ᠶᠡᠭᠡ ᠪᠠᠶᠢᠭᠠᠯᠢ ᠠᠴᠠ ᠢᠪᠡᠭᠡᠨ ᠱᠠᠩᠨᠠᠭᠰᠠᠨ ᠮᠥᠩᠬᠡ ᠶᠢᠨ ᠪᠡᠯᠡᠭ | ᠶᠡᠭᠡ ᠡᠷᠲᠡᠨ ᠤ ᠬᠢ ᠶᠢ ᠬᠤᠯᠪᠣᠭᠳᠠᠭᠤᠯᠳᠠᠭ | ᠳᠣᠮᠣᠭᠲᠤ ᠶᠢᠷᠲᠢᠨᠴᠦ | ᠶᠡᠭᠡ ᠣᠯᠠᠨ ᠠᠰᠠᠭᠤᠯᠳᠠ ᠰᠠᠴᠤᠷᠠᠭᠤᠯᠳᠠᠭ ᠨᠢᠭᠤᠴᠠ ᠲᠣᠪᠴᠢᠶᠠᠨ | ᠶᠡᠭᠡ ᠣᠯᠠᠨ ᠬᠥᠮᠥᠨ ᠵᠢᠭᠤᠯᠴᠢᠯᠠᠳᠠᠭ ᠭᠠᠶᠢᠬᠠᠮᠰᠢᠭᠲᠤ ᠣᠷᠣᠨ | | | ᠬᠥᠪᠡᠭᠡᠳᠡᠭᠡᠳ ᠳᠣᠲᠣᠭᠰᠢ ᠪᠠᠨ ᠠᠯᠭᠤᠷ ᠠᠯᠭᠤᠷᠬᠠᠨ ᠪᠠᠭᠤᠪᠠᠯ | ᠬᠥᠷᠥᠰᠥᠲᠦ ᠭᠠᠵᠠᠷ ᠴᠥᠮᠥᠷᠡᠭᠡᠳ ᠣᠷᠣᠭᠰᠠᠨ ᠰᠢᠭ᠋ ᠰᠠᠨᠠᠭᠳᠠᠨ᠎ᠠ | ᠢᠷᠤᠭᠠᠷ ᠲᠤᠨᠢ ᠲᠣᠯᠣᠭᠠᠳ | ᠤᠷᠮᠠᠰ ᠰᠡᠷᠭᠦᠭᠡᠨ ᠵᠤᠭᠠᠴᠠᠨ ᠰᠣᠨᠢᠷᠬᠠᠪᠠᠯ | ᠶᠧᠯᠸᠢᠳᠦ ᠬᠤᠷᠸ᠎ᠠ ᠭᠡᠨᠡᠳᠲᠡ ᠢᠯᠡᠷᠡᠭᠰᠡᠨ ᠰᠢᠭ ᠰᠠᠨᠠᠭᠳᠠᠨ᠎ᠠ | | | ᠣᠯᠠᠨ ᠲᠦᠷᠦᠯ ᠤᠨ ᠮᠣᠳᠣᠳ ᠨᠠᠮᠠᠭ᠎ᠠ ᠬᠤᠯᠪᠣᠨ ᠰᠡᠬᠦᠶᠢᠯᠴᠡᠭᠡᠳ | ᠡᠮᠦᠨᠡᠲᠦ ᠣᠷᠣᠨ ᠤ ᠦᠵᠡᠮᠵᠢ ᠶᠢ | ᠶᠠᠭᠠᠬᠢᠬᠤ ᠶᠢᠨ ᠠᠷᠭ᠎ᠠ ᠦᠭᠡᠢ ᠪᠤᠳᠣᠬᠳᠠᠭᠤᠯᠣᠨᠠ | ᠡᠯᠳᠡᠪ ᠵᠦᠢᠯ ᠤᠨ ᠰᠢᠪᠠᠭᠤᠳ | ᠥᠩᠭᠡ ᠵᠢᠰᠦ ᠭᠠᠶᠢᠬᠠᠭᠤᠯᠤᠨ ᠰᠦᠯᠵᠢᠯᠳᠦᠭᠡᠳ | ᠡᠩ ᠳᠡᠯᠡᠬᠡᠢ ᠶᠢᠨ ᠭᠠᠶᠢᠬᠠᠮᠰᠢᠭ ᠢ | ᠶᠠᠭᠠᠬᠢᠬᠤ ᠶᠢᠨ ᠠᠷᠭ᠎ᠠ ᠦᠭᠡᠢ ᠪᠢᠰᠢᠷᠡᠭᠦᠯᠦᠨ᠎ᠡ | | | ᠭᠤᠷᠪᠠ ᠶᠢᠰᠦᠨ ᠳᠤ ᠬᠥᠯᠳᠡᠰᠢ ᠦᠭᠡᠢ ᠭᠤᠣᠯ ᠭᠤᠷᠤᠬ᠎ᠠ ᠲᠠᠢ | ᠭᠤᠷᠪᠠᠨ ᠹᠦ᠋ ᠳᠤ ᠭᠤᠨᠢᠰᠢ ᠦᠭᠡᠢ ᠴᠡᠴᠡᠭ ᠬᠤᠸᠠᠷ ᠲᠠᠢ | ᠳᠡᠭᠡᠭᠰᠢ ᠪᠠᠨ ᠪᠠᠷᠠᠯᠠᠪᠠᠯ ᠲᠡᠭᠷᠢ ᠲᠣᠪ ᠳᠤᠭᠤᠢ | ᠳᠣᠷᠣᠭᠰᠢ ᠪᠠᠨ ᠱᠠᠭᠠᠶᠢᠪᠠᠯ ᠭᠠᠵᠠᠷ ᠲᠣᠪ ᠳᠤᠭᠤᠢ | | | ᠭᠠᠵᠠᠷ ᠠᠴᠠ ᠳᠡᠭᠡᠭᠰᠢ ᠭᠦᠳᠦᠶᠢᠨ ᠰᠦᠨᠳᠡᠷᠯᠡᠭᠰᠡᠨ | ᠲᠠᠶᠢᠱᠠᠨ ᠠᠭᠤᠯᠠ ᠰᠦᠷᠯᠢᠭ ᠠᠴᠠ ᠰᠦᠷᠯᠢᠭ ᠭᠡᠬᠦ ᠳᠤ | ᠭᠠᠵᠠᠷ ᠤᠷᠤᠭᠤ ᠭᠦᠨ ᠬᠤᠲᠣᠶᠢᠨ ᠴᠡᠯᠭᠡᠷᠡᠭᠰᠡᠨ | ᠴᠦᠩᠬᠦᠯ ᠤᠨ ᠭᠤᠣ ᠰᠢᠳᠢᠲᠡᠢ ᠠᠴᠠ ᠰᠢᠳᠢᠲᠡᠢ ᠯᠡ ᠪᠠᠶᠢᠨ᠎ᠠ | |