ᠬᠤᠪᠢᠰᠬᠠᠯ ᠤᠨ ᠦᠢᠯᠡᠰ ᠤᠨ ᠲᠥᠯᠥᠭᠡ ᠠᠯᠳᠠᠨ ᠠᠮᠢ ᠪᠠᠨ ᠵᠣᠷᠢᠭᠤᠯᠤᠭᠰᠠᠨ ᠰᠢᠦᠢ ᠶᠦᠩ ᠴᠢᠩ
ᠨᠡᠶᠢᠲᠡᠯᠡᠭᠰᠡᠨ ᠴᠠᠭ᠄
2024/7/30
     ᠥᠨᠥᠳᠥᠷ ᠤᠨ ᠪᠢᠳᠡᠨ ᠤ ᠵᠣᠯ ᠵᠢᠷᠭᠠᠯᠲᠤ ᠠᠮᠢᠳᠤᠷᠠᠯ ᠬᠤᠪᠢᠰᠬᠠᠯ ᠤᠨ ᠦᠢᠯᠡᠰ ᠤᠨ ᠲᠥᠯᠥᠭᠡ ᠬᠠᠯᠠᠭᠤᠨ ᠠᠮᠢ ᠪᠠᠨ ᠵᠣᠷᠢᠭᠤᠯᠤᠭᠰᠠᠨ ᠬᠤᠪᠢᠰᠬᠠᠯᠲᠤ ᠦᠷᠡᠭᠳᠡᠭᠰᠡᠨ ᠪᠠᠭᠠᠲᠤᠷᠴᠤᠳ ᠠᠴᠠ ᠰᠠᠯᠵᠤ ᠴᠢᠳᠠᠬᠤ ᠦᠭᠡᠢ ᠶᠤᠮ᠃ ᠲᠦᠩᠯᠢᠶᠣᠣ ᠬᠤᠳᠠ ᠶᠢᠨ ᠬᠤᠷᠴᠢᠨ ᠲᠣᠭᠤᠷᠢᠭ ᠤᠨ ᠶᠦᠩ ᠴᠢᠩ ᠵᠡᠭᠡᠯᠢ ᠨᠢ ᠳᠠᠷᠤᠢ ᠦᠷᠡᠭᠳᠡᠭᠰᠡᠨ ᠪᠠᠭᠠᠲᠤᠷ ᠰᠢᠦᠢ ᠶᠦᠡᠭ ᠴᠢᠩ ᠤᠨ ᠨᠡᠷ᠎ᠡ ᠪᠠᠷ ᠨᠡᠷᠡᠶᠢᠳᠦᠭᠳᠡᠭᠰᠡᠨ ᠶᠤᠮ᠃
     ᠰᠢᠦᠢ ᠶᠦᠩ ᠴᠢᠩ᠂ ᠤᠤᠯ ᠨᠡᠷ᠎ᠡ ᠨᠢ ᠹᠦ᠋ ᠯᠢᠨ ᠵᠤᠤ᠂ 1910 ᠣᠨ ᠳᠤ ᠯᠢᠶᠣᠤᠨᠢᠩ ᠮᠤᠵᠢ ᠶᠢᠨ ᠰᠢᠸ ᠶᠠᠨ ᠰᠢᠶᠠᠨ ᠤ ᠰᠢᠶᠣᠣ ᠭᠠᠨ ᠭᠧᠦ ᠶᠢᠨ ᠨᠢᠭᠡᠨ ᠲᠠᠷᠢᠶᠠᠴᠢᠨ ᠤ ᠭᠡᠷ ᠲᠤ ᠲᠦᠷᠦᠵᠡᠢ᠃ ᠲᠡᠷᠡ 8 ᠨᠠᠰᠤᠲᠠᠢ ᠳᠠᠭᠠᠨ ᠭᠡᠷ ᠤᠨ ᠰᠤᠷᠭᠠᠭᠤᠯᠢ ᠳᠤ ᠣᠷᠣᠵᠤ᠂ ᠰᠡᠭᠦᠯᠡᠷ ᠨᠢ ᠰᠢᠸ ᠶᠠᠨ ᠰᠢᠶᠠᠨ ᠤ ᠪᠠᠭᠰᠢ ᠶᠢᠨ ᠰᠤᠷᠭᠠᠭᠤᠯᠢ ᠳᠤ ᠰᠤᠷᠤᠯᠴᠠᠪᠠ᠃ 1933 ᠣᠨ ᠤ 6 ᠰᠠᠷ᠎ᠠ ᠳᠤ᠂ ᠹᠦ᠋ ᠯᠢᠨ ᠵᠤᠤ ᠰᠢᠸ ᠶᠠᠨ ᠰᠢᠶᠠᠨ ᠤ ᠪᠠᠭᠰᠢ ᠶᠢᠨ ᠰᠤᠷᠭᠠᠭᠤᠯᠢ ᠠᠴᠠ ᠲᠡᠭᠦᠰᠦᠭᠰᠡᠨ ᠤ ᠳᠠᠷᠠᠭ᠎ᠠ᠂ ᠲᠤᠰ ᠰᠢᠶᠠᠨ ᠤ ᠵᠢᠶᠠ ᠳ᠋ᠣᠣ ᠭᠧᠦ ᠪᠠᠭ᠎ᠠ ᠰᠤᠷᠭᠠᠭᠤᠯᠢ ᠳᠤ ᠪᠠᠭᠰᠢᠯᠠᠪᠠ᠃ ᠲᠤᠬᠠᠢ ᠶᠢᠨ ᠦᠶ᠎ᠡ ᠳᠤ ᠵᠡᠭᠦᠨ ᠬᠤᠶᠢᠲᠤ ᠣᠷᠣᠨ ᠶᠠᠭ ᠶᠠᠫᠤᠨ ᠡᠵᠡᠷᠬᠡᠭ ᠲᠦᠷᠢᠮᠡᠬᠡᠶᠢᠲᠡᠨ ᠳᠤ ᠲᠦᠷᠢᠮᠡᠬᠡᠶᠢᠯᠡᠭᠳᠡᠵᠦ ᠪᠠᠶᠢᠪᠠ᠃ ᠶᠠᠫᠤᠨ ᠤ ᠲᠦᠷᠢᠮᠡᠬᠡᠶᠢᠯᠡᠭᠴᠢᠳ ᠤᠨ ᠪᠠᠯᠠᠮᠠᠳ ᠠᠵᠢᠯᠯᠠᠭ᠎ᠠ ᠶᠢ ᠡᠰᠡᠷᠭᠦᠴᠡᠬᠦ ᠶᠢᠨ ᠲᠥᠯᠥᠭᠡ᠂ ᠰᠢᠦᠢ ᠶᠦᠩ ᠴᠢᠩ ᠪᠠᠭᠰᠢᠯᠠᠬᠤ ᠪᠠᠨ ᠪᠠᠶᠢᠵᠤ᠂ ᠨᠤᠲᠤᠭ ᠠᠴᠠ ᠪᠠᠨ ᠰᠠᠯᠵᠤ ᠬᠤᠪᠢᠰᠬᠠᠯ ᠳᠤ ᠣᠷᠣᠯᠴᠠᠵᠤ᠂ ︽ᠰᠢᠦᠢ ᠶᠦᠩ ᠴᠢᠩ︾ ᠭᠡᠵᠦ ᠨᠡᠷ᠎ᠡ ᠪᠠᠨ ᠪᠤᠷᠤᠭᠤᠯᠠᠭᠰᠠᠨ ᠪᠠᠶᠢᠨ᠎ᠠ᠃      1945 ᠣᠨ ᠤ 12 ᠰᠠᠷ᠎ᠠ ᠶᠢᠨ 8 ᠤ ᠰᠥᠨᠢ ᠭᠡᠨᠡᠳᠲᠡ ᠫᠤᠤ ᠳᠤᠤᠭᠠᠷᠴᠤ᠂ ᠨᠢᠭᠡ ᠪᠦᠯᠦᠭ ᠳᠡᠭᠡᠷᠡᠮ ᠤᠳ ᠲᠦᠩᠯᠢᠶᠣᠣ ᠰᠢᠶᠠᠨ ᠤ ᠵᠠᠰᠠᠭ ᠤᠨ ᠣᠷᠳᠣᠨ ᠪᠣᠯᠣᠨ ᠰᠢᠶᠠᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢ ᠪᠦᠰᠡᠯᠡᠪᠡ᠃ ᠲᠤᠬᠠᠢ ᠶᠢᠨ ᠦᠶ᠎ᠡ ᠳᠤ ᠲᠦᠩᠯᠢᠶᠣᠣ ᠰᠢᠶᠠᠨ ᠤ ᠳᠠᠷᠤᠭ᠎ᠠ ᠪᠠᠶᠢᠭᠰᠠᠨ ᠰᠢᠦᠢ ᠶᠦᠩ ᠴᠢᠩ ᠲᠡᠷᠡ ᠳᠠᠷᠤᠢ ᠳᠤᠨᠢ ᠳᠣᠲᠣᠭᠠᠳᠤ ᠶᠢ ᠬᠠᠮᠠᠭᠠᠯᠠᠬᠤ ᠰᠠᠯᠠᠭᠠᠨ ᠳᠠᠷᠤᠭ᠎ᠠ ᠬᠤᠸᠠᠩ ᠰᠦ᠋ ᠶᠢᠨ᠂ ᠰᠢᠶᠠᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢᠨ ᠳᠠᠷᠤᠭ᠎ᠠ ᠭᠦᠸᠧ ᠶᠠ ᠴᠧᠨ᠂ ᠤᠯᠤᠰ ᠲᠦᠷᠦ ᠶᠢᠨ ᠭᠡᠰᠢᠭᠦᠨ ᠶᠠᠩ ᠳ᠋ᠧ ᠮᠢᠩ ᠵᠡᠷᠭᠡ ᠳᠠᠶᠢᠴᠢᠨ ᠬᠠᠨᠢ ᠪᠠᠨ ᠵᠣᠬᠢᠶᠠᠨ ᠪᠠᠶᠢᠭᠤᠯᠵᠤ᠂ ᠳᠠᠶᠢᠰᠤᠨ ᠲᠠᠢ ᠰᠢᠷᠦᠭᠦᠨ ᠪᠠᠶᠢᠯᠳᠤᠭᠠᠨ ᠶᠠᠪᠤᠭᠤᠯᠪᠠ᠃      ᠪᠠᠶᠢᠯᠳᠤᠭᠠᠨ ᠤ ᠳᠤᠮᠳᠠ᠂ ᠲᠦᠩᠯᠢᠶᠣᠣ ᠰᠢᠶᠠᠨ ᠤ ᠳᠣᠲᠣᠭᠠᠳᠤ ᠶᠢ ᠬᠠᠮᠠᠭᠠᠯᠠᠬᠤ ᠰᠠᠯᠠᠭᠠᠨ ᠳᠠᠷᠤᠭ᠎ᠠ ᠬᠤᠸᠠᠩ ᠰᠦ᠋ ᠶᠢᠨ ᠫᠤᠤ ᠶᠢᠨ ᠰᠤᠮᠤᠨ ᠳᠤ ᠣᠨᠣᠭᠳᠠᠭᠰᠠᠨ ᠪᠤᠯᠪᠠᠴᠤ ᠮᠥᠨ ᠳᠠᠶᠢᠰᠤᠨ ᠲᠠᠢ ᠡᠷᠡᠯᠬᠡᠭᠯᠡᠨ ᠪᠠᠶᠢᠯᠳᠤᠵᠤ ᠪᠡᠶ᠎ᠡ ᠦᠷᠡᠭᠳᠡᠪᠡ᠃ ᠳᠠᠶᠢᠰᠤᠨ ᠤ ᠳᠣᠪᠲᠤᠯᠤᠯᠲᠠ ᠰᠢᠷᠦᠭᠦᠰᠬᠦ ᠶᠢ ᠳᠠᠭᠠᠯᠳᠤᠨ ᠲᠦᠩᠯᠢᠶᠣᠣ ᠰᠢᠶᠠᠨ ᠤ ᠠᠮᠤᠷ ᠢ ᠬᠠᠮᠠᠭᠠᠯᠠᠬᠤ ᠶᠡᠷᠦᠩᠬᠡᠢ ᠠᠩᠭᠢ ᠶᠢᠨ ᠤᠯᠤᠰ ᠳᠦᠷᠦ ᠶᠢᠨ ᠭᠡᠰᠢᠭᠦᠨ ᠶᠠᠩ ᠳ᠋ᠧ ᠮᠢᠩ ᠳᠠᠶᠢᠨ ᠤ ᠪᠠᠶᠢᠳᠠᠯ ᠪᠠᠴᠢᠮ ᠪᠣᠯᠤᠭᠰᠠᠨ ᠢ ᠮᠡᠳᠡᠭᠡᠳ ᠳᠠᠷᠤᠢ ᠳᠤᠨᠢ ᠪᠦᠰᠡᠯᠡᠯᠲᠡ ᠶᠢ ᠰᠢᠪᠲᠤᠯᠤᠨ ᠳᠡᠭᠡᠷ᠎ᠡ ᠱᠠᠲᠤᠨ ᠳᠤ ᠮᠡᠳᠡᠭᠦᠯᠬᠦ ᠪᠠᠷ ᠰᠢᠭᠤᠳᠴᠠᠢ᠃ ᠲᠡᠭᠡᠭᠡᠳ ᠶᠠᠩ ᠳ᠋ᠧ ᠮᠢᠩ ᠬᠤᠯᠪᠣᠭᠠᠴᠢᠨ ᠢᠶᠠᠨ ᠳᠠᠭᠠᠭᠤᠯᠤᠨ ᠳᠠᠶᠢᠰᠤᠨ ᠤ ᠪᠦᠰᠡᠯᠡᠯᠲᠡ ᠠᠴᠠ ᠰᠢᠪᠲᠤᠯᠤᠨ ᠭᠠᠷᠴᠤ ᠵᠧᠩ ᠵᠢᠶᠠ ᠲᠦᠨ ᠤ ᠯᠢᠶᠣᠤ ᠶᠤᠸᠠᠨ ᠤ ᠲᠤᠰᠬᠠᠢ ᠲᠤᠰᠢᠶᠠᠯᠲᠠᠨ ᠤ ᠵᠠᠬᠢᠷᠭ᠎ᠠ ᠳᠤ ᠬᠦᠷᠴᠦ ᠮᠡᠳᠡᠭᠦᠯᠵᠡᠢ᠃ ᠰᠢᠦᠢ ᠶᠦᠩ ᠴᠢᠩ ᠵᠠᠰᠠᠭ ᠤᠨ ᠣᠷᠳᠣᠨ ᠤ ᠲᠣᠮᠣ ᠠᠰᠠᠷ ᠲᠤ ᠪᠠᠶᠢᠭ᠎ᠠ ᠳᠠᠶᠢᠴᠢᠨ ᠨᠥᠬᠦᠳ ᠲᠠᠢ ᠪᠠᠨ ᠳᠠᠶᠢᠰᠤᠨ ᠲᠠᠢ ᠠᠮᠢ ᠴᠦᠯᠡᠨ ᠪᠠᠶᠢᠯᠳᠤᠪᠠ᠃ ᠬᠤᠶᠠᠷ ᠴᠠᠭ ᠭᠠᠷᠤᠢ ᠶᠢᠨ ᠭᠠᠯᠯᠠᠯᠲᠠ ᠪᠠᠷ ᠰᠤᠮᠤ ᠨᠢ ᠪᠠᠷᠠᠭᠳᠠᠭᠰᠠᠨ ᠰᠢᠦᠢ ᠶᠦᠩ ᠴᠢᠩ ᠬᠠᠮᠠᠭᠠᠯᠠᠭᠴᠢ ᠪᠠᠨ ᠳᠠᠭᠠᠭᠤᠯᠤᠨ ᠰᠢᠶᠠᠨ ᠤ ᠵᠠᠰᠠᠭ ᠤᠨ ᠣᠷᠳᠣᠨ ᠤ ᠲᠣᠮᠣ ᠠᠰᠠᠷ ᠠᠴᠠ ᠤᠬᠤᠷᠢᠨ ᠭᠠᠷᠪᠠ᠃ ᠳᠡᠳᠡ ᠲᠦᠩᠯᠢᠶᠣᠣ ᠰᠢᠶᠠᠨ ᠤ ᠵᠡᠭᠦᠨ ᠡᠮᠦᠨ᠎ᠡ ᠪᠠᠶᠢᠭ᠎ᠠ ᠨᠢᠭᠡᠨ ᠨᠤᠲᠤᠭ ᠤᠨ ᠠᠷᠠᠳ ᠤᠨ ᠭᠡᠷ ᠲᠤ ᠣᠴᠢᠵᠤ ᠪᠡᠶ᠎ᠡ ᠳᠠᠯᠳᠠᠯᠠᠵᠠᠢ᠃ ᠳᠠᠷᠠᠭ᠎ᠠ ᠡᠳᠦᠷ ᠤᠨ ᠬᠢᠨᠢ ᠥᠷᠯᠥᠭᠡ᠂ ᠴᠢᠮᠡᠭᠡ ᠰᠤᠷᠠᠭᠯᠠᠬᠤ ᠪᠠᠷ ᠶᠠᠪᠤᠭᠰᠠᠨ ᠬᠠᠮᠠᠭᠠᠯᠠᠭᠴᠢ ᠨᠢ ᠳᠡᠭᠡᠷᠡᠮ ᠳᠤ ᠪᠠᠷᠢᠭᠳᠠᠵᠤ᠂ ᠰᠢᠦᠢ ᠶᠦᠩ ᠴᠢᠩ ᠴᠤ ᠵᠣᠯ ᠪᠤᠰᠤ ᠪᠠᠷ ᠪᠠᠷᠢᠪᠴᠢᠯᠠᠭᠳᠠᠪᠠ᠃ ᠡᠨᠡ ᠤᠳᠠᠭ᠎ᠠ ᠶᠢᠨ ᠪᠠᠶᠢᠯᠳᠤᠭᠠᠨ ᠤ ᠳᠤᠮᠳᠠ ᠨᠡᠶᠢᠳᠡ 28 ᠨᠥᠬᠦᠷ ᠪᠠᠷᠢᠪᠴᠢᠯᠠᠭᠳᠠᠭᠰᠠᠨ ᠪᠠᠶᠢᠨ᠎ᠠ᠃ ᠰᠢᠦᠢ ᠶᠦᠩ ᠴᠢᠩ ᠪᠠᠷᠢᠪᠴᠢᠯᠠᠭᠳᠠᠭᠰᠠᠨ ᠤ ᠲᠠᠷᠠᠭ᠎ᠠ᠂ ᠳᠠᠶᠢᠰᠤᠨ ᠲᠡᠭᠦᠨ ᠢ ᠭᠠᠭᠴᠠ ᠬᠥᠮᠥᠨ ᠤ ᠭᠢᠨᠳᠠᠨ ᠳᠤ ᠬᠤᠷᠢᠬᠤ ᠶᠢᠨ ᠬᠠᠮᠲᠤ ᠱᠠᠯᠠᠪᠳᠠᠨ ᠰᠢᠭᠦᠵᠦ᠂ ᠥᠨᠳᠥᠷ ᠵᠡᠷᠭᠡ ᠦᠯᠡᠮᠵᠢ ᠹᠦᠩᠯᠦ ᠪᠠᠷ ᠲᠠᠲᠠᠪᠠ᠃ ᠳᠠᠶᠢᠰᠤᠨ ᠤ ᠡᠯᠳᠡᠪ ᠵᠦᠢᠯ ᠤᠨ ᠠᠷᠭ᠎ᠠ ᠪᠠᠰᠢᠷ ᠤᠨ ᠡᠮᠦᠨ᠎ᠡ᠂ ᠰᠢᠦᠢ ᠶᠦᠩ ᠴᠢᠩ ᠥᠴᠥᠬᠡᠨ ᠴᠦ ᠲᠠᠲᠠᠭᠠᠯᠵᠠᠯ ᠦᠭᠡᠢ ᠪᠠᠷ ᠦᠬᠦᠪᠡᠴᠦ ᠪᠠᠭᠤᠵᠤ ᠥᠭᠬᠦ ᠦᠭᠡᠢ ᠬᠡᠮᠡᠵᠦ᠂ ᠳᠠᠶᠢᠰᠤᠨ ᠤ ᠶᠠᠯᠠᠲᠤ ᠠᠵᠢᠯᠯᠠᠭ᠎ᠠ ᠶᠢ ᠴᠢᠩᠭ᠎ᠠ ᠪᠤᠷᠤᠭᠤᠰᠢᠶᠠᠪᠠ᠃ ᠳᠠᠶᠢᠰᠤᠨ ᠰᠢᠦᠢ ᠶᠦᠩ ᠴᠢᠩ ᠳᠤ ᠵᠥᠭᠡᠯᠡᠨ ᠢᠶᠠᠷ ᠬᠠᠨᠳᠤᠵᠤ ᠪᠤᠯᠬᠤ ᠦᠭᠡᠢ ᠶᠢ ᠮᠡᠳᠡᠭᠡᠳ ᠬᠦᠨᠳᠦ ᠡᠷᠡᠭᠦᠦ ᠲᠤᠯᠭᠠᠵᠤ ᠲᠡᠭᠦᠨ ᠢ ᠲᠠᠷᠴᠢᠯᠠᠭᠠᠭᠰᠠᠨ ᠪᠠᠶᠢᠨ᠎ᠠ᠃ ᠬᠦᠨᠳᠦ ᠲᠠᠮᠤᠯᠠᠯ ᠤᠨ ᠡᠮᠦᠨ᠎ᠡ᠂ ᠰᠢᠦᠢ ᠶᠦᠩ ᠴᠢᠩ ᠡᠪ ᠬᠠᠮᠲᠤ ᠨᠠᠮ ᠤᠨ ᠭᠡᠰᠢᠭᠦᠨ ᠤ ᠦᠬᠦᠬᠦ ᠠᠴᠠ ᠠᠶᠤᠬᠤ ᠦᠭᠡᠢ ᠡᠷᠡᠯᠬᠡᠭ ᠪᠠᠭᠠᠲᠤᠷᠯᠢᠭ ᠵᠣᠷᠢᠭ ᠰᠠᠨᠠᠭ᠎ᠠ ᠶᠢ ᠭᠦᠢᠴᠡᠳ ᠢᠯᠡᠷᠡᠭᠦᠯᠦᠭᠰᠡᠨ ᠪᠠᠶᠢᠨ᠎ᠠ᠃      ᠰᠢᠦᠢ ᠶᠦᠩ ᠴᠢᠩ ᠥᠪᠡᠷᠲᠡᠭᠡᠨ ᠲᠠᠮᠤᠯᠠᠭᠳᠠᠨ ᠲᠠᠷᠴᠢᠯᠠᠭᠠᠭᠳᠠᠵᠤ ᠪᠠᠶᠢᠭᠰᠠᠨ ᠴᠣ᠋ ᠳᠠᠶᠢᠴᠢᠨ ᠨᠥᠬᠦᠳ ᠤᠨ ᠢᠶᠠᠨ ᠠᠮᠤᠷ ᠲᠦᠪᠰᠢᠨ ᠢ ᠴᠠᠭ ᠢᠮᠠᠭᠲᠠ ᠬᠠᠯᠠᠮᠵᠢᠯᠠᠵᠤ ᠪᠠᠶᠢᠯ᠎ᠠ᠃ ᠨᠡᠩ ᠴᠤ ᠵᠠᠷᠢᠮ ᠳᠠᠶᠢᠴᠢᠨ ᠨᠥᠬᠦᠳ ᠤᠨ ᠢᠶᠠᠨ ᠲᠤᠷᠰᠢᠯᠭ᠎ᠠ ᠮᠡᠬᠦᠰ᠂ ᠳᠠᠶᠢᠰᠤᠨ ᠤ ᠤᠷᠠᠨ ᠦᠭᠡᠨ ᠳᠤ ᠬᠠᠭᠤᠷᠲᠠᠭᠳᠠᠵᠤ᠂ ᠬᠦᠨᠳᠦ ᠡᠷᠡᠭᠦᠦ ᠳᠤ ᠬᠤᠪᠢᠰᠬᠠᠯᠲᠤ ᠵᠣᠷᠢᠭ ᠢᠶᠠᠨ ᠠᠯᠳᠠᠬᠤ ᠠᠴᠠ ᠶᠡᠬᠡᠳᠡ ᠰᠠᠨᠠᠭᠠᠰᠢᠷᠠᠵᠤ ᠪᠠᠶᠢᠪᠠ᠃ ᠵᠣᠪᠠᠯ ᠵᠦᠳᠡᠭᠦᠷᠢ ᠪᠠᠨ ᠬᠠᠮᠲᠤᠳᠬᠠᠭᠰᠠᠨ ᠳᠠᠶᠢᠴᠢᠨ ᠨᠥᠬᠦᠳ ᠲᠠᠢ ᠪᠠᠨ ᠬᠠᠷᠢᠯᠴᠠᠵᠤ᠂ ᠳᠡᠳᠡᠨ ᠤ ᠢᠲᠡᠭᠡᠯ ᠵᠣᠷᠢᠭ ᠢ ᠨᠢ ᠪᠠᠲᠤᠳᠬᠠᠨ᠂ ᠭᠢᠨᠳᠠᠨ ᠳᠠᠬᠢ ᠲᠡᠮᠡᠴᠡᠯ ᠢᠶᠠᠨ ᠥᠷᠨᠢᠭᠦᠯᠬᠦ ᠶᠢᠨ ᠲᠥᠯᠥᠭᠡ᠂ ᠲᠡᠷᠡ ᠠᠷᠭ᠎ᠠ ᠰᠦᠪᠡᠭᠴᠢᠯᠡᠨ ᠨᠥᠬᠦᠳ ᠲᠡᠭᠡᠨ ᠮᠡᠳᠡᠭᠡ ᠵᠠᠩᠭᠢ ᠳᠠᠮᠵᠢᠭᠤᠯᠵᠤ ᠪᠠᠶᠢᠪᠠ᠃ ᠲᠤᠬᠠᠢ ᠶᠢᠨ ᠦᠶ᠎ᠡ ᠳᠤ ᠱᠣᠷᠣᠩ ᠳᠤ ᠪᠢᠷ ᠴᠠᠭᠠᠰᠤ ᠦᠭᠡᠢ ᠪᠠᠶᠢᠯ᠎ᠠ᠃ ᠰᠢᠦᠢ ᠶᠦᠩ ᠴᠢᠩ ᠡᠮᠦᠰᠴᠦ ᠪᠠᠶᠢᠭ᠎ᠠ ᠴᠠᠭᠠᠨ ᠴᠠᠮᠴᠠ ᠶᠢᠨ ᠵᠠᠬ᠎ᠠ ᠪᠠᠨ ᠤᠷᠠᠵᠤ᠂ ᠬᠤᠷᠤᠭᠤᠨ ᠤ ᠴᠢᠰᠤ ᠪᠠᠷ ᠢᠶᠠᠨ᠄ ︽ᠤᠯᠠᠨ ᠢᠶᠠᠷ ᠢᠶᠠᠨ ᠦᠯᠦ ᠮᠡᠳᠡᠪᠡᠰᠤ ᠶᠠᠯ᠎ᠠ ᠦᠭᠡᠢ᠂ ᠪᠦᠭᠦᠨ ᠢ ᠶᠦᠡᠭ ᠴᠢᠩ ᠮᠡᠳᠡᠨ᠎ᠡ︾ ᠭᠡᠵᠦ ᠪᠢᠴᠢᠭᠰᠡᠨ ᠪᠠᠶᠢᠳᠠᠭ᠃ ᠰᠢᠦᠢ ᠶᠦᠩ ᠴᠢᠩ ᠦᠬᠦᠵᠦ ᠰᠡᠭᠡᠭᠦ ᠶᠢᠨ ᠵᠠᠩᠭᠢᠯᠠᠭ᠎ᠠ ᠶᠢᠨ ᠦᠶ᠎ᠡ ᠳᠤ ᠴᠣ᠋ ᠥᠪᠡᠷ ᠤᠨ ᠠᠮᠢ  ᠪᠠᠷ ᠢᠶᠠᠨ ᠨᠥᠬᠦᠳ ᠢᠶᠠᠨ ᠠᠪᠤᠷᠠᠬᠤ ᠶᠢ ᠵᠣᠷᠢᠵᠤ ᠪᠠᠶᠢᠪᠠ᠃ ᠡᠨᠡ ᠬᠦ ᠠᠭᠤᠤ ᠶᠡᠭᠡ ᠡᠷᠬᠢᠮ ᠳᠡᠭᠡᠳᠦ ᠥᠪᠡᠷ ᠢ ᠪᠠᠨ ᠦᠷᠡᠭᠳᠡᠭᠦᠯᠬᠦ ᠵᠣᠷᠢᠭ ᠰᠠᠨᠠᠭ᠎ᠠ ᠨᠢ ᠡᠪ ᠬᠠᠮᠲᠤᠴᠤᠳ ᠤᠨ ᠦᠬᠦᠬᠦ ᠠᠴᠠ ᠠᠶᠤᠬᠤ ᠦᠭᠡᠢ ᠬᠤᠪᠢᠰᠬᠠᠯᠲᠤ ᠵᠣᠷᠢᠭ ᠰᠠᠨᠠᠭ᠎ᠠ ᠶᠢ ᠲᠠᠭᠢᠨ ᠨᠢᠭᠡ ᠤᠳᠠᠭ᠎ᠠ ᠢᠯᠡᠷᠡᠭᠦᠯᠦᠭᠰᠡᠨ ᠪᠠᠶᠢᠨ᠎ᠠ᠃ ᠴᠢᠰᠤᠨ ᠪᠢᠴᠢᠭᠡᠰᠦ  ᠪᠠᠨ ᠬᠡᠷᠬᠢᠨ ᠳᠠᠶᠢᠴᠢᠨ ᠨᠥᠬᠦᠳ ᠲᠡᠭᠡᠨ ᠬᠦᠷᠭᠡᠬᠦ ᠪᠤᠢ︖ ᠲᠡᠷᠡ ᠮᠠᠰᠢ ᠣᠯᠠᠨ ᠠᠷᠭ᠎ᠠ ᠪᠤᠳᠣᠬᠰᠠᠨ ᠪᠤᠯᠪᠠᠴᠤ ᠶᠡᠷᠦ ᠪᠡᠶᠡᠯᠡᠭᠳᠡᠵᠦ ᠳᠡᠶᠢᠯᠦᠭᠰᠡᠨ ᠦᠭᠡᠢ᠃ ᠨᠢᠭᠡᠨ ᠡᠳᠦᠷ ᠲᠣᠭᠤᠭᠠᠴᠢ ᠬᠤᠭᠤᠯᠠ ᠬᠦᠷᠭᠡᠬᠦ ᠪᠠᠷ ᠢᠷᠡᠬᠦ ᠳᠤ ᠰᠢᠦᠢ ᠶᠦᠩ ᠴᠢᠩ ᠲᠡᠭᠦᠨ ᠲᠠᠢ ᠵᠣᠷᠢᠭᠤᠳᠠ ᠤᠶᠢᠷᠠᠳᠴᠤ᠂ ᠠᠯᠢ ᠤᠯᠠᠨ ᠬᠤᠪᠢᠰᠬᠠᠯ ᠤᠨ ᠶᠣᠰᠣ ᠤᠴᠢᠷ ᠢ ᠶᠠᠷᠢᠵᠤ ᠥᠭᠭᠦᠭᠰᠡᠨ ᠪᠠᠶᠢᠨ᠎ᠠ᠃ ᠰᠢᠦᠢ ᠶᠦᠩ ᠴᠢᠩ ᠤᠨ ᠨᠤᠭᠤᠷᠠᠰᠢ ᠦᠭᠡᠢ ᠰᠠᠶᠢᠨ ᠡᠷ᠎ᠡ ᠶᠢ ᠪᠢᠰᠢᠷᠡᠨ ᠬᠦᠨᠳᠦᠳᠬᠡᠭᠰᠡᠨ ᠲᠣᠭᠤᠭᠠᠴᠢ᠄ ︽ᠶᠠᠮᠠᠷ ᠤᠴᠢᠷ ᠲᠠᠢ ᠪᠣᠯ ᠪᠢ ᠶᠣᠰᠣᠴᠢᠯᠠᠨ ᠭᠦᠢᠴᠡᠳᠬᠡᠵᠦ ᠦᠭᠭᠦᠶ᠎ᠡ︾ ᠭᠡᠪᠡ᠃ ᠰᠢᠦᠢ ᠶᠦᠩ ᠴᠢᠩ ᠲᠡᠷᠡ ᠳᠠᠷᠤᠢ ᠳᠤᠨᠢ ᠴᠢᠰᠤᠨ ᠪᠢᠴᠢᠭᠡᠰᠦ ᠪᠠᠨ ᠲᠣᠭᠤᠭᠠᠴᠢ ᠳᠤ ᠥᠭᠴᠦ᠂ ᠪᠤᠰᠤᠳ ᠳᠠᠶᠢᠴᠢᠨ ᠨᠥᠬᠦᠳ ᠲᠤ ᠳᠠᠮᠵᠢᠭᠤᠯᠬᠤ ᠪᠠᠷ ᠨᠠᠶᠢᠳᠠᠪᠠ᠃ ᠳᠠᠶᠢᠴᠢᠨ ᠨᠥᠬᠦᠳ ᠨᠢ ᠴᠢᠰᠤᠨ ᠪᠢᠴᠢᠭᠡᠰᠦ ᠶᠢ ᠦᠵᠡᠭᠡᠳ ᠬᠤᠪᠢᠰᠬᠠᠯ ᠳᠤ ᠨᠡᠩ ᠢᠲᠡᠭᠡᠯ ᠲᠠᠢ ᠪᠣᠯᠤᠭᠰᠠᠨ ᠪᠠᠶᠢᠨ᠎ᠠ᠃      1945 ᠣᠨ ᠤ 12 ᠰᠠᠷ᠎ᠠ ᠶᠢᠨ 17 ᠤ ᠡᠳᠦᠷ᠂ ᠵᠢᠯ ᠤᠨ ᠡᠴᠦᠰ ᠪᠣᠯᠴᠢᠬᠠᠭᠰᠠᠨ ᠪᠠᠶᠢᠲᠠᠯ᠎ᠠ ᠰᠢᠶᠠᠨ ᠤ ᠬᠤᠳᠠ ᠳᠤ ᠰᠢᠨᠡᠯᠡᠬᠦ ᠠᠭᠤᠷ ᠠᠮᠢᠰᠬᠤᠯ ᠵᠢᠭᠠᠬᠠᠨ ᠴᠤ ᠦᠭᠡᠢ ᠪᠠᠶᠢᠯ᠎ᠠ᠃ ᠰᠠᠭᠤᠭᠠᠯᠢ ᠠᠷᠠᠳ ᠤᠳ᠄ ︽ᠥᠨᠥᠳᠥᠷ ᠬᠤᠪᠢᠰᠬᠠᠯᠴᠢᠳ ᠢ ᠫᠤᠤᠳᠠᠨ ᠠᠯᠠᠬᠤ ᠪᠠᠷ ᠪᠤᠢ᠃ ᠳᠡᠭᠡᠷᠡᠮ ᠤᠳ ᠰᠢᠦᠢ ᠶᠦᠩ ᠴᠢᠩ ᠨᠠᠷ ᠢ ︿ᠰᠢᠭᠦᠬᠦ﹀  ᠭᠡᠵᠦ ᠪᠠᠶᠢᠨ᠎ᠠ︾ ᠭᠡᠵᠦ ᠰᠡᠮᠡᠭᠡᠷ ᠶᠠᠷᠢᠯᠴᠠᠨ᠎ᠠ᠃ ᠳᠡᠭᠡᠷᠡᠮ ᠤᠳ ᠰᠢᠦᠢ ᠶᠦᠩ ᠴᠢᠩ ᠢ ᠰᠢᠭᠦᠵᠦ ᠡᠬᠢᠯᠡᠪᠡ᠃ ᠰᠢᠦᠢ ᠶᠦᠩ ᠴᠢᠩ ᠴᠡᠭᠡᠵᠢ ᠲᠡᠨᠢᠢᠨ ᠲᠣᠯᠣᠭᠠᠢ ᠪᠥᠬᠦᠶᠢᠯ ᠦᠭᠡᠢ ᠪᠠᠷ᠄ ︽ᠮᠠᠨ ᠤ ᠡᠪ ᠬᠠᠮᠲᠤ ᠨᠠᠮ ᠤᠨ ᠭᠡᠰᠢᠭᠦᠳ ᠬᠤᠯᠠᠭᠠᠶᠢᠯᠠᠬᠤ ᠦᠭᠡᠢ᠂ ᠪᠤᠯᠢᠶᠠᠬᠤ ᠦᠭᠡᠢ᠂ ᠠᠷᠠᠳ ᠤᠯᠠᠨ ᠢ ᠵᠣᠪᠠᠭᠠᠬᠤ ᠦᠭᠡᠢ᠂ ᠠᠮᠢ ᠪᠡᠶ᠎ᠡ ᠪᠠᠨ ᠪᠤᠳᠣᠬᠤ ᠦᠭᠡᠢ᠂ ᠨᠢᠭᠡ ᠯᠡ ᠰᠡᠳᠬᠢᠯ ᠢᠶᠠᠷ ᠶᠠᠳᠠᠭᠤ ᠵᠦᠳᠡᠭᠦᠦ ᠬᠥᠳᠡᠯᠮᠦᠷᠢᠴᠢᠨ ᠲᠦᠮᠡᠨ ᠢ ᠠᠪᠤᠷᠠᠵᠤ᠂ ᠠᠷᠠᠳ ᠲᠦᠮᠡᠨ ᠤ ᠴᠢᠯᠦᠭᠡᠯᠡᠯᠲᠡ ᠶᠢᠨ ᠦᠢᠯᠡᠰ ᠤᠨ ᠲᠥᠯᠥᠭᠡ ᠠᠮᠢ ᠪᠡᠶ᠎ᠡ ᠪᠠᠨ ᠦᠷᠡᠭᠳᠡᠭᠦᠯᠬᠦ ᠠᠴᠠ ᠪᠤᠴᠠᠬᠤ ᠦᠭᠡᠢ᠃ ᠪᠢᠳᠡ ᠶᠠᠮᠠᠷ ᠶᠠᠯ᠎ᠠ ᠲᠠᠢ ᠪᠤᠢ︖ ᠭᠡᠲᠡᠯ᠎ᠡ ᠳᠠᠨᠤᠰ ᠮᠡᠲᠦ ᠢᠴᠢᠭᠦᠷᠢ ᠰᠣᠨᠵᠢᠭᠤᠷᠢ ᠦᠭᠡᠢ ᠲᠡᠷᠰᠯᠡᠭᠦᠴᠦᠳ᠂ ᠤᠯᠤᠰ ᠢᠶᠠᠨ ᠬᠤᠳᠠᠯᠳᠤᠵᠤ ᠨᠡᠷ᠎ᠡ ᠠᠰᠢᠭ ᠢ ᠬᠥᠭᠡᠭᠡᠴᠡᠯᠳᠦᠨ᠂ ᠠᠷᠠᠳ ᠢ ᠳᠠᠷᠤᠯᠠᠨ᠂ ᠲᠦᠷᠦ ᠶᠢ ᠲᠦᠢᠪᠡᠭᠡᠵᠦ ᠲᠦᠮᠡᠨ ᠢ ᠭᠠᠰᠠᠯᠭᠠᠵᠤ ᠪᠠᠶᠢᠨ᠎ᠠ᠃ ᠠᠷᠠᠳ ᠲᠦᠮᠡᠨ ᠡᠷᠲᠡ  ᠣᠷᠣᠢ  ᠦᠭᠡᠢ  ᠳᠠᠨᠤᠰ  ᠢ  ᠰᠢᠭᠦᠬᠦ ᠶᠤᠮ︾ ᠭᠡᠵᠦ ᠳᠡᠭᠡᠷᠡᠮ ᠤᠳ ᠢ ᠶᠡᠬᠡᠳᠡ ᠭᠢᠯᠢᠩᠨᠡᠨ ᠪᠤᠷᠤᠭᠤᠰᠢᠶᠠᠭᠰᠠᠨ ᠪᠠᠶᠢᠨ᠎ᠠ᠃ ᠡᠭᠦᠨ ᠳᠤ ᠳᠡᠭᠡᠷᠡᠮ ᠤᠳ ᠰᠢᠦᠢ ᠶᠦᠡᠭ ᠴᠢᠩ ᠢ ᠳᠠᠷᠤᠶᠢᠬᠠᠨ ᠰᠢᠭᠦᠬᠦ ᠲᠢᠩᠬᠢᠮ ᠠᠴᠠ ᠪᠠᠭᠤᠯᠭᠠᠪᠠ᠃      ᠳᠡᠭᠡᠷᠡᠮ ᠤᠳ ᠰᠢᠦᠢ ᠶᠦᠡᠭ ᠴᠢᠩ ᠨᠠᠷ ᠢ ᠴᠠᠭᠠᠵᠠ ᠶᠢᠨ ᠳᠠᠯᠠᠪᠠᠢ ᠳᠤ ᠠᠪᠠᠴᠢᠪᠠ᠃ ᠳᠠᠶᠢᠰᠤᠨ ᠤ ᠡᠮᠦᠨ᠎ᠡ ᠠᠴᠠ ᠥᠴᠥᠬᠡᠨ ᠴᠦ ᠰᠦᠷᠳᠡᠭᠰᠡᠨ ᠦᠭᠡᠢ ᠰᠢᠦᠢ ᠶᠦᠡᠭ ᠴᠢᠩ ᠳᠠᠶᠢᠴᠢᠨ ᠬᠠᠨᠢ ᠳᠠᠭᠠᠨ᠄ ︽ᠨᠥᠬᠦᠳ ᠠ᠋︕ ᠳᠠᠶᠢᠰᠤᠨ ᠪᠢᠳᠡᠨ ᠢ ᠠᠯᠠᠬᠤ ᠭᠡᠵᠦ ᠪᠠᠶᠢᠨ᠎ᠠ᠂ ᠪᠢᠲᠡᠭᠡᠢ ᠠᠶᠤ᠂ ᠬᠤᠪᠢᠰᠬᠠᠯ ᠤᠨ ᠲᠥᠯᠥᠭᠡ ᠦᠬᠦᠬᠦ ᠨᠢ ᠢᠷᠠᠭᠤ ᠠᠯᠳᠠᠷ ᠲᠠᠢ︕ ᠳᠡᠭᠡᠷᠡᠮ ᠤᠳ ᠪᠠᠰᠠ ᠬᠡᠳᠦᠨ ᠡᠳᠦᠷ ᠭᠠᠯᠵᠠᠭᠤᠷᠠᠵᠤ ᠳᠡᠶᠢᠯᠤᠨ᠎ᠡ ᠳ᠋ᠠ︕ ᠮᠥᠬᠦᠯ ᠤᠨ ᠡᠳᠦᠷ ᠨᠢ ᠤᠳᠠᠯ ᠦᠭᠡᠢ ᠬᠦᠷᠴᠦ ᠢᠷᠡᠬᠦ ᠪᠠᠷ ᠪᠠᠶᠢᠨ᠎ᠠ︕︾ ᠭᠡᠪᠡ᠃      ᠰᠢᠦᠢ ᠶᠦᠩ ᠴᠢᠩ ᠪᠣᠯᠣᠨ ᠪᠤᠰᠤᠳ 27 ᠳᠠᠶᠢᠴᠢᠨ ᠬᠠᠨᠢ ᠲᠠᠢ ᠪᠠᠨ ᠡᠷᠡᠯᠬᠡᠭ ᠪᠠᠭᠠᠲᠤᠷᠯᠢᠭ ᠢᠶᠠᠷ ᠪᠡᠶ᠎ᠡ ᠦᠷᠡᠭᠳᠡᠪᠡ᠃ ᠨᠢᠭᠡ ᠰᠠᠷ᠎ᠠ ᠶᠢᠨ ᠲᠠᠷᠠᠭ᠎ᠠ᠂ ᠰᠢᠨ᠎ᠡ ᠳᠥᠷᠪᠡᠳᠦᠭᠡᠷ ᠠᠷᠮᠢ ᠶᠢᠨ ᠭᠤᠷᠪᠠᠳᠤᠭᠠᠷ ᠳ᠋ᠢᠸᠢᠽᠢ ᠲᠦᠩᠯᠢᠶᠣᠣ ᠰᠢᠶᠠᠨ ᠤ ᠬᠤᠳᠠ ᠳᠤ ᠴᠣᠬᠢᠨ ᠣᠷᠣᠵᠤ᠂ ᠭᠤᠮᠢᠨᠳᠠᠩ ᠤᠨ ᠯᠢᠶᠣᠤᠨᠢᠩ ᠤᠨ ᠬᠤᠰᠢᠭᠤᠴᠢ ᠴᠡᠷᠢᠭ ᠤᠨ ᠳᠣᠯᠣᠳᠤᠭᠠᠷ ᠳ᠋ᠢᠸᠢᠽᠢ ᠶᠢ ᠨᠢᠭᠡ ᠯᠡ ᠳᠡᠭᠡᠷ᠎ᠡ ᠰᠥᠨᠥᠭᠡᠵᠦ᠂ ᠲᠦᠩᠯᠢᠶᠣᠣ ᠬᠤᠳᠠ ᠶᠢ ᠴᠢᠯᠦᠭᠡᠯᠡᠭᠰᠡᠨ ᠪᠠᠶᠢᠨ᠎ᠠ᠃ ᠰᠢᠦᠢ ᠶᠦᠩ ᠴᠢᠩ ᠮᠡᠲᠦ ᠶᠢᠨ ᠬᠤᠪᠢᠰᠬᠠᠯᠲᠤ ᠪᠠᠭᠠᠲᠤᠷᠴᠤᠳ ᠢ ᠬᠤᠣᠷᠯᠠᠭᠰᠠᠨ ᠶᠠᠷᠭᠠᠴᠢᠳ ᠡᠴᠦᠰ ᠲᠡᠭᠡᠨ ᠠᠷᠠᠳ ᠲᠦᠮᠡᠨ ᠤ ᠰᠢᠭᠦᠯᠲᠡ ᠶᠢ ᠬᠦᠯᠢᠶᠡᠪᠡ᠃ ᠲᠦᠩᠯᠢᠶᠣᠣ ᠶᠢᠨ ᠠᠷᠠᠳ ᠲᠦᠮᠡᠨ ᠬᠤᠪᠢᠰᠬᠠᠯᠲᠤ ᠦᠷᠡᠭᠳᠡᠭᠰᠡᠨ ᠪᠠᠭᠠᠲᠤᠷᠴᠤᠳ ᠢᠶᠠᠨ ᠳᠤᠷᠠᠰᠬᠠᠬᠤ ᠶᠢᠨ ᠲᠥᠯᠥᠭᠡ᠂ ᠦᠵᠡᠰᠬᠦᠯᠡᠩᠲᠦ ᠰᠠᠶᠢᠬᠠᠨ ᠪᠠᠷᠠᠭᠤᠨ ᠯᠢᠶᠣᠤ ᠾᠧ ᠭᠤᠣᠯ ᠤᠨ ᠬᠥᠪᠡᠭᠡᠨ ᠳᠤ ᠬᠥᠰᠢᠶ᠎ᠡ ᠪᠣᠰᠬᠠᠨ ᠰᠢᠦᠢ ᠶᠦᠩ ᠴᠢᠩ ᠵᠡᠷᠭᠡ ᠦᠷᠡᠭᠳᠡᠭᠰᠡᠨ ᠪᠠᠭᠠᠲᠤᠷᠴᠤᠳ ᠤᠨ ᠤᠩᠭᠤᠨ ᠢ ᠪᠠᠶᠢᠭᠤᠯᠵᠠᠢ᠃      2003 ᠣᠨ ᠤ 9 ᠰᠠᠷ᠎ᠠ ᠳᠤ ᠲᠤᠬᠠᠢ ᠶᠢᠨ ᠭᠠᠵᠠᠷ ᠤᠨ ᠵᠠᠰᠠᠭ ᠤᠨ ᠣᠷᠳᠣᠨ ᠠᠴᠠ ︽ᠦᠷᠡᠭᠳᠡᠭᠰᠡᠨ ᠪᠠᠭᠠᠲᠤᠷ ᠰᠢᠦᠢ ᠶᠦᠩ ᠴᠢᠩ ᠤᠨ ᠳᠤᠷᠠᠰᠬᠠᠯ ᠤᠨ ᠣᠷᠳᠣᠨ︾ ᠢ ᠪᠠᠶᠢᠭᠤᠯᠪᠠ᠃ ᠳᠤᠰ ᠣᠷᠳᠣᠨ ᠨᠢ ᠲᠦᠩᠯᠢᠶᠣᠣ ᠬᠤᠳᠠ ᠶᠢᠨ ᠬᠤᠷᠴᠢᠨ ᠲᠣᠭᠤᠷᠢᠭ ᠤᠨ ᠶᠦᠩ ᠴᠢᠩ ᠵᠡᠭᠡᠯᠢ ᠭᠤᠳᠤᠮᠵᠢ ᠶᠢᠨ ᠬᠡᠷᠡᠭ ᠡᠷᠭᠢᠯᠡᠭᠦ ᠭᠠᠵᠠᠷ ᠤᠨ 4 ᠳ᠋ᠦ᠋ᠭᠡᠷ ᠳᠠᠪᠬᠤᠷᠯᠢᠭ ᠲᠤ ᠪᠠᠶᠢᠷᠢᠯᠠᠵᠤ᠂ ᠶᠡᠷᠦᠩᠬᠡᠢ ᠳᠠᠯᠠᠪᠠᠢ ᠨᠢ 200 ᠲᠡᠭᠰᠢ ᠳᠥᠷᠪᠡᠯᠵᠢᠨ ᠮᠧᠲᠷ ᠪᠠᠶᠢᠨ᠎ᠠ᠃ ᠳᠤᠷᠠᠰᠬᠠᠯ ᠤᠨ ᠣᠷᠳᠣᠨ ᠨᠢ ᠰᠡᠶᠢᠯᠦᠮᠡᠯ᠂ ᠭᠡᠷᠡᠯ ᠵᠢᠷᠤᠭ ᠪᠠ ᠲᠡᠦᠬᠡᠨ ᠳᠤᠷᠠᠰᠬᠠᠯᠲᠤ ᠵᠦᠢᠯᠡᠰ ᠢᠶᠠᠷ ᠦᠷᠡᠭᠳᠡᠭᠰᠡᠨ ᠪᠠᠭᠠᠲᠤᠷ ᠰᠢᠦᠢ ᠶᠦᠩ ᠴᠢᠩ ᠤᠨ ᠨᠢᠭᠡ ᠨᠠᠰᠤ ᠶᠢ ᠳᠡᠯᠭᠡᠨ ᠦᠵᠡᠭᠦᠯᠦᠭᠰᠡᠨ ᠪᠠᠶᠢᠨ᠎ᠠ᠃ ᠳᠤᠰ ᠣᠷᠳᠣᠨ ᠨᠢ ᠥᠪᠡᠷᠲᠡᠭᠡᠨ ᠵᠠᠰᠠᠬᠤ ᠣᠷᠣᠨ ᠤ ᠭᠤᠷᠪᠠᠳᠤᠭᠠᠷ ᠪᠦᠯᠦᠭ ᠤᠨ ᠡᠬᠡ ᠣᠷᠣᠨᠴᠢ ᠦᠵᠡᠯ ᠤᠨ ᠬᠥᠮᠦᠵᠢᠯ ᠤᠨ ᠰᠠᠭᠤᠷᠢᠨ ᠭᠠᠵᠠᠷ ᠢᠶᠠᠷ ᠦᠨᠡᠯᠡᠭᠳᠡᠪᠡ᠃
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ