ᠡᠪᠦᠯ
ᠨᠡᠶᠢᠲᠡᠯᠡᠭᠰᠡᠨ ᠴᠠᠭ᠄
2025/1/7
ᠳᠡᠯᠭᠡᠷᠡᠬᠦ ᠠᠮᠢᠯᠠᠬᠤ ᠪᠦᠭᠦᠨ ᠤᠳᠡᠭᠵᠢᠨ ᠴᠠᠭᠠᠨ ᠠᠶᠠᠯᠭᠤ ᠡᠪᠦᠯᠳᠡᠭᠡᠪᠦᠷ ᠴᠠᠭᠠᠨ ᠭᠡᠷ ᠤᠨᠠᠮᠢᠨ ᠴᠡᠩᠬᠡᠷ ᠤᠳᠤᠭ᠎ᠠ ᠡᠪᠦᠯ     ᠳᠡᠭᠡᠳᠦᠯᠡᠬᠦ ᠬᠦᠨᠳᠦᠯᠡᠬᠦ ᠶᠣᠰᠣᠨ ᠤ     ᠪᠡᠯᠭᠡᠳᠡᠯ ᠲᠣᠷᠭᠠᠨ ᠬᠠᠳᠠᠭ ᠡᠪᠦᠯ     ᠳᠡᠯᠡᠬᠡᠢ ᠭᠦᠭᠡᠷᠭᠡᠯᠡᠭᠰᠡᠨ ᠮᠣᠩᠭᠤᠯ ᠤᠨ     ᠠᠮᠠᠨ ᠤ ᠠᠷᠢᠭᠤᠨ ᠢᠷᠦᠭᠡᠯ ᠡᠪᠦᠯᠬᠠᠩᠭᠠᠢ ᠠᠭᠤᠳᠠᠮ ᠨᠤᠲᠤᠭ ᠤᠨᠬᠠᠶᠢᠯᠭᠠᠨ ᠴᠠᠶᠢᠯᠭᠠᠨ ᠰᠡᠳᠬᠢᠯ ᠡᠪᠦᠯᠬᠠᠴᠠᠷ ᠤᠯᠢᠶᠠᠷᠬᠠᠭ ᠥᠬᠢᠳ ᠤᠨᠲᠣᠷᠤᠭᠤ ᠪᠠᠷ ᠨᠢᠭᠤᠭᠰᠠᠨ ᠳᠤᠷᠠᠯᠠᠯ ᠡᠪᠦᠯ     ᠬᠠᠷᠠᠴᠠ ᠱᠦᠷᠭᠦᠭᠡᠬᠦ ᠬᠤᠷᠣᠮ ᠤᠨ     ᠵᠢᠷᠦᠬᠡ ᠳᠣᠭᠳᠣᠯᠬᠤ ᠠᠶᠢᠵᠠᠮ ᠡᠪᠦᠯ     ᠬᠠᠮ ᠲᠡᠷᠭᠡᠨ ᠤ ᠬᠦᠷᠳᠦ ᠶᠢᠨ     ᠱᠠᠷᠬᠢᠵᠤ ᠳᠤᠷᠠᠶᠢᠬᠤ ᠮᠥᠷ ᠡᠪᠦᠯᠬᠥᠯᠥᠷᠡᠵᠦ ᠴᠠᠩᠲᠤᠭᠰᠠᠨ ᠮᠣᠷᠢᠨ ᠤᠠᠮᠢᠰᠬᠤᠭ᠎ᠠ ᠬᠦᠷᠬᠦ ᠵᠠᠢ ᠡᠪᠦᠯᠭᠦᠯᠮᠦᠭ ᠪᠣᠭᠤᠭᠰᠠᠨ ᠲᠡᠷᠡᠰᠦᠨ ᠤᠰᠠᠯᠬᠢ ᠠᠭᠠᠷᠠᠬᠰᠠᠨ ᠨᠥᠮᠥᠷᠢ ᠡᠪᠦᠯ     ᠬᠦᠢᠲᠡᠨ ᠳᠠᠭᠠᠭᠠᠬᠤ ᠲᠡᠰᠪᠦᠷᠢ ᠶᠢᠨ     ᠥᠯᠴᠢᠷ ᠰᠠᠭᠤᠭᠰᠠᠨ ᠳᠦᠷᠢ ᠡᠪᠦᠯ     ᠬᠥᠲᠥᠯ ᠳᠠᠪᠠᠭᠰᠠᠨ ᠵᠠᠮ ᠤᠨᠬᠦᠰᠡᠯ ᠢ ᠭᠦᠢᠴᠡᠭᠡᠭᠰᠡᠨ ᠢᠲᠡᠭᠡᠯ ᠡᠪᠦᠯ     ᠬᠠᠨᠠᠨ ᠳᠤ ᠳᠡᠯᠡᠭᠰᠡᠨ ᠬᠤᠶᠢᠪᠢᠨ ᠤ     ᠡᠷᠴᠢ ᠶᠢ ᠰᠢᠯᠭᠠᠭᠰᠠᠨ ᠠᠵᠢᠷᠭ᠎ᠠ ᠡᠪᠦᠯ     ᠬᠠᠶᠠᠭᠠᠨ ᠳᠤ ᠤᠯᠢᠬᠰᠠᠨ ᠴᠢᠨ᠋ᠸ᠎ᠠ ᠶᠢᠨ     ᠭᠡᠷᠡᠯ ᠬᠠᠷᠪᠤᠭᠰᠠᠨ ᠰᠢᠨᠤᠯ ᠡᠪᠦᠯᠬᠤᠳᠠ ᠪᠠᠨ ᠰᠠᠬᠢᠭᠰᠠᠨ ᠬᠤᠶᠢᠯᠤᠭ ᠤᠨᠰᠡᠷᠡᠮᠵᠢ ᠠᠯᠳᠠᠬᠤ ᠦᠭᠡᠢ ᠰᠣᠨᠣᠷ ᠡᠪᠦᠯᠬᠠᠩᠭᠠᠢ ᠶᠢᠨ ᠰᠡᠷᠮᠡᠭᠦᠬᠡᠨ ᠪᠡᠯᠴᠢᠭᠡᠷ ᠤᠨᠰᠤᠷ ᠬᠠᠶᠠᠯᠠᠭᠰᠠᠨ ᠰᠤᠬᠰᠤᠷᠠᠭ᠎ᠠ ᠡᠪᠦᠯ     ᠰᠢᠨᠡᠬᠡᠨ ᠰᠦᠭᠡᠭᠯᠡᠭᠦ ᠴᠠᠰᠤᠨ ᠤ     ᠮᠥᠷ ᠬᠠᠶᠢᠭᠰᠠᠨ ᠠᠩᠴᠢᠨ ᠡᠪᠦᠯ     ᠰᠢᠯᠢ ᠶᠢᠨ ᠬᠤᠯᠵᠢᠨ ᠦᠨᠡᠭᠡᠨ ᠤ     ᠰᠡᠭᠦᠯ ᠤᠨ ᠤᠷᠠᠨ ᠮᠡᠭᠡ ᠡᠪᠦᠯᠰᠢᠵᠢᠷ ᠳᠤᠤᠯᠢᠶᠠᠨᠲᠤ ᠨᠠᠷᠠᠨ ᠤᠤᠷᠭ᠎ᠠ ᠪᠠᠨ ᠬᠡᠮᠵᠢᠭᠰᠡᠨ ᠴᠠᠭ ᠡᠪᠦᠯᠰᠦᠮᠪᠦᠷ ᠶᠡᠭᠡ ᠪᠠᠶᠢᠭᠠᠯᠢ ᠶᠢᠨᠶᠢᠰᠦ ᠶᠢᠨ ᠬᠦᠢᠲᠡᠨ ᠤ ᠰᠢᠪᠰᠢᠶ᠎ᠡ ᠡᠪᠦᠯ
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ