ᠨᠤᠲᠤᠭ ᠤᠨ ᠰᠢᠷ᠎ᠠ ᠵᠠᠮ
ᠨᠡᠶᠢᠲᠡᠯᠡᠭᠰᠡᠨ ᠴᠠᠭ᠄
2025/1/7
        ᠠᠷᠤ ᠬᠥᠲᠥᠯ ᠢᠶᠠᠷ ᠬᠡ ᠲᠠᠲᠠᠵᠤ᠂ ᠠᠮᠠᠭᠠᠶᠢᠳᠦ ᠶᠢᠨ ᠮᠠᠩᠬ᠎ᠠ ᠶᠢ ᠤᠭᠠᠯᠵᠠᠯᠠᠨ ᠣᠷᠢᠶᠠᠭᠰᠠᠨ ᠨᠤᠲᠤᠭ ᠤᠨ ᠮᠢᠨᠢ ᠰᠢᠷ᠎ᠠ ᠵᠠᠮ ᠠᠯᠤᠰ ᠤᠨ ᠠᠯᠤᠰ ᠲᠡᠭᠷᠢ  ᠶᠢᠨ ᠬᠠᠶᠠᠭ᠎ᠠ ᠶᠢ ᠵᠣᠷᠢᠭᠰᠠᠭᠠᠷ ᠰᠤᠨᠤᠯᠵᠠᠨ ᠣᠳᠣᠨᠠᠮ᠃ ᠠᠮᠢᠳᠤᠷᠠᠯ᠂ ᠳᠤᠷᠠᠰᠤᠮᠵᠢ᠂ ᠠᠮᠢ ᠨᠠᠰᠣᠨ ᠤ ᠮᠢᠨᠢ ᠨᠠᠨᠳᠢᠨ ᠪᠦᠭᠦᠨ ᠢ ᠠᠴᠢᠶᠠᠯᠠᠭᠰᠠᠨ ᠴᠠᠭ ᠬᠤᠭᠤᠴᠠᠭᠠᠨ ᠤ ᠬᠤᠷᠳᠤᠨ ᠲᠡᠷᠭᠡ ᠨᠦᠭᠦᠳ ᠨᠤᠲᠤᠭ ᠤᠨ ᠮᠢᠨᠢ ᠰᠢᠷ᠎ᠠ ᠵᠡᠮ ᠢᠶᠠᠷ ᠴᠤᠪᠤᠷᠠᠯᠳᠤᠨ ᠨᠠᠭᠠᠰᠢᠯᠠᠭᠰᠠᠭᠠᠷ ᠰᠡᠳᠬᠢᠯ ᠳᠤ ᠮᠢᠨᠢ ᠲᠣᠷᠣᠶᠢᠬᠤ ᠲᠣᠪᠤ ᠲᠣᠯᠣᠭᠠᠳ ᠪᠣᠯᠵᠤ ᠵᠡᠭᠦᠳᠦᠨ ᠶᠢᠷᠲᠢᠨᠴᠦ ᠶᠢ ᠭᠡᠭᠡᠯᠡᠨᠡᠮ᠃      ᠨᠤᠲᠤᠭ ᠤᠨ ᠮᠢᠨᠢ ᠰᠢᠷ᠎ᠠ ᠵᠠᠮ ᠠᠴᠠ ᠠᠯᠳᠠᠷᠠᠢ ᠨᠠᠰᠤ ᠮᠢᠨᠢ ᠬᠠᠷᠠᠭᠳᠠᠨ᠎ᠠ᠃ ᠠᠪᠤ ᠡᠵᠢ ᠮᠢᠨᠢ ᠲᠠᠷᠢᠶᠠᠨ ᠠᠵᠢᠯ ᠠᠴᠠ ᠪᠠᠨ ᠢᠷᠡᠬᠦ ᠪᠣᠯᠵᠤ ᠪᠠᠶᠢᠭ᠎ᠠ ᠪᠢᠵᠡ ᠭᠡᠵᠦ ᠪᠤᠳᠣᠬᠰᠠᠨ ᠢᠶᠠᠨ ᠪᠤᠷᠭᠠᠰᠤᠨ ᠮᠣᠷᠢᠨ ᠳᠠᠭᠠᠨ ᠲᠠᠰᠢᠭᠤᠷ ᠨᠡᠮᠡᠵᠦ᠂ ᠥᠨᠳᠥᠷ ᠮᠠᠩᠬᠠᠨ ᠤ ᠨᠣᠶᠠᠨ ᠣᠷᠣᠢ ᠳᠤ ᠪᠤᠲᠠᠷᠠᠭᠤᠯᠤᠨ ᠭᠠᠷᠤᠭᠠᠳ᠂ ᠨᠤᠲᠤᠭ ᠤᠨ ᠰᠢᠷ᠎ᠠ ᠵᠠᠮ ᠢ ᠴᠢᠯᠡᠲᠡᠯ᠎ᠡ ᠬᠠᠷᠠᠵᠤ ᠵᠣᠭᠰᠣᠳᠠᠭ ᠪᠠᠶᠢᠭᠰᠠᠨ ᠬᠡᠦᠬᠡᠳ ᠨᠠᠰᠤ ᠮᠢᠨᠢ ᠬᠡᠴᠢᠨᠡᠭᠡᠨ ᠬᠥᠭᠡᠷᠦᠬᠦᠨ ᠬᠡᠴᠢᠨᠡᠭᠡᠨ ᠲᠣᠷᠠᠰᠣᠮᠵᠢᠳᠠᠢ ᠠᠵᠢ᠃ ᠠᠮᠤ ᠲᠠᠷᠢᠶ᠎ᠠ ᠲᠦᠩᠬᠦᠶᠢᠲᠡᠯ᠎ᠡ ᠠᠴᠢᠭᠰᠠᠨ ᠦᠬᠡᠷ ᠲᠡᠷᠭᠡ ᠠᠷᠤ ᠬᠥᠲᠥᠯ ᠢᠶᠠᠷ ᠲᠣᠪᠴᠢᠨ ᠴᠢᠨᠡᠭᠡ ᠬᠠᠷᠠᠭᠳᠠᠵᠤ ᠪᠠᠶᠢᠭᠰᠠᠨ ᠢᠶᠠᠨ ᠲᠣᠮᠣᠷᠠᠨ ᠲᠣᠮᠣᠷᠠᠭᠰᠠᠭᠠᠷ ᠠᠯᠠᠭ ᠦᠬᠡᠷ᠂ ᠠᠪᠤ ᠬᠤᠶᠠᠷ ᠪᠣᠯᠵᠤ ᠲᠣᠳᠣᠷᠠᠬᠤ ᠪᠠᠷ ︽ᠮᠠᠨ ᠤ ᠬᠢ︾ ᠭᠡᠳᠡᠭ ᠪᠤᠳᠣᠯ ᠨᠢᠯᠬ᠎ᠠ ᠣᠶᠣᠨ ᠳᠤ ᠮᠢᠨᠢ ᠴᠠᠬᠢᠯᠠᠭᠠᠳ᠂ ᠪᠤᠷᠭᠠᠰᠤᠨ ᠮᠣᠷᠢ ᠪᠠᠨ ᠪᠤᠲᠠᠷᠠᠭᠤᠯᠤᠨ ᠠᠪᠤ ᠪᠠᠨ ᠲᠣᠰᠣᠭᠠᠳ ᠭᠦᠶᠦᠳᠡᠭ ᠪᠠᠶᠢᠭᠰᠠᠨ ᠬᠡᠦᠬᠡᠳ ᠨᠠᠰᠣᠨ ᠤ ᠮᠢᠨᠢ ᠶᠠᠪᠤᠳᠠᠯ ᠤᠳ ᠵᠢᠷᠤᠭ ᠰᠡᠭᠦᠳᠡᠷ ᠪᠣᠯᠵᠤ ᠬᠠᠷᠠᠭ᠎ᠠ ᠬᠤᠵᠢᠷᠯᠠᠨ ᠵᠢᠷᠪᠢᠯᠵᠡᠨ᠎ᠡ᠃ ᠬᠦᠯᠢᠶᠡᠯᠲᠡ ᠭᠡᠵᠦ ᠪᠡᠷᠬᠡ ᠠᠵᠢᠯ ᠪᠠᠶᠢᠭᠰᠠᠨ ᠴᠸ ᠬᠦᠰᠡᠭᠰᠡᠨ ᠪᠦᠭᠦᠨ ᠢ ᠮᠠᠨᠢ ᠪᠡᠶᠡᠯᠡᠭᠦᠯᠵᠦ ᠦᠭᠳᠡᠭ ᠪᠠᠶᠢᠭᠰᠠᠨ ᠨᠤᠲᠤᠭ ᠤᠨ ᠢᠶᠠᠨ ᠰᠢᠷ᠎ᠠ ᠵᠠᠮ ᠳᠤ ᠪᠢ ᠨᠠᠰᠣᠨ ᠲᠤᠷᠰᠢᠲᠠ ᠲᠠᠯᠠᠷᠬᠠᠵᠤ ᠶᠠᠪᠤᠨ᠎ᠠ︕ ᠠᠢ ᠳ᠋ᠠ︕ ᠠᠯᠳᠠᠷᠠᠢ ᠪᠠᠭ᠎ᠠ ᠶᠢᠨ ᠮᠢᠨᠢ ᠳᠤᠷᠠᠰᠤᠮᠵᠢ ᠨᠤᠲᠤᠭ ᠤᠨ ᠰᠢᠷ᠎ᠠ ᠵᠠᠮ ᠮᠢᠨᠢ ᠠ᠋︕      ᠨᠤᠲᠤᠭ ᠤᠨ ᠮᠢᠨᠢ ᠰᠢᠷ᠎ᠠ ᠵᠠᠮ ᠠᠴᠠ ᠬᠦᠰᠡᠯ ᠤᠨ ᠵᠢᠭᠦᠷ ᠳᠡᠯᠭᠡᠭᠳᠡᠨ᠎ᠡ᠃ ᠠᠶᠢᠯ ᠤᠨ ᠬᠡᠳᠦᠨ ᠪᠠᠭᠠᠴᠤᠳ ᠠᠯᠠᠭ ᠪᠣᠭᠴᠣ ᠪᠠᠨ ᠡᠭᠦᠷᠦᠭᠰᠡᠭᠡᠷ ᠠᠮᠠᠭᠠᠶᠢᠳᠦ  ᠶᠢᠨ ᠮᠠᠩᠬ᠎ᠠ ᠶᠢ ᠣᠷᠢᠶᠠᠭᠰᠠᠨ ᠨᠤᠲᠤᠭ ᠤᠨ ᠰᠢᠷ᠎ᠠ ᠵᠠᠮ ᠢᠶᠠᠷ ᠡᠭᠡᠰᠢᠭ ᠲᠣᠯᠤᠭ᠎ᠠ ᠠᠶᠠᠯᠭᠤᠯᠠᠵᠤ ᠠᠯᠤᠰ ᠢ ᠵᠣᠷᠢᠨ ᠶᠠᠪᠤᠬᠤ ᠨᠢ ᠬᠠᠷᠠᠭᠳᠠᠨ᠎ᠠ᠃ ︽ᠠᠬ᠎ᠠ ᠡᠭᠡᠴᠢ ᠨᠠᠷ ᠠ᠋︕ ᠲᠠ ᠨᠠᠷ ᠬᠠᠮᠢᠭ᠎ᠠ ᠶᠠᠪᠤᠨ᠎ᠠ ᠪᠤᠢ︖︾ ᠭᠡᠵᠦ ᠪᠤᠷᠭᠠᠰᠤᠨ ᠮᠣᠷᠢᠲᠠᠢ ᠬᠦᠦ ᠠᠮᠠᠭᠠᠢ ᠲᠠᠳᠠᠨ ᠨᠢᠰᠤ ᠪᠠᠨ ᠲᠠᠲᠠᠭᠰᠠᠭᠠᠷ ᠠᠰᠠᠭᠤᠨ᠎ᠠ᠃︽ᠰᠤᠷᠭᠠᠭᠤᠯᠢ  ᠳᠤ ᠶᠠᠪᠤᠨ᠎ᠠ᠂ ᠳᠡᠭᠦᠦ ᠮᠢᠨᠢ︕︾ ᠭᠡᠵᠦ ᠬᠡᠦᠬᠡᠳ ᠤᠳ ᠠᠯᠳᠠᠨ ᠭᠤᠷᠭᠤᠤᠯᠳᠠᠢ ᠰᠢᠭ᠋ ᠳᠣᠩᠭᠤᠳᠤᠭᠰᠠᠭᠠᠷ ᠠᠶᠠᠨ ᠤ ᠲᠣᠭᠤᠰᠣ ᠪᠠᠨ ᠪᠤᠵᠢᠭᠢᠨᠠᠭᠤᠯᠬᠤ ᠳᠤ᠂ ︽ᠰᠤᠷᠭᠠᠭᠤᠯᠢ ᠬᠠᠮᠢᠭ᠎ᠠ ᠪᠠᠶᠢᠬᠤ ᠪᠤᠢ︖︾ ᠭᠡᠵᠦ ᠰᠣᠨᠢᠭᠤᠴᠢᠯᠠᠨ ᠠᠰᠠᠭᠤᠭᠰᠠᠨ ᠵᠢᠩᠭᠢᠨᠡᠮ᠎ᠡ ᠲᠠᠭᠤᠨ ᠬᠡᠭᠡᠷ᠎ᠡ ᠶᠢᠨ ᠰᠠᠯᠬᠢᠨ ᠳᠤ ᠢᠯᠪᠢᠯᠵᠡᠭᠰᠡᠭᠡᠷ ᠬᠡᠦᠬᠡᠳ  ᠤᠨ ᠴᠢᠬᠢᠨ ᠳᠤ ᠬᠠᠩᠭᠢᠨᠠᠬᠤ ᠳᠤ᠂ ︽ᠲᠡᠨᠳᠡ︕︾ ᠭᠡᠵᠦ ᠵᠢᠭᠠᠭᠰᠠᠨ ᠬᠡᠦᠬᠡᠳ ᠤᠨ ᠬᠤᠷᠤᠭᠤ ᠲᠡᠭᠷᠢ ᠶᠢᠨ ᠬᠠᠶᠠᠭᠠᠨ ᠳᠤ ᠤᠭᠠᠯᠵᠠᠯᠠᠬᠤ ᠡᠭᠦᠯᠡ ᠶᠢ ᠲᠣᠯᠣᠭᠠᠳ ᠵᠣᠭᠰᠣᠨ᠎ᠠ᠃ ᠬᠡᠦᠬᠡᠳ ᠭᠡᠵᠦ ᠨᠠᠷᠠ ᠡᠷᠭᠦᠭᠰᠡᠨ ᠢᠷᠡᠭᠡᠳᠦᠢ᠂ ᠬᠦᠰᠡᠯ ᠭᠡᠵᠦ ᠰᠤᠷᠭᠠᠭᠤᠯᠢ ᠵᠡᠭᠦᠳᠦᠯᠡᠭᠰᠡᠨ ᠰᠢᠪᠠᠭᠤᠬᠠᠢ᠂ ᠲᠡᠭᠷᠢ ᠶᠢᠨ ᠬᠠᠶᠠᠭᠠᠨ ᠠᠴᠠ ᠬᠡᠦᠬᠡᠳ  ᠤᠨ ᠬᠢᠴᠢᠶᠡᠯ ᠤᠩᠰᠢᠬᠤ ᠲᠠᠭᠤᠨ ᠴᠤᠤᠷᠢᠶᠠᠲᠤᠨ᠎ᠠ᠃ ᠪᠤᠷᠭᠠᠰᠤᠨ ᠮᠣᠷᠢ ᠪᠠᠨ ᠲᠠᠷᠬᠠᠯᠠᠶ᠎ᠠ︕ ᠪᠣᠭᠴᠣ ᠪᠠᠨ ᠡᠭᠦᠷᠦᠭᠡᠳ ᠣᠴᠢᠶ᠎ᠠ︕      ᠠᠢ ᠳ᠋ᠠ︕ ᠬᠦᠰᠡᠯ ᠤᠨ ᠨᠠᠷᠠ ᠶᠢ ᠲᠤᠶᠠᠭᠠᠷᠠᠭᠤᠯᠤᠭᠰᠠᠨ ᠬᠥᠳᠡᠭᠡ ᠶᠢᠨ ᠰᠢᠷ᠎ᠠ ᠵᠠᠮ ᠮᠢᠨᠢ ᠠ᠋︕      ᠨᠤᠲᠤᠭ ᠤᠨ ᠮᠢᠨᠢ ᠰᠢᠷ᠎ᠠ ᠵᠠᠮ ᠠᠴᠠ ᠠᠷᠠᠳ ᠤᠨ ᠳᠠᠭᠤᠤ ᠤᠶᠠᠩᠭᠠᠷᠠᠨ᠎ᠠ᠃ ᠭᠤᠷᠪᠠ ᠬᠥᠯᠥᠭᠰᠡᠨ ᠮᠣᠷᠢᠨ ᠲᠡᠷᠭᠡ ᠭᠤᠣᠯ ᠤᠨ ᠬᠥᠪᠡᠭᠡᠨ ᠳᠤ ᠰᠢᠵᠢᠷᠯᠡᠭᠰᠡᠨ ᠨᠠᠷᠢᠮᠤ ᠶᠢᠨ ᠲᠠᠷᠢᠶ᠎ᠠ ᠶᠢ ᠵᠣᠷᠢᠨ ᠱᠣᠭᠰᠢᠨ᠎ᠠ᠃ ᠥᠷᠥᠭᠡᠰᠦᠨ ᠴᠢᠬᠢᠨ ᠳᠡᠭᠡᠷ᠎ᠡ ᠨᠢ ᠰᠠᠭᠤᠴᠢᠬᠠᠭᠠᠳ ᠥᠨᠳᠥᠷ ᠲᠠᠰᠢᠭᠤᠷ ᠡᠷᠭᠢᠭᠦᠯᠦᠭᠰᠡᠨ ᠠᠪᠠᠭ᠎ᠠ ᠶᠢᠨ ᠠᠶᠠᠯᠭᠤᠯᠠᠭᠰᠠᠨ ᠠᠷᠠᠳ ᠤᠨ ᠲᠠᠭᠤᠨ ᠤ ︽ᠲᠠᠭᠤᠯᠠ︾ ᠠᠷᠪᠠᠨ ᠨᠠᠢᠮᠠᠨ ᠨᠠᠰᠣᠨ ᠤ ᠮᠢᠨᠢ ᠠᠷᠭᠤᠮᠠᠭ ᠵᠢᠷᠦᠬᠡ᠂ ᠠᠭᠠᠰᠢ ᠠᠪᠢᠶᠠᠰ ᠲᠠᠢ ᠮᠢᠨᠢ ᠨᠣᠬᠳᠤᠯᠤᠭᠠᠳ ᠠᠯᠤᠰ ᠤᠨ ᠬᠥᠲᠥᠯ ᠳᠤ ᠠᠪᠠᠴᠢᠭᠠᠳ ᠠᠷᠭᠠᠮᠵᠢᠵᠤ ᠲᠠᠯᠪᠢᠵᠠᠢ᠃ ︽ᠪᠠᠷᠠᠭᠤᠨ ᠬᠤᠶᠢᠨ᠎ᠠ ᠠᠴᠠ ᠡᠭᠦᠯᠡ ᠭᠠᠷᠪᠠ᠂ ᠪᠠᠰᠠ ᠴᠸ ᠪᠣᠷᠣᠭᠠᠨ ᠣᠷᠣᠬᠤ ᠶᠤᠮ ᠪᠠ︾ ᠪᠤᠳᠣᠯ ᠢᠶᠠᠨ ᠨᠣᠬᠳᠣᠯᠣᠬᠳᠠᠬᠰᠠᠨ ᠠᠷᠪᠠᠨ ᠨᠠᠢᠮᠠᠨ ᠨᠠᠰᠤ ᠲᠡᠭᠷᠢ ᠶᠢᠨ ᠬᠠᠶᠠᠭ᠎ᠠ ᠵᠣᠷᠢᠭᠰᠠᠨ ᠨᠤᠲᠤᠭ ᠤᠨ ᠰᠢᠷ᠎ᠠ ᠵᠠᠮ ᠢ ᠲᠠᠭᠠᠭᠠᠳ ᠠᠯᠤᠰ ᠤᠨ ᠬᠤᠳᠠ ᠶᠢᠨ ᠴᠡᠴᠡᠷᠯᠢᠭ ᠤᠨ ᠡᠪᠦᠷ ᠲᠤ ᠴᠡᠴᠡᠭᠯᠡᠨ᠎ᠡ᠃ ᠪᠤᠳᠣᠯ ᠭᠡᠵᠦ ᠪᠤᠲᠠᠨ ᠠᠴᠠ ᠨᠢᠰᠦᠭᠰᠡᠨ ᠪᠣᠯᠵᠣᠮᠣᠷ᠂ ᠰᠡᠳᠬᠢᠯ ᠭᠡᠵᠦ ᠵᠠᠬᠢᠳᠠᠯ ᠠᠴᠠ ᠳᠡᠯᠭᠡᠷᠡᠭᠰᠡᠨ ᠴᠡᠴᠡᠭ᠃      ᠠᠢ ᠳ᠋ᠠ︕ ᠠᠮᠠᠷᠠᠭ ᠤᠨ ᠰᠢᠪᠡᠨᠡᠭᠡ ᠬᠠᠶᠢᠷᠠᠯᠠᠭᠰᠠᠨ ᠠᠯᠳᠠᠨ ᠰᠢᠷ᠎ᠠ ᠵᠠᠮ ᠮᠢᠨᠢ ᠠ᠋︕      ᠨᠤᠲᠤᠭ ᠤᠨ ᠰᠢᠷ᠎ᠠ ᠵᠠᠮ ᠠᠴᠠ ᠬᠥᠭᠵᠢᠯ ᠤᠨ ᠤᠷᠠᠢ ᠬᠠᠩᠭᠢᠨᠠᠨ᠎ᠠ᠃ ᠡᠯᠡᠰᠦᠨ ᠵᠠᠮ ᠮᠢᠨᠢ ᠴᠠᠷᠳᠠᠮᠠᠯ ᠵᠠᠮ ᠢᠶᠠᠷ ᠰᠣᠯᠢᠭᠳᠠᠵᠤ ᠥᠩᠭᠡᠷᠡᠭᠰᠡᠨ ᠲᠡᠦᠬᠡ ᠶᠢ ᠤᠯᠠ ᠪᠤᠯᠭᠠᠵᠦ ᠴᠠᠳᠢᠭᠯᠠᠨ᠎ᠠ᠃ ᠪᠤᠷᠭᠠᠰᠤᠨ ᠮᠣᠷᠢ ᠴᠥᠭᠡᠷᠡᠵᠡᠢ᠂ ᠮᠣᠷᠢᠨ ᠲᠡᠷᠭᠡ ᠠᠯᠣᠰᠷᠠᠵᠠᠢ᠃ ᠡᠯᠡᠰᠦᠨ ᠳᠤ ᠲᠣᠷᠤᠭᠰᠠᠨ ᠦᠬᠡᠷ ᠲᠡᠷᠭᠡ᠂ ᠬᠥᠯᠥᠰᠦᠨ ᠲᠣᠰᠣᠯ  ᠲᠠᠢ ᠪᠠᠨ ᠬᠠᠮᠲᠤ ᠨᠤᠲᠤᠭ ᠤᠨ ᠰᠢᠷ᠎ᠠ ᠵᠠᠮ ᠳᠤ ᠠᠭᠤᠰᠤᠨ ᠰᠢᠩᠭᠡᠭᠡᠳ ᠬᠠᠨ᠎ᠠ ᠳᠤ ᠡᠯᠭᠦᠭᠳᠡᠭᠰᠡᠨ ᠲᠣᠰᠣᠨ ᠵᠢᠷᠤᠭ ᠪᠣᠯᠵᠤ ᠰᠣᠯᠣᠩᠭᠠᠷᠠᠨ᠎ᠠ᠃      ᠪᠣᠷᠣ ᠬᠥᠲᠥᠯ ᠤᠨ ᠴᠠᠷᠳᠠᠮᠠᠯ ᠵᠠᠮ ᠢᠶᠠᠷ ᠪᠤᠷᠭᠢᠯᠤᠭᠰᠠᠨ ᠣᠳᠤᠭ᠎ᠠ ᠲᠠᠢ ᠮᠠᠰᠢᠨ ᠲᠡᠷᠭᠡ ᠨᠦᠭᠦᠳ ᠴᠦᠷᠭᠡᠯᠡᠳᠤᠨ᠎ᠠ᠃ ᠲᠦᠩᠬᠦᠶᠢᠲᠡᠯ᠎ᠡ ᠠᠮᠤ ᠲᠠᠷᠢᠶ᠎ᠠ ᠲᠡᠭᠡᠭᠡᠭᠰᠡᠨ ᠲᠸᠭᠨᠢᠭ ᠮᠠᠰᠢᠨ ᠨᠤᠭᠤᠳ ᠬᠥᠯᠥᠰᠦ ᠪᠢᠰᠢ ᠲᠣᠰᠣ ᠤᠷᠤᠰᠬᠠᠵᠤ ᠲᠠᠷᠢᠶᠠᠴᠢᠨ ᠠᠶᠢᠯ ᠢ ᠴᠡᠴᠡᠭᠯᠡᠭᠦᠯᠦᠨ᠎ᠡ᠃ ᠬᠦᠰᠡᠯ ᠢᠶᠠᠨ ᠲᠡᠷᠭᠡᠯᠰᠢᠭᠦᠯᠦᠭᠰᠡᠨ ᠬᠥᠳᠡᠭᠡ ᠶᠢᠨ ᠬᠥᠮᠥᠰ ᠬᠥᠭᠵᠢᠶᠡᠨᠲᠦ ᠬᠤᠳᠠ ᠲᠠᠢ ᠬᠥᠷᠰᠢᠯᠡᠨ ᠬᠥᠮᠥᠨ ᠤ ᠠᠮᠢᠳᠤᠷᠠᠯ ᠲᠣᠮᠤᠬ ᠤᠨ ᠦᠨᠡᠨ ᠪᠣᠯᠵᠤ ᠦᠷᠭᠦᠯᠵᠢᠯᠡᠨ᠎ᠡ᠃      ᠠᠢ ᠳ᠋ᠠ᠂ ᠳᠤᠷᠠᠳᠬᠠᠯ ᠪᠣᠯᠵᠤ ᠮᠥᠩᠬᠡᠷᠡᠭᠰᠡᠨ ᠨᠤᠲᠤᠭ ᠤᠨ ᠰᠢᠷ᠎ᠠ ᠵᠠᠮ ᠮᠢᠨᠢ ᠠ᠋︕      ᠨᠤᠲᠤᠭ ᠤᠨ ᠰᠢᠷ᠎ᠠ ᠵᠠᠮ ᠠᠴᠠ ᠬᠥᠳᠡᠭᠡ ᠶᠢᠨ ᠦᠨᠦᠷ ᠰᠡᠩᠭᠢᠨᠡᠨ᠎ᠡ᠃ ᠬᠦᠰᠡᠯ ᠤᠨ ᠭᠠᠯ ᠢᠶᠠᠨ ᠬᠥᠮᠥᠨ ᠤ ᠭᠠᠵᠠᠷ ᠴᠣᠭᠰᠢᠭᠤᠯᠤᠭᠰᠠᠨ ᠡᠪᠦᠭᠡᠳ᠂ ᠨᠤᠲᠤᠭ  ᠢᠶᠠᠨ ᠳᠤᠷᠠᠰᠴᠤ᠂ ᠨᠠᠮᠤᠷ ᠢᠶᠠᠨ ᠦᠭᠡᠶᠢᠯᠡᠨ ᠠᠯᠤᠰ ᠲᠤ ᠰᠤᠨᠤᠯᠵᠠᠬᠤ ᠴᠠᠷᠳᠠᠮᠠᠯ ᠵᠠᠮ ᠢ ᠠᠬᠢᠨ ᠲᠠᠭᠢᠨ ᠰᠠᠷᠠᠪᠴᠢᠯᠠᠨ᠎ᠠ᠃ ᠠᠷᠠᠳ ᠤᠨ ᠳᠠᠭᠤᠤ ᠠᠬᠢᠭᠠᠳ ᠤᠶᠠᠩᠭᠠᠷᠠᠯ᠎ᠠ᠂ ᠤᠶᠢᠮᠤᠷᠠᠭᠰᠠᠨ ᠰᠡᠳᠬᠢᠯ ᠲᠠᠶᠢᠪᠤᠰᠢᠷᠠᠬᠤ ᠰᠢᠭ᠋ ᠪᠣᠯᠣᠯ᠎ᠠ᠃ ᠠᠯᠳᠠᠷᠠᠢ ᠨᠠᠰᠤ᠂ ᠠᠷᠪᠠᠨ ᠨᠠᠢᠮᠠᠨ ᠨᠠᠰᠤ ᠲᠠᠢ ᠮᠢᠨᠢ ᠲᠣᠳᠣᠷᠠᠭᠠᠳ ᠨᠢᠯᠪᠤᠰᠤ ᠪᠣᠯᠵᠤ ᠡᠩᠭᠡᠷ ᠳᠡᠭᠡᠷ᠎ᠡ ᠮᠢᠨᠢ ᠰᠤᠪᠤᠳᠯᠠᠨ᠎ᠠ᠃ ᠬᠥᠮᠥᠨ ᠤ ᠨᠠᠰᠤ ᠪᠣᠭᠤᠨᠢᠬᠠᠨ ᠭᠡᠵᠦ ᠬᠥᠭᠰᠢᠳ ᠬᠠᠭᠤᠴᠢᠯᠠᠨ᠎ᠠ᠂ ᠬᠥᠭᠵᠢᠯ ᠴᠡᠴᠡᠭᠯᠡᠯ ᠮᠥᠩᠬᠡ ᠭᠡᠵᠦ ᠴᠠᠭ ᠦᠶ᠎ᠡ ᠬᠦᠦᠷᠨᠢᠨ᠎ᠡ᠃ ᠠᠯᠤᠰ ᠤᠨ ᠤᠲᠠᠰᠤ ᠠᠬᠤᠢ ᠶᠢᠨ ᠦᠨᠡᠨ ᠢ ᠲᠡᠮᠳᠡᠭᠯᠡᠵᠦ ᠠᠯᠠᠭᠠᠨ ᠳᠡᠭᠡᠷ᠎ᠡ ᠮᠢᠨᠢ ᠭᠡᠷᠡᠯᠲᠦᠨ᠎ᠡ᠃ ᠠᠪᠤ ᠶᠢᠨ ᠪᠡᠷ᠎ᠠ᠂ ᠠᠮᠢᠳᠤᠷᠠᠯ ᠤᠨ ᠵᠢᠷᠤᠭ᠂ ᠠᠩᠬᠠᠨ ᠤ ᠬᠠᠶᠢᠷ᠎ᠠ᠂ ᠠᠮᠠᠷᠠᠭ ᠤᠨ ᠪᠣᠯᠵᠤᠭ᠎ᠠ᠂ ᠨᠠᠷᠠᠳᠦ ᠳᠤ ᠨᠠᠪᠴᠢᠯᠠᠭᠰᠠᠨ ᠮᠥᠴᠡ ᠪᠦᠭᠦᠨ᠂ ᠨᠠᠷᠠ ᠴᠢᠭᠯᠡᠭᠰᠡᠨ ᠠᠶᠠᠨ ᠪᠦᠭᠦᠨ ᠳᠡᠭᠡᠨ ᠪᠢᠳᠡ ᠬᠠᠶᠢᠷᠠᠲᠠᠢ᠃      ᠠᠢ ᠳ᠋ᠠ︕ ᠵᠡᠭᠦᠷᠮᠡᠭ ᠦᠨᠡᠨ ᠢ ᠳᠣᠮᠣᠭᠯᠠᠭᠰᠠᠨ ᠵᠡᠭᠦᠳᠦᠨ ᠴᠡᠩᠬᠡᠷ ᠰᠢᠷ᠎ᠠ ᠵᠠᠮ ᠮᠢᠨᠢ ᠠ᠋︕
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ