ᠮᠣᠩᠭᠤᠯᠴᠤᠳ ᠤᠨ ᠨᠠᠢᠮᠠᠨ ᠶᠡᠭᠡ ᠴᠡᠭᠡᠷ ᠶᠣᠰᠣᠨ ᠳᠤ ᠭᠠᠯ ᠤᠨ ᠲᠤᠬᠠᠢ ᠴᠡᠭᠡᠷ ᠶᠣᠰᠣᠨ᠂ ᠣᠰᠤᠨ ᠤ ᠲᠤᠬᠠᠢ ᠴᠡᠭᠡᠷ᠂ ᠡᠪᠡᠳᠴᠢᠨ ᠤ ᠲᠤᠬᠠᠢ ᠴᠡᠭᠡᠷ ᠶᠣᠰᠣᠨ᠂ | ᠲᠦᠷᠦᠵᠤ ᠮᠡᠨᠳᠦᠯᠡᠬᠦ ᠶᠢᠨ ᠴᠡᠭᠡᠷ ᠶᠣᠰᠣᠨ᠂ ᠡᠭᠦᠳᠡᠨ ᠪᠣᠱᠣᠭᠠᠨ ᠤ ᠲᠤᠬᠠᠢ ᠴᠡᠭᠡᠷ ᠶᠣᠰᠣᠨ᠂ ᠲᠣᠯᠣᠭᠠᠢ ᠢᠯᠪᠢᠵᠦ ᠪᠤᠯᠳᠠᠭ ᠦᠭᠡᠢ ᠴᠡᠭᠡᠷ ᠶᠣᠰᠣᠨ᠂ ᠨᠣᠬᠠᠢ ᠵᠣᠳᠣᠳᠠᠭ | ᠦᠭᠡᠢ ᠴᠡᠭᠡᠷ ᠶᠣᠰᠣᠨ᠂ ᠵᠣᠴᠢᠯᠠᠭᠤᠯᠬᠤ ᠴᠡᠭᠡᠷ ᠶᠣᠰᠣᠨ ᠵᠡᠷᠭᠡ ᠪᠤᠢ᠃ | ᠭᠠᠯ ᠤᠨ ᠲᠤᠬᠠᠢ ᠴᠡᠭᠡᠷ ᠶᠣᠰᠣᠨ | ᠮᠣᠩᠭᠤᠯᠴᠤᠳ ᠭᠠᠯ ᠤᠨ ᠪᠤᠷᠬᠠᠨ᠂ ᠭᠤᠯᠣᠮᠲᠠ ᠲᠤᠯᠭ᠎ᠠ ᠪᠠᠨ ᠳᠡᠭᠡᠳᠦᠯᠡᠨ ᠰᠢᠲᠦᠵᠦ᠂ ᠭᠠᠯ ᠢ ᠠᠯᠢᠪᠠ ᠮᠠᠭᠤ ᠮᠠᠭᠤᠬᠠᠢ ᠶᠠᠭᠤᠮ᠎ᠠ᠂ ᠭᠠᠢ ᠪᠠᠷᠴᠢᠳ ᠢ ᠵᠠᠶᠢᠯᠠᠭᠤᠯᠳᠠᠭ | ᠭᠡᠵᠦ ᠦᠵᠡᠳᠡᠭ᠃ ᠡᠶᠢᠮᠦ ᠠᠴᠠ ᠮᠣᠩᠭᠤᠯ ᠭᠡᠷ ᠲᠤ ᠣᠷᠣᠭᠰᠠᠨ ᠤ ᠳᠠᠷᠠᠭ᠎ᠠ᠂ ᠲᠤᠯᠭ᠎ᠠ ᠶᠢᠨ ᠳᠡᠭᠡᠷ᠎ᠡ ᠬᠥᠯ ᠢᠶᠠᠨ ᠰᠢᠷᠠᠬᠤ ᠶᠢ ᠴᠡᠭᠡᠷᠯᠡᠬᠦ ᠪᠥᠭᠡᠳ ᠭᠠᠯ ᠲᠤᠯᠭ᠎ᠠ ᠶᠢᠨ | ᠬᠠᠵᠠᠭᠤ ᠳᠤ ᠨᠦᠢᠲᠠᠨ ᠭᠤᠳᠤᠯ ᠱᠠᠬᠠᠢ ᠪᠠᠨ ᠡᠭᠡᠭᠡᠵᠦ ᠬᠠᠳᠠᠭᠠᠬᠤ ᠶᠢ ᠨᠡᠩ ᠶᠡᠭᠡ ᠴᠡᠭᠡᠷᠯᠡᠳᠡᠭ᠃ ᠪᠠᠰᠠ ᠲᠤᠯᠭ᠎ᠠ ᠶᠢᠨ ᠳᠡᠭᠡᠭᠦᠷ ᠠᠯᠬᠤᠬᠤ᠂ ᠲᠤᠯᠭᠠᠨ ᠳᠡᠭᠡᠷ᠎ᠡ ᠭᠢᠰᠬᠢᠬᠦ᠂ | ᠲᠠᠮᠠᠬᠢᠨ ᠭᠠᠩᠰᠠ ᠪᠠᠨ ᠲᠤᠯᠭ᠎ᠠ ᠶᠢᠨ ᠳᠡᠭᠡᠷ᠎ᠡ ᠭᠦᠪᠢᠬᠦ᠂ ᠶᠠᠭᠤᠮ᠎ᠠ ᠴᠣᠬᠢᠬᠤ᠂ ᠪᠤᠵᠠᠷ ᠪᠤᠷᠲᠠᠭ ᠶᠠᠭᠤᠮ᠎ᠠ ᠬᠢᠬᠦ ᠶᠢ ᠴᠡᠭᠡᠷᠯᠡᠳᠡᠭ᠃ ᠭᠢᠳᠤᠭ᠎ᠠ ᠪᠠᠷ ᠭᠠᠯ ᠭᠤᠴᠢᠯᠠᠬᠤ᠂ | ᠭᠢᠳᠤᠭ᠎ᠠ ᠶᠢ ᠭᠠᠯ ᠳᠣᠲᠣᠷ᠎ᠠ ᠣᠷᠤᠭᠤᠯᠬᠤ᠂ ᠲᠣᠭᠤᠭᠠᠨ ᠠᠴᠠ ᠭᠢᠳᠤᠭ᠎ᠠ ᠪᠠᠷ ᠮᠢᠬ᠎ᠠ ᠠᠪᠬᠤ ᠶᠢ ᠴᠡᠭᠡᠷᠯᠡᠳᠡᠭ᠃ | ᠣᠰᠤᠨ ᠤ ᠲᠤᠬᠠᠢ ᠴᠡᠭᠡᠷ | ᠮᠣᠩᠭᠤᠯᠴᠤᠳ ᠤᠰᠤ ᠶᠢ ᠷᠠᠰᠢᠶᠠᠨ ᠤ ᠳᠡᠭᠡᠳᠦ ᠭᠡᠵᠦ ᠦᠵᠡᠳᠡᠭ᠃ ᠡᠶᠢᠮᠦ ᠠᠴᠠ ᠭᠤᠣᠯ ᠤᠨ ᠣᠰᠤᠨ ᠳᠤ ᠭᠠᠷ ᠬᠥᠯ᠂ ᠪᠡᠶ᠎ᠡ ᠪᠠᠨ ᠤᠬᠢᠶᠠᠳᠠᠭ ᠦᠭᠡᠢ᠃ ᠨᠡᠩ ᠴᠦ | ᠭᠤᠣᠯ ᠮᠥᠷᠡᠨ ᠳᠤ ᠪᠤᠵᠠᠷ ᠪᠤᠷᠲᠠᠭ ᠬᠤᠭ ᠨᠣᠪᠰᠢ ᠬᠠᠶᠠᠬᠤ ᠶᠢ ᠴᠡᠭᠡᠷᠯᠡᠳᠡᠭ ᠪᠥᠭᠡᠳ ᠭᠤᠣᠯ ᠮᠥᠷᠡᠨ ᠤ ᠬᠠᠵᠠᠭᠤ ᠳᠤ ᠪᠡᠶ᠎ᠡ ᠪᠠᠨ ᠵᠠᠰᠠᠬᠤ ᠶᠢ ᠨᠡᠩ ᠴᠦ ᠴᠡᠭᠡᠷᠯᠡᠳᠡᠭ᠃ | ᠮᠣᠩᠭᠤᠯ ᠨᠤᠲᠤᠭ ᠭᠠᠩ ᠬᠠᠭᠤᠷᠠᠢ᠂ ᠣᠰᠤᠨ ᠤ ᠡᠬᠢ ᠰᠣᠷᠪᠤᠯᠵᠢ ᠳᠤᠲᠠᠮᠠᠭ᠂ ᠤᠰᠤ ᠡᠪᠡᠰᠦ ᠪᠠᠨ ᠲᠠᠭᠠᠨ ᠨᠡᠭᠦᠳᠡᠯᠯᠡᠨ ᠮᠠᠯᠵᠢᠵᠤ ᠠᠵᠤ ᠲᠦᠷᠦᠨ ᠠᠮᠢᠳᠤᠷᠠᠳᠠᠭ᠃ | ᠮᠣᠩᠭᠤᠯᠴᠤᠳ ᠲᠤ ᠠᠪᠴᠤ ᠬᠡᠯᠡᠪᠡᠯ᠂ ᠤᠰᠤ ᠪᠣᠯ ᠬᠥᠮᠥᠨ ᠮᠠᠯ ᠤᠨ ᠬᠢᠨᠢ ᠠᠮᠢ ᠨᠠᠰᠣᠨ ᠤ ᠡᠬᠢ ᠰᠣᠷᠪᠤᠯᠵᠢ ᠪᠤᠯᠳᠠᠭ ᠪᠣᠯᠬᠤᠷ ᠣᠰᠤᠨ ᠤ ᠠᠷᠢᠭᠤᠨ ᠴᠡᠪᠡᠷ ᠢ ᠬᠠᠮᠠᠭᠠᠯᠠᠵᠤ᠂ | ᠠᠷᠪᠢᠯᠠᠨ ᠭᠠᠮᠨᠠᠳᠠᠭ ᠶᠤᠮ᠃ ᠬᠡᠳᠦ᠋ᠢᠪᠡᠷ ᠤᠰᠤ ᠶᠢ ᠠᠷᠪᠢᠯᠠᠨ ᠭᠠᠮᠨᠠᠳᠠᠭ ᠪᠤᠯᠪᠠᠴᠣ ᠬᠠᠷ᠎ᠠ ᠤᠰᠤ ᠬᠠᠷᠠᠮᠨᠠᠬᠤ ᠶᠢ ᠴᠡᠭᠡᠷᠯᠡᠳᠡᠭ᠂ ᠪᠠᠰᠠ ᠬᠠᠷ᠎ᠠ ᠤᠰᠤ ᠶᠢ ᠰᠠᠮᠤᠷᠳᠠᠭ ᠦᠭᠡᠢ᠂ | ᠬᠤᠳᠳᠤᠭ ᠠᠴᠠ ᠲᠠᠲᠠᠵᠤ ᠭᠠᠷᠭᠠᠭᠰᠠᠨ ᠬᠤᠪᠣᠭᠤ ᠲᠠᠢ ᠤᠰᠤ ᠶᠢ ᠬᠤᠳᠳᠤᠭ ᠤᠷᠤᠭᠤ ᠪᠠᠨ ᠪᠤᠴᠠᠭᠠᠵᠤ ᠬᠢᠳᠡᠭ ᠦᠭᠡᠢ ᠴᠡᠭᠡᠷ ᠶᠣᠰᠣᠨ ᠪᠤᠢ᠃ ᠠᠶᠢᠯ ᠳᠤ ᠬᠥᠮᠥᠨ ᠠᠮᠢᠳᠠᠨ | ᠢᠷᠡᠬᠦ ᠦᠶ᠎ᠡ ᠳᠤ ᠬᠠᠷ᠎ᠠ ᠤᠰᠤ ᠨᠡᠷᠡᠬᠦ ︵ᠳᠣᠲᠣᠷ᠎ᠠ ᠨᠢ ᠶᠠᠭᠤᠮ᠎ᠠ ᠬᠢᠬᠦ ᠦᠭᠡᠢ︶᠂ ᠤᠳᠠᠭᠠᠨ ᠪᠤᠴᠠᠯᠭᠠᠬᠤ ᠶᠢ ᠴᠡᠭᠡᠷᠯᠡᠳᠡᠭ᠃ | ᠡᠪᠡᠳᠴᠢᠨ ᠤ ᠲᠤᠬᠠᠢ ᠴᠡᠭᠡᠷ ᠶᠣᠰᠣᠨ | ᠠᠶᠢᠯ ᠳᠤ ᠬᠡᠷᠪᠡ ᠬᠦᠨᠳᠦ ᠡᠪᠡᠳᠴᠢᠲᠡᠨ ᠪᠤᠶᠤ ᠠᠶᠤᠯᠲᠤ ᠠᠷᠬᠠᠭ ᠲᠤ ᠨᠡᠷᠪᠡᠭᠳᠡᠭᠰᠡᠨ ᠬᠥᠮᠥᠨ ᠪᠠᠶᠢᠬᠤ ᠳᠤ ᠭᠦᠷᠪᠡᠯ᠂ ᠭᠡᠷ ᠤᠨ ᠵᠡᠭᠦᠨ ᠲᠠᠯ᠎ᠠ ᠳᠤ ᠳᠡᠭᠡᠰᠦ ᠡᠯᠭᠦᠳᠡᠭ᠃ | ᠡᠨᠡ ᠨᠢ ᠠᠶᠢᠯ ᠤᠨ ᠭᠡᠷ ᠲᠤ ᠡᠪᠡᠳᠴᠢᠨ ᠲᠠᠢ ᠬᠥᠮᠥᠨ ᠪᠠᠶᠢᠭ᠎ᠠ᠂ ᠵᠣᠴᠢᠨ ᠵᠣᠴᠢᠯᠠᠬᠤ ᠲᠦᠭᠦᠮ ᠦᠭᠡᠢ ᠭᠡᠳᠡᠭ ᠢ ᠢᠯᠡᠳᠬᠡᠵᠦ ᠪᠠᠶᠢᠳᠠᠭ᠃ | ᠲᠦᠷᠦᠵᠤ ᠮᠡᠨᠳᠦᠯᠡᠬᠦ ᠶᠢᠨ ᠴᠡᠭᠡᠷ ᠶᠣᠰᠣᠨ | ᠪᠦᠰᠡᠭᠦ᠋ᠢᠴᠦᠳ ᠬᠡᠦᠬᠡᠳ ᠲᠦᠷᠤᠵᠤ᠂ ᠰᠠᠷ᠎ᠠ ᠳᠤ ᠰᠠᠭᠤᠭᠰᠠᠨ ᠦᠶ᠎ᠡ ᠳᠡᠭᠡᠨ ᠭᠠᠳᠠᠨ᠎ᠠ ᠶᠢᠨ ᠬᠥᠮᠥᠨ ᠢ ᠣᠷᠣᠭᠤᠯᠳᠠᠭ ᠦᠭᠡᠢ᠃ ᠡᠭᠦᠳᠡᠨ ᠤ ᠳᠡᠷᠭᠡᠳᠡ ᠢᠯᠡ | ᠬᠠᠷᠠᠭᠳᠠᠬᠤ ᠲᠡᠮᠳᠡᠭ ᠲᠠᠯᠪᠢᠳᠠᠭ᠃ ᠬᠡᠷᠪᠡ ᠬᠥᠪᠡᠭᠦᠨ ᠲᠦᠷᠦᠭᠰᠡᠨ ᠪᠣᠯ ᠨᠤᠮᠤ ᠰᠤᠮᠤ ᠡᠯᠭᠦᠬᠦ᠂ ᠥᠬᠢᠨ ᠲᠦᠷᠦᠭᠰᠡᠨ ᠪᠣᠯ ᠤᠯᠠᠭᠠᠨ ᠪᠥᠰ ᠤᠶᠠᠳᠠᠭ᠃ ᠵᠣᠴᠢᠨ ᠡᠨᠡ ᠬᠦ | ᠲᠡᠮᠳᠡᠭ ᠢ ᠦᠵᠡᠪᠡᠯ ᠡᠨᠡ ᠠᠶᠢᠯ ᠤᠨ ᠪᠦᠰᠡᠭᠦᠢ ᠬᠡᠦᠬᠡᠳ ᠲᠦᠷᠦᠵᠤ᠂ ᠰᠠᠷ᠎ᠠ ᠳᠤ ᠰᠠᠭᠤᠭᠰᠠᠨ ᠪᠠᠶᠢᠨ᠎ᠠ ᠭᠡᠵᠦ ᠮᠡᠳᠡᠭᠡᠳ ᠭᠡᠷ ᠲᠤᠨᠢ ᠣᠷᠣᠳᠠᠭ ᠦᠭᠡᠢ᠃ | ᠡᠭᠦᠳᠡᠨ ᠪᠣᠱᠣᠭᠠᠨ ᠤ ᠲᠤᠬᠠᠢ ᠴᠡᠭᠡᠷ ᠶᠣᠰᠣᠨ | ᠡᠭᠦᠳᠡᠨ ᠪᠣᠱᠣᠭᠠᠨ ᠳᠡᠭᠡᠷ᠎ᠡ ᠭᠢᠰᠬᠢᠳᠡᠭ ᠦᠭᠡᠢ᠂ ᠭᠡᠷ ᠲᠤ ᠣᠷᠣᠵᠤ ᠭᠠᠷᠬᠤ ᠳᠠᠭᠠᠨ ᠡᠭᠦᠳᠡᠨ ᠪᠣᠱᠣᠭᠠᠨ ᠳᠡᠭᠡᠷ᠎ᠡ ᠶᠠᠭᠠᠬᠢᠭᠰᠠᠨ ᠴᠦ ᠭᠢᠰᠬᠢᠳᠡᠭ ᠦᠭᠡᠢ᠃ ᠲᠠᠷᠢᠶᠠᠯᠠᠬᠤ | ᠣᠷᠣᠨ᠂ ᠬᠠᠭᠠᠰ ᠲᠠᠷᠢᠶᠠᠯᠠᠬᠤ ᠣᠷᠣᠨ ᠪᠤᠶᠤ ᠬᠠᠭᠠᠰ ᠮᠠᠯᠵᠢᠬᠤ ᠣᠷᠣᠨ ᠤ ᠮᠣᠩᠭᠤᠯᠴᠤᠳ ᠡᠨᠡ ᠬᠦ ᠴᠡᠭᠡᠷ ᠢ ᠶᠡᠬᠡᠳᠡ ᠡᠷᠭᠢᠮᠯᠡᠳᠡᠭ᠃ ᠡᠷᠲᠡᠨ ᠳᠤ ᠵᠠᠷᠢᠮ ᠬᠥᠮᠥᠨ ᠬᠢᠴᠢᠶᠡᠮᠵᠢ | ᠦᠭᠡᠢ ᠠᠴᠠ ᠪᠣᠯᠵᠤ ᠮᠣᠩᠭᠤᠯ ᠤᠨ ᠬᠠᠭᠠᠨ ᠤ ᠣᠷᠳᠣᠨ ᠤ ᠡᠭᠦᠳᠡᠨ ᠪᠣᠱᠣᠭᠠᠨ ᠳᠡᠭᠡᠷ᠎ᠡ ᠭᠢᠰᠬᠢᠭᠰᠡᠨ ᠠᠴᠠ ᠪᠣᠯᠵᠤ ᠴᠠᠭᠠᠵᠠᠯᠠᠭᠤᠯᠤᠭᠰᠠᠨ ᠶᠠᠪᠤᠳᠠᠯ ᠪᠤᠢ᠃ ᠡᠭᠦᠳᠡᠨ | ᠪᠣᠱᠤᠭ᠎ᠠ ᠶᠢᠨ ᠴᠡᠭᠡᠷ ᠶᠣᠰᠣ ᠶᠢ ᠴᠢᠩᠭᠢᠰ ᠬᠠᠭᠠᠨ ᠤ ︽ᠶᠡᠭᠡ ᠵᠠᠰᠠᠭ︾ ᠲᠤ ᠲᠣᠭᠲᠠᠭᠠᠭᠰᠠᠨ ᠪᠠᠶᠢᠳᠠᠭ᠃ ᠡᠨᠡ ᠬᠦ ᠴᠡᠭᠡᠷ ᠶᠣᠰᠣᠨ ᠣᠳᠤ ᠪᠤᠯᠳᠠᠯ᠎ᠠ ᠤᠯᠠᠮᠵᠢᠯᠠᠭᠳᠠᠭᠰᠠᠭᠠᠷ | ᠪᠠᠶᠢᠨ᠎ᠠ᠃ | ᠲᠣᠯᠣᠭᠠᠢ ᠢᠯᠪᠢᠵᠦ ᠪᠤᠯᠳᠠᠭ ᠦᠭᠡᠢ ᠴᠡᠭᠡᠷ ᠶᠣᠰᠣᠨ | ᠮᠣᠩᠭᠤᠯᠴᠤᠳ ᠤᠨ ᠳᠤᠮᠳᠠ ᠦᠯᠤ ᠲᠠᠨᠢᠬᠤ ᠬᠥᠮᠥᠨ᠂ ᠬᠡᠦᠬᠡᠳ ᠤᠨ ᠲᠣᠯᠣᠭᠠᠢ ᠶᠢ ᠢᠯᠪᠢᠵᠦ ᠪᠤᠯᠳᠠᠭ ᠦᠭᠡᠢ ᠶᠣᠰᠣᠨ ᠪᠤᠢ᠃ ᠬᠠᠭᠤᠴᠢᠨ ᠤ ᠦᠵᠡᠯᠲᠡ ᠪᠠᠷ ᠪᠣᠯ | ᠦᠯᠤ ᠲᠠᠨᠢᠬᠤ ᠬᠥᠮᠥᠨ ᠤ ᠭᠠᠷ ᠪᠤᠵᠠᠷ᠂ ᠭᠠᠢ ᠪᠠᠷᠴᠢᠳ ᠲᠠᠢ ᠪᠠᠶᠢᠳᠠᠭ᠃ ᠡᠶᠢᠮᠦ ᠠᠴᠠ ᠦᠯᠤ ᠲᠠᠨᠢᠬᠤ ᠬᠥᠮᠥᠨ ᠬᠡᠦᠬᠡᠳ ᠤᠨ ᠲᠣᠯᠣᠭᠠᠢ ᠶᠢ ᠢᠯᠪᠢᠪᠡᠯ ᠬᠡᠦᠬᠡᠳ ᠤᠨ ᠡᠷᠡᠭᠦᠯ | ᠮᠡᠨᠳᠣ ᠳᠤ ᠠᠰᠢᠭ ᠦᠭᠡᠢ ᠭᠡᠵᠦ ᠦᠵᠡᠳᠡᠭ᠃ | ᠨᠣᠬᠠᠢ ᠵᠣᠳᠣᠳᠠᠭ ᠦᠭᠡᠢ ᠴᠡᠭᠡᠷ ᠶᠣᠰᠣᠨ | ᠮᠠᠯᠴᠢᠨ ᠠᠶᠢᠯ ᠳᠤ ᠣᠴᠢᠬᠤ ᠳᠠᠭᠠᠨ ᠠᠶᠢᠯ ᠤᠨ ᠭᠡᠷ ᠤᠨ ᠭᠠᠳᠠᠨ᠎ᠠ ᠠᠭᠤᠵᠢᠭᠤ ᠬᠦᠷᠴᠦ ᠠᠨᠢᠷ ᠴᠢᠮᠡᠭᠡ ᠥᠭᠴᠦ᠂ ᠭᠡᠷ ᠤᠨ ᠡᠵᠡᠨ ᠭᠠᠷᠴᠤ ᠢᠷᠡᠭᠡᠳ ᠤᠭᠲᠤᠬᠤ ᠶᠢ | ᠬᠦᠯᠢᠶᠡᠬᠦ ᠶᠢᠨ ᠬᠠᠮᠲᠤ ᠨᠣᠬᠠᠢ ᠶᠢᠨ ᠪᠠᠶᠢᠳᠠᠯ ᠢ ᠰᠠᠶᠢᠲᠤᠷ ᠠᠩᠬᠠᠷᠤᠭᠰᠠᠨ ᠤ ᠳᠠᠷᠠᠭ᠎ᠠ ᠰᠠᠶ᠋ᠢ ᠤᠨᠤᠭᠠᠨ ᠠᠴᠠ ᠪᠠᠨ ᠪᠠᠭᠤᠳᠠᠭ᠃ ᠡᠨᠡ ᠨᠢ ᠠᠶᠢᠯ ᠤᠨ ᠨᠣᠬᠠᠢ ᠳᠤ | ᠬᠠᠵᠠᠭᠳᠠᠬᠤ ᠠᠴᠠ ᠰᠡᠷᠭᠡᠶᠢᠯᠡᠵᠦ ᠪᠠᠶᠢᠭ᠎ᠠ ᠶᠢᠨ ᠬᠡᠷᠡᠭ᠃ ᠠᠶᠢᠯ ᠤᠨ ᠨᠣᠬᠠᠢ ᠶᠢ ᠵᠣᠳᠣᠵᠤ ᠴᠣᠬᠢᠬᠤ ᠪᠤᠶᠤ ᠬᠠᠷᠢᠶᠠᠵᠤ ᠵᠦᠬᠡᠬᠦ ᠶᠢ ᠴᠡᠭᠡᠷᠯᠡᠳᠡᠭ᠃ ᠤᠴᠢᠷ ᠨᠢ ᠮᠣᠩᠭᠤᠯᠴᠤᠳ | ᠨᠣᠬᠠᠢ ᠶᠢ ᠨᠥᠬᠦᠷ ᠢᠶᠠᠨ ᠭᠡᠵᠦ ᠦᠵᠡᠳᠡᠭ ᠪᠥᠭᠡᠳ ᠡᠷᠲᠡᠨ ᠳᠤ ᠨᠣᠬᠠᠢ ᠶᠢ ᠠᠶᠢᠯ ᠤᠨ ᠨᠢᠭᠡ ᠪᠦᠯᠢ ᠪᠠᠷ ᠪᠤᠳᠣᠳᠠᠭ ᠪᠠᠶᠢᠭᠰᠠᠨ ᠭᠡᠳᠡᠭ᠃ | ᠵᠣᠴᠢᠯᠠᠭᠤᠯᠬᠤ ᠴᠡᠭᠡᠷ ᠶᠣᠰᠣᠨ | ᠵᠣᠴᠢᠨ ᠭᠡᠷ ᠲᠤ ᠣᠷᠣᠬᠤ ᠦᠶ᠎ᠡ ᠳᠤ ᠲᠡᠪᠡᠯ ᠬᠤᠪᠴᠠᠰᠤ ᠪᠠᠨ ᠠᠩᠬᠠᠷᠴᠤ ᠲᠡᠷᠢ ᠲᠡᠭᠰᠢ ᠪᠠᠶᠢᠯᠭᠠᠬᠤ᠂ ᠠᠶᠢᠯ ᠤᠨ ᠭᠡᠷ ᠲᠤ ᠲᠠᠰᠢᠭᠤᠷ ᠰᠢᠯᠪᠢᠭᠦᠷ᠂ ᠳᠡᠭᠡᠰᠦ ᠠᠪᠴᠤ | ᠣᠷᠣᠳᠠᠭ ᠦᠭᠡᠢ᠂ ᠲᠠᠰᠢᠭᠤᠷ ᠢᠶᠠᠨ ᠠᠶᠢᠯ ᠤᠨ ᠭᠡᠷ ᠤᠨ ᠪᠠᠷᠠᠭᠤᠨ ᠲᠠᠯ᠎ᠠ ᠳᠤ ᠭᠡᠷ ᠲᠦᠰᠢᠭᠦᠯᠦᠨ ᠪᠣᠰᠤᠭ᠎ᠠ ᠲᠠᠯᠪᠢᠳᠠᠭ᠃ ᠭᠡᠷ ᠲᠤ ᠣᠷᠣᠭᠰᠠᠨ ᠤ ᠳᠠᠷᠠᠭ᠎ᠠ ᠪᠤᠷᠬᠠᠨ ᠤ ᠬᠢᠨᠢ | ᠡᠮᠦᠨ᠎ᠡ ᠰᠠᠭᠤᠳᠠᠭ ᠦᠭᠡᠢ᠂ ᠪᠠᠷᠠᠭᠤᠨ ᠲᠠᠯ᠎ᠠ ᠳᠤᠨᠢ ᠰᠠᠭᠤᠳᠠᠭ᠃ ᠬᠡᠷᠪᠡ ᠴᠡᠭᠡᠷ ᠶᠣᠰᠣ ᠶᠢ ᠲᠠᠭᠠᠬᠤ ᠦᠭᠡᠢ ᠪᠣᠯ ᠠᠶᠢᠯ ᠤᠨ ᠬᠥᠮᠥᠨ ᠢ ᠭᠦᠨᠳᠦᠳᠭᠡᠵᠤ ᠦᠭᠡᠢ ᠳᠤ | ᠲᠣᠭᠠᠴᠢᠭᠳᠠᠨ᠎ᠠ᠃ | ᠢᠷᠡᠯᠲᠡ᠄ ︽ᠮᠣᠩᠭᠤᠯ ᠵᠠᠩ ᠦᠢᠯᠡ︾᠂ ᠬᠤᠯᠪᠤᠭ᠎ᠠ ᠰᠦᠯᠵᠢᠶ᠎ᠡ | ᠡᠮᠬᠢᠯᠡᠭᠴᠢ᠄ ᠦᠨᠡᠨᠵᠢᠷᠭᠠᠯ |