ᠦᠩᠭᠡ ᠶᠢᠨ ᠪᠡᠯᠭᠡᠳᠡᠯ
ᠨᠡᠶᠢᠲᠡᠯᠡᠭᠰᠡᠨ ᠴᠠᠭ᠄
2025/1/7
      ᠶᠠᠮᠠᠷ ᠨᠢᠭᠡ ᠦᠩᠭᠡ ᠶᠢ ᠲᠠᠭᠠᠰᠢᠶᠠᠨ ᠡᠷᠬᠢᠮᠯᠡᠬᠦ ᠪᠠ ᠵᠢᠪᠡᠭᠦᠴᠡᠨ ᠴᠡᠭᠡᠷᠯᠡᠬᠦ ᠵᠠᠩ ᠦᠢᠯᠡ᠃ ᠠᠯᠢ ᠨᠢᠭᠡᠨ ᠦᠨᠳᠦᠰᠦᠲᠡᠨ ᠶᠠᠰᠣᠲᠠᠨ ᠤ ᠲᠡᠦᠬᠡ᠂ ᠠᠵᠣ ᠠᠬᠤᠢ᠂ ᠣᠯᠣᠰ ᠲᠦᠷᠦ᠂ ᠰᠣᠶᠣᠯ ᠤᠨ ᠬᠦᠭᠵᠢᠯᠲᠡ ᠶᠢᠨ ᠶᠠᠪᠣᠴᠠ᠂ ᠱᠠᠰᠢᠨ ᠰᠣᠷᠲᠠᠬᠤᠨ ᠤ ᠦᠵᠡᠯᠲᠡ᠂ ᠭᠠᠵᠠᠷ ᠵᠦᠢ ᠶᠢᠨ ᠪᠠᠶᠢᠷᠢᠰᠢᠯ᠂ ᠪᠠᠶᠢᠭᠠᠯᠢ ᠶᠢᠨ ᠣᠷᠴᠢᠨ ᠲᠣᠭᠤᠷᠢᠨ ᠠᠴᠠ ᠰᠢᠯᠲᠠᠭᠠᠯᠠᠵᠣ ᠶᠠᠮᠠᠷ ᠦᠩᠭᠡ ᠶᠢ ᠲᠠᠭᠠᠰᠢᠶᠠᠬᠤ ᠪᠠ ᠵᠢᠪᠡᠭᠦᠴᠡᠬᠦ ᠨᠢ ᠲᠣᠰ ᠲᠣᠰ ᠤᠨ ᠣᠨᠴᠠᠯᠢᠭ ᠲᠠᠢ ᠪᠠᠶᠢᠳᠠᠭ᠃ ᠬᠢᠲᠠᠳ ᠬᠦᠮᠦᠨ ᠣᠯᠠᠭᠠᠨ᠂ ᠬᠠᠷ᠎ᠠ᠂ ᠰᠠᠷᠠᠯ᠂ ᠰᠢᠷ᠎ᠠ ᠦᠩᠭᠡ ᠶᠢ ᠡᠷᠬᠢᠮᠯᠡᠳᠡᠭ ᠪᠠᠶᠢᠬᠤ ᠳᠤ ᠮᠣᠩᠭᠤᠯᠴᠣᠳ ᠪᠠ ᠲᠦᠪᠡᠳᠴᠣᠳ ᠪᠣᠯ ᠴᠠᠭᠠᠨ᠂ ᠰᠢᠷ᠎ᠠ ᠦᠩᠭᠡ ᠶᠢ ᠢᠯᠡᠭᠦᠦ ᠡᠷᠬᠢᠮᠯᠡᠳᠡᠭ᠃ ᠬᠤᠲᠣᠩ ᠪᠠ ᠣᠶᠢᠭᠤᠷ ᠬᠦᠮᠦᠨ ᠨᠣᠭᠤᠭᠠᠨ ᠦᠩᠭᠡᠨ ᠳᠤ ᠳᠣᠷᠠᠲᠠᠢ ᠪᠠᠶᠢᠳᠠᠭ᠃ ᠡᠭᠦᠨ ᠳᠤ ᠣᠯᠠᠭᠠᠨ ᠦᠩᠭᠡ ᠨᠢ ᠭᠠᠯ ᠤᠨ ᠦᠩᠭᠡ ᠪᠣᠶᠣ ᠨᠠᠷᠠᠨ ᠤ ᠦᠩᠭᠡ ᠲᠠᠢ ᠢᠵᠢᠯ ᠪᠠᠶᠢᠳᠠᠭ ᠠᠴᠠ ᠭᠠᠯ ᠤᠨ ᠪᠣᠶᠣ ᠲᠡᠭᠷᠢ ᠶᠢᠨ ᠰᠢᠲᠦᠯᠭᠡ ᠲᠠᠢ ᠦᠨᠳᠦᠰᠦᠲᠡᠨ ᠨᠦᠭᠦᠳ ᠴᠦᠮ ᠡᠷᠬᠢᠮᠯᠡᠳᠡᠭ ᠪᠠᠶᠢᠵᠠᠢ᠃       ᠮᠣᠩᠭᠤᠯ ᠬᠦᠮᠦᠨ ᠭᠤᠣᠯ ᠲᠦᠯᠦᠪ ᠴᠠᠭᠠᠨ᠂ ᠬᠦᠬᠡ᠂ ᠰᠢᠷ᠎ᠠ ᠪᠠ ᠣᠯᠠᠭᠠᠨ ᠦᠩᠭᠡ ᠶᠢ ᠡᠷᠬᠢᠮᠯᠡᠳᠡᠭ ᠵᠣᠷᠰᠢᠯ ᠲᠠᠢ᠃ ᠡᠭᠦᠨ ᠳᠤ ᠴᠠᠭᠠᠨ ᠪᠠ ᠬᠦᠬᠡ ᠦᠩᠭᠡ ᠶᠢ ᠠᠯᠢ ᠡᠷᠲᠡᠨ ᠠᠴᠠ ᠡᠷᠬᠢᠮᠯᠡᠭᠰᠡᠭᠡᠷ ᠢᠷᠡᠵᠡᠢ᠃ ᠣᠯᠠᠭᠠᠨ ᠦᠩᠭᠡ ᠶᠢ ᠪᠣᠯ ᠲᠠᠭᠠᠰᠢᠶᠠᠬᠤ ᠪᠠ ᠡᠰᠡ ᠲᠠᠭᠠᠰᠢᠶᠠᠬᠤ ᠲᠠᠯ᠎ᠠ ᠴᠦᠮ ᠪᠣᠢ᠃ ᠨᠣᠭᠤᠭᠠᠨ ᠦᠩᠭᠡ ᠶᠢ ᠪᠠᠭ᠋ᠠᠷᠬᠠᠳᠠᠭ ᠪᠣᠯᠪᠠᠴᠣ ᠲᠡᠷᠡ ᠨᠢ ᠴᠠᠭᠠᠨ ᠪᠠ ᠬᠦᠬᠡ ᠦᠩᠭᠡ ᠶᠢᠨ ᠬᠢᠷᠢ ᠴᠢᠬᠤᠯᠠᠴᠢᠯᠠᠭᠳᠠᠬᠤ ᠦᠭᠡᠢ ᠪᠠᠶᠢᠳᠠᠭ᠃ ᠬᠠᠷ᠎ᠠ ᠦᠩᠭᠡ ᠶᠢ ᠮᠣᠩᠭᠤᠯᠴᠣᠳ ᠪᠦᠭᠦᠳᠡᠭᠡᠷ ᠵᠢᠪᠡᠭᠦᠴᠡᠨ ᠴᠡᠭᠡᠷᠯᠡᠳᠡᠭ᠃ ᠰᠠᠨᠠᠭ᠎ᠠ ᠮᠠᠭᠤ ᠬᠦᠮᠦᠨ ᠢ ︽ᠰᠡᠳᠬᠢᠯ ᠨᠢ ᠬᠠᠷ᠎ᠠ︾ ᠭᠡᠬᠦ᠂ ᠬᠠᠷᠢᠶᠠᠯᠴᠢ ᠬᠦᠮᠦᠨ ᠢ ︽ᠬᠡᠯᠡ ᠨᠢ ᠬᠠᠷ᠎ᠠ︾ ᠭᠡᠬᠦ᠂ ᠨᠡᠭᠦᠵᠦ ᠬᠤᠭᠤᠰᠣᠷᠠᠭᠰᠠᠨ ᠨᠣᠲᠤᠭ ᠢ ︽ᠬᠠᠷ᠎ᠠ ᠨᠣᠲᠤᠭ ︾ ᠭᠡᠬᠦ ᠵᠢᠱᠢᠶ᠎ᠡ ᠲᠠᠢ᠃ ᠶᠠᠯ᠎ᠠ ᠬᠢᠭᠡᠳ ᠭᠢᠨᠳᠠᠨ ᠳᠤ ᠣᠷᠣᠪᠠᠯ ︽ᠬᠠᠷ᠎ᠠ ᠭᠡᠷ ᠲᠤ ᠰᠠᠭᠤᠯ᠎ᠠ︾ ᠭᠡᠬᠦ ᠪᠠ ᠮᠠᠭᠤ ᠵᠡᠭᠦᠳᠦ ᠵᠡᠭᠦᠳᠦᠯᠡᠪᠡᠯ ︽ᠬᠠᠷ᠎ᠠ ᠳᠠᠷᠣᠯ᠎ᠠ︾ ᠭᠡᠳᠡᠭ᠃ ᠬᠠᠷ᠎ᠠ ᠦᠩᠭᠡ ᠶᠢ ᠡᠰᠡ ᠲᠠᠭᠠᠰᠢᠶᠠᠬᠤ ᠪᠣᠯᠪᠠᠴᠣ ᠮᠣᠩᠭᠤᠯ ᠬᠦᠮᠦᠨ ᠤ ᠠᠮᠢᠳᠣᠷᠠᠯ ᠳᠤ ᠣᠣᠯ ᠦᠩᠭᠡ ᠪᠠᠰᠠ ᠯᠡ ᠵᠣᠬᠢᠬᠤ ᠪᠠᠶᠢᠷᠢ ᠲᠠᠢ ᠪᠠᠶᠢᠳᠠᠭ ᠢ ᠣᠮᠳᠣᠭᠠᠶᠢᠯᠠᠵᠣ ᠪᠣᠯᠬᠤ ᠦᠭᠡᠢ᠃ ᠮᠣᠩᠭᠤᠯᠴᠣᠳ ᠶᠡᠭᠡ ᠪᠠᠶᠢᠭᠠᠯᠢ ᠶᠢᠨ ᠪᠠ ᠡᠳᠦᠷ ᠳᠣᠲᠣᠮ ᠤᠨ ᠠᠮᠢᠳᠣᠷᠠᠯ ᠤᠨ ᠦᠵᠡᠭᠳᠡᠯ ᠳᠣᠮᠳᠠ ︽ᠲᠠᠪᠣᠨ ᠦᠩᠭᠡ︾ ᠭᠡᠵᠦ ᠬᠡᠯᠡᠯᠴᠡᠬᠦ ᠨᠢ ᠣᠯᠠᠨ ᠪᠠᠶᠢᠳᠠᠭ᠃ ᠲᠣᠬᠠᠶᠢᠯᠠᠪᠠᠯ ᠮᠣᠩᠭᠤᠯᠴᠣᠳ ᠤᠨ ᠦᠨᠳᠦᠰᠦᠨ ᠲᠠᠪᠣᠨ ᠦᠩᠭᠡ ᠪᠣᠯ ︽ᠴᠠᠭᠠᠨ᠂ ᠬᠦᠬᠡ᠂ ᠣᠯᠠᠭᠠᠨ᠂ ᠨᠣᠭᠤᠭᠠᠨ᠂ ᠬᠠᠷ᠎ᠠ︾ ᠶᠣᠮ᠃ ᠲᠡᠶᠢᠮᠦ ᠪᠠᠷ ᠢᠶᠠᠨ ᠮᠣᠩᠭᠤᠯ ᠬᠦᠮᠦᠨ ︽ᠲᠠᠪᠣᠨ ᠦᠩᠭᠡ ᠶᠢᠨ ᠪᠦᠰ ᠲᠣᠷᠭ᠎ᠠ︾ ᠭᠡᠵᠦ ᠬᠡᠯᠡᠯᠴᠡᠬᠦ ᠳᠣᠷᠠᠲᠠᠢ᠃ ᠡᠷᠲᠡᠨ ᠤ ᠲᠡᠦᠬᠡ ᠰᠣᠳᠣᠷ ᠲᠤ ᠪᠠᠰᠠ ︽ᠲᠠᠪᠣᠨ ᠦᠩᠭᠡ ᠳᠦᠷᠪᠡᠨ ᠬᠠᠷᠢ︾ ᠭᠡᠵᠦ ᠣᠯᠠᠨᠲᠠ ᠪᠢᠴᠢᠭᠳᠡᠵᠦ ᠢᠷᠡᠵᠡᠢ᠃           ︽ᠮᠣᠩᠭᠤᠯ ᠵᠠᠩ ᠣᠶᠢᠯᠡ ᠶᠢᠨ ᠨᠡᠪᠲᠡᠷᠬᠡᠢ ᠲᠣᠯᠢ︾ ︵ᠣᠶᠣᠨ‌‍ᠤ ᠪᠣᠳᠢ︶ ᠡᠴᠠ‌‍ᠰᠣᠩᠭᠤᠨ ᠨᠡᠶᠢᠲᠡᠯᠡᠪᠡ᠃
ᠢᠷᠡᠯᠲᠡ᠄ ᠬᠤᠯᠪᠣᠭ᠎ᠠ ᠪᠦᠷᠭᠡ