ᠬᠤᠷᠴᠢᠨ ᠮᠣᠩᠭᠤᠯᠴᠤᠳ ᠤᠨ ᠳᠡᠪᠡᠯ ᠵᠠᠰᠠᠯ ᠨᠢ ᠮᠠᠯᠠᠭᠠᠢ᠂ ᠪᠦᠰᠡ᠂ ᠬᠤᠪᠴᠠᠰᠤ ᠬᠡᠷᠡᠭᠯᠡᠯ ᠳᠡᠭᠡᠨ ᠶᠡᠬᠡᠳᠡ ᠬᠦᠨᠳᠦᠳᠬᠡᠯ ᠲᠠᠢ ᠬᠠᠨᠳᠤᠳᠠᠭ᠃ ᠡᠳᠡᠭᠡᠷ | ᠵᠠᠩ ᠦᠢᠯᠡ ᠶᠢ ᠪᠦᠭᠡ ᠮᠥᠷᠭᠦᠯ ᠤᠨ ᠶᠣᠰᠣ ᠮᠠᠶ᠋ᠢᠭ ᠲᠠᠢ ᠬᠤᠯᠪᠣᠨ ᠲᠠᠶᠢᠯᠪᠤᠷᠢᠯᠠᠬᠤ ᠨᠢ ᠪᠤᠢ᠃ | ᠬᠤᠷᠴᠢᠨ ᠲᠡᠷᠯᠢᠭ ᠳᠡᠪᠡᠯ ᠤᠨ ᠪᠦᠲᠦᠴᠡ ᠪᠦᠷᠢᠯᠳᠦᠭᠦᠨ | ᠪᠦᠰᠡ | ᠮᠣᠩᠭᠤᠯ ᠬᠥᠮᠥᠨ ᠪᠦᠰᠡ ᠶᠢ ᠵᠠᠳᠠᠭᠠᠢ ᠲᠠᠰᠤᠷᠬᠠᠢ ᠶᠢ ᠪᠠᠬᠢᠯᠡᠨ ᠪᠠᠲᠤᠵᠢᠭᠤᠯᠬᠤ᠂ ᠰᠠᠷᠨᠢᠭᠰᠠᠨ ᠢ ᠡᠪᠯᠡᠭᠦᠯᠬᠦ ᠶᠢᠨ ᠪᠡᠯᠭᠡᠳᠡᠯ ᠬᠡᠮᠡᠨ ᠡᠷᠭᠢᠮᠯᠡᠳᠡᠭ ᠠᠵᠢ᠃ | ᠲᠡᠪᠠᠯ ᠤᠨ ᠪᠦᠰᠡ ᠪᠣᠯ ᠡᠷ᠎ᠡ ᠬᠥᠮᠥᠨ ᠤ ᠬᠡᠶᠢᠮᠣᠷᠢ ᠯᠤᠩᠳᠠᠭᠠ ᠶᠢ ᠢᠯᠡᠳᠬᠡᠬᠦ ᠠᠴᠠ ᠭᠠᠳᠠᠨ᠎ᠠ ᠪᠤᠶᠠᠨ ᠬᠤᠷᠢᠶᠠᠬᠤ ᠶᠢᠨ ᠪᠡᠯᠭᠡᠳᠡᠯ ᠲᠠᠢ᠂ ᠮᠥᠨ ᠤᠯᠤᠰ ᠭᠦᠷᠦᠨ ᠢ | ᠪᠤᠳᠠᠷᠠᠭᠠᠬᠤ ᠦᠭᠡᠢ ᠰᠠᠷᠨᠢᠭᠤᠯᠬᠤ ᠦᠭᠡᠢ ᠪᠠᠷᠢᠵᠤ ᠪᠠᠶᠢᠨ᠎ᠠ ᠭᠡᠰᠡᠨ ᠰᠠᠨᠠᠭ᠎ᠠ ᠶᠢ ᠢᠯᠡᠷᠬᠡᠶᠢᠯᠡᠳᠡᠭ᠃ | ᠪᠦᠰᠡ ᠨᠢ ᠤᠭ ᠰᠤᠷᠪᠤᠯᠵᠢ ᠪᠠᠷ ᠢᠶᠠᠨ ᠪᠥᠰ ᠮᠥᠨ ᠭᠡᠯᠴᠡᠳᠡᠭ ᠨᠢ ᠶᠠᠭᠠᠬᠢᠬᠤ ᠶᠢᠨ ᠠᠷᠭ᠎ᠠ ᠦᠭᠡᠢ ᠦᠨᠡᠨ ᠶᠤᠮ᠃ ᠥᠭᠡᠷ᠎ᠡ ᠪᠠᠷ ᠬᠡᠯᠡᠪᠡᠯ᠂ ᠬᠤᠵᠢᠭᠤ | ᠦᠶ᠎ᠡ ᠪᠥᠰ ᠳᠠᠪᠤᠤ ᠶᠢ ᠪᠦᠰᠡᠯᠡᠬᠦ ᠪᠣᠯᠤᠭᠰᠠᠨ ᠠᠴᠠ ᠲᠡᠭᠦᠨ ᠢ ᠵᠢᠭᠠᠵᠤ ᠬᠡᠯᠡᠭᠰᠡᠨ ᠬᠡᠷᠡᠭ᠃ ᠮᠣᠩᠭᠤᠯᠴᠤᠳ ᠡᠷᠲᠡᠨ ᠠᠴᠠ ᠰᠤᠷ᠂ ᠰᠢᠷᠢ ᠵᠡᠷᠭᠡ ᠶᠢ ᠰᠠᠶᠢᠲᠤᠷ | ᠪᠣᠯᠪᠠᠰᠤᠷᠠᠭᠤᠯᠤᠭᠠᠳ ᠠᠭᠰᠠᠷᠭ᠎ᠠ ︵ᠪᠦᠰᠡ︶ ᠭᠡᠵᠦ ᠨᠡᠷᠡᠯᠡᠳᠡᠭ ᠪᠠᠶᠢᠵᠠᠢ᠃ ᠠᠭᠰᠠᠷᠭ᠎ᠠ ᠨᠢ ᠳᠣᠷᠣᠭᠰᠢ ᠤᠨᠵᠢᠭᠰᠠᠨ ᠰᠠᠴᠤᠭ ᠭᠠᠷᠠᠬᠳᠤ ᠰᠤᠷ ᠵᠡᠷᠭᠡ ᠴᠢᠮᠡᠭ ᠲᠠᠢ | ᠂ ᠲᠡᠭᠦᠪᠡᠷ ᠢᠶᠠᠨ ᠠᠭᠰᠠᠭᠰᠠᠨ ᠰᠡᠯᠡᠮ᠎ᠡ᠂ ᠰᠠᠭᠠᠳᠠᠭ ᠵᠡᠷᠭᠡ ᠶᠢ ᠲᠣᠭᠲᠠᠭᠠᠳᠠᠭ ᠪᠠᠶᠢᠭᠰᠠᠨ ᠠᠴᠠ ᠡᠷ᠎ᠡ ᠬᠥᠮᠥᠨ ᠤ ᠠᠮᠢ ᠨᠠᠰᠤ ᠶᠢ ᠬᠠᠮᠠᠭᠠᠯᠠᠬᠤ ᠡᠷᠬᠢᠮ ᠡᠳ᠋ᠯᠡᠯ ᠭᠡᠵᠦ | ᠦᠵᠡᠳᠡᠭ ᠴᠢᠬᠤᠯᠠ ᠬᠡᠷᠡᠭᠰᠡᠯ ᠶᠤᠮ᠃ ᠬᠤᠵᠢᠮ ᠳᠠᠪᠤᠤ ᠶᠢᠨ ᠪᠥᠰ ᠢ ᠠᠪᠴᠤ ᠬᠡᠷᠡᠭᠯᠡᠬᠦ ᠳᠡᠭᠡᠨ ᠪᠡᠶ᠎ᠡ ᠪᠠᠨ ᠭᠤᠷᠪᠠ ᠣᠷᠢᠶᠠᠵᠤ ᠬᠦᠷᠬᠦ ᠪᠥᠰ ᠢᠶᠠᠷ ᠪᠡᠶ᠎ᠡ ᠪᠠᠨ ᠨᠠᠷᠠ | ᠵᠥᠪ ᠣᠷᠢᠶᠠᠵᠤ ᠪᠦᠰᠡᠯᠡᠳᠡᠭ ᠨᠢ ᠭᠤᠷᠪᠠ ᠶᠢᠨ ᠲᠣᠭᠠᠨ ᠤ ᠪᠡᠯᠭᠡᠳᠡᠯ ᠲᠠᠢ ᠪᠦᠭᠡ ᠶᠢᠨ ᠶᠣᠰᠣ ᠲᠠᠢ ᠮᠠᠰᠢ ᠬᠤᠯᠪᠤᠭ᠎ᠠ ᠲᠠᠢ ᠠᠵᠢ᠃ ᠪᠦᠰᠡ ᠶᠢ ᠪᠦᠰᠡᠯᠡᠬᠦ ᠳᠡᠭᠡᠨ | ᠢᠮᠠᠭᠲᠠ ᠨᠠᠷᠠ ᠵᠥᠪ ᠨᠢᠭᠡ ᠡᠷᠭᠢᠭᠦᠯᠦᠨ ᠦᠵᠦᠭᠦᠷ ᠢ ᠨᠢ ᠪᠠᠷᠠᠭᠤᠨ ᠲᠠᠰᠢᠶᠠᠨ ᠳᠠᠭᠠᠨ ᠬᠠᠪᠴᠢᠭᠤᠯᠤᠨ᠎ᠠ᠃ ᠮᠣᠩᠭᠤᠯ ᠬᠥᠮᠥᠨ ᠪᠦᠰᠡᠨ ᠳᠡᠭᠡᠷ᠎ᠡ ᠪᠠᠨ ᠭᠢᠰᠬᠢᠬᠦ | ᠦᠭᠡᠢ᠂ ᠳᠡᠭᠡᠭᠦᠷ ᠨᠢ ᠠᠯᠬᠤᠬᠤ ᠴᠤ ᠶᠣᠰᠣ ᠦᠭᠡᠢ᠃ ᠰᠥᠨᠢ ᠤᠨᠲᠠᠬᠤ ᠳᠠᠭᠠᠨ ᠪᠦᠰᠡ ᠪᠠᠨ ᠲᠠᠶᠢᠯᠵᠤ᠂ ᠠᠮᠠᠨ ᠬᠦᠵᠦᠭᠦᠦ ᠵᠠᠩᠭᠢᠯᠠᠭ᠎ᠠ ᠪᠠᠷ ᠵᠠᠩᠭᠢᠳᠴᠤ᠂ | ᠳᠡᠷᠡ ᠶᠢᠨ ᠳᠡᠭᠡᠳᠦ ᠬᠠᠪᠢ ᠳᠤ ᠲᠠᠯᠪᠢᠳᠠᠭ ᠵᠠᠩᠰᠢᠯ ᠲᠠᠢ᠃ ᠮᠥᠨ ᠪᠦᠰᠡ ᠪᠠᠨ ᠥᠭᠡᠷ᠎ᠡ ᠬᠥᠮᠥᠨ ᠲᠠᠢ ᠰᠣᠯᠢᠬᠤ ᠦᠭᠡᠢ᠂ ᠬᠠᠷᠢᠨ ᠬᠠᠷ᠎ᠠ ᠡᠯᠢᠭᠡ ᠶᠢᠨ | ᠬᠥᠮᠥᠨ ᠲᠠᠢ ᠠᠨᠳᠠ ᠪᠣᠯᠣᠯᠴᠠᠬᠤ᠂ ᠬᠦᠵᠢ ᠪᠠᠷᠢᠯᠳᠤᠬᠤ ᠶᠣᠰᠣ ᠭᠦᠢᠴᠡᠳᠬᠡᠬᠦ ᠦᠶ᠎ᠡ ᠳᠤ ᠪᠡᠶ᠎ᠡ ᠪᠡᠶ᠎ᠡ ᠪᠠᠨ ᠢᠲᠡᠭᠡᠵᠦ ᠪᠤᠢ ᠶᠢᠨ ᠲᠡᠮᠳᠡᠭ ᠪᠣᠯᠭᠠᠨ ᠰᠣᠯᠢᠵᠤ | ᠪᠦᠰᠡᠯᠡᠳᠡᠭ ᠵᠠᠩᠰᠢᠯ ᠪᠤᠢ᠃ | ᠲᠡᠪᠠᠯ | ᠡᠶᠢᠨ ᠬᠦ ᠨᠡᠷᠡᠯᠡᠳᠡᠭ ᠨᠢ ᠬᠥᠮᠥᠨ ᠤ ᠪᠡᠶ᠎ᠡ ᠶᠢ ᠲᠥᠪ ᠰᠢᠯᠤᠭᠤᠨ᠂ ᠲᠡᠭᠰᠢ ᠨᠠᠮᠪᠠᠭ᠎ᠠ ᠲᠠᠢ ᠪᠠᠶᠢᠬᠤ ᠶᠢ ᠢᠷᠦᠭᠡᠵᠦ ᠪᠤᠢ ᠤᠳᠬ᠎ᠠ ᠶᠤᠮ᠃ ᠮᠣᠩᠭᠤᠯ | ᠲᠡᠪᠠᠯ ᠨᠢ ᠠᠯᠢ ᠨᠢᠭᠡ ᠲᠡᠶᠢᠰᠢ ᠳᠠᠷᠤᠵᠤ ᠪᠦᠰᠡᠯᠡᠳᠡᠭ ᠲᠠᠰᠢᠭᠤ ᠪᠣᠯᠣᠨ ᠳᠥᠷᠪᠡᠯᠵᠢᠨ ᠡᠩᠭᠡᠷ᠂ ᠬᠤᠶᠠᠷ ᠲᠠᠰᠢᠶ᠎ᠠ ᠪᠦᠬᠦᠢ ᠡᠬᠢ ᠪᠡᠶ᠎ᠡ ᠲᠠᠢ ᠳᠣᠲᠣᠭᠤᠷ ᠭᠠᠳᠠᠭᠤᠷ | ᠡᠩᠭᠡᠷ ᠲᠠᠢ ᠶᠢ ᠦᠵᠡᠪᠡᠯ ᠮᠣᠩᠭᠤᠯ ᠬᠤᠪᠴᠠᠰᠤ ᠪᠠᠯᠠᠷ ᠡᠷᠲᠡᠨ ᠠᠴᠠ ᠡᠭᠦᠰᠴᠡᠢ᠃ ᠲᠡᠪᠠᠯ ᠢ ᠠᠩᠬᠠᠯᠠᠨ ᠵᠣᠬᠢᠶᠠᠬᠤ ᠳᠠᠭᠠᠨ ᠨᠡᠭᠦᠳᠡᠯᠴᠢᠨ ᠮᠣᠩᠭᠤᠯᠴᠤᠳ ᠤᠨ ᠪᠡᠶ᠎ᠡ | ᠂ ᠡᠷᠡᠭᠦᠯ ᠮᠠᠨᠳᠤ ᠶᠢᠨ ᠣᠨᠴᠠᠯᠢᠭ ᠬᠢᠭᠡᠳ ᠪᠠᠶᠢᠭᠠᠯᠢ ᠴᠠᠭ ᠠᠭᠤᠷ ᠤᠨ ᠪᠠᠶᠢᠳᠠᠯ ᠳᠤ ᠲᠠᠰᠤᠨ ᠵᠣᠬᠢᠴᠠᠵᠤ ᠢᠷᠡᠭᠰᠡᠨ ᠲᠠᠳᠠᠨ ᠤ ᠡᠳᠦᠷ ᠲᠤᠳᠤᠮ ᠤᠨ ᠠᠮᠢᠳᠤᠷᠠᠯ ᠤᠨ | ᠬᠡᠪ ᠮᠠᠶ᠋ᠢᠭ ᠲᠤ ᠨᠡᠶᠢᠴᠡᠭᠦᠯᠦᠨ ᠪᠤᠳᠤᠵᠤ ᠬᠢᠵᠡᠢ᠃ ᠮᠣᠩᠭᠤᠯ ᠲᠡᠪᠠᠯ ᠨᠢ ᠡᠮᠦᠰᠬᠡᠯ ᠬᠤᠪᠴᠠᠰᠤ ᠪᠤᠯᠬᠤ ᠠᠴᠠ ᠭᠠᠳᠠᠨ᠎ᠠ ᠪᠤᠰᠤᠳ ᠤᠯᠠᠨ ᠶᠠᠩᠵᠤ ᠶᠢᠨ | ᠵᠣᠷᠢᠯᠲᠠ ᠪᠠᠷ ᠠᠰᠢᠭᠯᠠᠭᠳᠠᠳᠠᠭ ᠢᠶᠠᠷ ᠢᠶᠠᠨ ᠣᠨᠴᠠᠯᠢᠭ ᠲᠠᠢ᠃ ᠲᠤᠬᠠᠶᠢᠯᠠᠪᠠᠯ᠂ ᠨᠢᠳᠤᠷᠭ᠎ᠠ ᠨᠢ ᠵᠢᠷᠭᠡᠪᠴᠢ᠂ ᠪᠡᠭᠡᠯᠡᠢ ᠶᠢᠨ ᠡᠭᠦᠷᠭᠡ ᠭᠦᠢᠴᠡᠳᠬᠡᠳᠡᠭ ᠪᠣᠯ ᠥᠷᠭᠡᠨ | ᠪᠦᠰᠡ ᠶᠢ ᠤᠭᠤᠴᠠ ᠨᠢᠷᠤᠭᠤ᠂ ᠪᠥᠭᠡᠷ᠎ᠡ ᠶᠢ ᠬᠠᠮᠠᠭᠠᠯᠠᠬᠤ ᠵᠣᠷᠢᠯᠭ᠎ᠠ ᠪᠠᠷ ᠪᠦᠰᠡᠯᠡᠳᠡᠭ ᠪᠠᠶᠢᠨ᠎ᠠ᠃ ᠡᠭᠦᠨ ᠠᠴᠠ ᠭᠠᠳᠠᠨ᠎ᠠ ᠲᠠᠪᠠᠯ ᠲᠠᠢ ᠬᠤᠯᠪᠣᠭᠠᠲᠠᠢ ᠴᠡᠭᠡᠷᠯᠡᠬᠦ | ᠵᠦᠢᠯ ᠪᠤᠢ᠃ | ᠮᠠᠨᠳᠤᠬᠤ ᠲᠦᠷᠦ ᠶᠢᠨ ᠮᠠᠯᠠᠭᠠᠢ | ᠮᠠᠯᠠᠭᠠᠢ ᠨᠢ ᠬᠤᠷᠴᠠ ᠰᠢᠯᠤᠭᠤᠨ᠂ ᠬᠠᠷᠢᠯᠲᠠ ᠦᠭᠡᠢ ᠶᠢᠨ ᠤᠳᠬ᠎ᠠ ᠪᠡᠯᠭᠡᠳᠡᠭᠰᠡᠨ ᠱᠣᠪᠣᠭᠤᠷ ᠣᠷᠣᠢ ᠲᠠᠢ ᠮᠠᠯᠠᠭᠠᠢ ᠪᠠᠷ ᠬᠥᠮᠥᠨ ᠤ ᠪᠡᠶ᠎ᠡ ᠶᠢ ᠶᠣᠰᠣ | ᠲᠦᠷᠦ ᠲᠠᠢ᠂ ᠮᠠᠨᠳᠤᠨ ᠪᠠᠳᠠᠷᠠᠵᠤ ᠶᠠᠪᠤᠬᠤ ᠶᠢ ᠪᠡᠯᠭᠡᠳᠡᠭᠰᠡᠨ ᠪᠠᠶᠢᠨ᠎ᠠ᠃ | ᠮᠣᠩᠭᠤᠯ ᠬᠥᠮᠥᠨ ᠮᠠᠯᠠᠭᠠᠢ᠂ ᠪᠦᠰᠡ ᠪᠠᠨ ᠵᠠᠪᠠᠯ ᠲᠡᠭᠰᠢ᠂ ᠵᠥᠪ ᠡᠮᠦᠰᠴᠦ᠂ ᠲᠡᠭᠦᠨ ᠢ ᠪᠠᠨ ᠠᠶᠢᠯ ᠳᠤ ᠵᠣᠴᠢᠯᠠᠬᠤ᠂ ᠠᠯᠢᠪᠠ ᠠᠬ᠎ᠠ ᠵᠠᠬ᠎ᠠ ᠬᠥᠮᠥᠨ ᠲᠠᠢ | ᠠᠭᠤᠯᠵᠠᠬᠤ ᠶᠢᠨ ᠡᠮᠦᠨ᠎ᠡ ᠲᠠᠭᠢᠨ ᠨᠢᠭᠲᠠᠯᠠᠳᠠᠭ ᠨᠢ ᠵᠣᠴᠢᠨ ᠢᠶᠠᠨ ᠬᠦᠨᠳᠦᠯᠡᠭᠰᠡᠨ ᠢᠶᠠᠨ ᠢᠯᠡᠷᠬᠡᠶᠢᠯᠡᠵᠦ ᠪᠤᠢ ᠶᠢᠨ ᠰᠢᠨᠵᠢ᠃ ᠮᠠᠯᠠᠭᠠᠢ ᠨᠢ ᠲᠤᠬᠠᠢ ᠶᠢᠨ ᠬᠥᠮᠥᠨ ᠤ | ᠨᠡᠶᠢᠭᠡᠮ ᠳᠤ ᠡᠵᠡᠯᠡᠬᠦ ᠪᠠᠶᠢᠷᠢ ᠰᠠᠭᠤᠷᠢ ᠶᠢ ᠢᠯᠡᠷᠬᠡᠶᠢᠯᠡᠳᠡᠭ ᠲᠤᠯᠠ ᠬᠠᠮᠤᠭ ᠤᠨ ᠬᠦᠨᠳᠦᠲᠡᠢ ᠳᠤ ᠲᠣᠭᠠᠴᠠᠭᠳᠠᠳᠠᠭ᠃ ᠮᠣᠩᠭᠤᠯᠴᠤᠳ ᠲᠣᠭᠤᠷᠴᠤᠭ᠂ ᠯᠣᠪᠤᠤᠵᠠ᠂ | ᠲᠦᠷᠪᠠᠨ ᠴᠢᠬᠢᠲᠡᠢ ᠱᠣᠪᠣᠭᠤᠷ ᠮᠠᠯᠠᠭᠠᠢ ᠵᠡᠷᠭᠡ ᠥᠪᠡᠷ ᠥᠪᠡᠷ ᠤᠨ ᠵᠣᠷᠢᠭᠤᠯᠤᠯᠲᠠ ᠪᠦᠬᠦᠢ 200 ᠭᠠᠷᠤᠢ ᠨᠡᠷ᠎ᠡ ᠲᠦᠷᠦᠯ ᠤᠨ ᠭᠡᠯᠪᠠᠷᠢ ᠬᠢᠴᠡ ᠲᠠᠢ ᠮᠠᠯᠠᠭᠠᠢ | ᠬᠢᠵᠦ᠂ ᠡᠮᠦᠰᠴᠦ ᠡᠳ᠋ᠯᠡᠵᠦ ᠢᠷᠡᠵᠠᠢ᠃ ᠮᠠᠯᠠᠭᠠᠢ ᠶᠢ ᠡᠪᠦᠯ᠂ ᠵᠤᠨ᠂ ᠬᠠᠪᠤᠷ᠂ ᠨᠠᠮᠤᠷ ᠤᠨ ᠬᠡᠮᠡᠨ ᠠᠩᠭᠢᠯᠠᠬᠤ ᠠᠴᠠ ᠭᠠᠳᠠᠨ᠎ᠠ ᠡᠷᠡᠭᠲᠡᠢ᠂ ᠡᠮᠡᠭᠲᠡᠢ᠂ ᠬᠡᠦᠬᠡᠳ ᠤᠨ | ᠭᠡᠵᠦ ᠵᠦᠢᠯᠴᠢᠯᠠᠨᠠ᠃ ᠮᠠᠯᠠᠭᠠᠢ ᠶᠢ ᠲᠣᠭᠤᠷᠴᠤᠭ ᠣᠷᠣᠢ ᠲᠠᠢ᠂ ᠲᠤᠭᠤᠯᠭ᠎ᠠ ᠣᠷᠣᠢ ᠲᠠᠢ᠂ ᠲᠤᠭ ᠣᠷᠣᠢ ᠲᠠᠢ ᠭᠡᠵᠦ ᠶᠠᠩᠵᠤ ᠪᠦᠷᠢ ᠪᠠᠷ ᠨᠡᠷᠡᠯᠡᠨ᠎ᠠ᠃ | ᠮᠠᠯᠠᠭᠠᠢ ᠶᠢᠨ ᠣᠷᠣᠢ ᠶᠢ ᠥᠨᠳᠥᠷ ᠪᠥᠮᠪᠥᠭᠡᠷ ᠬᠢᠵᠦ᠂ ᠨᠠᠷᠠᠨ ᠰᠠᠴᠤᠷᠠᠭ ᠮᠡᠲᠦ ᠰᠢᠷᠢᠭᠡᠰᠤᠨ ᠤ ᠲᠤᠭ᠎ᠠ ᠪᠠᠷ ᠶᠠᠮᠠᠷ ᠶᠠᠰᠤᠳᠠᠨ ᠪᠤᠯᠬᠤ ᠶᠢ ᠲᠣᠳᠣᠷᠠᠭᠤᠯᠵᠤ᠂ | ᠣᠷᠣᠢ ᠳᠤ ᠤᠯᠠᠭᠠᠨ ᠵᠠᠯᠠᠭ᠎ᠠ ᠬᠠᠳᠠᠵᠤ᠂ ᠬᠤᠶᠢᠰᠢ ᠬᠤᠶᠠᠷ ᠤᠯᠠᠭᠠᠨ ᠪᠦᠴᠡ ᠭᠠᠷᠭᠠᠨ ᠤᠷᠠᠯᠠᠳᠠᠭ ᠠᠴᠠ ᠮᠣᠩᠭᠤᠯ ᠣᠷᠣᠨ ᠶᠢᠷᠲᠢᠨᠴᠦ ᠳᠤ ᠮᠠᠨᠳᠤᠨ ᠪᠠᠳᠠᠷᠠᠬᠤ | ᠪᠣᠯᠲᠤᠭᠠᠢ ᠭᠡᠰᠡᠨ ᠪᠡᠯᠭᠡᠳᠡᠯ ᠲᠠᠢ ᠪᠣᠯᠣᠨ᠎ᠠ᠃ ᠮᠠᠯᠠᠭᠠᠢ ᠳᠤ ᠮᠥᠨ ᠬᠤᠷᠠᠭ᠎ᠠ᠂ ᠦᠨᠡᠭᠡ᠂ ᠪᠤᠯᠠᠭ᠎ᠠ᠂ ᠰᠤᠤᠰᠠᠷ᠂ ᠰᠢᠯᠦᠭᠦᠰᠦᠨ ᠤ ᠦᠰᠦ ᠬᠠᠳᠠᠳᠠᠭ᠃ | ᠭᠤᠳᠤᠯ | ᠭᠤᠳᠤᠯ ᠬᠥᠮᠥᠨ ᠤ ᠪᠡᠶ᠎ᠡ ᠶᠢᠨ ᠲᠤᠯᠭᠠᠭᠤᠷᠢ ᠬᠥᠯ ᠤᠨ ᠡᠮᠦᠰᠬᠡᠯ ᠲᠤᠯᠠ ᠲᠤᠯᠵᠤ ᠲᠦᠰᠢᠬᠦ᠂ ᠪᠠᠲᠤ ᠰᠠᠭᠤᠷᠢ ᠲᠠᠢ ᠶᠠᠪᠤᠬᠤ ᠶᠢ ᠪᠡᠯᠭᠡᠳᠡᠳᠡᠭ᠃ | ᠮᠣᠩᠭᠤᠯ ᠦᠨᠳᠦᠰᠦᠲᠡᠨ ᠡᠷᠲᠡ ᠴᠠᠭ ᠠᠴᠠ ᠠᠷᠠᠰᠤᠨ ᠲᠦᠷᠡᠢ ᠲᠠᠢ᠂ ᠰᠢᠷᠢᠮᠡᠯ ᠤᠯᠠ ᠲᠠᠢ᠂ ᠰᠠᠭᠠᠷᠢ ᠰᠠᠷᠢᠰᠤ ᠬᠠᠪᠴᠢᠭᠤᠯᠤᠭᠰᠠᠨ ᠡᠭᠡᠳᠡᠩ | ᠬᠤᠩᠰᠢᠶᠠᠷ ᠲᠠᠢ ᠭᠤᠳᠤᠯ ᠬᠢᠵᠦ ᠡᠮᠦᠰᠴᠡᠢ᠃ ᠭᠤᠳᠤᠯ ᠤᠨ ᠭᠡᠯᠪᠠᠷᠢ ᠬᠢᠴᠡ᠂ ᠵᠠᠭᠪᠤᠷ ᠲᠦᠷᠦᠯ ᠤᠨ ᠬᠤᠪᠢ ᠳᠤ ᠮᠠᠰᠢ ᠤᠯᠠᠨ ᠶᠠᠩᠵᠤ ᠪᠠᠶᠢᠳᠠᠭ᠃ | ᠲᠤᠬᠠᠶᠢᠯᠠᠪᠠᠯ᠂ ᠮᠣᠩᠭᠤᠯ ᠭᠤᠳᠤᠯ᠂ ᠪᠦᠷᠢᠶᠠᠳ ᠭᠤᠳᠤᠯ᠂ ᠣᠶᠢᠷᠠᠳ᠂ ᠴᠠᠷᠠᠭ᠂ ᠭᠤᠰᠤᠩ᠂ ᠪᠦᠭᠡ ᠶᠢᠨ ᠭᠤᠳᠤᠯ ᠵᠡᠷᠭᠡ ᠤᠯᠠᠨ ᠶᠠᠩᠵᠤ ᠶᠢᠨ ᠭᠡᠯᠪᠠᠷᠢ᠂ | ᠬᠡᠮᠵᠢᠶ᠎ᠡ᠂ ᠥᠩᠭᠡ ᠵᠢᠰᠦ ᠲᠠᠢ ᠭᠤᠳᠤᠯ ᠪᠠᠶᠢᠳᠠᠭ᠃ ᠬᠤᠷᠴᠢᠨ ᠭᠤᠳᠤᠯ ᠢ ᠤᠭᠠᠯᠵᠠ ᠶᠢᠨ ᠬᠢᠨᠢ ᠲᠤᠭ᠎ᠠ ᠪᠠᠷ ᠨᠡᠷᠡᠯᠡᠳᠡᠭ ᠪᠠ ᠭᠤᠣᠯᠳᠠᠭᠤ ᠨᠠᠢᠮᠠ ᠠᠴᠠ ᠭᠤᠴᠢᠨ | ᠬᠤᠶᠠᠷ ᠤᠭᠠᠯᠵᠠ ᠲᠠᠢ ᠪᠠᠶᠢᠳᠠᠭ᠃ ᠭᠤᠳᠤᠯ ᠨᠢ ᠪᠠᠶᠢᠭᠠᠯᠢ ᠳᠡᠯᠡᠬᠡᠢ ᠪᠠᠨ ᠡᠷᠭᠢᠮᠯᠡᠭᠦ᠂ ᠬᠥᠷᠥᠰᠥ ᠰᠢᠷᠣᠢ ᠪᠠᠨ ᠰᠡᠨᠳᠡᠶᠢᠯᠡᠬᠦ ᠦᠭᠡᠢ ᠪᠠᠶᠢᠬᠤ ᠨᠠᠷᠢᠨ ᠪᠡᠯᠭᠡᠳᠡᠯ ᠢ | ᠠᠬᠤᠭᠤᠯᠤᠭᠰᠠᠨ ᠡᠭᠡᠳᠡᠩ ᠬᠤᠩᠰᠢᠶᠠᠷ ᠲᠠᠢ ᠪᠠᠶᠢᠳᠠᠭ᠃ ᠬᠠᠭᠠᠳ ᠨᠣᠶᠠᠳ᠂ ᠮᠢᠳᠠᠬᠳᠠᠨ ᠯᠠᠮᠠ ᠨᠠᠷ ᠤᠨ ᠭᠤᠳᠤᠯ ᠢ ᠪᠢᠲᠡᠭᠦᠦ ᠵᠡᠭᠦᠦ ᠣᠷᠢᠶᠠᠬᠤ ᠪᠤᠶᠤ ᠰᠢᠷᠢᠨ | ᠬᠥᠭᠡᠮᠡᠶᠢᠯᠡᠬᠦ ᠠᠷᠭ᠎ᠠ ᠪᠠᠷ ᠪᠢᠲᠡᠭᠦᠦ ᠤᠭᠠᠯᠵᠠᠯᠠᠨ ᠤᠷᠠᠯᠠᠳᠠᠭ ᠪᠠᠶᠢᠪᠠ᠃ | ᠡᠮᠬᠢᠯᠡᠭᠴᠢ᠄ ᠦᠨᠡᠨᠵᠢᠷᠭᠠᠯ |