ᠤᠢᠢᠷ᠎ᠠ ᠶᠢᠨ ᠵᠢᠯ ᠠᠴᠠ᠂ ᠬᠤᠷᠴᠢᠨ ᠲᠣᠭᠤᠷᠢᠭ ᠤᠨ ᠬᠢᠨ ᠬᠥᠳᠡᠭᠡ ᠲᠣᠰᠬᠤᠨ ᠤ ᠭᠠᠵᠠᠷ ᠰᠢᠷᠣᠢ ᠶᠢᠨ ᠲᠦᠷᠢᠮ ᠤᠨ ᠥᠭᠡᠷᠡᠴᠢᠯᠡᠯᠲᠡ᠂ ᠬᠠᠮᠲᠤ ᠶᠢᠨ | ᠥᠮᠴᠢᠯᠡᠯ ᠤᠨ ᠡᠷᠬᠡ ᠶᠢᠨ ᠲᠦᠷᠢᠮ ᠤᠨ ᠥᠭᠡᠷᠡᠴᠢᠯᠡᠯᠲᠡ ᠶᠢ ᠢᠳᠡᠪᠬᠢᠲᠡᠢ ᠨᠠᠶᠢᠳᠠᠪᠤᠷᠢᠵᠢᠭᠤᠯᠵᠤ᠂ ᠬᠥᠳᠡᠭᠡ ᠠᠵᠤ ᠠᠬᠤᠢ ᠬᠥᠳᠡᠭᠡ ᠲᠣᠰᠬᠤᠨ ᠤ | ᠥᠭᠡᠷᠡᠴᠢᠯᠡᠯᠲᠡ ᠶᠢᠨ ᠬᠥᠳᠡᠯᠭᠡᠬᠦ ᠬᠦᠴᠦᠨ ᠢ ᠦᠷᠭᠦᠯᠵᠢᠯᠡᠨ ᠪᠠᠳᠠᠷᠠᠭᠤᠯᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠪᠠᠷ | ᠶᠡᠷᠦᠩᠬᠡᠶᠢᠯᠡᠨ ᠵᠢᠯᠤᠭᠤᠳᠤᠭᠤᠯᠵᠤ᠂ ᠮᠠᠯ ᠲᠠᠷᠢᠶᠠᠯᠠᠩ ᠤᠨ ᠠᠵᠤ ᠠᠬᠤᠢ ᠶᠢᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ | ᠦᠷᠭᠦᠯᠵᠢᠯᠡᠨ ᠭᠦᠨᠵᠡᠭᠡᠶᠢᠷᠡᠭᠦᠯᠵᠦ᠂ ᠠᠵᠤ ᠦᠢᠯᠡᠰ ᠤᠨ ᠪᠦᠲᠦᠴᠡ ᠶᠢᠨ ᠲᠤᠬᠢᠷᠠᠭᠤᠯᠤᠯᠳᠠ ᠶᠢᠨ ᠡᠷᠴᠢᠮ ᠢᠶᠠᠨ ᠴᠢᠨᠠᠭᠰᠢᠳᠠ ᠴᠢᠩᠭᠠᠷᠠᠭᠤᠯᠵᠤ᠂ ᠨᠢᠭᠡᠳᠦᠭᠡᠷ | ᠬᠤᠶᠠᠳᠤᠭᠠᠷ ᠭᠤᠷᠪᠠᠳᠤᠭᠠᠷ ᠠᠵᠤ ᠦᠢᠯᠡᠰ ᠤᠨ ᠠᠭᠤᠰᠤᠯᠴᠠᠨ ᠬᠥᠭᠵᠢᠬᠦ ᠶᠢ ᠠᠬᠢᠭᠤᠯᠪᠠ᠃ ᠡᠭᠦᠨ ᠤ ᠬᠠᠮᠲᠤ᠂ ᠬᠥᠳᠡᠭᠡ ᠲᠣᠰᠬᠤᠨ ᠤ ᠪᠣᠬᠢᠷᠲᠤᠯ ᠦᠭᠡᠢ | ᠬᠥᠭᠵᠢᠯᠲᠡ ᠶᠢ ᠲᠦᠷᠭᠡᠳᠬᠡᠨ ᠠᠬᠢᠭᠤᠯᠵᠤ᠂ ᠭᠠᠳᠠᠭᠰᠢᠯᠠᠭᠤᠯᠤᠯᠲᠠ ᠪᠠᠭ᠎ᠠ᠂ ᠦᠷ᠎ᠡ ᠠᠰᠢᠭ ᠥᠨᠳᠥᠷ ᠪᠣᠬᠢᠷᠲᠤᠯ ᠦᠭᠡᠢ ᠠᠵᠤ ᠦᠢᠯᠡᠰ ᠢ ᠶᠡᠬᠡᠪᠡᠷ | ᠬᠥᠭᠵᠢᠭᠦᠯᠬᠦ ᠶᠢᠨ ᠬᠠᠮᠲᠤ ᠣᠳᠣᠨ ᠲᠡᠰ ᠤᠨ ᠪᠣᠯᠪᠠᠰᠤᠨ ᠡᠷᠦᠬᠡ ᠵᠡᠷᠭᠡ ᠤᠯᠠᠨ ᠲᠦᠮᠡᠨᠴᠢ ᠴᠢᠨᠠᠷᠲᠠᠢ ᠰᠢᠯᠭᠠᠷᠠᠭᠤᠯᠬᠤ ᠠᠵᠢᠯᠯᠠᠭ᠎ᠠ ᠶᠢ ᠢᠳᠡᠪᠬᠢᠲᠡᠢ ᠥᠷᠨᠢᠭᠦᠯᠵᠦ᠂ | ᠬᠥᠳᠡᠭᠡ ᠲᠣᠰᠬᠤᠨ ᠤ ᠤᠶᠤᠨ ᠤ ᠪᠣᠯᠪᠠᠰᠤᠨ ᠤ ᠪᠠᠶᠢᠭᠤᠯᠤᠯᠲᠠ ᠶᠢ ᠠᠬᠢᠭᠤᠯᠪᠠ᠃ |