ᠰᠡᠳᠬᠢᠯ ᠤᠨ ᠪᠡᠯᠡᠭ
ᠨᠡᠶᠢᠲᠡᠯᠡᠭᠰᠡᠨ ᠴᠠᠭ᠄
2025/3/28
ᠥᠪᠡᠷᠰᠡᠳ ᠤᠨ ᠡᠷᠬᠡ ᠪᠠᠨ ᠥᠪᠡᠷ ᠢᠶᠠᠨ ᠲᠡᠮᠡᠴᠡᠵᠦ ᠣᠯᠣᠭᠰᠠᠨᠦᠨᠡᠲᠡᠢ ᠡᠨᠡ ᠵᠢᠳᠬᠦᠯ ᠢ ᠴᠢᠨᠢ ᠳᠡᠯᠡᠬᠡᠢ ᠮᠡᠳᠡᠷᠡᠵᠦ ᠲᠡᠮᠳᠡᠭᠯᠡᠭᠰᠡᠨ ᠶᠤᠮᠦᠶ᠎ᠡ ᠦᠶ᠎ᠡ ᠶᠢᠨ ᠳᠠᠷᠤᠯᠠᠯ ᠬᠠᠷᠠᠩᠭᠤᠢ ᠴᠠᠭ ᠢ ᠦᠯᠳᠡᠭᠰᠡᠨᠥᠮᠥᠭ ᠪᠣᠯᠤᠭᠰᠠᠨ ᠶᠣᠰᠣ ᠶᠢ ᠨᠢ ᠣᠨ ᠵᠢᠯ ᠤᠳ ᠭᠡᠷᠡᠴᠢᠯᠡᠭᠰᠡᠨ ᠶᠤᠮᠦᠨᠡᠬᠡᠷ ᠶᠤᠮ ᠤᠤ ᠳ᠋ᠠ ᠢᠯᠠᠯᠲᠠ ᠪᠠᠨ ᠪᠡᠯᠡᠭᠯᠡᠭᠰᠡᠨ ᠳᠤᠷᠠᠰᠬᠠᠯᠲᠤ ᠡᠳᠦᠷᠥᠨᠥᠳᠥᠷ ᠤᠨ ᠪᠢᠳᠡᠨ ᠳᠤ ᠢᠷᠠᠭᠤ ᠠᠯᠳᠠᠷ ᠢ ᠨᠢ ᠠᠪᠴᠢᠷᠠᠭᠰᠠᠨ ᠶᠤᠮᠦᠯᠡᠮᠵᠢ ᠶᠢᠨ ᠰᠠᠶᠢᠬᠠᠨ ᠪᠦᠭᠦᠨ ᠢᠶᠠᠨᠦᠯᠡᠳᠡᠭᠡᠵᠦ ᠥᠪᠯᠡᠵᠦ ᠢᠷᠡᠭᠰᠡᠨ ᠶᠤᠮᠭᠠᠴᠢᠭᠳᠠᠯ ᠤᠨ ᠡᠰᠡᠷᠭᠦ ᠭᠠᠷ ᠨᠤᠬᠤᠯᠠᠨ ᠵᠣᠭᠰᠣᠭᠰᠠᠨ ᠦᠭᠡᠢᠭᠠᠵᠢᠭᠤ ᠪᠤᠷᠤᠭᠤ ᠶᠢᠨ ᠡᠮᠦᠨ᠎ᠡ ᠠᠴᠠ ᠴᠡᠭᠡᠵᠢ ᠲᠦᠷᠢᠨ ᠪᠣᠰᠣᠭᠰᠠᠨ ᠶᠤᠮᠭᠠᠪᠢᠶ᠎ᠠ ᠮᠠᠭᠲᠠᠭᠠᠯ ᠠᠯᠢᠨ ᠢ ᠨᠢ ᠴᠦ ᠲᠣᠭᠤᠵᠤ ᠬᠠᠷᠠᠭᠰᠠᠨ ᠦᠭᠡᠢᠭᠠᠵᠠᠷ ᠲᠡᠭᠷᠢ ᠶᠢᠨ ᠳᠤᠮᠳᠠ ᠡᠷᠬᠡ ᠴᠢᠯᠦᠭᠡ ᠪᠠᠨ ᠲᠤᠩᠬᠠᠭᠯᠠᠭᠰᠠᠨ ᠶᠤᠮᠭᠠᠶᠢᠬᠠᠮᠠᠷ ᠶᠤᠮ ᠳ᠋ᠠ ᠵᠤᠪᠠᠯᠠᠩ ᠤᠨ ᠡᠴᠦᠰ ᠵᠢᠷᠭᠠᠯᠲᠤ ᠡᠳᠦᠷᠭᠠᠯᠪᠠ ᠳᠡᠯᠡᠬᠡᠢ ᠳᠤ ᠠᠶᠠᠨᠳᠠᠭᠠᠨ ᠦᠷᠭᠦᠯᠵᠢᠯᠡᠵᠦ ᠢᠷᠡᠭᠰᠡᠨ ᠶᠤᠮᠭᠠᠷ ᠭᠠᠷ ᠢᠶᠠᠨ ᠬᠤᠯᠪᠣᠭᠰᠠᠨ ᠪᠠᠶᠠᠷ ᠤᠨ ᠳᠠᠭᠤᠯᠠᠯ ᠡᠭᠡᠰᠢᠭᠯᠡᠵᠦᠭᠠᠷᠠᠭ ᠰᠠᠨᠰᠠᠷ ᠤᠨ ᠣᠷᠣᠨ ᠭᠦᠷᠳᠡᠯ᠎ᠡ ᠴᠤᠤᠷᠢᠶᠠᠯᠠᠭᠰᠠᠨ ᠶᠤᠮᠭᠠᠯ ᠤᠰᠤ ᠭᠦᠷᠳᠡᠯ᠎ᠡ ᠬᠠᠰᠢᠵᠤ ᠴᠢᠳᠠᠳᠠᠭ ᠦᠭᠡᠢᠭᠠᠷᠴᠠᠭ᠎ᠠ ᠦᠭᠡᠢ ᠪᠡᠶᠡᠯᠡᠬᠦ ᠮᠥᠷᠥᠭᠡᠳᠦᠯ ᠤᠨ ᠢᠶᠠᠨ ᠵᠦᠭ ᠲᠡᠮᠡᠦᠯᠦᠭᠡᠳᠭᠠᠩᠳᠠᠨ ᠪᠠᠭᠤᠷᠠᠰᠢ ᠦᠭᠡᠢ ᠴᠤᠭ ᠵᠢᠪᠬᠤᠭ᠎ᠠ ᠪᠠᠨ ᠪᠠᠳᠠᠷᠠᠭᠤᠯᠤᠭᠰᠠᠨ ᠶᠤᠮ 
ᠢᠷᠡᠯᠲᠡ᠄ ᠲᠥᠩᠯᠢᠶᠣᠣ ᠮᠣᠩᠭᠤᠯ ᠰᠦᠯᠵᠢᠶ᠎ᠡ