| | | ᠊᠊᠊᠊᠊᠊᠊᠊᠊ ᠪᠦᠭᠦ ᠤᠯᠤᠰ ᠤᠨ ᠰᠢᠯᠢᠳᠡᠭ ᠰᠢᠭᠦᠭᠴᠢ ᠸᠠᠩ ᠠᠢ ᠯᠢᠨ ᠢ ᠲᠡᠮᠳᠡᠭᠯᠡᠪᠡ | | | | | ᠨᠢᠭᠡ | ᠲᠥᠪ ᠭᠤᠣᠯᠴᠢ ᠬᠡᠮᠡᠭᠴᠢ ᠰᠢᠭᠦᠭᠴᠢ ᠬᠥᠮᠥᠨ ᠤ ᠠᠵᠢᠯ ᠤᠨ ᠰᠠᠬᠢᠭ᠎ᠠ᠂ ᠪᠤᠳᠣᠯ ᠤᠨ ᠲᠠᠰᠢᠭᠤᠷ ᠶᠤᠮ ᠰᠠᠨ᠃ ᠡᠭᠦᠨ ᠤ ᠰᠣᠷᠪᠤᠯᠵᠢ ᠨᠢ ᠬᠠᠤᠯᠢ ᠴᠠᠭᠠᠵᠠ | ᠪᠠᠶᠢᠳᠠᠭ ᠪᠣᠯ ᠡᠨᠡ ᠬᠠᠤᠯᠢ ᠴᠠᠭᠠᠵᠠ ᠪᠠᠨ ᠲᠥᠪ ᠴᠢᠬᠡᠴᠢ ᠪᠠᠷ ᠰᠠᠬᠢᠨ᠂ ᠬᠡᠷᠡᠭ ᠮᠠᠷᠭᠤᠯᠳᠤᠭᠠᠨ ᠢ ᠲᠥᠪ ᠭᠤᠣᠯᠴᠢ ᠪᠠᠷ ᠰᠢᠭᠦᠭᠰᠡᠨ ᠸᠠᠩ ᠠᠢ ᠯᠢᠨ ᠰᠢᠭᠦᠭᠴᠢ ᠶᠢᠨ | ᠲᠤᠬᠠᠢ ᠪᠢᠷ ᠬᠥᠰᠢᠵᠦ ᠪᠢᠯᠡ᠃ ᠲᠤᠰᠠᠴᠢ ᠰᠡᠳᠬᠢᠯ ᠭᠡᠭᠴᠢ ᠤᠯᠠᠭᠠᠨ ᠵᠢᠷᠦᠬᠡᠨ ᠤ ᠤᠭ ᠠᠴᠠ ᠡᠬᠢ ᠲᠠᠢ ᠪᠣᠯ ᠡᠨᠡ ᠰᠡᠳᠬᠢᠯ ᠤᠨ ᠢᠶᠠᠨ ᠲᠣᠭᠤᠷᠢᠨ ᠳᠤ ᠠᠯᠪᠠᠨ | ᠵᠢᠷᠤᠮ ᠤᠨ ᠠᠵᠢᠯᠯᠠᠭ᠎ᠠ ᠲᠠᠢ ᠸᠠᠩ ᠠᠢ ᠯᠢᠨ ᠰᠢᠭᠦᠭᠴᠢ ᠶᠢᠨ ᠲᠤᠬᠠᠢ ᠪᠤᠳᠤᠭ ᠦᠷᠦᠵᠦ ᠪᠢᠯᠡ᠃ | ᠪᠤᠭᠤᠲᠤ ᠬᠤᠳᠠ ᠶᠢᠨ ᠪᠠᠷᠠᠭᠤᠨ ᠲᠦᠮᠡᠳ ᠢᠶᠠᠷ ᠲᠥᠷᠬᠦᠮ ᠲᠠᠢ ᠸᠠᠩ ᠠᠢ ᠯᠢᠨ 2004 ᠣᠨ ᠤ ᠦᠶ᠎ᠡ ᠳᠤ ᠠᠯᠪᠠᠳᠠᠨ ᠤ ᠰᠢᠯᠭᠠᠯᠲᠠ ᠪᠠᠷ ᠳᠠᠮᠵᠢᠨ | ᠲᠦᠩᠯᠢᠶᠣᠣ ᠬᠤᠳᠠ ᠶᠢᠨ ᠬᠤᠷᠴᠢᠨ ᠲᠣᠭᠤᠷᠢᠭ ᠤᠨ ᠠᠷᠠᠳ ᠤᠨ ᠰᠢᠭᠦᠬᠦ ᠬᠤᠷᠢᠶ᠎ᠠ ᠳᠤ ᠠᠵᠢᠯ ᠤᠨ ᠭᠠᠷᠤᠭ᠎ᠠ ᠪᠠᠨ ᠡᠬᠢᠯᠡᠭᠦᠯᠵᠡᠢ᠃ ᠥᠭᠡᠷ᠎ᠡ ᠪᠠᠷ ᠬᠡᠯᠡᠪᠡᠯ ᠡᠨᠡ ᠨᠢ | ᠳᠠᠷᠤᠢ ᠠᠷᠠᠳ ᠲᠦᠮᠡᠨ ᠳᠡᠭᠡᠨ ᠠᠷᠢᠭᠤᠨ ᠴᠢᠬᠡᠴᠢ ᠪᠠᠷ ᠦᠢᠯᠡᠴᠢᠯᠡᠬᠦ ᠡᠭᠦᠷᠭᠡ ᠬᠠᠷᠢᠭᠤᠴᠠᠯᠭ᠎ᠠ ᠶᠢᠨ ᠡᠬᠢᠯᠡᠯ ᠪᠠᠶᠢᠭ᠎ᠠ ᠠᠵᠢ᠃ | ᠳᠡᠭᠡᠭᠦ ᠳᠤ ᠠᠭᠤᠤ ᠶᠡᠭᠡ ᠡᠬᠡ ᠤᠯᠤᠰ ᠤᠨ ᠮᠢᠨᠢ ᠪᠠᠶᠢᠭᠤᠯᠤᠭᠳᠠᠭᠰᠠᠨ 75 ᠵᠢᠯ ᠤᠨ ᠣᠢ ᠶᠢ ᠪᠡᠯᠭᠡᠯᠡᠬᠦ ᠴᠠᠶᠢᠯᠠᠯᠭ᠎ᠠ ᠳᠤ ᠸᠠᠩ ᠠᠢ ᠯᠢᠨ ᠵᠣᠯ ᠲᠠᠢ | ᠣᠷᠣᠯᠴᠠᠬᠰᠠᠨ ᠴᠢᠮᠡᠭᠡ ᠶᠢ ᠳᠣᠭᠤᠯᠣᠬᠰᠠᠨ ᠳᠣᠣᠷ᠎ᠠ ᠨᠢ ᠰᠣᠷᠪᠤᠯᠵᠢᠯᠠᠬᠴᠢ ᠬᠥᠮᠥᠨ ᠤ ᠬᠠᠯᠠᠭᠤᠨ ᠠᠭᠠᠳ ᠶᠠᠭᠠᠷᠠᠩᠭᠤᠢ ᠵᠠᠩ ᠢᠶᠠᠨ ᠳᠣᠪᠲᠣᠯᠭᠠᠵᠤ | ᠰᠤᠷᠪᠤᠯᠵᠢᠯᠠᠬᠤ ᠪᠠᠷ ᠭᠦᠷᠦᠭᠰᠡᠨ ᠮᠠᠨᠢ ᠦᠨᠡᠬᠡᠷ ᠴᠦ ᠭᠠᠨᠵᠤᠭ᠎ᠠ ᠪᠠᠨ ᠳᠦᠭᠦᠷᠭᠡᠭᠰᠡᠨ ᠠ᠋᠃ ᠳᠡᠷᠨ ᠴᠠᠶᠢᠯᠠᠯᠭ᠎ᠠ ᠳᠤ ᠪᠦᠭᠦ ᠥᠪᠡᠷᠲᠡᠭᠡᠨ ᠵᠠᠰᠠᠬᠤ ᠣᠷᠣᠨ ᠤ ᠰᠢᠭᠦᠬᠦ | ᠬᠤᠷᠢᠶᠠᠨ ᠤ ᠰᠢᠰᠲ᠋ᠧᠮ ᠤᠨ ᠴᠣᠷ ᠤᠨ ᠭᠠᠭᠴᠠ ᠲᠥᠯᠥᠭᠡᠯᠡᠭᠴᠢ ᠶᠢᠨ ᠬᠤᠪᠢ ᠪᠠᠷ ᠣᠷᠣᠯᠴᠠᠯ᠎ᠠ ᠭᠡᠳᠡᠭ ᠴᠢᠨᠢ ᠨᠠᠮ ᠳᠦᠷᠦ ᠶᠢᠨ ᠮᠢᠨᠢ ᠦᠨᠡᠯᠡᠯ ᠭᠡᠷᠡᠴᠢᠯᠡᠯ | ᠳᠠᠶᠢᠲᠠᠢ ᠬᠢᠷᠢ ᠨᠢ ᠭᠠᠨᠵᠤᠭ᠎ᠠ ᠶᠠᠭᠠᠬᠢᠨ ᠬᠤᠭᠤᠰᠤᠳᠠᠬᠤ ᠠᠵᠢ᠃ | — ᠵᠦᠭᠡᠷ ᠯᠡ ᠮᠥᠷᠥᠨ ᠤ ᠡᠭᠦᠷᠭᠡ ᠪᠠᠨ ᠭᠦᠢᠴᠡᠳᠬᠡᠵᠦ ᠪᠠᠶᠢᠭ᠎ᠠ ᠬᠡᠷᠡᠭ᠃ ᠨᠠᠮ ᠳᠦᠷᠦ ᠠᠴᠠ ᠨᠠᠮ᠎ᠠ ᠶᠢ ᠡᠶᠢᠨ ᠬᠦ ᠬᠠᠯᠠᠮᠵᠢᠯᠠᠭᠰᠠᠨ ᠨᠢ ᠰᠠᠨᠠᠭᠠᠨ ᠳᠤ | ᠪᠠᠶᠢᠭᠰᠠᠨ ᠦᠭᠡᠢ ᠪᠤᠯᠪᠠᠴᠣ ᠤᠯᠠᠮ ᠢᠶᠠᠷ ᠵᠣᠷᠢᠭᠵᠢᠵᠤ᠂ ᠤᠯᠠᠮ ᠢᠶᠠᠷ ᠢᠲᠡᠭᠡᠯ ᠲᠡᠭᠦᠯᠳᠡᠷ ᠪᠣᠯᠵᠤ ᠢᠷᠡᠯ᠎ᠡ ᠭᠡᠵᠦ ᠸᠠᠩ ᠠᠢ ᠯᠢᠨ ᠢᠨᠢᠶᠡᠰᠬᠢᠨ ᠶᠠᠷᠢᠨ᠎ᠠ᠃ ᠲᠡᠭᠦᠨ ᠤ | ᠶᠠᠷᠢᠬᠤ ᠨᠠᠮ ᠪᠥᠭᠡᠳ ᠯᠠᠪᠳᠠᠭᠤᠨ᠂ ᠶᠠᠮᠠᠷ ᠤᠨ ᠣᠮᠣᠷᠬᠠᠭ ᠤᠨ ᠴᠢᠷᠠᠢ ᠬᠠᠷᠠᠭᠤᠯᠬᠤ ᠦᠭᠡᠢ ᠨᠢ ᠵᠢᠷᠦᠬᠡ ᠪᠠᠨ ᠭᠠᠷ ᠲᠠᠭᠠᠨ ᠪᠠᠷᠢᠭᠰᠠᠨ ᠰᠣᠷᠪᠤᠯᠵᠢᠯᠠᠬᠴᠢ ᠳᠤ ᠵᠦᠭ | ᠴᠢᠭ ᠣᠯᠭᠤᠵᠤ᠂ ᠦᠭᠡᠨ ᠤ ᠠᠮᠠᠰᠠᠷ ᠢ ᠨᠡᠭᠡᠭᠡᠭᠰᠡᠨ ᠭᠡᠯᠲᠡᠢ᠃ | ᠬᠤᠶᠠᠷ | ᠡᠳᠦᠭᠡ ᠪᠤᠯᠬᠤ ᠳᠤ ᠳᠡᠷᠨ ᠪᠠᠷ ᠠᠵᠢᠯ ᠡᠭᠦᠷ ᠭᠦᠢᠴᠡᠳᠬᠡᠭᠰᠡᠨ ᠬᠤᠷᠢᠨ ᠵᠢᠯ ᠢ ᠠᠷᠤ ᠳᠠᠭᠠᠨ ᠣᠷᠭᠢᠵᠠᠢ᠃ ᠡᠨᠡ ᠬᠤᠷᠢᠨ ᠵᠢᠯ ᠳᠤ ᠡᠬᠡ ᠤᠯᠤᠰ ᠤᠨ ᠮᠢᠨᠢ | ᠥᠨᠴᠥᠭ ᠪᠤᠯᠣᠩ ᠪᠦᠷ ᠬᠤᠪᠢᠷᠠᠯᠲᠠ ᠬᠥᠭᠵᠢᠯᠲᠡ ᠶᠢᠨ ᠥᠩᠭᠡ ᠪᠤᠳᠤᠭ ᠥᠳᠬᠡᠷᠡᠵᠦ᠂ ᠭᠡᠷᠡᠯ ᠭᠢᠯᠪᠠᠭ᠎ᠠ ᠰᠠᠴᠤᠷᠠᠭᠰᠠᠨ ᠪᠣᠯ ᠸᠠᠩ ᠠᠢ ᠯᠢᠨ ᠤ ᠠᠷᠠᠳ | ᠲᠦᠮᠡᠨ ᠢᠶᠠᠨ ᠭᠡᠰᠡᠨ ᠠᠵᠢᠯ ᠦᠢᠯᠡᠰ ᠤᠨ ᠬᠢᠨᠢ ᠭᠠᠯ ᠰᠢᠭ᠋ ᠬᠠᠯᠠᠭᠤᠨ ᠰᠡᠳᠬᠢᠯᠭᠡ᠂ ᠲᠥᠪ ᠭᠤᠣᠯᠴᠢ ᠠ᠋ ᠭᠡᠰᠡᠨ ᠡᠭᠦᠷᠭᠡ ᠬᠠᠷᠢᠭᠤᠴᠠᠯᠭ᠎ᠠ ᠶᠢᠨ ᠬᠢᠨᠢ ᠨᠠᠷᠨ ᠰᠢᠭ᠋ | ᠭᠤᠣᠯ ᠱᠤᠭᠤᠮ ᠶᠡᠷᠦ ᠠᠴᠠ ᠬᠤᠪᠢᠷᠠᠭ᠎ᠠ ᠦᠭᠡᠢ᠃ ᠤᠷᠢᠳ ᠬᠤᠵᠢᠳ ᠵᠠᠬᠢᠳᠠᠯ ᠰᠣᠷᠪᠤᠯᠵᠢᠯᠠᠭ᠎ᠠ ᠶᠢᠨ ᠠᠯᠪᠠᠨ ᠭᠡᠷ᠂ ᠢᠷᠭᠡᠨ ᠤ ᠬᠡᠷᠡᠭ ᠢ ᠰᠢᠭᠦᠨ ᠲᠠᠰᠤᠯᠬᠤ | ᠲᠢᠩᠬᠢᠮ᠂ ᠠᠵᠤ ᠠᠬᠤᠢ ᠶᠢᠨ ᠬᠡᠷᠡᠭ ᠢ ᠰᠢᠭᠦᠨ ᠲᠠᠰᠤᠯᠬᠤ ᠲᠢᠩᠬᠢᠮ᠂ ᠬᠤᠶᠢᠲᠤ ᠳᠡᠭᠦᠷᠭᠡ ᠶᠢᠨ ᠰᠢᠭᠦᠬᠦ ᠲᠢᠩᠬᠢᠮ ᠤᠨ ᠦᠨᠡᠯᠡᠨ ᠪᠠᠶᠢᠴᠠᠭᠠᠬᠤ ᠠᠯᠪᠠᠨ ᠭᠡᠷ᠂ ᠰᠢᠭᠦᠨ | ᠳᠠᠰᠣᠯᠣᠯᠳᠠ ᠳᠤ ᠬᠢᠨᠠᠯᠲᠠ ᠳᠠᠯᠪᠢᠬᠤ ᠲᠢᠩᠬᠢᠮ᠂ ᠪᠠᠭᠠᠴᠤᠳ ᠤᠨ ᠶᠡᠷᠦᠩᠬᠡᠶᠢᠯᠡᠭᠰᠡᠨ ᠰᠢᠭᠦᠨ ᠲᠠᠰᠤᠯᠬᠤ ᠲᠢᠩᠬᠢᠮ᠂ ᠡᠷᠡᠭᠦᠦ ᠶᠢᠨ ᠬᠡᠷᠡᠭ ᠢ ᠰᠢᠭᠦᠨ ᠲᠠᠰᠤᠯᠬᠤ | ᠲᠢᠩᠬᠢᠮ ᠵᠡᠷᠭᠡ ᠠᠵᠢᠯ ᠤᠨ ᠪᠠᠶᠢᠷᠢ ᠳᠤ ᠬᠥᠯ ᠤᠨ ᠮᠥᠷ ᠢᠶᠠᠨ ᠦᠯᠡᠳᠡᠭᠡᠵᠦ᠂ ᠰᠡᠳᠬᠢᠯ ᠤᠨ ᠲᠠᠮᠢᠷ ᠢᠶᠠᠨ ᠰᠢᠩᠭᠡᠭᠡᠵᠦ ᠶᠠᠪᠤᠯ᠎ᠠ᠃ ᠶᠣᠰᠣᠲᠠᠢ ᠰᠠᠯᠬᠢ ᠪᠣᠷᠣᠭᠠᠨ ᠳᠤ | ᠦᠯᠦ ᠴᠤᠴᠠᠵᠤ᠂ ᠵᠤᠳ ᠰᠢᠭᠤᠷᠭ᠎ᠠ ᠳᠤ ᠦᠯᠦ ᠴᠥᠬᠦᠷᠡᠨ᠂ ᠲᠥᠪ ᠭᠤᠣᠯᠴᠢ ᠶᠢ ᠪᠠᠷᠢᠭᠰᠠᠭᠠᠷ ᠵᠠᠭᠠᠯᠳᠤᠭᠴᠢ᠂ ᠵᠠᠭᠠᠯᠳᠤᠭᠳᠠᠭᠴᠢ ᠬᠤᠶᠠᠷ ᠡᠲᠡᠭᠡᠳ ᠢ ᠡᠶᠡᠳᠡᠭᠦᠯᠬᠦ᠂ | ᠰᠢᠭᠦᠬᠦ ᠠᠵᠢᠯ ᠳᠤ ᠭᠠᠪᠰᠢᠭᠠᠶᠢᠯᠠᠭᠰᠠᠭᠠᠷ ᠢᠷᠡᠵᠡᠢ ᠭᠡᠪᠡᠯ ᠨᠢᠭᠡ ᠯᠡ ᠦᠭᠡ ᠠ᠋᠃ | ᠵᠠᠬᠢᠳᠠᠯ ᠰᠣᠷᠪᠤᠯᠵᠢᠯᠠᠭ᠎ᠠ ᠶᠢᠨ ᠠᠯᠪᠠᠨ ᠭᠡᠷ ᠲᠤ ᠠᠵᠢᠯᠯᠠᠵᠤ ᠪᠠᠶᠢᠬᠤ ᠳᠤ ᠨᠢᠭᠡᠨ ᠡᠳᠦᠷ ᠸᠠᠩ ᠠᠢ ᠯᠢᠨ ᠢ ᠠᠵᠢᠯ ᠳᠠᠭᠠᠨ ᠢᠷᠡᠬᠦ ᠳᠤ ᠨᠢᠭᠡᠨ ᠬᠥᠭᠰᠢᠨ ᠡᠵᠢ | ᠠᠯᠪᠠᠨ ᠭᠡᠷ ᠤᠨ ᠬᠢᠨᠢ ᠡᠭᠦᠳᠡ ᠶᠢ ᠨᠢ ᠳᠦᠰᠢᠨ ᠰᠠᠭᠤᠵᠤ ᠪᠠᠶᠢᠭᠰᠠᠨ ᠲᠠᠢ ᠲᠠᠭᠠᠷᠠᠯᠳᠤᠵᠠᠢ᠃ ᠸᠠᠩ ᠠᠢ ᠯᠢᠨ᠂ ᠬᠥᠭᠰᠢᠨ ᠡᠵᠢ ᠶᠢ ᠣᠷᠳᠣ ᠰᠠᠨᠳᠠᠯᠢ ᠳᠡᠭᠡᠷ᠎ᠡ | ᠳᠦᠰᠢᠨ ᠰᠠᠭᠤᠯᠭᠠᠪᠠ᠃ ᠣᠷᠳᠣ ᠰᠠᠨᠳᠠᠯᠢ ᠳᠡᠭᠡᠷ᠎ᠡ ᠰᠠᠭᠤᠭᠰᠠᠨ ᠬᠥᠭᠰᠢᠨ ᠡᠵᠢ ᠤᠴᠢᠷ ᠶᠠᠪᠤᠳᠠᠯ ᠢᠶᠠᠨ ᠥᠭᠦᠯᠡᠨ᠎ᠡ᠃ | ᠤᠤᠯ ᠨᠢ ᠬᠥᠭᠰᠢᠨ ᠡᠵᠢ ᠰᠥᠨᠢ ᠪᠠᠷ ᠲᠡᠷᠭᠡᠨ ᠳᠤ ᠰᠠᠭᠤᠵᠤ ᠬᠤᠳᠠ ᠳᠤ ᠢᠷᠡᠳᠡᠯ᠎ᠡ ᠪᠠᠨ ᠬᠤᠭᠤᠯᠨ ᠤᠮᠳᠠ ᠠᠮᠰᠠᠯ ᠦᠭᠡᠢ ᠥᠯᠥᠰᠴᠦ ᠤᠮᠳᠠᠭᠠᠰᠬᠤ᠂ | ᠶᠠᠳᠠᠷᠠᠵᠤ ᠵᠦᠳᠡᠷᠡᠬᠦ ᠳᠠᠪᠬᠤᠴᠠᠭᠤᠯᠵᠤ ᠳᠠᠷ ᠲᠡᠩᠬᠡᠭᠡ ᠪᠠᠨ ᠴᠦ ᠠᠯᠳᠠᠴᠢᠬᠠᠭᠰᠠᠨ ᠠᠵᠢ᠃ ᠬᠥᠭᠰᠢᠨ ᠡᠵᠢ᠂ ᠵᠠᠯᠠᠭᠤ ᠳᠠᠭᠠᠨ ᠲᠦᠩᠯᠢᠶᠣᠣ ᠬᠤᠳᠠ ᠶᠢᠨ ᠨᠢᠭᠡᠨ | ᠰᠢᠶᠠᠩ ᠳᠤ ᠠᠶᠢᠯ ᠭᠡᠷ ᠪᠣᠯᠤᠭᠰᠠᠨ ᠤ ᠳᠠᠷᠠᠭ᠎ᠠ ᠬᠤᠶᠠᠷ ᠥᠬᠢᠨ ᠦᠷ᠎ᠡ ᠲᠠᠢ ᠪᠣᠯᠵᠤ᠂ ᠰᠡᠭᠦᠯᠡᠷ ᠨᠢ ᠭᠡᠷ ᠠᠴᠠ ᠪᠠᠨ ᠰᠠᠯᠵᠤ ᠶᠠᠪᠤᠭᠰᠠᠨ ᠭᠡᠨ᠎ᠡ᠃ ᠣᠨ ᠵᠢᠯ | ᠰᠤᠨᠵᠢᠷᠠᠵᠤ᠂ ᠨᠠᠰᠤ ᠵᠢᠰᠦ ᠠᠬᠠᠰᠢᠷᠠᠬᠤ ᠶᠢᠨ ᠤᠯᠠᠮ ᠢᠶᠠᠷ ᠭᠡᠷ ᠲᠡᠭᠡᠨ ᠬᠠᠷᠢᠬᠤ ᠭᠡᠬᠦ ᠳᠤ ᠬᠤᠶᠠᠷ ᠥᠬᠢᠨ ᠨᠢ ᠠᠰᠠᠷᠠᠵᠤ ᠲᠡᠵᠢᠭᠡᠬᠦ ᠶᠢ ᠲᠡᠪᠴᠢᠭᠰᠡᠨ ᠠᠴᠠ ᠨᠠᠭᠠᠰᠢ | ᠢᠷᠡᠭᠰᠡᠨ ᠪᠠᠶᠢᠪᠠ᠃ ᠦᠨᠡᠨ ᠳᠡᠭᠡᠨ ᠡᠨᠡ ᠬᠦ ᠬᠡᠷᠡᠭ ᠨᠢ ᠵᠠᠬᠢᠳᠠᠯ ᠰᠣᠷᠪᠤᠯᠵᠢᠯᠠᠭ᠎ᠠ ᠶᠢᠨ ᠠᠯᠪᠠᠨ ᠭᠡᠷ ᠤᠨ ᠬᠢᠨ ᠤ ᠠᠵᠢᠯ ᠤᠨ ᠬᠦᠷᠢᠶ᠎ᠡ ᠬᠡᠪᠴᠢᠶᠡᠨ ᠳᠤ | ᠪᠠᠭᠲᠠᠬᠤ ᠦᠭᠡᠢ ᠨᠢ ᠮᠡᠳᠡᠭᠡᠵᠢ᠃ ᠸᠠᠩ ᠠᠢ ᠯᠢᠨ᠂ ᠬᠥᠭᠰᠢᠨ ᠡᠵᠢ ᠶᠢ ᠨᠠᠭᠠᠰᠢ ᠴᠠᠭᠠᠰᠢ ᠡᠷᠢᠭᠦᠯᠵᠦ ᠲᠦᠪᠳᠡᠬᠦ ᠦᠭᠡᠢ᠂ ᠬᠤᠭᠤᠯᠨ ᠤᠮᠳᠠ ᠥᠭᠴᠦ᠄ | — ᠣᠯᠠᠨ ᠲᠦᠮᠡᠨ ᠳᠤ ᠪᠠᠭ᠎ᠠ ᠬᠡᠷᠡᠭ ᠭᠡᠵᠦ ᠪᠠᠶᠢᠬᠤ ᠦᠭᠡᠢ᠂ ᠡᠵᠢ ᠲᠠᠨ ᠤ ᠤᠴᠢᠷ ᠢ ᠬᠠᠪᠰᠤᠷᠴᠤ ᠰᠢᠢᠳᠪᠦᠷᠢᠯᠡᠵᠦ ᠦᠭᠭᠦᠶ᠎ᠡ ᠭᠡᠯᠡ᠃ | ᠡᠶᠢᠨ ᠬᠦ᠋ ᠨᠢᠭᠡ ᠲᠠᠯ᠎ᠠ ᠪᠠᠷ ᠨᠠᠰᠤᠲᠠᠨ ᠤ ᠬᠤᠶᠠᠷ ᠥᠬᠢᠨ ᠤ ᠬᠢᠨᠢ ᠰᠠᠭᠤᠭ᠎ᠠ ᠳᠣᠰᠬᠤᠨ ᠲᠠᠢ ᠬᠠᠷᠢᠯᠴᠠᠵᠤ᠂ ᠨᠦᠭᠦᠭᠡ ᠲᠠᠯ᠎ᠠ ᠪᠠᠷ ᠬᠠᠮᠢᠶ᠎ᠠ ᠪᠦᠬᠦᠢ ᠲᠣᠭᠤᠷᠢᠨ | ᠰᠢᠭᠦᠬᠦ ᠲᠢᠩᠬᠢᠮ ᠤᠨ ᠬᠢᠨ ᠲᠠᠢ ᠬᠠᠷᠢᠯᠴᠠᠵᠤ᠂ ᠬᠠᠭᠠᠰ ᠡᠳᠦᠷ ᠤᠨ ᠴᠢᠷᠮᠠᠶᠢᠯᠭ᠎ᠠ ᠪᠠᠷ ᠬᠥᠭᠰᠢᠨ ᠡᠵᠢ ᠶᠢᠨ ᠬᠤᠶᠠᠷ ᠥᠬᠢᠨ ᠲᠠᠢ ᠠᠰᠠᠷᠠᠨ ᠲᠡᠵᠢᠭᠡᠬᠦ ᠬᠡᠯᠡᠯᠴᠡᠭᠡᠷ | ᠲᠣᠭᠲᠠᠵᠤ᠂ ᠳᠣᠰᠴᠣ ᠠᠪᠠᠴᠢᠭᠤᠯᠤᠭᠰᠠᠨ ᠪᠠᠶᠢᠪᠠ᠃ | ᠸᠠᠩ ᠠᠢ ᠯᠢᠨ ᠤ ᠠᠯᠪᠠᠨ ᠭᠡᠷ ᠲᠤ ᠨᠠᠰᠤᠲᠠᠶᠢᠴᠤᠳ ᠣᠯᠠᠨᠲᠠ ᠢᠷᠡᠳᠡᠭ ᠪᠥᠭᠡᠳ ᠸᠠᠩ ᠠᠢ ᠯᠢᠨ ᠴᠦ ᠨᠠᠶᠢᠳᠠᠪᠤᠷᠢ ᠳᠠᠭᠠᠭᠠᠪᠤᠷᠢ ᠶᠢᠨ ᠤᠳᠬ᠎ᠠ ᠪᠠᠷ | ︽ᠠᠶᠢᠯᠴᠢᠯᠠᠵᠤ ᠢᠷᠡᠭᠰᠡᠨ︾ ᠨᠠᠰᠤᠲᠠᠶᠢᠴᠤᠳ ᠲᠤ ᠬᠤᠭᠤᠯᠨ ᠤᠮᠳᠠ ᠳᠥᠬᠦᠭᠦᠯᠵᠦ ᠦᠭᠳᠡᠭ ᠨᠢ ᠶᠡᠷᠦ ᠶᠢᠨ ᠦᠵᠡᠭᠳᠡᠯ ᠪᠣᠯᠴᠢᠬᠠᠭᠰᠠᠨ ᠭᠡᠬᠦ ᠶᠤᠮ᠃ ᠡᠶᠢᠨ ᠬᠦ | ᠰᠣᠷᠪᠤᠯᠵᠢᠯᠠᠬᠴᠢ ᠸᠠᠩ ᠠᠢ ᠯᠢᠨ ᠠᠴᠠ᠄ | — ᠳᠡᠷᠨ ᠦᠶ᠎ᠡ ᠳᠤ ᠶᠠᠭᠤ ᠶᠢ ᠪᠤᠳᠣᠵᠣ ᠬᠤᠭᠤᠯᠨ ᠤᠮᠳᠠ ᠶᠢ ᠭᠦᠷᠳᠡᠯ᠎ᠡ ᠥᠭᠴᠦ ᠪᠠᠶᠢᠪᠠ ᠪᠢᠯᠡ︖ ᠭᠡᠵᠦ ᠠᠰᠠᠭᠤᠯ᠎ᠠ᠃ | — ᠵᠠᠷᠢᠮ ᠨᠢ ᠬᠤᠯᠨ ᠵᠠᠮ ᠬᠥᠭᠡᠭᠡᠵᠦ ᠢᠷᠡᠭᠰᠡᠨ ᠪᠣᠯ ᠥᠯᠥᠰᠴᠦ ᠤᠮᠳᠠᠭᠠᠰᠬᠤ ᠭᠡᠭᠴᠢ ᠬᠡᠴᠡᠭᠦᠦ ᠶᠤᠮ᠃ ᠨᠠᠰᠤ ᠥᠨᠳᠥᠷ ᠬᠥᠮᠥᠰ ᠨᠠᠮ᠎ᠠ ᠶᠢ ᠡᠷᠢᠭᠡᠳ | ᠢᠷᠡᠬᠦ ᠳᠤ ︽ᠴᠠᠢ ᠴᠦ ᠦᠭᠡᠢ᠂ ᠴᠢᠷᠠᠢ ᠴᠦ ᠦᠭᠡᠢ︾ ᠵᠦᠯᠴᠢᠢᠭᠡᠳ ᠪᠠᠶᠢᠯᠲᠠᠢ ᠪᠢᠰᠢ ᠭᠡᠵᠦ ᠸᠠᠩ ᠠᠢ ᠯᠢᠨ ᠬᠠᠷᠢᠭᠤ ᠥᠭᠴᠦ ᠪᠢᠯᠡ᠃ | ᠣᠨ ᠵᠢᠯ ᠥᠭᠰᠥᠨ᠎ᠡ᠂ ᠮᠡᠳᠡᠯᠭᠡ ᠲᠤᠷᠰᠢᠯᠭ᠎ᠠ ᠥᠷᠭᠡᠵᠢᠨ᠎ᠡ᠃ | ᠸᠠᠩ ᠠᠢ ᠯᠢᠨ᠂ ᠡᠩ ᠤᠨ ᠪᠢᠴᠢᠭᠡᠴᠢ ᠪᠠᠶᠢᠭᠰᠠᠨ ᠠᠴᠠ ᠪᠠᠨ ᠠᠯᠬᠤᠮ ᠠᠯᠬᠤᠮ ᠢᠶᠠᠷ ᠳᠠᠪᠰᠢᠵᠤ ᠰᠢᠭᠦᠭᠴᠢ ᠪᠣᠯᠵᠠᠢ᠃ | — ᠲᠥᠪ ᠭᠤᠣᠯᠴᠢ ᠪᠠᠶᠢᠬᠤ ᠨᠢ ᠬᠠᠤᠯᠢ ᠪᠠᠷ ᠵᠠᠰᠠᠬᠤ ᠶᠢᠨ ᠠᠮᠢᠨ ᠰᠤᠳᠠᠰᠤ ᠪᠢᠯᠡ᠃ ᠥᠭᠡᠷ᠎ᠡ ᠪᠠᠷ ᠬᠡᠯᠡᠪᠡᠯ ᠲᠥᠪ ᠭᠤᠣᠯᠴᠢ ᠬᠡᠵᠢᠶ᠎ᠡ ᠦᠷᠭᠦᠯᠵᠢᠳᠡ | ᠪᠢᠳᠡᠨ ᠲᠠᠢ ᠬᠠᠮᠲᠤ ᠪᠠᠶᠢᠮᠠᠨᠵᠢᠨ ᠰᠠᠶ᠋ᠢ ᠠᠷᠠᠳ ᠲᠦᠮᠡᠨ ᠵᠣᠯ ᠵᠢᠷᠭᠠᠯ ᠤᠨ ᠳᠠᠯᠠᠢ ᠳᠤ ᠱᠤᠮᠪᠠᠭ᠋ᠤ ᠪᠣᠯᠣᠨ᠎ᠠ᠃ | ᠸᠠᠩ ᠠᠢ ᠯᠢᠨ ᠥᠪᠡᠷ ᠤᠨ ᠪᠡᠶ᠎ᠡ ᠳᠡᠭᠡᠨ ᠦᠷᠭᠦᠯᠵᠢ ᠬᠡᠯᠡᠳᠡᠭ ᠡᠨᠡ ᠦᠭᠡ ᠶᠢ ᠪᠠᠨ ᠥᠨᠥᠳᠥᠷ ᠰᠣᠷᠪᠤᠯᠵᠢᠯᠠᠬᠴᠢ ᠳᠤ ᠳᠠᠪᠲᠠᠨ᠎ᠠ᠃ ᠳᠡᠷᠨ ᠠᠯᠢᠪᠠ ᠬᠡᠷᠡᠭ | ᠤᠴᠢᠷ ᠢ ᠰᠢᠢᠳᠪᠦᠷᠢᠯᠡᠬᠦ ᠳᠤ ᠤᠷᠢᠳ ᠢᠶᠠᠷ ᠪᠤᠰᠤᠳ ᠤᠨ ᠲᠥᠯᠥᠭᠡ ᠪᠣᠳᠣᠯᠬᠢᠯᠠᠵᠤ᠂ ᠪᠤᠰᠤᠳ ᠲᠤ ᠬᠠᠯᠠᠭᠤᠮᠰᠤᠭ ᠢᠶᠠᠷ ᠬᠠᠨᠳᠤᠵᠤ᠂ ᠵᠠᠭᠠᠯᠳᠤᠯᠭ᠎ᠠ ᠬᠢᠬᠦ ᠪᠠᠷ | ᠢᠷᠡᠭᠰᠡᠨ ᠬᠥᠮᠥᠨ ᠤ ᠲᠣᠭᠠᠴᠢᠯᠲᠠ ᠶᠢ ᠰᠡᠳᠬᠢᠯ ᠲᠠᠯᠪᠢᠨ ᠰᠣᠨᠣᠰᠴᠤ᠂ ᠡᠨᠡ ᠰᠠᠭᠤᠷᠢᠨ ᠳᠡᠭᠡᠷ᠎ᠡ ᠪᠠᠨ ᠨᠠᠷᠢᠨ ᠨᠢᠮᠪᠠᠢ ᠵᠠᠳᠠᠯᠤᠨ ᠰᠢᠨᠵᠢᠯᠡᠵᠦ᠂ ᠲᠤᠰᠬᠠᠢ | ᠮᠡᠷᠭᠡᠵᠢᠯ ᠤᠨ ᠬᠠᠷᠢᠭᠤᠯᠲᠠ ᠦᠭᠳᠡᠭ ᠪᠠᠶᠢᠪᠠ᠃ ᠠᠵᠢᠯ ᠤᠨ ᠳᠤᠮᠳᠠ ᠪᠠᠨ ᠲᠡᠭᠦᠨ ᠤ ᠡᠭᠦᠷᠭᠡ ᠲᠤᠰᠢᠶᠠᠯ ᠢᠶᠠᠨ ᠰᠢᠳᠤᠷᠭᠤ ᠪᠠᠷ ᠭᠦᠢᠴᠡᠳᠬᠡᠵᠦ᠂ ᠬᠦᠴᠢᠷ ᠠᠴᠠ | ᠠᠶᠤᠬᠤ ᠦᠭᠡᠢ ᠰᠢᠭᠤᠷᠬᠠᠢ ᠵᠢᠳᠬᠦᠬᠦ ᠤᠭ ᠰᠠᠨᠠᠭ᠎ᠠ ᠨᠢ ᠤᠯᠠᠮ ᠢᠶᠠᠷ ᠪᠠᠲᠤᠵᠢᠵᠤ ᠢᠷᠡᠨ᠎ᠡ᠃ | 2006 ᠣᠨ ᠠᠴᠠ ᠳᠡᠷᠨ ᠪᠠᠷ ᠢᠷᠭᠡᠨ ᠤ ᠪᠠ ᠬᠤᠳᠠᠯᠳᠤᠭᠠᠨ ᠤ ᠬᠡᠷᠡᠭ ᠢ ᠰᠢᠭᠦᠨ ᠲᠠᠰᠤᠯᠬᠤ ᠠᠵᠢᠯ ᠢ ᠡᠬᠢᠯᠡᠨ ᠭᠦᠢᠴᠡᠳᠬᠡᠵᠡᠢ᠃ ᠡᠶᠢᠨ ᠬᠦ ᠲᠡᠭᠦᠨ ᠤ | ᠰᠢᠭᠦᠨ ᠳᠠᠰᠣᠯᠣᠬᠰᠠᠨ ᠬᠡᠷᠡᠭ ᠤᠨ ᠣᠯᠠᠩᠬᠢ ᠨᠢ ᠡᠶᠡᠳᠡᠭᠦᠯᠬᠦ ᠪᠠ ᠵᠠᠭᠠᠯᠳᠤᠯᠭ᠎ᠠ ᠶᠢ ᠨᠢ ᠪᠤᠴᠠᠭᠠᠬᠤ ᠠᠷᠭ᠎ᠠ ᠪᠠᠷ ᠰᠢᠢᠳᠪᠦᠷᠢᠯᠡᠭᠳᠡᠭᠰᠡᠨ ᠪᠠᠶᠢᠳᠠᠭ᠃ ᠳᠡᠷᠨ | ᠮᠥᠷᠲᠡᠭᠡᠨ ᠵᠠᠭᠠᠯᠳᠤᠯᠭ᠎ᠠ ᠲᠠᠢ ᠬᠠᠮᠢᠶ᠎ᠠ ᠪᠦᠬᠦᠢ ᠬᠥᠮᠥᠰ ᠤᠨ ᠣᠯᠠᠩᠬᠢ ᠨᠢ ᠸᠠᠩ ᠠᠢ ᠯᠢᠨ ᠤ ᠰᠢᠭᠦᠵᠦ ᠰᠢᠢᠳᠪᠦᠷᠢᠯᠡᠬᠦ ᠳᠤ ᠰᠡᠳᠬᠢᠯ ᠬᠠᠨᠣᠮᠵᠢᠳᠠᠢ᠂ ᠵᠠᠷᠭᠤᠯᠳᠤᠨ | ᠵᠠᠭᠠᠯᠳᠤᠭᠰᠠᠨ ᠪᠠᠶᠢᠳᠠᠯ ᠢᠯᠡᠷᠡᠭᠰᠡᠨ ᠦᠭᠡᠢ ᠨᠢ ᠦᠨᠡᠬᠡᠷ ᠴᠦ ᠬᠥᠮᠥᠰ ᠢ ᠪᠢᠰᠢᠷᠡᠭᠦᠯᠦᠮ᠎ᠡ ᠪᠢᠯᠡ᠃ | ᠨᠢᠭᠡᠨ ᠵᠠᠯᠠᠭᠤ ᠰᠢᠭᠦᠭᠴᠢ᠂ ᠸᠠᠩ ᠠᠢ ᠯᠢᠨ ᠠᠴᠠ ᠶᠠᠮᠠᠷ ᠮᠡᠷᠭᠡᠨ ᠠᠷᠭ᠎ᠠ ᠪᠠᠷ ᠬᠡᠷᠡᠭ ᠰᠢᠢᠳᠪᠦᠷᠢᠯᠡᠳᠡᠭ ᠢ ᠨᠢ ᠠᠰᠠᠭᠤᠵᠤ ︽ᠨᠣᠮ ᠵᠠᠯᠠᠯ᠎ᠠ︾ ᠭᠡᠬᠦ ᠶᠤᠮ᠃ ᠬᠠᠷᠢᠭᠤ | ᠳᠤᠨᠢ ᠸᠠᠩ ᠠᠢ ᠯᠢᠨ᠄ | — ᠡᠷᠬᠡᠪᠰᠢ ᠠᠷᠠᠳ ᠣᠯᠠᠨ ᠢ ᠭᠦᠨᠳᠦᠳᠭᠡᠵᠦ᠂ ᠠᠷᠠᠳ ᠣᠯᠠᠨ ᠤ ᠪᠠᠨ ᠲᠥᠯᠥᠭᠡ ᠰᠡᠳᠬᠢᠯ ᠲᠠᠯᠪᠢᠵᠤ᠂ ᠢᠯᠡᠭᠦᠦ ᠠᠰᠠᠭᠤᠵᠤ ᠰᠤᠷᠪᠤᠯᠵᠢᠯᠠᠵᠤ᠂ ᠢᠯᠡᠭᠦᠦ | ᠰᠤᠳᠤᠯᠤᠨ ᠰᠢᠨᠵᠢᠯᠡᠵᠦ᠂ ᠡᠶᠡᠳᠡᠭᠦᠯᠭᠡ ᠬᠢᠬᠦ ᠪᠠᠷ ᠭᠤᠣᠯᠴᠢᠯᠠᠵᠤ᠂ ᠪᠣᠳᠠᠲᠠᠢ ᠪᠥᠭᠡᠳ ᠨᠠᠷᠢᠯᠢᠭ ᠭᠦᠢᠴᠡᠳᠬᠡᠬᠦ ᠬᠡᠷᠡᠭᠲᠡᠢ᠃ ᠬᠡᠷᠪᠡ ᠶᠠᠭᠠᠷᠠᠵᠤ ᠰᠠᠨᠳᠤᠷᠤᠨ᠂ | ᠪᠦᠳᠦᠭᠦᠪᠴᠢ ᠪᠠᠷ ᠬᠠᠨᠳᠤᠪᠠᠯ ᠬᠡᠷᠡᠭ ᠢ ᠲᠦᠭᠦᠬᠡᠶᠢᠷᠡᠭᠦᠯᠵᠦ᠂ ᠭᠡᠮ ᠪᠤᠷᠤᠭᠤ ᠲᠠᠢ ᠪᠤᠯᠭᠠᠵᠣ ᠮᠡᠳᠡᠨ᠎ᠡ ᠰᠢᠦ ᠭᠡᠵᠦ ᠬᠡᠯᠡᠭᠰᠡᠨ ᠪᠠᠶᠢᠪᠠ᠃ | ᠳᠡᠶᠢᠮᠦ ᠠ᠋᠂ ᠸᠠᠩ ᠠᠢ ᠯᠢᠨ ᠰᠢᠭᠦᠨ ᠳᠠᠰᠣᠯᠣᠯᠳᠠ ᠬᠢᠬᠦ ᠳᠡᠭᠡᠨ ᠡᠩ ᠲᠡᠷᠢᠭᠦᠨ ᠳᠤ ᠡᠶᠡᠳᠡᠭᠦᠯᠬᠦ ᠶᠢ ᠪᠣᠳᠣᠯᠬᠢᠯᠠᠵᠤ᠂ ᠳᠠᠷᠠᠭ᠎ᠠ ᠨᠢ ᠰᠠᠶ᠋ᠢ ᠰᠢᠭᠦᠨ ᠲᠠᠰᠤᠯᠬᠤ | ᠠᠷᠭ᠎ᠠ ᠶᠢ ᠠᠪᠤᠭᠰᠠᠭᠠᠷ ᠢᠷᠡᠭᠰᠡᠨ ᠨᠢ ᠬᠤᠶᠠᠷ ᠲᠠᠯ᠎ᠠ ᠶᠢᠨ ᠡᠷᠬᠡ ᠠᠰᠢᠭ ᠢ ᠬᠠᠮᠲᠤ ᠳᠤᠨᠢ ᠬᠠᠷᠠᠭᠠᠯᠵᠠᠭᠰᠠᠨ ᠨᠢ ᠳᠣᠮᠳᠠᠳᠣ ᠤᠯᠤᠰ ᠤᠨ ᠣᠨᠴᠠᠯᠢᠭ ᠪᠦᠬᠦᠢ ᠰᠢᠭᠦᠨ | ᠳᠠᠰᠣᠯᠣᠯᠳᠠ ᠶᠢᠨ ᠳᠦᠷᠢᠮ ᠳᠤ ᠵᠣᠬᠢᠴᠠᠳᠠᠭ ᠪᠠᠶᠢᠵᠠᠢ᠃ | — ᠦᠨᠡᠨ ᠳᠡᠭᠡᠨ ᠬᠠᠤᠯᠢ ᠪᠠᠷ ᠰᠢᠭᠦᠨ ᠲᠠᠰᠤᠯᠬᠤ ᠨᠢ ᠬᠡᠷᠡᠭ ᠰᠢᠢᠳᠪᠦᠷᠢᠯᠡᠬᠦ ᠥᠪᠡᠷ ᠤᠨ ᠦᠷᠳᠡᠭ ᠨᠢ ᠪᠠᠭ᠎ᠠ᠂ ᠴᠠᠭ ᠲᠤ ᠠᠷᠪᠢᠲᠠᠢ ᠪᠥᠭᠡᠳ | ᠵᠠᠭᠠᠯᠳᠤᠭᠴᠢ ᠶᠢᠨ ᠢᠲᠡᠭᠡᠯ ᠬᠦᠷᠢᠶᠡᠯᠡᠯ ᠢ ᠢᠯᠡᠭᠦᠦ ᠣᠯᠳᠠᠭ ᠪᠢᠰᠢ ᠦᠦ︖ ᠭᠡᠵᠦ ᠰᠣᠷᠪᠤᠯᠵᠢᠯᠠᠬᠴᠢ ᠠᠴᠠ ᠲᠡᠭᠦᠨ ᠤ ︽ᠳᠥᠲᠡ ᠵᠠᠮ ᠢ ᠲᠣᠭᠤᠷᠢᠭᠤ ᠶᠠᠪᠤᠳᠠᠭ︾ | ᠤᠴᠢᠷ ᠤᠬᠠᠭᠠᠨ ᠢ ᠨᠢ ᠲᠡᠩᠰᠡᠬᠦ ᠳᠤ ᠸᠠᠩ ᠠᠢ ᠯᠢᠨ ᠴᠢᠷᠠᠢ ᠮᠦᠰᠢᠶᠡᠰᠬᠢᠵᠦ᠄ | — ᠲᠠᠨ ᠤ ᠬᠡᠯᠡᠬᠦ ᠳᠠᠭᠠᠷᠠᠨ᠎ᠠ᠃ ᠭᠡᠬᠦ ᠳᠤ ᠠᠭᠤᠯᠠᠨ ᠳᠤ ᠭᠠᠷᠬᠤ ᠳᠠᠭᠠᠨ ᠴᠢᠯᠠᠭᠤ ᠡᠭᠦᠷᠬᠦ ᠳᠤᠷᠠᠲᠠᠢ ᠬᠥᠮᠥᠨ ᠴᠥᠭᠡᠨ ᠰᠢᠦ ᠭᠡᠬᠦ ᠨᠢ ᠰᠣᠨᠢᠭᠤᠴᠢ ᠰᠡᠳᠬᠢᠯ ᠢ | ᠲᠠᠲᠠᠨ᠎ᠠ᠃ ᠳᠡᠷᠨ ᠵᠠᠯᠭᠠᠭᠠᠳ᠄ | — ᠢᠷᠭᠡᠨ ᠤ ᠬᠡᠷᠡᠭ ᠤᠨ ᠣᠯᠠᠩᠬᠢ ᠨᠢ ᠵᠣᠷᠢᠭᠤᠳᠠ ᠶᠢᠨ ᠪᠢᠰᠢ ᠭᠡᠳᠡᠭ ᠢ ᠲᠠ ᠢᠲᠡᠭᠡᠭᠡᠷᠡᠢ᠃ ᠡᠭᠦᠨ ᠳᠤ ᠣᠯᠠᠨ ᠰᠢᠯᠲᠠᠭᠠᠨ ᠪᠤᠢ᠃ ᠠᠷᠠᠳ ᠣᠯᠠᠨ ᠤ | ᠳᠣᠲᠣᠭᠠᠳᠤ ᠶᠢᠨ ᠮᠠᠷᠭᠤᠯᠳᠤᠭᠠᠨ ᠢ ᠪᠢ ᠶᠡᠷᠦ ᠠᠴᠠ ᠭᠠᠷ ᠤᠨ ᠠᠯᠠᠭ᠎ᠠ ᠶᠢᠨ ᠢᠶᠠᠨ ᠠᠷᠤ ᠥᠪᠥᠷ ᠢᠶᠠᠷ ᠦᠵᠡᠳᠡᠭ ᠪᠢᠯᠡ᠃ ᠲᠠ ᠬᠠᠷᠠᠭᠠᠴᠢ᠂ ᠠᠷᠤ ᠥᠪᠥᠷ ᠨᠢ ᠪᠦᠷ | ᠮᠢᠬ᠎ᠠ ᠰᠢᠦ ᠳ᠋ᠠ᠃ ᠲᠥᠪ ᠭᠤᠣᠯᠴᠢ ᠪᠠᠶᠢᠳᠠᠭ ᠬᠠᠤᠯᠢ ᠴᠠᠭᠠᠵᠠ ᠶᠢᠨ ᠵᠣᠷᠢᠭ ᠰᠠᠨᠠᠭ᠎ᠠ ᠠᠴᠠ ᠲᠡᠷᠰᠯᠡᠵᠦ᠂ ᠨᠢᠭᠡ ᠲᠠᠯ᠎ᠠ ᠶᠢ ᠨᠢ ᠥᠮᠥᠭᠡᠷᠡᠨ᠂ ᠨᠦᠭᠦᠭᠡ ᠲᠠᠯ᠎ᠠ ᠶᠢ ᠨᠢ | ᠳᠠᠷᠤᠯᠠᠵᠤ ᠣᠬᠳᠣ ᠪᠤᠯᠬᠤ ᠦᠭᠡᠢ ᠭᠡᠯᠡ᠃ | ᠶᠠᠩ ᠣᠪᠣᠭᠲᠤ ᠡᠮᠡᠭᠲᠡᠢ ᠬᠠᠶᠢᠷ᠎ᠠ ᠰᠡᠳᠬᠢᠯᠭᠡ ᠶᠢᠨ ᠨᠤᠭᠤᠷᠠᠯ ᠠᠴᠠ ᠪᠣᠯᠵᠤ ᠬᠤᠯᠤᠭᠠᠨ᠎ᠠ ᠶᠢᠨ ᠡᠮ ᠤᠤᠭᠤᠵᠠᠢ᠃ ᠭᠡᠷ ᠤᠨ ᠬᠥᠮᠥᠰ ᠨᠢ ᠲᠡᠭᠦᠨ ᠢ ᠲᠦᠩᠯᠢᠶᠣᠣ | ᠬᠤᠳᠠ ᠶᠢᠨ ᠡᠮᠨᠡᠯᠭᠡ ᠶᠢᠨ ᠬᠤᠷᠢᠶᠠᠨ ᠳᠤ ᠡᠮᠨᠡᠭᠦᠯᠦᠭᠰᠡᠨ ᠪᠤᠯᠪᠠᠴᠣ ᠲᠤᠰᠠ ᠪᠣᠯᠤᠭᠰᠠᠨ ᠦᠭᠡᠢ ᠠᠮᠢ ᠪᠠᠨ ᠠᠯᠳᠠᠪᠠ᠃ ᠡᠮᠨᠡᠯᠭᠡ ᠶᠢᠨ ᠬᠤᠷᠢᠶᠠᠨ ᠤ ᠬᠢᠨ | ᠬᠠᠷᠢᠭᠤᠴᠠᠯᠭ᠎ᠠ ᠦᠭᠡᠢ ᠭᠡᠰᠡᠨ ᠮᠠᠭᠠᠳᠯᠠᠯᠲᠠ ᠶᠢᠨ ᠪᠢᠴᠢᠭ ᠢ ᠣᠯᠣᠭᠰᠠᠨ ᠳᠤ ᠶᠠᠩ ᠣᠪᠣᠭᠲᠤ ᠡᠮᠡᠭᠲᠡᠢ ᠶᠢᠨ ᠠᠪᠤ ᠡᠵᠢ ᠨᠢ ᠵᠠᠭᠠᠯᠳᠤᠯᠭ᠎ᠠ ᠪᠠᠨ ᠪᠤᠴᠠᠭᠠᠵᠤ᠂ ᠳᠠᠭᠢᠨ | ᠬᠢᠨᠠᠨ ᠲᠣᠭᠲᠠᠭᠠᠯᠲᠠ ᠶᠢᠨ ᠪᠠᠶᠢᠭᠤᠯᠤᠮᠵᠢ ᠪᠠᠷ ᠬᠢᠨᠠᠨ ᠲᠣᠭᠲᠠᠭᠠᠯᠲᠠ ᠬᠢᠯᠭᠡᠪᠡ᠃ ᠳᠡᠶᠢᠨ ᠬᠦ ᠬᠢᠨᠠᠨ ᠲᠣᠭᠲᠠᠭᠠᠯᠲᠠ ᠶᠢᠨ ᠪᠢᠴᠢᠭ ᠢᠶᠠᠨ ᠪᠠᠷᠢᠵᠤ ᠡᠮᠨᠡᠯᠭᠡ ᠶᠢᠨ | ᠬᠤᠷᠢᠶ᠎ᠠ ᠶᠢ ᠳᠠᠭᠢᠨ ᠵᠠᠭᠠᠯᠳᠤᠭᠰᠠᠨ ᠳᠤ ᠸᠠᠩ ᠠᠢ ᠯᠢᠨ᠂ ᠭᠠᠭᠴᠠ ᠬᠦ ᠬᠢᠨᠠᠨ ᠲᠣᠭᠲᠠᠭᠠᠯᠲᠠ ᠶᠢᠨ ᠪᠢᠴᠢᠭ ᠢ ᠦᠨᠳᠦᠰᠦᠯᠡᠵᠦ ᠰᠢᠭᠦᠨ ᠳᠠᠰᠣᠯᠣᠯᠳᠠ ᠬᠢᠪᠡᠯ ᠡᠷᠬᠡ | ᠲᠡᠭᠰᠢ ᠴᠢᠨᠠᠷ ᠢ ᠨᠥᠯᠥᠭᠡᠯᠡᠵᠦ᠂ ᠨᠡᠶᠢᠭᠡᠮ ᠨᠡᠶᠢᠳᠡ ᠳᠤ ᠮᠠᠭᠤ ᠨᠡᠷ᠎ᠡ ᠨᠥᠯᠥᠭᠡ ᠶᠢ ᠠᠪᠴᠢᠷᠠᠵᠤ ᠮᠡᠳᠡᠨ᠎ᠡ ᠭᠡᠵᠦ ᠦᠵᠡᠭᠡᠳ ᠡᠮᠴᠢ᠂ ᠡᠮᠨᠡᠯᠭᠡ ᠶᠢᠨ ᠬᠤᠷᠢᠶ᠎ᠠ ᠵᠢᠴᠢ | ᠶᠠᠩ ᠣᠪᠣᠭᠲᠤ ᠡᠷ᠎ᠡ ᠡᠮ᠎ᠡ ᠬᠤᠶᠠᠭᠤᠯᠠ ᠵᠡᠷᠭᠡ ᠭᠤᠷᠪᠠᠨ ᠲᠠᠯ᠎ᠠ ᠶᠢᠨ ᠬᠥᠮᠥᠰ ᠲᠠᠢ ᠳᠠᠭᠢᠨ ᠳᠠᠪᠲᠠᠨ ᠬᠡᠯᠡᠯᠴᠡᠭᠰᠡᠨ ᠤ ᠳ᠋ᠦᠩ ᠳᠤ ᠡᠶᠡᠳᠡᠭᠦᠯᠭᠡ ᠬᠢᠭᠡᠳ ᠳᠣᠰ | ᠬᠡᠷᠡᠭ ᠢ ᠰᠠᠶᠢᠲᠤᠷ ᠰᠢᠢᠳᠪᠦᠷᠢᠯᠡᠭᠰᠡᠨ ᠪᠠᠶᠢᠪᠠ᠃ | ᠪᠢᠰᠢᠨ ᠢᠶᠠᠷ ᠬᠡᠯᠡᠪᠡᠯ ᠡᠳᠦᠭᠡ ᠪᠤᠯᠬᠤ ᠳᠤ ᠸᠠᠩ ᠠᠢ ᠯᠢᠨ ᠤ ᠰᠢᠭᠦᠭᠰᠡᠨ ᠬᠡᠷᠡᠭ ᠵᠠᠷᠭᠤ ᠶᠢᠨ 95 ᠬᠤᠪᠢ ᠨᠢ ᠡᠶᠡᠳᠡᠭᠦᠯᠭᠡ ᠪᠠᠷ ᠰᠢᠢᠳᠪᠦᠷᠢᠯᠡᠭᠳᠡᠵᠦ᠂ | ᠬᠠᠤᠯᠢ ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠢ ᠦᠨᠡᠨ ᠪᠠᠲᠤᠯᠠᠵᠤ ᠴᠢᠳᠠᠭᠰᠠᠨ ᠠᠵᠢ᠃ ᠬᠤᠷᠢᠨ ᠵᠢᠯ ᠤᠨ ᠲᠤᠷᠰᠢ ᠳᠤ ᠬᠡᠷᠡᠭ ᠤᠷᠪᠠᠭᠤᠯᠤᠭᠰᠠᠨ᠂ | ᠳᠡᠭᠡᠭᠰᠢ ᠵᠠᠭᠠᠯᠳᠤᠭᠰᠠᠨ ᠶᠠᠪᠤᠳᠠᠯ ᠨᠢᠭᠡ ᠴᠦ ᠤᠳᠠᠭ᠎ᠠ ᠭᠠᠷᠤᠭᠰᠠᠨ ᠦᠭᠡᠢ ᠨᠢ ᠦᠨᠡᠬᠡᠷ ᠴᠦ ᠸᠠᠩ ᠠᠢ ᠯᠢᠨ ᠤ ᠬᠡᠷᠡᠭ ᠰᠢᠭᠦᠯᠲᠡ ᠶᠢᠨ ᠦᠷ᠎ᠡ ᠠᠰᠢᠭ ᠢ ᠨᠢ | ᠬᠠᠷᠠᠭᠤᠯᠵᠤ ᠪᠠᠶᠢᠭ᠎ᠠ᠃ ᠶᠠᠭ ᠯᠡ ᠲᠡᠭᠦᠨ ᠤ ᠬᠡᠯᠡᠭᠰᠡᠨᠴᠢᠯᠡᠨ ︽ᠰᠢᠭᠦᠭᠴᠢ ᠬᠥᠮᠥᠨ ᠪᠣᠯᠤᠭᠰᠠᠨ ᠤ ᠬᠤᠪᠢ ᠠᠴᠠ ᠵᠠᠪᠠᠯ ᠠᠷᠠᠳ ᠲᠦᠮᠡᠨ ᠳᠤ ᠦᠨᠡᠨ ᠬᠦ | ᠦᠢᠯᠡᠴᠢᠯᠡᠵᠦ᠂ ᠠᠷᠠᠳ ᠲᠦᠮᠡᠨ ᠤ ᠪᠠᠨ ᠢᠲᠡᠭᠡᠯ ᠨᠠᠶᠢᠳᠠᠯᠭ᠎ᠠ ᠶᠢ ᠬᠥᠰᠡᠷᠳᠡᠭᠦᠯᠦᠯ ᠦᠭᠡᠢ᠂ ᠠᠷᠠᠳ ᠲᠦᠮᠡᠨ ᠤ ᠪᠠᠨ ᠲᠦᠰᠢᠭ ᠲᠤᠯᠭᠠᠭᠤᠷᠢ ᠨᠢ ᠪᠣᠯᠵᠤ ᠶᠠᠪᠤᠨ᠎ᠠ︾ | ᠭᠡᠬᠦ ᠲᠠᠢ ᠨᠢ ᠠᠮᠠ ᠰᠡᠭᠡᠷ ᠵᠣᠯᠭᠠᠵᠤ᠂ ᠮᠥᠷ ᠪᠠᠳᠠᠭ ᠠᠪᠤᠴᠠᠯᠳᠣᠬᠤ ᠠᠵᠢ᠃ | ︽ᠭᠠᠢ ᠭᠠᠵᠠᠷ ᠳᠣᠣᠷ᠎ᠠ ᠠᠴᠠ︾ ᠭᠡᠳᠡᠭᠴᠢᠯᠡᠨ 2010 ᠣᠨ ᠤ ᠦᠶ᠎ᠡ ᠪᠠᠷ ᠭᠤᠴᠢᠨ ᠨᠢᠭᠡᠨ ᠨᠠᠰᠤᠲᠠᠢ ᠸᠠᠩ ᠠᠢ ᠯᠢᠨ ᠳᠠᠪᠤᠰᠠᠩ ᠤᠨ ᠦᠮᠡᠨ ᠡᠪᠡᠳᠴᠢᠨ ᠳᠤ | ᠨᠡᠷᠪᠡᠭᠳᠡᠴᠢᠬᠡᠪᠡ᠃ᠭᠤᠷᠪᠠᠨ ᠵᠢᠯ ᠤᠨ ᠬᠤᠭᠤᠷᠣᠨᠳᠤ ᠳᠡᠷᠨ ᠲᠠᠪᠤ ᠤᠳᠠᠭ᠎ᠠ ᠶᠢᠨ ᠡᠪᠡᠳᠴᠢᠨ ᠬᠦᠨᠳᠦᠷᠡᠭᠰᠡᠨ ᠮᠡᠳᠡᠭᠳᠡᠯ ᠢ ᠳᠤᠰᠤᠭᠰᠠᠨ ᠪᠥᠭᠡᠳ ᠭᠤᠷᠪᠠᠨ | ᠤᠳᠠᠭ᠎ᠠ ᠶᠢᠨ ᠶᠡᠭᠡ ᠬᠡᠪᠴᠢᠶᠡᠨ ᠤ ᠮᠡᠰᠡ ᠵᠠᠰᠠᠯ ᠢ ᠬᠢᠯᠭᠡᠭᠰᠡᠨ ᠪᠠᠶᠢᠪᠠ᠃ | ᠸᠠᠩ ᠠᠢ ᠯᠢᠨ ᠤᠬᠢᠯᠠᠵᠤ ᠥᠩᠭᠡᠷᠡᠪᠡ᠃ ᠠᠮᠢᠳᠤᠷᠠᠯ ᠳᠠᠭᠠᠨ ᠢᠲᠡᠭᠡᠯ ᠠᠯᠳᠠᠵᠤ ᠥᠩᠭᠡᠷᠡᠪᠡ᠃ ᠲᠡᠭᠦᠨ ᠤ ᠰᠡᠳᠬᠢᠯ ᠳᠤ ᠠᠪᠤ ᠡᠵᠢ᠂ ᠬᠠᠨᠢ ᠦᠷ᠎ᠡ ᠨᠢ | ᠪᠤᠳᠣᠬᠳᠠᠨᠠ᠃ ᠠᠵᠢᠯ ᠦᠢᠯᠡᠰ᠂ ᠠᠷᠠᠳ ᠲᠦᠮᠡᠨ ᠪᠤᠳᠣᠬᠳᠠᠨᠠ᠃ ᠳᠡᠷᠨ ᠥᠪᠡᠷ ᠤᠨ ᠪᠡᠶ᠎ᠡ ᠠᠴᠠ ᠪᠠᠨ ᠬᠥᠮᠥᠨ ᠶᠠᠭᠤᠨ ᠤ ᠲᠥᠯᠥᠭᠡ ᠠᠮᠢᠳᠤᠷᠠᠵᠤ ᠪᠠᠶᠢᠬᠤ ᠲᠤᠬᠠᠢ᠂ | ᠬᠥᠮᠥᠨ ᠶᠠᠭᠤ ᠶᠢ ᠬᠥᠭᠡᠭᠡᠴᠡᠯᠳᠦᠵᠦ ᠪᠠᠶᠢᠬᠤ ᠲᠤᠬᠠᠢ ᠠᠬᠢᠨ ᠳᠠᠭᠢᠨ ᠠᠰᠠᠭᠤᠨ᠎ᠠ᠃ ᠡᠶᠢᠨ ᠬᠦ ᠠᠮᠢ ᠨᠠᠰᠣᠨ ᠤ ᠡᠷᠬᠢᠮ ᠳᠡᠭᠡᠳᠦ ᠶᠢ ᠭᠦᠦᠷᠡᠵᠦ ᠡᠬᠢᠯᠡᠨ᠎ᠡ᠃ | ᠰᠢᠭᠦᠭᠴᠢ ᠶᠢᠨ ᠠᠵᠢᠯ ᠤᠨ ᠢᠶᠠᠨ ᠦᠨ᠎ᠡ ᠴᠡᠨ᠎ᠡ ᠶᠢ ᠤᠯᠠᠮ ᠢᠶᠠᠷ ᠣᠶᠢᠯᠠᠭᠠᠵᠤ᠂ ᠥᠪᠡᠷ ᠤᠨ ᠬᠦᠴᠦ ᠴᠢᠳᠠᠯ ᠢᠶᠠᠨ ᠬᠡᠷᠡᠭᠯᠡᠵᠦ ᠳᠠᠭᠤᠰᠬᠠᠭ᠎ᠠ ᠦᠭᠡᠢ᠂ ᠥᠪᠡᠷ ᠤᠨ | ᠠᠵᠢᠯ ᠢᠶᠠᠨ ᠬᠢᠵᠦ ᠳᠠᠭᠤᠰᠬᠠᠭ᠎ᠠ ᠦᠭᠡᠢ ᠪᠠᠨ ᠮᠡᠳᠡᠷᠡᠵᠦ ᠡᠬᠢᠯᠡᠨ᠎ᠡ᠃ ᠳᠡᠷᠨ ᠬᠠᠰᠢ ᠯᠡ ᠡᠪᠡᠳᠬᠦ ᠶᠢ ᠲᠡᠰᠪᠦᠷᠢᠯᠡᠪᠡ᠃ ᠥᠷᠥ ᠰᠡᠳᠬᠢᠯ ᠢᠶᠠᠨ ᠴᠢᠩᠭᠠᠯᠠᠵᠤ ᠦᠮᠠᠨ | ᠡᠪᠡᠳᠴᠢᠨ ᠲᠠᠢ ᠡᠷᠡᠰ ᠰᠢᠭᠤᠷᠬᠠᠢ ᠲᠡᠮᠡᠴᠡᠪᠡ᠃ | — ᠠᠮᠢ ᠨᠠᠰᠣᠨ ᠤ ᠪᠠᠨ ᠣᠷᠳᠣ ᠶᠢᠨ ᠬᠡᠮᠵᠢᠶ᠎ᠡ ᠶᠢ ᠬᠡᠨ ᠴᠦ ᠡᠵᠡᠮᠳᠡᠵᠦ ᠴᠢᠳᠠᠬᠤ ᠦᠭᠡᠢ ᠴᠦ ᠠᠮᠢ ᠨᠠᠰᠣᠨ ᠤ ᠪᠠᠨ ᠥᠷᠭᠡᠨ ᠤ ᠬᠡᠮᠵᠢᠶ᠎ᠡ ᠶᠢ ᠪᠢᠳᠡ | ᠥᠪᠡᠷ ᠢᠶᠠᠨ ᠡᠵᠡᠮᠳᠡᠵᠦ ᠪᠣᠯᠣᠨ᠎ᠠ ᠳ᠋ᠠ ᠭᠡᠵᠦ ᠸᠠᠩ ᠠᠢ ᠯᠢᠨ᠂ ᠡᠪᠡᠳᠴᠦ ᠬᠠᠪᠤᠳᠴᠤ ᠪᠠᠶᠢᠭᠰᠠᠨ ᠦᠶ᠎ᠡ ᠶᠢᠨ ᠢᠶᠠᠨ ᠲᠤᠬᠠᠢ ᠶᠠᠷᠢᠬᠤ ᠳᠠᠭᠠᠨ ᠡᠶᠢᠨ ᠬᠦ ᠥᠭᠦᠯᠡᠵᠦ | ᠪᠢᠯᠡ᠃ | ᠡᠪᠡᠳᠴᠢᠨ ᠤ ᠪᠠᠶᠢᠳᠠᠯ ᠨᠢ ᠰᠠᠶᠢᠵᠢᠷᠠᠵᠤ᠂ ᠡᠪᠡᠳᠴᠦ ᠬᠠᠪᠤᠳᠬᠤ ᠨᠢ ᠨᠠᠮᠳᠠᠬᠤ ᠪᠠᠷ ᠸᠠᠩ ᠠᠢ ᠯᠢᠨ ᠳᠠᠭᠢᠨ ᠠᠵᠢᠯ ᠳᠠᠭᠠᠨ ᠣᠷᠣᠯᠴᠠᠵᠣ᠂ ᠰᠢᠨ᠎ᠡ ᠠᠮᠢᠵᠢᠷᠠᠯ ᠤᠨ | ᠬᠦᠴᠦᠨ ᠢ ᠣᠯᠣᠭᠠᠳ ᠣᠯᠳᠠᠭᠰᠠᠨ ᠴᠠᠭ ᠢᠶᠠᠨ ᠤᠯᠠᠮ ᠢᠶᠠᠷ ᠨᠠᠨᠳᠢᠩᠨᠠᠨ᠎ᠠ᠃ | ᠭᠤᠷᠪᠠ | ᠰᠢᠭᠦᠨ ᠲᠠᠰᠤᠯᠬᠤ ᠲᠠᠶᠢᠰᠠᠨ ᠤ ᠳᠣᠣᠷᠠᠬᠢ ᠲᠡᠳᠡᠭᠡᠷ ᠡᠴᠡᠵᠦ ᠲᠤᠷᠠᠵᠤ᠂ ᠴᠢᠷᠠᠢ ᠨᠢ ᠬᠤᠵᠶᠢᠬᠰᠠᠨ ᠬᠡᠦᠬᠡᠳ ᠢ ᠠᠩᠬ᠎ᠠ ᠬᠠᠷᠠᠭᠰᠠᠨ ᠠᠴᠠ᠃ ᠰᠢᠭᠦᠬᠦ | ᠬᠤᠷᠢᠶᠠᠨ ᠤ ᠡᠭᠦᠳᠡᠨ ᠭᠠᠳᠠᠨ᠎ᠠ ᠬᠡᠦᠬᠡᠳ ᠢᠶᠠᠨ ᠬᠦᠯᠢᠶᠡᠵᠦ ᠪᠠᠶᠢᠭᠰᠠᠨ ᠡᠴᠢᠭᠡ ᠡᠬᠡ ᠨᠢ ᠶᠠᠯᠠᠳᠠᠨ ᠤ ᠲᠡᠷᠭᠡ ᠶᠢ ᠲᠠᠭᠤᠵᠤ ᠭᠦᠶᠦᠵᠦ᠂ ᠴᠡᠭᠡᠵᠢ ᠪᠠᠨ ᠰᠢᠭᠠᠵᠤ | ᠬᠥᠯ ᠢᠶᠠᠨ ᠳᠡᠪᠰᠡᠨ ᠣᠭᠢᠯᠠᠬᠤ ᠶᠢ ᠣᠯᠵᠤ ᠬᠠᠷᠠᠭᠰᠠᠨ ᠠᠴᠠ᠃ ︽ᠰᠢᠭᠦᠭᠴᠢ ᠠᠨᠢᠶ᠎ᠠ ᠠ᠋᠂ ᠪᠢ ᠡᠵᠢ ᠪᠠᠨ ᠰᠠᠨᠠᠵᠤ ᠪᠠᠶᠢᠨ᠎ᠠ᠂ ᠰᠢᠭᠦᠯᠲᠡ ᠳᠠᠭᠤᠰᠤᠭᠰᠠᠨ ᠤ ᠳᠠᠷᠠᠭ᠎ᠠ | ᠪᠢ ᠭᠡᠷ ᠲᠡᠭᠡᠨ ᠬᠠᠷᠢᠵᠤ ᠪᠤᠯᠬᠤ ᠦᠦ︖︾ ᠭᠡᠵᠦ ᠭᠤᠶᠣᠭᠰᠠᠨ ᠨᠢᠭᠡᠨ ᠬᠡᠦᠬᠡᠳ ᠬᠡᠷᠡᠭᠲᠡᠨ ᠢ ᠬᠠᠷᠠᠭᠰᠠᠨ ᠠᠴᠠ ᠸᠠᠩ ᠠᠢ ᠯᠢᠨ ᠤ ᠰᠡᠳᠬᠢᠯ ᠳᠤ ᠤᠷᠢᠳ | ᠭᠠᠷᠤᠭ᠎ᠠ ᠦᠭᠡᠢ ᠳᠣᠩᠰᠣᠯᠤᠯ ᠪᠣᠯᠣᠯ᠎ᠠ ᠭᠡᠳᠡᠭ᠃ ᠳᠡᠷᠨ ᠲᠠᠶᠢᠪᠤᠰᠢᠷᠠᠵᠤ ᠴᠢᠳᠠᠬᠤ ᠦᠭᠡᠢ ᠪᠠᠶᠢᠪᠠ᠃ | ᠬᠡᠦᠬᠡᠳ ᠪᠠᠭᠠᠴᠤᠳ ᠶᠠᠭᠠᠬᠢᠬᠤ ᠪᠠᠷ ᠢᠶᠠᠨ ᠶᠠᠯ᠎ᠠ ᠬᠢᠴᠢᠬᠡᠪᠡ︖ ᠬᠠᠶᠢᠷ᠎ᠠ ᠳᠤᠲᠠᠭᠤᠳᠠᠪᠠ ᠦᠦ︖ ᠬᠠᠯᠠᠮᠵᠢ ᠬᠤᠮᠰᠠᠳᠠᠪᠠ ᠦᠦ︖ ᠸᠠᠩ ᠠᠢ ᠯᠢᠨ᠂ ᠥᠪᠡᠷ ᠤᠨ | ᠪᠡᠶ᠎ᠡ ᠠᠴᠠ ᠪᠠᠨ ᠠᠰᠠᠭᠤᠨ᠎ᠠ᠃ ᠴᠢᠩᠭ᠎ᠠ ᠨᠢᠮᠪᠠᠢ᠂ ᠲᠥᠪ ᠭᠤᠣᠯᠴᠢ ᠪᠠᠷ ᠬᠠᠤᠯᠢ ᠶᠢ ᠬᠡᠷᠡᠭᠵᠢᠭᠦᠯᠦᠨ᠎ᠡ᠃ ᠭᠡᠬᠦ ᠳᠡᠭᠡᠨ ᠬᠡᠦᠬᠡᠳ ᠤᠨ ᠢᠷᠡᠭᠡᠳᠦᠢ ᠶᠢ ᠬᠠᠷ᠎ᠠ ᠪᠠᠷ | ᠪᠤᠳᠤᠭᠯᠠᠵᠤ ᠦᠯᠦ ᠪᠣᠯᠣᠨ᠎ᠠ ᠭᠡᠵᠦ ᠬᠠᠲᠠᠭᠤ ᠪᠤᠳᠣᠬᠰᠠᠨ ᠸᠠᠩ ᠠᠢ ᠯᠢᠨ ᠰᠢᠭᠦᠨ ᠲᠠᠰᠤᠯᠬᠤ ᠠᠵᠢᠯ ᠳᠤ ᠭᠠᠪᠰᠢᠭᠠᠶᠢᠯᠠᠬᠤ ᠶᠢᠨ ᠬᠠᠮᠲᠤ ︽ᠭᠤᠷᠪᠠ ᠭᠤᠷᠪᠠ︾ ᠶᠢᠨ | ᠰᠢᠭᠦᠨ ᠲᠠᠰᠤᠯᠬᠤ᠂ ᠰᠤᠷᠭᠠᠨ ᠬᠥᠮᠥᠵᠢᠭᠦᠯᠬᠦ ᠰᠢᠨ᠎ᠡ ᠲᠣᠭᠲᠠᠴᠠ ᠶᠢᠨ ᠠᠵᠢᠯ ᠤᠨ ᠠᠷᠭ᠎ᠠ ᠶᠢ ᠰᠦᠪᠡᠭᠴᠢᠯᠡᠵᠦ ᠡᠬᠢᠯᠡᠭᠰᠡᠨ ᠠᠵᠢ᠃ ᠳᠠᠷᠤᠢ ᠰᠢᠭᠦᠯᠲᠡ ᠠᠴᠠ ᠡᠮᠦᠨ᠎ᠡ᠂ | ᠰᠢᠭᠦᠯᠲᠡ ᠶᠢᠨ ᠳᠤᠮᠳᠠ᠂ ᠰᠢᠭᠦᠯᠲᠡ ᠶᠢᠨ ᠳᠠᠷᠠᠭ᠎ᠠ ᠬᠡᠮᠡᠬᠦ ︽ᠭᠤᠷᠪᠠᠨ ᠠᠯᠬᠤᠮ ᠢᠶᠠᠷ ᠶᠠᠪᠤᠵᠤ︾ ᠰᠤᠷᠭᠠᠨ ᠬᠥᠮᠥᠵᠢᠭᠦᠯᠵᠦ ᠠᠪᠤᠷᠠᠨ ᠲᠤᠰᠠᠯᠠᠬᠤ ᠠᠷᠭ᠎ᠠ ᠶᠢ | ᠬᠡᠷᠡᠭᠵᠢᠭᠦᠯᠬᠦ ᠪᠠᠷ ︽ᠠᠢ ᠯᠢᠨ ᠤ ᠠᠵᠢᠯᠯᠠᠬᠤ ᠳᠠᠰᠤᠭ︾ ᠢᠶᠠᠨ ᠡᠭᠦᠰᠬᠡᠨ ᠪᠠᠶᠢᠭᠤᠯᠤᠯ᠎ᠠ᠃ ᠳᠠᠷᠤᠢ ᠨᠠᠰᠣᠨ ᠳᠤ ᠦᠯᠦ ᠭᠦᠷᠦᠭᠰᠡᠳ ᠢ ᠬᠠᠯᠠᠮᠵᠢᠯᠠᠬᠤ᠂ ᠶᠠᠯ᠎ᠠ ᠬᠢᠬᠦ ᠶᠢ | ᠨᠢ ᠰᠡᠷᠭᠡᠶᠢᠯᠡᠬᠦ᠂ ᠰᠠᠶᠢᠨ ᠳᠣᠷᠠᠴᠤᠤᠨ ᠤᠨ ᠠᠵᠢᠯᠯᠠᠭ᠎ᠠ ᠥᠷᠨᠢᠭᠦᠯᠬᠦ ᠵᠡᠷᠭᠡ ᠠᠵᠢᠯ ᠤᠨ ᠲᠣᠭᠤᠷᠢᠨ ᠳᠤ ᠠᠵᠢᠯᠯᠠᠵᠤ᠂ ᠨᠠᠰᠣᠨ ᠳᠤ ᠭᠦᠷᠦᠭᠡᠳᠦᠢ | ᠵᠠᠭᠠᠯᠳᠤᠭᠳᠠᠭᠴᠢ ᠶᠢᠨ ᠬᠥᠮᠦᠵᠢᠯ ᠬᠦᠯᠢᠶᠡᠬᠦ᠂ ᠨᠡᠶᠢᠭᠡᠮ ᠳᠤ ᠪᠤᠴᠠᠬᠤ ᠳᠤᠨᠢ ᠲᠤᠰᠠᠯᠠᠮᠵᠢ ᠳᠡᠮᠵᠢᠯᠭᠡ ᠦᠵᠡᠭᠦᠯᠵᠦ ᠡᠬᠢᠯᠡᠯ᠎ᠡ ᠭᠡᠰᠡᠨ ᠦᠭᠡ᠃ | 2018 ᠣᠨ ᠤ ᠦᠶ᠎ᠡ ᠪᠠᠷ ᠸᠠᠩ ᠠᠢ ᠯᠢᠨ᠂ ᠨᠠᠰᠣᠨ ᠳᠤ ᠭᠦᠷᠦᠭᠡᠳᠦᠢ ᠰᠢᠶᠣᠣ ᠬᠤᠩ ᠤᠨ 5000 ᠲᠥᠭᠦᠷᠢᠭ ᠤᠨ ᠴᠠᠯᠢᠩ ᠢᠶᠠᠨ ᠨᠡᠬᠡᠵᠦ ᠪᠠᠶᠢᠬᠤ | ᠬᠡᠷᠡᠭ ᠢ ᠳᠣᠰᠣᠨ ᠠᠪᠴᠠᠢ᠃ ᠳᠡᠶᠢᠨ ᠬᠦ ᠬᠠᠮᠲᠤ ᠠᠵᠢᠯᠯᠠᠭᠴᠢ ᠲᠠᠢ ᠪᠠᠨ ᠪᠣᠷᠣᠭᠠᠨ ᠤ ᠳᠤᠮᠳᠠᠭᠤᠷ ᠰᠢᠶᠣᠣ ᠬᠤᠩ ᠤᠨ ᠰᠠᠭᠤᠵᠤ ᠪᠠᠶᠢᠭ᠎ᠠ ᠠᠪᠠᠭ᠎ᠠ ᠡᠵᠢ ᠶᠢᠨ ᠬᠢᠨᠢ | ᠶᠢ ᠴᠢᠭᠯᠡᠪᠡ᠃ ᠤᠤᠯ ᠨᠢ ᠰᠢᠶᠣᠣ ᠬᠤᠩ ᠢ 10 ᠨᠠᠰᠤᠲᠠᠢ ᠳᠤᠨᠢ ᠡᠵᠢ ᠨᠢ ᠨᠠᠰᠤ ᠪᠠᠷᠠᠵᠤ᠂ ᠰᠡᠭᠦᠯᠡᠷ ᠨᠢ ᠰᠤᠷᠤᠯᠭ᠎ᠠ ᠪᠠᠨ ᠵᠣᠭᠰᠣᠵᠤ᠂ ᠠᠪᠤ ᠪᠠᠨ ᠳᠠᠭᠠᠵᠣ ᠬᠤᠳᠠ | ᠣᠷᠣᠵᠤ ᠬᠥᠯᠥᠰᠦᠨ ᠠᠵᠢᠯ ᠬᠢᠭᠰᠡᠨ ᠪᠠᠶᠢᠪᠠ᠃ ᠲᠣᠭᠲᠠᠭᠰᠠᠨ ᠣᠷᠣᠨ ᠰᠠᠭᠤᠴᠠ ᠪᠠᠶᠢᠳᠠᠭ ᠦᠭᠡᠢ ᠪᠥᠭᠡᠳ ᠡᠳᠦᠷ ᠪᠦᠷᠢ ᠳᠡᠭᠦᠦ ᠪᠠᠨ ᠰᠤᠷᠭᠠᠭᠤᠯᠢ ᠳᠤ ᠬᠦᠷᠭᠡᠵᠦ | ᠳᠣᠰᠬᠤ ᠠᠵᠢᠯ ᠢ ᠬᠠᠷᠢᠭᠤᠴᠠᠨ᠎ᠠ᠃ ᠡᠨᠡ ᠬᠦ ᠪᠠᠶᠢᠳᠠᠯ ᠢ ᠣᠶᠢᠯᠠᠭᠠᠵᠤ ᠮᠡᠳᠡᠭᠰᠡᠨ ᠤ ᠳᠠᠷᠠᠭ᠎ᠠ ᠸᠠᠩ ᠠᠢ ᠯᠢᠨ᠂ ᠲᠤᠬᠠᠢ ᠶᠢᠨ ᠭᠠᠵᠠᠷ ᠣᠷᠣᠨ ᠤ ᠪᠠᠨ ᠨᠢᠭᠡᠨ | ᠲᠤᠰᠬᠠᠢ ᠮᠡᠷᠭᠡᠵᠢᠯ ᠤᠨ ᠰᠤᠷᠭᠠᠭᠤᠯᠢ ᠶᠢᠨ ᠬᠢᠨ ᠲᠠᠢ ᠬᠠᠷᠢᠯᠴᠠᠵᠤ᠂ ᠮᠥᠩᠭᠦ ᠵᠠᠷᠤᠳᠠᠯ ᠬᠤᠷᠢᠶᠠᠬᠤ ᠦᠭᠡᠢ ᠪᠠᠷ ᠦᠰᠦ ᠭᠤᠶᠣᠯᠠᠬᠤ ᠮᠡᠷᠭᠡᠵᠢᠯ ᠢ ᠰᠤᠷᠤᠯᠴᠠᠭᠤᠯᠵᠤ᠂ | ᠬᠠᠤᠯᠢ ᠶᠣᠰᠣᠭᠠᠷ ᠴᠠᠯᠢᠩ ᠬᠥᠯᠥᠰᠦ ᠶᠢ ᠨᠢ ᠡᠭᠡᠭᠦᠯᠦᠨ ᠠᠪᠴᠤ ᠥᠭᠭᠦᠭᠰᠡᠨ ᠠᠵᠢ᠃ | ᠸᠠᠩ ᠠᠢ ᠯᠢᠨ᠂ ᠠᠵᠢᠯ ᠤᠨ ᠳᠤᠮᠳᠠ ᠪᠠᠨ ᠠᠮᠢᠳᠤᠷᠠᠯ ᠤᠨ ᠬᠦᠴᠢᠷᠳᠡᠯ ᠠᠴᠠ ᠪᠣᠯᠵᠤ ᠰᠤᠷᠤᠯᠭ᠎ᠠ ᠪᠠᠨ ᠳᠤᠲᠠᠭᠤ ᠵᠣᠭᠰᠣᠭᠰᠠᠨ ᠬᠡᠦᠬᠡᠳ ᠨᠡᠯᠢᠶᠡᠳ ᠣᠯᠠᠨ | ᠪᠠᠶᠢᠬᠤ ᠶᠢ ᠣᠯᠵᠤ ᠮᠡᠳᠡᠭᠡᠳ᠂ ᠠᠵᠤ ᠠᠬᠤᠶᠢᠯᠠᠯᠲᠠᠨ᠂ ᠬᠠᠯᠠᠭᠤᠨ ᠰᠡᠳᠬᠢᠯᠲᠦ ᠬᠥᠮᠥᠰ ᠢ ᠳᠠᠶᠢᠴᠢᠯᠠᠨ ᠠᠷᠤ ᠭᠡᠷ ᠲᠡᠭᠡᠨ ᠦᠯᠡᠳᠡᠵᠦ ᠬᠤᠴᠣᠷᠤᠭᠰᠠᠨ ᠬᠡᠦᠬᠡᠳ ᠤᠨ | ᠰᠤᠷᠤᠯᠭ᠎ᠠ ᠶᠢ ᠳᠡᠮᠵᠢᠬᠦ ᠠᠵᠢᠯᠯᠠᠭ᠎ᠠ ᠶᠢ ᠣᠯᠠᠨᠲᠠ ᠵᠣᠬᠢᠶᠠᠨ ᠪᠠᠶᠢᠭᠤᠯᠤᠭᠰᠠᠨ ᠶᠤᠮ᠃ | — ᠸᠠᠩ ᠡᠭᠡᠴᠢ ᠠ᠋᠂ ᠡᠷᠬᠢᠮ ᠬᠦᠨᠳᠦᠲᠡᠢ ᠲᠠ ᠨᠠᠷ ᠤᠨ ᠢᠶᠠᠨ ᠡᠳᠡᠭᠡᠷ ᠵᠢᠯ ᠤᠨ ᠲᠤᠰᠠᠯᠠᠮᠵᠢ ᠳᠤ ᠴᠢᠨᠢ ᠪᠢ ᠴᠢᠩ ᠰᠡᠳᠬᠢᠯ ᠠᠴᠠ ᠪᠠᠨ ᠲᠠᠯᠠᠷᠬᠠᠵᠤ᠂ ᠶᠡᠭᠡ | ᠰᠤᠷᠭᠠᠭᠤᠯᠢ ᠳᠤ ᠣᠷᠣᠭᠰᠠᠨ ᠤ ᠪᠠᠨ ᠳᠠᠷᠠᠭ᠎ᠠ ᠦᠷᠭᠦᠯᠵᠢᠯᠡᠨ ᠴᠢᠷᠮᠠᠶᠢᠨ ᠰᠤᠷᠤᠯᠴᠠᠬᠤ ᠳᠤ ᠪᠡᠯᠡᠬᠡᠨ ᠪᠠᠶᠢᠨ᠎ᠠ᠃ ᠬᠤᠵᠢᠮ ᠪᠠᠰᠠ ︽ᠠᠢ ᠯᠢᠨ ᠤ ᠠᠵᠢᠯᠯᠠᠬᠤ ᠳᠠᠰᠤᠭ︾ | ᠲᠠᠭᠠᠨ ᠰᠠᠶᠢᠨ ᠳᠤᠷ᠎ᠠ ᠶᠢᠨ ᠠᠵᠢᠯᠯᠠᠭᠴᠢ ᠪᠣᠯᠵᠤ᠂ ᠴᠢᠳᠠᠯ ᠤᠨ ᠢᠶᠠᠨ ᠬᠢᠷᠢ ᠪᠠᠷ ᠪᠤᠰᠤᠳ ᠢ ᠬᠠᠪᠰᠤᠷᠴᠤ᠂ ᠨᠡᠶᠢᠭᠡᠮ ᠨᠡᠶᠢᠳᠡ ᠳᠤ ᠠᠴᠢ ᠬᠠᠷᠢᠭᠤᠯᠠᠨ᠎ᠠ ᠭᠡᠵᠦ | ᠰᠢᠶᠣᠣ ᠲᠢᠶᠠᠨ ᠬᠡᠯᠡᠨ᠎ᠡ᠃ | ᠰᠢᠶᠣᠣ ᠲᠢᠶᠠᠨ ᠪᠣᠯ ︽ᠠᠢ ᠯᠢᠨ ᠤ ᠠᠵᠢᠯᠯᠠᠬᠤ ᠳᠠᠰᠤᠭ︾ ᠤᠨ ᠬᠢᠨ ᠤ ᠲᠤᠰᠠᠯᠠᠮᠵᠢ ᠶᠢ ᠭᠥᠷᠳᠡᠭᠰᠡᠨ ᠨᠢᠭᠡᠨ ᠪᠣᠯᠣᠨ᠎ᠠ᠃ ᠳᠡᠷᠨ ᠨᠢ 2018 ᠣᠨ ᠠᠴᠠ | ᠡᠬᠢᠯᠡᠭᠰᠡᠨ ᠪᠣᠯ ᠡᠳᠦᠭᠡ ᠰᠢᠶᠣᠣ ᠲᠢᠶᠠᠨ ᠬᠠᠶᠢᠷ᠎ᠠ ᠬᠠᠯᠠᠮᠵᠢ ᠶᠢᠨ ᠨᠥᠷᠢ ᠶᠡᠭᠡ ᠬᠦᠴᠦᠨ ᠢ ᠭᠦᠦᠷᠡᠵᠦ᠂ ᠠᠴᠢ ᠬᠠᠷᠢᠭᠤᠯᠠᠬᠤ ᠶᠢᠨ ᠵᠣᠷᠢᠭ ᠬᠦᠰᠡᠯ ᠢ | ᠬᠥᠪᠥᠷᠡᠭᠦᠯᠦᠭᠰᠡᠨ ᠠᠵᠢ᠃ | ᠸᠠᠩ ᠠᠢ ᠯᠢᠨ ᠤ ᠶᠠᠷᠢᠬᠤ ᠪᠠᠷ ᠰᠢᠶᠣᠣ ᠲᠢᠶᠠᠨ ᠤ ᠭᠡᠷ ᠤᠨ ᠠᠮᠢᠳᠤᠷᠠᠯ ᠨᠢ ᠬᠦᠴᠢᠷᠲᠡᠢ ᠪᠥᠭᠡᠳ ᠰᠣᠯᠣᠭᠠᠢ ᠭᠠᠷ ᠨᠢ ᠲᠥᠷᠥᠯᠬᠢ ᠶᠢᠨ ᠵᠡᠮᠳᠡᠭ᠃ ᠠᠩᠬ᠎ᠠ | ᠲᠠᠨᠢᠯᠴᠠᠬᠤ ᠶᠢᠨ ᠦᠶ᠎ᠡ ᠳᠤ ᠰᠢᠶᠣᠣ ᠲᠢᠶᠠᠨ ᠵᠡᠮᠳᠡᠭ ᠭᠠᠷ ᠢᠶᠠᠨ ᠠᠷᠤ ᠳᠠᠭᠠᠨ ᠨᠢᠭᠤᠬᠤ ᠪᠥᠭᠡᠳ ᠢᠴᠢᠭ ᠪᠦᠷᠦᠭ ᠵᠠᠩ ᠲᠠᠢ ᠡᠴᠡᠩᠭᠢᠷ ᠬᠡᠦᠬᠡᠳ ᠪᠠᠶᠢᠯ᠎ᠠ᠃ | ᠡᠮᠨᠡᠯᠭᠡ ᠶᠢᠨ ᠤᠬᠠᠭᠠᠨ ᠤ ᠶᠡᠭᠡ ᠰᠤᠷᠭᠠᠭᠤᠯᠢ ᠶᠢᠨ ᠡᠯᠰᠡᠯᠳᠡ ᠶᠢᠨ ᠪᠢᠴᠢᠭ ᠢ ᠳᠤᠰᠤᠭᠰᠠᠨ ᠳᠡᠷᠨ ᠪᠠᠷ ᠴᠠᠭ ᠳᠠᠷᠤᠢ ᠳᠤᠨᠢ ︽ᠠᠢ ᠯᠢᠨ ᠤ ᠠᠵᠢᠯᠯᠠᠬᠤ ᠳᠠᠰᠤᠭ︾ | ᠲᠤ ᠬᠦᠷᠦᠯᠴᠡᠨ ᠢᠷᠡᠵᠦ᠂ ᠪᠠᠶᠠᠷ ᠤᠨ ᠮᠡᠳᠡᠭᠡ ᠤᠯᠠᠮᠵᠢᠯᠠᠬᠤ ᠪᠥᠭᠡᠳ ᠲᠡᠭᠦᠨ ᠢ ᠬᠠᠪᠰᠤᠷᠴᠤ ᠳᠡᠮᠵᠢᠭᠰᠡᠨ ᠰᠠᠶᠢᠨ ᠳᠣᠷᠠᠴᠤᠤᠨ ᠲᠤ ᠪᠠᠶᠠᠷ ᠲᠠᠯᠠᠷᠬᠠᠯ ᠢᠶᠠᠨ | ᠳᠡᠪᠰᠢᠭᠦᠯᠦᠭᠰᠡᠨ ᠨᠢ ᠳᠡᠷᠨ ᠪᠠᠶᠢᠪᠠ᠃ | ᠰᠢᠶᠣᠣ ᠲᠢᠶᠠᠨ᠂ ᠦᠭᠡ ᠳᠠᠭᠤ ᠲᠠᠢ᠂ ᠪᠠᠶᠠᠰᠤᠩᠭᠤᠢ ᠰᠡᠳᠬᠢᠯᠭᠡ ᠲᠠᠢ ᠪᠣᠯᠵᠤ ᠳᠠᠪᠰᠢᠬᠰᠠᠨ ᠨᠢ ᠶᠠᠷᠢᠶᠠᠨ ᠦᠭᠡᠢ ᠸᠠᠩ ᠠᠢ ᠯᠢᠨ ᠨᠠᠷ ᠢ ᠰᠡᠳᠬᠢᠯ ᠤᠨ | ᠤᠭ ᠠᠴᠠ ᠪᠠᠨ ᠪᠠᠶᠠᠷᠯᠠᠭᠤᠯᠬᠤ ᠪᠢᠯᠡ᠃ ᠨᠡᠩ ᠢᠯᠠᠩᠭᠤᠶ᠎ᠠ ᠡᠮᠴᠢ ᠶᠢᠨ ᠮᠡᠷᠭᠡᠵᠢᠯ ᠰᠤᠷᠴᠤ᠂ ᠬᠤᠵᠢᠮ ᠠᠷᠠᠳ ᠣᠯᠠᠨ ᠳᠠᠭᠠᠨ ᠲᠤᠰᠠᠲᠠᠢ᠂ ᠨᠡᠶᠢᠭᠡᠮ ᠨᠡᠶᠢᠳᠡ ᠳᠡᠭᠡᠨ | ᠬᠡᠷᠡᠭᠲᠡᠢ ᠬᠥᠮᠥᠨ ᠪᠤᠯᠬᠤ ᠶᠢᠨ ᠬᠦᠰᠡᠯ ᠬᠠᠷᠠᠯᠲᠠ ᠨᠢ ᠦᠨᠡᠬᠡᠷ ᠰᠡᠳᠬᠢᠯ ᠢ ᠨᠢ ᠳᠣᠭᠳᠣᠯᠤᠭᠤᠯᠵᠤ᠂ ᠰᠠᠶᠢᠨ ᠳᠤᠷ᠎ᠠ ᠶᠢᠨ ᠠᠵᠢᠯ ᠳᠠᠭᠠᠨ ᠤᠯᠠᠮ ᠢᠶᠠᠷ ᠢᠲᠡᠭᠡᠯ ᠲᠠᠢ | ᠪᠣᠯᠵᠤ ᠢᠷᠡᠨ᠎ᠡ᠃ | ︽ᠠᠢ ᠯᠢᠨ ᠤ ᠠᠵᠢᠯᠯᠠᠬᠤ ᠳᠠᠰᠤᠭ︾ ᠤᠨ ᠬᠢᠨ᠂ ᠨᠠᠰᠣᠨ ᠳᠤ ᠭᠦᠷᠦᠭᠡᠳᠦᠢ ᠶᠠᠯ᠎ᠠ ᠬᠢᠭᠴᠢᠳ ᠢ ᠬᠠᠯᠠᠮᠵᠢᠯᠠᠨ ᠲᠡᠳᠬᠦᠬᠦ ᠠᠵᠢᠯ ᠤᠨ ᠭᠤᠣᠯᠯᠠᠭᠴᠢ ᠬᠦᠴᠦᠨ | ᠪᠣᠯᠤᠭᠰᠠᠨ ᠶᠤᠮ᠃ ᠥᠭᠡᠷ᠎ᠡ ᠪᠠᠷ ᠬᠡᠯᠡᠪᠡᠯ ᠬᠥᠯ ᠠᠯᠳᠠᠭᠰᠠᠨ ᠵᠠᠯᠠᠭᠤᠴᠤᠳ ᠪᠠᠭᠠᠴᠤᠳ ᠢ ᠬᠥᠮᠥᠵᠢᠭᠦᠯᠬᠦ᠂ ᠨᠠᠰᠣᠨ ᠳᠤ ᠦᠯᠦ ᠭᠦᠷᠦᠭᠰᠡᠳ ᠢ ᠶᠠᠯ᠎ᠠ ᠬᠢᠬᠦ ᠠᠴᠠ | ᠰᠡᠷᠭᠡᠶᠢᠯᠡᠬᠦ᠂ ᠰᠠᠶᠢᠨ ᠳᠤᠷ᠎ᠠ ᠠᠴᠠ ᠪᠠᠨ ᠬᠠᠪᠰᠣᠷᠣᠨ ᠲᠡᠳᠬᠦᠬᠦ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠲᠦᠭᠡᠮᠡᠯᠵᠢᠭᠦᠯᠬᠦ ᠵᠡᠷᠭᠡ ᠣᠯᠠᠨ ᠳᠦᠷᠦᠯ ᠤᠨ | ᠠᠵᠢᠯᠯᠠᠭ᠎ᠠ ᠶᠢ ᠣᠯᠠᠨᠲᠠ ᠥᠷᠨᠢᠭᠦᠯᠵᠦ᠂ ᠰᠤᠷᠭᠠᠭᠤᠯᠢ᠂ ᠨᠡᠶᠢᠭᠡᠮ ᠲᠣᠭᠤᠷᠢᠭ᠂ ᠭᠠᠴᠠᠭ᠎ᠠ ᠳᠣᠰᠬᠤᠨ ᠬᠢᠭᠡᠳ ᠠᠵᠤ ᠠᠬᠤᠶᠢᠯᠠᠯ ᠵᠡᠷᠭᠡ ᠳᠤ ᠤᠯᠠ ᠮᠥᠷ ᠢᠶᠠᠨ | ᠲᠠᠷᠬᠠᠭᠠᠭᠰᠠᠨ ᠠᠵᠢ᠃ ᠡᠨᠡ ᠲᠤᠬᠠᠢ ᠸᠠᠩ ᠠᠢ ᠯᠢᠨ᠄ | — ᠰᠢᠭᠦᠬᠦ ᠬᠤᠷᠢᠶ᠎ᠠ᠂ ᠭᠡᠷ ᠪᠦᠯᠢ᠂ ᠰᠤᠷᠭᠠᠭᠤᠯᠢ ᠪᠠ ᠨᠡᠶᠢᠭᠡᠮ ᠨᠡᠶᠢᠳᠡ ᠶᠢᠨ ᠬᠦᠴᠦᠨ ᠢ ᠠᠭᠤᠰᠤᠯᠴᠠᠭᠤᠯᠪᠠᠯ ᠰᠠᠶ᠋ᠢ ᠨᠡᠩ ᠣᠯᠠᠨ ᠬᠡᠦᠬᠡᠳ ᠲᠤ ᠬᠠᠤᠯᠢ | ᠴᠠᠭᠠᠵᠠ ᠶᠢᠨ ᠮᠡᠳᠡᠯᠭᠡ ᠶᠢ ᠰᠤᠷᠤᠯᠴᠠᠬᠤ ᠪᠣᠯᠣᠮᠵᠢ ᠶᠢ ᠬᠠᠩᠭᠠᠵᠤ ᠴᠢᠳᠠᠨ᠎ᠠ ᠭᠡᠵᠦ ᠬᠡᠯᠡᠵᠦ ᠪᠠᠶᠢᠯ᠎ᠠ᠃ | ᠲᠠᠷᠠ ︽ᠠᠢ ᠯᠢᠨ ᠤ ᠠᠵᠢᠯᠯᠠᠬᠤ ᠳᠠᠰᠤᠭ︾ ᠤᠨ ᠬᠠᠮᠲᠤ ᠠᠵᠢᠯᠯᠠᠭᠴᠢᠳ ᠲᠠᠢ ᠪᠠᠨ ᠬᠠᠮᠲᠤ ᠲᠦᠩᠯᠢᠶᠣᠣ ᠬᠤᠳᠠ ᠶᠢᠨ ᠬᠡᠪᠴᠢᠶᠡᠨ ᠤ ᠶᠡᠭᠡ ᠳᠡᠭᠡᠳᠦ | ᠰᠤᠷᠭᠠᠭᠤᠯᠢ᠂ ᠳᠣᠮᠳᠠᠳᠣ ᠪᠠᠭ᠎ᠠ ᠰᠤᠷᠭᠠᠭᠤᠯᠢ ᠳᠤ ᠦᠷᠭᠦᠯᠵᠢ ᠶᠢᠨ ᠴᠢᠨᠠᠷᠲᠠᠢ ᠭᠦᠨᠵᠡᠭᠡᠶᠢᠷᠡᠨ᠂ ᠰᠤᠷᠭᠠᠭᠤᠯᠢ ᠶᠢᠨ ᠬᠦᠷᠢᠶᠡᠨ ᠳᠤ ᠣᠯᠠᠨ ᠲᠣᠬᠢᠶᠠᠯᠳᠤᠬᠤ ᠬᠡᠷᠡᠭ ᠤᠨ | ᠵᠢᠱᠢᠶ᠎ᠡ ᠶᠢ ᠬᠠᠤᠯᠢ ᠪᠠᠷ ᠲᠠᠶᠢᠯᠪᠤᠷᠢᠯᠠᠵᠤ᠂ ᠬᠠᠤᠯᠢ ᠪᠠᠷ ᠵᠠᠰᠠᠬᠤ ᠬᠢᠴᠢᠶᠡᠯ᠂ ᠳᠠᠭᠤᠷᠢᠶᠠᠮᠠᠯ ᠰᠢᠭᠦᠬᠦ ᠲᠢᠩᠬᠢᠮ ᠢ ᠮᠢᠩᠭ᠎ᠠ ᠭᠠᠷᠤᠢ ᠤᠳᠠᠭ᠎ᠠ ᠥᠷᠨᠢᠭᠦᠯᠵᠦ᠂ ᠪᠠᠭᠰᠢ᠂ | ᠰᠣᠷᠣᠬᠴᠢ᠂ ᠭᠡᠷ ᠤᠨ ᠠᠬᠠᠮᠠᠳ ᠢ ᠤᠷᠢᠵᠤ ᠰᠢᠭᠦᠬᠦ ᠬᠤᠷᠢᠶᠠᠨ ᠤ ᠰᠢᠭᠦᠯᠲᠡ ᠶᠢ ᠬᠠᠵᠠᠭᠤ ᠠᠴᠠ ᠰᠣᠨᠣᠰᠬᠠᠭᠰᠠᠨ ᠪᠠᠶᠢᠪᠠ᠃ | ᠡᠭᠦᠨ ᠠᠴᠠ ᠭᠠᠳᠠᠨ᠎ᠠ ᠪᠠᠰᠠ ᠬᠥᠳᠡᠭᠡ ᠳᠣᠰᠬᠤᠨ᠂ ᠵᠡᠭᠡᠯᠢ ᠭᠤᠳᠤᠮᠵᠢ᠂ ᠨᠡᠶᠢᠭᠡᠮ ᠲᠣᠭᠤᠷᠢᠭ ᠵᠢᠴᠢ ᠰᠤᠷᠭᠠᠭᠤᠯᠢ ᠳᠤ ᠬᠦᠷᠴᠦ᠂ ᠠᠷᠠᠳ ᠣᠯᠠᠨ᠂ ᠰᠣᠷᠣᠬᠴᠢ | ᠪᠠᠭᠠᠴᠤᠳ ᠲᠤ ᠬᠠᠷ᠎ᠠ ᠪᠦᠯᠦᠭᠲᠡᠨ ᠬᠠᠷᠭᠢᠰ ᠬᠦᠴᠦᠨ ᠭᠡᠭᠴᠢ ᠶᠠᠭᠤ ᠪᠤᠯᠬᠤ ᠶᠢ ᠲᠠᠨᠢᠭᠤᠯᠵᠤ᠂ ᠬᠠᠷ᠎ᠠ ᠪᠦᠯᠦᠭᠲᠡᠨ ᠬᠠᠷᠭᠢᠰ ᠬᠦᠴᠦᠨ ᠳᠤ ᠬᠠᠨᠳᠤᠬᠤ ᠳᠠᠭᠠᠨ | ᠬᠠᠤᠯᠢ ᠴᠠᠭᠠᠵᠠ ᠶᠢᠨ ᠵᠡᠪᠰᠡᠭ ᠢ ᠬᠡᠷᠬᠢᠨ ᠬᠡᠷᠡᠭᠯᠡᠬᠦ᠂ ᠥᠪᠡᠷ ᠢ ᠪᠠᠨ ᠬᠡᠷᠬᠢᠨ ᠬᠠᠮᠠᠭᠠᠯᠠᠬᠤ ᠲᠤᠬᠠᠢ ᠰᠤᠷᠭᠠᠨ ᠬᠥᠮᠦᠵᠢᠯ ᠢ ᠬᠢᠵᠦ ᠶᠠᠪᠤᠭᠰᠠᠨ ᠪᠠᠶᠢᠪᠠ᠃ ᠡᠨᠡ | ᠮᠡᠲᠦᠴᠢᠯᠡᠨ ᠦᠢ ᠣᠯᠠᠨ ᠠᠵᠢᠯ ᠬᠢᠭᠰᠡᠨ ᠤ ᠡᠷᠬᠡ ᠪᠠᠷ ᠣᠯᠠᠨ ᠴᠢᠳᠠᠮᠵᠢᠲᠤ ᠬᠠᠤᠯᠢ ᠪᠠᠷ ᠵᠠᠰᠠᠬᠤ ᠬᠥᠮᠦᠵᠢᠯ ᠤᠨ ᠰᠠᠭᠤᠷᠢᠨ ᠭᠠᠵᠠᠷ᠂ ᠵᠠᠯᠠᠭᠤᠴᠤᠳ | ᠪᠠᠭᠠᠴᠤᠳ ᠤᠨ ᠶᠠᠯ᠎ᠠ ᠬᠢᠬᠦ ᠶᠢ ᠰᠡᠷᠭᠡᠶᠢᠯᠡᠬᠦ ᠬᠤᠶᠠᠳᠤᠭᠠᠷ ᠬᠢᠴᠢᠶᠡᠯ ᠤᠨ ᠲᠠᠩᠬᠢᠮ ᠪᠣᠯᠤᠭᠰᠠᠨ ᠠᠵᠢ᠃ | — ᠠᠰᠠᠭᠤᠳᠠᠯ ᠤᠨ ᠬᠦᠨᠳᠦ ᠨᠣᠴᠢᠲᠤ ᠴᠢᠨᠠᠷ ᠢ ᠮᠡᠳᠡᠭᠰᠡᠨ ᠦᠭᠡᠢ ᠬᠡᠷᠡᠭᠦᠯ ᠵᠣᠳᠣᠭᠠᠨ ᠬᠢᠭᠰᠡᠨ ᠳᠡᠭᠡᠨ ᠪᠢ ᠲᠤᠶᠢᠯ ᠢᠶᠠᠷ ᠭᠡᠮᠰᠢᠵᠦ᠂ ᠣᠳᠣ ᠬᠠᠤᠯᠢ | ᠴᠠᠭᠠᠵᠠ ᠶᠢᠨ ᠮᠡᠳᠡᠯᠭᠡ ᠶᠢ ᠨᠠᠷᠢᠨ ᠬᠢᠨᠠᠮᠠᠭᠠᠢ ᠰᠣᠷᠣᠯᠴᠠᠵᠣ ᠪᠠᠶᠢᠨ᠎ᠠ᠃ ᠬᠤᠶᠢᠰᠢᠳᠠ ᠡᠭᠦᠨ ᠢᠶᠠᠷ ᠰᠤᠷᠭᠠᠮᠵᠢ ᠪᠤᠯᠭᠠᠵᠣ ᠬᠠᠤᠯᠢ ᠴᠠᠭᠠᠵᠠ᠂ ᠲᠣᠭᠲᠠᠭᠠᠯ ᠳᠦᠷᠢᠮ ᠢ | ᠴᠢᠩᠭ᠎ᠠ ᠰᠠᠬᠢᠨ᠎ᠠ ᠭᠡᠵᠦ ᠡᠷᠡᠭᠦᠦ ᠶᠢᠨ ᠬᠤᠭᠤᠴᠠᠭ᠎ᠠ ᠨᠢ ᠰᠠᠶ᠋ᠢᠬᠠᠨ ᠲᠤᠯᠵᠤ ᠰᠤᠯᠠᠯᠠᠭᠳᠠᠭᠰᠠᠨ ᠰᠢᠶᠣᠣ ᠰᠢᠨ᠂ ᠠᠪᠤ ᠲᠠᠢ ᠪᠠᠨ ᠬᠠᠮᠲᠤ ︽ᠠᠢ ᠯᠢᠨ ᠤ ᠠᠵᠢᠯᠯᠠᠬᠤ | ᠳᠠᠰᠤᠭ︾ ᠤᠨ ᠠᠵᠢᠯᠲᠠᠨ ᠳᠤ ᠲᠠᠯᠠᠷᠬᠠᠯ ᠢᠶᠠᠨ ᠢᠯᠡᠳᠬᠡᠵᠦ ᠪᠢᠯᠡ᠃ ᠲᠡᠭᠦᠨ ᠤ ᠦᠭᠡᠰ ᠰᠡᠳᠬᠢᠯ ᠤᠨ ᠬᠢᠨᠢ ᠪᠠᠶᠢᠪᠠ᠂ ᠡᠯᠢᠭᠡ ᠵᠢᠷᠦᠬᠡᠨ ᠤ ᠭᠤᠣᠯ ᠢᠶᠠᠷ ᠰᠦᠨᠳᠡᠷᠯᠡᠪᠡ | ᠃ ᠲᠡᠭᠦᠨ ᠤ ᠦᠭᠡᠰ ᠢᠲᠡᠭᠡᠯ ᠤᠨ ᠬᠢᠨᠢ ᠪᠠᠶᠢᠪᠠ᠂ ᠡᠶ᠎ᠡ ᠨᠠᠶᠢᠷᠠᠮᠳᠠᠭᠤ ᠶᠢᠨ ᠠᠶᠠᠰ ᠢᠶᠠᠷ ᠥᠨᠳᠥᠷᠯᠡᠪᠡ᠃ | ᠰᠢᠶᠣᠣ ᠰᠢᠨ ᠭᠡᠵᠦ ᠨᠠᠶᠢᠵᠠᠯᠠᠬᠤ ᠳᠤᠷᠠᠲᠠᠢ ᠬᠡᠦᠬᠡᠳ᠂ ᠨᠠᠶᠢᠵᠠ ᠶᠢᠨ ᠢᠶᠠᠨ ᠲᠥᠯᠥᠭᠡ ᠬᠡᠷᠡᠭᠦᠯ ᠵᠣᠳᠣᠭᠠᠨ ᠳᠤ ᠣᠷᠣᠯᠴᠠᠵᠣ ᠬᠥᠮᠥᠨ ᠢ ᠰᠢᠷᠬᠠᠲᠤᠭᠤᠯᠤᠭᠠᠳ | ᠨᠢᠭᠡ ᠵᠢᠯ ᠤᠨ ᠡᠷᠡᠭᠦᠦ ᠶᠢᠨ ᠰᠢᠢᠳᠬᠡᠯ ᠣᠯᠣᠭᠰᠠᠨ ᠪᠠᠶᠢᠪᠠ᠃ ᠲᠡᠭᠦᠨ ᠤ ᠠᠪᠤ ᠡᠵᠢ ᠨᠢ ᠣᠯᠠᠨ ᠵᠢᠯ ᠤᠨ ᠡᠮᠦᠨ᠎ᠡ ᠣᠷᠤᠭ ᠰᠠᠯᠤᠭᠰᠠᠨ ᠠᠴᠠ ᠰᠢᠶᠣᠣ ᠰᠢᠨ | ᠡᠵᠢ ᠪᠠᠨ ᠳᠠᠭᠠᠵᠣ ᠠᠮᠢᠳᠤᠷᠠᠪᠠ᠃ ᠭᠡᠲᠡᠯ᠎ᠡ ᠡᠵᠢ ᠨᠢ ᠵᠢᠯ ᠲᠤᠷᠰᠢᠲᠠ ᠭᠠᠳᠠᠨ᠎ᠠ ᠣᠷᠣᠨ ᠳᠤ ᠬᠥᠯᠥᠰᠦᠨ ᠠᠵᠢᠯ ᠬᠢᠵᠦ᠂ ᠬᠢᠵᠢᠭ ᠤᠨ ᠰᠢᠯᠲᠠᠭᠠᠨ ᠢᠶᠠᠷ ᠴᠠᠭ ᠲᠤᠬᠠᠢ | ᠳᠤᠨᠢ ᠲᠦᠩᠯᠢᠶᠣᠣ ᠳᠤ ᠬᠠᠷᠢᠵᠤ ᠢᠷᠡᠵᠦ ᠠᠮᠵᠢᠭᠰᠠᠨ ᠦᠭᠡᠢ᠃ ᠡᠨᠡ ᠨᠢ ᠡᠷᠡᠭᠦᠦ ᠶᠢᠨ ᠬᠤᠭᠤᠴᠠᠭ᠎ᠠ ᠨᠢ ᠲᠤᠯᠤᠭᠰᠠᠨ ᠰᠢᠶᠣᠣ ᠰᠢᠨ ᠢ ᠳᠣᠰᠴᠣ ᠠᠪᠬᠤ ᠬᠥᠮᠥᠨ | ᠦᠭᠡᠢ ᠪᠤᠯᠬᠤ ᠳᠤ ᠬᠦᠷᠭᠡᠵᠡᠢ᠃ ᠸᠠᠩ ᠠᠢ ᠯᠢᠨ ᠡᠨᠡ ᠬᠦ ᠤᠴᠢᠷ ᠢ ᠣᠯᠵᠤ ᠮᠡᠳᠡᠭᠡᠳ ᠠᠪᠤ ᠡᠵᠢ ᠶᠢ ᠨᠢ ᠣᠷᠣᠯᠠᠨ ᠲᠡᠭᠦᠨ ᠢ ᠳᠣᠰᠴᠣ ᠠᠪᠴᠢᠷᠠᠭᠰᠠᠨ ᠪᠠᠶᠢᠪᠠ᠃ | ᠰᠢᠶᠣᠣ ᠰᠢᠨ᠄ | — ᠬᠤᠵᠢᠮ ᠪᠢ ᠠᠪᠤ ᠠᠴᠠ ᠪᠠᠨ ᠮᠠᠰᠢᠨ ᠲᠡᠷᠭᠡ ᠰᠡᠯᠪᠢᠨ ᠵᠠᠰᠠᠬᠤ ᠮᠡᠷᠭᠡᠵᠢᠯ ᠢ ᠰᠠᠶᠢᠨ ᠰᠣᠷᠣᠨ᠎ᠠ᠃ ᠳᠡᠭᠡᠭᠡᠳ ᠨᠡᠶᠢᠭᠡᠮ ᠨᠡᠶᠢᠳᠡ ᠳᠤ ᠠᠴᠢ ᠲᠤᠰᠠᠲᠠᠢ | ᠬᠥᠮᠥᠨ ᠪᠣᠯᠣᠨ᠎ᠠ ᠭᠡᠵᠦ ᠢᠷᠡᠭᠡᠳᠦᠢ ᠶᠢᠨ ᠢᠶᠠᠨ ᠲᠤᠬᠠᠢ ᠢᠲᠡᠭᠡᠯ ᠲᠡᠭᠦᠯᠳᠡᠷ ᠶᠠᠷᠢᠨ᠎ᠠ᠃ | ᠳᠡᠶᠢᠮᠦ ᠠ᠋᠂ ᠸᠠᠩ ᠠᠢ ᠯᠢᠨ ᠵᠢᠴᠢ ᠲᠡᠭᠦᠨ ᠤ ᠠᠵᠢᠯᠯᠠᠬᠤ ᠳᠠᠰᠤᠭ ᠤᠨ ᠬᠢᠨ ᠬᠠᠤᠯᠢ ᠴᠠᠭᠠᠵᠠ ᠶᠢ ᠵᠥᠷᠢᠴᠡᠭᠰᠡᠨ ᠨᠠᠰᠣᠨ ᠳᠤ ᠦᠯᠦ ᠭᠦᠷᠦᠭᠰᠡᠳ ᠢ ᠠᠪᠤᠷᠠᠨ | ᠲᠤᠰᠠᠯᠠᠵᠤ᠂ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ ᠤᠬᠠᠭᠤᠯᠤᠨ ᠲᠦᠭᠡᠮᠡᠯᠵᠢᠭᠦᠯᠦᠭᠰᠡᠨ ᠤ ᠤᠯᠠᠮ ᠢᠶᠠᠷ ᠠᠮᠢᠳᠤᠷᠠᠯ ᠨᠢ ᠬᠦᠴᠢᠷᠲᠡᠢ ᠰᠣᠷᠣᠬᠴᠢ ᠶᠢ | ᠬᠠᠪᠰᠣᠷᠣᠨ ᠲᠡᠳᠬᠦᠵᠦ᠂ ᠰᠤᠷᠤᠯᠭ᠎ᠠ ᠪᠠᠨ ᠳᠣᠷᠭᠤᠨ ᠵᠣᠭᠰᠣᠭᠰᠠᠨ ᠬᠡᠦᠬᠡᠳ ᠢ ᠳᠠᠬᠢᠨᠲᠠ ᠰᠤᠷᠭᠠᠭᠤᠯᠢ ᠳᠤ ᠰᠤᠷᠤᠯᠴᠠᠭᠤᠯᠵᠤ᠂ ᠠᠷᠤ ᠭᠡᠷ ᠲᠡᠭᠡᠨ ᠦᠯᠡᠳᠡᠵᠦ | ᠬᠤᠴᠣᠷᠤᠭᠰᠠᠨ ᠬᠡᠦᠬᠡᠳ ᠪᠠ ᠣᠨᠴᠠᠭᠠᠢ ᠭᠡᠷ ᠪᠦᠯᠢ ᠶᠢᠨ ᠬᠡᠦᠬᠡᠳ ᠲᠤ ᠬᠠᠶᠢᠷ᠎ᠠ ᠬᠠᠯᠠᠮᠵᠢ ᠬᠦᠷᠲᠡᠭᠡᠵᠦ᠂ ᠬᠡᠦᠬᠡᠳ ᠪᠠᠭᠠᠴᠤᠳ ᠤᠨ ᠡᠷᠡᠭᠦᠯ ᠴᠢᠭᠢᠷᠠᠭ ᠢᠶᠠᠷ | ᠦᠰᠦᠨ ᠪᠣᠶᠢᠵᠢᠬᠤ ᠳᠤ ᠴᠢᠬᠤᠯᠠ ᠦᠢᠯᠡᠳᠦᠯ ᠢ ᠦᠵᠡᠭᠦᠯᠦᠭᠰᠡᠭᠡᠷ ᠢᠷᠡᠭᠰᠡᠨ ᠶᠤᠮ᠃ ᠢᠯᠠᠩᠭᠤᠶ᠎ᠠ ᠲᠦᠩᠯᠢᠶᠣᠣ ᠬᠤᠳᠠ ᠶᠢᠨ ︽ᠨᠠᠰᠤᠨ ᠳᠤ ᠦᠯᠤ | ᠭᠦᠷᠦᠭᠰᠡᠳ ᠢ ᠬᠠᠮᠠᠭᠠᠯᠠᠬᠤ ᠢᠨᠵᠧᠨᠧᠷᠢᠩ︾ ᠢ ᠪᠦᠭᠦ ᠲᠠᠯ᠎ᠠ ᠪᠠᠷ ᠡᠬᠢᠯᠡᠭᠦᠯᠦᠭᠰᠡᠨ ᠠᠴᠠ ᠨᠠᠭᠠᠰᠢ ᠸᠠᠩ ᠠᠢ ᠯᠢᠨ᠂ ᠬᠡᠦᠬᠡᠳ ᠪᠠᠭᠠᠴᠤᠳ ᠲᠤ ᠰᠡᠳᠬᠢᠴᠡ ᠶᠢᠨ | ᠬᠥᠮᠦᠵᠢᠯ ᠬᠢᠬᠦ ᠶᠢ ᠣᠨᠴᠠ ᠠᠩᠬᠠᠷᠴᠤ᠂ ᠨᠠᠰᠣᠨ ᠳᠤ ᠭᠦᠷᠦᠭᠡᠳᠦᠢ ᠶᠠᠯ᠎ᠠ ᠬᠢᠭᠰᠡᠳ ᠢ ᠠᠮᠢᠳᠤᠷᠠᠯ ᠢᠶᠠᠨ ᠳᠠᠭᠢᠨ ᠡᠬᠢᠯᠡᠭᠦᠯᠬᠦ ᠳᠤ ᠬᠠᠪᠰᠣᠷᠣᠯᠭ᠎ᠠ ᠵᠢᠯᠣᠭᠤᠳᠤᠯᠭ᠎ᠠ | ᠬᠠᠩᠭᠠᠵᠤ᠂ ᠣᠯᠠᠨ ᠲᠠᠯ᠎ᠠ ᠶᠢ ᠬᠠᠶᠢᠵᠤ᠂ ᠣᠯᠠᠨ ᠠᠷᠭ᠎ᠠ ᠶᠢ ᠰᠦᠪᠡᠭᠴᠢᠯᠡᠵᠦ ᠳᠡᠳᠡᠨᠦᠰ ᠲᠤ ᠠᠵᠢᠯ ᠣᠯᠭᠤᠭᠰᠠᠨ ᠪᠠᠶᠢᠪᠠ᠃ | ︽ᠠᠢ ᠯᠢᠨ ᠤ ᠠᠵᠢᠯᠯᠠᠬᠤ ᠳᠠᠰᠤᠭ︾ ᠨᠢ ᠡᠳᠦᠭᠡ ᠨᠢᠭᠡᠨᠲᠡ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠤᠯᠤᠰ ᠳᠦᠷᠦ ᠬᠠᠤᠯᠢ ᠴᠠᠭᠠᠵᠠ ᠶᠢᠨ | ᠰᠢᠰᠲ᠋ᠧᠮ ᠤᠨ ᠬᠢᠨ ᠤ ᠨᠢᠭᠡᠨ ᠬᠤᠪᠢ ᠨᠡᠷ᠎ᠡ ᠶᠢᠨ ᠬᠠᠭᠤᠳᠠᠰᠤ ᠪᠣᠯᠵᠤ ᠭᠢᠯᠠᠷᠠᠭᠰᠠᠨ ᠪᠥᠭᠡᠳ ᠳᠡᠳᠡᠨ ᠤ ᠬᠠᠶᠢᠷ᠎ᠠ ᠬᠠᠯᠠᠮᠵᠢ ᠪᠠ ᠦᠢᠯᠨ ᠠᠵᠢᠯᠯᠠᠭ᠎ᠠ ᠨᠢ ᠬᠠᠯᠠᠭᠤᠨ | ᠰᠡᠳᠬᠢᠯᠲᠦ ᠬᠥᠮᠥᠰ ᠤᠨ ᠬᠦᠷᠢᠶᠡᠯᠡᠯ ᠪᠠ ᠢᠲᠡᠭᠡᠯ ᠪᠢᠰᠢᠷᠡᠯ ᠢ ᠣᠯᠣᠭᠰᠠᠨ ᠠᠵᠢ᠃ ᠳᠡᠷᠨ ᠳᠣᠳᠣᠮ ᠢᠶᠠᠨ ᠡᠨᠡ ᠬᠦ ᠰᠠᠶᠢᠨ ᠳᠣᠷᠠᠴᠣᠳ ᠤᠨ ᠡᠩᠨᠡᠭᠡ ᠳᠤ | ᠨᠢᠭᠡᠳᠴᠦ᠂ ᠸᠠᠩ ᠠᠢ ᠯᠢᠨ ᠲᠠᠢ ᠬᠠᠮᠲᠤ ᠪᠠᠷ ᠶᠠᠳᠠᠭᠤ ᠬᠦᠴᠢᠷᠳᠡᠯᠲᠡᠢ ᠰᠣᠷᠣᠬᠴᠢ᠂ ᠣᠨᠴᠠᠭᠠᠢ ᠭᠡᠷ ᠪᠦᠯᠢ ᠶᠢᠨ ᠬᠡᠦᠬᠡᠳ᠂ ᠡᠪᠡᠳᠴᠢᠨ ᠡᠮᠭᠡᠭ ᠲᠠᠢ ᠬᠡᠦᠬᠡᠳ | ᠪᠠᠭᠠᠴᠤᠳ ᠢ ᠳᠡᠮᠵᠢᠬᠦ ᠠᠵᠢᠯ ᠳᠤ ᠬᠤᠰᠢᠭᠤᠷᠠᠭᠰᠠᠨ ᠪᠢᠯᠡ᠃ ᠲᠡᠷᠡᠴᠢᠯᠡᠨ ︽ᠨᠢᠭᠡ ᠨᠢ ᠨᠢᠭᠡ ᠶᠢ ᠬᠠᠪᠰᠣᠷᠣᠨ ᠳᠡᠮᠵᠢᠬᠦ︾ ᠰᠤᠷᠤᠯᠭ᠎ᠠ ᠶᠢ ᠲᠡᠳᠬᠦᠬᠦ ᠲᠥᠰᠥᠯ ᠪᠠ | ᠰᠢᠭᠦᠬᠦ ᠬᠤᠷᠢᠶ᠎ᠠ ᠶᠢᠨ ᠨᠠᠮ ᠤᠨ ᠵᠣᠬᠢᠶᠠᠨ ᠪᠠᠶᠢᠭᠤᠯᠤᠯᠲᠠ ᠶᠢᠨ ᠳᠡᠮᠵᠢᠯᠭᠡ ᠪᠠᠷ ᠰᠢᠭᠦᠬᠦ ᠬᠤᠷᠢᠶᠠᠨ ᠤ ᠣᠯᠠᠨ ᠰᠠᠯᠠᠭ᠎ᠠ ᠳᠠᠰᠤᠭ ᠪᠤᠶᠤ ᠬᠤᠪᠢ ᠬᠥᠮᠥᠨ ᠠᠴᠠ | ᠶᠠᠳᠠᠭᠤ ᠬᠦᠴᠢᠷᠳᠡᠯᠲᠡᠢ ᠰᠣᠷᠣᠬᠴᠢ ᠶᠢ ᠬᠠᠪᠰᠣᠷᠣᠨ ᠲᠡᠳᠬᠦᠵᠦ᠂ ᠬᠡᠦᠬᠡᠳ ᠨᠢᠭᠡ ᠪᠦᠷᠢ ᠳᠤ ᠵᠢᠯ ᠳᠤ 2000 ᠲᠥᠭᠦᠷᠢᠭ ᠥᠭᠴᠦ᠂ ᠡᠭᠦᠨ ᠢ ᠪᠠᠨ ᠶᠡᠭᠡ | ᠰᠤᠷᠭᠠᠭᠤᠯᠢ ᠲᠡᠭᠦᠰᠲᠡᠯ᠎ᠡ ᠨᠢ ᠪᠠᠷᠢᠮᠲᠠᠯᠠᠵᠤ ᠪᠠᠶᠢᠭ᠎ᠠ ᠠᠵᠢ᠃ ᠳᠡᠮᠵᠢᠯᠭᠡ ᠭᠥᠷᠳᠡᠭᠰᠡᠨ ᠬᠡᠦᠬᠡᠳ ᠤᠨ ᠣᠯᠠᠩᠬᠢ ᠨᠢ ᠨᠢᠭᠡᠨᠲᠡ ᠰᠤᠷᠤᠯᠭ᠎ᠠ ᠪᠠᠨ ᠰᠡᠷᠭᠦᠭᠡᠵᠦ᠂ ᠵᠠᠷᠢᠮ | ᠨᠢ ᠶᠡᠭᠡ ᠰᠤᠷᠭᠠᠭᠤᠯᠢ ᠳᠤ ᠰᠢᠯᠭᠠᠭᠤᠯᠤᠨ ᠣᠷᠣᠭᠰᠠᠨ ᠨᠢ ᠸᠠᠩ ᠠᠢ ᠯᠢᠨ ᠤ ᠰᠡᠳᠬᠢᠯ ᠢ ᠤᠯᠠᠮ ᠬᠠᠯᠠᠭᠤᠨ᠂ ᠢᠲᠡᠭᠡᠯ ᠢ ᠤᠯᠠᠮ ᠥᠷᠨᠢᠭᠦᠨ ᠪᠤᠯᠭᠠᠬᠰᠠᠨ ᠪᠢᠯᠡ᠃ | ᠲᠦᠩᠯᠢᠶᠣᠣ ᠬᠤᠳᠠ ᠶᠢᠨ ᠨᠠᠰᠣᠨ ᠳᠤ ᠦᠯᠦ ᠭᠦᠷᠦᠭᠰᠡᠳ ᠤᠨ ᠶᠠᠯ᠎ᠠ ᠬᠢᠬᠦ ᠲᠤᠭ᠎ᠠ ᠨᠣᠷᠮ᠎ᠠ ᠨᠢ ᠢᠯᠡᠳᠲᠡ ᠪᠠᠭᠤᠷᠠᠭᠰᠠᠨ ᠪᠣᠯ ᠡᠭᠦᠨ ᠳᠤ ᠸᠠᠩ ᠠᠢ ᠯᠢᠨ | ᠨᠠᠷ ᠤᠨ ᠬᠦᠴᠦ ᠬᠥᠯᠥᠰᠦ ᠣᠷᠣᠰᠢᠭᠰᠠᠨ ᠨᠢ ᠭᠠᠷᠴᠠᠭ᠎ᠠ ᠦᠭᠡᠢ ᠠ᠋᠃ | ᠳᠥᠷᠪᠡ | ᠪᠢᠳᠡᠨ ᠤ ᠮᠡᠳᠡᠭᠡᠵᠢ ᠪᠠᠷ ᠬᠥᠳᠡᠭᠡ ᠳᠣᠰᠬᠤᠨ ᠮᠠᠯᠵᠢᠬᠤ ᠲᠠᠷᠢᠶᠠᠯᠠᠬᠤ ᠣᠷᠣᠨ ᠳᠤ ᠬᠠᠤᠯᠢ ᠴᠠᠭᠠᠵᠠ ᠶᠢᠨ ᠮᠡᠳᠡᠯᠭᠡ ᠳᠤᠲᠠᠮᠠᠭ ᠪᠠᠶᠢᠳᠠᠭ᠃ ᠳᠡᠷᠨ ᠲᠤᠰᠤᠮ ᠢᠶᠠᠨ | ᠬᠠᠤᠯᠢ ᠪᠠᠷ ᠪᠡᠶ᠎ᠡ ᠪᠠᠨ ᠬᠠᠮᠠᠭᠠᠯᠠᠬᠤ ᠦᠵᠡᠯ ᠤᠬᠠᠮᠰᠠᠷ ᠨᠢ ᠪᠠᠭᠤᠷᠠᠢ ᠪᠠᠶᠢᠳᠠᠭ ᠨᠢ ᠦᠨᠳᠦᠰᠦᠨ ᠱᠠᠲᠤᠨ ᠳᠤ ᠬᠠᠤᠯᠢ ᠴᠠᠭᠠᠵᠠ ᠶᠢᠨ ᠶᠡᠷᠦ ᠶᠢᠨ ᠮᠡᠳᠡᠯᠭᠡ ᠶᠢ | ᠲᠦᠭᠡᠮᠡᠯᠵᠢᠭᠦᠯᠬᠦ ᠨᠢ ᠨᠢᠭᠡᠨ ᠴᠠᠭ ᠤᠨ ᠠᠵᠢᠯ ᠪᠢᠰᠢ ᠬᠠᠷᠢᠨ ᠣᠷᠳᠣ ᠬᠤᠭᠤᠴᠠᠭ᠎ᠠ ᠪᠠᠷ ᠪᠠᠷᠢᠮᠲᠠᠯᠠᠬᠤ ᠶᠠᠪᠤᠳᠠᠯ ᠭᠡᠰᠡᠨ ᠢ ᠬᠠᠷᠠᠭᠤᠯᠵᠤ ᠪᠠᠶᠢᠭ᠎ᠠ᠃ | ︽ᠠᠢ ᠯᠢᠨ ᠤ ᠠᠵᠢᠯᠯᠠᠬᠤ ᠳᠠᠰᠤᠭ︾ ᠤᠨ ᠵᠠᠯᠠᠭᠤ ᠰᠢᠭᠦᠭᠴᠢ ᠨᠠᠷ᠂ ᠡᠳᠦᠷ ᠳᠣᠳᠣᠮ ᠤᠨ ᠰᠢᠭᠦᠨ ᠲᠠᠰᠤᠯᠬᠤ ᠠᠵᠢᠯ ᠳᠠᠭᠠᠨ ᠶᠠᠭᠠᠷᠠᠯᠲᠠᠢ ᠣᠷᠤᠯᠴᠠᠬᠤ ᠠᠴᠠ | ᠭᠠᠳᠠᠨ᠎ᠠ ᠪᠠᠶᠠᠷ ᠳᠤᠷᠠᠰᠬᠠᠯ ᠪᠠ ᠬᠤᠣᠰ ᠠᠮᠠᠷᠠᠯᠲᠠ ᠶᠢᠨ ᠡᠳᠦᠷ ᠢ ᠠᠰᠢᠭᠯᠠᠨ ᠬᠤᠳᠠ ᠬᠥᠳᠡᠭᠡ ᠶᠢᠨ ᠬᠤᠭᠤᠷᠣᠨᠳᠤ ᠨᠠᠭᠠᠰᠢ ᠴᠠᠭᠠᠰᠢ ᠶᠠᠪᠤᠵᠤ᠂ ᠬᠠᠤᠯᠢ | ᠴᠠᠭᠠᠵᠠ ᠶᠢᠨ ᠬᠠᠮᠢᠶ᠎ᠠ ᠪᠦᠬᠦᠢ ᠠᠰᠠᠭᠤᠳᠠᠯ ᠢ ᠰᠢᠢᠳᠪᠦᠷᠢᠯᠡᠵᠦ ᠥᠭᠭᠦᠭᠰᠡᠭᠡᠷ ᠢᠷᠡᠪᠡ᠃ | ᠬᠠᠯᠳᠠᠪᠤᠷᠢᠳᠣ ᠬᠢᠵᠢᠭ ᠢ ᠰᠡᠷᠭᠡᠶᠢᠯᠡᠨ ᠡᠵᠡᠮᠳᠡᠬᠦ ᠬᠤᠭᠤᠴᠠᠭᠠᠨ ᠳᠤ ᠸᠠᠩ ᠠᠢ ᠯᠢᠨ ᠪᠣᠯᠣᠨ ᠲᠡᠭᠦᠨ ᠤ ᠠᠵᠢᠯᠯᠠᠬᠤ ᠳᠠᠰᠤᠭ ᠤᠨ ᠵᠠᠯᠠᠭᠤ ᠠᠵᠢᠯᠲᠠᠳ᠂ ᠵᠠᠭᠤ | ᠰᠢᠬᠠᠮ ᠰᠠᠶᠢᠨ ᠳᠣᠷᠠᠴᠤᠤᠨ ᠠᠴᠠ ᠡᠮᠦᠨ᠎ᠡ ᠹᠷᠣᠨᠲ ᠤᠨ 10 ᠭᠠᠷᠤᠢ ᠰᠡᠷᠭᠡᠶᠢᠯᠡᠨ ᠡᠵᠡᠮᠳᠡᠬᠦ ᠴᠡᠭ ᠢ ᠪᠠᠲᠤ ᠰᠠᠬᠢᠵᠤ᠂ ᠬᠡᠳᠦᠨ ᠰᠠᠷ᠎ᠠ ᠪᠠᠷ ᠦᠷᠭᠦᠯᠵᠢᠯᠡᠨ | ᠠᠵᠢᠯᠯᠠᠪᠠ᠃ ᠲᠦᠩᠯᠢᠶᠣᠣ ᠶᠢᠨ ᠴᠢᠰᠤᠨ ᠤ ᠬᠥᠮᠥᠷᠭᠡ ᠶᠢᠨ ᠴᠢᠰᠤ ᠳᠤᠲᠠᠭᠰᠠᠨ ᠪᠠᠶᠢᠳᠠᠯ ᠳᠤ ᠣᠯᠠᠨ ᠢ ᠵᠣᠬᠢᠶᠠᠨ ᠪᠠᠶᠢᠭᠤᠯᠵᠤ ᠴᠢᠰᠤ ᠬᠠᠨᠳᠢᠪᠯᠡᠪᠠ᠃ | ︽ᠪᠦᠭᠦ ᠤᠯᠤᠰ ᠤᠨ ᠰᠢᠯᠢᠳᠡᠭ ᠰᠢᠭᠦᠭᠴᠢ︾᠂︽ᠪᠦᠭᠦ ᠤᠯᠤᠰ ᠤᠨ 3 · 8 ᠶᠢᠨ ᠤᠯᠠᠭᠠᠨ ᠲᠤᠭᠴᠢ︾᠂ ︽ᠪᠦᠭᠦ ᠤᠯᠤᠰ ᠤᠨ ᠬᠤᠣᠰ ᠵᠠᠭᠤᠨ ᠤ ᠤᠯᠤᠰ | ᠳᠦᠷᠦ ᠬᠠᠤᠯᠢ ᠴᠠᠭᠠᠵᠠ ᠶᠢᠨ ᠪᠠᠭᠠᠲᠤᠷ ᠵᠢᠱᠢᠶᠡᠴᠢ︾᠂ ︽ᠰᠢᠯᠢᠳᠡᠭ ᠡᠪ ᠬᠠᠮᠲᠤ ᠨᠠᠮ ᠤᠨ ᠭᠡᠰᠢᠭᠦᠨ︾᠂ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ | ᠤ ᠤᠯᠤᠰ ᠲᠦᠷᠦ ᠬᠠᠤᠯᠢ ᠴᠠᠭᠠᠵᠠ ᠶᠢᠨ ᠰᠢᠰᠲ᠋ᠧᠮ ᠤᠨ ᠪᠠᠭᠠᠲᠤᠷ ᠵᠢᠱᠢᠶᠡᠴᠢ︾᠂︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠪᠦᠭᠦ ᠣᠷᠣᠨ ᠤ | ᠵᠠᠯᠠᠭᠤᠴᠤᠳ ᠪᠠᠭᠠᠴᠤᠳ ᠤᠨ ᠬᠠᠤᠯᠢ ᠶᠣᠰᠣᠨ ᠤ ᠡᠷᠬᠡ ᠠᠰᠢᠭ ᠢ ᠬᠠᠮᠠᠭᠠᠯᠠᠭᠰᠠᠨ ᠲᠡᠷᠢᠭᠦᠨ ᠤ ᠬᠤᠪᠢ ᠬᠥᠮᠥᠨ︾᠂︽ᠪᠦᠭᠦ ᠣᠷᠣᠨ ᠤ ᠰᠢᠭᠦᠬᠦ ᠬᠤᠷᠢᠶᠠᠨ ᠤ | ᠲᠡᠷᠢᠭᠦᠨ ᠤ ᠬᠤᠪᠢ ᠬᠥᠮᠥᠨ︾᠂ ︽ᠥᠪᠥᠷ ᠮᠣᠩᠭᠤᠯ ᠤᠨ ᠰᠠᠶᠢᠨ ᠬᠥᠮᠥᠨ︾᠂ ︽ᠰᠢᠯᠢᠳᠡᠭ ᠪᠠᠭᠠᠴᠤᠳ ᠤᠨ ᠰᠢᠭᠦᠬᠦ ᠲᠢᠩᠬᠢᠮ︾᠂︽ᠲᠦᠩᠯᠢᠶᠣᠣ ᠬᠤᠳᠠ ᠶᠢᠨ ᠠᠷᠪᠠᠨ | ᠰᠢᠯᠢᠳᠡᠭ ᠬᠠᠤᠯᠢ ᠪᠠᠷ ᠵᠠᠰᠠᠭᠰᠠᠨ ᠬᠥᠮᠥᠨ︾ ᠁ | ᠡᠳᠡᠭᠡᠷ ᠵᠢᠯ ᠤᠳ ᠲᠤ ᠸᠠᠩ ᠠᠢ ᠯᠢᠨ ᠤᠯᠤᠰ᠂ ᠥᠪᠡᠷᠲᠡᠭᠡᠨ ᠵᠠᠰᠠᠬᠤ ᠣᠷᠣᠨ ᠪᠠ ᠬᠤᠳᠠ ᠶᠢᠨ ᠳᠡᠰ ᠤᠨ ᠢᠷᠠᠭᠤ ᠠᠯᠳᠠᠷ ᠢ 60 ᠭᠠᠷᠤᠢ ᠤᠳᠠᠭ᠎ᠠ | ᠭᠥᠷᠳᠡᠭᠰᠡᠨ ᠪᠥᠭᠡᠳ 2019 ᠣᠨ ᠤ 3 ᠰᠠᠷ᠎ᠠ ᠳᠤ ᠬᠤᠪᠢ ᠬᠥᠮᠥᠨ ᠤ ᠭᠤᠷᠪᠠᠳᠤᠭᠠᠷ ᠳᠡᠰ ᠤᠨ ᠭᠠᠪᠢᠶ᠎ᠠ ᠶᠢ ᠪᠠᠶᠢᠭᠤᠯᠪᠠ᠃ | 2022 ᠣᠨ ᠤ ᠡᠪᠦᠯ᠂ ᠪᠦᠭᠦ ᠤᠯᠤᠰ ᠤᠨ ︽ᠠᠷᠠᠳ ᠲᠦᠮᠡᠨ ᠳᠤ ᠲᠠᠭᠠᠰᠢᠶᠠᠭᠳᠠᠭᠰᠠᠨ ᠠᠯᠪᠠᠲᠠᠨ︾ ᠪᠣᠯᠤᠭᠰᠠᠨ ᠤ ᠬᠤᠪᠢ ᠳᠤ᠂ ᠪᠡᠭᠡᠵᠢᠩ ᠤᠨ ᠠᠷᠠᠳ ᠤᠨ | ᠶᠡᠭᠡ ᠬᠤᠷᠠᠯ ᠤᠨ ᠲᠠᠩᠬᠢᠮ ᠳᠤ ᠶᠡᠷᠦᠩᠬᠡᠢ ᠱᠦᠵᠢ ᠰᠢ ᠶᠢᠨ ᠫᠢᠩ ᠵᠡᠷᠭᠡ ᠨᠠᠮ ᠳᠦᠷᠦ ᠶᠢᠨ ᠤᠳᠤᠷᠢᠳᠬᠤ ᠬᠥᠮᠥᠰ ᠲᠠᠢ ᠠᠭᠤᠯᠵᠠᠪᠠ᠃ 2024 ᠣᠨ ᠳᠤ᠂ | ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠡᠷᠢᠭᠦᠨ ᠤ ᠵᠢᠱᠢᠶᠡᠴᠢ ᠲᠥᠯᠥᠭᠡᠯᠡᠭᠴᠢ ᠪᠣᠯᠤᠭᠰᠠᠨ ᠤ ᠬᠤᠪᠢ ᠳᠤ᠂ ᠠᠷᠪᠠᠨ ᠳᠥᠷᠪᠡᠳᠦᠭᠡᠷ | ᠬᠤᠭᠤᠴᠠᠭᠠᠨ ᠤ ᠪᠦᠭᠦ ᠤᠯᠤᠰ ᠤᠨ ᠡᠪᠦᠯ ᠤᠨ ᠤᠯᠠᠷᠢᠯ ᠤᠨ ᠲᠠᠮᠢᠷ ᠤᠨ ᠴᠤᠭᠯᠠᠭᠠᠨ ᠤ ᠡᠭᠢᠯᠠᠯᠳᠠ ᠶᠢᠨ ᠶᠣᠰᠣᠯᠠᠯ ᠳᠤ ᠲᠤᠭ ᠪᠠᠷᠢᠭᠴᠢ ᠪᠣᠯᠪᠠ᠃ | ᠲᠡᠭᠦᠨ ᠤ ᠬᠠᠷᠢᠭᠤᠴᠠᠨ ᠬᠢᠭᠰᠡᠨ ︽ᠠᠢ ᠯᠢᠨ ᠤ ᠠᠵᠢᠯᠯᠠᠬᠤ ᠲᠠᠰᠤᠭ︾ ᠨᠢ ᠪᠠᠰᠠ ᠤᠷᠢᠳ ᠬᠤᠵᠢᠳ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ | ᠬᠠᠤᠯᠢ ᠲᠦᠭᠡᠮᠡᠯᠵᠢᠭᠦᠯᠬᠦ᠂ ᠬᠠᠤᠯᠢ ᠶᠣᠰᠣᠭᠠᠷ ᠵᠠᠰᠠᠬᠤ ᠠᠷᠪᠠᠨ ᠶᠡᠭᠡ ᠰᠢᠨ᠎ᠡ ᠶᠢ ᠡᠭᠦᠳᠦᠭᠰᠡᠨ ᠬᠡᠷᠡᠭ ᠤᠨ ᠵᠢᠱᠢᠶ᠎ᠡ︾᠂︽ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠨᠠᠶᠢᠳᠠ ᠶᠢᠨ ᠠᠰᠠᠷᠠᠮᠵᠢ ᠶᠢᠨ ᠠᠳᠠᠯ ᠦᠢᠯᠡᠰ ᠴᠣᠭᠴᠠᠯᠠᠬᠤ ᠪᠡᠯᠡ ᠤᠷᠤᠭᠤᠯᠤᠯᠳᠠ ᠶᠢᠨ ᠤᠷᠤᠯᠳᠤᠭᠠᠨ ᠤ ᠠᠯᠲᠠᠨ ᠱᠠᠩᠨᠠᠯ︾᠂︽ᠥᠪᠥᠷ ᠮᠣᠩᠭᠤᠯ ᠤᠨ | ᠥᠪᠡᠷᠲᠡᠭᠡᠨ ᠵᠠᠰᠠᠬᠤ ᠣᠷᠣᠨ ᠤ ᠠᠩᠬᠠᠳᠤᠭᠠᠷ ᠬᠤᠭᠤᠴᠠᠭᠠᠨ ᠤ ᠰᠢᠯᠢᠳᠡᠭ ᠰᠠᠶᠢᠨ ᠳᠤᠷ᠎ᠠ ᠶᠢᠨ ᠦᠢᠯᠡᠴᠢᠯᠡᠭᠡᠨ ᠤ ᠲᠥᠰᠥᠯ︾᠂ ᠲᠦᠩᠯᠢᠶᠣᠣ ᠬᠤᠳᠠ ᠶᠢᠨ | ᠬᠤᠷᠴᠢᠨ ᠲᠣᠭᠤᠷᠢᠭ ᠤᠨ ︽5 · 4 ᠵᠠᠯᠠᠭᠤᠴᠤᠳ ᠤᠨ ᠱᠠᠩᠨᠠᠯ ᠤᠨ ᠲᠡᠮᠳᠡᠭ ᠤᠨ ᠬᠠᠮᠲᠤ ᠨᠠᠶᠢᠳᠠ︾᠂ ︽3 · 8 ᠶᠢᠨ ᠤᠯᠠᠭᠠᠨ ᠲᠤᠭᠴᠢ ᠬᠠᠮᠲᠤ ᠨᠠᠶᠢᠳᠠ︾᠂ | ︽ᠵᠠᠯᠠᠭᠤᠴᠤᠳ ᠪᠠᠭᠠᠴᠤᠳ ᠤᠨ ᠡᠷᠬᠡ ᠠᠰᠢᠭ ᠢ ᠬᠠᠮᠠᠭᠠᠯᠠᠬᠤ ᠠᠵᠢᠯ ᠤᠨ ᠪᠠᠶᠢᠷᠢ︾ ᠵᠡᠷᠭᠡ ᠢᠷᠠᠭᠤ ᠠᠯᠳᠠᠷ ᠢ ᠭᠦᠷᠳᠠᠪᠠ᠃ | ᠳᠡᠶᠢᠮᠦ ᠠ᠋᠂ ᠡᠨᠡ ᠦᠨᠡᠬᠡᠷ ᠬᠠᠮᠲᠤ ᠶᠢᠨ ᠭᠦᠳᠠᠯᠮᠤᠷᠢ ᠶᠢᠨ ᠦᠷ᠎ᠡ ᠵᠢᠮᠢᠰ ᠢ ᠤᠷᠭᠤᠭᠤᠯᠤᠬᠰᠠᠨ ᠪᠥᠭᠡᠳ ᠠᠮᠲᠠᠯᠠᠭᠰᠠᠨ ᠠᠵᠢ᠃ ᠬᠠᠮᠲᠤ ᠶᠢᠨ ᠭᠦᠳᠠᠯᠮᠤᠷᠢ ᠪᠠᠷ | ᠪᠦᠯᠬᠦᠮᠳᠡᠯ ᠢ ᠠᠬᠢᠭᠤᠯᠵᠤ ᠨᠥᠬᠦᠷᠯᠡᠯ ᠢᠶᠠᠨ ᠵᠤᠵᠠᠭᠠᠳᠬᠠᠨ᠂ ︽ᠳᠤᠤᠭᠠᠷᠪᠠᠯ ᠲᠠᠭᠤᠨ ᠨᠢᠭᠡᠲᠡᠢ ᠳᠤᠭᠲᠤᠷᠪᠠᠯ ᠬᠦᠴᠦᠨ ᠨᠢᠭᠡᠲᠡᠢ︾ ᠪᠠᠷ ᠠᠵᠢᠯ ᠦᠢᠯᠡᠰ ᠲᠡᠭᠡᠨ | ᠮᠠᠬᠠᠷᠠᠨ ᠴᠢᠷᠮᠠᠶᠢᠵᠤ᠂ ᠵᠢᠯ ᠳᠠᠷᠠᠭᠠᠯᠠᠨ ︽ᠲᠡᠷᠢᠭᠦᠨ ᠤ ᠬᠠᠮᠲᠤ ᠨᠡᠶᠢᠳᠡ︾ ᠪᠠᠷ ᠰᠣᠩᠭᠤᠭᠳᠠᠭᠰᠠᠭᠠᠷ ᠢᠷᠡᠭᠰᠡᠨ ᠠᠵᠢ᠃ | ᠸᠠᠩ ᠠᠢ ᠯᠢᠨ ᠤ ᠠᠷᠠᠳ ᠲᠦᠮᠡᠨ ᠳᠤ ᠦᠢᠯᠡᠴᠢᠯᠡᠳᠡᠭ ᠲᠡᠷᠢᠭᠦᠨ ᠤ ᠦᠢᠯᠨ ᠠᠵᠢᠯᠯᠠᠭ᠎ᠠ ᠨᠢ ᠬᠠᠤᠯᠢ ᠴᠠᠭᠠᠵᠠ ᠶᠢᠨ ᠰᠢᠰᠲ᠋ᠧᠮ ᠳᠤ ᠦᠢᠯᠡᠴᠢᠯᠡᠵᠦ ᠪᠠᠶᠢᠭ᠎ᠠ | ᠵᠠᠯᠠᠭᠤ ᠰᠢᠭᠦᠭᠴᠢᠳ ᠲᠤ ᠳᠠᠭᠤᠷᠢᠶᠠᠯ ᠦᠵᠡᠭᠦᠯᠦᠭᠰᠡᠨ ᠢᠶᠠᠷ ᠪᠠᠷᠠᠬᠤ ᠦᠭᠡᠢ᠂ ᠠᠷᠠᠳ ᠲᠦᠮᠡᠨ ᠳᠡᠭᠡᠨ ᠦᠢᠯᠡᠴᠢᠯᠡᠬᠦ ᠭᠡᠷᠡᠯ ᠰᠠᠴᠤᠷᠠᠩᠭᠤᠢ ᠦᠢᠯᠡᠰ ᠨᠢ | ᠦᠷᠭᠦᠯᠵᠢᠯᠡᠭᠰᠡᠭᠡᠷ ᠁ | | ᠰᠤᠷᠪᠤᠯᠵᠢᠯᠠᠬᠴᠢ ᠵᠠᠩ ᠳ᠋ᠦᠩ ᠮᠸᠢ ᠵᠤᠤ ᠲᠠᠨ᠎ᠠ ᠥᠨᠢᠷᠴᠡᠴᠡᠭ | |