ᠮᠣᠩᠭᠤᠯᠴᠤᠳ ᠡᠷᠲᠡᠨ ᠠᠴᠠ ᠠᠪᠤᠭᠠᠳ ᠶᠢᠰᠦ ᠶᠢ ᠥᠯᠵᠡᠢ ᠪᠡᠯᠭᠡ ᠲᠠᠢ ᠲᠤᠭ᠎ᠠ ᠭᠡᠵᠦ ᠦᠵᠡᠭᠰᠡᠭᠡᠷ ᠢᠷᠡᠭᠰᠡᠨ ᠶᠤᠮ᠃ ᠶᠢᠰᠦᠨ ᠬᠦᠰᠡᠯ ᠤᠨ ᠪᠡᠯᠭᠡᠳᠡᠯ ᠨᠢ | ᠴᠤ ᠮᠣᠩᠭᠤᠯᠴᠤᠳ ᠤᠨ ᠰᠠᠶᠢᠨ ᠰᠠᠶᠢᠬᠠᠨ ᠤ ᠳᠦᠯᠦᠭᠡᠭᠢ ᠲᠡᠮᠡᠦᠯᠦᠯ ᠵᠣᠷᠢᠯᠲᠠ ᠶᠢ ᠬᠠᠷᠠᠭᠤᠯᠵᠤ ᠪᠠᠶᠢᠳᠠᠭ᠃ | ᠮᠥᠩᠬᠡ ᠶᠢᠨ ᠬᠦᠰᠡᠯ | ᠮᠣᠩᠭᠤᠯ ᠬᠥᠮᠥᠨ ᠤ ᠣᠶᠣᠨ ᠰᠠᠨᠠᠭᠠᠨ ᠳᠤ ᠮᠠᠰᠢ ᠡᠷᠲᠡᠨ ᠠᠴᠠ ᠮᠥᠩᠬᠡ ᠶᠢᠨ ᠰᠡᠳᠬᠢᠯᠭᠡ ᠳᠤᠰᠤᠭᠰᠠᠨ ᠶᠤᠮ᠃ ᠮᠥᠩᠬᠡ ᠶᠢᠨ ᠡᠩᠬᠡ ᠵᠢᠷᠭᠠᠯ ᠲᠠᠢ᠂ | ᠦᠬᠦᠰᠢ ᠦᠭᠡᠢ ᠮᠥᠩᠬᠡ ᠪᠠᠶᠢᠬᠤ ᠶᠢᠨ ᠬᠦᠰᠡᠯ ᠲᠠᠢ᠃ | ᠵᠢᠷᠭᠠᠯ ᠤᠨ ᠬᠦᠰᠡᠯ | ᠠᠮᠢᠳᠤ ᠶᠢᠨ ᠵᠢᠷᠭᠠᠯ ᠭᠡᠳᠡᠭ᠃ ᠵᠢᠷᠭᠠᠯ ᠤᠨ ᠳᠡᠭᠡᠳᠦ ᠨᠢ ᠰᠡᠳᠬᠢᠯ ᠤᠨ ᠵᠢᠷᠭᠠᠯ᠂ ᠵᠢᠷᠭᠠᠯ ᠠᠴᠠ ᠰᠠᠶᠢᠬᠠᠨ ᠶᠠᠭᠤᠮ᠎ᠠ ᠦᠭᠡᠢ᠃ ᠥᠰᠬᠦ ᠨᠠᠰᠤᠨ ᠤ ᠵᠢᠷᠭᠠᠯ ᠢ | ᠵᠢᠷᠭᠠᠯ ᠭᠡᠵᠦ ᠪᠦᠦ ᠪᠤᠳᠣ ᠭᠡᠵᠦ ᠬᠡᠯᠡᠳᠡᠭ᠃ | ᠦᠷ᠎ᠡ ᠶᠢᠨ ᠬᠦᠰᠡᠯ | ᠠᠶᠢᠯ ᠭᠡᠷ ᠤᠨ ᠪᠠᠳᠠᠷᠠᠨ ᠳᠡᠭᠵᠢᠷᠡᠬᠦ ᠶᠢᠨ ᠡᠬᠢ ᠪᠣᠯ ᠭᠠᠯ ᠭᠤᠯᠣᠮᠲᠠ ᠪᠠᠨ ᠰᠠᠬᠢᠵᠤ᠂ ᠭᠠᠯ ᠢᠶᠠᠨ ᠪᠠᠳᠠᠷᠠᠭᠠᠨ᠂ ᠭᠡᠷ ᠢᠶᠠᠨ ᠵᠠᠰᠠᠬᠤ ᠦᠷ᠎ᠡ ᠬᠡᠦᠬᠡᠳ | ᠪᠣᠯᠣᠨ᠎ᠠ᠃ ᠡᠶᠢᠮᠦ ᠤᠴᠢᠷ ᠠᠴᠠ ᠮᠣᠩᠭᠤᠯᠴᠤᠳ ︽ᠦᠷ᠎ᠡ ᠶᠢᠨ ᠪᠤᠶᠠᠨ︾ ᠭᠡᠵᠦ ᠦᠷ᠎ᠡ ᠬᠡᠦᠬᠡᠳ ᠢ ᠮᠥᠷᠥᠭᠡᠳᠴᠦ ᠪᠠᠶᠢᠳᠠᠭ᠃ ᠦᠷ᠎ᠡ ᠲᠠᠢ ᠬᠥᠮᠥᠨ ᠤ ᠡᠪᠦᠷ | ᠳᠤᠯᠠᠭᠠᠨ᠂ ᠦᠷ᠎ᠡ ᠦᠭᠡᠢ ᠬᠥᠮᠥᠨ ᠤ ᠡᠪᠦᠷ ᠬᠦᠢᠲᠡᠨ᠂ ᠦᠷ᠎ᠡ ᠲᠠᠢ ᠬᠥᠮᠥᠨ ᠤ ᠡᠪᠦᠷ ᠨᠦᠢᠲᠠᠨ᠂ ᠦᠷ᠎ᠡ ᠦᠭᠡᠢ ᠬᠥᠮᠥᠨ ᠤ ᠨᠢᠳᠦ ᠨᠦᠢᠲᠠᠨ ᠭᠡᠳᠡᠭ᠃ | ᠡᠷᠳᠡᠮ ᠤᠨ ᠬᠦᠰᠡᠯ | ᠡᠷᠳᠡᠮ ᠪᠣᠯ ᠭᠤᠷᠪᠠᠨ ᠪᠠᠶᠠᠨ ᠤ ᠳᠡᠭᠡᠳᠦ ᠳᠤ ᠣᠷᠣᠳᠠᠭ᠃ ᠬᠥᠮᠥᠨ ᠤ ᠣᠶᠣᠨ ᠤᠬᠠᠭᠠᠨ ᠨᠢ ᠬᠠᠮᠤᠭ ᠢ ᠪᠦᠲᠦᠭᠡᠵᠦ ᠪᠤᠯᠬᠤ ᠳᠤ ᠣᠷᠣᠰᠢᠵᠤ ᠪᠠᠶᠢᠨ᠎ᠠ᠃ | ᠮᠣᠩᠭᠤᠯ ᠬᠥᠮᠥᠨ ︽ᠡᠷᠳᠡᠮ ᠤᠨ ᠬᠦᠰᠡᠯ︾ ᠢ ︽ᠨᠣᠮ ᠤᠨ ᠡᠷᠳᠡᠮ︾᠂ ︽ᠤᠷᠠᠯᠠᠬᠤ ᠡᠷᠳᠡᠮ︾᠂ ︽ᠪᠦᠲᠦᠭᠡᠬᠦ ᠡᠷᠳᠡᠮ︾ ᠭᠡᠵᠦ ᠦᠵᠡᠳᠡᠭ᠃ ᠡᠷᠳᠡᠮᠲᠡᠨ | ᠬᠥᠮᠥᠨ ᠳᠠᠯᠠᠢ᠂ ᠡᠷᠳᠡᠮ ᠦᠭᠡᠢ ᠬᠥᠮᠥᠨ ᠪᠠᠯᠠᠢ ᠭᠡᠳᠡᠭ᠃ | ᠡᠷᠡᠭᠦᠯ ᠤᠨ ᠬᠦᠰᠡᠯ | ᠮᠣᠩᠭᠤᠯ ᠬᠥᠮᠥᠨ ᠤ ᠬᠡᠯᠡᠳᠡᠭ ︽ᠠᠮᠢᠳᠤ ᠶᠢᠨ ᠵᠢᠷᠭᠠᠯ︾ ᠭᠡᠳᠡᠭ ᠨᠢ ᠡᠷᠡᠭᠦᠯ ᠤᠨ ᠬᠦᠰᠡᠯ ᠶᠤᠮ᠃ ᠠᠮᠢᠳᠤ ᠶᠠᠪᠤᠪᠠᠯ ᠠᠷᠭ᠎ᠠ ᠨᠢ ᠣᠯᠳᠠᠨ᠎ᠠ᠃ ᠠᠮᠢᠳᠤ | ᠶᠠᠪᠤᠭᠰᠠᠨ ᠬᠥᠮᠥᠨ ᠠᠯᠲᠠᠨ ᠠᠶᠠᠭᠠᠨ ᠠᠴᠠ ᠤᠰᠤ ᠤᠤᠭᠤᠨ᠎ᠠ᠃ ᠡᠷᠡᠭᠦᠯ ᠶᠠᠪᠤᠪᠠᠯ ᠡᠷᠳᠡᠨᠢ ᠴᠦ ᠣᠯᠣᠨ᠎ᠠ᠂ ᠰᠠᠷᠠᠭᠤᠯ ᠶᠠᠪᠤᠪᠠᠯ ᠰᠤᠪᠤᠳ ᠴᠦ ᠣᠯᠣᠨ᠎ᠠ ᠭᠡᠵᠦ | ᠬᠡᠯᠡᠳᠡᠭ᠃ | ᠡᠨᠡᠷᠢᠯ ᠤᠨ ᠬᠦᠰᠡᠯ | ᠮᠣᠩᠭᠤᠯ ᠬᠥᠮᠥᠨ ᠤ ᠰᠡᠳᠬᠢᠯᠭᠡᠨ ᠳᠤ ︽ᠰᠠᠶᠢᠨ ᠰᠠᠨᠠᠭ᠎ᠠ︾ ᠭᠡᠵᠦ ᠪᠠᠶᠢᠳᠠᠭ᠃ ᠡᠨᠡ ᠨᠢ ᠥᠷᠭᠡᠨ ᠣᠶᠢᠯᠠᠭᠠᠯᠲᠠ ᠪᠠ ᠬᠥᠮᠥᠨ ᠬᠥᠮᠥᠨ ᠳᠡᠭᠡᠨ ᠨᠥᠬᠦᠷ | ᠪᠣᠯᠵᠤ ᠲᠡᠭᠦᠨ ᠢ ᠪᠠᠨ ᠡᠨᠡᠷᠢᠨ ᠬᠠᠶᠢᠷᠠᠯᠠᠬᠤ ᠨᠢᠭᠦᠯᠡᠰᠦᠩᠭᠦᠢ ᠰᠡᠳᠬᠢᠯ ᠢᠶᠠᠷ ᠡᠯᠪᠡᠷᠢᠬᠦ ᠤᠬᠠᠭᠠᠨ ᠶᠤᠮ᠃ ᠡᠯᠪᠡᠷᠢᠯ ᠡᠯᠢᠭᠡᠨ ᠳᠡᠭᠡᠨ ︽ᠰᠡᠳᠬᠢᠯ︾ ᠡᠨᠡᠷᠢᠭᠴᠢ | ᠵᠢᠷᠦᠬᠡᠨ ᠳᠡᠭᠡᠨ ᠭᠡᠳᠡᠭ᠃ | ᠡᠪ ᠡᠶ᠎ᠡ ᠶᠢᠨ ᠬᠦᠰᠡᠯ | ᠴᠢᠩᠭᠢᠰ ᠬᠠᠭᠠᠨ ᠤ ᠰᠤᠷᠭᠠᠯ ᠳᠤ ᠡᠷᠳᠡᠮ ᠤᠨ ᠳᠡᠭᠡᠳᠦ ᠡᠪ ᠬᠡᠮᠡᠭᠰᠡᠨ᠂ ᠡᠷᠳᠡᠮ ᠭᠡᠳᠡᠭ ᠨᠢ ᠵᠥᠪᠭᠡᠨ ᠨᠣᠮ ᠪᠢᠴᠢᠭ ᠢ ᠬᠡᠯᠡᠭᠰᠡᠨ ᠪᠢᠰᠢ᠂ ᠬᠥᠮᠥᠨ ᠤ | ᠣᠶᠣᠨ ᠤᠬᠠᠭᠠᠨ ᠤ ᠳᠡᠭᠡᠳᠦ ᠴᠢᠨᠠᠷ ᠢ ᠬᠡᠯᠡᠵᠡᠢ᠃ ᠲᠡᠷᠡ ᠨᠢ ᠨᠡᠶᠢᠭᠡᠮ ᠤᠨ ᠦᠵᠡᠯ ᠰᠠᠨᠠᠭᠠᠨ ᠤ ᠡᠪ ᠡᠶ᠎ᠡ ᠪᠤᠯᠬᠤ ᠶᠢ ᠬᠡᠯᠡᠪᠡ᠃ ︽ᠡᠪ ᠢᠶᠠᠷ ᠪᠦᠲᠦᠭᠡᠵᠦ | ᠡᠩᠬᠡ ᠪᠠᠷ ᠵᠢᠷᠭᠠᠨ᠎ᠠ᠂ ᠡᠪ ᠭᠡᠳᠡᠭ ᠬᠢᠵᠠᠭᠠᠷ ᠦᠭᠡᠢ᠂ ᠡᠷᠳᠡᠮ ᠭᠡᠳᠡᠭ ᠢᠷᠤᠭᠠᠷ ᠦᠭᠡᠢ᠂ ᠲᠥᠷᠥ ᠲᠦᠪᠰᠢᠨ ᠲᠦᠮᠡᠨ ᠠᠮᠤᠭᠤᠯᠠᠩ᠂ ᠡᠪᠯᠡᠭᠦᠯᠪᠡᠯ ᠡᠪᠡᠷ | ᠲᠤᠭᠤᠷᠠᠢ ᠬᠤᠶᠠᠷ ᠴᠦ ᠨᠡᠶᠢᠯᠡᠨ᠎ᠡ᠂ ᠡᠪ ᠦᠭᠡᠢ ᠪᠣᠯ ᠡᠯᠢᠭᠡ ᠪᠥᠭᠡᠷ᠎ᠡ ᠬᠤᠶᠠᠷ ᠴᠦ ᠨᠡᠶᠢᠯᠡᠬᠦ ᠦᠭᠡᠢ︾ ᠭᠡᠳᠡᠭ᠃ | ᠪᠤᠶᠠᠨ ᠤ ᠬᠦᠰᠡᠯ | ᠠᠮᠢᠳᠤᠷᠠᠬᠤᠢ ᠶᠢᠨ ᠶᠣᠰᠣᠨ ᠤ ᠨᠢᠭᠡ ᠵᠦᠢ ᠨᠢ ︽ᠪᠤᠶᠠᠨ︾ ᠭᠡᠵᠦ ᠮᠣᠩᠭᠤᠯ ᠬᠥᠮᠥᠨ ᠪᠢᠰᠢᠷᠡᠵᠦ ᠢᠷᠠᠵᠠᠢ᠃ ᠡᠨᠡ ᠪᠢᠰᠢᠷᠡᠯ ᠢᠶᠠᠷ ᠲᠥᠷᠥᠯᠬᠢ ᠶᠢᠨ | ᠵᠠᠶᠠᠭ᠎ᠠ ᠪᠠᠷ ᠡᠳ᠋ᠯᠡᠬᠦ ᠵᠢᠷᠭᠠᠯ᠂ ᠡᠳ᠋ ᠮᠠᠯ ᠢ ᠪᠠᠶᠠᠵᠢᠭᠤᠯᠬᠤ ᠪᠤᠶᠠᠨ ᠭᠡᠵᠦ ᠦᠵᠡᠵᠦ ᠪᠠᠶᠢᠪᠠ᠃ ᠦᠷ᠎ᠡ ᠲᠠᠢ ᠬᠥᠮᠥᠨ ᠡᠪᠦᠷ ᠳᠦᠭᠦᠷᠡᠩ᠂ ᠦᠷ᠎ᠡ ᠦᠭᠡᠢ ᠬᠥᠮᠥᠨ | ᠡᠮᠡᠭᠡᠯ ᠳᠦᠭᠦᠷᠡᠩ ᠭᠡᠳᠡᠭ᠃ | ᠪᠠᠶᠠᠨ ᠤ ᠬᠦᠰᠡᠯ | ᠮᠣᠩᠭᠤᠯᠴᠤᠳ ᠶᠢᠷᠲᠢᠨᠴᠦ ᠶᠢᠨ ᠭᠤᠷᠪᠠᠨ ᠪᠠᠶᠠᠨ ᠢ ᠡᠷᠳᠡᠮ ᠨᠣᠮ ᠳᠡᠭᠡᠳᠦ ᠪᠠᠶᠠᠨ᠂ ᠦᠷ᠎ᠡ ᠬᠡᠦᠬᠡᠳ ᠳᠤᠮᠳᠠ ᠪᠠᠶᠠᠨ᠂ ᠡᠳ᠋ ᠬᠥᠷᠥᠩᠭᠡ ᠠᠳᠠᠭ ᠤᠨ | ᠪᠠᠶᠠᠨ ᠭᠡᠵᠦ ᠬᠤᠪᠢᠶᠠᠳᠠᠭ᠃ | ᠢᠷᠡᠯᠲᠡ᠄ ᠮᠣᠩᠭᠤᠯ ᠰᠤᠳᠤᠯᠤᠯ ᠤᠨ ᠨᠡᠪᠲᠡᠷᠬᠡᠢ ᠲᠣᠯᠢ᠂ ᠬᠤᠯᠪᠤᠭ᠎ᠠ ᠰᠦᠯᠵᠢᠶ᠎ᠡ | ᠡᠮᠬᠢᠯᠡᠭᠴᠢ᠄ ᠦᠨᠡᠨᠵᠢᠷᠭᠠᠯ |