ᠥᠩᠭᠡᠷᠡᠭᠰᠡᠨ ᠭᠤᠨᠢᠭ ᠡᠮᠵᠡᠭᠯᠡᠭᠦᠯᠦᠯ ᠦᠭᠡᠢ | ᠦᠭᠡᠷᠡᠶᠢᠭᠰᠡᠨ ᠳᠤᠷᠠᠰᠤᠮᠵᠢ ᠪᠠᠨ ᠡᠷᠭᠢᠵᠦ ᠱᠠᠭᠠᠶᠢᠯ ᠦᠭᠡᠢ | ᠥᠩᠭᠡ ᠬᠠᠯᠠᠭ᠎ᠠ ᠲᠠᠮᠵᠢᠵᠦ ᠴᠢᠮᠡᠭᠯᠡᠯ ᠦᠭᠡᠢ | ᠥᠷᠯᠥᠭᠡ ᠶᠢᠨ ᠨᠠᠷᠠᠨ ᠳᠠᠭᠠᠨ ᠰᠦ ᠶᠢᠨ ᠳᠡᠭᠡᠵᠢ ᠪᠠᠨ ᠡᠷᠭᠦᠵᠦ | ᠡᠷᠡᠮᠡᠯᠵᠡᠯ ᠢᠶᠠᠨ ᠳᠡᠪᠰᠢᠭᠦᠯᠦᠶ᠎ᠡ ᠰᠢᠨ᠎ᠡ ᠣᠨ ᠳᠠᠭᠠᠨ | | ᠰᠢᠨ᠎ᠡ ᠣᠨ ᠢᠶᠠᠨ ᠪᠢ | ᠢᠷᠡᠵᠦ ᠶᠠᠪᠤᠭ᠎ᠠ ᠬᠠᠪᠤᠷ ᠤᠨ ᠤᠷᠢᠨ ᠭᠡᠵᠦ ᠲᠥᠰᠥᠭᠡᠯᠡᠨᠡᠮ | ᠢᠨᠢᠶᠡᠳᠦ ᠪᠠᠶᠠᠷ ᠳᠦᠭᠦᠷᠡᠩ ᠴᠠᠯᠭᠢᠶᠠᠯᠠᠭᠰᠠᠨ | ᠢᠲᠡᠭᠡᠯ ᠪᠢᠰᠢᠷᠡᠯ ᠥᠨᠢᠳᠡ ᠪᠢᠯᠬᠠᠭᠰᠠᠨ | ᠢᠰᠢᠭᠡ ᠬᠤᠷᠠᠭ᠎ᠠ ᠶᠢᠨ ᠮᠠᠶᠢᠯᠠᠭᠠᠨ ᠳᠤ ᠨᠣᠷᠣᠭᠰᠠᠨ | ᠢᠩᠭᠡ ᠪᠣᠲᠣᠭᠤ ᠶᠢᠨ ᠪᠣᠶᠢᠯᠠᠭᠠᠨ ᠳᠤ ᠤᠶᠠᠷᠠᠭᠰᠠᠨ | ᠬᠠᠪᠤᠷ ᠤᠨ ᠬᠥᠭᠵᠢᠮ ᠭᠡᠵᠦ ᠲᠥᠰᠥᠭᠡᠯᠡᠨᠡᠮ | | ᠰᠢᠨ᠎ᠡ ᠣᠨ ᠢᠶᠠᠨ ᠪᠢ | ᠴᠠᠭ ᠬᠤᠭᠤᠴᠠᠭ᠎ᠠ ᠶᠢ ᠵᠢᠩᠳᠠᠭᠡᠵᠦ ᠵᠡᠭᠦᠳᠦᠯᠡᠭᠰᠡᠨ | ᠳᠤᠷᠠᠯᠠᠯᠲᠤ ᠠᠮᠠᠷᠠᠭ ᠢᠶᠠᠨ ᠭᠡᠵᠦ ᠲᠥᠰᠥᠭᠡᠯᠡᠨᠡᠮ | ᠵᠡᠭᠦᠳᠦ ᠨᠣᠶᠢᠷ ᠢ ᠬᠡᠮᠵᠢᠵᠦ ᠰᠤᠷᠤᠬᠰᠠᠨ | ᠵᠢᠷᠦᠬᠡᠨ ᠤ ᠴᠣᠬᠢᠯᠭ᠎ᠠ ᠶᠢ ᠲᠣᠩᠰᠢᠵᠤ ᠮᠡᠳᠡᠷᠡᠭᠰᠡᠨ | ᠵᠦᠢᠯ ᠤᠨ ᠤᠬᠠᠭᠠᠨ ᠳᠤ ᠡᠭᠡᠰᠢᠭ ᠬᠥᠭᠵᠢᠮᠳᠡᠭᠰᠡᠨ | ᠵᠣᠯ ᠵᠢᠷᠭᠠᠯ ᠢᠶᠠᠨ ᠮᠥᠷᠥᠭᠡᠳᠴᠦ ᠤᠶᠠᠩᠭᠠᠷᠠᠭᠰᠠᠨ | ᠳᠤᠷᠠᠯᠠᠯᠲᠤ ᠪᠦᠰᠡᠭᠦᠢ ᠭᠡᠵᠦ ᠯᠡ ᠲᠥᠰᠥᠭᠡᠯᠡᠨᠡᠮ | | ᠰᠢᠨ᠎ᠡ ᠣᠨ ᠢᠶᠠᠨ ᠪᠢ | ᠬᠠᠶᠢᠷᠠᠯᠠᠵᠤ ᠠᠮᠵᠢᠭ᠎ᠠ ᠦᠭᠡᠢ ᠲᠠᠭᠤᠨ ᠤ ᠡᠭᠡᠰᠢᠭ ᠤᠨ | ᠴᠣᠮᠤᠭ ᠭᠡᠵᠦ ᠲᠥᠰᠥᠭᠡᠯᠡᠨᠡᠮ | ᠬᠠᠮᠤᠭ ᠬᠦᠰᠡᠯ ᠢ ᠮᠢᠨᠢ ᠭᠦᠢᠴᠡᠭᠡᠵᠦ ᠶᠠᠳᠠᠭᠰᠠᠨ | ᠬᠠᠶᠢᠷ᠎ᠠ ᠶᠢᠨ ᠰᠢᠯᠦᠭ ᠢ ᠮᠢᠨᠢ ᠪᠢᠰᠢᠷᠡᠭᠦᠯᠵᠦ ᠤᠩᠰᠢᠭᠰᠠᠨ | ᠰᠡᠳᠬᠢᠯ ᠤᠨ ᠲᠡᠩᠬᠡᠭᠡ ᠬᠦᠴᠦ ᠤᠶᠤᠨ ᠢ ᠮᠢᠨᠢ | ᠥᠷᠥᠭᠡᠯ ᠪᠤᠰᠤᠳ ᠲᠤ ᠮᠡᠳᠡᠷᠡᠭᠦᠯᠬᠦ ᠭᠡᠰᠡᠨ | ᠬᠠᠶᠢᠷᠠᠯᠠᠵᠤ ᠠᠮᠵᠢᠭ᠎ᠠ ᠦᠭᠡᠢ ᠲᠠᠭᠤᠨ ᠤ ᠴᠣᠮᠤᠭ ᠭᠡᠵᠦ ᠲᠥᠰᠥᠭᠡᠯᠡᠨᠡᠮ | ᠰᠢᠨ᠎ᠡ ᠣᠨ ᠢᠶᠠᠨ ᠪᠢ ᠰᠢᠯᠢ ᠶᠢᠨ ᠰᠠᠶᠢᠬᠠᠨ ᠲᠡᠨᠵᠢᠨ ᠠᠴᠠ ᠪᠠᠨ ᠤᠭᠲᠤᠶ᠎ᠠ | |