃       ᠠᠯᠳᠠ᠄ ︽ᠪᠤᠯᠤᠨ᠎ᠡ︕ ᠪᠡᠯᠬᠦᠳᠡᠢ ᠶᠢᠨ ᠲᠤᠷᠠᠳᠤᠯᠭ᠎ᠠ ᠮᠠᠰᠢ ᠰᠠᠶᠢᠨ︾᠃       ᠬᠤᠴᠠᠷ᠄ ︽ᠬᠠᠰᠢᠯᠠ ᠪᠡᠯᠬᠦᠳᠡᠢ ᠰᠢᠳᠡ︕ ᠵᠠᠩᠬᠢᠯᠠᠭ᠎ᠠ ᠶᠢᠨ ᠦᠶ᠎ᠡ ᠳᠤ ᠵᠠᠭᠠᠳᠠᠰᠤ ᠶᠢ ᠨᠢ ᠬᠤᠯᠪᠤᠳᠠᠬ︾᠃       ᠮᠤᠬᠤᠯᠠᠢ᠄ ︽︿ᠴᠠᠭᠠᠨ ᠰᠦᠯᠳᠡ﹀ ᠪᠤᠯ ᠨᠢᠭᠡ ᠲᠤᠭ︕ ᠬᠠᠷ᠎ᠠ ᠰᠦᠯᠳᠡ ᠲᠠᠢ ᠠᠳᠠᠯᠢᠬᠠᠨ ᠤᠷᠢᠶᠠᠯᠠᠬᠤ ᠬᠦᠴᠤᠨ ᠲᠠᠢ︾᠃       ᠲᠡᠮᠤᠵᠢᠨ᠄ ︽ᠪᠤᠯᠤᠨ᠎ᠡ︕ ᠪᠡᠯᠬᠦᠳᠡᠢ ᠴᠠᠭᠠᠨ ᠰᠦᠯᠳᠡ ᠶᠢ ᠪᠠᠨ ᠶᠡᠭᠡ ᠤᠷᠳᠤ ᠶᠢᠨ ᠵᠡᠬᠦᠨ ᠡᠮᠤᠨ᠎ᠡ ᠲᠠᠯ᠎ᠠ ᠳᠤ ᠦᠨᠳᠦᠷ ᠪᠤᠰᠬᠠᠵᠦ᠂ ᠶᠡᠭᠡ ᠤᠯᠤᠰ ᠤᠨ ᠡᠩᠬᠡ ᠠᠮᠤᠭᠤᠯᠠᠩ᠂ ᠰᠦᠷ ᠬᠦᠴᠤᠨ ᠢ ᠭᠠᠶᠢᠬᠠᠭᠤᠯ︕︾       ᠪᠡᠯᠬᠦᠳᠡᠢ᠄ ︽ᠪᠤᠯᠤᠨ᠎ᠡ︕︾ ᠬᠡᠵᠤ ᠪᠠᠶᠠᠷᠳᠠᠶᠢᠬᠠᠨ ᠬᠠᠷᠢᠭᠤᠯᠵᠦ ᠭᠠᠷᠴᠤ ᠢᠷᠡᠬᠡᠳ ᠨᠠᠷᠠᠨ ᠮᠠᠨᠳᠤᠬᠤ ᠵᠦᠭ ᠤᠨ ᠲᠡᠬᠡᠷ᠎ᠡ ᠭᠠᠵᠠᠷ ᠶᠢᠰᠤᠨ ᠬᠦᠬᠦᠯᠳᠦ ᠴᠠᠭᠠᠨ ᠰᠦᠯᠳᠡ ᠪᠠᠨ ᠪᠤᠰᠬᠠᠪᠠ︕  
ᠢᠷᠡᠯᠲᠡ᠄ ᠬᠤᠯᠪᠤᠭ᠎ᠠ ᠪᠦᠷᠬᠡ